ᠲᠡᠷᠬᠡᠯ ᠰᠠᠷᠠ᠎ᠶ᠋ᠢ ᠰᠤᠨᠢᠷᠬᠠᠨ ᠡᠪ ᠨᠠᠢᠷ᠎ᠢ ᠤᠴᠢᠷᠯᠠᠬᠤᠢ
2021-09-21 11:58:10
ᠵᠣᠬᠢᠶᠠᠭ᠍ᠴᠢ᠄
ᠯᠢ ᠰᠢ ᠴᠢᠩ ᠯᠢ ᠱᠧᠩ ᠴᠢᠩ ᠮᠠ ᠱᠢᠶᠣᠤ ᠵᠢᠶᠠᠩ ᠵᠦᠡᠭ ᠴᠢᠤ
ᠣᠩᠱᠢᠭ᠍ᠰᠠᠨ ᠣᠳᠠᠭ᠎ᠠ᠄
★★★☆☆


ᠨᠠᠢᠷᠠᠭᠤᠯᠤᠭ᠍ᠴᠢ᠎ᠶ᠋ᠢᠨ ᠦᠬᠡ᠄

ᠡᠨᠡ ᠡᠳᠤᠷ ᠪᠤᠯ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ ᠪᠤᠯᠤᠨ᠎ᠠ᠂ 2008 ᠣᠨ᠎ᠳᠤ ᠤᠯᠤᠰ᠎ᠠᠴᠠ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠢ ᠬᠠᠤᠯᠢ᠎ᠪᠠᠷ ᠲᠣᠭ᠍ᠲᠠᠭᠠᠭ᠍ᠰᠠᠨ ᠪᠠᠶᠠᠷ ᠳᠤᠷᠠᠰᠭᠠᠯ᠎ᠤᠨ ᠡᠳᠦᠷ ᠪᠤᠯᠭᠠᠵᠤ᠂ 2006 ᠣᠨ᠎ᠳᠤ ᠲᠥᠷᠥ᠎ᠶ᠋ᠢᠨ ᠶᠠᠪᠤᠳᠠᠯ᠎ᠤᠨ ᠬᠤᠷᠢᠶᠠᠨ᠎ᠠᠴᠠ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠢ ᠠᠩᠬᠠᠳᠠᠭ᠍ᠴᠢ ᠪᠦᠯᠦᠭ᠎ᠤᠨ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠣᠶᠣᠯ᠎ᠤᠨ ᠥᠪ᠎ᠤᠨ ᠵᠢᠭ᠍ᠰᠠᠭᠠᠯᠲᠠ᠎ᠳᠤ ᠣᠷᠣᠭᠤᠯᠤᠭ᠍ᠰᠠᠨ ᠪᠠᠢᠨ᠎ᠠ᠃


QQ图片20210921114510.png

 

ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ ᠪᠢᠯᠢᠭ᠎ᠤᠨ ᠤᠯᠠᠷᠢᠯ᠎ᠤᠨ ᠨᠠᠢ᠍ᠮᠠᠨ ᠰᠠᠷ᠎ᠠ᠎ᠶ᠋ᠢᠨ ᠠᠷᠪᠠᠨ ᠲᠠᠪᠤᠨ᠎ᠳᠤ ᠪᠤᠯᠳᠠᠭ ᠪᠣᠯᠬᠤᠷ ᠢᠩᠬᠢᠵᠦ᠍ ᠨᠡᠷᠡᠯᠡᠭ᠌ᠰᠡᠨ ᠭᠡᠳᠡᠭ᠃ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ ᠲᠠᠩ ᠤᠯᠤᠰ᠎ᠤᠨ ᠡᠬᠢᠨ᠎ᠤ ᠦᠶ᠎ᠡ᠎ᠠᠴᠠ ᠡᠬᠢᠯᠡᠵᠦ᠍᠂ ᠰᠦᠩ ᠤᠯᠤᠰ᠎ᠤᠨ ᠦᠶ᠎ᠡ᠎ᠳᠤ ᠲᠦᠭᠡᠨ ᠳᠡᠯᠭᠡᠷᠡᠵᠦ᠍᠂ ᠮᠢᠩ ᠤᠯᠤᠰ᠂ ᠴᠢᠩ ᠤᠯᠤᠰ᠎ᠤᠨ ᠦᠶ᠎ᠡ ᠪᠣᠯᠬᠤ᠎ᠳᠤ ᠨᠢᠭᠡᠨᠲᠡ ᠴᠠᠭᠠᠨ ᠰᠠᠷ᠎ᠠ᠎ᠲᠠᠢ ᠠᠳᠠᠯᠢ ᠨᠦᠯᠦᠭᠡ ᠶᠡᠬᠡᠳᠡᠢ ᠪᠠᠶᠠᠷ᠎ᠤᠨ ᠨᠢᠭᠡ ᠪᠣᠯᠵᠠᠢ᠃ ᠳᠤᠮᠳᠠᠳᠤ᠎ᠶ᠋ᠢᠨ ᠰᠣᠶᠣᠯ᠎ᠤᠨ ᠨᠥᠯᠥᠭᠡ᠎ᠪᠠᠷ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ ᠵᠡᠭᠦᠨ ᠠᠽᠢᠶ᠎ᠠ ᠪᠠ ᠵᠡᠭᠦᠨ ᠡᠮᠦᠨᠡᠲᠦ ᠠᠽᠢᠶ᠎ᠠ᠎ᠶ᠋ᠢᠨ ᠵᠠᠷᠢᠮ ᠤᠯᠤᠰ᠂ ᠢᠯᠠᠩᠭᠤᠶ᠎ᠠ ᠲᠤᠬᠠᠶ᠎ᠶ᠋ᠢᠨ ᠭᠠᠵᠠᠷ᠎ᠲᠤ ᠰᠠᠭᠤᠷᠢᠱᠢᠳᠠᠭ ᠲᠤᠮᠳᠠᠳᠦ᠎ᠶ᠋ᠢᠨ ᠬᠦᠮᠦᠨ᠂ ᠳᠤᠮᠳᠠᠳᠤ᠎ᠶ᠋ᠢᠨ ᠬᠠᠷᠢᠶᠠᠲᠤ ᠨᠠᠷ᠎ᠤᠨ ᠤᠯᠠᠮᠵᠢᠯᠠᠯᠲᠤ ᠪᠠᠶᠠᠷ ᠪᠣᠯᠤᠭ᠍ᠰᠠ ᠪᠠᠢᠨ᠎ᠠ᠃ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠲᠤ ᠡᠷᠲᠡᠨ᠎ᠠᠴᠠ ᠠᠪᠤᠭᠠᠳ ᠰᠠᠷᠠ ᠲᠠᠬᠢᠬᠤ᠂ ᠰᠠᠷᠠ ᠬᠠᠷᠠᠵᠦ᠍ ᠵᠤᠭᠠᠯᠠᠬᠤ᠂ ᠰᠠᠷᠠᠨ᠎ᠳᠤ ᠮᠥᠷᠭᠦᠬᠦ᠂ ᠰᠠᠷᠠᠨ ᠪᠤᠭᠤᠷᠰᠤᠭ ᠵᠤᠭᠤᠭ᠍ᠯᠠᠬᠤ᠂ ᠭᠠᠪᠢᠷ᠎ᠠ ᠴᠡᠴᠡᠭ ᠰᠣᠨᠢᠷᠬᠠᠬᠤ ᠵᠡᠷᠭᠡ ᠵᠠᠩ ᠦᠢᠯᠡ᠎ᠲᠠᠢ ᠪᠠᠢᠵᠤ᠂ ᠡᠳᠦᠭᠡ ᠪᠣᠯᠲᠠᠯ᠎ᠠ ᠤᠯᠠᠮᠵᠢᠯᠠᠭ᠍ᠳᠠᠨ ᠳᠡᠯᠭᠡᠷᠡᠭ᠌ᠰᠡᠭᠡᠷ᠃ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠨᠢ ᠰᠠᠷᠠ ᠲᠡᠷᠭᠡᠯᠱᠢᠵᠦ᠍ ᠬᠡᠷ ᠬᠤᠳᠠᠯᠠᠭᠠᠷ᠎ᠢᠶᠠᠨ ᠠᠭᠤᠯᠵᠠᠨ ᠴᠤᠭ᠍ᠯᠠᠬᠤ᠎ᠶ᠋ᠢ ᠪᠡᠯᠭᠡᠱᠢᠶᠡᠨ᠂ ᠨᠤᠲᠤᠭ ᠤᠰᠤ᠂ ᠲᠦᠷᠦᠯ ᠰᠠᠳᠤᠨ᠎ᠢᠶᠠᠨ ᠳᠤᠷᠠᠰᠤᠨ ᠰᠠᠨᠠᠭᠠᠯᠵᠠᠵᠤ᠂ ᠡᠯᠪᠡᠭ ᠬᠤᠷᠢᠶᠠᠯᠲᠠ᠂ ᠵᠣᠯ ᠵᠢᠷᠭᠠᠯ᠎ᠢ ᠬᠦᠰᠡᠨ ᠡᠷᠡᠮᠡᠯᠵᠡᠯᠡᠳᠡᠭ ᠡᠷᠬᠢᠮ ᠨᠠᠨᠳᠢᠨ ᠰᠣᠶᠣᠯ᠎ᠤᠨ ᠥᠪ ᠪᠤᠯᠬᠤ ᠶᠤᠮ᠃ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠨᠢ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠪᠠᠶᠠᠷ᠂ ᠴᠠᠭᠠᠨ ᠰᠠᠷ᠎ᠠ᠂ ᠬᠠᠩᠰᠢ᠎ᠶ᠋ᠢᠨ ᠡᠳᠤᠷ᠎ᠲᠠᠢ ᠬᠠᠮᠲᠤ᠎ᠪᠠᠷ ᠳᠤᠮᠳᠠᠳᠤ ᠤᠯᠤᠰ᠎ᠤᠨ ᠳᠥᠷᠪᠡᠨ ᠶᠡᠭᠡ ᠤᠯᠠᠮᠵᠢᠯᠠᠯᠲᠤ ᠪᠠᠶᠠᠷ ᠲᠤᠷᠠᠰᠭᠠᠯ᠎ᠤᠨ ᠡᠳᠤᠷ ᠪᠤᠯᠵᠠᠢ᠃

ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠤᠨ ᠡᠭᠦᠰᠦᠯ᠎ᠤᠨ ᠲᠤᠬᠠᠶ ᠣᠯᠠᠨ ᠵᠦᠢᠯ᠎ᠤᠨ ᠬᠡᠯᠡᠯᠭᠡ ᠪᠠᠢᠳᠠᠭ ᠴᠤ᠌ ᠭᠤᠤᠯᠳᠠᠭᠤ ᠰᠠᠷᠠ ᠲᠠᠬᠢᠬᠤ᠂ ᠰᠠᠷᠠ ᠰᠤᠨᠢᠷᠬᠠᠬᠤ ᠪᠠ ᠡᠮᠡᠭ᠌ᠲᠡᠢᠴᠤᠳ᠎ᠤᠨ ᠪᠠᠶᠠᠷ ᠬᠡᠬᠦ᠌ ᠭᠤᠷᠪᠠᠨ ᠵᠦᠢᠯ᠎ᠤᠨ ᠬᠡᠯᠡᠯᠬᠡ᠎ᠳᠤ ᠲᠦᠪᠯᠡᠷᠡᠵᠤ ᠪᠤᠢ᠃

ᠰᠠᠷᠠ ᠲᠠᠬᠢᠬᠤ᠃ ᠰᠠᠷᠠᠨ ᠲᠠᠬᠢᠯᠭ᠎ᠠ᠎ᠶ᠋ᠢᠨ ᠤᠨᠤᠯᠳᠠᠳ᠎ᠤᠨ ᠦᠵᠡᠬᠦ᠌᠎ᠪᠠᠷ᠂ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ ᠳᠤᠮᠳᠠᠳᠤ ᠤᠯᠤᠰ᠎ᠤᠨ ᠡᠷᠲᠡᠨ᠎ᠤ ᠰᠠᠷᠠᠨ ᠲᠠᠬᠢᠯᠭ᠎ᠠ᠎ᠶ᠋ᠢᠨ ᠶᠣᠰᠣᠯᠠᠯ᠎ᠲᠠᠢ ᠨᠢᠭ᠍ᠲᠠ ᠬᠤᠯᠪᠣᠭ᠎ᠠ᠎ᠲᠠᠢ ᠶᠤᠮ᠃ ᠰᠠᠷᠠ ᠳᠠᠭᠢᠬᠤ ᠶᠣᠰᠣ ᠡᠷᠲᠡᠨ᠎ᠠᠴᠠ ᠠᠪᠤᠭᠠᠳ ᠪᠠᠢᠵᠠᠢ᠂ 《ᠶᠣᠰᠣᠯᠠᠯ ᠲᠡᠮᠳᠡᠭ᠌ᠯᠡᠯ · ᠲᠠᠬᠢᠯᠭ᠎ᠠ ᠵᠦᠢ》 ᠎ᠳᠤ ᠳᠡᠮᠳᠡᠭ᠌ᠯᠡᠭ᠌ᠰᠡᠨ᠎ᠢ ᠦᠨᠳᠦᠰᠦᠯᠡᠪᠡᠯ᠂ ᠡᠷᠲᠡᠨ᠎ᠤ ᠬᠥᠮᠦᠰ 《ᠨᠠᠷᠠ᠎ᠶ᠋ᠢ ᠮᠠᠨᠳᠠᠯ᠎ᠳᠤ᠂ ᠰᠠᠷᠠ᠎ᠶ᠋ᠢ ᠴᠤᠨᠤᠭ᠎ᠲᠤ ᠳᠠᠭᠢᠳᠠᠭ》᠂ ᠮᠠᠨᠳᠠᠯ ᠪᠣᠯᠤᠨ ᠴᠤᠨᠤᠭ ᠪᠣᠯ ᠳᠠᠷᠤᠶ ᠨᠠᠷᠠ ᠰᠠᠷᠠ᠎ᠶ᠋ᠢ ᠳᠠᠭᠢᠬᠤ ᠭᠠᠵᠠᠷ ᠪᠣᠯᠤᠨ᠎ᠠ᠃ ᠶᠡᠷᠦᠳᠡᠭᠡᠨ ᠮᠠᠨᠳᠠᠯ᠎ᠨᠢ ᠲᠡᠭᠡᠷ᠎ᠡ ᠭᠠᠵᠠᠷ ᠪᠠᠢᠷᠢᠯᠠᠨ ᠭᠡᠷᠡᠯ ᠭᠡᠭᠡ᠎ᠶ᠋ᠢ ᠬᠦᠰᠡᠭ᠌ᠰᠡᠨ ᠰᠠᠨᠠᠭ᠎ᠠ᠎ᠲᠠᠢ᠂ ᠴᠤᠨᠤᠭ᠎ᠨᠢ ᠲᠤᠤᠷ᠎ᠠ ᠭᠠᠵᠠᠷ ᠪᠠᠢᠷᠢᠯᠠᠨ ᠨᠠᠮ ᠰᠡᠯᠡᠭᠦᠨ᠎ᠢ ᠬᠦᠭᠡᠭᠡᠴᠡᠯᠳᠦᠭ᠌ᠰᠡᠨ ᠰᠠᠨᠠᠭ᠎ᠠ᠎ᠲᠠᠢ ᠶᠤᠮ᠃ ᠡᠢᠮᠦ᠎ᠠᠴᠠ ᠵᠠᠷᠢᠮ ᠬᠦᠮᠦᠰ ᠰᠠᠷᠠᠨ᠎ᠳᠤ ᠮᠥᠷᠭᠦᠬᠦ᠌᠎ᠪᠠᠷ ᠭᠤᠣᠯ ᠠᠭᠤᠯᠭ᠎ᠠ ᠪᠣᠯᠭᠠᠭ᠍ᠰᠠᠨ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ ᠤᠵᠤᠭᠤᠷ ᠡᠷᠳᠡ᠎ᠶ᠋ᠢᠨ ᠦᠶ᠎ᠡ᠎ᠳᠤ ᠡᠬᠦᠰᠴᠠᠢ ᠭᠡᠵᠦ᠍ ᠳᠠᠭᠠᠮᠠᠭ᠍ᠯᠠᠵᠦ᠍ ᠪᠠᠢᠨ᠎ᠠ᠃ ᠭᠡᠪᠡᠴᠦ᠍ ᠨᠠᠷᠠ ᠰᠠᠷᠠᠨ᠎ᠤ ᠲᠠᠬᠢᠯᠭ᠎ᠠ᠎ᠨᠢ ᠶᠡᠷᠦ᠎ᠠᠴᠠ ᠤᠯᠤᠰ᠎ᠤᠨ ᠶᠣᠰᠣ ᠵᠢᠷᠤᠮ᠂ ᠤᠯᠤᠰ᠎ᠤᠨ ᠶᠡᠭᠡ ᠶᠠᠪᠤᠳᠠᠯ ᠪᠣᠯᠬᠤ ᠪᠥᠭᠡᠳ ᠶᠣᠰᠣᠯᠠᠯ᠎ᠨᠢ ᠲᠥᠪ ᠬᠢᠴᠢᠶᠡᠩᠬᠦᠢ᠂ ᠶᠠᠪᠤᠴᠠ᠎ᠨᠢ ᠪᠤᠳᠤᠯᠢᠶᠠᠨᠳᠠᠢ᠂ ᠴᠠᠭ ᠬᠤᠭᠤᠴᠠᠭ᠎ᠠ᠂ ᠭᠠᠵᠠᠷ ᠣᠷᠣᠨ᠂ ᠲᠠᠬᠢᠯᠭ᠎ᠠ᠎ᠶ᠋ᠢᠨ ᠪᠠᠭᠠᠵᠢ ᠬᠡᠷᠡᠭ᠌ᠰᠡᠯ᠂ ᠲᠠᠬᠢᠯᠭ᠎ᠠ᠎ᠶ᠋ᠢᠨ ᠡᠳ᠋ ᠵᠢᠴᠢ ᠬᠤᠪᠴᠠᠰᠤ ᠬᠤᠨᠠᠷ᠂ ᠳᠠᠭᠤᠤ ᠬᠥᠭ᠌ᠵᠢᠮ᠂ ᠪᠥᠵᠢᠭ ᠵᠡᠷᠭᠡ ᠠᠭᠤᠯᠭ᠎ᠠ᠎ᠶ᠋ᠢᠨ ᠲᠠᠯ᠎ᠠ᠎ᠪᠠᠷ᠎ᠬᠢ ᠱᠠᠭᠠᠷᠳᠠᠯᠭ᠎ᠠ ᠲᠦᠢᠯ᠎ᠤᠨ ᠴᠢᠩᠭ᠎ᠠ᠂ ᠠᠬᠤᠢ ᠪᠠᠢᠳᠠᠯ᠎ᠨᠢ ᠴᠦ᠍ ᠲᠦᠪᠯᠡᠬᠦᠨ ᠬᠢᠴᠢᠶᠡᠩᠭᠦᠶ ᠪᠠᠢᠵᠤ᠂ ᠶᠡᠷᠦ᠎ᠶ᠋ᠢᠨ ᠠᠷᠠᠳ᠎ᠤᠨ ᠪᠠᠶᠠᠷ ᠲᠤᠷᠠᠰᠭᠠᠯ᠎ᠤᠨ ᠡᠳᠦᠷ᠎ᠲᠠᠢ ᠬᠠᠷᠢᠴᠠᠭᠤᠯᠬᠤ᠎ᠶ᠋ᠢᠨ ᠠᠷᠭ᠎ᠠ ᠦᠬᠡᠢ᠃ ᠲᠡᠢᠮᠦ᠍ ᠮᠥᠷᠲᠡᠭᠡᠨ ᠡᠷᠲᠡᠨ᠎ᠤ ᠨᠣᠮ ᠰᠤᠳᠤᠷ᠎ᠠᠴᠠ ᠬᠠᠮᠢᠶ᠎ᠠ ᠪᠥᠬᠦᠶ ᠲᠡᠮᠳᠡᠭ᠌ᠯᠡᠯ᠎ᠢ ᠡᠷᠢᠵᠦ᠍ ᠣᠯᠤᠭ᠍ᠰᠠᠨ ᠥᠬᠡᠶ ᠪᠤᠯᠬᠤᠷ ᠰᠠᠷᠠ ᠲᠠᠬᠢᠬᠤ ᠶᠣᠰᠣᠯᠠᠯ᠎ᠢ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠲᠠᠢ ᠬᠤᠯᠪᠣᠵᠤ ᠬᠡᠯᠡᠬᠦ᠌᠎ᠨᠢ ᠵᠥᠪᠬᠡᠨ ᠨᠢᠭᠡ ᠵᠦᠢᠯ᠎ᠤᠨ ᠲᠠᠭᠠᠮᠠᠭ᠍ᠯᠠᠯ ᠲᠡᠳᠦᠶ ᠶᠤᠮ᠃

