ᠬᠢᠲᠠᠳ ᠨᠡᠷ᠎ᠡ᠄ 融宣传
ᠬᠠᠮ
ᠤᠬᠠᠭᠤᠯᠭ᠎ᠠ ᠪᠤᠯ ᠨᠢᠭᠡ ᠤᠳᠠᠭᠠᠨ᠎ᠤ ᠰᠤᠷᠪᠤᠯᠵᠢᠯᠠᠭ᠎ᠠ ᠪᠡᠷ ᠤᠯᠠᠨ ᠦᠢᠯᠡᠳᠭᠦᠨ ᠬᠢᠵᠦ᠍᠂ ᠤᠯᠠᠨ ᠬᠡᠯᠪᠡᠷᠢ᠎ᠪᠡᠷ
ᠲᠠᠮᠵᠢᠭᠤᠯᠬᠤ ᠠᠭᠤᠰᠤᠯᠴᠠᠯ ᠦᠢᠯᠡᠳᠪᠤᠷᠢᠯᠡᠯ᠎ᠤᠨ ᠬᠡᠯᠪᠡᠷᠢ ᠪᠤᠯᠬᠤ ᠮᠦᠷᠳᠡᠭᠡᠨ ᠵᠤᠬᠢᠶᠠᠨ ᠪᠦᠲᠦᠭᠡᠭᠦ᠌
ᠬᠦᠮᠤᠨ᠎ᠤ ᠬᠦᠴᠤᠨ᠎ᠤ ᠡᠭᠢ ᠪᠠᠶᠠᠯᠢᠭ᠂ ᠲᠤᠭ᠎ᠠ ᠪᠠᠷᠢᠮᠳᠠ ᠵᠢᠨ ᠡᠭᠢ ᠪᠠᠶᠠᠯᠢᠭ᠂ ᠮᠡᠷᠭᠡᠵᠢᠯ᠎ᠤᠨ ᠡᠭᠢ
ᠪᠠᠶᠠᠯᠢᠭ᠎ᠢ ᠨᠡᠢ᠌ᠳᠭᠡᠵᠦ᠍᠂ ᠬᠤᠪᠢ ᠬᠤᠪᠢᠨ᠎ᠤ ᠬᠢᠨᠢ ᠲᠠᠪᠠᠭᠤᠯᠢᠭ᠎ᠢ ᠪᠠᠳᠠᠷᠠᠭᠤᠯᠵᠦ᠍᠂ ᠵᠠᠭᠤᠴᠢᠯᠠᠭᠤᠷ
ᠠᠯᠤᠰᠯᠠᠨ᠂ ᠬᠡᠯᠳᠡᠰ ᠠᠯᠤᠰᠯᠠᠨ᠂ ᠦᠭᠡ ᠬᠡᠯᠡ ᠠᠯᠤᠰᠯᠠᠨ ᠬᠦᠨᠵᠡᠭᠡᠢ ᠠᠭᠤᠰᠤᠯᠴᠠᠯ᠎ᠢ ᠪᠡᠶᠡᠯᠡᠭᠦᠯᠵᠦ᠍᠂
ᠰᠤᠨᠢᠨ ᠮᠡᠳᠡᠭᠡᠨ᠎ᠤ ᠦᠨ᠎ᠠ ᠦᠷᠳᠡᠭ᠎ᠢ ᠢᠯᠡᠷᠡᠭᠦᠯᠭᠦ᠌ ᠬᠡᠯᠪᠡᠷᠢ ᠪᠤᠯᠤᠨ᠎ᠠ᠃
ᠬᠠᠮ ᠤᠬᠠᠭᠤᠯᠭ᠎ᠠ ᠨᠢ ᠠᠭᠤᠰᠤᠯᠴᠠᠯ ᠰᠡᠳᠭᠢᠮᠵᠢ ᠬᠢᠭᠡᠳ
ᠠᠭᠤᠰᠤᠯᠴᠠᠯ ᠭᠤᠤᠯ ᠰᠡᠳᠦᠪ᠎ᠢ ᠱᠢᠷᠭᠠᠭᠠᠨ ᠠᠪᠬᠤ ᠲᠠᠯ᠎ᠠ ᠪᠡᠷ ᠱᠢᠨᠡᠴᠢᠯᠡᠯᠳᠠ ᠰᠦᠪᠡᠭ᠌ᠴᠢᠯᠡᠯᠳᠠ ᠬᠢᠵᠦ᠍᠂
