2021 ᠣᠨ ᠤ᠋ 12 ᠰᠠᠷ᠎ᠠ ᠶ᠋ᠢᠨ 12 ᠤ᠋ᠨ ᠦᠷᠯᠦᠭᠡ᠂ ᠣᠢ ᠭᠠᠱᠢᠭᠤᠨ ᠴᠢᠮᠡᠭᠡ
ᠰᠦᠯᠵᠢᠶ᠎ᠡ ᠵᠢᠷᠭᠢᠶ᠎ᠠ ᠪᠠᠷ ᠲᠠᠮᠵᠢᠬ᠍ᠳᠠᠵᠤ᠂ ᠣᠯᠠᠨ ᠬᠦᠮᠦᠨ ᠦᠪᠡᠷ ᠤ᠋ᠨ ᠨᠢᠳᠦ ᠴᠢᠬᠢ ᠪᠡᠨ ᠢᠲᠡᠭᠡᠵᠦ᠍ ᠶᠠᠳᠠᠨ᠎ᠠ᠃
《ᠠᠯᠳᠠᠷᠲᠤ ᠲᠣᠬᠯᠠᠬᠴᠢ ᠲᠦᠮᠡᠨ ᠨᠠᠰᠣ ᠪᠠᠷᠠᠬᠰᠠᠨ ᠭᠡᠨ᠎ᠡ》᠃ ᠦᠭᠡᠢ᠂ ᠬᠣᠳᠠᠯ ᠴᠤᠤᠷᠬᠠᠯ ᠪᠢᠵᠠ? ᠭᠡᠵᠦ᠍ ᠢᠲᠡᠭᠡᠵᠦ᠍
ᠶᠠᠳᠠᠭ᠍ᠰᠠᠨ ᠬᠦᠮᠦᠰ ᠦᠪᠡᠷ ᠢ᠋ ᠪᠡᠨ ᠵᠡᠬᠦᠳᠦ ᠨᠤᠢᠷ ᠲᠠᠭᠠᠨ ᠳᠤᠬ᠍ᠵᠢᠷᠠᠵᠤ ᠪᠠᠢᠬᠤ ᠪᠣᠶᠣ ᠠᠯᠢ ᠡᠰᠡᠭᠥᠯᠡ
ᠬᠡᠨ ᠨᠢᠭᠡ ᠨᠢ ᠵᠦᠴᠦᠭᠡ ᠶ᠋ᠢᠨ ᠦᠢᠯᠡ ᠡᠴᠡ ᠵᠣᠬᠢᠶᠠᠵᠦ ᠣᠷᠭᠣᠭᠣᠯᠣᠬᠰᠠᠨ ᠵᠦᠢᠯ ᠪᠤᠯᠪᠠᠣ ᠭᠡᠵᠦ᠍ ᠰᠠᠨᠠᠨ᠎ᠠ᠃
ᠲᠠᠬᠢᠨ ᠲᠠᠪᠲᠠᠨ ᠨᠣᠲᠠᠯᠠᠬᠣ ᠪᠡᠷ ᠲᠠᠮᠵᠢᠨ ᠵᠦᠴᠦᠭᠡ ᠶ᠋ᠢᠨ ᠦᠢᠯᠡ ᠪᠣᠰᠣ᠂ ᠬᠠᠷᠢᠨ ᠦᠨᠡᠨ ᠮᠡᠳᠡᠭᠡ ᠪᠣᠯᠬᠣ
ᠶ᠋ᠢ ᠪᠠᠲᠣᠯᠠᠪᠠ᠃ ᠡᠢᠨ ᠬᠦ᠌ ᠰᠤᠳᠣᠨ ᠲᠣᠭ᠍ᠯᠠᠭ᠍ᠴᠢ᠂ ᠱᠢᠯᠢᠳᠡᠭ ᠤᠷᠠᠯᠢᠭ᠍ᠴᠢᠨ ᠶ᠋ᠢᠡᠨ ᠠᠯᠲᠠᠭ᠍ᠰᠠᠨ ᠭᠡᠬᠦ
ᠰᠣᠷᠠᠬ ᠶ᠋ᠢᠡᠷ ᠣᠯᠠᠨ ᠬᠦᠮᠦᠨ ᠡᠮᠭᠡᠨᠢᠯ ᠭᠠᠱᠢᠭᠣᠳᠠᠯ ᠤ᠋ᠨ ᠭᠦᠨ ᠬᠥᠪ ᠲᠦ᠍ ᠣᠨᠠᠵᠤ᠂ ᠪᠣᠢᠷ ᠬᠦᠯᠦᠨ ᠤ᠋ ᠬᠠᠷᠴᠠᠭᠠᠢ
ᠬᠦᠬᠥᠭᠡ ᠵᠢᠭᠦᠷ ᠶ᠋ᠢᠡᠨ ᠳᠡᠯᠡᠳᠦᠨ ᠭᠠᠱᠢᠭᠤᠳᠠᠵᠤ᠂ ᠠᠯᠲᠠᠨ ᠬᠢᠩᠭᠠᠨ ᠤ᠋ ᠨᠤᠶᠠᠨ ᠰᠠᠷᠢᠳᠠᠭ ᠲᠡᠷᠢᠭᠦᠨ ᠳᠠᠷᠤᠨ
ᠭᠤᠨᠢᠶᠠᠪᠠ᠃

ᠲᠦᠷᠦᠯᠬᠢ ᠶ᠋ᠢᠨ ᠠᠪᠢᠶᠠᠰ ᠪᠤᠯᠤᠨ ᠣᠷᠣᠯᠲᠣᠯᠭᠠ ᠴᠢᠷᠮᠠᠢᠯᠭᠠᠳᠠᠭᠠᠨ ᠬᠦᠲᠦᠯᠦᠭ᠌ᠳᠡᠨ
ᠣᠷᠠᠯᠢᠬ ᠤ᠋ᠨ ᠣᠲᠣ ᠪᠣᠯᠣᠨ ᠴᠣᠯᠭᠣᠷᠠᠵᠦ᠂ ᠣᠯᠣᠰ ᠲᠦᠮᠡᠨᠳᠡᠭᠡᠨ 《ᠰᠣᠳᠤᠨ ᠲᠣᠭ᠍ᠯᠠᠭ᠍ᠴᠢ》 ᠭᠡᠮᠡᠨ ᠴᠤᠯᠠᠯᠠᠭᠤᠯᠵᠤ᠂ ᠣᠯᠠᠨ ᠰᠠᠢᠬᠠᠨ ᠺᠢᠨᠣ᠋ ᠵᠦᠴᠦᠭᠡ ᠪᠡᠷ ᠶ᠋ᠢᠡᠨ ᠠᠷᠠᠳ ᠲᠦᠮᠡᠨ
ᠤ᠋ ᠰᠡᠳᠭᠢᠯ ᠢ᠋ ᠰᠡᠷᠬᠦᠭᠡᠨ ᠬᠠᠷᠠᠭ᠎ᠠ ᠶ᠋ᠢ ᠪᠠᠶᠠᠰᠬᠠᠵᠦ᠂ ᠨᠢᠭᠡ ᠨᠠᠰᠤᠨ ᠳ᠋ᠤ ᠪᠠᠬ᠍ᠲᠠᠬᠤ ᠪᠡᠷ ᠦᠭᠡᠢ ᠶᠡᠬᠡ
ᠶ᠋ᠢ ᠪᠦᠲᠦᠭᠡᠵᠦ᠍ ᠠᠮᠢᠯᠠᠭᠤᠯᠤᠭ᠍ᠰᠠᠨ ᠲᠣᠭ᠍ᠯᠠᠭ᠍ᠴᠢ ᠪᠠᠨ ᠪᠢᠳᠡ ᠱᠢᠯᠢᠳᠡᠭ ᠲᠣᠭ᠍ᠯᠠᠭ᠍ᠴᠢ᠂ ᠠᠯᠲᠠᠷᠲᠤ ᠣᠳᠣᠷᠢᠳᠣᠭᠠᠴᠢ᠂
ᠠᠬᠠᠮᠠᠳ ᠣᠷᠠᠯᠢᠬᠴᠢᠨ ᠭᠡᠵᠦ᠍ ᠬᠠᠢᠷᠠᠯᠠᠵᠦ᠍ ᠬᠦᠨᠳᠦᠳᠭᠡᠳᠡᠭ᠃ ᠶᠡᠷᠦ᠍ ᠨᠢ ᠬᠦᠮᠦᠨ ᠪᠦᠬᠦᠨ ᠶ᠋ᠢᠡᠷ ᠬᠦᠨᠳᠦᠳᠭᠡᠬᠦᠯᠵᠦ᠍
ᠪᠢᠱᠢᠷᠡᠬᠦᠯᠬᠦ᠌ ᠬᠤᠪᠢ ᠲᠠᠪᠢᠯᠠᠩ ᠢ᠋ ᠬᠢᠷᠢ ᠪᠠᠷᠤᠭ ᠤ᠋ᠨ ᠬᠦᠮᠦᠨ ᠬᠦᠷᠲᠡᠲᠡᠭ ᠪᠢᠰᠢ᠃ ᠨᠡᠷ᠎ᠡ ᠡᠴᠡ ᠨᠢ ᠴᠠᠭᠠᠰᠢᠭᠢ ᠶ᠋ᠢ ᠮᠡᠳᠡᠳᠡᠭ ᠦᠭᠡᠢ ᠨᠢᠭᠡᠨ ᠴᠦ᠍ ᠲᠣᠬᠯᠠᠭᠴᠢ ᠲᠦᠮᠡᠨ ᠭᠡᠬᠦ᠌ ᠨᠡᠷ᠎ᠡ ᠶ᠋ᠢ ᠬᠦᠨᠳᠦᠳᠭᠡᠨ ᠬᠡᠯᠡᠬᠦ᠌ ᠪᠦᠭᠡᠳ
ᠠᠭᠤᠯᠵᠠᠵᠦ ᠲᠠᠨᠢᠯᠴᠠᠵᠦ ᠦᠵᠡᠭᠡ ᠦᠭᠡᠢ ᠴᠦ᠍ ᠣᠷᠠᠯᠢᠬ ᠪᠦᠲᠦᠭᠡᠯ ᠢ᠋ ᠨᠢ ᠰᠣᠨᠢᠷᠬᠠᠨ ᠪᠠᠬᠠᠲᠣᠵᠦ ᠪᠢᠱᠢᠷᠡᠭ᠌ᠰᠡᠨ
ᠬᠡᠨ ᠪᠦᠬᠦᠨ ᠲᠡᠬᠦᠨ ᠢ᠋ ᠣᠳᠣᠷᠢᠳᠣᠭᠠᠴᠢ ᠪᠠᠬᠰᠢ ᠭᠡᠵᠦ᠍ ᠲᠤᠲᠤᠨᠤᠴᠢᠯᠠᠨ ᠳᠠᠭᠤᠳᠠᠳᠠᠭ᠃ ᠡᠢᠨ ᠬᠦ᠌ ᠱᠢᠯᠢᠳᠡᠭ
ᠲᠣᠭ᠍ᠯᠠᠭ᠍ᠴᠢ᠂ ᠠᠯᠳᠠᠷᠲᠤ ᠣᠲᠣᠷᠢᠲᠣᠭᠠᠴᠢ ᠶ᠋ᠢᠨ ᠬᠠᠯᠢᠭ᠍ᠰᠠᠨ ᠨᠢ ᠺᠢᠨᠣ᠋ ᠣᠷᠠᠯᠢᠭ ᠤ᠋ᠨ ᠶᠡᠬᠡ ᠬᠤᠬᠢᠷᠠᠯ
ᠪᠣᠯᠵᠣ᠂ ᠨᠤᠲᠤᠭ ᠨᠢᠭᠡᠲᠡᠢ ᠠᠬ᠎ᠠ ᠲᠡᠬᠦᠦ ᠲᠦᠷᠦᠯ ᠰᠠᠲᠣᠨ᠂ ᠦᠢᠯᠡᠰ ᠨᠢᠭᠡᠲᠡᠨ ᠲᠣᠲᠣᠨᠣ ᠨᠠᠢᠵᠠ ᠪᠣᠯᠣᠨ ᠲᠧᠯᠸᠢᠰ
ᠵᠦᠴᠦᠭᠡ ᠶ᠋ᠢ ᠨᠢ ᠦᠵᠡᠵᠦ᠍ ᠲᠠᠨᠢᠯᠴᠠᠭ᠍ᠰᠠᠨ ᠦᠵᠡᠭ᠌ᠴᠢ ᠣᠯᠠᠨ ᠠᠯᠳᠠᠷᠲᠤ ᠣᠷᠠᠯᠢᠬ᠍ᠴᠢᠨ ᠶ᠋ᠢᠡᠨ ᠦᠭᠡᠢᠯᠡᠵᠦ᠍᠂
