ᠪᠠᠷᠰ ᠵᠢᠯ᠎ᠤᠨ ᠪᠡᠯᠭᠡᠳᠡᠯ
2022-01-26 09:18:15
ᠵᠣᠬᠢᠶᠠᠭ᠍ᠴᠢ᠄
ᠣᠳᠭᠤᠨᠪᠠᠭᠠᠳᠣᠷ
ᠣᠩᠱᠢᠭ᠍ᠰᠠᠨ ᠣᠳᠠᠭ᠎ᠠ᠄
★★★☆☆

ᠬᠦᠷᠡᠩ ᠠᠭᠤᠯᠠᠰ᠎ᠤᠨ ᠣᠷᠣᠢ᠎ᠪᠠᠷ

ᠬᠦᠷᠳᠦᠨ ᠣᠯᠠᠭᠠᠨ ᠨᠠᠷᠠᠨ

ᠬᠦᠨᠳᠡᠢ ᠡᠯᠡᠰᠦ᠎ᠶ᠋ᠢ ᠲᠣᠭᠤᠯᠣᠭᠠᠳ ᠢᠷᠡᠬᠦ᠌

ᠬᠦᠷᠡᠩ ᠲᠡᠮᠡᠭᠡᠨ᠎ᠤ ᠠᠯᠬᠤᠳᠠᠯ ᠱᠢᠭ᠋

ᠬᠦᠮᠦᠨ ᠣᠷᠴᠢᠯᠠᠩ᠎ᠤᠨ ᠲᠦᠮᠡᠨ ᠪᠣᠳᠠᠰ᠎ᠢ

ᠭᠡᠷᠡᠯᠳᠦ ᠰᠠᠴᠣᠷᠠᠭ᠎ᠲᠠᠭᠠᠨ ᠢᠪᠡᠭᠡᠵᠦ

ᠰᠢᠨ᠎ᠡ ᠬᠠᠭᠣᠴᠢᠨ᠎ᠤ ᠡᠭᠡᠯᠵᠢᠯᠡᠯ᠎ᠢ ᠪᠡᠯᠭᠡᠲᠡᠵᠦ

ᠴᠢᠨᠡᠭᠡᠯᠢᠭ ᠠᠮᠢᠲᠣᠷᠠᠯ᠎ᠤᠨ ᠬᠣᠷᠣᠢ ᠲᠠᠯᠠᠯᠵᠦ

ᠦᠭᠡᠷ ᠵᠢᠯ᠎ᠤᠨ ᠬᠡᠱᠢᠭ᠎ᠢ ᠮᠢᠯᠢᠶᠠᠵᠣ

ᠪᠠᠷᠰ ᠵᠢᠯ᠎ᠤᠨ ᠣᠮᠤᠭ᠎ᠢ ᠠᠪᠴᠢᠷᠠᠯ᠎ᠠ


ᠡᠬᠦᠳᠡ᠎ᠪᠠᠨ ᠭᠠᠷᠣᠮᠠᠭ᠍ᠴᠠ ᠦᠯᠵᠠᠢ ᠬᠡᠢᠮᠦᠷᠢ᠎ᠲᠠᠢ

ᠦᠰᠪᠣᠷᠢ ᠬᠡᠦᠬᠡᠳ᠎ᠤᠳ᠎ᠨᠢ ᠰᠣᠷᠣᠯᠭ᠎ᠠ ᠰᠠᠢᠳᠠᠢ

ᠦᠷᠡᠵᠢᠯ ᠰᠦᠷᠦᠭ᠎ᠨᠢ ᠵᠢᠰᠦ ᠢᠵᠢᠯ᠎ᠲᠠᠢ

ᠦᠪᠯᠡᠬᠦ᠌ ᠠᠮᠢᠳᠣᠷᠠᠯ᠎ᠨᠢ ᠡᠪᠦᠭᠡᠳ᠎ᠤᠨ ᠰᠣᠷᠭᠠᠯ᠎ᠲᠠᠢ


ᠴᠡᠴᠡᠭ᠌ᠯᠡᠬᠦ᠌ ᠬᠠᠪᠣᠷ᠎ᠨᠢ ᠴᠠᠰᠣᠨ ᠪᠦᠵᠢᠭ᠌ᠯᠡᠬᠡᠨ᠎ᠲᠠᠢ

ᠴᠠᠩᠭᠠᠮ᠎ᠠ ᠵᠣᠨ᠎ᠨᠢ ᠴᠢᠳᠭᠤᠯᠠᠮ᠎ᠠ ᠬᠤᠷ᠎ᠠ᠎ᠲᠠᠢ

ᠴᠡᠩᠭᠡᠷ ᠲᠡᠭ᠌ᠷᠢ᠎ᠨᠢ ᠣᠯᠠᠷᠢᠯ᠎ᠤᠨ ᠪᠣᠳᠣᠭ᠍ᠯᠠᠭᠠᠨ᠎ᠲᠠᠢ