ᠪᠦᠬᠦ᠋ᠢᠯᠡ ᠵᠤᠬᠢᠶᠠᠨ ᠪᠦᠲᠦᠭᠡᠬᠦ᠌ ᠶᠠᠪᠤᠴᠠ᠎ᠳᠤ ᠤᠷᠠᠨ ᠰᠡᠳᠭᠢᠮᠵᠢ ᠬᠢᠭᠡᠳ ᠲᠦᠰᠦᠪᠯᠡᠯ ᠵᠢᠡᠷ
ᠤᠳᠤᠷᠢᠳᠤᠮᠵᠢ ᠪᠤᠯᠭᠠᠵᠤ᠂ ᠦᠵᠡᠯ ᠰᠠᠨᠠᠭᠠᠨ᠎ᠤ ᠭᠦᠨᠴᠡ ᠪᠡᠷ ᠵᠤᠷᠢᠯᠲᠠ ᠪᠤᠯᠭᠠᠨ᠂ ᠮᠡᠳᠡᠭᠡ᠂ ᠴᠢᠮᠡᠭᠡᠯᠡᠯ᠂
ᠭᠡᠷᠡᠯ ᠵᠢᠷᠤᠭ᠂ ᠤᠬᠤᠷ ᠸᠢᠳᠢᠣ᠋ ᠵᠡᠷᠭᠡ ᠠᠭᠤᠰᠤᠯᠴᠠᠯ ᠮᠡᠳᠡᠭᠡᠯᠡᠯ᠎ᠤᠨ ᠬᠡᠯᠪᠡᠷᠢ᠎ᠪᠠᠷ ᠪᠦᠲᠦᠴᠡ ᠪᠤᠯᠭᠠᠨ
ᠭᠤᠤᠯ ᠰᠡᠳᠦᠪ᠎ᠲᠤ ᠬᠠᠮ ᠤᠬᠠᠭᠤᠯᠭ᠎ᠠ ᠬᠢᠳᠡᠭ ᠪᠠᠢ᠌ᠨ᠎ᠠ᠃ ᠬᠠᠮ ᠤᠬᠠᠭᠤᠯᠭ᠎ᠠ ᠵᠢᠨ ᠦᠨ᠎ᠠ ᠦᠷᠳᠡᠭ ᠨᠢ ᠡᠨᠡ
ᠬᠦ᠌ ᠶᠠᠪᠤᠴᠠ ᠪᠡᠷ ᠪᠤᠢ ᠪᠤᠯᠤᠬ᠍ᠰᠠᠨ ᠬᠦᠨᠴᠠ ᠠᠭᠤᠰᠤᠯᠴᠠᠯ᠂ ᠠᠭᠤᠰᠤᠯᠴᠠᠯ ᠦᠢᠯᠡᠳᠭᠦᠨ᠂ ᠠᠭᠤᠰᠤᠯᠴᠠᠯ ᠲᠠᠪᠴᠠᠡᠭ
ᠵᠢᠡᠷ ᠢᠯᠡᠷᠡᠳᠡᠭ᠃ ᠡᠭᠦᠨ᠎ᠳᠤ᠂ ᠭᠦᠨᠴᠠ ᠠᠭᠤᠰᠤᠯᠴᠠᠯ᠂ ᠠᠭᠤᠰᠤᠯᠴᠠᠯ ᠦᠢᠯᠡᠳᠭᠦᠨ᠂ ᠠᠭᠤᠰᠤᠯᠴᠠᠯ ᠲᠠᠪᠴᠠᠩ
ᠪᠤᠯ ᠵᠠᠭᠤᠴᠢᠯᠠᠭᠤᠷ᠎ᠤᠨ ᠠᠭᠤᠰᠤᠯᠴᠠᠨ ᠬᠦᠭ᠌ᠵᠢᠭᠦ᠌ ᠬᠡᠯᠪᠡᠷᠢ᠎ᠪᠠᠨ ᠬᠦᠨᠵᠡᠭᠡᠢ ᠬᠤᠪᠢᠷᠠᠭᠤᠯᠬᠤ ᠴᠢᠬᠤᠯᠠ