ᠠᠯᠬᠤᠭ᠍ᠰᠠᠨ ᠮᠦᠷ ᠵᠢᠳᠬᠦᠭ᠌ᠰᠡᠨ ᠦᠢᠯᠡᠰ ᠢ᠋ ᠨᠢ ᠡᠷᠭᠢᠴᠡᠬᠦᠯᠦᠨ ᠲᠣᠷᠠᠳᠬᠠᠵᠦ ᠪᠠᠢᠯ᠎ᠠ᠃
ᠦᠵᠡᠭᠴᠢᠳ ᠤ᠋ᠨ ᠰᠡᠳᠬᠢᠯ ᠳ᠋ᠤ ᠮᠦᠩᠭᠡᠷᠡᠭᠰᠡᠨ ᠲᠣᠬᠯᠠᠬᠴᠢ
ᠲᠣᠭ᠍ᠯᠠᠭ᠍ᠴᠢ ᠲᠦᠮᠡᠨ ᠭᠡᠵᠦ᠍ ᠳᠤᠷᠠᠳᠭᠤ ᠳ᠋ᠤ ᠣᠷᠠᠯᠢᠭ ᠵᠦᠴᠦᠭᠡ ᠰᠤᠳᠤᠯᠳᠠᠭ
ᠡᠷᠲᠡᠮᠲᠡᠨ ᠣᠲᠣᠷᠢᠲᠣᠭᠠᠴᠢᠳ ᠡᠴᠡ ᠡᠬᠢᠯᠡᠨ ᠺᠢᠨᠣ᠋ ᠲᠸᠯᠸᠢᠰ ᠦᠵᠡᠵᠦ᠍ ᠰᠤᠨᠢᠷᠬᠠᠳᠠᠭ ᠡᠭᠡᠯ ᠲᠦᠮᠡᠨ ᠬᠦᠷᠲᠡᠯ᠎ᠡ
ᠠᠯᠲᠠᠯ ᠦᠭᠡᠢ ᠲᠠᠨᠢᠵᠦ᠍ ᠮᠡᠳᠡᠳᠡᠭ ᠣᠴᠢᠷᠲᠠᠢ᠃ ᠲᠡᠷᠡ ᠪᠡᠷ ᠠᠯᠢ ᠣᠯᠠᠨ ᠺᠢᠨᠣ᠋ ᠵᠦᠴᠦᠭᠡ ᠳ᠋ᠤ ᠣᠯᠠᠨ ᠶᠠᠩᠵᠤ
ᠶ᠋ᠢᠨ ᠬᠦᠮᠦᠨ ᠤ᠋ ᠲᠦᠷᠢ ᠶ᠋ᠢ ᠠᠮᠢᠯᠠᠭᠣᠯᠲᠠᠯᠠ ᠲᠣᠭ᠍ᠯᠠᠵᠤ ᠦᠨᠳᠦᠷ ᠦᠨᠡᠯᠡᠯᠳᠡ ᠬᠦᠷᠲᠡᠭ᠌ᠰᠡᠨ ᠲᠡᠳᠦᠢ ᠦᠭᠡᠢ
ᠪᠠᠰᠠ ᠦᠰᠴᠦ᠍ ᠲᠦᠷᠦᠭ᠌ᠰᠡᠨ ᠦᠯᠦᠭᠡᠢ ᠨᠣᠲᠣᠬ ᠤ᠋ᠨ ᠶ᠋ᠢᠡᠨ ᠦᠦᠭᠡ ᠲᠡᠦᠭᠡ ᠡᠴᠡ ᠰᠡᠳᠦᠪᠯᠡᠵᠦ᠍ ᠺᠢᠨᠣ᠋ ᠣᠳᠣᠷᠢᠳᠤᠭᠠᠴᠢᠯᠠᠨ
ᠲᠣᠭ᠍ᠯᠠᠵᠤ ᠦᠵᠡᠭ᠌ᠴᠢᠳ ᠤ᠋ᠨ ᠪᠠᠬᠠᠷᠬᠠᠯ ᠢ᠋ ᠬᠦᠷᠲᠡᠭ᠌ᠰᠡᠨ ᠶᠣᠮ᠃ ᠡᠢᠨᠬᠦ᠌ ᠶᠡᠬᠡ ᠬᠤᠯᠠ ᠶ᠋ᠢᠨ ᠴᠠᠰᠤᠲᠤ
ᠠᠭᠣᠯᠠ ᠱᠢᠭ᠋ ᠰᠡᠬᠦᠢᠨ ᠰᠦᠨᠳᠡᠷᠯᠡᠭ᠌ᠰᠡᠨ ᠠᠬᠠᠮᠠᠳ ᠣᠷᠠᠯᠢᠭ᠍ᠴᠢᠨ ᠲᠠᠢ ᠠᠭᠣᠯᠵᠠᠵᠤ ᠣᠴᠠᠷᠠᠬ᠍ᠰᠠᠨ ᠦᠵᠡᠭᠴᠢᠳ
ᠴᠦᠭᠡᠨ ᠭᠡᠲᠡᠭ ᠴᠦ᠍ ᠺᠢᠨᠣ᠋ ᠵᠦᠴᠦᠭᠡ ᠡᠴᠡ ᠵᠢᠰᠦ ᠶ᠋ᠢ ᠨᠢ ᠬᠠᠷᠠᠵᠦ᠍ ᠠᠯᠢ ᠬᠡᠵᠢᠶᠡᠨ ᠤ᠋ 《ᠲᠠᠨᠢᠯ ᠪᠣᠯᠣᠭ᠍ᠰᠠᠨ》 ᠬᠦᠮᠦᠰ ᠵᠦᠩᠳᠡᠭᠡᠨ᠃ ᠡᠳᠡᠭᠡᠷ
ᠬᠦᠮᠦᠰ ᠤ᠋ᠨ ᠨᠢᠭᠡ ᠲᠤᠭᠠᠨ ᠳ᠋ᠤ ᠪᠢ ᠴᠦ᠍ ᠪᠠᠭᠲᠠᠵᠦ᠍ ᠪᠠᠢᠭ᠍ᠰᠠᠨ ᠪᠦᠭᠡᠳ ᠤᠶᠤᠲᠠᠨ ᠠᠬᠤᠢ ᠴᠠᠭ ᠡᠴᠡ ᠪᠠᠨ
ᠲᠡᠬᠦᠨ ᠤ᠋ ᠲᠣᠬᠯᠠᠬᠰᠠᠨ ᠺᠢᠨᠣ᠋ ᠵᠦᠴᠦᠭᠡ ᠶ᠋ᠢ ᠨᠢ ᠦᠵᠡᠵᠦ᠍ ᠰᠣᠨᠢᠷᠬᠠᠨ᠂ ᠮᠦᠩᠭᠦᠨ ᠬᠦᠱᠢᠭᠡᠨ ᠳ᠋ᠤ ᠱᠤᠭᠣᠭ᠍ᠰᠠᠨ
ᠳᠦᠷᠢ ᠶ᠋ᠢ ᠨᠢ ᠬᠠᠷᠠᠵᠦ᠍ ᠪᠢᠱᠢᠷᠡᠨ ᠪᠠᠬᠠᠲᠤᠵᠦ᠍ ᠪᠠᠢᠬ᠍ᠰᠠᠨ ᠢ᠋ ᠶᠠᠭᠤᠨ ᠨᠢᠭᠤᠬᠤ ᠠᠵᠢ᠃
ᠨᠢᠭᠡ ᠶᠣᠰᠣᠨ ᠡᠴᠡ ᠬᠡᠯᠡᠪᠡᠯ ᠮᠠᠨ ᠤ᠋ ᠦᠶ᠎ᠡ ᠶ᠋ᠢᠨ ᠬᠢᠨ ᠪᠣᠯ ᠲᠣᠬᠯᠠᠬᠴᠢ
ᠲᠦᠮᠡᠨ ᠤ᠋ ᠺᠢᠨᠣ᠋᠂ ᠲᠸᠯᠸᠢᠰ ᠵᠦᠴᠦᠭᠡ ᠶ᠋ᠢ ᠦᠵᠡᠨ ᠰᠣᠨᠢᠷᠬᠠᠵᠦ ᠦᠰᠦᠨ ᠪᠣᠢᠵᠢᠬᠰᠠᠨ ᠬᠦᠮᠦᠰ ᠪᠣᠯᠬᠣ ᠶᠣᠮ᠃
ᠴᠡᠭᠡᠵᠢᠯᠡᠵᠦ ᠪᠠᠢᠬᠣ ᠪᠡᠷ᠂ ᠲᠡᠭᠡᠷ᠎ᠡ ᠵᠠᠭᠣᠨ ᠤ᠋ ᠰᠡᠬᠦᠯᠴᠢ ᠪᠡᠷ ᠣᠶᠣᠲᠠᠨ
ᠨᠡᠷ᠎ᠡ ᠵᠡᠬᠦᠵᠦ ᠬᠦᠲᠡᠭᠡ ᠡᠴᠡ ᠬᠦᠬᠡᠬᠣᠲᠠ ᠳ᠋ᠤ ᠬᠣᠷᠠᠨ ᠴᠣᠬᠯᠠᠷᠠᠬᠰᠠᠨ ᠮᠠᠨ ᠤ᠋ ᠠᠩᠬᠢ ᠶ᠋ᠢᠨ ᠬᠠᠮᠣᠬ ᠤ᠋ᠨ
ᠠᠩᠬᠠᠨ ᠤ᠋ ᠬᠠᠮᠲᠣ ᠶ᠋ᠢᠨ ᠠᠵᠢᠯᠯᠠᠭ᠎ᠠ ᠪᠤᠯ ᠲᠠᠷᠣᠢ 《ᠡᠮᠭᠡᠨᠢᠯᠲᠦ ᠪᠣᠯᠠᠬ》 《ᠵᠡᠬᠦᠨᠰᠢ ᠪᠣᠴᠠᠬᠰᠠᠨ ᠪᠠᠭᠠᠲᠣᠷᠴᠣᠳ》 ᠭᠡᠬᠦ ᠬᠣᠶᠠᠷ ᠺᠢᠨᠣ᠋ ᠶ᠋ᠢ ᠦᠵᠡᠭᠰᠡᠨ ᠶᠠᠪᠤᠳᠠᠯ ᠪᠢᠯᠡ᠃ ᠭᠠᠷ ᠣᠲᠠᠰᠣ ᠶ᠋ᠢ ᠭᠠᠷᠰᠢᠭᠣᠯᠵᠦ
ᠠᠮᠵᠢᠭᠠᠲᠣᠢ᠂ ᠰᠦᠯᠵᠢᠶ᠎ᠠ ᠭᠡᠵᠦ ᠰᠠᠶᠶ᠋ᠬᠠᠨ ᠦᠷᠨᠢᠵᠦ ᠪᠠᠢᠬᠰᠠᠨ ᠲᠡᠷᠡ ᠦᠶ᠎ᠡ ᠳ᠋ᠤ ᠣᠶᠣᠲᠠᠳ ᠤ᠋ᠨ ᠭᠠᠷᠠᠬ
ᠤ᠋ᠨ ᠴᠢᠯᠦᠭᠡᠨ ᠤ᠋ ᠵᠣᠭᠠ ᠴᠡᠩᠭᠡᠯ ᠤ᠋ᠨ ᠨᠢᠭᠡ ᠠᠭᠣᠯᠭ᠎ᠠ ᠨᠢ ᠺᠢᠨᠣ᠋ ᠦᠵᠡᠬᠦ ᠶᠠᠪᠣᠲᠠᠯ ᠪᠤᠯᠤᠨ᠎ᠠ᠃ ᠢᠩᠬᠢᠭᠡᠳ
ᠬᠦᠦᠴᠣᠣᠯ ᠬᠡᠦᠬᠡᠨᠴᠣᠣᠯ ᠬᠣᠷᠢᠨ ᠬᠡᠲᠦᠬᠦᠯᠡ ᠪᠠᠨ ᠬᠣᠲᠠ ᠶ᠋ᠢᠨ ᠵᠡᠭᠡᠯᠢ ᠪᠡᠷ ᠬᠡᠯᠬᠢᠶᠡᠷᠡᠯᠳᠤᠨ᠂ ᠺᠢᠨᠣ᠋
ᠦᠢᠯᠡᠳᠪᠦᠷᠢ ᠶ᠋ᠢᠨ ᠵᠡᠭᠡᠯᠢ ᠨᠢᠭᠣᠷᠯᠠᠬᠰᠠᠨ ᠪᠠᠷᠢᠮᠵᠢᠶ᠎ᠠ ᠨᠡᠷᠡᠮᠵᠢᠲᠦ ᠺᠢᠨᠣ᠋ ᠦᠵᠡᠬᠦᠯᠭᠡ ᠶ᠋ᠢᠨ ᠲᠢᠩᠬᠢᠮ
ᠳ᠋ᠤ ᠬᠦᠷᠴᠦ᠂ ᠺᠢᠨᠣ᠋ ᠭᠠᠷᠭᠠᠯᠲᠠ ᠶ᠋ᠢ ᠲᠡᠰᠴᠦ ᠶᠠᠲᠠᠨ ᠬᠦᠯᠢᠶᠡᠬᠦ ᠵᠠᠭᠣᠷ᠎ᠠ ᠪᠠᠨ ᠡᠬᠦᠨ ᠢ᠋ ᠭᠠᠢᠬᠠᠨ ᠲᠡᠬᠦᠨ
ᠢ᠋ ᠰᠣᠨᠢᠷᠬᠠᠵᠦ ᠡᠬᠦᠲᠡᠨ ᠲᠣᠰᠢᠶ᠎ᠠ ᠨᠠᠭᠠᠬᠰᠠᠨ ᠣᠬᠠᠭᠣᠯᠭ᠎ᠠ ᠶ᠋ᠢᠨ ᠬᠠᠭᠣᠳᠠᠰᠣᠨ ᠡᠴᠡ ᠲᠣᠬᠯᠠᠬᠴᠢ ᠲᠦᠮᠡᠨ
ᠭᠡᠬᠦ ᠨᠡᠷ᠎ᠡ ᠶ᠋ᠢ ᠠᠩᠬ᠎ᠠ ᠬᠠᠷᠠᠵᠦ ᠲᠣᠬᠲᠠᠭᠠᠬᠰᠠᠨ ᠪᠢᠯᠡ᠃
ᠣᠲᠠᠯ ᠦᠭᠡᠢ ᠣᠶᠣᠲᠠᠳ ᠤ᠋ᠨ ᠪᠠᠢᠷᠢ ᠳ᠋ᠤ ᠲᠸᠯᠸᠢᠰ ᠣᠬᠰᠠᠷᠠᠵᠦ᠂ ᠭᠠᠷᠠᠬ ᠤ᠋ᠨ
ᠴᠢᠯᠦᠭᠡ ᠪᠣᠶᠣ ᠠᠮᠠᠷᠠᠯᠲᠠ ᠪᠣᠯᠣᠬᠰᠠᠭᠠᠷ ᠬᠠᠯᠠᠮᠰᠢᠯ ᠪᠣᠯᠵᠦ ᠪᠠᠢᠭ᠎ᠠ ᠺᠢᠨᠣ᠋ ᠪᠣᠶᠣ ᠲᠸᠯᠸᠢᠰ ᠵᠦᠴᠦᠭᠡ ᠶ᠋ᠢ
ᠪᠦᠲᠦᠨ ᠡᠳᠦᠷ ᠶ᠋ᠢᠡᠷ ᠵᠠᠯᠭᠠᠭ᠎ᠠ ᠪᠡᠷ ᠨᠡᠪᠲᠡᠷᠡᠬᠦᠯᠲᠡᠭ ᠪᠠᠢᠪᠠ᠃ 《ᠮᠦᠷᠡᠨ ᠲᠠᠩᠬᠢᠰ ᠶ᠋ᠢᠡᠷ ᠠᠶᠠᠯᠠᠬᠰᠠᠨ ᠨᠢ》 《
ᠭᠠᠲᠠ ᠮᠠᠢᠷᠠᠨ》 ᠵᠡᠷᠭᠡ ᠲᠧᠯᠸᠢᠰ ᠵᠦᠴᠦᠭᠡ
ᠶ᠋ᠢ ᠶᠠᠬ ᠲᠡᠷᠡ ᠦᠶ᠎ᠡ ᠳ᠋ᠤ ᠦᠵᠡᠭᠰᠡᠨ ᠪᠦᠭᠡᠳ ᠵᠦᠴᠦᠭᠡ ᠳ᠋ᠡᠬᠢ ᠬᠦᠲᠡᠷᠯᠢᠭ ᠲᠣᠮᠣ ᠪᠡᠶ᠎ᠡ ᠲᠠᠢ ᠲᠣᠬᠯᠠᠭᠴᠢ
ᠲᠦᠮᠡᠨ ᠢ᠋ ᠴᠡᠭᠡᠨ ᠬᠦᠰᠢᠭᠡ ᠪᠡᠷ ᠲᠠᠬᠢᠨᠲᠠ ᠲᠠᠨᠢᠬᠰᠠᠨ ᠣᠴᠢᠷᠲᠠᠢ᠃
《ᠨᠢᠭᠡ ᠴᠠᠭ ᠦᠶ᠎ᠡ ᠶ᠋ᠢᠨ ᠤᠳᠭ᠎ᠠ ᠤᠷᠠᠯᠢᠭ ᠤ᠋ᠨ ᠠᠮᠵᠢᠯᠲᠠ ᠶ᠋ᠢ ᠦᠨᠡᠯᠡᠬᠦ ᠳ᠋ᠤ ᠪᠦᠲᠦᠭᠡᠯ
ᠢ᠋ ᠨᠢ ᠦᠵᠡᠵᠦ᠍᠂ ᠵᠣᠬᠢᠶᠠᠯᠴᠢ ᠤᠷᠠᠯᠢᠭ᠍ᠴᠢᠨ ᠤ᠋ ᠠᠮᠢᠳᠤᠷᠠᠬᠤᠢ ᠶ᠋ᠢᠨ ᠦᠷᠳᠡᠭ ᠢ᠋ ᠦᠨᠡᠯᠡᠬᠦ ᠳ᠋ᠤ ᠪᠠᠰᠠ
ᠪᠦᠲᠦᠭᠡᠯ ᠢ᠋ ᠨᠢ ᠦᠵᠡᠬᠦ᠌ ᠬᠡᠷᠡᠭ᠌ᠲᠡᠢ᠃ ᠥᠷᠭᠡᠨ ᠤᠯᠠᠨ ᠤᠳᠭ᠎ᠠ ᠤᠷᠠᠯᠢᠭ ᠤ᠋ᠨ ᠠᠵᠢᠯᠳᠠᠨ ᠤᠬᠢ ᠵᠢᠨ ᠳᠤᠮᠳᠠ
ᠡᠴᠡ ᠰᠤᠳᠤ ᠵᠢ ᠨᠢ ᠡᠷᠢᠵᠦ᠂ ᠵᠣᠷᠢᠭ᠍ᠲᠠᠢ ᠪᠡᠷ ᠱᠢᠨ᠎ᠡ ᠶ᠋ᠢ ᠡᠭᠦᠳᠴᠦ᠍᠂ ᠮᠠᠨ ᠤ᠋ ᠡᠨᠡ ᠬᠦ᠌ ᠠᠭᠤᠤ ᠶᠡᠬᠡ
ᠦᠨᠳᠦᠰᠦᠲᠡᠨ᠂ ᠠᠭᠤᠤ ᠶᠡᠬᠡ ᠴᠠᠭ ᠦᠶ᠎ᠡ ᠳ᠋ᠤ ᠦᠯᠦ᠍ ᠣᠰᠣᠯᠳᠠᠬᠤ ᠱᠢᠯᠢᠳᠡᠭ ᠪᠦᠲᠦᠭᠡᠯ ᠢ᠋ ᠴᠢᠷᠮᠠᠢᠨ ᠵᠣᠬᠢᠶᠠᠨ
ᠪᠦᠲᠦᠭᠡᠬᠦ᠌ ᠬᠡᠷᠡᠭ᠌ᠲᠡᠢ》ᠭᠡᠵᠦ ᠶᠡᠷᠦᠩᠬᠡᠢ ᠱᠦᠵᠢ ᠰᠢ ᠵᠢᠨ ᠫᠢᠩ ᠦᠬᠦᠯᠡᠭᠰᠨᠨ
ᠶᠣᠮ᠃ ᠲᠣᠬᠯᠠᠭᠴᠢ ᠲᠦᠮᠡᠨ ᠤ᠋ ᠣᠷᠠᠨ ᠪᠦᠲᠦᠭᠡᠯ ᠢ᠋ ᠡᠷᠬᠢᠴᠡᠬᠦᠯᠣᠨ ᠲᠣᠷᠠᠳᠬᠠᠬᠣ ᠳ᠋ᠤ᠂ ᠲᠡᠷᠡ ᠪᠡᠷ ᠦᠪᠡᠷ
ᠤ᠋ᠨ ᠺᠢᠨᠣ᠋ ᠣᠷᠠᠯᠢᠬ ᠤ᠋ᠨ ᠪᠦᠲᠦᠭᠡᠯ ᠶ᠋ᠢᠡᠷ ᠶ᠋ᠢᠡᠨ ᠠᠷᠠᠳ ᠣᠯᠠᠨ ᠳ᠋ᠤ ᠮᠡᠲᠡᠷᠡᠭᠲᠡᠵᠦ᠂ ᠠᠷᠠᠳ ᠣᠯᠠᠨ ᠤ᠋
ᠲᠠᠭᠠᠰᠢᠶᠠᠯ ᠢ᠋ ᠬᠦᠷᠲᠡᠵᠦ᠂ ᠣᠷᠠᠯᠢᠬ ᠤ᠋ᠨ ᠪᠦᠲᠦᠭᠡᠯ ᠶ᠋ᠢᠡᠷ ᠶ᠋ᠢᠡᠨ ᠦᠪᠡᠷ ᠢ᠋ ᠪᠠᠨ ᠬᠡᠨ᠂ ᠶᠠᠮᠠᠷ ᠬᠦᠮᠦᠨ
ᠪᠣᠯᠬᠣ ᠪᠠᠨ ᠨᠣᠲᠠᠯᠠᠬᠰᠠᠭᠠᠷ ᠢᠷᠡᠭᠰᠡᠨ ᠭᠡᠲᠡᠭ ᠢ᠋ ᠮᠡᠲᠡᠵᠦ ᠪᠣᠯᠬᠣ ᠶᠣᠮ᠃ 《ᠡᠮᠭᠡᠨᠢᠯᠲᠦ ᠪᠣᠯᠠᠬ》 ᠲᠡᠬᠢ ᠬᠦᠳᠡᠭᠡ ᠶ᠋ᠢᠨ ᠡᠷ᠎ᠡ
ᠡᠴᠡ 《ᠵᠸᠨ ᠭᠣᠸᠠᠨ ᠤ᠋ ᠲᠠᠭᠣᠯᠠᠯ》 ᠳ᠋ᠡᠬᠢ ᠲᠦᠷᠬᠦᠳ ᠤ᠋ᠨ ᠬᠠᠨ᠂ ᠠᠯᠢ ᠡᠰᠡᠬᠦᠯ᠎ᠠ 《ᠭᠠᠲᠠ ᠮᠠᠢᠷᠠᠨ》 ᠳ᠋ᠡᠬᠢ ᠸᠠᠩ ᠨᠣᠶᠠᠨ ᠤ᠋ ᠲᠦᠷᠢ
ᠴᠦ᠍ ᠭᠡᠰᠡᠨ ᠦᠭᠡᠢ ᠲᠣᠬᠯᠠᠬᠴᠢ ᠲᠦᠮᠡᠨ ᠵᠦᠴᠦᠭᠡ ᠳ᠋ᠡᠬᠢ ᠲᠦᠷᠢ ᠪᠠᠨ ᠦᠨᠡᠮᠰᠢᠲᠡᠯᠡ ᠱᠣᠭᠣᠬᠰᠠᠨ ᠶᠣᠮ᠃
ᠲᠦᠮᠡᠨ ᠶᠠᠮᠠᠷ ᠲᠦᠷᠢ ᠶ᠋ᠢ ᠲᠣᠬᠯᠠᠬᠰᠠᠨ ᠴᠦ᠍ ᠠᠮᠢᠲᠣᠷᠠᠯ ᠳ᠋ᠤ ᠦᠵᠡᠭᠲᠡᠵᠦ
ᠬᠠᠷᠠᠬᠲᠠᠬᠣ ᠲᠡᠷᠡ ᠬᠡᠪ ᠶ᠋ᠢᠡᠷ ᠨᠢ ᠠᠮᠢᠯᠠᠭᠣᠯᠵᠦ ᠲᠣᠬᠯᠠᠲᠠᠬ᠃ ᠱᠠᠩᠬᠠᠢ ᠶ᠋ᠢᠨ ᠰᠢ ᠵᠦᠴᠦᠭᠡ ᠶ᠋ᠢᠨ ᠲᠡᠭᠡᠲᠦ
ᠰᠣᠷᠭᠠᠭᠣᠯᠢ ᠡᠴᠡ ᠲᠡᠬᠦᠰᠬᠦ ᠦᠶ᠎ᠡ ᠳ᠋ᠤ ᠲᠦᠮᠡᠨ ᠠᠩᠬᠢ ᠶ᠋ᠢᠨ ᠬᠠᠮᠲᠣ ᠣᠯᠠᠨ ᠲᠠᠢ ᠪᠠᠨ 《ᠬᠠᠮᠯᠧᠲ》 ᠭᠡᠬᠦ ᠵᠦᠴᠦᠭᠡ ᠲᠣᠬᠯᠠᠬᠰᠠᠨ ᠪᠠᠢᠨ᠎ᠠ᠃