ᠰᠠᠷᠠ ᠰᠤᠨᠢᠷᠬᠠᠬᠤ᠃ ᠨᠢ᠋ᠮᠠᠨ ᠰᠠᠷ᠎ᠠ᠎ᠶ᠋ᠢᠨ ᠠᠷᠪᠠᠨ ᠳᠠᠪᠤᠨ᠎ᠳᠤ ᠰᠠᠷᠠ ᠰᠤᠨᠢᠷᠬᠠᠬᠤ᠎ᠨᠢ ᠬᠠᠨ ᠤᠯᠤᠰ᠎ᠤᠨ ᠦᠶ᠎ᠡ᠎ᠠᠴᠠ ᠡᠬᠢᠯᠡᠭ᠌ᠰᠡᠨ ᠭᠡᠳᠡᠭ᠃ ᠲᠡᠥᠬᠡᠨ ᠲᠡᠮᠳᠡᠭ᠌ᠯᠡᠯ᠎ᠢ ᠦᠨᠳᠦᠰᠦᠯᠡᠪᠡᠯ᠂ ᠬᠠᠨ ᠤᠯᠤᠰ᠎ᠤᠨ ᠡᠦ ᠳ᠋ᠢ ᠬᠠᠭᠠᠨ ᠸᠠᠩ ᠬᠤ᠌᠎ᠲᠠᠢ᠎ᠶ᠋ᠢᠨ ᠪᠠᠷᠠᠭᠤᠨ ᠲᠠᠯ᠎ᠠ᠎ᠳᠤ ᠰᠠᠷᠠᠨ ᠲᠠᠭ᠍ᠲᠤ ᠪᠠᠷᠢᠵᠤ᠂ ᠲᠠᠢᠰᠠᠨ᠎ᠤ ᠳᠣᠣᠷ᠎ᠠ᠎ᠨᠢ ᠨᠢᠭᠡᠨ ᠨᠡᠯᠦᠭᠡᠷ ᠶᠡᠭᠡ ᠴᠥᠭᠦᠷᠥᠮ ᠪᠠᠢᠭᠤᠯᠵᠠᠶ᠃ ᠲᠠᠢᠰᠠᠨ᠎ᠳᠤ ᠭᠠᠷᠴᠤ᠌ ᠰᠠᠷᠠ ᠪᠠᠷᠠᠯᠠᠨ᠂ ᠰᠠᠷᠠᠨ᠎ᠤ ᠰᠡᠭᠦᠳᠡᠷ᠎ᠨᠢ ᠴᠥᠭᠦᠷᠥᠮ᠎ᠳᠤ ᠲᠤᠰᠴᠤ᠌᠂ ᠠᠷᠰᠢ ᠣᠩᠭᠤᠴᠠᠨ᠎ᠳᠤ ᠰᠠᠭᠤᠨ ᠰᠠᠷᠠᠨ᠎ᠤ ᠰᠡᠭᠦᠳᠡᠷ᠎ᠢᠶᠠᠷ ᠨᠠᠭᠠᠳᠤᠳᠠᠭ᠂ ᠢᠩᠬᠢᠬᠡᠳ ᠶᠢᠩ ᠧ ᡂᠢ ᠭᠡᠳᠡᠭ ᠨᠡᠷ᠎ᠡ᠎ᠲᠠᠢ ᠪᠤᠯᠵᠠᠢ᠂ ᠪᠠᠰᠠ ᠲᠢᠶᠤᠤ ᠴᠠᠨ᠎ᠲᠠᠢ ᠭᠡᠳᠡᠭ᠃ ᠡᠨᠡ ᠪᠣᠯ ᠰᠠᠷᠠ ᠰᠤᠨᠢᠷᠬᠠᠬᠤ᠎ᠶ᠋ᠢᠨ ᠡᠬᠢᠯᠡᠯᠲᠡ ᠪᠤᠯᠤᠭ᠍ᠰᠠᠨ ᠭᠡᠳᠡᠭ᠃

ᠪᠠᠰᠠ ᠨᠢᠭᠡ ᠵᠦᠢᠯ᠎ᠤᠨ ᠬᠡᠯᠡᠯᠭᠡ ᠪᠣᠯ 《ᠱᠤᠸᠠᠩ ᠧ᠎ᠶ᠋ᠢᠨ ᠭᠤᠮᠣᠳᠠᠯ》 ᠎ᠢᠶᠠᠷ ᠨᠤᠲ ᠪᠣᠯᠭᠠᠨ ᠰᠠᠷᠠ᠎ᠶ᠋ᠢ ᠳᠠᠭᠤᠯᠠᠭ᠍ᠰᠠᠨ᠎ᠨᠢ ᠰᠠᠷᠠ ᠰᠤᠨᠢᠷᠬᠠᠭ᠍ᠰᠠᠨ᠎ᠤ ᠡᠬᠢᠯᠡᠯᠲᠡ ᠭᠡᠵᠦ᠍ ᠦᠵᠡᠳᠡᠭ᠃ ᠲᠡᠭᠦᠨ᠎ᠠᠴᠠ ᠬᠤᠢᠰᠢ᠂ ᠰᠠᠷᠠ ᠰᠤᠨᠢᠷᠬᠠᠬᠤ᠂ ᠰᠠᠷᠠ᠎ᠶ᠋ᠢ ᠳᠠᠭᠤᠯᠠᠬᠤ ᠰᠤᠷᠲᠠᠯ ᠶᠡᠬᠡᠳᠡ ᠳᠡᠯᠭᠡᠷᠡᠵᠦ᠍᠂ ᠵᠧᠨ ᠭᠤᠸᠠᠨ᠂ ᠲᠢᠶᠠᠨ ᠪᠦᠦ᠎ᠶ᠋ᠢᠨ ᠦᠶ᠎ᠡ᠎ᠳᠤ ᠶᠡᠬᠡᠳᠡ ᠳᠡᠯᠭᠡᠷᠡᠪᠡ᠃ ᠰᠥᠩ᠎ᠤᠨ ᠵᠢᠶ ᠶᠢᠤ ᠬᠦᠩ ᠲᠡᠭᠦᠨ᠎ᠤ 《ᠲᠠᠩ᠎ᠤᠨ ᠱᠢᠯᠦᠭ᠎ᠤᠨ ᠬᠦᠥᠷᠨᠢᠯ》 ᠎ᠳᠡᠭᠡᠨ ᠡᠢᠮᠦ᠍ ᠨᠢᠭᠡᠨ ᠤᠴᠢᠷ᠎ᠢ ᠲᠡᠮᠳᠡᠭ᠌ᠯᠡᠵᠡᠶ᠄ ᠵᠧᠨ ᠶᠤᠸᠠᠨ᠎ᠤ ᠠᠷᠪᠠᠨ ᠬᠤᠶᠠᠳᠤᠭᠠᠷ ᠣᠨ᠎ᠳᠤ ᠡᠸᠤ ᠶᠠᠩ ᠵᠠᠨ ᠠᠨᠶᠠᠩ᠎ᠤᠨ ᠱᠣᠣ ᠴᠥ ᠴᠠᠩ᠂ ᠵᠢᠨᠠᠨ᠎ᠤ ᠯᠢᠨ ᠶᠦᠨ ᠪᠤᠯᠤᠨ ᠶᠢᠩ ᠴᠤᠸᠠᠨ᠎ᠤ ᠴᠧᠨ ᠱᠢᠤᠢ᠎ᠲᠠᠢ ᠬᠠᠮᠲᠤ᠎ᠪᠠᠷ 《ᠰᠠᠷᠠ ᠰᠤᠨᠢᠷᠬᠠᠬᠤ》 ᠲᠤᠬᠠᠶ ᠶᠠᠷᠢᠯᠴᠠᠭ᠍ᠰᠠᠨ ᠪᠠᠢᠨ᠎ᠠ᠃ ᠲᠡᠳᠡᠨ᠎ᠤ ᠦᠵᠡᠬᠦ᠌᠎ᠪᠠᠷ᠂ 《ᠰᠠᠷᠠ ᠰᠤᠨᠢᠷᠬᠠᠬᠤ ᠪᠣᠯ ᠵᠤᠭᠠᠯᠠᠬᠤᠢ᠎ᠳᠤᠷ ᠠᠮᠤᠶ᠂ ᠡᠪᠦᠯ ᠪᠣᠯᠪᠠᠰᠤ ᠬᠡᠲᠦᠷᠬᠡᠶ ᠬᠦᠢᠲᠡᠨ᠂ ᠵᠤᠨ ᠪᠣᠯᠪᠠᠰᠤ ᠡᠭᠦᠯᠡ ᠤᠯᠠᠨ ᠲᠡᠭ᠌ᠷᠢ ᠬᠠᠯᠠᠭᠤᠨ᠃ ᠡᠭᠦᠯᠡ ᠰᠠᠷᠠ᠎ᠶ᠋ᠢ ᠬᠠᠯᠬᠠᠯᠠᠵᠤ᠂ ᠬᠢᠷᠠᠭᠤ ᠬᠥᠮᠦᠨ᠎ᠢ ᠳᠠᠭᠠᠷᠠᠭᠤᠯᠤᠨ᠎ᠠ᠂ ᠡᠳᠡᠭᠡᠷ᠎ᠨᠢ ᠰᠠᠷᠠ ᠰᠤᠨᠢᠷᠬᠠᠬᠤ᠎ᠶ᠋ᠢ ᠪᠦᠷ ᠬᠠᠷᠱᠢᠯᠠᠨ᠎ᠠ᠃ ᠨᠠᠮᠤᠷ ᠴᠠᠭ᠂ ᠵᠤᠨ᠎ᠠᠴᠠ ᠰᠡᠬᠦᠯ ᠡᠪᠦᠯ᠎ᠠᠴᠠ ᠡᠮᠦᠨ᠎ᠡ᠃ ᠨᠠᠢ᠍ᠮᠠᠨ ᠰᠠᠷ᠎ᠠ ᠪᠤᠯ ᠨᠠᠮᠤᠷ᠎ᠤᠨ ᠲᠤᠮᠳᠠ ᠰᠠᠷ᠎ᠠ᠃ ᠠᠷᠪᠠᠨ ᠲᠠᠪᠤᠨ᠎ᠤ ᠰᠥᠨᠢ ᠰᠠᠷᠠ ᠲᠡᠷᠭᠡᠯ᠃ ᠬᠦᠢᠲᠡᠨ ᠬᠠᠯᠠᠭᠤᠨ ᠲᠡᠭ᠌ᠰᠢ ᠪᠣᠯᠤᠮᠤᠢ》 ᠬᠡᠮᠡᠭ᠌ᠰᠡᠨ᠎ᠳᠤ ᠲᠦᠷᠪᠡᠨ ᠡᠷᠳᠡᠮᠲᠡᠨ ᠪᠠᠶᠠᠷᠯᠠᠯᠳᠤᠨ 《ᠡᠢᠮᠦ᠎ᠠᠴᠠ ᠡᠷᠲᠡᠨ᠎ᠤ ᠬᠥᠮᠦᠰ ᠵᠤᠭᠠᠯᠠᠬᠤ᠎ᠶ᠋ᠢᠨ ᠲᠦᠯᠦᠭᠡ ᠪᠣᠯᠠᠢ》 ᠭᠡᠵᠡᠭᠡᠵᠡᠢ᠃ ᠡᠭᠦᠨ᠎ᠠᠴᠠ ᠦᠵᠡᠬᠦ᠌᠎ᠳᠤ ᠡᠷᠲᠡᠨ᠎ᠤ ᠬᠥᠮᠦᠰ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠢ ᠰᠣᠩᠭᠤᠨ ᠰᠠᠷᠠ ᠰᠤᠨᠢᠷᠬᠠᠳᠠᠭ᠎ᠤᠨ ᠭᠤᠣᠯ ᠱᠢᠯᠲᠠᠭᠠᠨ᠎ᠨᠢ ᠨᠠᠢ᠍ᠮᠠᠨ ᠰᠠᠷ᠎ᠠ᠎ᠶ᠋ᠢᠨ ᠠᠷᠪᠠᠨ ᠳᠠᠪᠤᠨ᠎ᠳᠤ ᠲᠩᠷᠢ ᠴᠡᠯᠮᠡᠭ᠂ ᠰᠠᠷᠠ ᠭᠡᠭᠡᠨ ᠲᠤᠩᠭᠠᠯᠠᠭ᠂ ᠠᠭᠤᠷ ᠠᠮᠢᠰᠭᠤᠯ ᠰᠡᠷᠢᠭᠦᠨ ᠲᠠᠭᠠᠯᠠᠮᠵᠢᠲᠠᠶ᠎ᠠᠴᠠ ᠪᠣᠯᠤᠭ᠍ᠰᠠᠨ ᠶᠤᠮ᠃ ᠡᠢᠮᠦ᠎ᠠᠴᠠ ᠲᠠᠩ ᠤᠯᠤᠰ᠂ ᠰᠦᠩ ᠤᠯᠤᠰ᠎ᠤᠨ ᠦᠶ᠎ᠡ᠎ᠳᠤ ᠲᠡᠷᠭᠡᠯ ᠰᠠᠷᠠᠨ᠎ᠤ ᠪᠠᠶᠠᠷ᠎ᠨᠢ ᠪᠠᠶᠠᠳ ᠨᠣᠶᠠᠨ᠂ ᠪᠢᠴᠢᠭ᠎ᠤᠨ ᠬᠥᠮᠦᠨ᠎ᠤ ᠡᠷᠬᠢᠮᠰᠤᠭ᠌ ᠰᠣᠨᠢᠷᠬᠠᠯ᠎ᠳᠤ ᠲᠣᠭᠠᠴᠠᠭ᠍ᠳᠠᠵᠤ᠂ ᠡᠢᠮᠦᠷᠬᠦᠦ ᠡᠷᠬᠢᠮᠰᠤᠭ᠌ ᠰᠣᠨᠢᠷᠬᠠᠯ᠎ᠨᠢ ᠰᠦᠩ ᠤᠯᠤᠰ᠎ᠠᠴᠠ ᠰᠡᠭᠦᠯᠡᠷ ᠰᠠᠶᠢ ᠬᠤᠲᠠ᠎ᠶ᠋ᠢᠨ ᠬᠠᠷᠠᠴᠤᠤᠯ᠎ᠤᠨ ᠠᠮᠢᠳᠤᠷᠠᠯ᠎ᠳᠤ ᠣᠷᠣᠵᠤ᠂ ᠠᠭᠠᠵᠢᠮ᠎ᠢᠶᠠᠷ ᠴᠠᠭ᠎ᠤᠨ ᠥᠩᠭᠡ᠎ᠶ᠋ᠢ ᠳᠠᠭᠠᠭ᠍ᠰᠠᠨ ᠪᠥᠭᠡᠳ ᠴᠢᠩ ᠤᠯᠤᠰ᠎ᠤᠨ ᠰᠡᠭᠦᠯᠴᠢ ᠢᠷᠭᠡᠨ ᠤᠯᠤᠰ᠎ᠤᠨ ᠡᠬᠢᠨ᠎ᠤ ᠦᠶ᠎ᠡ ᠬᠦᠷᠲᠡᠯ᠎ᠡ ᠦᠷᠭᠦᠯᠵᠢᠯᠡᠵᠡᠶ᠃