ᠪᠡᠯᠭᠡ ᠲᠡᠮᠲᠡᠭ ᠪᠦᠭᠡᠳ ᠮᠦᠨ ᠴᠤ᠌ ᠠᠭᠤᠯᠭ᠎ᠠ ᠬᠢᠭᠡᠳ ᠤᠷᠠᠨ ᠰᠡᠳᠭᠢᠮᠵᠢ᠎ᠶ᠋ᠢᠨ ᠵᠠᠩᠭᠢᠯᠠᠭ᠎ᠠ᠎ᠨᠢ
ᠪᠤᠯᠵᠤ᠂ ᠬᠠᠮ ᠤᠬᠠᠭᠤᠯᠭ᠎ᠠ ᠵᠢᠨ ᠦᠨ᠎ᠡ ᠦᠷᠳᠡᠭ᠎ᠢ ᠢᠯᠡᠷᠡᠭᠦᠯᠤᠨ᠎ᠠ᠃ ᠭᠦᠨᠴᠡ ᠠᠭᠤᠰᠤᠯᠴᠠᠯ᠂ ᠪᠢᠴᠢᠯ
ᠸᠢᠳᠢᠣ᠋᠂ ᠠᠭᠤᠯᠭ᠎ᠠ᠎ᠶ᠋ᠢᠨ ᠪᠦᠲᠦᠭᠡᠯᠲᠡ ᠵᠡᠷᠭᠡ᠎ᠨᠢ ᠬᠠᠮ ᠤᠬᠠᠭᠤᠯᠭ᠎ᠠ ᠵᠢᠨ ᠭᠤᠤᠯᠯᠠᠭ᠍ᠴᠢ
ᠦᠷᠢᠰᠦᠯᠳᠦᠭᠡᠨ ᠬᠦᠴᠦᠨ ᠪᠤᠯᠤᠨ᠎ᠠ᠃
ᠭᠦᠨᠴᠡ
ᠠᠭᠤᠰᠤᠯᠴᠠᠯ ᠮᠡᠳᠡᠭᠡᠯᠡᠯ᠎ᠨᠢ᠂ ᠤᠬᠠᠭᠠᠯᠠᠬᠤ᠂ ᠰᠤᠷᠪᠤᠯᠵᠢᠯᠠᠬᠤ᠂ ᠨᠠᠢᠷᠠᠭᠤᠯᠬᠤ᠂ ᠨᠡᠢᠳᠡᠯᠡᠬᠦ᠌
ᠶᠠᠪᠤᠴᠠ᠎ᠶ᠋ᠢᠨ ᠠᠭᠤᠰᠤᠯᠴᠠᠯ ᠪᠤᠯᠬᠤ᠎ᠪᠠᠷ ᠪᠠᠷᠠᠬᠤ ᠦᠭᠡᠢ ᠪᠠᠰᠠ ᠠᠴᠢᠶᠠᠯᠠᠪᠤᠷᠢ᠂ ᠰᠤᠪᠠᠭ᠂ ᠲᠠᠪᠴᠠᠩ᠂
ᠳᠠᠮᠵᠢᠭᠤᠯᠭ᠎ᠠ᠎ᠶ᠋ᠢᠨ ᠭᠦᠨᠵᠡᠭᠡᠢ ᠠᠭᠤᠰᠤᠯᠴᠠᠯ᠎ᠢ ᠴᠢᠬᠤᠯᠠᠴᠢᠯᠠᠵᠤ᠂ ᠠᠭᠤᠰᠤᠯᠴᠠᠯ ᠦᠢᠯᠡᠳᠭᠦᠨ᠎ᠤ
ᠭᠦᠨᠴᠡ᠎ᠶ᠋ᠢᠨ ᠬᠡᠮᠵᠢᠶ᠎ᠡ᠂ ᠲᠠᠭᠠᠯᠠᠮᠵᠢ ᠵᠢᠨ ᠬᠡᠮᠵᠢᠶ᠎ᠡ᠂ ᠭᠤᠸ᠎ᠠ ᠲᠠᠭᠠᠱᠢᠶᠠᠯ᠎ᠤᠨ ᠬᠡᠮᠵᠢᠶ᠎ᠡ᠎ᠶ᠋ᠢ