ᠵᠦᠴᠦᠭᠡ ᠦᠷᠬᠦᠯᠵᠢᠯᠡᠵᠦ ᠲᠠᠢᠨ ᠲᠣᠯᠣᠯᠲᠣᠭᠠᠨ ᠤ᠋ ᠦᠵᠡᠭᠲᠡᠯ ᠪᠣᠯᠬᠣ ᠳ᠋ᠤ ᠲᠡᠲᠡ ᠵᠢᠲᠡ ᠰᠡᠯᠡᠮ᠎ᠡ ᠬᠢᠯᠪᠠᠯᠵᠠᠭᠣᠯᠣᠨ᠂
ᠣᠣᠬᠠᠢᠯᠠᠵᠦ ᠬᠠᠰᠬᠢᠷᠣᠨ ᠣᠷᠢᠬᠲᠠᠵᠦ ᠢᠷᠡᠭᠰᠡᠨ ᠬᠡᠲᠦᠨ ᠬᠢᠨᠠᠬᠴᠢ ᠪᠠᠬᠰᠢ ᠨᠠᠷ ᠨᠢ ᠴᠦ᠍ ᠰᠢᠷᠬᠠᠲᠣᠬᠣ ᠪᠣᠯᠭᠣᠵᠠᠢ
ᠭᠡᠮᠡᠨ ᠰᠣᠴᠢᠨ ᠬᠡᠯᠮᠡᠭᠲᠡᠭᠰᠡᠨ ᠭᠡᠲᠡᠭ᠃ ᠲᠸᠯᠸᠢᠰ ᠵᠦᠴᠦᠭᠡ 《ᠬᠠᠭᠠᠴᠠᠯ》 ᠳ᠋ᠤ ᠲᠦᠮᠡᠨ ᠦᠮᠡᠨ ᠡᠪᠡᠳᠴᠢᠲᠡᠨ ᠤ᠋ ᠡᠪᠡᠷᠰᠢᠶᠡᠯ ᠰᠢᠨᠠᠯᠣᠯ ᠢ᠋ ᠦᠨᠡᠨ ᠮᠦᠨ ᠶ᠋ᠢᠡᠷ
ᠢᠯᠡᠷᠡᠬᠦᠯᠬᠦ ᠶ᠋ᠢᠨ ᠲᠦᠯᠦᠭᠡ᠂ ᠣᠨᠴᠠ ᠮᠡᠷᠭᠡᠵᠢᠯ ᠪᠣᠯᠣᠨ ᠭᠣᠶᠣᠯᠠᠵᠦ ᠴᠢᠮᠡᠭᠯᠡᠬᠦ ᠶ᠋ᠢ ᠲᠠᠰᠣ ᠲᠡᠪᠴᠢᠨ ᠦᠪᠡᠷ
ᠤ᠋ᠨ ᠦᠰᠦ ᠭᠡᠵᠢᠭᠡ ᠪᠣᠯᠣᠨ ᠬᠦᠮᠦᠰᠭᠡ ᠪᠠᠨ ᠬᠣᠰᠣᠵᠦ ᠲᠣᠬᠯᠠᠬᠰᠠᠨ ᠪᠠᠢᠨ᠎ᠠ᠃ ᠢᠩᠬᠢᠵᠦ ᠣᠷᠠᠯᠢᠬ ᠤ᠋ᠨ ᠦᠨᠳᠦᠷ
ᠪᠠᠷᠢᠮᠵᠢᠶ᠎ᠠ ᠪᠡᠷ ᠦᠪᠡᠷ ᠢ᠋ ᠪᠠᠨ ᠱᠠᠭᠠᠷᠲᠠᠵᠦ᠂ ᠦᠨᠡᠨ ᠮᠦᠨ ᠶ᠋ᠢᠡᠷ ᠨᠢ ᠦᠵᠡᠬᠦᠯᠵᠦ ᠲᠣᠬᠯᠠᠬᠣ ᠶ᠋ᠢ ᠪᠠᠷᠢᠮᠲᠠᠯᠠᠬᠰᠠᠨ
ᠡᠴᠡ ᠲᠡᠬᠦᠨ ᠤ᠋ ᠺᠢᠨᠣ᠋ ᠵᠦᠴᠦᠭᠡ ᠨᠢ ᠨᠡᠩ ᠢᠯᠡᠬᠦᠦ ᠢᠲᠡᠭᠡᠬᠦᠯᠬᠦ ᠬᠦᠴᠦᠨ ᠲᠠᠢ ᠪᠠᠢᠵᠦ᠂ ᠦᠵᠡᠭᠴᠢᠳ ᠤ᠋ᠨ
ᠰᠡᠳᠬᠢᠯ ᠳ᠋ᠤ ᠮᠦᠩᠬᠡ ᠬᠠᠲᠠᠩᠰᠢᠬᠰᠠᠨ ᠶᠣᠮ᠃

ᠣᠷᠠᠯᠢᠬ ᠤ᠋ᠨ ᠲᠡᠭᠷᠢ ᠳ᠋ᠤ ᠬᠢᠯᠠᠯᠵᠠᠬᠰᠠᠨ ᠣᠲᠣᠨ
ᠲᠣᠬᠯᠠᠬᠴᠢ ᠲᠦᠮᠡᠨ 1960 ᠤᠨ ᠤ᠋ 2 ᠰᠠᠷ᠎ᠠ ᠳ᠋ᠤ ᠬᠦᠯᠦᠨ ᠪᠣᠢᠷ ᠬᠣᠲᠠ ᠶ᠋ᠢᠨ
ᠬᠠᠢᠯᠠᠷ ᠲᠣᠭᠣᠷᠢᠬ ᠲᠥ᠍ ᠲᠦᠷᠦᠪᠡ᠃ ᠲᠡᠷᠡ ᠪᠠᠭ᠎ᠠ ᠡᠴᠡ ᠪᠠᠨ ᠮᠣᠷᠢᠨ ᠳ᠋ᠤ ᠪᠠᠬᠠᠲᠠᠢ ᠪᠠᠢᠵᠦ᠂ 6 ᠨᠠᠰᠣ ᠡᠴᠡ
ᠪᠠᠨ ᠡᠬᠢᠯᠡᠨ ᠮᠣᠷᠢ ᠣᠨᠣᠵᠦ ᠰᠣᠷᠣᠬᠰᠠᠨ ᠭᠡᠲᠡᠭ᠃ ᠦᠰᠴᠦ ᠪᠣᠢᠵᠢᠬᠰᠠᠨ ᠡᠨᠡ ᠬᠦ᠌ ᠦᠩᠭᠡᠷᠡᠯᠲᠡ ᠨᠢ ᠲᠡᠬᠦᠨ
ᠤ᠋ ᠣᠷᠠᠯᠢᠬ ᠤ᠋ᠨ ᠠᠶᠠᠨ ᠳ᠋ᠡᠬᠢ ᠦᠭᠡᠷ᠎ᠡ ᠬᠡᠨ ᠴᠦ᠍ ᠣᠷᠣᠯᠠᠭᠣᠯᠵᠦ ᠴᠢᠲᠠᠰᠢ ᠦᠭᠡᠢ ᠲᠠᠪᠠᠭᠣᠯᠢᠬ ᠪᠣᠯᠣᠬᠰᠠᠨ
ᠠᠵᠢ᠃ 《ᠡᠮᠭᠡᠨᠢᠯᠲᠦ ᠪᠣᠯᠠᠬ》 ᠺᠢᠨᠣ᠋ ᠳ᠋ᠡᠬᠢ ᠬᠦᠯᠦᠭ
ᠲᠣᠪᠲᠣᠯᠭᠠᠨ ᠬᠠᠷᠴᠠᠭᠠᠢ ᠰᠢᠪᠠᠭᠣ ᠲᠡᠬᠦᠯᠢᠨ ᠨᠢᠰᠬᠦ ᠮᠡᠲᠦ ᠵᠢᠷᠣᠬᠯᠠᠯ ᠨᠢ ᠦᠨᠦ ᠨᠢᠭᠡᠨᠲᠡ ᠰᠣᠩᠭᠣᠲᠠᠬ ᠦᠵᠡᠭᠳᠡᠯ
ᠪᠣᠯᠵᠦ ᠮᠦᠩᠬᠦᠨ ᠬᠦᠰᠢᠭᠡᠨ ᠳ᠋ᠤ ᠮᠦᠩᠬᠡᠷᠡᠭᠰᠡᠨ ᠭᠡᠯᠲᠡᠢ᠃
ᠰᠣᠷᠭᠠᠭᠣᠯᠢ ᠶ᠋ᠢᠨ ᠪᠣᠱᠣᠭ᠎ᠠ ᠠᠯᠬᠣᠬᠰᠠᠨ ᠲᠦᠮᠡᠨ ᠬᠡᠨᠡᠳᠲᠡ ᠶ᠋ᠢᠨ ᠲᠣᠬᠢᠶᠠᠯᠲᠣᠯ
ᠶ᠋ᠢᠡᠷ《ᠪᠠᠷᠲᠠᠭ᠎ᠠ ᠬᠠᠢᠬᠴᠢᠳ ᠤ᠋ᠨ ᠵᠢᠷᠭᠠᠯᠠᠩᠲᠣ ᠣᠷᠣᠨ》 ᠭᠡᠬᠦ ᠨᠣᠮ ᠢ᠋ ᠣᠯᠵᠦ ᠣᠩᠰᠢᠬᠰᠠᠨ ᠪᠦᠭᠡᠳ ᠨᠣᠮ ᠳ᠋ᠤ ᠭᠠᠷᠲᠠᠬ ᠨᠠᠷᠬᠢᠶᠠᠨ ᠱᠣᠣᠬᠢᠶᠠᠨ
ᠲᠠᠢ ᠱᠠᠩᠬᠠᠢ ᠭᠡᠬᠦ ᠲᠣᠮᠣ ᠬᠣᠲᠠ ᠳ᠋ᠤ ᠡᠷᠬᠡ ᠦᠭᠡᠢ ᠰᠡᠳᠬᠢᠯ ᠲᠠᠲᠠᠬᠲᠠᠬᠰᠠᠨ ᠪᠠᠢᠵᠠᠢ᠃ ᠰᠠᠨᠠᠵᠦ ᠪᠠᠢᠪᠠᠯ
ᠪᠡᠶᠡᠯᠡᠨ᠎ᠡ᠂ ᠰᠠᠵᠢᠯᠠᠵᠦ ᠶᠠᠪᠣᠪᠠᠯ ᠬᠦᠷᠦᠨ᠎ᠡ ᠭᠡᠭᠴᠢ ᠦᠨᠡᠨ᠃ ᠬᠣᠵᠢᠮ ᠨᠢ ᠰᠣᠷᠭᠠᠭᠣᠯᠢ ᠰᠢᠯᠭᠠᠭᠣᠯᠬᠣ ᠪᠣᠯᠬᠣ
ᠳ᠋ᠤ ᠲᠦᠮᠡᠨ ᠡᠷᠡᠭᠡᠯᠵᠡᠭᠡ ᠦᠭᠡᠢ ᠪᠡᠷ ᠱᠠᠩᠬᠠᠢ ᠶ᠋ᠢᠨ ᠰᠢ ᠵᠦᠴᠦᠭᠡ ᠶ᠋ᠢᠨ ᠲᠡᠭᠡᠲᠦ ᠰᠣᠷᠭᠠᠭᠣᠯᠢ ᠳ᠋ᠤ ᠨᠡᠷ᠎ᠡ
ᠮᠡᠳᠡᠬᠦᠯᠵᠦ ᠲᠣᠬᠯᠠᠬᠴᠢ ᠪᠣᠯᠬᠣ ᠪᠡᠷ ᠰᠢᠢᠳᠴᠡᠢ᠃
1985 ᠤᠨ ᠳ᠋ᠤ᠂ ᠶᠡᠬᠡ ᠰᠣᠷᠭᠠᠭᠣᠯᠢ ᠶ᠋ᠢᠨ ᠭᠣᠷᠪᠠᠲᠣᠭᠠᠷ ᠤᠨ ᠳ᠋ᠤ ᠰᠣᠷᠣᠯᠴᠠᠵᠦ
