ᠴᠠᠬᠠᠷ ᠲᠠᠪᠠᠯ
2022-01-13 15:27:17
ᠵᠣᠬᠢᠶᠠᠭ᠍ᠴᠢ᠄
ᠦᠨᠡᠨᠵᠢᠷᠭᠠᠯ
ᠣᠩᠱᠢᠭ᠍ᠰᠠᠨ ᠣᠳᠠᠭ᠎ᠠ᠄
★★★☆☆

ᠳᠠᠢᠯᠪᠤᠷᠢ᠄

ᠴᠠᠬᠠᠷ ᠳᠡᠪᠡᠯ ᠨᠢ ᠭᠤᠤᠯᠳᠠᠭᠤ ᠴᠠᠬᠠᠷᠴᠤᠳ᠎ᠤᠨ ᠡᠮᠦᠰᠳᠡᠭ ᠬᠤᠪᠴᠠᠰᠦ ᠡᠳ᠋ᠯᠡᠯ ᠎ᠢ ᠬᠡᠯᠡᠵᠦ᠍ ᠪᠠᠢᠨ᠎ᠠ᠃

ᠴᠠᠬᠠᠷ ᠬᠤᠪᠴᠠᠰᠤ ᠵᠠᠰᠠᠯ ᠨᠢ ᠤᠯᠠᠮᠵᠢᠯᠠᠯᠲᠤ ᠬᠤᠪᠴᠠᠰᠤ ᠵᠠᠰᠠᠯ᠎ᠤᠨ ᠬᠡᠪ ᠨᠠᠮᠪᠠ᠎ᠶ᠋ᠢ ᠵᠠᠯᠭᠠᠮᠵᠢᠯᠠᠨ ᠬᠥᠭ᠌ᠵᠢᠭᠦᠯᠵᠦ᠍᠂ ᠡᠯ᠎ᠡ ᠭᠠᠵᠠᠷ ᠎ᠤᠨ ᠬᠤᠪᠴᠠᠰᠤ ᠵᠠᠰᠠᠯ᠎ᠤᠨ ᠠᠱᠢᠭ᠍ᠯᠠᠵᠤ ᠪᠣᠯᠬᠤ ᠵᠦᠢᠯ᠎ᠢ ᠱᠢᠩᠭᠡᠭᠡᠨ ᠠᠪᠴᠤ᠌᠂ ᠨᠡᠯᠢᠶᠡᠳ ᠨᠡᠢᠲᠡᠯᠢᠭ ᠬᠡᠪ ᠨᠠᠮᠪᠠ᠎ᠶ᠋ᠢ ᠪᠦᠷᠢᠯᠳᠦᠭᠦᠯᠦᠭ᠌ᠰᠡᠨ ᠪᠠᠢᠨ᠎ᠠ᠃ ᠴᠠᠬᠠᠷ ᠠᠢᠮᠠᠭ ᠨᠢ ᠤᠤᠯ᠎ᠳᠠᠭᠠᠨ ᠮᠣᠩᠭᠣᠯ᠎ᠤᠨ ᠬᠠᠭᠠᠨ᠎ᠤ ᠣᠷᠳᠣᠨ᠎ᠤ ᠰᠡᠷᠭᠡᠢᠯᠡᠨ ᠬᠠᠮᠠᠭᠠᠯᠠᠬᠤ ᠴᠡᠷᠢᠭ ᠪᠠᠢᠭ᠍ᠰᠠᠨ ᠪᠣᠯᠬᠣᠷ᠂ ᠲᠡᠳᠡ᠎ᠨᠠᠷ᠎ᠤᠨ ᠡᠮᠦᠰᠴᠦ᠍ ᠵᠡᠭᠦᠬᠦ᠌ ᠨᠢ ᠶᠤᠸᠠᠨ ᠤᠯᠤᠰ᠎ᠤᠨ ᠦᠶ᠎ᠡ᠎ᠶ᠋ᠢᠨ ᠬᠠᠭᠠᠨ᠎ᠤ ᠣᠷᠳᠣᠨ᠎ᠤ ᠬᠤᠪᠴᠠᠰᠤ ᠬᠤᠨᠠᠷ᠎ᠤᠨ ᠣᠨᠴᠠᠯᠢᠭ᠎ᠲᠠᠶ ᠪᠠᠢᠳᠠᠭ᠂ ᠵᠢᠱ᠌ᠢᠶᠡᠯᠡᠪᠡᠯ ᠵᠠᠭᠠᠮ᠎ᠠ ᠪᠠ ᠡᠩᠭᠡᠷ᠎ᠲᠦᠨᠢ ᠬᠤᠸᠠᠷ ᠬᠠᠳᠭᠤᠬᠤ᠂ ᠵᠠᠭᠠᠮ᠎ᠠ ᠶ᠋ᠢᠨ ᠬᠥᠪᠡᠭᠡ᠂ ᠡᠩᠭᠡᠷ᠂ ᠳᠡᠪᠡᠯ᠎ᠦᠨ ᠬᠥᠪᠡᠭᠡ᠎ᠶ᠋ᠢ ᠨᠢ ᠲᠣᠷᠭ᠎ᠠ᠎ᠪᠠᠷ ᠡᠮᠵᠢᠳᠡᠭ᠃ 