ᠡᠮᠡᠭ᠌ᠲᠡᠢᠴᠦᠳ᠎ᠤᠨ ᠪᠠᠶᠠᠷ᠎ᠤᠨ ᠡᠳᠦᠷ᠃ ᠳᠤᠮᠳᠠᠳᠤ ᠤᠯᠤᠰ᠎ᠤᠨ ᠤᠯᠠᠮᠵᠢᠯᠠᠯᠲᠤ ᠪᠠᠶᠠᠷ᠎ᠤᠨ ᠡᠳᠦᠷ᠎ᠤᠨ ᠶᠡᠭᠡ ᠣᠯᠠᠨ᠎ᠨᠢ ᠪᠦᠷ ᠡᠮᠡᠭ᠌ᠲᠡᠢᠴᠦᠳ᠎ᠲᠠᠢ ᠬᠤᠯᠪᠤᠭ᠎ᠠ᠎ᠲᠠᠢ ᠶᠤᠮ᠂ ᠵᠢᠱ᠌ᠢᠶᠡᠯᠡᠪᠡᠯ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠪᠠᠶᠠᠷ᠂ ᠶᠢᠰᠦᠨ ᠰᠠᠷ᠎ᠠ᠎ᠶ᠋ᠢᠨ ᠶᠢᠰᠦᠨ᠎ᠤ ᠡᠳᠦᠷ᠃ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ ᠪᠣᠯ ᠮᠥᠨ ᠴᠦ᠍ ᠨᠢᠭᠡᠨ ᠨᠡᠢᠲᠡᠯᠢᠭ ᠴᠢᠨᠠᠷᠳᠠᠢ ᠡᠮᠡᠭ᠌ᠳᠡᠢᠴᠤᠳ᠎ᠤᠨ ᠪᠠᠶᠠᠷ᠎ᠤᠨ ᠡᠳᠦᠷ ᠮᠥᠨ ᠬᠡᠵᠤ ᠵᠠᠷᠢᠮ ᠰᠤᠳᠤᠯᠭᠠᠳᠠᠳ ᠶᠠᠷᠢᠵᠠᠭᠠᠵᠤ ᠪᠤᠢ᠃ ᠳᠡᠭᠡᠷ᠎ᠡ ᠶᠠᠷᠢᠭ᠍ᠰᠠᠨ ᠮᠡᠲᠦ᠎ᠪᠠᠷ᠂ ᠪᠡᠭᠡᠵᠢᠩ᠎ᠳᠤ 《ᠡᠷᠡᠭ᠌ᠲᠡᠶ ᠬᠥᠮᠦᠨ ᠰᠠᠷᠠᠨ᠎ᠳᠤ ᠮᠥᠷᠭᠦᠬᠦ᠌ ᠥᠬᠡᠶ》 ᠭᠡᠳᠡᠭ ᠬᠡᠯᠡᠯᠭᠡ ᠪᠣᠶ᠂ ᠳᠠᠷᠤᠶ ᠡᠷᠡᠭ᠌ᠲᠡᠶ ᠬᠥᠮᠦᠨ ᠰᠠᠷᠠᠨ᠎ᠳᠤ ᠮᠥᠷᠭᠦᠬᠦ᠌ ᠶᠣᠰᠣᠯᠠᠯ᠎ᠳᠤ ᠣᠷᠣᠯᠴᠠᠬᠤ ᠥᠬᠡᠶ᠂ ᠡᠢᠮᠦ᠎ᠠᠴᠠ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠲᠤ ᠮᠠᠰᠢ ᠣᠯᠠᠨ ᠬᠥᠳᠡᠯᠭᠡᠭᠡᠨ᠎ᠨᠢ ᠪᠦᠷ ᠡᠮᠡᠭ᠌ᠲᠡᠶ ᠬᠥᠮᠦᠨ᠎ᠳᠤ ᠵᠣᠷᠢᠭᠤᠯᠤᠭ᠍ᠰᠠᠨ ᠪᠠᠢᠳᠠᠭ᠃ ᠵᠢᠱ᠌ᠢᠶᠡᠯᠡᠪᠡᠯ᠂ ᠬᠤᠨᠠᠨ ᠮᠤᠵᠢ᠎ᠶ᠋ᠢᠨ ᠨᠢᠩᠶᠤᠸᠠᠨ᠎ᠳᠤ᠂ ᠨᠠᠢ᠍ᠮᠠᠨ ᠰᠠᠷ᠎ᠠ᠎ᠶ᠋ᠢᠨ ᠠᠷᠪᠠᠨ ᠳᠠᠪᠤᠨ᠎ᠤ ᠤᠷᠤᠢ ᠡᠮᠡᠭ᠌ᠲᠡᠢᠴᠦᠳ ᠰᠠᠷᠠᠨ᠎ᠤ ᠳᠣᠣᠷ᠎ᠠ ᠴᠤᠭ᠍ᠯᠠᠷᠠᠭᠠᠳ ᠬᠦᠵᠢ ᠠᠰᠠᠭᠠᠨ ᠳᠠᠭᠤᠤ ᠳᠠᠭᠤᠯᠠᠬᠤ᠎ᠶ᠋ᠢ ᠰᠠᠷᠠ ᠰᠣᠨᠢᠷᠬᠠᠬᠤ ᠭᠡᠳᠡᠭ ᠠᠵᠢ᠃


QQ图片20210921114402.png

 

ᠳ᠋ᠢᠶᠤᠤ ᠴᠠᠨ ᠰᠠᠷᠠᠨ᠎ᠳᠤ ᠮᠥᠷᠭᠦᠭ᠌ᠰᠡᠨ᠎ᠨᠢ

ᠵᠣᠬᠢᠶᠠᠭ᠍ᠴᠢ᠎ᠶ᠋ᠢᠨ ᠨᠢᠭᠡ ᠨᠠᠢᠵᠠ ᠮᠢᠩ ᠤᠯᠤᠰ᠎ᠤᠨ ᠦᠶ᠎ᠠ᠎ᠶ᠋ᠢᠨ 《ᠳ᠋ᠢᠶᠤᠤ ᠴᠠᠨ ᠰᠠᠷᠠᠨ᠎ᠳᠤ ᠮᠥᠷᠭᠦᠭ᠌ᠰᠡᠨ᠎ᠨᠢ》 ᠬᠡᠬᠦ᠌ ᠬᠦᠬᠡ ᠠᠯᠠᠭ ᠲᠠᠪᠠᠭ᠎ᠢ ᠬᠠᠳᠠᠭᠠᠯᠠᠵᠤ ᠪᠠᠢᠳᠠᠭ᠂ ᠳ᠋ᠢᠶᠠᠮᠧᠲᠷ᠎ᠨᠢ 22 ᠰᠠᠨᠲ᠋ᠢᠮᠧᠲᠷ᠂ ᠥᠨᠳᠥᠷ᠎ᠨᠢ 4 ᠰᠠᠨᠲ᠋ᠢᠮᠧᠲᠷ ᠪᠠᠢᠳᠠᠭ᠃ ᠲᠠᠪᠠᠭ᠎ᠤᠨ ᠭᠤᠣᠯ᠎ᠳᠤ ᠵᠢᠷᠤᠭ᠎ᠲᠠᠢ᠄ ᠨᠢᠭᠡᠨ ᠴᠡᠴᠡᠭ᠎ᠤᠨ ᠬᠦᠷᠢᠶᠡᠯᠡᠩ᠎ᠳᠤ᠂ ᠠᠯᠤᠰ᠎ᠲᠤ ᠠᠭᠤᠯᠠᠰ ᠴᠡᠩᠬᠡᠷᠯᠡᠨ᠂ ᠡᠪᠡᠰᠦ ᠤᠷᠭᠤᠮᠠᠯ ᠬᠥᠬᠡᠷᠡᠨ ᠨᠣᠭᠤᠭᠠᠷᠠᠵᠤ᠂ ᠬᠡᠷᠡᠰᠭᠡ᠎ᠶ᠋ᠢᠨ ᠬᠠᠵᠠᠭᠤ᠎ᠳᠠᠬᠢ ᠴᠡᠴᠡᠭ ᠢᠳᠡ ᠳᠡᠯᠭᠡᠷᠡᠨ᠂ ᠳ᠋ᠢᠶᠤᠤ ᠴᠠᠨ᠎ᠤ ᠪᠡᠶ᠎ᠡ ᠭᠠᠯᠪᠢᠷ ᠭᠤᠶᠣᠮᠰᠤᠭ ᠰᠠᠢᠬᠠᠨ᠂ ᠡᠷᠬᠢᠮᠰᠦᠭ ᠭᠤᠸᠠᠯᠢᠭ᠂ ᠪᠠᠩᠵᠠᠯ᠎ᠨᠢ ᠭᠠᠵᠠᠷ ᠴᠢᠷᠦᠭᠡᠳ᠂ ᠥᠩᠭᠡᠲᠦ ᠴᠠᠴᠤᠭ ᠮᠢᠷᠠᠯᠵᠠᠭᠤᠯᠤᠨ᠂ ᠦᠰᠦ᠎ᠪᠠᠨ ᠱᠠᠩᠬᠤᠯᠠᠨ ᠬᠠᠳᠭᠤᠭᠤᠷ ᠬᠠᠳᠭᠤᠵᠤ᠂ ᠠᠯᠠᠭ᠎ᠠ ᠬᠠᠮᠳᠤᠳᠭᠠᠨ ᠵᠠᠯᠪᠠᠷᠢᠵᠦ᠍ ᠴᠢᠩ ᠦᠨᠡᠨᠴᠢ᠎ᠪᠠᠷ ᠰᠦᠰᠦᠭ᠌ᠯᠡᠨ ᠵᠠᠯᠪᠠᠷᠢᠵᠦ᠍ ᠠᠮᠤᠢ᠃ ᠡᠮᠦᠨᠡᠬᠢ ᠮᠣᠳᠣᠨ ᠱᠢᠷᠡᠭᠡ ᠳᠡᠭᠡᠷ᠎ᠡ ᠬᠦᠯᠢᠰ ᠲᠠᠯᠪᠢᠵᠤ᠂ ᠲᠤᠨᠤᠷᠠᠭ᠍ᠰᠠᠨ ᠤᠲᠤᠭ᠎ᠠ ᠡᠭᠦᠯᠡᠨ᠎ᠠ ᠵᠠᠯᠭᠠᠯᠳᠤᠨ ᠰᠠᠷᠠ᠎ᠶ᠋ᠢ ᠬᠦᠷᠢᠶᠡᠯᠡᠵᠡᠢ᠃ ᠱᠢᠪᠡᠭ᠌ᠴᠢᠨ ᠬᠡᠦᠬᠡᠨ ᠡᠮᠦᠨ᠎ᠡ ᠬᠤᠢᠨ᠎ᠠ᠎ᠨᠢ ᠲᠠᠩᠬᠤ ᠪᠤᠯᠤᠨ ᠬᠦᠪᠢᠬᠦᠷ ᠪᠠᠷᠢᠵᠦ᠍᠂ ᠲᠦᠷᠢ ᠪᠠᠢᠳᠠᠯ ᠲᠥᠪ ᠶᠡᠬᠡᠮᠰᠦᠭ᠃ ᠲᠠᠪᠠᠭ᠎ᠤᠨ ᠭᠠᠳᠠᠨ᠎ᠠ ᠬᠤᠸᠠᠷ᠎ᠤᠨ ᠬᠡ᠎ᠲᠠᠢ᠂ ᠭᠠᠳᠠᠷ ᠢᠷᠣᠭᠠᠷ᠎ᠤᠨ ᠬᠥᠬᠡ ᠬᠤᠸᠠᠷᠲᠤ ᠬᠤᠣᠰ ᠴᠠᠭᠠᠷᠢᠭ ᠳᠤᠳᠤᠷ᠎ᠠ 《ᠮᠢᠩ ᠤᠯᠤᠰ᠎ᠤᠨ ᠴᠧᠩ ᠬᠤᠧᠠ᠎ᠶ᠋ᠢᠨ ᠦᠶ᠎ᠡ᠎ᠳᠤ ᠦᠢᠯᠡᠳᠪᠡᠢ》 ᠭᠡᠬᠦ᠌ ᠬᠤᠶᠠᠷ ᠮᠥᠷ ᠬᠢᠴᠢᠶᠡᠩᠭᠦᠶ ᠲᠢᠭ᠎ᠤᠨ ᠪᠢᠴᠢᠭᠡᠰᠦ᠎ᠲᠠᠢ᠃