ᠪᠠᠢᠬᠰᠠᠨ ᠲᠦᠮᠡᠨ ᠺᠢᠨᠣ᠋ ᠣᠷᠠᠯᠢᠭ ᠤ᠋ᠨ ᠠᠩᠬᠠᠨ ᠤ᠋ ᠭᠠᠷᠣᠭ᠎ᠠ ᠪᠠᠨ ᠡᠯᠭᠦᠵᠦ᠂ 《ᠴᠢᠩᠬᠢᠰ ᠬᠠᠭᠠᠨ》 ᠭᠡᠬᠦ ᠺᠢᠨᠣ᠋ ᠳ᠋ᠤ ᠨᠢᠭᠡᠨ
ᠵᠠᠩᠵᠤᠨ ᠤ᠋ ᠲᠦᠷᠢ ᠶ᠋ᠢ ᠲᠣᠬᠯᠠᠬᠰᠠᠨ ᠪᠠᠢᠨ᠎ᠠ᠃ 1998 ᠤᠨ ᠳ᠋ᠤ᠂ ᠠᠯᠲᠠᠷᠲᠣ ᠣᠲᠣᠷᠢᠲᠣᠭᠠᠴᠢ ᠰᠠᠢᠨᠬᠦᠦ ᠪᠣᠯᠣᠨ
ᠮᠠᠢᠯᠠᠰᠦ 《ᠨᠢᠭᠡᠨ ᠦᠶ᠎ᠡ ᠶ᠋ᠢᠨ ᠲᠡᠭᠷᠢᠯᠢᠭ ᠪᠣᠬᠲᠠ ᠴᠢᠩᠬᠢᠰ ᠬᠠᠭᠠᠨ》 ᠭᠡᠬᠦ ᠺᠢᠨᠤ᠋ ᠶ᠋ᠢ ᠣᠲᠣᠷᠢᠲᠣᠭᠠᠴᠢᠯᠠᠨ ᠰᠡᠬᠦᠲᠡᠷᠯᠡᠬᠦ ᠦᠶᠡᠰ ᠲᠦᠮᠡᠨ ᠴᠢᠩᠬᠢᠰ ᠬᠠᠭᠠᠨ
ᠤ᠋ ᠲᠦᠷᠢ ᠶ᠋ᠢ ᠲᠣᠬᠯᠠᠵᠦ᠂ ᠡᠷᠡᠭᠲᠡᠢ ᠭᠣᠣᠯ ᠲᠣᠬᠯᠠᠬᠴᠢ ᠶ᠋ᠢᠨ ᠡᠬᠦᠷᠭᠡ ᠶ᠋ᠢ ᠲᠠᠭᠠᠭᠠᠴᠢᠯᠠᠵᠠᠢ᠃ ᠮᠦᠨ ᠡᠨᠡ
ᠬᠦ᠌ ᠺᠢᠨᠣ᠋ ᠳ᠋ᠤ ᠲᠣᠬᠯᠠᠬᠰᠠᠨ ᠲᠦᠷᠢ ᠪᠡᠷ ᠶ᠋ᠢᠡᠨ ᠲᠦᠮᠡᠨ ᠨᠢᠭᠡ ᠯᠡ ᠲᠡᠭᠡᠷ᠎ᠡ ᠨᠡᠷ᠎ᠡ ᠮᠠᠨᠲᠣᠵᠦ᠂ ᠦᠵᠡᠭ᠌ᠴᠢ
ᠣᠯᠠᠨ ᠤ᠋ ᠲᠠᠭᠠᠱᠢᠶᠠᠯ ᠢ᠋ ᠬᠦᠷᠲᠡᠨ᠂ ᠣᠯᠠᠨ ᠱᠠᠩᠨᠠᠯ ᠲᠤᠰᠴᠠᠢ᠃
ᠬᠦᠲᠡᠭᠡ ᠨᠣᠲᠣᠬ ᠲᠦ᠍ ᠲᠦᠷᠦᠵᠦ ᠦᠰᠦᠭᠰᠨᠨ ᠲᠡᠷᠡ ᠪᠡᠷ ᠪᠡᠶ᠎ᠡ ᠪᠢᠯᠲᠡᠷ ᠬᠦᠲᠡᠷᠯᠢᠭ
ᠲᠣᠮᠣ ᠪᠣᠯᠬᠣᠷ ᠺᠢᠨᠣ᠋ ᠲᠸᠯᠸᠢᠰ ᠲᠦ᠍ ᠦᠷᠬᠦᠯᠵᠢ ᠬᠠᠨ᠂ ᠴᠠᠨ ᠢᠣᠢ᠂ ᠸᠠᠩ ᠨᠣᠶᠠᠨ ᠤ᠋ ᠲᠦᠷᠢ ᠶ᠋ᠢ ᠠᠮᠢᠯᠠᠭᠣᠯᠣᠨ
ᠪᠦᠲᠦᠭᠡᠵᠦ᠂ 《ᠲᠠᠯ᠎ᠠ ᠨᠣᠲᠣᠬ ᠤ᠋ᠨ ᠸᠠᠩ ᠨᠣᠶᠠᠨ ᠤ᠋ ᠲᠣᠰᠬᠠᠢ ᠲᠣᠬᠯᠠᠬᠴᠢ》 ᠭᠡᠮᠡᠨ ᠨᠡᠷᠡᠢᠲᠦᠭᠲᠡᠭᠰᠨᠨ ᠠᠵᠢ᠃ 《ᠲᠣᠭ᠍ᠯᠠᠭ᠍ᠴᠢ
ᠪᠣᠯᠣᠬᠰᠠᠨ ᠤ᠋ ᠬᠣᠪᠢ ᠳ᠋ᠤ᠂ ᠵᠠᠪᠠᠯ ᠰᠤᠷᠬᠤ ᠬᠢᠴᠢᠶᠡᠯ ᠪᠣᠯ ᠠᠮᠢᠳᠣᠷᠠᠯ ᠢ᠋ ᠠᠵᠢᠬ᠍ᠯᠠᠵᠤ᠂ ᠬᠦᠮᠦᠨ ᠢ᠋ ᠠᠵᠢᠬ᠍ᠯᠠᠬᠤ
ᠬᠡᠷᠡᠭ᠌ᠲᠡᠢ᠃ ᠪᠢ ᠣᠨᠴᠠᠯᠢᠭ ᠱᠢᠨᠵᠢ ᠦᠪᠡᠷᠮᠢᠴᠡ ᠲᠤᠳᠤ ᠬᠦᠮᠦᠨ ᠢ᠋ ᠬᠠᠷᠠᠬᠤ ᠪᠣᠯᠭᠠᠨ ᠰᠤᠨᠢᠷᠬᠠᠯ ᠲᠦᠷᠦᠵᠦ᠍᠂
ᠤᠢ ᠴᠡᠭᠡᠵᠢᠨᠳᠡᠭᠡᠨ ᠲᠣᠭ᠍ᠲᠠᠭᠠᠵᠤ ᠬᠠᠳᠠᠭᠠᠯᠠᠳᠠᠭ᠃ ᠲᠣᠬᠯᠠᠯᠲᠠ ᠳ᠋ᠤ ᠬᠡᠷᠡᠭᠯᠡᠬᠦ ᠦᠶᠡᠳᠤ ᠬᠠᠲᠠᠭᠠᠯᠠᠭ᠍ᠰᠠᠨ
ᠵᠦᠢᠯ ᠶ᠋ᠢᠡᠨ ᠲᠠᠬᠢᠨ ᠭᠠᠷᠭᠠᠵᠦ ᠠᠰᠢᠬᠯᠠᠲᠠᠬ》 ᠭᠡᠵᠦ ᠲᠦᠮᠡᠨ ᠬᠡᠯᠡᠲᠡᠭ᠃
1995 ᠤᠨ ᠳ᠋ᠤ ᠲᠦᠮᠡᠨ ᠤ᠋ ᠲᠣᠬᠯᠠᠬᠰᠠᠨ 《ᠡᠮᠭᠡᠨᠢᠯᠲᠦ ᠪᠣᠯᠠᠬ》 ᠭᠡᠬᠦ ᠺᠢᠨᠣ᠋ ᠨᠢ ᠠᠷᠪᠠᠨ
ᠵᠢᠷᠭᠣᠲᠣᠭᠠᠷ ᠬᠣᠭᠣᠴᠠᠭᠠᠨ ᠤ᠋ ᠲᠣᠮᠲᠠᠲᠣ ᠣᠯᠣᠰ ᠤ᠋ᠨ ᠺᠢᠨᠣ᠋ ᠶ᠋ᠢᠨ 《ᠠᠯᠲᠠᠨ ᠲᠠᠬᠢᠶ᠎ᠠ》ᠱᠠᠩᠨᠠᠯ ᠤ᠋ᠨ ᠬᠠᠮᠲᠣ ᠨᠢᠭᠡᠴᠢ
ᠶ᠋ᠢᠨ ᠲᠣᠬᠯᠠᠯᠲᠠ ᠶ᠋ᠢᠨ ᠱᠠᠩᠨᠠᠯ ᠪᠣᠯᠣᠨ ᠵᠡᠬᠦᠨ ᠡᠮᠦᠨᠡᠲᠦ ᠠᠽᠢᠶ᠎ᠠ ᠶ᠋ᠢᠨ ᠣᠯᠠᠨ ᠣᠯᠣᠰ ᠤ᠋ᠨ ᠺᠢᠨᠣ᠋ ᠶ᠋ᠢᠨ
ᠨᠠᠢᠷ ᠤ᠋ᠨ ᠬᠠᠮᠣᠬ ᠤ᠋ᠨ ᠰᠢᠯᠢᠲᠡᠭ ᠡᠷᠡᠭᠲᠡᠢ ᠲᠡᠳ᠋ ᠲᠣᠬᠯᠠᠬᠴᠢ ᠪᠡᠷ ᠨᠡᠷ᠎ᠡ ᠲᠣᠷᠠᠲᠣᠬᠲᠠᠵᠠᠢ᠃
2001 ᠤᠨ ᠳ᠋ᠤ ᠲᠦᠮᠡᠨ ᠯᠢ ᠶᠠ ᠫᠧᠩ᠂ ᠰᠢᠣᠢ ᠴᠢᠩ ᠨᠠᠷ ᠲᠠᠢ ᠬᠠᠮᠲᠣ 《ᠮᠦᠷᠡᠨ ᠲᠠᠩᠬᠢᠰ ᠶ᠋ᠢᠡᠷ ᠠᠶᠠᠯᠠᠬᠰᠠᠨ ᠨᠢ》 ᠭᠡᠬᠦ
ᠲᠸᠯᠸᠢᠰ ᠵᠦᠴᠦᠭᠡ ᠶ᠋ᠢ ᠲᠣᠬᠯᠠᠵᠦ᠂ ᠦᠵᠡᠭᠴᠢᠳ ᠲᠦ᠍ ᠬᠦᠨ ᠰᠠᠭᠣᠬᠲᠠᠯ ᠦᠯᠡᠲᠡᠭᠡᠭᠰᠡᠨ ᠪᠠᠢᠨ᠎ᠠ᠃ ᠲᠡᠬᠦᠨ ᠤ᠋
ᠭᠣᠣᠯ ᠲᠣᠬᠯᠠᠬᠴᠢ ᠪᠡᠷ ᠣᠷᠣᠯᠴᠠᠬᠰᠠᠨ ᠣᠲᠣ ᠦᠶ᠎ᠡ ᠶ᠋ᠢᠨ ᠵᠦᠴᠦᠭᠡ 《ᠬᠠᠭᠠᠴᠠᠯ》 ᠨᠢ 2015 ᠤᠨ ᠳ᠋ᠤ ᠦᠵᠡᠭᠴᠢᠳ ᠲᠠᠢ
ᠵᠣᠯᠭᠠᠵᠦ᠂ ᠶᠢᠰᠦᠲᠦᠭᠡᠷ ᠬᠣᠭᠣᠴᠠᠭᠠᠨ ᠤ᠋ FIRST ᠵᠠᠯᠠᠭᠣᠴᠣᠳ ᠤ᠋ᠨ ᠺᠢᠨᠣ᠋ ᠶ᠋ᠢᠨ ᠦᠵᠡᠰᠬᠦᠯᠡᠩ ᠳ᠋ᠤ ᠬᠠᠮᠣᠬ ᠤ᠋ᠨ ᠰᠢᠯᠢᠲᠡᠭ ᠲᠣᠬᠯᠠᠬᠴᠢ