ᠢᠯᠡᠷᠡᠭᠦᠯᠵᠦ᠍ ᠴᠢᠳᠠᠨ᠎ᠠ᠃ ᠠᠭᠤᠰᠤᠯᠴᠠᠯ ᠰᠡᠳᠭᠢᠮᠵᠢ᠂ ᠠᠭᠤᠰᠤᠯᠴᠠᠯ ᠭᠤᠤᠯ ᠰᠡᠳᠦᠪ᠂ ᠠᠭᠤᠰᠤᠯᠴᠠᠯ ᠦᠵᠡᠯ
ᠰᠠᠨᠠᠭ᠎ᠠ ᠪᠤᠯ ᠬᠠᠮ ᠤᠬᠠᠭᠤᠯᠭ᠎ᠠ ᠵᠢᠨ ᠵᠠᠩᠭᠢᠯᠠᠭ᠎ᠠ᠎ᠶ᠋ᠢᠨ ᠡᠯᠧᠮᠧᠨ᠋ᠲ ᠪᠤᠯᠬᠤ ᠪᠦᠭᠡᠳ ᠠᠭᠤᠰᠤᠯᠴᠠᠯ
ᠰᠡᠳᠭᠢᠮᠵᠢ᠎ᠨᠢ ᠠᠭᠤᠰᠤᠯᠴᠠᠯ ᠦᠢᠯᠡᠳᠭᠦᠨ᠎ᠤ ᠭᠤᠤᠯ ᠰᠡᠳᠦᠪ᠂ ᠭᠤᠤᠯ ᠰᠠᠨᠠᠭ᠎ᠠ᠂ ᠰᠤᠷᠲᠠᠯ ᠤᠬᠠᠭᠤᠯᠭ᠎ᠠ᠎ᠶ᠋ᠢ
ᠳᠡᠭᠡᠭ᠌ᠰᠢᠯᠡᠭᠦᠯᠬᠦ᠌᠎ᠶ᠋ᠢᠨ ᠵᠠᠩᠭᠢᠯᠠᠭ᠎ᠠ ᠪᠤᠯᠤᠨ᠎ᠠ᠃ ᠭᠦᠨᠴᠡ ᠠᠭᠤᠰᠤᠯᠴᠠᠯ ᠪᠤᠯ ᠤᠯᠠᠮᠵᠢᠯᠠᠯᠲᠤ
ᠵᠠᠭᠤᠴᠢᠯᠠᠭᠤᠷ᠎ᠤᠨ ᠭᠦᠨᠴᠡ ᠮᠡᠳᠡᠭᠡᠯᠡᠯ᠎ᠳᠠᠬᠢ ᠠᠭᠤᠰᠤᠯᠴᠠᠯ ᠮᠡᠳᠡᠭᠡᠯᠡᠯ᠎ᠤᠨ ᠪᠤᠳᠠᠳᠠᠢᠵᠢᠯ ᠪᠠᠢᠵᠤ᠂
ᠳᠡᠭᠦᠨ᠎ᠤ ᠭᠤᠤᠯᠳᠠᠯᠭ᠎ᠠ᠎ᠨᠢ 《ᠭᠤᠤᠯ ᠰᠡᠳᠦᠪᠲᠦ ᠮᠡᠳᠡᠭᠡᠯᠡᠯ᠂ ᠭᠤᠤᠯᠳᠠᠯᠭᠠᠲᠤ ᠮᠡᠳᠡᠭᠡᠯᠡᠯ᠂ ᠵᠢᠱ᠌ᠢᠶᠡᠴᠢ
ᠮᠡᠳᠡᠭᠡᠯᠡᠯ᠂ ᠤᠨᠤᠯ᠎ᠤᠨ ᠮᠡᠳᠡᠭᠡᠯᠡᠯ》 ᠳᠤᠮᠳᠠᠬᠢ ᠰᠤᠨᠢᠨ
ᠮᠡᠳᠡᠭᠡ᠎ᠶ᠋ᠢᠨ ᠳᠡᠦᠭᠡᠳᠦ ᠤᠷᠴᠢᠨ᠂ ᠦᠵᠡᠯ ᠰᠠᠨᠠᠭ᠎ᠠ᠎ᠶ᠋ᠢᠨ ᠭᠦᠨᠴᠡ᠂ ᠦᠯᠢᠭᠡᠷ ᠦᠢᠯᠡ ᠶᠠᠪᠤᠳᠠᠯ᠂
ᠳᠠᠮᠵᠢᠭᠤᠯᠭ᠎ᠠ᠎ᠶ᠋ᠢᠨ ᠦᠷᠳᠡᠭ᠎ᠢ ᠠᠭᠤᠳᠠᠯᠯᠠᠨ ᠢᠯᠡᠷᠡᠭᠦᠯᠬᠦ᠌ ᠪᠤᠯᠤᠨ᠎ᠠ᠃
ᠬᠠᠮ
ᠤᠬᠠᠭᠤᠯᠭ᠎ᠠ᠎ᠨᠢ ᠠᠳᠠᠯᠢ ᠪᠤᠰᠤ᠎ᠶ᠋ᠢᠨ ᠠᠴᠢᠶᠠᠯᠠᠪᠤᠷᠢ᠂ ᠠᠳᠠᠯᠢ ᠪᠤᠰᠤ᠎ᠶ᠋ᠢᠨ ᠢᠯᠡᠷᠡᠭᠦᠯᠬᠦ᠌ ᠠᠷᠭ᠎ᠠ
ᠬᠡᠯᠪᠡᠷᠢ᠎ᠪᠠᠷ ᠪᠦᠷᠢᠨ ᠪᠦᠲᠦᠨ ᠦᠯᠢᠭᠡᠷ᠎ᠢ ᠲᠤᠭᠠᠴᠢᠵᠤ᠂ ᠠᠳᠠᠯᠢ ᠪᠤᠰᠤ᠎ᠶ᠋ᠢᠨ ᠦᠢᠯᠡᠳᠬᠦᠨ᠎ᠢ ᠵᠤᠬᠢᠶᠠᠨ
ᠪᠦᠲᠦᠭᠡᠬᠦ᠌᠎ᠳᠤ ᠠᠳᠠᠯᠢ ᠪᠤᠰᠤ᠎ᠶ᠋ᠢᠨ ᠵᠠᠭᠤᠴᠢᠯᠠᠭᠤᠷ᠂ ᠠᠳᠠᠯᠢ ᠪᠤᠰᠤ᠎ᠶ᠋ᠢᠨ ᠲᠠᠪᠴᠠᠩ᠎ᠤᠨ ᠤᠨᠴᠠᠯᠢᠭ᠎ᠢ
ᠢᠯᠡᠷᠡᠭᠦᠯᠳᠡᠭ᠃ ᠵᠢᠱ᠌ᠢᠶᠡᠯᠡᠪᠡᠯ᠂ ᠰᠤᠨᠢᠨ᠎ᠤ ᠮᠡᠳᠡᠭᠡᠯᠡᠯ ᠨᠢ ᠬᠦᠮᠦᠨ ᠬᠡᠷᠡᠭ ᠤᠴᠢᠷ᠂ ᠦᠯᠢᠭᠡᠷ ᠦᠢᠯᠡ
ᠶᠠᠪᠤᠳᠠᠯ ᠪᠦᠷᠢᠨ ᠪᠦᠲᠦᠨ᠂ ᠡᠭᠢ ᠠᠳᠠᠭ᠂ ᠡᠭᠢᠯᠡᠯᠳᠡ ᠲᠡᠭᠦᠰᠭᠡᠯ ᠲᠠᠢ ᠢᠯᠡᠷᠡᠭᠦᠯᠭᠦ᠎ᠳᠤ᠂ ᠱᠢᠨ᠎ᠡ
ᠵᠠᠭᠤᠴᠢᠯᠠᠭᠤᠷ᠎ᠤᠨ ᠪᠦᠲᠦᠭᠡᠭ᠌ᠳᠡᠭᠦᠨ ᠨᠢ ᠬᠠᠷᠢᠨ ᠴᠡᠭ ᠪᠤᠯᠤᠨ ᠱᠤᠭᠤᠮ᠎ᠢ ᠬᠤᠯᠪᠤᠵᠦ᠍᠂ ᠮᠡᠳᠡᠭᠡ