ᠳ᠋ᠢᠶᠣᠣ ᠴᠠᠨ ᠪᠣᠯ ᠮᠠᠨ᠎ᠤ ᠤᠯᠤᠰ᠎ᠤᠨ ᠡᠷᠲᠡᠨ᠎ᠤ ᠳᠥᠷᠪᠡᠨ ᠭᠤᠶᠤ ᠡᠮᠡᠭ᠌ᠳᠡᠢ᠎ᠶ᠋ᠢᠨ ᠨᠢᠭᠡ᠂ ᠤᠯᠤᠰ ᠳᠠᠶᠠᠭᠠᠷ ᠨᠡᠷ᠎ᠡ ᠮᠠᠨᠳᠤᠵᠤ᠂ ᠵᠡᠭᠦᠨ ᠬᠠᠨ ᠤᠯᠤᠰ᠎ᠤᠨ ᠰᠡᠭᠦᠯᠴᠢ᠎ᠶ᠋ᠢᠨ ᠦᠶ᠎ᠡ᠎ᠶ᠋ᠢᠨ ᠰᠧ ᠲᠥ᠋ ᠸᠠᠩ ᠶᠦᠨ᠎ᠤ ᠳᠠᠭᠤᠴᠢ ᠦᠬᠢᠨ ᠪᠤᠯᠤᠨ᠎ᠠ᠃ ᠨᠢᠭᠡᠨ ᠰᠥᠨᠢ᠂ ᠳ᠋ᠢᠶᠤᠤ ᠴᠠᠨ ᠴᠡᠴᠡᠭ᠎ᠤᠨ ᠬᠦᠷᠢᠶᠡᠯᠡᠩ᠎ᠳᠤ ᠢᠷᠡᠵᠦ᠍᠂ ᠬᠦᠵᠢ ᠠᠰᠠᠭᠠᠨ ᠰᠠᠷᠠᠨ᠎ᠳᠤ ᠮᠥᠷᠭᠦᠵᠦ᠍᠂ ᠳᠡᠭᠡᠳᠦ ᠲᠩᠷᠢ᠎ᠳᠤ ᠳᠠᠭᠠᠳᠭᠠᠬᠤ᠎ᠳᠤ ᠭᠡᠨᠡᠳᠲᠡ ᠬᠡᠰᠡᠭ ᠵᠠᠭᠤᠷ᠎ᠠ ᠰᠠᠯᠬᠢ ᠦᠯᠢᠶᠡᠨ᠂ ᠨᠢᠭᠡ ᠬᠡᠰᠡᠭ ᠡᠭᠦᠯᠡ ᠲᠤᠩᠭᠠᠯᠠᠭ ᠰᠠᠷᠠ᠎ᠶ᠋ᠢ ᠬᠠᠯᠬᠠᠯᠠᠭ᠍ᠰᠠᠨ᠎ᠢ ᠸᠠᠩ ᠶᠦᠨ ᠤᠯᠵᠤ ᠬᠠᠷᠠᠪᠠ᠃ ᠲᠡᠭᠡᠭᠡᠳ ᠸᠠᠩ ᠶᠦᠨ ᠬᠥᠮᠦᠨ ᠦᠵᠡᠮᠡᠭ᠌ᠴᠡ᠂ ᠮᠢᠨᠦ᠍ ᠥᠬᠢᠨ ᠭᠤᠪᠠᠢ ᠦᠵᠡᠰᠭᠦᠯᠡᠩ᠂ ᠰᠠᠷᠠᠨ᠎ᠠᠴᠠ ᠴᠤ᠌ ᠰᠠᠢᠬᠠᠨ ᠪᠤᠯᠬᠤᠷ ᠰᠠᠷᠠ ᠢᠴᠢᠵᠦ᠍ ᠡᠭᠦᠯᠡᠨ ᠳᠠᠯᠳᠠ ᠤᠷᠤᠭ᠍ᠰᠠᠨ ᠭᠡᠵᠦ᠍ ᠬᠡᠯᠡᠳᠡᠭ ᠪᠠᠢᠵᠠᠢ᠃

ᠵᠡᠭᠦᠨ ᠬᠠᠨ ᠤᠯᠤᠰ᠎ᠤᠨ ᠰᠡᠭᠦᠯᠴᠢ᠎ᠪᠠᠷ ᠳ᠋ᠦᠩ ᠵᠦᠸᠧ ᠲᠥᠷᠥ᠎ᠶ᠋ᠢᠨ ᠡᠷᠬᠡ ᠮᠡᠳᠡᠵᠦ᠍᠂ ᠠᠷᠠᠳ ᠢᠷᠭᠡᠳ ᠠᠮᠢᠳᠤᠷᠠᠬᠤ᠎ᠶ᠋ᠢᠨ ᠠᠷᠭ᠎ᠠ ᠥᠬᠡᠶ ᠪᠣᠯᠵᠤ᠂ ᠸᠠᠩ ᠶᠦᠨ ᠳ᠋ᠦᠩ ᠵᠦᠸᠧ᠎ᠶ᠋ᠢ ᠲᠤᠨᠢᠯᠭᠠᠬᠤ᠎ᠪᠠᠷ ᠤᠷᠠᠨ ᠠᠷᠭ᠎ᠠ ᠭᠠᠷᠭᠠᠨ ᠳ᠋ᠢᠶᠤᠤ ᠴᠠᠨ᠎ᠢ ᠳ᠋ᠦᠩ ᠵᠦᠸᠧ᠎ᠳᠤ ᠦᠭ᠌ᠴᠤ᠂ ᠳᠠᠯᠳᠠᠭᠤᠷ ᠪᠠᠰᠠ ᠯᠢᠦᠶ ᠪᠦ᠋᠎ᠳᠤ ᠥᠭ᠌ᠬᠦᠨ᠎ᠠ ᠭᠡᠵᠦ᠍ ᠠᠮᠠᠯᠳᠤᠵᠠᠢ᠃ ᠯᠢᠦᠶ ᠪᠦ᠋ ᠪᠤᠯ ᠬᠤᠷᠸ᠎ᠠ᠎ᠳᠤ ᠬᠤᠤᠰ ᠦᠬᠡᠢ ᠪᠠᠭᠠᠳᠤᠷ ᠵᠠᠩᠵᠤᠨ ᠮᠦᠨ᠂ ᠬᠤᠢᠬᠤᠷ ᠬᠤᠯᠵᠢᠨ ᠳ᠋ᠦᠩ ᠵᠦᠸᠧ ᠯᠢᠦᠶ ᠪᠦ᠋᠎ᠶ᠋ᠢ ᠪᠡᠶ᠎ᠡ᠎ᠳᠡᠭᠡᠨ ᠲᠠᠲᠠᠬᠤ᠎ᠶ᠋ᠢᠨ ᠲᠥᠯᠥᠭᠡ ᠲᠡᠬᠦᠨ᠎ᠢ ᠡᠷᠬᠦᠭ᠌ᠰᠡᠨ ᠬᠥᠦ ᠳᠠᠨᠢᠵᠠᠢ᠂ ᠬᠤᠶᠠᠭᠤᠯᠠ᠎ᠪᠠᠨ ᠪᠦᠷ ᠦᠩᠭᠡᠨ᠎ᠳᠤ ᠳᠤᠷᠠᠲᠠᠶ ᠪᠤᠯᠬᠤᠷ ᠳ᠋ᠢᠶᠤᠤ ᠴᠠᠨ ᠲᠡᠳᠡ ᠬᠤᠶᠠᠭᠤᠯᠠ᠎ᠶ᠋ᠢᠨ ᠬᠤᠭᠤᠷᠤᠨᠳᠦ ᠡᠷᠬᠢᠯᠳᠦᠵᠦ᠍ ᠡᠴᠦᠰ᠎ᠲᠡᠭᠡᠨ ᠯᠢᠦᠶ ᠪᠦ᠋ ᠳ᠋ᠦᠩ ᠵᠦᠸᠧ᠎ᠠᠴᠠ ᠤᠷᠪᠠᠵᠦ᠍᠂ ᠳ᠋ᠦᠩ ᠵᠦᠸᠧ᠎ᠶ᠋ᠢ ᠠᠯᠠᠭ᠍ᠰᠠᠨ ᠪᠠᠢᠨ᠎ᠠ᠃


QQ图片20210921114408.png 

 

ᠠᠯᠲᠠᠨ ᠮᠡᠯᠡᠬᠡᠢ ᠰᠠᠷᠠ᠎ᠶ᠋ᠢ ᠪᠠᠷᠠᠯᠠᠭ᠍ᠰᠠᠨ᠎ᠨᠢ

ᠦᠬᠠᠨ᠎ᠤ ᠮᠦᠽᠧᠶ᠎ᠳᠤ ᠴᠢᠩ ᠤᠯᠤᠰ᠎ᠤᠨ ᠦᠶ᠎ᠡ᠎ᠶ᠋ᠢᠨ ᠨᠢᠬᠡᠨ ᠠᠯᠲᠠᠨ ᠮᠡᠯᠡᠬᠡᠢ ᠰᠠᠷᠠ᠎ᠶ᠋ᠢ ᠪᠠᠷᠠᠯᠠᠭ᠍ᠰᠠᠨ ᠮᠠᠨᠤ ᠬᠦᠬᠦᠷ ᠬᠠᠳᠠᠭᠠᠯᠠᠭ᠍ᠳᠠᠵᠤ ᠪᠤᠢ᠃ ᠥᠨᠳᠥᠷ᠎ᠨᠢ 7 ᠰᠠᠨᠲ᠋ᠢᠮᠧᠲᠷ᠂ ᠴᠤᠯ ᠮᠠᠨᠤ᠎ᠪᠠᠷ ᠰᠡᠢᠯᠦᠨ ᠪᠦᠲᠦᠭᠡᠵᠦ᠍᠂ ᠴᠢᠨᠠᠷ᠎ᠨᠢ ᠵᠦᠭᠡᠯᠡᠨ ᠪᠥᠭᠡᠳ ᠭᠥᠯᠢᠭᠡᠷ ᠪᠠᠢᠳᠠᠭ᠃ ᠠᠯᠲᠠᠨ ᠮᠡᠯᠡᠬᠡᠢ᠎ᠶ᠋ᠢᠨ ᠪᠡᠶ᠎ᠡ ᠪᠢᠯᠳᠠᠷ ᠬᠦᠳᠡᠷ ᠲᠣᠮᠣ ᠪᠠᠢᠵᠤ᠂ ᠡᠮᠦᠨ᠎ᠡ ᠬᠤᠢᠨ᠎ᠠ ᠭᠤᠷᠪᠠᠨ ᠬᠥᠯ᠎ᠢᠶᠠᠨ ᠠᠳᠤᠷᠢᠭᠤᠯᠤᠨ ᠡᠯᠢᠭᠡᠲᠡᠨ ᠬᠡᠪᠲᠡᠬᠡᠳ ᠲᠣᠯᠣᠭᠠᠶ᠎ᠪᠠᠨ ᠡᠷᠭᠦᠨ ᠠᠮᠠ᠎ᠪᠠᠨ ᠠᠩᠭᠠᠢᠵᠤ᠂ ᠬᠤᠶᠠᠷ ᠨᠢᠳᠦ᠎ᠪᠠᠨ ᠪᠦᠯᠲᠡᠢᠯᠭᠡᠭ᠌ᠰᠡᠨ ᠶᠠᠩᠵᠤ᠎ᠲᠠᠢ᠂ ᠬᠡᠪᠡᠯᠢ᠎ᠶ᠋ᠢᠨ ᠬᠡᠰᠡᠭ᠎ᠨᠢ ᠬᠥᠨᠳᠡᠶ᠂ ᠨᠢᠷᠤᠭᠤ ᠳᠦᠬᠦᠷᠡᠩ ᠭᠦᠨ ᠬᠠᠷ᠎ᠠ ᠥᠩᠭᠡ᠎ᠶ᠋ᠢᠨ ᠬᠦᠪᠳᠦᠷᠦᠤ᠎ᠲᠠᠢ᠂ ᠬᠡᠪᠡᠯᠢ᠎ᠶ᠋ᠢᠨ ᠬᠡᠰᠡᠭ᠎ᠨᠢ ᠴᠠᠢᠪᠤᠷ ᠴᠠᠭᠠᠨ ᠥᠩᠭᠡᠲᠡᠶ᠂ ᠪᠤᠰᠤᠳ ᠬᠡᠰᠡᠭ᠎ᠨᠢ ᠠᠷᠤᠷ᠎ᠠ᠎ᠶ᠋ᠢᠨ ᠱᠢᠷ᠎ᠠ ᠦᠩᠭᠡᠳᠡᠢ ᠪᠠᠢᠵᠦ᠍᠂ ᠬᠠᠮᠠᠷ ᠲᠠᠮᠠᠬᠢ ᠰᠠᠪᠠᠯᠠᠵᠤ ᠬᠠᠳᠠᠭᠠᠯᠠᠬᠤ᠎ᠳᠤ ᠬᠡᠷᠡᠭ᠌ᠯᠡᠳᠡᠭ᠃

ᠤᠷᠠᠴᠤᠳ ᠮᠠᠨᠤ᠎ᠶ᠋ᠢᠨ ᠥᠩᠭᠡ ᠪᠤᠯᠤᠨ ᠠᠷ᠎ᠢ ᠴᠢᠳᠠᠮᠠᠭᠠᠢ ᠠᠱᠢᠭ᠍ᠯᠠᠨ ᠭᠦᠳᠦᠭᠦᠷ ᠰᠠᠢᠯᠦᠮᠡᠯ᠂ ᠲᠥᠭᠦᠷᠢᠭ ᠰᠠᠢᠯᠦᠮᠡᠯ᠂ ᠴᠤᠭᠤᠯᠪᠤᠷᠢ ᠵᠡᠷᠭᠡ ᠣᠯᠠᠨ ᠵᠦᠢᠯ᠎ᠤᠨ ᠮᠡᠷᠭᠡᠵᠢᠯ᠎ᠢ ᠬᠡᠷᠡᠭ᠌ᠯᠡᠵᠦ᠍᠂ ᠪᠦᠬᠦᠯᠢ ᠪᠦᠳᠦᠨ ᠮᠠᠲ᠋ᠧᠷᠢᠶᠠᠯ᠎ᠢᠶᠠᠷ ᠨᠢᠭᠡ ᠯᠡ ᠤᠳᠠᠭ᠎ᠠ᠎ᠳᠤ ᠰᠡᠢᠯᠪᠦᠷᠢᠯᠡᠨ ᠪᠦᠲᠦᠭ᠌ᠰᠡᠨ ᠪᠣᠯᠬᠤᠷ ᠡᠨᠡ ᠬᠦ᠌ ᠠᠯᠲᠠᠨ ᠮᠡᠯᠡᠬᠡᠢ᠎ᠶ᠋ᠢᠨ ᠳᠦᠷᠰᠦ ᠪᠦᠲᠦᠭᠡᠯᠲᠡ᠎ᠨᠢ ᠲᠦᠢᠯ᠎ᠤᠨ ᠠᠮᠢᠳᠤᠯᠢᠭ ᠪᠣᠳᠠᠲᠠᠶ ᠪᠣᠯᠵᠤ ᠴᠢᠳᠠᠵᠠᠢ᠃ ᠠᠯᠲᠠᠨ ᠮᠡᠯᠡᠬᠡᠢ᠎ᠶ᠋ᠢᠨ ᠰᠡᠢᠯᠪᠦᠷᠢ ᠵᠢᠷᠤᠮᠠᠯ᠎ᠨᠢ ᠨᠠᠷᠢᠯᠢᠭ᠂ ᠤᠭᠠᠯᠵᠠ ᠴᠢᠮᠡᠭ᠌ᠯᠡᠯ᠎ᠨᠢ ᠲᠤᠪᠴᠢᠬᠠᠨ ᠪᠤᠯᠪᠠᠴᠤ᠌ ᠨᠠᠵᠠᠭᠠᠢᠷᠠᠭ᠍ᠰᠠᠨ ᠦᠭᠡᠢ᠃ ᠤᠯᠠᠮᠵᠢᠯᠠᠯ ᠶᠠᠷᠢᠶᠠᠨ᠎ᠳᠤ ᠰᠠᠷᠠᠨ ᠣᠷᠳᠣᠨ᠎ᠳᠤ ᠭᠤᠷᠪᠠᠨ ᠬᠥᠯ᠎ᠲᠠᠢ ᠪᠠᠬ᠎ᠠ ᠮᠡᠯᠡᠬᠡᠶ ᠪᠠᠢᠳᠠᠭ᠂ ᠤᠷᠠᠨ ᠳᠠᠷᠬᠠᠳ ᠡᠨᠡ ᠬᠦ᠌ ᠰᠡᠢᠯᠪᠦᠷᠢ᠎ᠶ᠋ᠢ ᠬᠢᠬᠦ᠌᠎ᠳᠡᠭᠡᠨ ᠠᠯᠲᠠᠨ ᠮᠡᠯᠡᠬᠡᠢ᠎ᠶ᠋ᠢᠨ ᠨᠢᠭᠡ ᠬᠥᠯ᠎ᠢ ᠵᠣᠷᠢᠭᠤᠳᠠ ᠳᠠᠯᠳᠠᠯᠠᠨ᠂ ᠡᠷᠲᠡᠨ᠎ᠤ ᠨᠣᠮ ᠰᠤᠳᠤᠷ᠎ᠤᠨ ᠲᠡᠮᠳᠡᠭ᠌ᠯᠡᠯ᠎ᠲᠠᠢ ᠳᠠᠯᠳᠠ᠎ᠪᠠᠷ ᠨᠡᠢᠴᠡᠬᠦᠯᠦᠭ᠌ᠰᠡᠨ ᠭᠡᠨ᠎ᠡ᠃ ᠡᠨᠡ ᠬᠦ᠌ ᠬᠦᠬᠦᠷ᠎ᠨᠢ ᠲᠥᠪ ᠴᠢᠭᠡ ᠵᠤᠬᠢᠮᠵᠢᠳᠠᠢ᠂ ᠥᠩᠭᠡ ᠬᠢᠯᠪᠠᠭ᠎ᠠ᠎ᠨᠢ ᠪᠠᠢᠭᠠᠯᠢᠯᠢᠭ᠂ ᠢᠯᠠᠩᠭᠤᠶ᠎ᠠ ᠠᠯᠲᠠᠨ ᠮᠡᠯᠡᠬᠡᠢ᠎ᠶ᠋ᠢᠨ ᠳᠠᠷᠪᠠᠭᠠᠷ ᠠᠮᠠᠨ᠎ᠳᠤ ᠬᠦᠬᠦᠷ᠎ᠤᠨ ᠠᠮᠠᠰᠠᠷ ᠭᠠᠷᠭᠠᠭ᠍ᠰᠠᠨ᠎ᠨᠢ ᠤᠷᠠᠨ ᠰᠡᠳᠭᠢᠮᠵᠢ᠎ᠲᠠᠢ᠂ ᠬᠡᠷᠡᠭ᠌ᠯᠡᠬᠦ᠌᠎ᠳᠤ ᠡᠪᠳᠡᠢ ᠮᠦᠷᠳᠡᠭᠡᠨ ᠦᠵᠡᠮᠦᠷᠢᠲᠠᠢ ᠪᠠᠢᠵᠦ᠍᠂ ᠤᠷᠠᠨ ᠳᠠᠷᠬᠠᠳ᠎ᠤᠨ ᠥᠪᠡᠷᠮᠢᠴᠡ ᠤᠷᠠᠨ ᠰᠠᠨᠠᠭ᠎ᠠ᠎ᠶ᠋ᠢ ᠢᠯᠡᠷᠡᠭᠦᠯᠦᠭ᠌ᠰᠡᠨ ᠪᠠᠢᠨ᠎ᠠ᠃