ᠶ᠋ᠢᠨ ᠱᠠᠩᠨᠠᠯ ᠬᠦᠷᠲᠡᠪᠡ᠃ 2017 ᠤᠨ ᠳ᠋ᠤ ᠲᠡᠷᠡ 《ᠬᠦᠭᠰᠢᠨ ᠠᠮᠢᠲᠠᠨ》 ᠭᠡᠬᠦ ᠺᠢᠨᠣ᠋ ᠳ᠋ᠤ ᠶᠠᠩ ᠣᠪᠣᠬᠲᠣ ᠶ᠋ᠢ ᠲᠣᠬᠯᠠᠵᠦ᠂ ᠶᠢᠰᠦᠲᠦᠭᠡᠷ ᠬᠣᠭᠣᠴᠠᠭᠠᠨ ᠤ᠋ ᠲᠣᠮᠲᠠᠲᠣ
ᠣᠯᠣᠰ ᠤ᠋ᠨ ᠺᠢᠨᠣ᠋ ᠣᠲᠣᠷᠢᠲᠣᠭᠠᠴᠢᠳ ᠤ᠋ᠨ ᠨᠡᠢᠭᠡᠮᠯᠢᠭ ᠤ᠋ᠨ ᠱᠠᠩᠨᠠᠯ ᠵᠡᠷᠭᠡ ᠴᠦᠭᠡᠨ ᠪᠣᠰᠣ ᠱᠠᠩᠨᠠᠯ ᠬᠦᠷᠲᠡᠵᠡᠢ᠃
2017 ᠤᠨ ᠳ᠋ᠤ᠂ ᠲᠡᠷᠡ ᠲᠠᠢᠸᠠᠨ ᠤ᠋ ᠺᠢᠨᠣ᠋ ᠶ᠋ᠢᠨ ᠨᠠᠢᠷ ᠤ᠋ᠨ 《ᠠᠯᠲᠠᠨ
ᠠᠵᠢᠨᠠᠢ》 ᠱᠠᠩᠨᠠᠯ ᠢ᠋ ᠬᠦᠷᠲᠡᠵᠦ᠂ 2018 ᠤᠨ ᠳ᠋ᠤ ᠶᠢᠰᠦᠲᠦᠭᠡᠷ ᠬᠣᠭᠣᠴᠠᠭᠠᠨ
ᠤ᠋ ᠲᠣᠮᠲᠠᠲᠣ ᠣᠯᠣᠰ ᠤ᠋ᠨ ᠺᠢᠨᠣ᠋ ᠣᠲᠣᠷᠢᠲᠣᠭᠠᠴᠢᠳ ᠤ᠋ᠨ ᠨᠡᠢᠭᠡᠮᠯᠢᠭ ᠤ᠋ᠨ ᠤᠨ ᠤ᠋ ᠡᠷᠡᠭᠲᠡᠢ ᠲᠣᠬᠯᠠᠬᠴᠢ
ᠶ᠋ᠢᠨ ᠱᠠᠩᠨᠠᠯ ᠢ᠋ ᠲᠣᠰᠣᠬᠰᠠᠨ ᠪᠠᠢᠨ᠎ᠠ᠃
ᠲᠦᠮᠡᠨ ᠤ᠋ ᠭᠣᠣᠯ ᠲᠣᠬᠯᠠᠬᠴᠢ ᠶ᠋ᠢᠨ ᠬᠣᠪᠢ ᠪᠡᠷ ᠣᠷᠣᠯᠴᠠᠬᠰᠠᠨ 《ᠦᠬᠠᠢ》 ᠭᠡᠬᠦ ᠺᠢᠨᠣ᠋ ᠣᠷᠴᠢᠮᠬᠠᠨ ᠦᠵᠡᠭᠴᠢᠳ ᠲᠠᠢ
ᠵᠣᠯᠭᠠᠬᠰᠠᠨ ᠪᠦᠭᠡᠳ 《ᠠᠭᠣᠯᠠᠨ ᠳ᠋ᠤ ᠭᠠᠷᠬᠣᠢ》 ᠵᠡᠷᠭᠡ 4 ᠺᠢᠨᠣ᠋ ᠨᠢ ᠪᠠᠰᠠ ᠵᠠᠬ᠎ᠠ ᠳ᠋ᠤ ᠭᠠᠷᠣᠭᠠᠲᠣᠢ ᠪᠠᠢᠬᠰᠠᠭᠠᠷ ᠁

ᠣᠷᠠᠨ ᠪᠦᠲᠦᠭᠡᠯ ᠲᠠᠢ ᠪᠠᠨ ᠬᠠᠮᠲᠣ ᠦᠨᠢᠳᠡ ᠮᠦᠩᠬᠡᠷᠡᠬᠦ ᠣᠷᠠᠯᠢᠬᠴᠢᠨ
2020 ᠣᠨ ᠤ᠋ ᠠᠩᠬᠠᠳᠤᠭᠠᠷ ᠬᠣᠭᠣᠴᠠᠭᠠᠨ ᠤ᠋ IM ᠳᠠᠢ᠌ᠸᠠᠨ
ᠬᠤᠭᠤᠯᠠᠢ ᠵᠢᠨ ᠬᠤᠶᠠᠷ ᠬᠦᠪᠡᠬᠡᠨ ᠤ᠋ ᠵᠠᠯᠠᠭᠤᠴᠤᠳ ᠤ᠋ᠨ ᠺᠢᠨᠣ᠋ ᠶ᠋ᠢᠨ ᠦᠵᠡᠬᠦᠯᠭᠡ ᠳᠡᠭᠡᠷ᠎ᠡ ᠲᠦᠮᠡᠨ ᠬᠦᠨᠲᠦᠲᠦ
ᠵᠣᠴᠢᠨ ᠤ᠋ ᠬᠣᠪᠢ ᠪᠡᠷ ᠣᠷᠢᠬᠲᠠᠵᠦ ᠦᠪᠡᠷ ᠤ᠋ᠨ ᠺᠢᠨᠣ᠋ ᠣᠷᠠᠯᠢᠭ ᠤ᠋ᠨ ᠵᠠᠮ ᠶ᠋ᠢᠡᠨ ᠡᠷᠬᠢᠴᠡᠭᠦᠯᠵᠦ᠍᠂ ᠺᠢᠨᠣ᠋
ᠣᠷᠠᠯᠢᠭ᠍ᠴᠢᠨ ᠪᠣᠯᠵᠦ ᠬᠦᠮᠦᠵᠢᠬᠦᠭᠡᠪᠡᠯ ᠨᠢᠭᠡ ᠳ᠋ᠤ ᠰᠠᠢᠨ ᠬᠦᠮᠦᠨ ᠪᠠᠢᠬᠤ ᠬᠡᠷᠡᠭ᠌ᠲᠡᠢ᠂ ᠬᠣᠶᠠᠷ ᠲᠦ᠍ ᠠᠵᠢᠯ
ᠶ᠋ᠢᠡᠨ ᠬᠢᠯᠠᠯᠵᠠᠲᠠᠯᠠ ᠰᠠᠢᠨ ᠬᠢᠭ᠌ᠰᠡᠨ ᠪᠠᠢᠬᠤ ᠬᠡᠷᠡᠭ᠌ᠲᠡᠢ ᠭᠡᠬᠦ᠌ ᠬᠣᠶᠠᠷ ᠨᠦᠬᠦᠴᠡᠯ ᠢ᠋ ᠲᠣᠷᠠᠲᠣᠬᠰᠠᠨ
ᠶᠣᠮ᠃
ᠡᠨᠡ ᠪᠣᠯ ᠲᠣᠬᠯᠠᠬᠴᠢ ᠲᠦᠮᠡᠨ ᠤ᠋ ᠺᠢᠨᠣ᠋ ᠣᠷᠠᠯᠢᠬ ᠤ᠋ᠨ ᠪᠠᠷᠢᠮᠲᠠᠯᠠᠯ ᠪᠣᠯᠬᠣ
ᠪᠦᠭᠡᠳ ᠢᠩᠬᠢᠵᠦ ᠪᠠᠷᠢᠮᠲᠠᠯᠠᠨ ᠦᠪᠡᠷ ᠢ᠋ ᠪᠠᠨ ᠴᠢᠩᠭ᠎ᠠ ᠱᠠᠭᠠᠷᠲᠠᠬᠰᠠᠨ ᠶ᠋ᠢᠡᠷ ᠣᠷᠠᠯᠢᠬ ᠤ᠋ᠨ ᠣᠲᠣᠨ ᠪᠣᠯᠵᠦ
ᠴᠢᠲᠠᠬᠰᠠᠨ ᠣᠴᠢᠷᠲᠠᠢ᠃
ᠠᠵᠢᠯ ᠠᠯᠪᠠ ᠡᠴᠡ ᠪᠠᠨ ᠵᠠᠢᠴᠢᠯᠠᠵᠦ ᠴᠢᠯᠦᠭᠡᠯᠡᠭᠲᠡᠭᠰᠡᠨ ᠲᠦᠮᠡᠨ ᠬᠣᠲᠠ ᠳ᠋ᠤ
ᠬᠣᠷᠭᠣᠲᠠᠬᠣ ᠲᠣᠷ᠎ᠠ ᠦᠭᠡᠢ᠂ ᠬᠦᠲᠡᠭᠡ ᠭᠡᠷ ᠬᠦᠯᠦᠨ ᠪᠣᠢᠷ ᠨᠣᠲᠣᠬ ᠶ᠋ᠢᠡᠨ ᠵᠣᠷᠢᠲᠠᠬ᠃ ᠬᠦᠯᠦᠨ ᠪᠣᠢᠷ ᠪᠣᠯ
ᠲᠡᠬᠦᠨ ᠤ᠋ ᠦᠰᠴᠦ ᠲᠦᠷᠦᠭᠰᠡᠨ ᠨᠣᠲᠣᠬ᠂ ᠬᠦᠰᠡᠯ ᠲᠡᠮᠡᠦᠯᠦᠯ ᠤ᠋ᠨ ᠣᠨᠠᠭᠠᠨ ᠪᠠᠭᠣᠴᠠ ᠪᠣᠯᠬᠣ ᠶᠣᠮ᠃ ᠡᠢᠨ ᠬᠦ᠌
ᠲᠡᠷᠡ ᠪᠡᠷ ᠦᠯᠦᠭᠡᠢ ᠨᠣᠲᠣᠬ ᠲᠠᠭᠠᠨ ᠦᠪᠡᠷ ᠤ᠋ᠨ ᠶ᠋ᠢᠡᠨ ᠬᠣᠪᠢ ᠨᠡᠮᠡᠷᠢ ᠪᠡᠨ ᠦᠵᠡᠬᠦᠯᠬᠦ ᠵᠣᠷᠢᠯᠭ᠎ᠠ ᠪᠡᠷ
ᠡᠸᠠᠩᠬᠢ ᠦᠨᠳᠦᠰᠦᠲᠡᠨ ᠤ᠋ ᠲᠡᠦᠭᠡ ᠪᠡᠷ ᠰᠡᠳᠦᠪᠯᠡᠭᠰᠡᠨ 《ᠬᠦᠯᠦᠨ ᠪᠣᠢᠷ ᠬᠣᠲᠠ》ᠭᠡᠬᠦ ᠺᠢᠨᠤ᠋ ᠶ᠋ᠢ ᠣᠲᠣᠷᠢᠲᠣᠭᠠᠴᠢᠯᠠᠨ ᠦᠢᠯᠡᠲᠦᠭᠰᠡᠨ ᠪᠠᠢᠨ᠎ᠠ᠃
《ᠬᠦᠯᠦᠨ ᠪᠣᠢᠷ ᠬᠣᠲᠠ》 ᠭᠡᠬᠦ ᠺᠢᠨᠣ᠋ ᠪᠣᠯ ᠲᠦᠮᠡᠨ
ᠤ᠋ ᠣᠲᠣᠷᠢᠲᠣᠭᠠᠴᠢᠯᠠᠬᠰᠠᠨ ᠠᠩᠬᠠᠨ ᠤ᠋ ᠺᠢᠨᠣ᠋ ᠪᠣᠯᠣᠨ᠎ᠠ᠃ ᠲᠡᠦᠭᠡ ᠶ᠋ᠢᠨ ᠣᠷᠲᠣ ᠠᠶᠠᠨ ᠳ᠋ᠤ ᠣᠯᠣᠰ ᠣᠷᠣᠨ
ᠤ᠋ ᠨᠣᠲᠣᠬ ᠲᠡᠪᠢᠰᠭᠡᠷ ᠤ᠋ᠨ ᠪᠦᠷᠢᠨ ᠪᠦᠲᠦᠨ᠂ ᠬᠢᠯᠢ ᠬᠢᠵᠠᠭᠠᠷ ᠤ᠋ᠨ ᠠᠮᠣᠷ ᠲᠣᠬᠲᠠᠭᠣᠨ ᠤ᠋ ᠲᠦᠯᠦᠭᠡ ᠡᠸᠠᠩᠬᠢ
