ᠬᠡᠢ᠌ᠰᠪᠦᠷᠢ ᠪᠤᠳᠠᠳᠦ ᠠᠬᠤᠢ
2022-01-05 10:23:53
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠢᠲᠠᠳ  ᠨᠡᠷ᠎ᠡ ᠄ 虚拟现实


ᠬᠡᠢ᠌ᠰᠪᠦᠷᠢ ᠪᠤᠳᠠᠳᠦ ᠠᠬᠤᠢ ᠭᠡᠵᠦ᠍ ᠤᠢ᠍ᠢᠷ᠎ᠡ ᠵᠢᠨ ᠬᠡᠲᠦᠨ ᠵᠢᠯ᠎ᠳᠦ ᠬᠦᠭ᠌ᠵᠢᠭᠰᠡᠨ ᠲᠡᠭᠡᠳᠦ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ᠎ᠤᠨ ᠨᠢᠭᠡ ᠨᠢ ᠪᠠᠢ᠌ᠵᠦ᠍᠂ ᠪᠠᠰᠠ ᠬᠡᠢ᠌ᠰᠪᠦᠷᠢ ᠤᠷᠴᠢᠨ ᠭᠡᠵᠦ᠍ ᠶᠠᠷᠢᠭ᠍ᠳᠠᠳᠠᠭ᠃ ᠡᠭᠦᠨ᠎ᠢ ᠭᠤᠤᠯᠳᠠᠭᠤ VR᠂ AR ᠂ MR ᠭᠡᠵᠦ᠍ ᠭᠤᠤᠯᠳᠠᠭᠤ ᠭᠤᠷᠪᠠᠨ ᠲᠦᠷᠦᠯ᠎ᠳᠦ ᠬᠤᠪᠢᠶᠠᠨ ᠶᠠᠷᠢᠵᠦ᠍ ᠪᠤᠯᠤᠨ᠎ᠡ᠃ VR ᠭᠡᠵᠦ᠍ ᠬᠡᠢ᠌ᠰᠪᠦᠷᠢ ᠪᠤᠳᠠᠳᠦ ᠠᠬᠤᠢ ᠵᠢᠨ ᠮᠡᠷᠭᠡᠵᠢᠯ᠎ᠢ ᠶᠠᠷᠢᠵᠦ᠍᠂ AR ᠭᠡᠵᠦ᠍ ᠴᠢᠩᠭᠠᠳᠭᠠᠯ ᠪᠤᠳᠠᠳᠦ ᠠᠬᠤᠢ ᠵᠢᠨ ᠮᠡᠷᠭᠡᠵᠢᠯ ᠪᠠᠢ᠌ᠵᠦ᠍᠂ MR ᠭᠡᠵᠦ᠍ VR ᠪᠠ AR ᠨᠡᠢ᠌ᠯᠡᠯᠴᠡᠵᠦ᠍ ᠬᠤᠯᠢᠮᠠᠭ ᠪᠤᠳᠠᠳᠦ ᠠᠬᠤᠢ ᠵᠢᠨ ᠮᠡᠷᠭᠡᠵᠢᠯ MR ᠪᠤᠯᠬᠤ ᠵᠢ ᠵᠢᠭᠠᠳᠠᠭ ᠃


656+5+.jpg


99.jpg