ᠵᠠᠡᠭ᠌ᠭᠢ ᠵᠢ ᠠᠭᠢᠨ ᠲᠠᠬᠢᠨ ᠱᠢᠷᠭᠠᠭᠠᠨ ᠪᠤᠯᠪᠠᠰᠤᠷᠠᠭᠤᠯᠵᠦ᠍᠂ ᠰᠤᠩᠭᠤᠳᠠᠭ ᠵᠦᠢᠯᠡᠰ᠎ᠢ ᠲᠤᠪᠤᠢ᠌ᠯᠭᠠᠨ
ᠢᠯᠡᠷᠡᠭᠦᠯᠳᠡᠭ ᠪᠠᠢ᠌ᠨ᠎ᠠ᠃ ᠭᠦᠨᠴᠡ ᠠᠭᠤᠰᠤᠯᠴᠠᠯ᠎ᠨᠢ ᠠᠭᠤᠰᠤᠯᠴᠠᠯ ᠦᠯᠢᠭᠡᠷ ᠬᠢᠭᠡᠳ ᠠᠭᠤᠰᠤᠯᠴᠠᠯ ᠦᠵᠡᠯ
ᠰᠠᠨᠠᠭ᠎ᠠ᠎ᠠᠴᠠ ᠢᠷᠡᠵᠦ᠍᠂ ᠤᠯᠠᠨ ᠡᠱᠢᠲᠦ ᠨᠡᠢᠳᠭᠡᠭ᠌ᠰᠡᠨ ᠭᠤᠤᠯ ᠰᠡᠳᠦᠪ᠎ᠠᠴᠠ ᠢᠷᠡᠳᠡᠭ᠂ ᠭᠠᠭ᠍ᠴᠠ ᠬᠦ᠌
ᠢᠩᠭᠢᠪᠡᠯ ᠰᠠᠶᠢ ᠭᠦᠨᠴᠡ ᠠᠭᠤᠰᠤᠯᠴᠠᠯ ᠮᠡᠳᠡᠭᠡᠯᠡᠯ᠎ᠤᠨ ᠴᠢᠨᠠᠷ ᠴᠢᠨᠰᠠᠭ᠎ᠠ᠎ᠶ᠋ᠢ ᠳᠡᠰ ᠳᠡᠪᠱᠢᠭᠦᠯᠵᠦ᠍
ᠴᠢᠳᠠᠨ᠎ᠠ᠃
ᠬᠠᠮ
ᠤᠬᠠᠭᠤᠯᠭ᠎ᠠ ᠪᠤᠯ ᠮᠡᠳᠡᠭᠡ ᠵᠠᠡᠭ᠌ᠭᠢ ᠵᠢᠨ ᠠᠴᠢᠶᠠᠯᠠᠪᠤᠷᠢ᠎ᠶ᠋ᠢᠨ ᠠᠭᠤᠰᠤᠯᠴᠠᠭ᠎ᠠ ᠮᠦᠷᠳᠡᠭᠡᠨ ᠨᠡᠩ ᠴᠦ᠍
ᠵᠤᠬᠢᠶᠠᠨ ᠪᠦᠲᠦᠭᠡᠭᠦ᠌ ᠪᠠᠬ᠎ᠤᠨ ᠤᠢ᠍ᠢᠯᠠᠭᠠᠭ᠍ᠳᠠᠬᠤᠨ᠎ᠤ ᠠᠭᠤᠰᠤᠯᠴᠠᠭ᠎ᠠ ᠪᠤᠯᠤᠨ᠎ᠠ᠃ ᠬᠠᠮ ᠤᠬᠠᠭᠤᠯᠭ᠎ᠠ
ᠵᠢᠨ ᠦᠷ᠎ᠡ ᠪᠦᠲᠦᠮᠵᠢ᠎ᠶ᠋ᠢ ᠬᠠᠮᠤᠭ ᠶᠡᠭᠡ ᠪᠤᠯᠭᠠᠬᠤ᠎ᠨᠢ ᠵᠤᠷᠢᠯᠲᠠ ᠪᠠᠢᠵᠤ᠂ ᠡᠨᠡᠬᠦ᠌ ᠵᠤᠷᠢᠯᠲᠠ᠎ᠳᠠᠭᠠᠨ
