ᠡᠭᠡᠯ ᠪᠣᠷᠣᠬ ᠡᠪᠡᠰᠦ ᠪᠣᠯᠵᠦ
ᠡᠬᠡ ᠣᠷᠣᠨᠤ ᠡᠯᠢᠭᠡᠨ ᠳ᠋ᠦ ᠣᠷᠭᠣᠬᠣ ᠰᠠᠨ
ᠡᠩᠭᠡᠷᠤᠨ ᠴᠠᠭᠠᠨ ᠴᠢᠯᠠᠭᠣᠳᠢ ᠨᠢ
ᠨᠣᠭᠣᠭᠠᠨ ᠦᠩᠭᠡ ᠪᠡᠷ ᠬᠣᠴᠢᠬᠣ ᠰᠠᠨ
ᠡᠷᠬᠢ ᠪᠠᠨ ᠲᠠᠪᠠᠷᠠᠬᠣ ᠣᠰᠣᠶᠢ ᠨᠢ
ᠨᠣᠮᠢᠨ ᠴᠡᠩᠭᠡᠷ ᠶ᠋ᠢᠡᠷ ᠰᠦᠯᠡᠬᠦ ᠰᠠᠨ
ᠦᠯᠢᠶᠡᠬᠦ ᠰᠠᠯᠬᠢᠨᠤ ᠬᠣᠷᠮᠣᠢᠶᠢ ᠨᠢ
ᠡᠵᠢᠶᠢᠨ ᠲᠡᠷᠯᠢᠭ ᠰᠢᠭ ᠴᠢᠮᠡᠬᠦ ᠰᠠᠨ
ᠬᠠᠬᠲᠠᠶᠢᠨ ᠬᠦᠯ ᠡᠴᠡ ᠰᠣᠶᠣᠭᠠᠯᠠᠵᠦ ᠪᠢ
ᠬᠠᠪᠣᠷᠤᠨ ᠮᠣᠳᠣᠳ ᠲᠠᠢ ᠢᠵᠢᠯᠢᠲᠦᠬᠦ ᠰᠠᠨ
ᠬᠠᠩᠭᠠᠢ ᠬᠦᠭᠵᠢᠮᠲᠡᠬᠦ ᠲᠦᠯᠤᠨ ᠬᠢᠨ
ᠰᠦ ᠲᠠᠢ ᠣᠷᠣᠭᠣᠯᠢ ᠨᠢ ᠪᠣᠳᠣᠬᠣ ᠰᠠᠨ
ᠬᠠᠯᠢᠨ ᠵᠢᠷᠬᠢᠬᠦ ᠰᠢᠪᠠᠭᠣᠳᠤᠨ ᠬᠢᠨ
ᠰᠠᠢᠬᠠᠨ ᠵᠢᠬᠦᠷᠢ ᠨᠢ ᠶᠠᠩᠵᠣᠯᠠᠬᠣ ᠰᠠᠨ
ᠬᠡᠢᠪᠤᠷ ᠰᠢᠷᠭᠠᠯ ᠪᠦᠷᠦᠢᠶᠢ ᠨᠢ
ᠰᠣᠳᠣᠨ ᠦᠨᠦᠷᠶ᠋ᠢᠡᠷ ᠪᠦᠷᠢᠬᠦ ᠰᠠᠨ
ᠵᠢᠷᠣᠬ ᠴᠡᠴᠡᠭᠤᠨ ᠵᠣᠨᠶ᠋ᠢᠡᠷ ᠪᠢ
ᠵᠣ ᠰᠢᠯᠢ ᠪᠡᠷ ᠭᠠᠩᠭᠠᠷᠠᠬᠣ ᠰᠠᠨ
ᠰᠢᠯᠦᠨ ᠪᠣᠯᠣᠷ ᠰᠢᠬᠦᠲᠡᠷᠢᠶᠢ ᠨᠢ
ᠰᠣᠷᠮᠣᠣᠰᠣᠨ ᠲᠡᠭᠡᠷᠡ ᠪᠠᠨ ᠡᠩᠬᠦᠷᠡᠢᠯᠡᠬᠦ ᠰᠠᠨ
ᠰᠠᠷᠠᠨᠤ ᠮᠦᠩᠬᠦᠨ ᠡᠬᠡᠰᠢᠭᠢ ᠨᠢ
ᠰᠣᠲᠠᠰᠣᠨ ᠲᠡᠭᠡᠷᠡ ᠪᠠᠨ ᠲᠣᠪᠰᠢᠬᠣ ᠰᠠᠨ
ᠰᠦᠨᠢ ᠪᠡᠷ ᠲᠣᠬᠯᠠᠬᠣ ᠮᠦᠷ ᠤ᠋ᠤᠨᠢ ᠨᠢ