ᠠᠯᠲᠠᠨ ᠮᠡᠯᠡᠬᠡᠢ ᠪᠣᠯ ᠲᠠᠷᠤᠢ ᠪᠠᠬ᠎ᠠ ᠮᠡᠯᠡᠬᠡᠶ᠃ ᠤᠯᠠᠮᠵᠢᠯᠠᠯ ᠶᠠᠷᠢᠶᠠᠨ᠎ᠳᠤ ᠸᠠᠩ ᠮᠦ᠍ ᠨᠢᠶᠠᠩ ᠨᠢᠶᠠᠩ ᠥᠯᠵᠡᠢᠲᠦ ᠲᠤᠭᠤᠷ᠎ᠤᠨ ᠨᠠᠢᠷ ᠬᠢᠵᠦ᠍᠂ ᠭᠠᠵᠠᠷ ᠭᠠᠵᠠᠷ᠎ᠤᠨ ᠰᠠᠬᠢᠭᠤᠯᠰᠤᠨ᠎ᠢ ᠬᠤᠷᠠᠯ᠎ᠳᠤ ᠤᠷᠢᠳᠠᠭ ᠭᠡᠨ᠎ᠡ᠃ ᠲᠩᠷᠢ᠎ᠶ᠋ᠢᠨ ᠣᠷᠳᠣᠨ᠎ᠤ ᠶᠣᠰᠣᠯᠠᠯ᠎ᠤᠨ ᠭᠠᠵᠠᠷ᠎ᠤᠨ ᠠᠯᠲᠠᠨ ᠮᠡᠯᠡᠬᠡᠢ ᠮᠠᠰᠢ ᠬᠡᠬᠡᠨᠴᠢᠷ ᠪᠠᠢᠵᠦ᠍᠂ ᠴᠡᠴᠡᠷᠯᠢᠭ᠎ᠲᠤ ᠴᠠᠩ ᠧ᠎ᠶ᠋ᠢ ᠬᠠᠷᠠᠭᠠᠳ ᠡᠭᠡᠯ ᠬᠦᠮᠦᠨ᠎ᠤ ᠬᠦᠰᠡᠯ ᠲᠠᠴᠢᠶᠠᠯ᠎ᠤᠨ ᠰᠡᠳᠭᠢᠯ ᠬᠥᠳᠡᠯᠪᠡ᠃ ᠴᠠᠩ ᠧ ᠠᠯᠲᠠᠨ ᠮᠡᠯᠡᠬᠡᠢ᠎ᠶ᠋ᠢᠨ ᠰᠠᠬᠢᠭᠤᠯᠰᠤᠨ᠎ᠤ ᠶᠣᠰᠣ ᠪᠤᠰᠤ ᠦᠢᠯᠡ᠎ᠶ᠋ᠢ ᠪᠤᠷᠤᠭᠤᠱᠢᠶᠠᠨ ᠥᠨᠳᠥᠷ ᠳᠠᠭᠤᠨ᠎ᠢᠶᠠᠷ ᠵᠠᠩᠨᠠᠵᠤ᠂ ᠸᠠᠩ ᠮᠦ᠍ ᠨᠢᠶᠠᠩ ᠨᠢᠶᠠᠩ᠎ᠳᠤ ᠵᠠᠭᠠᠯᠳᠤᠵᠠᠢ᠃ ᠸᠠᠩ ᠮᠦ᠍ ᠨᠢᠶᠠᠩ ᠨᠢᠶᠠᠩ ᠶᠡᠬᠡᠳᠡ ᠬᠢᠯᠢᠩᠨᠡᠨ ᠨᠤᠯᠮᠤᠭᠤᠷ᠎ᠢᠶᠠᠷ᠎ᠢᠶᠠᠨ ᠠᠯᠲᠠᠨ ᠮᠡᠯᠡᠬᠡᠢ᠎ᠶ᠋ᠢᠨ ᠰᠠᠬᠢᠭᠤᠯᠰᠤᠨ᠎ᠢ ᠳᠠᠷᠤᠵᠤ᠂ ᠲᠡᠭᠦᠨ᠎ᠢ ᠲᠣᠭᠤᠰᠣᠲᠤ ᠶᠢᠷᠲᠢᠨᠴᠦ᠎ᠳᠤ ᠴᠦᠯᠡᠵᠦ᠍᠂ ᠦᠵᠡᠬᠦ᠌ ᠲᠦᠷᠢ ᠮᠠᠭᠤᠳᠠᠢ ᠪᠠᠬ᠎ᠠ ᠮᠡᠯᠡᠬᠡᠢ ᠪᠤᠯᠭᠠᠵᠦ᠍ ᠬᠠᠷᠠᠩᠭᠤᠶ ᠴᠢᠭᠢᠭ᠌ᠯᠢᠭ ᠪᠤᠯᠠᠩᠭᠢᠷ ᠭᠠᠵᠠᠷ᠎ᠲᠤ ᠣᠷᠣᠩᠨᠠᠬᠤ ᠪᠤᠯᠭᠠᠪᠠ᠃ ᠲᠡᠬᠦᠨ᠎ᠠᠴᠠ ᠬᠤᠢᠰᠢ ᠵᠢᠯ ᠪᠦᠷᠢ᠎ᠶ᠋ᠢᠨ ᠨᠠᠢ᠍ᠮᠠᠨ ᠰᠠᠷ᠎ᠠ᠎ᠶ᠋ᠢᠨ ᠠᠷᠪᠠᠨ ᠲᠠᠪᠤᠨ᠎ᠤ ᠰᠠᠷᠠ ᠲᠡᠷᠭᠡᠯᠱᠢᠬᠦ᠌ ᠰᠥᠨᠢ ᠠᠯᠲᠠᠨ ᠮᠡᠯᠡᠬᠡᠢ ᠲᠩᠷᠢ᠎ᠶ᠋ᠢᠨ ᠬᠠᠶᠠᠭᠠᠨ᠎ᠳᠠᠬᠢ ᠰᠠᠷᠠ᠎ᠶ᠋ᠢ ᠪᠠᠷᠠᠯᠠᠵᠤ᠂ ᠲᠤᠬᠠᠶ᠎ᠶ᠋ᠢᠨ ᠵᠢᠯ ᠴᠠᠩ ᠧ᠎ᠲᠠᠢ ᠬᠠᠯᠳᠠᠭ᠍ᠰᠠᠨ᠎ᠳᠠᠭᠠᠨ ᠭᠡᠮᠱᠢᠵᠦ᠍ ᠪᠠᠰᠠ ᠡᠷᠲᠡᠬᠡᠨ ᠲᠩᠷᠢ᠎ᠶ᠋ᠢᠨ ᠣᠷᠳᠣᠨ᠎ᠳᠤ ᠪᠤᠴᠠᠬᠤ᠎ᠶ᠋ᠢ ᠬᠦᠰᠡᠳᠡᠭ ᠪᠠᠢᠵᠠᠢ᠃ ᠠᠯᠲᠠᠨ ᠮᠡᠯᠡᠬᠡᠢ ᠰᠠᠷᠠ᠎ᠶ᠋ᠢ ᠪᠠᠷᠠᠯᠠᠬᠤ ᠳᠣᠮᠤᠭ ᠶᠠᠷᠢᠶ᠎ᠠ ᠠᠷᠠᠳ᠎ᠤᠨ ᠳᠤᠮᠳᠠ ᠪᠠᠰᠠ ᠣᠯᠠᠨ ᠬᠤᠪᠢᠯᠪᠤᠷᠢ᠎ᠲᠠᠢ ᠪᠠᠢᠳᠠᠭ᠃ ᠵᠢᠱ᠌ᠢᠶᠡᠯᠡᠪᠡᠯ᠂ ᠴᠠᠩ ᠧ ᠰᠠᠷᠠᠨ ᠣᠷᠳᠣᠨ᠎ᠳᠤ ᠤᠳᠠᠭᠠᠨ ᠰᠠᠭᠤᠭᠠᠳ ᠤᠢᠳᠭᠠᠷᠯᠠᠨ ᠭᠠᠭ᠍ᠴᠠᠭᠠᠷᠳᠠᠬᠤ᠎ᠳᠠᠭᠠᠨ ᠬᠦᠮᠦᠨ᠎ᠤ ᠶᠢᠷᠲᠢᠨᠴᠦ᠎ᠪᠠᠷ ᠵᠤᠭᠠᠴᠠᠵᠦ᠍ ᠪᠠᠢᠭ᠍ᠰᠠᠨ᠎ᠢ᠎ᠨᠢ ᠮᠢᠩᠭᠠᠨ ᠣᠨ᠎ᠤ ᠪᠢᠱᠢᠯᠭᠠᠯ᠎ᠲᠠᠢ ᠮᠡᠯᠡᠬᠡᠶ᠎ᠶ᠋ᠢᠨ ᠱᠢᠮᠨᠤ ᠦᠵᠡᠭᠡᠳ ᠲᠤᠷᠠᠯᠠᠨ ᠪᠠᠭ᠍ᠠᠷᠬᠠᠵᠤ᠂ ᠬᠡᠬᠡᠨᠴᠢᠷ ᠵᠠᠯᠠᠭᠤ ᠪᠤᠯᠵᠤ ᠬᠤᠪᠢᠯᠤᠨ ᠡᠳᠦᠷ ᠰᠥᠨᠢ ᠦᠭᠡᠢ ᠬᠠᠨᠢ ᠪᠣᠯᠵᠦ᠍ ᠰᠠᠭᠤᠵᠠᠢ᠃ ᠰᠡᠭᠦᠯᠡᠷ᠎ᠨᠢ ᠴᠠᠩ ᠧ ᠳᠠᠬᠢᠨ ᠰᠠᠷᠠᠨ ᠣᠷᠳᠣᠨ᠎ᠳᠤ ᠪᠤᠴᠠᠬᠤ᠎ᠳᠤ ᠮᠡᠯᠡᠬᠡᠶ᠎ᠶ᠋ᠢᠨ ᠱᠢᠮᠨᠤ ᠬᠠᠮᠳᠤ ᠶᠠᠪᠤᠬᠤ ᠴᠠᠭ᠎ᠢᠶᠠᠨ ᠠᠯᠳᠠᠭ᠍ᠰᠠᠨ᠎ᠠᠴᠠ ᠰᠠᠷᠠ᠎ᠶ᠋ᠢ ᠪᠠᠷᠠᠯᠠᠵᠤ ᠰᠠᠨᠠᠭᠠᠯᠵᠠᠬᠤ ᠰᠡᠳᠭᠢᠯᠭᠡ᠎ᠪᠠᠨ ᠢᠯᠡᠳᠭᠡᠬᠦ᠌ ᠪᠤᠯᠵᠤ ᠬᠡᠨ᠎ᠡ᠃


QQ图片20210921114416.png 

 

ᠬᠠᠰ ᠲᠠᠤᠯᠠᠢ ᠰᠠᠷᠠ᠎ᠶ᠋ᠢ ᠰᠠᠬᠢᠭ᠍ᠰᠠᠨ᠎ᠨᠢ

ᠪᠡᠭᠡᠵᠢᠩ᠎ᠤᠨ ᠬᠠᠭᠠᠨ᠎ᠤ ᠣᠷᠳᠣᠨ᠎ᠤ ᠮᠦᠽᠧᠶ᠎ᠳᠤ ᠬᠠᠳᠠᠭᠠᠯᠠᠭ᠍ᠳᠠᠵᠤ ᠪᠠᠢᠭ᠎ᠠ ᠴᠢᠩ ᠤᠯᠤᠰ᠎ᠤᠨ ᠨᠢᠭᠡᠨ ᠬᠠᠭᠠᠨ᠎ᠤ ᠬᠥᠪᠡᠭᠦᠨ᠎ᠤ ᠡᠳ᠋ ᠬᠡᠮᠡᠭ᠌ᠳᠡᠭ᠌ᠰᠡᠨ ᠡᠨᠡ ᠬᠦ᠌ ᠱᠢᠪᠠᠷ ᠪᠠᠷᠢᠮᠠᠯ ᠲᠠᠤᠯᠠᠢ᠎ᠶ᠋ᠢᠨ ᠬᠡᠥᠬᠡᠯᠳᠡᠢ 31 ᠰᠠᠨᠲ᠋ᠢᠮᠧᠲᠷ ᠥᠨᠳᠥᠷ᠂ 25 ᠰᠠᠨᠲ᠋ᠢᠮᠧᠲᠷ ᠣᠷᠳᠣ᠂ 8 ᠰᠠᠨᠲ᠋ᠢᠮᠧᠲᠷ ᠥᠷᠭᠡᠨ ᠪᠠᠢᠳᠠᠭ᠃ ᠲᠠᠤᠯᠠᠢ᠎ᠶ᠋ᠢᠨ ᠬᠡᠥᠬᠡᠯᠳᠡᠢ᠎ᠶ᠋ᠢᠨ ᠪᠥᠬᠦ᠌ ᠪᠡᠶ᠎ᠡ᠎ᠶ᠋ᠢᠨ ᠥᠩᠭᠡ ᠪᠤᠳᠤᠭ᠎ᠨᠢ ᠬᠤᠷᠴᠠ ᠲᠣᠳᠣ᠂ ᠳᠦᠷᠰᠦ ᠪᠦᠲᠦᠭᠡᠯᠲᠡ᠎ᠨᠢ ᠡᠳᠡᠭᠡᠳ ᠰᠤᠳᠤᠨ ᠪᠠᠢᠵᠤ᠂ ᠬᠥᠮᠦᠰ᠎ᠤᠨ ᠰᠠᠢᠨ ᠰᠠᠢᠬᠠᠨ ᠠᠮᠢᠳᠤᠷᠠᠯ᠎ᠢ ᠬᠥᠭᠡᠭᠡᠴᠡᠯᠳᠦᠬᠦ᠌ ᠬᠦᠰᠡᠯ ᠮᠦᠷᠦᠭᠡᠳᠦᠯ᠎ᠢ ᠢᠯᠡᠷᠡᠭᠦᠯᠵᠠᠢ᠃

ᠲᠠᠤᠯᠠᠢ᠎ᠶ᠋ᠢᠨ ᠬᠡᠥᠬᠡᠯᠳᠡᠢ ᠪᠣᠯ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠤᠨ ᠤᠯᠠᠮᠵᠢᠯᠠᠯᠲᠤ ᠲᠣᠭ᠍ᠯᠠᠭᠠᠮ᠂ ᠳᠤᠮᠳᠠᠳᠤ᠎ᠶ᠋ᠢᠨ ᠤᠯᠠᠮᠵᠢᠯᠠᠯᠲᠤ ᠰᠠᠷᠠᠨ ᠰᠠᠬᠢᠭᠤᠯᠰᠤᠨ᠎ᠤ ᠲᠠᠬᠢᠯᠭ᠎ᠠ᠎ᠶ᠋ᠢᠨ ᠵᠠᠩ ᠦᠢᠯᠡ᠎ᠠᠴᠠ ᠢᠷᠡᠯᠲᠡ᠎ᠲᠠᠢ ᠶᠤᠮ᠃ ᠤᠯᠠᠮᠵᠢᠯᠠᠯ ᠶᠠᠷᠢᠶᠠᠨ᠎ᠳᠤ ᠰᠠᠷᠠᠨ ᠣᠷᠳᠣᠨ᠎ᠳᠤ ᠴᠠᠩ ᠧ ᠪᠣᠯᠤᠨ ᠬᠠᠰ ᠲᠠᠤᠯᠠᠢ ᠪᠠᠢᠵᠤ᠂ ᠬᠠᠰ ᠲᠠᠤᠯᠠᠢ ᠡᠮ ᠨᠦᠳᠦᠨ ᠳᠡᠯᠡᠬᠡᠶ ᠳ᠋ᠠᠬᠢᠨ᠎ᠤ ᠬᠦᠮᠦᠨ ᠠᠷᠠᠳ᠎ᠢ ᠡᠪᠡᠳᠴᠢᠨ ᠵᠤᠪᠠᠯᠠᠩ᠎ᠠᠴᠠ ᠵᠠᠢᠯᠠᠭᠤᠯᠳᠠᠭ ᠪᠠᠢᠵᠠᠢ᠂ ᠬᠥᠮᠦᠰ ᠡᠭᠦᠨ᠎ᠢ ᠦᠨᠳᠦᠰᠦᠯᠡᠨ ᠣᠯᠠᠨ ᠶᠠᠩᠵᠤ᠎ᠶ᠋ᠢᠨ ᠲᠠᠤᠯᠠᠢ᠎ᠶ᠋ᠢᠨ ᠬᠡᠥᠬᠡᠯᠳᠡᠢ᠎ᠶ᠋ᠢᠨ ᠳᠦᠷᠢ᠎ᠶ᠋ᠢ ᠪᠦᠲᠦᠭᠡᠭ᠌ᠰᠡᠨ ᠶᠤᠮ᠃

