ᠱᠢᠨ᠎ᠠ ᠵᠢᠯ ᠢᠷᠡᠯ᠎ᠡ
2022-01-26 09:12:58
ᠵᠣᠬᠢᠶᠠᠭ᠍ᠴᠢ᠄
ᠭᠠ᠊· ᠪᠦᠲᠦᠭᠡᠭ᠌ᠴᠢ
ᠣᠩᠱᠢᠭ᠍ᠰᠠᠨ ᠣᠳᠠᠭ᠎ᠠ᠄
★★★☆☆

ᠴᠠᠩ ᠭᠦᠦᠷᠭᠡ ᠰᠠᠪᠰᠠᠭᠤᠯᠤᠭ᠍ᠰᠠᠨ ᠤᠮᠠᠷᠠᠳᠤ᠎ᠶ᠋ᠢᠨ ᠠᠭᠤᠳᠠᠮ ᠦᠨᠳᠦᠷᠯᠢᠭ ᠳᠡᠭᠡᠷ᠎ᠡ

ᠴᠠᠭᠠᠨ ᠬᠤᠷᠠᠭᠠᠨ ᠮᠠᠯᠠᠭᠠᠢ᠎ᠪᠠᠨ ᠡᠮᠦᠰᠦᠭ᠌ᠰᠡᠨ ᠱᠢᠨ᠎ᠠ ᠵᠢᠯ ᠮᠢᠨᠢ ᠢᠷᠡᠯ᠎ᠡ

ᠪᠤᠭᠤᠷᠤᠯ ᠡᠪᠦᠭᠡᠳ ᠬᠦᠬᠦᠦᠷ ᠰᠤᠯᠢᠯᠴᠠᠨ ᠵᠤᠯᠭᠠᠬᠤ᠎ᠳᠤ

ᠪᠤᠯᠠᠭᠠᠨ ᠳᠡᠪᠡᠯ᠎ᠲᠠᠢ ᠱᠢᠨ᠎ᠠ᠎ᠶ᠋ᠢᠨ ᠵᠢᠪᠠᠷ ᠵᠦᠪ ᠵᠦᠭᠡᠯᠡᠭᠡᠨ ᠰᠡᠪᠢᠯᠵᠠᠨ᠎ᠠ


ᠠᠷᠭᠠᠯ᠎ᠤᠨ ᠤᠳᠤᠭ᠎ᠠ ᠱᠢᠨ᠎ᠠ᠎ᠶ᠋ᠢᠨ ᠲᠡᠭ᠌ᠷᠢ᠎ᠳᠤ ᠦᠯᠵᠠᠢ ᠵᠠᠩᠭᠢᠶ᠎ᠠ ᠤᠷᠠᠯᠠᠬᠤ᠎ᠳᠤ

ᠠᠢᠯ᠎ᠤᠨ ᠪᠡᠷᠢ ᠡᠷᠦᠭᠡ᠎ᠪᠠᠨ ᠰᠡᠭᠦᠵᠤ ᠱᠢᠨ᠎ᠠ᠎ᠶ᠋ᠢᠨ ᠴᠠᠢ ᠪᠠᠨ ᠡᠷᠭᠦᠨ᠎ᠡ

ᠬᠠᠭᠤᠴᠢᠨ ᠵᠢᠯ ᠰᠠᠬᠠᠯ ᠢᠮᠡᠷᠦᠭ᠌ᠰᠡᠭᠡᠷ ᠬᠦᠲᠦᠯ᠎ᠤᠨ ᠴᠠᠭᠠᠨ᠎ᠠ ᠵᠢᠷᠭᠠᠬᠤ᠎ᠳᠤ

ᠬᠤᠭᠤᠷ ᠴᠤᠭᠤᠷ᠎ᠤᠨ ᠪᠠᠶᠠᠨ ᠰᠤᠨᠤᠰᠭᠤᠯᠠᠩ ᠴᠡᠩᠭᠡᠷ ᠠᠭᠠᠷ ᠲᠠᠢ ᠰᠦᠯᠡᠯᠳᠤᠨ᠎ᠠ


ᠬᠠᠳᠠᠭ ᠨᠠᠮᠢᠷᠠᠭᠤᠯᠤᠨ ᠢᠷᠦᠭᠡᠯ ᠡᠭᠡᠱᠢᠭ᠌ᠯᠡᠬᠦᠯᠵᠤ ᠬᠡᠱᠢᠭ ᠪᠤᠶᠠᠨ ᠵᠦᠩᠨᠡᠬᠦ᠌᠎ᠳᠤ

ᠬᠠᠪᠤᠷ᠎ᠤᠨ ᠰᠤᠷᠠᠭ ᠦᠶ᠎ᠡ ᠦᠶ᠎ᠡ ᠲᠦᠯ᠎ᠤᠨ ᠳᠠᠭᠤ᠎ᠲᠠᠢ ᠨᠠᠭᠠᠱᠢᠯᠠᠨ᠎ᠠ

ᠬᠠᠯᠠᠰᠠᠭᠤ ᠨᠠᠢᠭᠤᠬᠤ ᠠᠢᠯ᠎ᠤᠨ ᠠᠪᠠᠭ᠎ᠠ᠎ᠶ᠋ᠢᠨ ᠬᠦᠷᠡᠩ ᠴᠢᠷᠠᠢ ᠱᠢᠭ᠋ ᠨᠠᠷᠠᠨ

ᠬᠠᠷᠠᠭ᠎ᠠ ᠠᠯᠳᠠᠮ᠎ᠠ ᠲᠠᠯ᠎ᠠ᠎ᠶ᠋ᠢᠨ ᠵᠠᠬ᠎ᠠ᠎ᠠᠴᠠ ᠮᠢᠨᠴᠢ᠌ᠭ᠌ᠰᠡᠭᠡᠷ ᠮᠠᠨᠳᠤᠨ᠎ᠠ