ᠰᠡᠮᠡᠷᠬᠡᠨ ᠡᠪᠦᠷ ᠲᠡᠭᠡᠨ ᠡᠪᠡᠢᠯᠡᠬᠦ ᠰᠠᠨ
ᠨᠡᠬᠦᠳᠡᠯ ᠴᠦᠷᠬᠦᠯᠡᠬᠦ ᠨᠠᠮᠣᠷ ᠶ᠋ᠢᠡᠷ ᠪᠢ
ᠨᠠᠪᠴᠢᠰ ᠰᠢᠷᠭᠠᠯᠲᠣᠨ ᠬᠠᠯᠢᠭᠣᠷᠠᠬᠣ ᠰᠠᠨ
ᠨᠣᠶᠠᠨ ᠲᠡᠭᠷᠢᠶᠢᠨ ᠬᠠᠶᠠᠭᠠᠶᠢ ᠨᠢ
ᠲᠣᠰᠣᠨ ᠪᠣᠲᠣᠬ ᠶ᠋ᠢᠡᠷ ᠵᠢᠷᠣᠬᠣ ᠰᠠᠨ
ᠨᠠᠷᠠᠨᠤ ᠴᠠᠭᠠᠨ ᠦᠷᠢ ᠨᠢ
ᠬᠠᠲᠣᠯᠠᠩᠤᠨ ᠲᠠᠭᠣᠣ ᠪᠡᠷ ᠬᠦᠭᠯᠡᠬᠦ ᠰᠠᠨ
ᠨᠣᠲᠣᠬᠤᠨ ᠪᠣᠭᠣᠷᠣᠯ ᠲᠣᠮᠣᠬᠢ ᠨᠢ
ᠬᠡᠭᠡᠷᠡᠶᠢᠨ ᠴᠠᠢ ᠲᠠᠢ ᠨᠢ ᠬᠠᠭᠣᠴᠢᠯᠠᠬᠣ ᠰᠠᠨ
ᠴᠠᠰᠣ ᠪᠦᠵᠢᠬᠦ ᠡᠪᠦᠯ ᠶ᠋ᠢᠡᠷ ᠪᠢ
ᠴᠢᠯᠠᠭᠣᠳ ᠲᠠᠢ ᠶᠠᠷᠢᠵᠦ ᠦᠨᠵᠢᠬᠦ ᠰᠠᠨ
ᠴᠠᠬᠢᠯᠠᠬᠣ ᠴᠠᠭᠠᠨ ᠵᠡᠭᠡᠷᠡᠶᠢᠨ ᠬᠢᠨᠢ
ᠴᠢᠮᠡᠭᠡᠶᠢ ᠨᠢ ᠠᠨᠢᠷᠯᠠᠵᠦ ᠬᠦᠯᠢᠶᠡᠬᠦ ᠰᠠᠨ
ᠴᠠᠢᠯᠵᠠᠬᠣ ᠮᠠᠯᠴᠢᠨ ᠠᠢᠯᠤᠨ ᠬᠢᠨᠢ
ᠰᠦᠷᠦᠭᠢ ᠨᠢ ᠪᠠᠷᠠᠲᠠᠵᠦ ᠦᠨᠳᠡᠯᠵᠡᠬᠦ ᠰᠠᠨ
ᠰᠢᠨᠡᠬᠡᠨ ᠦᠨᠳᠦᠰᠦᠶᠢ ᠮᠢᠨᠢ ᠦᠷᠬᠦᠯᠵᠢᠯᠡᠬᠦᠯᠬᠦ
ᠰᠢᠷᠣᠢᠳᠤᠨ ᠡᠯᠢᠭᠡᠶᠢ ᠨᠢ ᠪᠦᠯᠢᠶᠡᠰᠭᠡᠬᠦ ᠰᠠᠨ
ᠡᠭᠡᠯ ᠪᠣᠷᠣᠬ ᠡᠪᠡᠰᠦ ᠪᠣᠯᠵᠦ
ᠡᠬᠡ ᠣᠷᠣᠨᠤ ᠪᠠᠨ ᠡᠯᠢᠭᠡᠨ ᠳ᠋ᠦ ᠣᠷᠭᠣᠬᠣ ᠰᠠᠨ
ᠡᠷᠬᠢᠬᠦ ᠣᠯᠠᠷᠢᠯᠤᠨ ᠠᠯᠠᠭᠠᠨ ᠳ᠋ᠦ ᠪᠢ
ᠦᠪᠡᠷᠤᠨ ᠦᠩᠭᠡ ᠪᠡᠷ ᠪᠠᠢᠬᠣ ᠰᠠᠨ