ᠲᠠᠤᠯᠠᠢ᠎ᠶ᠋ᠢᠨ ᠬᠡᠥᠬᠡᠯᠳᠡᠢ᠎ᠶ᠋ᠢᠨ ᠳᠣᠮᠤᠭ᠎ᠢ ᠮᠢᠩ ᠤᠯᠤᠰ ᠬᠦᠷᠲᠡᠯ᠎ᠡ ᠮᠥᠷᠳᠡᠵᠦ᠍ ᠪᠣᠯᠤᠨ᠎ᠠ᠃ ᠤᠯᠠᠮᠵᠢᠯᠠᠯ ᠶᠠᠷᠢᠶᠠᠨ᠎ᠳᠤ᠂ ᠮᠢᠩ ᠤᠯᠤᠰ᠎ᠤᠨ ᠦᠶ᠎ᠡ᠎ᠶ᠋ᠢᠨ ᠨᠢᠭᠡᠨ ᠡᠳᠦᠷ ᠰᠠᠷᠠᠨ ᠣᠷᠳᠣᠨ᠎ᠤ ᠴᠠᠩ ᠧ ᠪᠡᠭᠡᠵᠢᠩ ᠬᠤᠲᠠ᠎ᠶ᠋ᠢᠨ ᠠᠷᠠᠳ᠎ᠤᠨ ᠬᠦᠵᠢ ᠠᠰᠠᠭᠠᠨ ᠡᠮᠴᠢ ᠡᠷᠢᠵᠦ᠍ ᠪᠠᠢᠭ᠎ᠠ ᠪᠠᠢᠳᠠᠯ᠎ᠢ ᠦᠵᠡᠭᠡᠳ ᠲᠦᠢᠯ᠎ᠢᠶᠠᠷ ᠦᠷᠦ᠍ ᠡᠪᠡᠳᠴᠤ᠌᠂ ᠳᠡᠷᠭᠡᠳᠡ᠎ᠳᠤᠨᠢ ᠪᠠᠢᠭ᠎ᠠ ᠬᠠᠰ ᠲᠠᠤᠯᠠᠢ᠎ᠪᠠᠨ ᠲᠣᠮᠢᠯᠠᠨ᠂ ᠭᠠᠶ ᠭᠠᠮᠱᠢᠭ᠎ᠢ ᠠᠷᠢᠯᠭᠠᠨ ᠡᠪᠡᠳᠴᠢᠨ ᠡᠮᠭᠡᠭ᠎ᠢ᠎ᠨᠢ ᠵᠠᠰᠠᠭᠤᠯᠬᠤ᠎ᠪᠠᠷ ᠶᠠᠪᠤᠭᠤᠯᠵᠠᠢ᠃ ᠬᠠᠰ ᠲᠠᠤᠯᠠᠢ ᠨᠢᠭᠡ ᠬᠡᠦᠬᠡᠨ ᠪᠣᠯᠵᠤ ᠬᠤᠪᠢᠷᠠᠨ ᠪᠡᠭᠡᠵᠢᠩ ᠬᠤᠲᠠ᠎ᠪᠠᠷ ᠡᠷᠦᠬᠡ ᠳᠠᠷᠠᠭᠠᠯᠠᠨ ᠶᠠᠪᠤᠵᠤ᠂ ᠮᠠᠰᠢ ᠣᠯᠠᠨ ᠡᠪᠡᠳᠴᠢᠲᠡᠨ᠎ᠢ ᠡᠳᠡᠭᠡᠷᠡᠭᠦᠯᠪᠡ᠃ ᠬᠥᠮᠦᠰ ᠬᠠᠰ ᠲᠠᠤᠯᠠᠢ᠎ᠳᠤ ᠲᠠᠯᠠᠷᠬᠠᠬᠤ᠎ᠶ᠋ᠢᠨ ᠲᠥᠯᠥᠭᠡ ᠬᠤᠢᠨ᠎ᠠ ᠬᠤᠢᠨ᠎ᠠ᠎ᠠᠴᠠ᠎ᠪᠠᠨ ᠶᠠᠭᠤᠮ᠎ᠠ ᠬᠦᠷᠭᠡᠭ᠌ᠰᠡᠨ᠎ᠳᠤ ᠬᠠᠰ ᠲᠠᠤᠯᠠᠢ ᠶᠠᠭᠤ ᠴᠤ᠌ ᠠᠪᠤᠭ᠍ᠰᠠᠨ ᠥᠬᠡᠶ᠂ ᠡᠪᠡᠳᠴᠢᠲᠡᠳ᠎ᠢ ᠡᠮᠨᠡᠨ ᠵᠠᠰᠠᠭᠠᠳ ᠰᠡᠷᠡᠨ ᠣᠷᠳᠣᠨ᠎ᠳᠠᠭᠠᠨ ᠬᠠᠷᠢᠴᠢᠬᠠᠵᠠᠶ᠃ ᠬᠠᠰ ᠲᠠᠤᠯᠠᠢ᠎ᠶ᠋ᠢᠨ ᠦᠢᠯᠡ ᠠᠵᠢᠯᠯᠠᠭ᠎ᠠ ᠠᠷᠠᠳ ᠣᠯᠠᠨ᠎ᠤ ᠰᠡᠳᠭᠢᠯ᠎ᠳᠤ ᠬᠠᠳᠠᠩᠱᠢᠵᠦ᠍᠂ ᠬᠥᠮᠦᠰ ᠱᠢᠪᠠᠷ ᠪᠠᠷᠢᠮᠠᠯ᠎ᠢᠶᠠᠷ ᠲᠠᠤᠯᠠᠢ᠎ᠶ᠋ᠢᠨ ᠳᠦᠷᠢ᠎ᠶ᠋ᠢ ᠱᠤᠭᠤᠵᠤ᠂ ᠰᠠᠷᠠ ᠲᠡᠷᠭᠡᠯᠱᠢᠭ᠌ᠰᠡᠨ ᠨᠠᠢ᠍ᠮᠠᠨ ᠰᠠᠷ᠎ᠠ ᠠᠷᠪᠠᠨ ᠲᠠᠪᠤᠨ᠎ᠤ ᠰᠥᠨᠢ ᠲᠠᠬᠢᠯᠭ᠎ᠠ ᠬᠢᠳᠡᠭ ᠪᠤᠯᠵᠦ᠍ ᠭᠡᠨ᠎ᠡ᠃


QQ图片20210921114425.png 

 


ᠮᠥᠷᠤᠭᠡᠳᠤᠯ ᠰᠠᠢᠯᠦᠭ᠌ᠰᠡᠨ ᠶᠧᠪᠠᠩ᠎ᠤᠨ ᠭᠡᠪ

《ᠳᠤᠮᠳᠠᠳᠤ ᠤᠯᠤᠰ᠎ᠤᠨ ᠵᠠᠩ ᠦᠢᠯᠡ᠎ᠶ᠋ᠢᠨ ᠲᠣᠯᠢ ᠪᠢᠴᠢᠭ》 ᠎ᠲᠤ ᠲᠡᠮᠳᠡᠭ᠌ᠯᠡᠭ᠌ᠰᠡᠨ᠎ᠢᠶᠠᠷ ᠳᠤᠮᠳᠠᠳᠤ ᠤᠯᠤᠰ᠎ᠤᠨ ᠶᠧᠪᠡᠩ ᠪᠣᠯ ᠲᠠᠩ ᠤᠯᠤᠰ᠎ᠤᠨ ᠡᠬᠢᠨ᠎ᠤ ᠦᠶ᠎ᠡ᠎ᠳᠤ ᠡᠭᠦᠰᠴᠡᠶ᠃ ᠶᠧᠪᠡᠩ᠎ᠢ ᠪᠠᠰᠠ ᠬᠤᠪᠢᠩ᠂ ᠰᠠᠷᠠᠨ ᠪᠥᠮᠪᠦᠯᠢᠭ᠂ ᠡᠯᠪᠡᠭ ᠬᠤᠷᠢᠶᠠᠯᠲᠠ᠎ᠶ᠋ᠢᠨ ᠪᠣᠭᠤᠷᠰᠤᠭ᠂ ᠭᠡᠷ ᠬᠤᠳᠠᠯᠠᠭᠠᠷ᠎ᠤᠨ ᠪᠣᠭᠤᠷᠰᠤᠭ ᠭᠡᠳᠡᠭ᠃ ᠶᠧᠪᠡᠩ ᠪᠣᠯ ᠠᠩᠬ᠎ᠠ ᠡᠬᠢᠨ᠎ᠳᠡᠭᠡᠨ ᠰᠠᠷᠠᠨ ᠰᠠᠬᠢᠭᠤᠯᠰᠤᠨ᠎ᠢ ᠲᠠᠬᠢᠬᠤ ᠲᠠᠬᠢᠯᠭ᠎ᠠ᠎ᠶ᠋ᠢᠨ ᠡᠳ᠋ ᠪᠠᠢᠭ᠍ᠰᠠᠨ ᠶᠤᠮ᠂ ᠬᠤᠵᠢᠮ᠎ᠨᠢ ᠬᠥᠮᠦᠰ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠢᠶᠠᠷ ᠰᠠᠷᠠ ᠰᠣᠨᠢᠷᠬᠠᠨ ᠶᠧᠪᠡᠩ ᠵᠤᠭᠤᠭ᠍ᠯᠠᠬᠤ᠎ᠪᠠᠷ ᠭᠡᠷ ᠬᠤᠳᠠᠯᠠᠭᠠᠷ᠎ᠢᠶᠠᠨ ᠠᠭᠤᠯᠵᠠᠨ ᠴᠤᠭ᠍ᠯᠠᠵᠤ ᠡᠪ ᠨᠠᠢᠷ᠎ᠢ ᠪᠡᠯᠭᠡᠳᠡᠳᠡᠭ ᠪᠤᠯᠵᠠᠢ᠃

ᠶᠧᠪᠡᠩ ᠬᠢᠬᠦ᠌᠎ᠳᠤ ᠶᠠᠷᠢᠶᠠᠨ ᠦᠭᠡᠢ ᠶᠧᠪᠡᠩ᠎ᠤᠨ ᠬᠡᠪ ᠬᠡᠷᠡᠭ᠌ᠰᠡᠨ᠎ᠠ᠂ ᠶᠧᠪᠡᠩ᠎ᠤᠨ ᠬᠡᠪ ᠥᠨᠢ ᠤᠳᠠᠭᠠᠨ ᠲᠡᠦᠬᠡ᠎ᠲᠠᠢ ᠪᠠᠢᠵᠤ᠂ ᠰᠡᠢᠯᠪᠦᠷᠢ᠎ᠶ᠋ᠢᠨ ᠤᠷ᠎ᠠ ᠳᠠᠷᠬ᠎ᠠ᠎ᠨᠢ ᠲᠤᠮᠳᠠᠳᠦ ᠤᠯᠤᠰ᠎ᠤᠨ ᠠᠷᠠᠳ᠎ᠤᠨ ᠤᠯᠠᠮᠵᠢᠯᠠᠯᠲᠤ ᠤᠷᠠᠯᠢᠭ᠎ᠤᠨ ᠳᠦᠷᠰᠦ ᠪᠦᠲᠦᠭᠡᠬᠦ᠌ ᠱᠢᠰᠲ᠋ᠧᠮ᠎ᠢ ᠬᠠᠷᠠᠭᠤᠯᠤᠭ᠍ᠰᠠᠨ ᠪᠥᠭᠡᠳ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠤᠨ ᠵᠠᠩ ᠦᠢᠯᠡ᠎ᠶ᠋ᠢᠨ ᠤᠯᠠᠷᠢᠯ ᠬᠤᠪᠢᠰᠤᠯ᠎ᠤᠨ ᠲᠡᠥᠬᠡ ᠪᠠ ᠳᠡᠮᠳᠡᠭ᠌ᠯᠡᠯ ᠭᠡᠵᠦ᠍ ᠬᠡᠯᠡᠵᠦ᠍ ᠪᠤᠯᠤᠮᠠᠷ ᠶᠤᠮ᠃ ᠶᠧᠪᠡᠩ᠎ᠤᠨ ᠬᠡᠪ ᠣᠯᠠᠨ ᠶᠠᠩᠵᠤ᠎ᠶ᠋ᠢᠨ ᠪᠠᠢᠵᠤ᠂ ᠮᠠᠲ᠋ᠧᠷᠢᠶᠠᠯ᠎ᠤᠨ ᠬᠤᠪᠢ᠎ᠳᠤ ᠴᠢᠪᠠᠭ᠎ᠠ᠂ ᠠᠯᠢᠮ᠎ᠠ᠂ ᠭᠦᠢᠯᠡᠰᠦᠨ ᠮᠣᠳᠣ᠂ ᠬᠦᠷᠡᠯ᠂ ᠱᠠᠭᠠᠵᠠᠩ ᠵᠡᠷᠭᠡ᠎ᠶ᠋ᠢᠨ ᠪᠠᠢᠳᠠᠭ; ᠳᠥᠷᠪᠡᠯᠵᠢᠨ᠂ ᠵᠤᠤᠪᠠᠩ᠂ ᠯᠢᠡᠭ᠌ᠬᠤ᠎ᠠ ᠴᠡᠴᠡᠭ᠂ ᠲᠣᠭᠤᠷ ᠮᠡᠳᠤ᠎ᠶ᠋ᠢᠨ ᠤᠯᠠᠨ ᠬᠡᠯᠪᠡᠷᠢ᠎ᠲᠠᠢ ᠪᠠᠢᠵᠤ᠂ ᠪᠠᠰᠠ ᠰᠠᠷᠠᠨ ᠳᠠᠭᠢᠨᠢ᠂ ᠮᠥᠷᠭᠦ᠌ ᠵᠢᠭᠠᠰᠤ᠂ ᠰᠠᠷᠢᠰᠤᠨ ᠪᠠᠭ᠍ᠪᠠᠭᠠᠶ᠂ ᠬᠤᠯᠤ᠂ ᠠᠷᠪᠠᠨ ᠬᠤᠶᠠᠷ ᠵᠢᠯ᠂ ᠥᠯᠵᠡᠢᠲᠦ ᠴᠡᠴᠡᠭ ᠡᠪᠡᠰᠦ ᠵᠡᠷᠭᠡ ᠤᠯᠠᠨ ᠵᠢᠷᠤᠭ ᠲᠦᠷᠰᠤ᠎ᠲᠠᠢ ᠶᠤᠮ᠃ ᠶᠠᠩᠵᠤ ᠪᠦᠷᠢ᠎ᠶ᠋ᠢᠨ ᠶᠧᠪᠡᠩ᠎ᠤᠨ ᠬᠡᠪ᠎ᠨᠢ ᠮᠢᠩᠭ᠎ᠠ ᠭᠠᠷᠤᠢ ᠵᠢᠯ᠎ᠤᠨ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠤᠨ ᠰᠣᠶᠣᠯ᠎ᠢ ᠤᠯᠠᠮᠵᠢᠯᠠᠵᠤ ᠪᠠᠢᠳᠠᠭ᠃