ᠬᠡᠢ᠌ᠰᠪᠦᠷᠢ ᠪᠤᠳᠠᠳᠦ ᠠᠬᠤᠢ ᠨᠢ ᠬᠦᠮᠦᠨ ᠲᠦᠷᠦᠯᠬᠢᠲᠡᠨ᠎ᠳᠦ ᠬᠡᠢ᠌ᠰᠪᠦᠷᠢ ᠵᠤᠬᠢᠶᠠᠮᠠᠯ ᠤᠷᠴᠢᠨ ᠲᠤᠭᠤᠷᠢᠨ᠎ᠢ ᠪᠤᠢ ᠪᠤᠯᠭᠠᠵᠦ᠍᠂ ᠤᠷᠤᠯᠴᠠᠭ᠍ᠴᠢ ᠵᠢ ᠬᠡᠢ᠌ᠰᠪᠦᠷᠢ ᠪᠤᠳᠠᠳᠦ ᠠᠬᠤᠢ ᠵᠢᠨ ᠤᠷᠴᠢᠨ ᠲᠤᠭᠤᠷᠢᠨ ᠲᠤᠳᠤᠷᠠᠬᠢ ᠭᠤᠷᠪᠠᠨ ᠬᠡᠮᠵᠢᠯ᠎ᠤᠨ ᠦᠵᠡᠮᠵᠢ ᠪᠠᠢ᠌ᠳᠠᠯ᠎ᠢ ᠮᠡᠳᠡᠷᠡᠭᠦᠯᠦᠨ ᠬᠠᠷᠠᠭᠠᠨ᠎ᠤ ᠰᠠᠷᠠᠯ᠂ ᠰᠤᠨᠤᠰᠭᠤ ᠰᠡᠷᠡᠯ᠂ ᠬᠦᠷᠦᠯᠴᠡᠬᠦ᠌ ᠰᠡᠷᠡᠯ᠂ ᠦᠨᠦᠷᠯᠡᠬᠦ᠌ ᠰᠡᠷᠡᠯ ᠵᠢᠡᠷ ᠲᠠᠮᠵᠢᠭᠤᠯᠵᠦ᠍ ᠲᠤᠬᠠᠢ ᠵᠢᠨ ᠲᠠᠯᠠᠪᠤᠷ ᠲᠦ᠍ ᠤᠴᠢᠭ᠍ᠰᠠᠨ ᠲᠦᠷᠦᠭ᠌ᠳᠡᠯ᠎ᠢ ᠤᠯᠭᠤᠳᠠᠭ ᠪᠠᠢ᠌ᠨ᠎ᠡ᠃ ᠴᠢᠩᠭᠠᠳᠭᠠᠯ ᠪᠤᠳᠠᠳᠦ ᠠᠬᠤᠢ᠎ᠶᠢᠨ ᠮᠡᠷᠭᠡᠵᠢᠯ ᠨᠢ ᠪᠤᠳᠠᠳᠦ ᠠᠬᠤᠢ ᠲᠤᠮᠳᠠᠬᠢ ᠪᠡᠶᠡᠴᠢᠯᠡᠨ ᠤᠷᠤᠯᠴᠠᠵᠦ᠍ ᠲᠡᠢ᠌ᠯᠬᠦ᠌ ᠦᠭᠡᠢ ᠪᠤᠯᠤᠭ᠍ᠰᠨᠨ ᠵᠦᠢᠯ᠎ᠢ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠵᠢᠡᠷ ᠲᠠᠮᠵᠢᠭᠤᠯᠵᠦ᠍᠂ ᠪᠤᠳᠠᠳᠦ ᠠᠬᠤᠢ ᠵᠢ ᠲᠠᠭᠤᠷᠢᠶᠠᠨ ᠦᠢᠯᠡᠳᠦᠭ᠌ᠰᠡᠨ᠎ᠤ ᠲᠠᠷᠠᠭ᠎ᠡ ᠲᠠᠬᠢᠨ ᠬᠦᠮᠦᠰ᠎ᠢ ᠤᠷᠤᠯᠴᠠᠭᠤᠯᠵᠦ᠍᠂ ᠪᠤᠳᠠᠳᠦ ᠠᠬᠤᠢ ᠡᠴᠡ ᠲᠠᠪᠠᠭ᠍ᠰᠠᠨ ᠲᠦᠷᠦᠭ᠌ᠳᠡᠯ ᠪᠠ ᠦᠢᠯᠠᠭᠠᠯᠲᠠ ᠦᠭ᠌ᠳᠡᠭ᠃ ᠬᠤᠯᠢᠮᠠᠭ ᠪᠤᠳᠠᠳᠦ ᠠᠬᠤᠢ ᠨᠢ ᠪᠤᠳᠠᠳᠦ ᠠᠬᠤᠢ ᠪᠠ ᠬᠡᠢ᠌ᠰᠪᠦᠷᠢ ᠠᠬᠤᠢ ᠵᠢ ᠤᠶᠠᠯᠳᠤᠭᠤᠯᠵᠦ᠍᠂ ᠱᠢᠨ᠎ᠡ ᠨᠢᠭᠡᠨ ᠬᠠᠷᠠᠭ᠍ᠳᠠᠴᠠ ᠪᠦᠬᠦᠢ ᠭᠤᠷᠪᠠᠨ ᠬᠡᠮᠵᠢᠯᠲᠦ ᠤᠷᠴᠢᠨ ᠲᠤᠭᠤᠷᠢᠨ᠎ᠢ ᠪᠤᠢ ᠪᠤᠯᠭᠠᠵᠦ᠍ ᠲᠡᠢ᠌ᠯᠦᠨ᠎ᠡ ᠃

VR᠂ AR᠂ MR ᠮᠡᠷᠭᠡᠵᠢᠯ᠎ᠤᠨ ᠬᠦᠭ᠌ᠵᠢᠯᠲᠡ ᠵᠢ ᠲᠠᠭᠠᠯᠳᠤᠨ ᠰᠤᠨᠢᠨ ᠮᠡᠳᠡᠭᠡᠨ᠎ᠤ ᠠᠵᠢᠯ ᠲᠦᠷᠦᠯ ᠨᠢ ᠮᠠᠰᠢ ᠶᠡᠬᠡ ᠲᠤᠩᠰᠤᠯᠤᠯᠲᠠ᠎ᠳᠦ ᠤᠴᠠᠷᠠᠵᠠᠢ᠃ ᠡᠳᠡᠭᠡᠷ ᠮᠡᠷᠭᠡᠵᠢᠯ ᠨᠢ᠎ᠳ᠋ᠠᠢᠲ᠋ᠠ ᠠᠭᠤᠳᠠᠯᠯᠠᠬᠤ᠂ ᠮᠠᠱᠢᠨ ᠰᠤᠷᠤᠯᠴᠠᠯᠭ᠎ᠠ ᠪᠠ ᠲᠠᠨᠢᠨ ᠮᠡᠳᠡᠷᠡᠭᠦᠢ ᠵᠢᠨ ᠪᠠᠭᠠᠵᠢ ᠪᠠᠷ ᠳᠠᠮᠵᠢᠭᠤᠯᠵᠦ᠍᠂ ᠰᠤᠨᠢᠨ ᠮᠡᠳᠡᠭᠡ ᠮᠡᠳᠡᠭᠡᠯᠡᠬᠦ᠌᠎ᠳᠦ ᠬᠠᠪᠰᠤᠷᠤᠮᠵᠢ ᠦᠵᠡᠬᠦᠯᠵᠦ᠍ ᠪᠠᠢ᠌ᠨ᠎ᠡ᠃ ᠡᠳᠡᠭᠡᠷ ᠮᠡᠷᠭᠡᠵᠢᠯ ᠵᠢᠡᠷ ᠲᠠᠮᠵᠢᠭᠤᠯᠵᠦ᠍ ᠰᠤᠨᠢᠨ ᠮᠡᠳᠡᠭᠡᠨ᠎ᠤ ᠬᠡᠷᠡᠭ ᠤᠴᠢᠷ᠎ᠢ ᠲᠠᠬᠢᠨ ᠢᠯᠡᠷᠡᠭᠦᠯᠬᠦ᠌ ᠵᠢᠨ ᠬᠠᠮᠲᠦ ᠰᠤᠨᠢᠨ ᠮᠡᠳᠡᠭᠡᠨ᠎ᠤ ᠬᠡᠷᠡᠭ ᠤᠴᠢᠷ᠎ᠤᠨ ᠲᠤᠬᠠᠢ ᠵᠢᠨ ᠴᠠᠬ᠎ᠤᠨ ᠦᠵᠡᠭ᠌ᠳᠡᠯ᠎ᠢ ᠲᠠᠬᠢᠨ ᠢᠯᠡᠷᠡᠭᠦᠯᠵᠦ᠍ ᠂ ᠬᠦᠯᠢᠶᠠᠨ ᠠᠪᠤᠭ᠍ᠴᠢᠳ᠎ᠢ ᠪᠡᠶᠡᠴᠢᠯᠡᠨ ᠤᠷᠤᠯᠴᠠᠭᠤᠯᠵᠦ᠍ ᠲᠡᠢ᠌ᠯᠦᠨ᠎ᠡ᠃ ᠡᠳᠡᠭᠡᠷ ᠮᠡᠷᠭᠡᠵᠢᠯ ᠵᠢᠡᠷ ᠲᠠᠮᠵᠢᠭᠤᠯᠵᠦ᠍ ᠰᠤᠨᠢᠨ ᠮᠡᠳᠡᠭᠡᠨ᠎ᠤ ᠠᠭᠤᠯᠭ᠎ᠡ ᠪᠠ ᠲᠠᠮᠵᠢᠭᠤᠯᠭ᠎ᠡ ᠵᠢᠨ ᠱᠢᠨ᠎ᠡ ᠬᠡᠯᠪᠡᠷᠢ ᠵᠢ ᠡᠭᠦᠳᠦᠭ᠌ᠰᠡᠨ ᠪᠠᠢ᠌ᠨ᠎ᠡ ᠃

ᠮᠤᠩᠭᠤᠯ ᠰᠤᠨᠢᠨ ᠮᠡᠳᠡᠭᠡᠨ᠎ᠤ ᠲᠤᠬᠠᠢ᠌ᠯᠠᠬ᠍ᠰᠠᠨ ᠠᠵᠢᠯ᠎ᠳᠦ VR᠂ AR᠂ MR ᠮᠡᠷᠭᠡᠵᠢᠯ ᠨᠢ ᠶᠡᠷᠦᠩᠬᠡᠢ᠎ᠳᠡᠭᠡᠨ ᠡᠬᠢᠯᠡᠨ ᠠᠱᠢᠬ᠍ᠯᠠᠬ᠍ᠳᠠᠬᠤ ᠠᠩᠬᠠᠨ᠎ᠦ ᠱᠠᠲᠤᠨ᠎ᠳᠦ ᠤᠷᠤᠱᠢᠵᠦ᠍᠂ ᠭᠤᠤᠯᠳᠠᠭᠤ ᠰᠤᠨᠢᠨ ᠮᠡᠳᠡᠭᠡᠨ᠎ᠤ᠎ᠬᠡᠷᠡᠭ ᠤᠴᠢᠷ ᠵᠢᠴᠢ ᠲᠤᠬᠠᠢ ᠵᠢᠨ ᠲᠠᠯᠠᠪᠤᠷ᠎ᠤᠨ ᠲᠠᠬᠢᠨ ᠢᠯᠡᠷᠡᠭᠦᠯᠦᠯ᠎ᠤᠨ ᠬᠡᠯᠪᠡᠷᠢ ᠪᠠᠷ ᠢᠯᠡᠷᠡᠵᠦ᠍ ᠪᠠᠢ᠌ᠨ᠎ᠡ᠃ ᠡᠭᠦᠨ᠎ᠳᠦ ᠦᠪᠤᠷ ᠮᠤᠡᠭᠭᠤᠯ᠎ᠤᠨ ᠮᠤᠩᠭᠤᠯ ᠤᠳᠤᠨ ᠲᠸᠯᠸᠢᠰ ᠨᠢ VR᠂ AR ᠮᠡᠷᠭᠡᠵᠢᠯ᠎ᠢ ᠬᠡᠷᠡᠭ᠌ᠯᠡᠨ ᠤᠢ᠍ᠢᠷ᠎ᠡ ᠵᠢᠨ ᠬᠤᠶᠠᠷ ᠵᠢᠯ ᠡᠴᠡ ᠡᠬᠢᠯᠡᠨ ᠪᠦᠷᠢᠨ ᠵᠠᠭᠤᠴᠢᠯᠠᠭᠤᠷ᠎ᠤᠨ ᠴᠦᠬᠡᠨ ᠲᠤᠭᠠᠨ᠎ᠤ ᠦᠢᠯᠡᠳᠬᠦᠨ᠎ᠢ ᠦᠢᠯᠡᠳᠦᠭ᠌ᠰᠡᠨ ᠪᠠᠢ᠌ᠳᠠᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号