ᠴᠠᠰᠤᠨ᠎ᠤ ᠳᠤᠤᠷᠠᠬᠢ ᠴᠡᠩᠭᠡᠷ ᠢᠷᠭᠤᠢ ᠬᠠᠪᠤᠷ᠎ᠤᠨ ᠴᠢᠮᠡᠭᠡ᠎ᠪᠠᠷ ᠰᠡᠷᠭᠦᠭᠦ᠎ᠳᠤ

ᠴᠢᠨᠠᠳᠤ ᠬᠤᠳᠠ᠎ᠠᠴᠠ ᠤᠷᠳᠤ᠎ᠶ᠋ᠢᠨ ᠳᠠᠭᠤᠤ ᠰᠤᠨᠤᠷ ᠪᠠᠶᠠᠰᠭᠠᠨ ᠨᠠᠮᠢᠷᠠᠨ᠎ᠠ

ᠶᠢᠰᠤ᠎ᠶ᠋ᠢᠨ ᠵᠢᠮᠦᠬᠦᠨ᠎ᠳᠤ ᠰᠤᠷ᠎ᠨᠢ ᠭᠢᠯᠠᠯᠵᠠᠭ᠍ᠰᠠᠨ ᠠᠳᠤᠭᠤᠨ ᠰᠦᠷᠦᠭ᠎ᠤᠨ ᠵᠠᠬ᠎ᠠ᠎ᠳᠤ

ᠢᠯᠴᠢ ᠲᠦᠦᠭᠡᠭ᠌ᠰᠡᠨ ᠳᠡᠪᠡᠯ᠎ᠤᠨ ᠳᠤᠲᠤᠷ᠎ᠠ ᠢᠳᠡᠭᠡᠯ ᠬᠦᠰᠡᠯ ᠤᠪᠤᠯᠵᠠᠨ᠎ᠠ


ᠠᠷᠠᠵᠠ ᠬᠤᠷᠠᠵᠠ ᠠᠮᠳᠠᠳᠤ ᠱᠢᠭᠦᠰᠦᠨ᠎ᠳᠤ ᠦᠯᠴᠢᠷ ᠰᠠᠯᠬᠢ ᠱᠠᠩᠳᠠᠭᠤᠷᠠᠵᠤ

ᠠᠶ᠎ᠠ ᠳᠠᠭᠤᠤ ᠬᠠᠩᠭᠢᠨᠠᠭᠤᠯᠴᠢᠬᠠᠭ᠍ᠰᠠᠨ ᠤᠷᠢᠳᠤᠭᠤᠷ ᠬᠤᠢᠭᠤᠷ ᠪᠦᠵᠢᠭ᠌ᠯᠡᠨ᠎ᠡ

ᠠᠢᠯ᠎ᠤᠨ ᠵᠠᠬ᠎ᠠ᠎ᠪᠠᠷ ᠲᠤᠰᠤᠨ ᠵᠠᠮ ᠰᠤᠮᠤᠨ᠎ᠤ ᠲᠦᠪ ᠦᠭᠡᠳᠡ ᠰᠤᠨᠤᠯᠵᠠᠬᠤ᠎ᠳᠤ

ᠠᠬᠠᠰᠢᠷᠠᠭ᠎ᠠ ᠡᠮᠡᠭᠡ ᠲᠠᠶᠠᠭ᠎ᠢᠶᠠᠨ ᠲᠤᠯᠤᠭ᠍ᠰᠠᠭᠠᠷ ᠰᠤᠷᠭᠠᠭᠤᠯᠢ ᠶ᠋ᠢᠨ ᠬᠡᠦᠬᠡᠳ᠎ᠢᠶᠠᠨ ᠰᠠᠷᠠᠪᠴᠢᠯᠠᠨ᠎ᠠ


ᠬᠤᠭᠤᠴᠠᠭ᠎ᠠ ᠴᠠᠭ᠎ᠤᠨ ᠨᠢᠷᠤᠭᠤᠨ ᠳᠡᠭᠡᠷ᠎ᠡ ᠱᠢᠨ᠎ᠠ ᠬᠠᠭᠤᠴᠢᠨ ᠡᠭᠡᠯᠵᠢᠯᠡᠨ᠎ᠡ

ᠬᠤᠯᠪᠤᠭ᠎ᠠ ᠴᠠᠭᠠᠨ ᠡᠳᠦᠷ᠎ᠤᠳ ᠬᠤᠢᠨ᠎ᠠ ᠬᠤᠢᠨ᠎ᠠ᠎ᠠᠴᠠ᠎ᠪᠠᠨ ᠦᠷᠬᠦᠯᠵᠢᠯᠠᠨ᠎ᠠ

ᠳᠣᠮᠤᠭ ᠲᠤᠤᠯᠢ᠎ᠶ᠋ᠢᠨ ᠭᠠᠵᠠᠷ ᠤᠰᠤᠨ᠎ᠤ ᠬᠡᠢᠮᠦᠷᠢ ᠯᠤᠨᠳᠠᠭ᠎ᠠ ᠰᠡᠷᠭᠦᠨ᠎ᠠ

ᠳᠤᠷᠤᠨᠠᠳᠤ᠎ᠶ᠋ᠢᠨ ᠠᠭᠤᠳᠠᠮ ᠭᠡᠭᠡᠷ᠎ᠡ᠎ᠠᠴᠠ ᠱᠢᠨ᠎ᠠ ᠦᠯᠢᠭᠡᠷ ᠡᠬᠢᠯᠡᠨ᠎ᠡ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号