ᠵᠣᠬᠢᠶᠠᠭ᠍ᠴᠢ᠎ᠶ᠋ᠢᠨ ᠬᠠᠳᠠᠭᠠᠯᠠᠵᠤ ᠪᠠᠢᠭ᠎ᠠ ᠶᠧᠪᠡᠩ᠎ᠤᠨ ᠬᠡᠪ᠎ᠤᠨ ᠳᠣᠲᠣᠷ᠎ᠠ ᠨᠢᠬᠡᠨ ᠴᠢᠩ ᠤᠯᠤᠰ᠎ᠤᠨ ᠰᠡᠭᠦᠯᠴᠢ᠎ᠶ᠋ᠢᠨ ᠦᠶ᠎ᠡ᠎ᠶ᠋ᠢᠨ ᠲᠤᠩ ᠬᠤᠪᠣᠷ ᠨᠠᠨᠳᠢᠨ ᠶᠧᠪᠡᠩ᠎ᠤᠨ ᠬᠡᠪ ᠪᠠᠢᠳᠠᠭ᠃ ᠲᠣᠰ ᠬᠡᠪ᠎ᠨᠢ ᠣᠷᠳᠣ ᠳᠥᠷᠪᠡᠯᠵᠢᠨ ᠬᠡᠯᠪᠡᠷᠢᠲᠡᠶ᠂ ᠣᠷᠳᠣ᠎ᠨᠢ 75 ᠰᠠᠨᠲ᠋ᠢᠮᠧᠲᠷ᠂ ᠥᠷᠭᠡᠨ᠎ᠨᠢ 7 ᠰᠠᠨᠲ᠋ᠢᠮᠧᠲᠷ᠂ ᠥᠨᠳᠥᠷ᠎ᠨᠢ 4 ᠰᠠᠨᠲ᠋ᠢᠮᠧᠲᠷ ᠪᠠᠢᠵᠤ᠂ ᠴᠢᠪᠠᠭ᠎ᠠ᠎ᠶ᠋ᠢᠨ ᠮᠣᠳᠣ᠎ᠪᠠᠷ ᠨᠠᠷᠢᠯᠢᠭ ᠰᠡᠢᠯᠵᠦ᠍ ᠦᠢᠯᠡᠳᠴᠡᠶ᠃ ᠭᠠᠳᠠᠷ ᠬᠡᠯᠪᠡᠷᠢ᠎ᠨᠢ ᠪᠣᠷᠣᠭ᠍ᠵᠢᠭᠤᠨ ᠪᠠᠢᠵᠤ᠂ ᠪᠠᠰᠠ ᠯᠠᠨ ᠼᠠᠢ ᠾᠧ᠎ᠶ᠋ᠢᠨ ᠴᠡᠴᠡᠭ᠌ᠲᠦ ᠰᠠᠭ᠍ᠰᠤ᠂ ᠬᠠᠨ ᠵᠥᠩ ᠯᠢ᠎ᠶ᠋ᠢᠨ ᠬᠦᠪᠢᠬᠦᠷ᠂ ᠬᠠᠨ ᠱᠢᠶᠠᠩ ᠽᠢ᠎ᠶ᠋ᠢᠨ ᠯᠢᠮᠪᠦ᠌᠂ ᠲᠢᠶᠧ ᠭᠤᠧᠠᠢ ᠯᠢ᠎ᠶ᠋ᠢᠨ ᠬᠤᠯᠦ᠍᠂ ᠵᠠᠩ ᠭᠦᠸᠧ ᠯᠤᠤ᠎ᠶ᠋ᠢᠨ ᠵᠢᠭᠠᠰᠤᠨ ᠬᠡᠩᠭᠡᠷᠭᠡ᠂ ᠼᠤᠤ ᠭᠦᠸᠧ ᠵᠢᠦ᠎ᠶ᠋ᠢᠨ ᠠᠷᠭ᠎ᠠ ᠪᠢᠯᠢᠭ᠎ᠤᠨ ᠬᠠᠪᠲᠠᠰᠤ᠂ ᠯᠢᠦᠶ ᠳ᠋ᠦᠩ ᠪᠢᠨ᠎ᠤ ᠡᠷᠳᠡᠨᠢ᠎ᠶ᠋ᠢᠨ ᠰᠡᠯᠡᠮ᠎ᠡ᠂ ᠾᠧ ᠱᠢᠶᠠᠨ ᠬᠥ᠋᠎ᠶ᠋ᠢᠨ ᠯᠢᠡᠭ᠌ᠬᠤ᠎ᠠ ᠴᠡᠴᠡᠭ ᠵᠡᠷᠭᠡ 8 ᠳᠠᠩᠭᠠᠷᠢᠭ᠎ᠤᠨ ᠡᠳ᠋᠎ᠲᠠᠢ ᠶᠤᠮ᠃ ᠡᠳᠡᠭᠡᠷ ᠡᠳ᠋᠎ᠨᠢ ᠠᠮᠤᠷ ᠠᠮᠤᠭᠤᠯᠠᠩ ᠠᠵᠠ ᠵᠢᠷᠭᠠᠯ᠎ᠲᠠᠢ ᠪᠠᠢᠬᠤ᠎ᠶ᠋ᠢ ᠪᠡᠯᠭᠡᠳᠡᠵᠤ᠂ 8 ᠳᠠᠩᠭᠠᠷᠢᠭ᠎ᠤᠨ ᠡᠳ᠋᠎ᠢ ᠳᠠᠷᠠᠭᠠᠯᠠᠨ ᠵᠢᠭ᠍ᠰᠠᠭᠠᠪᠠᠯ 8 ᠬᠡᠰᠡᠭ ᠠᠳᠠᠯᠢ ᠪᠤᠰᠤ ᠵᠢᠷᠤᠭ᠎ᠲᠠᠢ ᠶᠧᠪᠡᠩ ᠭᠠᠷᠭᠠᠵᠤ ᠴᠢᠳᠠᠨ᠎ᠠ᠃

ᠶᠧᠪᠡᠩ᠎ᠤᠨ ᠬᠡᠪ᠎ᠢ ᠬᠠᠮᠤᠭ᠎ᠤᠨ ᠡᠷᠲᠡ᠎ᠳᠡᠭᠡᠨ ᠰᠦᠩ ᠤᠯᠤᠰ᠎ᠤᠨ ᠦᠶ᠎ᠡ ᠬᠦᠷᠲᠡᠯ᠎ᠡ ᠮᠥᠷᠳᠡᠵᠦ᠍ ᠪᠣᠯᠬᠤ ᠪᠣᠯᠪᠠᠴᠤ᠌ ᠡᠳᠦᠭᠡ ᠬᠦᠷᠲᠡᠯ᠎ᠡ ᠤᠯᠠᠮᠵᠢᠯᠠᠭ᠍ᠳᠠᠨ ᠢᠷᠡᠭ᠌ᠰᠡᠨ ᠶᠧᠪᠡᠩ᠎ᠤᠨ ᠬᠡᠪ᠎ᠤᠨ ᠤᠯᠠᠩᠬᠢ᠎ᠨᠢ ᠮᠢᠩ ᠴᠢᠩ ᠪᠣᠯᠤᠨ ᠢᠷᠭᠡᠨ ᠤᠯᠤᠰ᠎ᠤᠨ ᠦᠶ᠎ᠡ᠎ᠶ᠋ᠢᠨ᠎ᠬᠢ ᠶᠤᠮ᠃ ᠠᠳᠠᠯᠢ ᠪᠤᠰᠤ ᠴᠠᠭ ᠦᠶ᠎ᠡ᠎ᠶ᠋ᠢᠨ ᠶᠧᠪᠡᠩ᠎ᠤᠨ ᠬᠡᠪ ᠠᠳᠠᠯᠢ ᠪᠤᠰᠤ ᠪᠠᠢᠵᠤ᠂ ᠵᠢᠷᠤᠭ ᠳᠦᠷᠰᠦ᠎ᠨᠢ ᠪᠠᠶᠠᠯᠢᠭ ᠰᠠᠢᠬᠠᠨ᠂ ᠬᠥᠮᠦᠰ᠎ᠤᠨ ᠡᠬᠡᠯ ᠪᠣᠷᠣᠭ᠍ᠵᠢᠭᠤᠨ ᠦᠵᠡᠯ ᠰᠠᠨᠠᠭ᠎ᠠ ᠬᠠᠢᠷ᠎ᠠ ᠰᠡᠳᠭᠢᠯᠭᠡ᠎ᠶ᠋ᠢ ᠠᠭᠤᠯᠵᠤ ᠪᠠᠢᠳᠠᠭ᠃ ᠶᠧᠪᠡᠩ᠎ᠤᠨ ᠬᠡᠪ᠎ᠨᠢ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠤᠨ ᠰᠣᠶᠣᠯ᠎ᠢ ᠤᠯᠠᠮᠵᠢᠯᠠᠨ ᠵᠠᠯᠭᠠᠮᠵᠢᠯᠠᠵᠤ᠂ ᠤᠷᠠᠨ ᠨᠠᠷᠢᠯᠢᠭ ᠬᠡ ᠤᠭᠠᠯᠵᠠ ᠳᠣᠲᠣᠷ᠎ᠠ᠎ᠨᠢ ᠬᠥᠮᠦᠰ᠎ᠤᠨ ᠰᠠᠢᠨ ᠰᠠᠢᠬᠠᠨ ᠠᠮᠢᠳᠤᠷᠠᠯ᠎ᠤᠨ ᠲᠤᠬᠠᠶ ᠬᠦᠰᠡᠯ ᠮᠦᠷᠦᠭᠡᠳᠦᠯ 《ᠰᠡᠢᠯᠦᠭ᠌ᠳᠡᠵᠤ》 ᠪᠠᠢᠳᠠᠭ᠃


QQ图片20210921114453.png 

 

ᠴᠠᠩ ᠡᠧ ᠰᠠᠷᠠᠨ᠎ᠳᠤ ᠭᠠᠷᠤᠭ᠍ᠰᠠᠨ᠎ᠨᠢ

ᠤᠯᠠᠮᠵᠢᠯᠠᠯ ᠶᠠᠷᠢᠶᠠᠨ᠎ᠳᠤ᠂ ᠪᠠᠯᠠᠷ ᠡᠷᠲᠡᠨ᠎ᠤ ᠦᠶ᠎ᠡ᠎ᠳᠤ ᠲᠩᠷᠢ ᠳᠡᠭᠡᠷ᠎ᠡ ᠠᠷᠪᠠᠨ ᠨᠠᠷᠠ᠎ᠲᠠᠢ ᠪᠠᠢᠵᠦ᠍᠂ ᠡᠪᠡᠰᠤ ᠲᠠᠷᠢᠶ᠎ᠠ ᠱᠢᠳᠡᠨ ᠬᠤᠪᠠᠭ᠍ᠠᠢᠷᠠᠵᠤ ᠠᠷᠠᠳ ᠢᠷᠭᠡᠳ ᠠᠮᠢᠳᠤᠷᠠᠬᠤ᠎ᠶ᠋ᠢᠨ ᠠᠷᠭ᠎ᠠ ᠦᠭᠡᠢ ᠪᠣᠯᠵᠠᠢ᠃ ᠲᠡᠭᠡᠭᠦ᠎ᠳᠤ ᠾᠧᠦ ᠢ ᠭᠡᠳᠡᠭ ᠬᠦᠴᠦᠨ ᠴᠢᠳᠠᠯ ᠶᠡᠬᠡᠲᠡᠢ ᠪᠠᠭᠠᠲᠤᠷ ᠬᠦᠮᠦᠨ ᠵᠣᠪᠠᠯᠠᠩ ᠠᠮᠰᠠᠵᠦ᠍ ᠪᠠᠢᠭ᠎ᠠ ᠠᠷᠠᠳ ᠢᠷᠭᠡᠳ᠎ᠢ ᠦᠷᠦ᠍ ᠡᠪᠡᠳᠴᠦ᠍᠂ ᠺᠦᠨᠯᠦ᠋ᠨ ᠠᠭᠤᠯᠠ᠎ᠶ᠋ᠢᠨ ᠤᠷᠤᠢ᠎ᠳᠤ ᠭᠠᠷᠴᠤ᠌᠂ ᠷᠢᠳᠢ ᠱᠢᠳᠢ᠎ᠪᠠᠨ ᠪᠠᠳᠠᠷᠠᠭᠤᠯᠤᠨ ᠱᠢᠳᠢᠲᠦ ᠨᠤᠮᠤ᠎ᠪᠠᠨ ᠲᠡᠯᠡᠵᠦ᠍᠂ ᠨᠢᠭᠡ ᠯᠡ ᠠᠮᠢᠰᠭᠤᠭ᠎ᠠ᠎ᠪᠠᠷ ᠶᠢᠰᠦᠨ ᠨᠠᠷᠠ᠎ᠶ᠋ᠢ ᠬᠠᠷᠪᠤᠵᠦ᠍ ᠤᠨᠠᠭᠠᠭ᠍ᠰᠠᠨ ᠪᠠ ᠦᠯᠡᠳᠡᠭ᠌ᠰᠡᠨ ᠨᠢᠭᠡ ᠨᠠᠷᠠ᠎ᠶ᠋ᠢ ᠲᠣᠭ᠍ᠲᠠᠭ᠍ᠰᠠᠨ ᠴᠠᠭ᠎ᠲᠠᠭᠠᠨ ᠮᠠᠨᠳᠤᠵᠦ᠍ ᠱᠢᠩᠭᠡᠨ᠂ ᠠᠷᠠᠳ ᠲᠦᠮᠡᠨ᠎ᠳᠤ ᠪᠤᠶᠠᠨ ᠦᠢᠯᠡᠳᠦᠬᠦᠯᠬᠦ᠌᠎ᠪᠠᠷ ᠬᠠᠳᠠᠭᠤ ᠵᠠᠷᠯᠢᠭ᠍ᠳᠠᠵᠠᠢ᠃

ᠾᠧᠦ ᠢ ᠢᠩᠬᠢᠭᠡᠳ ᠠᠷᠠᠳ ᠣᠯᠠᠨ᠎ᠤ ᠬᠠᠢᠷ᠎ᠠ ᠬᠦᠨᠳᠦᠳᠭᠡᠯ᠎ᠢ ᠣᠯᠵᠤ᠂ ᠴᠠᠩ ᠧ ᠭᠡᠳᠡᠭ ᠨᠡᠷ᠎ᠡ᠎ᠲᠠᠢ᠂ ᠴᠠᠢᠯᠭᠠᠨ ᠰᠡᠳᠭᠢᠯ᠎ᠲᠠᠢ ᠭᠤᠶᠤ ᠡᠬᠡᠨᠡᠷ ᠪᠠᠭᠤᠯᠭᠠᠵᠠᠶ᠃ ᠡᠾᠸᠦ ᠢ ᠡᠷᠳᠡᠮ᠎ᠢᠶᠠᠨ ᠤᠯᠠᠮᠵᠢᠯᠠᠵᠤ ᠠᠩ ᠠᠩᠨᠠᠬᠤ᠎ᠠᠴᠠ ᠭᠠᠳᠠᠨ᠎ᠠ ᠪᠠᠢᠩᠭᠤ ᠡᠬᠡᠨᠡᠷ᠎ᠲᠠᠢ᠎ᠪᠠᠨ ᠬᠠᠮᠲᠤ ᠪᠠᠢᠯᠴᠠᠵᠤ᠂ ᠬᠥᠮᠦᠰ ᠪᠦᠷ ᠡᠨᠡ ᠬᠦ᠌ ᠡᠷ᠎ᠡ ᠡᠮ᠎ᠡ ᠬᠤᠶᠠᠭᠤᠯᠠ᠎ᠶ᠋ᠢ ᠪᠠᠭ᠍ᠠᠷᠬᠠᠳᠠᠭ ᠪᠠᠢᠵᠠᠢ᠃ ᠲᠡᠭᠡᠬᠦ᠌᠎ᠳᠤ ᠴᠥᠭᠡᠨ ᠪᠤᠰᠤ ᠵᠤᠷᠢᠬ᠍ᠲᠦ ᠪᠠᠭᠠᠲᠤᠷ ᠡᠾᠸᠤ ᠢ᠎ᠠᠴᠠ ᠡᠷᠳᠡᠮ ᠰᠤᠷᠬᠤ᠎ᠪᠠᠷ ᠢᠷᠡᠭ᠌ᠰᠡᠨ᠎ᠳᠤ ᠮᠠᠭᠤ ᠰᠠᠨᠠᠭ᠎ᠠ᠎ᠲᠠᠢ ᠫᠧᠩ ᠮᠧᠩ ᠴᠦ᠍ ᠬᠤᠳᠭᠤᠯᠳᠤᠨ ᠣᠷᠣᠵᠤ ᠢᠷᠡᠪᠡ᠃ ᠨᠢᠭᠡᠨ ᠡᠳᠦᠷ᠂ ᠡᠾᠸᠤ ᠢ ᠺᠦᠨᠯᠦ᠋ᠨ ᠠᠭᠤᠯᠠᠨ᠎ᠳᠤ ᠶᠠᠪᠤᠵᠦ᠍ ᠪᠠᠢᠭᠠᠳ ᠸᠠᠩ ᠮᠦ᠍ ᠨᠢᠶᠠᠩ ᠨᠢᠶᠠᠩ᠎ᠲᠠᠢ ᠲᠠᠭᠠᠷᠠᠯᠳᠤᠵᠤ᠂ ᠨᠢᠭᠡ ᠪᠠᠭ᠍ᠯᠠᠭ᠎ᠠ ᠮᠦᠩᠬᠡᠷᠡᠬᠦ᠌ ᠡᠮ ᠭᠤᠶᠤᠵᠦ᠍ ᠤᠯᠵᠠᠢ᠃ ᠡᠨᠡ ᠡᠮ᠎ᠢ ᠤᠤᠭᠤᠪᠠᠯ ᠳᠣᠣᠷ᠎ᠠ᠎ᠪᠠᠨ ᠲᠩᠷᠢ᠎ᠳᠤ ᠭᠠᠷᠴᠤ᠌ ᠰᠠᠬᠢᠭᠤᠯᠰᠤᠨ ᠪᠤᠯᠴᠢᠬᠠᠨ᠎ᠠ᠂ ᠬᠡᠪᠡᠴᠦ᠍ ᠾᠧᠦ ᠢ ᠡᠬᠡᠨᠡᠷ᠎ᠢᠶᠠᠨ ᠬᠠᠶᠠᠵᠤ ᠲᠦᠪᠳᠡᠬᠦ᠌ ᠦᠭᠡᠢ ᠪᠤᠯᠬᠤᠷ ᠡᠮ᠎ᠢᠶᠠᠨ ᠴᠠᠩ ᠧ᠎ᠳᠤ ᠥᠭ᠌ᠴᠦ ᠬᠠᠳᠠᠭᠠᠯᠠᠭᠤᠯᠪᠠ᠃ ᠴᠠᠩ ᠧ ᠡᠨᠡ ᠬᠦ᠌ ᠡᠮ᠎ᠢ ᠵᠠᠰᠠᠯ᠎ᠤᠨ ᠱᠢᠷᠡᠭᠡᠨ᠎ᠳᠠᠬᠢ ᠡᠷᠳᠡᠨᠢᠰ᠎ᠤᠨ ᠬᠠᠢᠷᠴᠠᠭ᠎ᠲᠠᠭᠠᠨ ᠨᠢᠭᠤᠭ᠍ᠰᠠᠨ᠎ᠢ᠎ᠨᠢ ᠫᠧᠩ ᠮᠧᠩ ᠤᠯᠤᠭᠠᠳ ᠦᠵᠡᠴᠢᠭᠡᠵᠡᠢ᠂ ᠲᠡᠭᠡᠭᠡᠳ ᠲᠡᠷᠡ ᠮᠦᠩᠬᠡ᠎ᠶ᠋ᠢᠨ ᠱᠢᠳᠢ᠎ᠲᠠᠢ ᠡᠮ᠎ᠢ ᠤᠤᠭᠤᠵᠤ ᠥᠪᠡᠷ᠎ᠢᠶᠠᠨ ᠰᠠᠬᠢᠭᠤᠯᠰᠤᠨ ᠪᠣᠯᠬᠤ᠎ᠶ᠋ᠢ ᠭᠤᠷᠢᠳᠠᠭ᠍ᠰᠠᠨ ᠪᠠᠢᠨ᠎ᠠ᠃