ᠴᠡᠯᠡᠭᠡᠷ ᠬᠦᠳᠡᠭᠡ᠎ᠨᠢ ᠠᠮᠢᠵᠢᠷᠠᠯ᠎ᠤᠨ ᠪᠢᠯᠬᠠᠭᠠᠨ᠎ᠲᠠᠢ


ᠲᠠᠩᠰᠤᠭ ᠨᠠᠮᠣᠷ᠎ᠨᠢ ᠲᠠᠯᠠᠢ ᠬᠤᠷᠢᠶᠠᠯᠠᠯ᠎ᠲᠠᠢ

ᠲᠠᠭ᠍ᠵᠢᠬᠤ ᠡᠪᠦᠯ᠎ᠨᠢ ᠦᠨᠢᠷ ᠵᠢᠷᠭᠠᠯ᠎ᠲᠠᠢ

ᠲᠠᠪᠬᠢᠭᠠᠳ ᠭᠠᠷᠬᠤ ᠬᠦᠯᠦᠭ᠎ᠨᠢ ᠱᠢᠨᠳᠠᠰᠣ᠎ᠲᠠᠢ

ᠲᠠᠭᠤᠯᠠᠭᠠᠳ ᠪᠠᠶᠠᠰᠣᠯᠳᠣᠬᠤ ᠲᠠᠭᠤᠣ᠎ᠨᠢ ᠱᠢᠷᠣᠩᠬᠠᠢ᠎ᠲᠠᠢ


ᠠᠭᠤᠯᠠ ᠣᠰᠣᠨ᠎ᠤ ᠨᠠᠭᠠᠨ᠎ᠠ ᠴᠠᠭᠠᠨ᠎ᠠ᠎ᠠᠴᠠ

ᠦᠯᠵᠠᠢ ᠬᠡᠢᠮᠦᠷᠢ᠎ᠲᠠᠢ ᠬᠠᠳᠠᠭ᠎ᠢᠶᠠᠨ ᠲᠡᠯᠭᠡᠯᠴᠡᠵᠦ᠍

ᠣᠷᠬᠢᠷᠠᠭᠠᠳ ᠢᠷᠡᠬᠦ᠌ ᠬᠠᠷ᠎ᠠ ᠪᠠᠷᠰ ᠵᠢᠯ᠎ᠳᠡᠭᠡᠨ

ᠦᠬᠡᠳᠡᠯᠡᠵᠦ᠍ ᠲᠡᠭ᠌ᠵᠢᠷᠡᠬᠦ᠌᠎ᠶ᠋ᠢᠨ ᠪᠡᠯᠭᠡᠳᠡᠯ᠎ᠢᠶᠠᠨ ᠲᠠᠭᠠᠳᠭᠠᠵᠣ

ᠮᠠᠢᠯᠠᠭᠠᠳ ᠢᠷᠡᠬᠦ᠌ ᠮᠢᠨᠳᠠᠰᠣᠨ ᠰᠦᠷᠦᠭ᠎ᠨᠢ

ᠮᠢᠩᠭ᠎ᠠ ᠮᠢᠩᠭᠠᠨ᠎ᠤ ᠲᠠᠪᠠᠭ᠎ᠠ ᠲᠣᠭᠤᠯᠵᠣ

ᠮᠦᠩᠭᠡ ᠲᠡᠭ᠌ᠷᠢ᠎ᠶ᠋ᠢᠨ ᠬᠠᠶᠠᠭᠠᠨ ᠲᠣᠣᠷ᠎ᠠ

ᠮᠦᠷᠦᠭᠡᠳᠦᠯ ᠲᠠᠯᠠᠯᠣᠭ᠍ᠰᠠᠨ ᠨᠣᠳᠤᠭ ᠪᠠᠢᠭᠠᠯᠢ᠎ᠲᠠᠢ

ᠮᠠᠨᠳᠣᠵᠣ ᠬᠦᠭ᠌ᠵᠢᠬᠦ᠌ ᠡᠷᠢᠨ᠎ᠤ ᠬᠠᠭᠤᠳᠠᠰᠣᠨ᠎ᠳᠤ

ᠮᠠᠨ᠎ᠤ ᠦᠶ᠎ᠡ᠎ᠶᠢᠨ ᠵᠢᠳᠭᠦᠯ᠎ᠢᠶᠠᠨ ᠦᠵᠡᠬᠦᠯᠦᠶ᠎ᠡ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号