ᠴᠠᠬᠠᠷ ᠲᠠᠪᠠᠯ᠎ᠤᠨ ᠤᠨᠴᠠᠯᠢᠭ ᠬᠡᠯᠪᠡᠷᠢ᠄

1᠂ ᠴᠠᠬᠠᠷ ᠲᠠᠪᠠᠯ᠎ᠤᠨ ᠡᠮᠵᠢᠶᠡᠷᠢ᠂ ᠱᠢᠯᠪᠢ᠂ ᠲᠤᠪᠴᠢ᠎ᠨᠢ ᠴᠡᠪᠡᠷ ᠴᠡᠮᠴᠡᠬᠡᠷ᠂ ᠨᠠᠷᠢᠨ ᠨᠠᠷᠢᠯᠢᠭ ᠪᠠᠢᠵᠥ᠍᠂ ᠪᠠᠶ᠎ᠠ᠎ᠳᠤ ᠶᠠᠭ ᠲᠠᠭᠠᠷᠠᠭᠤᠬᠠᠨ ᠪᠠᠢᠬᠤ᠎ᠶ᠋ᠢ ᠴᠢᠬᠤᠯᠠᠴᠢᠯᠠᠵᠦ᠂ ᠡᠮᠵᠢᠶᠡᠷᠢ᠎ᠨᠢ ᠲᠠᠷᠪᠠᠭᠠᠷ᠂ ᠲᠤᠪᠴᠢ᠎ᠨᠢ ᠪᠥᠳᠥᠭᠦᠨ ᠪᠠᠢᠬᠤ ᠪᠠ ᠪᠠᠶ᠎ᠠ᠎ᠳᠤ ᠡᠯᠪᠡᠭ᠂ ᠪᠠᠶ᠎ᠠ ᠪᠠᠷᠢᠬᠤ ᠦᠭᠡᠢ ᠬᠡᠮᠵᠢᠶᠠᠨ᠎ᠳᠤ ᠠᠭᠤᠵᠢᠭᠤ ᠲᠤᠬᠢᠷᠠᠬᠤ᠎ᠶ᠋ᠢ ᠡᠷᠬᠢᠮᠯᠡᠳᠡᠭ ᠤᠨᠴᠠᠯᠢᠭ ᠵᠠᠩᠱᠢᠯ ᠲᠠᠢ ᠪᠢᠯᠡ᠃  

2᠂ ᠴᠠᠬᠠᠷ ᠲᠡᠪᠡᠯ᠎ᠤᠨ ᠡᠮᠵᠢᠶᠡᠷᠢ᠎ᠶ᠋ᠢᠨ ᠬᠡᠯᠪᠡᠷᠢ ᠮᠠᠶᠢᠭ᠎ᠤᠨ ᠲᠠᠯ᠎ᠠ᠎ᠪᠠᠷ ᠬᠤᠱᠢᠮᠠᠭ ᠡᠮᠵᠢᠶᠡᠷᠢ᠎ᠲᠠᠢ᠂ ᠬᠤᠭᠤᠯᠠᠢ᠎ᠳᠤ ᠭᠠᠭ᠍ᠴᠠ ᠲᠤᠪᠴᠢ ᠲᠠᠢ᠂ ᠡᠩᠭᠡᠷ᠎ᠲᠤ ᠬᠤᠶᠠᠷ᠎ᠲᠣᠪᠴᠢ᠎ᠲᠠᠢ ᠰᠤᠭᠤᠨ᠎ᠳᠤ᠎ᠭᠠᠭᠴᠠ᠂ ᠲᠠᠱᠢᠶᠠᠨ ᠎ᠳᠤ ᠎ᠬᠤᠶᠠᠷ ᠲᠤᠪᠴᠢ ᠎ᠲᠠᠢ᠃ ᠭᠤᠷᠪᠠ ᠎ᠪᠠᠷ ᠲᠠᠷᠤᠭ᠍ᠰᠠᠨ ᠡᠮᠵᠢᠶᠡᠷᠢ᠎ᠳᠤ ᠬᠤᠭᠤᠯᠠᠢ᠎ᠳᠤ ᠨᠢᠭᠡ᠂ ᠬᠤᠶᠠᠷ ᠲᠣᠪᠴᠢ᠎ᠲᠠᠢ ᠡᠩᠭᠡᠷ᠎ᠲᠤ ᠭᠤᠷᠪᠠ᠂ ᠰᠤᠭᠤᠨ᠎ᠳᠤ ᠨᠢᠭᠡ᠂ ᠲᠠᠱᠢᠶᠠᠨ᠎ᠳᠤ ᠭᠤᠷᠪᠠᠨ ᠲᠤᠪᠴᠢ᠎ᠲᠠᠢ᠃ ᠭᠤᠷᠪᠠ᠎ᠪᠠᠷ ᠡᠮᠵᠢᠭ᠌ᠰᠡᠨ ᠨᠠᠢ᠍ᠮᠠᠨ ᠲᠤᠪᠴᠢ᠎ᠲᠠᠢ ᠲᠠᠪᠠᠯ᠎ᠢ ᠰᠤᠮᠤᠨ᠎ᠳᠤ ᠶᠠᠪᠤᠬᠤ᠂ ᠠᠭᠤᠯᠵᠠᠯᠳᠠ ᠵᠤᠯᠭᠠᠯᠳᠠ᠂ ᠬᠤᠷᠢᠮ ᠨᠠᠢᠷ᠂ ᠠᠢᠯ᠎ᠳᠤ ᠤᠴᠢᠬᠤ ᠨᠠᠯᠢᠶᠠᠳ ᠬᠥᠨᠳᠥᠳᠭᠡᠯ᠎ᠲᠠᠢ ᠥᠶ᠎ᠡ᠎ᠳᠤ ᠡᠮᠥᠰᠳᠡᠭ ᠲᠡᠳᠭᠠᠯ ᠲᠠᠢ᠃ 