ᠬᠦᠷᠦᠶ᠎ᠡ ᠭᠡᠪᠡᠯ ᠳᠠᠷᠤᠢ ᠭᠦᠨᠴᠡ ᠠᠭᠤᠰᠤᠯᠴᠠᠯ᠎ᠤᠨ ᠬᠡᠯᠪᠡᠷᠢ ᠵᠢᠨ ᠰᠠᠭᠤᠷᠢᠨ ᠳᠡᠭᠡᠷ᠎ᠡ ᠠᠭᠤᠰᠤᠯᠴᠠᠯ
ᠦᠢᠯᠡᠳᠭᠦᠨ᠎ᠤ ᠴᠢᠨᠠᠷ ᠴᠢᠨᠰᠠᠭ᠎ᠠ᠎ᠶ᠋ᠢ ᠴᠢᠷᠮᠠᠢᠨ ᠳᠡᠭᠡᠭ᠌ᠰᠢᠯᠡᠭᠦᠯᠦᠨ᠎ᠡ᠃ ᠡᠨᠡ ᠪᠤᠯ ᠰᠠᠶᠢ
ᠵᠠᠭᠤᠴᠢᠯᠠᠭᠤᠷ᠎ᠤᠨ ᠭᠦᠨᠴᠡ ᠠᠭᠤᠰᠤᠯᠴᠠᠯ᠎ᠤᠨ ᠬᠠᠮᠤᠭ ᠡᠴᠦᠰ᠎ᠤᠨ ᠳᠠᠮᠵᠢᠭᠤᠯᠭ᠎ᠠ᠎ᠶ᠋ᠢᠨ ᠦᠷ᠎ᠡ ᠪᠦᠳᠦᠮᠵᠢ
ᠪᠤᠯᠤᠨ᠎ᠠ᠃ ᠵᠢᠱ᠌ᠢᠶᠠᠯᠠᠪᠠᠯ᠄ 《ᠤᠯᠤᠰ᠎ᠤᠨ ᠰᠦᠯᠲᠡ ᠳᠤᠤᠷᠠᠬᠢ ᠱᠢᠨ᠎ᠡ ᠮᠠᠯᠴᠢᠨ》 ᠪᠤᠯ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ ᠵᠢᠨ ᠭᠦᠨᠴᠡ ᠠᠭᠤᠰᠤᠯᠴᠠᠯ ᠬᠢᠭᠡᠳ ᠬᠠᠮ ᠤᠬᠠᠭᠤᠯᠭ᠎ᠠ ᠳᠡᠭᠡᠷ᠎ᠡ ᠬᠦᠴᠦᠨ᠎ᠢᠶᠠᠨ
ᠲᠦᠪᠯᠡᠷᠡᠭᠦᠯᠵᠦ᠍ ᠵᠤᠬᠢᠶᠠᠨ ᠪᠦᠲᠦᠭᠡᠭ᠌ᠰᠡᠨ ᠲᠦᠯᠦᠭᠡᠯᠡᠭ᠌ᠴᠢ ᠴᠢᠨᠠᠷᠳᠠᠢ ᠠᠭᠤᠰᠤᠯᠴᠠᠯ ᠦᠢᠯᠡᠳᠭᠦᠨ ᠶᠤᠮ᠃
ᠲᠤᠰ ᠪᠦᠲᠦᠭᠡᠯ᠎ᠨᠢ ᠬᠠᠮ ᠤᠬᠠᠭᠤᠯᠭ᠎ᠠ ᠵᠢᠨ ᠵᠠᠩᠭᠢᠯᠠᠭ᠎ᠠ᠎ᠶ᠋ᠢᠨ ᠡᠯᠧᠮᠧᠨ᠋ᠲ ᠪᠤᠯᠬᠤ ᠠᠭᠤᠰᠤᠯᠴᠠᠯ
ᠰᠡᠳᠭᠢᠮᠵᠢ᠂ ᠠᠭᠤᠰᠤᠯᠴᠠᠯ ᠭᠤᠤᠯ ᠰᠡᠳᠦᠪ᠂ ᠠᠭᠤᠰᠤᠯᠴᠠᠯ ᠦᠵᠡᠯ ᠰᠠᠨᠠᠭ᠎ᠠ ᠵᠢᠨ ᠲᠠᠯ᠎ᠠ᠎ᠪᠠᠷ ᠪᠦᠲᠦᠮᠵᠢᠲᠡᠢ
