ᠮᠦᠷᠦᠭᠡᠳᠤᠯ᠎ᠳᠤ ᠬᠢᠯᠠᠯᠵᠠᠬᠤ ᠮᠦᠡᠭ᠌ᠬᠦᠨ ᠨᠤᠳᠤᠭ
2022-01-05 09:33:09
ᠵᠣᠬᠢᠶᠠᠭ᠍ᠴᠢ᠄
​ᠡ᠊ · ᠤᠷᠳᠤᠨᠠᠰᠤᠳᠤ
ᠣᠩᠱᠢᠭ᠍ᠰᠠᠨ ᠣᠳᠠᠭ᠎ᠠ᠄
★★★☆☆

ᠬᠦᠭᠡᠮᠳᠦᠭ ᠠᠭᠤᠯᠠᠰ᠎ᠢ ᠴᠠᠰᠤ ᠬᠤᠴᠢᠵᠤ

ᠲᠤᠮᠤᠭ᠎ᠤᠨ᠎ᠬᠢ ᠶᠤᠮ ᠱᠢᠭ᠋ ᠬᠠᠷᠠᠭ᠍ᠳᠠᠨ᠎ᠠ

ᠬᠦᠨᠳᠡᠯᠠᠨ᠎ᠤ ᠭᠠᠵᠠᠷ ᠨᠤᠳᠤᠭ᠎ᠢ ᠡᠷᠢᠬᠦᠯᠵᠤ

ᠲᠤᠭ᠍ᠳᠤᠯᠬᠤ ᠵᠢᠷᠦᠭᠡ᠎ᠶ᠋ᠢ ᠦᠢᠮᠤᠷᠠᠭᠤᠯᠤᠨ᠎ᠠ


ᠤᠨᠢᠶᠠᠷ ᠲᠠᠳᠠᠭ᠍ᠰᠠᠨ ᠬᠤᠯᠠ᠎ᠶ᠋ᠢᠨ ᠨᠤᠳᠤᠭ

ᠪᠤᠳᠤᠯ᠎ᠳᠤ ᠨᠢᠭᠡᠯᠠ ᠰᠦᠮᠡᠭᠡᠷ —

ᠠᠭᠤᠷ ᠴᠠᠩᠳᠤᠭ᠍ᠰᠠᠨ ᠬᠢᠷ᠎ᠠ᠎ᠶ᠋ᠢᠨ ᠴᠢᠯᠠᠭᠤᠳ᠎ᠨᠢ

ᠢᠯᠴᠢ᠎ᠲᠠᠢ ᠶᠤᠮ ᠱᠢᠭ᠋ ᠲᠤᠯᠠᠭᠠᠬᠠᠨ —


ᠴᠠᠰᠤ ᠮᠠᠯᠳᠠᠬᠤ ᠮᠤᠷᠢᠳ᠎ᠤᠨ ᠲᠤᠭᠤᠷᠠᠢ

ᠭᠠᠨᠭ᠌᠎ᠲᠠᠢ ᠶᠤᠮ ᠱᠢᠭ᠋ ᠬᠠᠳᠠᠭᠤ —

ᠴᠠᠭᠠᠨ᠎ᠠ ᠭᠤᠪᠢ᠎ᠶ᠋ᠢᠨ ᠬᠦᠭᠡᠮᠳᠦᠭ ᠤᠨᠢᠶᠠᠷ

ᠭᠠᠯ᠎ᠲᠠᠢ ᠶᠤᠮ ᠱᠢᠭ᠋ ᠤᠶᠠᠨ —


ᠡᠪᠤᠯ᠎ᠤᠨ ᠲᠡᠭ᠌ᠷᠢ ᠨᠢᠭᠡᠯᠠ ᠨᠠᠳᠦᠭᠡᠷ

ᠡᠳᠤᠷᠵᠢᠨ ᠬᠠᠶᠠᠯᠠᠬᠤ ᠴᠠᠰᠤᠨ ᠨᠠᠪᠰᠡᠭᠡᠷ

ᠦᠨᠳᠤᠷ ᠨᠠᠮ ᠭᠤᠪᠢ ᠴᠦᠯ