ᠦᠨᠳᠦᠰᠦᠲᠡᠨ ᠤ᠋ ᠠᠷᠠᠳ ᠲᠦᠮᠡᠨ ᠯᠣᠲᠣ ᠶᠡᠬᠡ ᠦᠷᠡᠭᠳᠡᠯ ᠰᠦᠢᠲᠦᠯ ᠭᠠᠷᠭᠠᠵᠠᠢ᠃ ᠡᠸᠠᠩᠬᠢ ᠦᠨᠳᠦᠰᠦᠲᠡᠨ ᠤ᠋ ᠪᠠᠭᠠᠲᠣᠷᠯᠢᠬ
ᠦᠢᠯᠡ ᠪᠡᠷ ᠰᠡᠳᠦᠪᠯᠡᠭᠰᠡᠨ ᠺᠢᠨᠣ᠋《ᠬᠦᠯᠦᠨ ᠪᠣᠢᠷ ᠬᠣᠲᠠ》 ᠨᠢ ᠬᠦᠯᠦᠨ ᠪᠣᠢᠷ ᠤ᠋ᠨ ᠢᠷᠡᠯ᠂ ᠡᠸᠠᠩᠬᠢ ᠦᠨᠳᠦᠰᠦᠲᠡᠨ ᠤ᠋ ᠪᠠᠭᠠᠲᠣᠷᠯᠢᠬ ᠦᠢᠯᠡ᠂ ᠠᠮᠢ
ᠨᠠᠰᠣᠨ ᠤ᠋ ᠬᠦᠨᠳᠦᠳᠭᠡᠯ᠂ ᠣᠯᠣᠰ ᠶ᠋ᠢᠡᠨ ᠬᠠᠢᠷᠠᠯᠠᠬᠣ ᠦᠵᠡᠯ᠂ ᠣᠨᠴᠠᠭᠠᠢᠯᠠᠨ ᠡᠮᠡᠭᠲᠡᠢᠴᠣᠳ ᠤ᠋ᠨ ᠠᠭᠣᠣ ᠶᠡᠬᠡ
ᠶ᠋ᠢ ᠠᠮᠢᠲᠣᠯᠢᠬ ᠪᠣᠲᠠᠲᠠᠢ ᠢᠯᠡᠷᠡᠬᠦᠯᠵᠦ᠂ ᠬᠣᠷᠢᠨ ᠬᠣᠶᠠᠲᠣᠭᠠᠷ ᠬᠣᠭᠣᠴᠠᠭᠠᠨ ᠤ᠋ ᠱᠠᠩᠬᠠᠢ ᠶ᠋ᠢᠨ ᠣᠯᠠᠨ ᠣᠯᠣᠰ
ᠤ᠋ᠨ ᠺᠢᠨᠣ᠋ ᠶ᠋ᠢᠨ ᠨᠠᠢᠷ ᠤ᠋ᠨ 4 ᠵᠦᠢᠯ ᠤ᠋ᠨ ᠱᠠᠩᠨᠠᠯ ᠳ᠋ᠤ ᠨᠡᠷ᠎ᠡ ᠲᠣᠷᠠᠲᠣᠬᠲᠠᠵᠦ᠂ ᠲᠦᠪ ᠲᠸᠯᠸᠢᠰ ᠤ᠋ᠨ
ᠺᠢᠨᠣ᠋ ᠰᠣᠪᠠᠬ ᠤ᠋ᠨ ᠲᠠᠮᠵᠢᠭᠣᠯᠭᠠ ᠶ᠋ᠢᠨ ᠶᠡᠬᠡ ᠱᠠᠩᠨᠠᠯ ᠢ᠋ ᠬᠦᠷᠲᠡᠵᠦ᠂ ᠲᠣᠬᠯᠠᠬᠴᠢ ᠡᠴᠡ ᠪᠠᠨ ᠣᠲᠣᠷᠢᠲᠣᠭᠠᠴᠢ
ᠪᠣᠯᠵᠦ ᠬᠣᠪᠢᠷᠠᠬᠰᠠᠨ ᠲᠦᠮᠡᠨ ᠵᠠᠭᠣᠴᠢᠯᠠᠭᠣᠷ ᠤ᠋ᠨ ᠠᠩᠬᠠᠷᠣᠯ ᠢ᠋ ᠬᠠᠮᠣᠬ ᠡᠴᠡ ᠢᠯᠡᠬᠦᠦ ᠲᠠᠲᠠᠬᠰᠠᠨ ᠰᠢᠨ᠎ᠡ
ᠣᠲᠣᠷᠢᠲᠣᠭᠠᠴᠢ ᠪᠣᠯᠵᠠᠢ᠃
ᠵᠠᠭᠣᠴᠢᠯᠠᠭᠣᠷ ᠤ᠋ᠨ ᠬᠢᠨ ᠲᠦᠮᠡᠨ ᠲᠠᠢ ᠬᠠᠮᠲᠣᠷᠠᠵᠦ ᠠᠵᠢᠯᠯᠠᠬᠰᠠᠨ ᠲᠣᠬᠯᠠᠬᠴᠢ
ᠪᠣᠯᠣᠨ ᠣᠲᠣᠷᠢᠲᠣᠭᠠᠴᠢ ᠨᠠᠷ ᠢ᠋ ᠰᠣᠷᠪᠣᠯᠵᠢᠯᠠᠬᠣ ᠳ᠋ᠤ᠂ ᠣᠯᠠᠨ ᠶ᠋ᠢᠡᠷ ᠶ᠋ᠢᠡᠨ ᠪᠣᠲᠠᠲᠣ ᠠᠮᠢᠲᠣᠷᠠᠯ ᠲᠣᠮᠲᠠᠬᠢ
ᠲᠦᠮᠡᠨ ᠪᠣᠯ ᠶᠦᠮᠦᠷᠯᠢᠭ ᠮᠦᠷᠲᠡᠭᠡᠨ ᠲᠠᠷᠣᠣ ᠬᠦᠩᠭᠡᠮᠰᠦᠭ ᠭᠡᠵᠦ ᠲᠠᠭᠣᠨ ᠨᠢᠭᠡᠲᠡᠢ ᠬᠠᠷᠢᠭᠣᠯᠵᠦ ᠪᠠᠢᠯ᠎ᠠ᠃
2017 ᠤᠨ ᠳ᠋ᠤ ᠲᠦᠮᠡᠨ 《ᠬᠦᠭᠰᠢᠨ ᠠᠮᠢᠲᠠᠨ》ᠭᠡᠬᠦ ᠺᠢᠨᠣ᠋ ᠪᠡᠷ ᠶ᠋ᠢᠡᠨ
ᠠᠯᠲᠠᠨ ᠠᠵᠢᠨᠠᠢ ᠱᠠᠩᠨᠠᠯ ᠤ᠋ᠨ ᠬᠠᠮᠣᠬ ᠤ᠋ᠨ ᠰᠢᠯᠢᠲᠡᠭ ᠡᠷᠡᠭᠲᠡᠢ ᠭᠣᠣᠯ ᠲᠣᠬᠯᠠᠬᠴᠢ ᠶ᠋ᠢᠨ ᠱᠠᠩᠨᠠᠯ ᠢ᠋ ᠲᠣᠰᠪᠠ᠃
ᠲᠠᠢᠰᠠᠨ ᠳ᠋ᠤ ᠭᠠᠷᠴᠦ ᠱᠠᠩᠨᠠᠯ ᠲᠣᠰᠬᠣ ᠳ᠋ᠠᠭᠠᠨ ᠲᠦᠮᠡᠨ ᠬᠠᠮᠣᠬ ᠲᠦᠷᠦᠬᠦᠨ ᠳ᠋ᠤ ᠵᠦᠴᠦᠭᠡ ᠶ᠋ᠢᠨ ᠣᠲᠣᠷᠢᠲᠣᠭᠠᠴᠢ
ᠪᠣᠯᠣᠨ ᠪᠦᠬᠦ ᠠᠵᠢᠯᠲᠠᠳ ᠲᠦ᠍ ᠪᠠᠶᠠᠷᠯᠠᠵᠦ ᠲᠠᠯᠠᠷᠬᠠᠬᠰᠠᠨ ᠰᠡᠳᠬᠢᠯ ᠶ᠋ᠢᠡᠨ ᠢᠯᠡᠳᠭᠡᠵᠦ᠂ ᠦᠭᠡᠷ᠎ᠡ ᠬᠦᠮᠦᠨ
ᠣᠷᠣᠯᠲᠣᠯᠭᠠ ᠴᠢᠷᠮᠠᠢᠯᠭ᠎ᠠ ᠪᠡᠷ ᠶ᠋ᠢᠡᠨ ᠲᠠᠮᠵᠢᠨ ᠡᠨᠡᠬᠦ ᠱᠠᠩ ᠳ᠋ᠤ ᠨᠡᠷ᠎ᠡ ᠲᠣᠷᠠᠲᠣᠬᠲᠠᠬᠰᠠᠨ ᠪᠣᠯ ᠪᠢ
ᠬᠠᠷᠢᠨ ᠠᠵᠠ ᠲᠠᠭᠠᠷᠠᠵᠦ ᠱᠠᠩ ᠬᠦᠷᠲᠡᠭᠰᠡᠨ ᠪᠠᠢᠨ᠎ᠠ ᠭᠡᠳ ᠬᠣᠷᠠᠬᠰᠠᠨ ᠤᠯᠠᠨ ᠢ᠋ ᠢᠨᠢᠶᠡᠯᠭᠡᠵᠦ ᠪᠠᠢᠬᠰᠠᠨ
ᠶᠣᠮ᠃
2018 ᠣᠨ ᠳ᠋ᠤ᠂ ᠲᠦᠮᠡᠨ ᠲᠦᠷᠦᠬᠦᠦ ᠬᠣᠭᠣᠴᠠᠭᠠᠨ ᠤ᠋ ᠱᠠᠩᠨᠠᠯ ᠬᠦᠷᠲᠡᠭ᠌ᠰᠡᠨ
ᠲᠣᠭ᠍ᠯᠠᠭ᠍ᠴᠢ ᠶ᠋ᠢᠨ ᠬᠣᠪᠢ ᠪᠠᠷ ᠲᠠᠪᠢᠨ ᠲᠠᠪᠣᠲᠣᠭᠠᠷ ᠬᠤᠭᠤᠴᠠᠭᠠᠨ ᠤ᠋ ᠠᠵᠢᠨᠠᠢ ᠬᠦᠯᠦᠭ ᠱᠠᠩᠨᠠᠯ ᠤ᠋ᠨ ᠱᠠᠩᠨᠠᠯ
ᠣᠯᠭᠣᠬᠣ ᠶᠣᠰᠣᠯᠠᠯ ᠳ᠋ᠤ ᠣᠷᠣᠯᠴᠠᠪᠠ᠃ ᠶᠣᠰᠣᠯᠠᠯ ᠦᠷᠬᠦᠯᠵᠢᠯᠡᠵᠦ ᠬᠠᠮᠤᠭ ᠤ᠋ᠨ ᠱᠢᠯᠢᠳᠡᠭ ᠡᠮᠡᠭ᠌ᠲᠡᠢ ᠭᠣᠣᠯ
ᠲᠣᠭ᠍ᠯᠠᠭ᠍ᠴᠢ ᠳ᠋ᠤ ᠱᠠᠩᠨᠠᠯ ᠣᠯᠭᠣᠬᠣᠪᠣᠯᠬᠣ ᠳ᠋ᠤ ᠲᠦᠮᠡᠨ ᠴᠢᠷᠠᠢ ᠳ᠋ᠠᠭᠠᠨ ᠮᠦᠱᠢᠶᠡᠳᠦ ᠪᠢᠯᠬᠠᠭᠤᠯᠤᠭ᠍ᠰᠠᠭᠠᠷ
ᠲᠠᠢᠰᠠᠨ ᠳ᠋ᠤ ᠭᠠᠷᠴᠦ᠄ 《ᠳᠤᠮᠳᠠᠲᠤ ᠤᠯᠤᠰ ᠤ᠋ᠨ ᠲᠠᠢᠸᠠᠨ ᠤ᠋ ᠠᠵᠢᠨᠠᠢ ᠬᠦᠯᠦᠭ ᠱᠠᠩᠨᠠᠯ ᠳ᠋ᠤ ᠳᠠᠬᠢᠨᠲᠠ ᠣᠷᠣᠯᠴᠠᠵᠦ᠂
ᠱᠠᠩᠨᠠᠯ ᠣᠯᠭᠣᠬᠣ ᠬᠦᠨᠳᠦᠳᠦ ᠵᠤᠴᠢᠨ ᠪᠣᠯᠣᠭ᠍ᠰᠠᠨᠳᠠᠭᠠᠨ ᠮᠠᠰᠢ ᠪᠠᠶᠠᠷᠯᠠᠵᠤ ᠪᠠᠢᠨ᠎ᠠ᠃ ᠡᠨᠡ ᠤᠳᠠᠭ᠎ᠠ ᠮᠠᠰᠢ