ᠡᠷᠢᠯᠭᠢᠯᠡᠯ ᠬᠢᠵᠦ᠍ ᠲᠤᠷᠱᠢᠯᠭ᠎ᠠ ᠬᠤᠷᠠᠮᠳᠤᠭᠤᠯᠵᠠᠢ᠃ ᠲᠡᠷᠡ ᠨᠢ᠂ ᠬᠠᠮ ᠤᠬᠠᠭᠤᠯᠭ᠎ᠠ ᠵᠢᠨ ᠤᠨᠴᠠᠯᠢᠭ᠎ᠢ
ᠳᠤᠪᠤᠢᠯᠭᠠᠨ᠂ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠮᠤᠩᠭᠤᠯ ᠬᠢᠲᠠᠳ ᠰᠤᠨᠢᠨ᠂
ᠰᠦᠯᠵᠢᠶ᠎ᠡ᠂ ᠱᠢᠯᠵᠢᠶ᠎ᠡ᠂ ᠵᠢᠷᠭᠢᠶ᠎ᠡ᠂ ᠪᠢᠴᠢᠯ ᠪᠦᠷᠭᠡ ᠵᠡᠷᠭᠡ᠎ᠪᠠᠷ ᠨᠡᠢᠳᠡᠯᠡᠨ ᠳᠠᠮᠵᠢᠭᠤᠯᠤᠭ᠍ᠳᠠᠵᠤ᠂
ᠠᠷᠠᠳ᠎ᠤᠨ ᠰᠦᠯᠵᠢᠶ᠎ᠡ᠂ ᠪᠦᠮᠪᠦᠷᠴᠡᠭ᠎ᠤᠨ ᠰᠦᠯᠵᠢᠶ᠎ᠡ᠂ ᠬᠢᠯᠢ᠎ᠶ᠋ᠢᠨ ᠭᠠᠳᠠᠨᠠᠬᠢ ᠰᠦᠯᠵᠢᠶ᠎ᠡ ᠵᠡᠷᠭᠡ 60 ᠭᠠᠷᠤᠢ ᠨᠡᠷᠡᠲᠦ ᠰᠦᠯᠵᠢᠶ᠎ᠡ᠎ᠪᠠᠷ
ᠳᠠᠮᠵᠢᠭᠤᠯᠤᠭ᠍ᠳᠠᠨ᠂ ᠳᠠᠷᠤᠮ᠎ᠤᠨ ᠲᠤᠭ᠎ᠠ᠎ᠨᠢ 620 ᠲᠦᠮᠡ ᠤᠳᠠᠭ᠎ᠠ᠎ᠳᠤ ᠬᠦᠷᠴᠦ᠍᠂ ᠠᠭᠤᠰᠤᠯᠴᠠᠯ ᠮᠡᠳᠡᠭᠡᠯᠡᠯ᠎ᠤᠨ ᠳᠠᠮᠵᠢᠭᠤᠯᠭ᠎ᠠ᠎ᠶ᠋ᠢᠨ ᠬᠦᠴᠦᠨ ᠬᠢᠭᠡᠳ ᠨᠦᠯᠦᠭᠡᠯᠡᠬᠦ᠌ ᠬᠦᠴᠦᠨ᠎ᠢ
ᠳᠤᠪᠤᠢᠯᠭᠠᠨ ᠬᠠᠷᠠᠭᠤᠯᠤᠭ᠍ᠰᠠᠨ ᠪᠠᠢᠨ᠎ᠠ᠃
ᠡᠮᠬᠢᠯᠡᠭᠴᠢ᠄ ᠰᠢᠶᠠᠡᠭ ᠲᠤᠤ