ᠦᠪᠴᠢ ᠎ᠳᠡᠭᠡᠨ ᠴᠠᠢᠷᠠᠨ ᠮᠦᠡᠭ᠌ᠬᠦ ᠱᠢᠭ ᠴᠠᠭᠠᠨ᠃


ᠴᠠᠰᠤ᠎ᠲᠠᠢ ᠡᠳᠤᠷ᠎ᠤᠳ᠎ᠤᠨ ᠲᠡᠭ᠌ᠷᠢ ᠲᠤᠤᠷ᠎ᠠ

ᠦᠭᠡᠬᠦᠨ ᠪᠦᠮᠪᠦᠭᠡ ᠰᠢᠭ ᠰᠦᠷᠦᠭ ᠴᠠᠭᠠᠨ

ᠦᠭᠡᠬᠦᠨ ᠪᠦᠮᠪᠦᠭᠡ ᠰᠢᠭ ᠰᠦᠷᠦᠭ᠎ᠢᠶᠠᠨ ᠬᠠᠷᠠᠭ᠍ᠰᠠᠨ

ᠡᠪᠤᠭᠡᠨ ᠬᠤᠨᠢᠴᠢᠨ᠎ᠤ ᠰᠠᠬᠠᠯ᠎ᠨᠢ ᠴᠤ᠌ ᠴᠠᠭᠠᠨ


ᠲᠡᠯᠡᠭᠡᠢ ᠴᠠᠭᠠᠨ ᠰᠦᠷᠦᠭ ᠴᠠᠭᠠᠨ

ᠲᠡᠭᠡᠷ᠎ᠡ᠎ᠨᠢ ᠬᠦᠮᠦᠰ᠎ᠤᠨ ᠰᠡᠳᠭᠢᠯ ᠴᠠᠭᠠᠨ

ᠲᠠᠪᠬᠢᠵᠤ ᠢᠷᠠᠬᠦ᠌ ᠠᠳᠤᠭᠤᠴᠢᠨ᠎ᠤ ᠪᠠᠷ᠎ᠠ

ᠲᠦᠬᠦᠮ ᠲᠤᠭᠤᠴᠠᠭᠠᠳ ᠴᠤᠯᠤ ᠴᠠᠭᠠᠨ᠃


ᠡᠪᠤᠯ᠎ᠤᠨ ᠲᠡᠭ᠌ᠷᠢ ᠮᠤᠩᠭᠤᠯ ᠨᠤᠳᠤᠭ᠎ᠲᠤ

ᠦᠷᠦ᠍᠎ᠪᠠᠨ ᠲᠡᠯᠭᠡᠭᠡᠳ ᠬᠤᠨ ᠴᠠᠭᠠᠨ

ᠦᠭᠡᠳᠠ ᠤᠷᠤᠭᠤ ᠲᠠᠷᠠᠰᠤ ᠰᠦᠯᠵᠢᠭ᠌ᠰᠡᠨ

ᠦᠨᠡᠭᠡ ᠲᠠᠤᠯᠠᠢ᠎ᠶ᠋ᠢᠨ ᠬᠢᠨᠢ ᠮᠦᠷ᠎ᠨᠢ ᠴᠤ᠌ ᠴᠠᠭᠠᠨ


ᠰᠠᠷᠠᠭᠤᠯ ᠮᠤᠩᠭᠤᠯ ᠨᠤᠳᠤᠭ᠎ᠤᠨ ᠮᠢᠨᠢ

ᠡᠪᠤᠯ᠎ᠨᠢ ᠴᠤ᠌ ᠭᠡᠯ᠎ᠡ ᠰᠠᠢᠬᠠᠨ ᠪᠠᠢᠨ᠎ᠠ

ᠰᠠᠨᠠᠭ᠎ᠠ ᠵᠠᠶᠠᠭ᠎ᠠ ᠬᠤᠶᠠᠷ᠎ᠢᠶᠠᠨ ᠱᠢᠭ᠋

ᠰᠦᠨ᠎ᠤ ᠦᠡᠭ᠌ᠭᠡ᠎ᠪᠠᠷ ᠴᠠᠭᠠᠬᠠᠨ ᠯᠡ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号