ᠤᠯᠠᠨ ᠬᠠᠭᠤᠴᠢᠨ ᠲᠠᠨᠢᠯ ᠪᠤᠯᠤᠨ ᠱᠢᠨ᠎ᠡ ᠨᠠᠢᠵᠠ ᠲᠠᠢ ᠲᠠᠨᠢᠯᠴᠠᠭ᠍ᠰᠠᠨ ᠶᠣᠮ᠃ ᠲᠠᠢ᠌ᠸᠠᠨ ᠬᠤᠭᠤᠯᠠᠢ ᠵᠢᠨ ᠬᠤᠶᠠᠷ
ᠬᠦᠪᠡᠬᠡ ᠨᠢᠭᠡ ᠭᠡᠷ ᠮᠡᠲᠦ ᠳᠤᠲᠤᠨᠤ ᠰᠠᠨᠠᠬ᠍ᠳᠠᠭ᠍ᠰᠠᠨ》 ᠭᠡᠵᠦ᠍ ᠤᠮᠤᠭ
ᠲᠡᠬᠦᠯᠳᠡᠷ ᠵᠠᠷᠯᠠᠵᠠᠢ᠃ ᠲᠡᠷᠡᠬᠡᠨ ᠵᠠᠭᠣᠷ᠎ᠠ ᠡᠬᠦᠯᠡ ᠠᠷᠢᠯᠵᠦ ᠨᠠᠷᠠᠨ ᠮᠠᠨᠲᠣᠬᠰᠠᠨ ᠮᠡᠲᠦ ᠪᠣᠯᠵᠦ᠂ ᠱᠠᠩᠨᠠᠯ
ᠣᠯᠭᠣᠬᠣ ᠶᠣᠰᠣᠯᠠᠯ ᠳ᠋ᠤ ᠣᠷᠣᠯᠴᠠᠬᠰᠠᠨ ᠣᠯᠠᠨ ᠣᠷᠠᠯᠢᠬᠴᠢᠨ ᠲᠦᠮᠡᠨ ᠤ᠋ ᠶᠠᠷᠢᠶ᠎ᠠ ᠶ᠋ᠢ ᠲᠦᠭᠡᠭᠡᠨ ᠲᠠᠮᠵᠢᠭᠣᠯᠵᠦ᠂
ᠴᠢᠨᠠᠬᠰᠢᠯᠠᠨ 《ᠠᠷᠠᠳ ᠤ᠋ᠨ ᠡᠳᠦᠷ ᠤ᠋ᠨ ᠰᠣᠨᠢᠨ》 ᠤ᠋ ᠠᠯᠪᠠᠨ ᠤ᠋ ᠪᠢᠴᠢᠯ ᠪᠦᠷᠭᠡ ᠴᠦ᠍ ᠣᠣᠯ ᠶᠠᠷᠢᠶ᠎ᠠ ᠶ᠋ᠢ ᠨᠢ ᠲᠠᠮᠵᠢᠭᠣᠯᠵᠦ ᠦᠭᠡ ᠦᠰᠦᠭ
ᠬᠠᠷᠠᠮᠨᠠᠯ ᠦᠭᠡᠢ ᠦᠨᠡᠯᠡᠨ ᠮᠠᠬᠲᠠᠵᠦ ᠪᠠᠢᠯ᠎ᠠ᠃
ᠣᠷᠠᠯᠢᠬᠴᠢᠨ ᠲᠦᠮᠡᠨ ᠭᠡᠵᠦ ᠡᠢᠮᠦ ᠯᠡ ᠬᠦᠮᠦᠨ ᠰᠠᠨ᠃ ᠦᠨᠡᠨ ᠰᠡᠳᠬᠢᠯ ᠤ᠋ᠨ
ᠨᠠᠢᠵᠠ ᠨᠦᠬᠦᠳ ᠲᠡᠭᠡᠨ ᠦᠷᠦ ᠵᠢᠷᠦᠭᠡ ᠪᠠᠨ ᠠᠭᠣᠲᠠᠯᠣᠨ᠂ ᠬᠠᠶᠠ ᠪᠠᠰᠠ ᠢᠨᠢᠶᠡᠲᠦ ᠱᠣᠭ ᠭᠠᠷᠭᠠᠵᠦ ᠪᠠᠢᠲᠠᠬ
ᠪᠣᠯ ᠦᠪᠡᠷ ᠢ᠋ ᠪᠠᠨ ᠬᠡᠨ ᠪᠣᠯᠬᠣ᠂ ᠬᠠᠮᠢᠭ᠎ᠠ ᠡᠴᠡ ᠢᠷᠡᠭᠰᠡᠨ ᠭᠡᠲᠡᠭ ᠶ᠋ᠢᠡᠨ ᠬᠡᠵᠢᠶᠡᠲᠡ ᠮᠠᠷᠲᠠᠯ ᠦᠭᠡᠢ᠂
ᠦᠵᠡᠯᠲᠡ ᠲᠣᠲᠣ ᠵᠣᠬᠰᠣᠯᠲᠠ ᠪᠠᠲᠣ ᠣᠷᠠᠯᠢᠬᠴᠢᠨ ᠪᠣᠯᠬᠣ ᠶᠣᠮ᠃
ᠲᠣᠬᠯᠠᠬᠴᠢ ᠲᠦᠮᠡᠨ ᠣᠷᠠᠯᠢᠬ ᠤ᠋ᠨ ᠲᠦᠯᠦᠭᠡᠨ ᠤ᠋ ᠣᠢᠭ᠎ᠠ ᠦᠭᠡᠢ ᠵᠢᠳᠬᠦᠯ ᠴᠢᠷᠮᠠᠢᠯᠭ᠎ᠠ
ᠪᠡᠷ ᠶ᠋ᠢᠡᠨ ᠮᠦᠩᠬᠦᠨ ᠬᠦᠰᠢᠭᠡᠨ ᠳ᠋ᠤ ᠮᠦᠩᠭᠡ ᠲᠠᠭᠣᠷᠢᠰᠬᠣ ᠠᠯᠲᠠᠷ ᠢ᠋ ᠪᠢᠴᠢᠭᠯᠡᠪᠠ᠃ ᠬᠦᠯᠦᠨ ᠪᠣᠢᠷ ᠬᠣᠲᠠ
ᠶ᠋ᠢᠨ ᠣᠳᠬ᠎ᠠ ᠣᠷᠠᠯᠢᠬ ᠤ᠋ᠨ ᠬᠢᠨ ᠤ᠋ ᠬᠣᠯᠪᠣᠭ᠎ᠠ ᠶ᠋ᠢᠨ ᠨᠡᠢᠲᠡᠯᠡᠭᠰᠡᠨ ᠭᠠᠰᠢᠭᠣᠲᠠᠯ ᠤ᠋ᠨ ᠮᠡᠳᠡᠭᠡ ᠳ᠋ᠤ᠄
《ᠲᠦᠮᠡᠨ ᠪᠠᠬᠰᠢ ᠶ᠋ᠢᠨ ᠨᠠᠰᠣ ᠪᠠᠷᠠᠬᠰᠠᠨ ᠨᠢ ᠣᠳᠬ᠎ᠠ ᠣᠷᠠᠯᠢᠬ ᠤ᠋ᠨ ᠡᠲᠡᠭᠡᠳ ᠤ᠋ᠨ ᠬᠢᠨ
ᠤ᠋ ᠯᠣᠲᠣ ᠶᠡᠬᠡ ᠬᠣᠬᠢᠷᠠᠯ ᠪᠠ ᠬᠠᠷᠠᠮᠰᠠᠯ ᠪᠣᠯᠬᠣ ᠶᠣᠮ᠃ ᠲᠡᠯᠡᠬᠡᠢ ᠶ᠋ᠢᠨ ᠪᠠ ᠣᠯᠣᠰ ᠤ᠋ᠨ ᠲᠣᠲᠣᠭᠠᠲᠣ ᠶ᠋ᠢᠨ
ᠣᠯᠠᠨ ᠱᠠᠩᠨᠠᠯ ᠢ᠋ ᠬᠦᠷᠲᠡᠭᠰᠨᠨ ᠰᠢᠯᠢᠲᠡᠭ ᠲᠣᠬᠯᠠᠯᠲᠠ ᠶ᠋ᠢᠨ ᠣᠷᠠᠯᠢᠬᠴᠢᠨ ᠪᠣᠯᠣᠬᠰᠠᠨ ᠤ᠋ ᠬᠣᠪᠢ ᠳ᠋ᠤ᠂ ᠲᠦᠮᠡᠨ
ᠬᠡᠲᠦᠨ ᠠᠷᠪᠠᠨ ᠵᠢᠯ ᠤ᠋ᠨ ᠣᠷᠠᠯᠢᠬ ᠤ᠋ᠨ ᠠᠶᠠᠨ ᠳ᠋ᠠᠭᠠᠨ ᠦᠪᠡᠷᠲᠡᠭᠡᠨ ᠵᠠᠰᠠᠬᠣ ᠣᠷᠣᠨ ᠪᠣᠯᠣᠨ ᠬᠦᠯᠦᠨ ᠪᠣᠢᠷ
ᠤ᠋ᠨ ᠰᠣᠶᠣᠯ ᠤ᠋ᠨ ᠦᠢᠯᠡᠰ ᠲᠦ᠍ ᠦᠯᠡᠮᠵᠢ ᠵᠢᠳᠬᠦᠯ ᠦᠵᠡᠬᠦᠯᠦᠭᠰᠡᠨ ᠶᠣᠮ》 ᠭᠡᠵᠦ᠍ ᠦᠨᠡᠯᠡᠭ᠌ᠰᠡᠨ ᠨᠢ ᠺᠢᠨᠣ᠋ ᠣᠷᠠᠯᠢᠭ ᠤ᠋ᠨ ᠦᠢᠯᠡᠰ ᠲᠦ᠍ ᠵᠢᠷᠦᠬᠡᠨ ᠬᠠᠢᠷ᠎ᠠ ᠪᠠᠨ
ᠶᠡᠭᠦᠯᠡᠭ᠌ᠰᠡᠨ ᠠᠯᠲᠠᠷᠲᠤ ᠲᠣᠭ᠍ᠯᠠᠭ᠍ᠴᠢ ᠰᠣᠲᠣᠨ ᠣᠷᠠᠯᠢᠬᠴᠢᠨ ᠲᠦᠮᠡᠨ ᠤ᠋ ᠨᠢᠭᠡ ᠨᠠᠰᠤ ᠶ᠋ᠢ ᠤᠨᠤᠭᠠᠵᠤ ᠳ᠋ᠦᠩᠨᠡᠭ᠌ᠰᠡᠨ
ᠭᠡᠯᠲᠡᠢ᠃
ᠦᠪᠦᠷ ᠮᠣᠩᠭᠣᠯ ᠤ᠋ᠨ ᠺᠢᠨᠣ᠋ ᠣᠷᠠᠯᠢᠭ ᠤ᠋ᠨ ᠨᠢᠭᠡᠨ ᠴᠠᠭ ᠦᠶ᠎ᠡ ᠶ᠋ᠢ ᠲᠦᠯᠦᠭᠡᠯᠡᠭ᠌ᠰᠡᠨ
ᠱᠢᠯᠢᠳᠡᠭ ᠲᠣᠭ᠍ᠯᠠᠭ᠍ᠴᠢ᠂ ᠠᠯᠳᠠᠷᠲᠤ ᠣᠲᠣᠷᠢᠲᠣᠭᠠᠴᠢ ᠬᠠᠯᠢᠵᠤ ᠣᠳᠪᠠ᠃ ᠭᠡᠪᠡᠴᠦ᠍ ᠲᠣᠭ᠍ᠯᠠᠭ᠍ᠴᠢ ᠮᠢᠨᠢ ᠲᠡᠬᠦᠨ
ᠤ᠋ ᠠᠮᠢᠯᠠᠭᠤᠯᠤᠨ ᠪᠦᠲᠦᠭᠡᠭᠰᠡᠨ ᠺᠢᠨᠣ᠋ ᠵᠦᠴᠦᠭᠡ ᠪᠣᠯᠣᠨ ᠪᠠᠯᠠᠷᠠᠰᠢ ᠦᠭᠡᠢ ᠦᠢᠯᠡᠰ ᠲᠠᠢ ᠪᠠᠨ ᠬᠠᠮᠲᠤ ᠮᠦᠩᠭᠦᠨ
ᠬᠦᠱᠢᠭᠡᠨ ᠳ᠋ᠤ ᠮᠦᠩᠬᠡ ᠰᠦᠨᠳᠡᠷᠯᠡᠬᠦ᠌ ᠶᠣᠮ ᠡ᠃