3᠂ ᠡᠮᠵᠢᠶᠡᠷᠢ ᠵᠢ ᠡᠩᠭᠡᠷ ᠲᠡᠭᠡᠭᠦᠷ ᠶᠠᠪᠤᠭᠤᠯᠤᠨ᠂ ᠰᠤᠭᠤ ᠬᠥᠷᠭᠡᠵᠥ᠍᠂ ᠰᠤᠮᠤ᠎ᠶ᠋ᠢ᠎ᠨᠢ ᠪᠦᠬᠦᠳᠡ ᠡᠮᠵᠢᠳᠡᠭ ᠤᠨᠴᠠᠯᠢᠭ᠎ᠲᠠᠢ᠃ ᠬᠤᠭᠤᠯᠠᠢ᠎ᠠᠴᠠ᠎ᠨᠢ ᠱᠢᠭᠤᠳ ᠡᠩᠭᠡᠷ ᠤᠷᠤᠭᠤ ᠡᠮᠵᠢᠬᠦ᠌᠎ᠨᠢ ᠠᠪᠠᠭ᠎ᠠ᠂ ᠬᠠᠯᠬ᠎ᠠ᠎ᠲᠠᠢ ᠠᠳᠠᠯᠢ ᠪᠠᠢᠳᠠᠭ᠃ ᠬᠤᠭᠤᠯᠠᠢ᠎ᠠᠴᠠ᠎ᠨᠢ ᠳᠤᠭᠤᠭᠰᠢ ᠬᠤᠷᠤᠭᠤ ᠲᠠᠷᠤᠮ᠎ᠠ ᠶᠠᠪᠤᠭᠤᠯᠬᠤ᠎ᠶ᠋ᠢ ᠲᠤᠭᠤᠯ (ᠠᠮᠢᠰᠭᠤᠭ᠎ᠠ) ᠭᠠᠷᠭᠠᠵᠤ ᠡᠮᠵᠢᠬᠦ᠌ ᠭᠡᠳᠡᠭ ᠪᠥᠭᠡᠳ ᠥᠮᠥᠵᠥᠴᠢᠨ ᠰᠥᠨᠢᠳ᠎ᠲᠤ ᠯᠡ ᠪᠠᠢᠳᠠᠭ ᠤᠨᠴᠠᠭᠠᠢ ᠵᠠᠩᠱᠢᠯ ᠲᠠᠳᠤᠢ᠎ᠠᠴᠠ ᠪᠢᠰᠢ᠂ ᠴᠠᠬᠠᠷ ᠲᠠᠪᠠᠯ᠎ᠳᠤ ᠲᠤᠭᠤᠯ (ᠠᠮᠢᠰᠭᠤᠭ᠎ᠠ)᠎ᠲᠠᠢ ᠲᠡᠷᠯᠢᠭ ᠴᠠᠬᠠᠷ ᠠᠢᠮᠠᠭ᠎ᠤᠨ ᠲᠡᠤᠬᠡᠨ ᠣᠯᠳᠠᠪᠤᠷᠢ ᠎ᠳᠤ ᠥᠵᠡᠭ᠌ᠳᠡᠭᠡ ᠦᠭᠡᠢ᠃

ᠡᠮᠬᠢᠯᠡᠭᠴᠢ᠄ ᠦᠨᠡᠨᠵᠢᠷᠭᠠᠯ

ᠢᠷᠡᠯᠳᠡ᠄ ᠪᠠᠢ ᠳ᠋ᠦ᠋ ᠰᠦᠯᠵᠢᠶ᠎ᠠ᠂ ᠮᠤᠩᠭᠤᠯ ᠰᠤᠳᠤᠯᠤᠯ᠎ᠤᠨ ᠨᠡᠪᠳᠡᠷᠬᠡᠢ ᠲᠣᠯᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号