ᠭᠤᠷᠪᠠᠨ ᠡᠳᠦᠷ᠎ᠤᠨ ᠳᠠᠷᠠᠭ᠎ᠠ᠂ ᠾᠧᠦ ᠢ ᠣᠯᠠᠨ ᠱᠠᠪᠢ ᠨᠠᠷ᠎ᠢᠶᠠᠨ ᠳᠠᠭᠠᠭᠤᠯᠤᠨ ᠠᠩ ᠬᠢᠬᠦ᠌᠎ᠪᠠᠷ ᠮᠤᠷᠳᠠᠵᠦ᠍᠂ ᠫᠧᠩ ᠮᠧᠩ ᠮᠠᠭᠤ ᠰᠠᠨᠠᠭ᠎ᠠ ᠡᠪᠦᠷᠯᠡᠨ ᠡᠪᠡᠳᠴᠢᠯᠡᠭ᠌ᠰᠡᠨ᠎ᠢᠶᠠᠷ ᠣᠪᠯᠠᠵᠤ ᠦᠯᠡᠳᠡᠪᠡ᠃ ᠾᠧᠦ ᠢ ᠣᠯᠠᠨ᠎ᠢ ᠳᠠᠭᠠᠭᠤᠯᠤᠨ ᠶᠠᠪᠤᠭ᠍ᠰᠠᠨ᠎ᠤ ᠳᠠᠷᠠᠭ᠎ᠠ᠂ ᠫᠧᠩ ᠮᠧᠩ ᠡᠷᠳᠡᠨᠢ᠎ᠶ᠋ᠢᠨ ᠰᠡᠯᠡᠮ᠎ᠡ ᠪᠠᠷᠢᠵᠤ᠂ ᠴᠠᠩ ᠧ᠎ᠶ᠋ᠢ ᠰᠦᠷᠳᠡᠭᠦᠯᠦᠨ ᠱᠢᠬᠠᠮᠳᠠᠭᠤᠯᠵᠤ ᠮᠦᠩᠬᠡᠷᠡᠬᠦ᠌ ᠡᠮ᠎ᠢ ᠠᠪᠬᠤ ᠬᠡᠵᠡᠢ᠃ ᠴᠠᠩ ᠧ ᠥᠪᠡᠷ᠎ᠢᠶᠠᠨ ᠫᠧᠩ ᠮᠧᠩ᠎ᠢ ᠲᠡᠢᠯᠬᠦ᠌ ᠦᠬᠡᠢ ᠭᠡᠳᠡᠭ᠎ᠢᠶᠠᠨ ᠮᠡᠳᠡᠭᠡᠳ ᠪᠡᠶ᠎ᠡ ᠡᠷᠭᠢᠨ ᠡᠷᠳᠡᠨᠢᠰ᠎ᠤᠨ ᠬᠠᠢᠷᠴᠠᠭ᠎ᠲᠤ ᠪᠠᠢᠭ᠍ᠰᠠᠨ ᠮᠦᠩᠬᠡᠷᠡᠬᠦ᠌ ᠡᠮ᠎ᠢᠶᠠᠨ ᠨᠢᠭᠡ ᠯᠡ ᠵᠠᠯᠭᠢᠴᠢᠬᠠᠪᠠ᠃ ᠴᠠᠩ ᠧ᠎ᠶ᠋ᠢᠨ ᠪᠡᠶ᠎ᠡ ᠲᠡᠷᠡ ᠳᠣᠣᠷ᠎ᠠ᠎ᠪᠠᠨ ᠲᠡᠭ᠌ᠳᠡᠨ ᠲᠩᠷᠢ ᠥᠭᠡᠳᠡ ᠨᠢᠰᠦᠨ ᠣᠳᠪᠠ᠃ ᠴᠠᠩ ᠧ ᠡᠷ᠎ᠡ ᠨᠥᠬᠦᠷ᠎ᠠᠴᠠ᠎ᠪᠠᠨ ᠰᠠᠯᠵᠦ᠍ ᠲᠦᠪᠳᠡᠬᠦ᠌ ᠦᠬᠡᠢ ᠪᠤᠯᠬᠤᠷ ᠬᠥᠮᠦᠨ᠎ᠤ ᠶᠢᠷᠲᠢᠨᠴᠤ᠎ᠠᠴᠠ ᠬᠠᠮᠤᠭ᠎ᠤᠨ ᠤᠢ᠍ᠢᠷ᠎ᠠ ᠪᠠᠢᠭ᠍ᠰᠠᠨ ᠰᠠᠷᠠᠨ ᠳᠡᠭᠡᠷ᠎ᠡ ᠪᠠᠭᠤᠵᠦ᠍ ᠰᠠᠬᠢᠭᠤᠯᠰᠤᠨ ᠪᠤᠯᠵᠠᠢ᠃

ᠦᠳᠡᠰᠢ᠎ᠨᠢ ᠡᡁᠸᠤ ᠢ ᠭᠡᠷ᠎ᠲᠡᠭᠡᠨ ᠬᠠᠷᠢᠵᠤ᠂ ᠱᠢᠪᠡᠭ᠌ᠴᠢᠨ ᠨᠡᠷ ᠡᠳᠦᠷ᠎ᠤᠨ ᠪᠤᠯᠤᠭ᠍ᠰᠠᠨ ᠶᠠᠪᠤᠳᠠᠯ᠎ᠢᠶᠠᠨ ᠤᠬᠢᠯᠠᠠ ᠲᠣᠭᠠᠴᠢᠪᠠ᠃ ᠡᠾᠸᠤ ᠢ ᠰᠣᠴᠢᠨ ᠬᠢᠯᠢᠩᠨᠡᠵᠦ᠍ ᠰᠡᠯᠡᠮ᠎ᠡ᠎ᠪᠠᠨ ᠰᠤᠭᠤᠯᠤᠨ ᠫᠸᠡᠭ ᠮᠸᠡᠭ᠎ᠢ ᠠᠯᠠᠬᠤ᠎ᠪᠠᠷ ᠤᠴᠢᠭ᠍ᠰᠠᠨ᠎ᠳᠤ ᠫᠸᠡᠭ ᠮᠸᠡᠭ ᠠᠯᠢ ᠡᠷᠲᠡ ᠳᠤᠳᠠᠭᠠᠴᠢᠬᠠᠭ᠍ᠰᠠᠨ ᠪᠠᠢᠪᠠ᠂ ᠡᠾᠸᠤ ᠢ ᠲᠦᠢᠯ᠎ᠢᠶᠠᠷ ᠡᠮᠭᠡᠨᠢᠨ ᠭᠠᠱᠢᠭᠤᠳᠠᠵᠤ᠂ ᠰᠥᠨᠢ᠎ᠶ᠋ᠢᠨ ᠣᠭ᠍ᠲᠠᠷᠭᠤᠶ᠎ᠶ᠋ᠢ ᠱᠢᠷᠳᠡᠨ ᠬᠠᠢᠷᠠᠲᠤ ᠡᠬᠡᠨᠡᠷ᠎ᠢᠶᠠᠨ ᠳᠠᠭᠤᠳᠠᠬᠤ᠎ᠳᠤ᠂ ᠲᠡᠷᠡ ᠰᠦᠨᠢ᠎ᠶ᠋ᠢᠨ ᠰᠠᠷᠠ ᠣᠨᠴᠠᠭᠠᠶ ᠭᠡᠭᠡᠨ ᠲᠤᠩᠭᠠᠯᠠᠭ ᠮᠦᠷᠳᠡᠭᠡᠨ ᠨᠢᠭᠡ ᠭᠠᠩᠬᠤᠵᠦ᠍ ᠪᠠᠢᠭ᠎ᠠ ᠬᠦᠮᠦᠨ᠎ᠤ ᠪᠠᠷ᠎ᠠ ᠴᠠᠩ ᠧ᠎ᠲᠠᠢ ᠮᠠᠰᠢ ᠲᠥᠰᠲᠡᠶ ᠪᠠᠢᠬᠤ᠎ᠶ᠋ᠢ ᠣᠯᠵᠤ ᠬᠠᠷᠠᠵᠠᠢ᠃ ᠡᠾᠸᠤ ᠢ ᠠᠮᠢ ᠴᠦᠯᠡᠨ ᠰᠠᠷᠠ᠎ᠶ᠋ᠢ ᠲᠠᠭᠤᠵᠤ ᠨᠡᠬᠡᠭ᠌ᠰᠡᠨ ᠪᠤᠯᠪᠠᠴᠦ᠍ ᠲᠡᠷᠡ ᠭᠤᠷᠪᠠᠨ ᠠᠯᠬᠤᠮ ᠬᠥᠭᠡᠭᠡᠪᠠᠯ ᠰᠠᠷᠠ ᠭᠤᠷᠪᠠᠨ ᠠᠯᠬᠤᠮ ᠤᠬᠤᠷᠢᠵᠦ᠍᠂ ᠲᠡᠷᠡ ᠭᠤᠷᠪᠠᠨ ᠠᠯᠬᠤᠮ ᠤᠬᠤᠷᠢᠪᠠᠯ ᠰᠠᠷᠠ ᠭᠤᠷᠪᠠᠨ ᠠᠯᠬᠤᠮ ᠤᠷᠤᠭ᠍ᠰᠢᠯᠠᠭᠠᠳ ᠶᠠᠭᠠᠬᠢᠭ᠍ᠰᠠᠨ ᠴᠤ᠌ ᠰᠠᠷᠠᠨ᠎ᠳᠤ ᠬᠦᠷᠴᠦ᠍ ᠴᠢᠳᠠᠭ᠍ᠰᠠᠨ ᠦᠭᠡᠢ᠃

ᠾᠧᠦ ᠢ ᠡᠬᠡᠨᠡᠷ᠎ᠢᠶᠠᠨ ᠬᠡᠳᠦ᠋ᠢᠴᠢᠨᠡᠭᠡᠨ ᠮᠥᠷᠥᠭᠡᠳᠦᠨ ᠰᠠᠨᠠᠭᠠᠯᠵᠠᠵᠤ ᠪᠠᠢᠭ᠍ᠰᠠᠨ ᠴᠤ᠌ ᠠᠷᠭ᠎ᠠ ᠮᠤᠬᠤᠷᠳᠠᠵᠠᠢ᠂ ᠲᠡᠭᠡᠭᠡᠳ ᠲᠡᠷᠡ ᠬᠥᠮᠦᠨ ᠲᠣᠮᠢᠯᠠᠨ ᠴᠠᠩ ᠧ᠎ᠶ᠋ᠢᠨ ᠵᠤᠭᠠᠯᠠᠳᠠᠭ ᠠᠷᠤ ᠴᠡᠴᠡᠷᠯᠢᠭ᠎ᠲᠤ ᠱᠢᠷᠡᠭᠡ ᠵᠠᠰᠠᠨ ᠬᠦᠵᠢ ᠠᠰᠠᠭᠠᠵᠦ᠍᠂ ᠬᠠᠮᠤᠭ᠎ᠤᠨ ᠢᠳᠡᠬᠦ᠌ ᠳᠤᠷᠠᠲᠠᠶ ᠢᠳᠡᠭᠡᠨ ᠵᠢᠮᠢᠰ᠎ᠢ᠎ᠨᠢ ᠲᠠᠯᠪᠢᠵᠤ᠂ ᠰᠠᠷᠠᠨ ᠣᠷᠳᠣᠨ᠎ᠳᠤ ᠪᠠᠢᠭ᠎ᠠ ᠴᠠᠩ ᠧ᠎ᠶ᠋ᠢ ᠮᠥᠷᠥᠭᠡᠳᠦᠨ ᠲᠠᠬᠢᠵᠠᠢ᠃ ᠠᠷᠠᠳ ᠤᠯᠠᠨ ᠴᠠᠩ ᠧ ᠰᠠᠷᠠᠨ᠎ᠳᠤ ᠭᠠᠷᠴᠤ᠌ ᠳᠠᠬᠢᠨᠢ ᠪᠣᠯᠤᠭ᠍ᠰᠠᠨ ᠴᠢᠮᠡᠭᠡ᠎ᠪᠠᠷ ᠰᠠᠷᠠᠨ ᠳᠤᠤᠷ᠎ᠠ ᠬᠦᠵᠢ᠎ᠶ᠋ᠢᠨ ᠱᠢᠷᠡᠭᠡ ᠲᠠᠯᠪᠢᠵᠤ᠂ ᠴᠠᠢᠯᠭᠠᠨ ᠰᠡᠳᠭᠢᠯ᠎ᠲᠠᠢ ᠴᠠᠩ ᠧ ᠳᠠᠭᠢᠨᠢ᠎ᠠᠴᠠ ᠥᠯᠵᠡᠶ ᠪᠡᠯᠭᠡ ᠠᠮᠤᠷ ᠠᠮᠤᠭᠤᠯᠠᠩ ᠪᠠᠢᠬᠤ᠎ᠶ᠋ᠢ ᠳᠠᠭᠠᠳᠭᠠᠪᠠ᠃ ᠡᠭᠦᠨ᠎ᠠᠴᠠ ᠡᠬᠢᠯᠡᠨ ᠨᠠᠢ᠍ᠮᠠᠨ ᠰᠠᠷ᠎ᠠ᠎ᠶ᠋ᠢᠨ ᠲᠠᠷᠬᠡᠯ ᠪᠠᠶᠠᠷ᠎ᠲᠤ ᠰᠠᠷᠠᠨ᠎ᠳᠤ ᠮᠥᠷᠭᠦᠬᠦ᠌ ᠵᠠᠩᠱᠢᠯ ᠠᠷᠠᠳ᠎ᠤᠨ ᠳᠤᠮᠳᠠ ᠳᠡᠯᠭᠡᠷᠡᠭ᠌ᠰᠡᠨ ᠭᠡᠳᠡᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号