ᠱᠢᠪᠠᠭᠤᠨ᠎ᠤ ᠮᠦᠷ
2022-01-05 09:35:06
ᠵᠣᠬᠢᠶᠠᠭ᠍ᠴᠢ᠄
​ ᠶᠤ · ᠡᠷᠳᠡᠨᠢᠳᠤᠭ᠍ᠳᠠᠬᠤ
ᠣᠩᠱᠢᠭ᠍ᠰᠠᠨ ᠣᠳᠠᠭ᠎ᠠ᠄
★★★☆☆

ᠶᠤᠰᠤᠳᠠᠢ ᠰᠠᠢᠬᠠᠨ ᠭᠡᠵᠦ᠍ ᠪᠤᠯᠵᠤᠮᠤᠷ ᠱᠢᠪᠠᠭᠤᠳ

ᠶᠤᠤᠳᠠᠩ ᠴᠠᠭᠠᠨ ᠴᠠᠰᠤᠨ ᠳᠡᠭᠡᠷ᠎ᠡ ᠪᠠᠭᠤᠨ᠎ᠠ

ᠶᠢᠷᠲᠢᠨᠴᠦ᠍᠎ᠶ᠋ᠢᠨ ᠭᠤᠷᠪᠠ ᠱᠢᠭ᠋ ᠮᠦᠷ᠎ᠢᠶᠠᠨ ᠱᠠᠳᠯᠠᠵᠦ᠍

ᠴᠠᠰᠤᠨ᠎ᠤ ᠴᠠᠭᠠᠨ᠎ᠢ ᠮᠡᠳᠭᠡᠨ ᠵᠢᠷᠬᠢᠯᠳᠦᠨ᠎ᠡ᠄


ᠬᠦᠬᠡᠬᠡ ᠡᠪᠦᠯ᠎ᠤᠨ ᠵᠢᠰᠤ ᠴᠠᠭᠠᠨ

ᠬᠦᠢᠲᠡᠨ ᠤᠯᠠᠷᠢᠯ᠎ᠤᠨ ᠨᠠᠰᠤ ᠴᠠᠭᠠᠨ

ᠬᠦᠨᠳᠦᠲᠠᠢ ᠰᠠᠷ᠎ᠠ᠎ᠶ᠋ᠢᠨ ᠨᠡᠷ᠎ᠡ ᠴᠠᠭᠠᠨ


ᠬᠡᠷᠢᠶ᠎ᠡ ᠶᠠᠪᠤᠭ᠍ᠰᠠᠨ ᠴᠤ᠌ ᠮᠦᠷ᠎ᠨᠢ ᠴᠠᠭᠠᠨ

ᠰᠡᠭᠦᠳᠡᠷ ᠳᠤᠰᠤᠭ᠍ᠰᠠᠨ ᠴᠤ᠌ ᠦᠩᠭᠡ᠎ᠨᠢ ᠴᠠᠭᠠᠨ

ᠰᠦᠨᠢ ᠪᠤᠯᠤᠭ᠍ᠰᠠᠨ ᠴᠤ᠌ ᠴᠢᠨᠠᠷ᠎ᠨᠢ ᠴᠠᠭᠠᠨ


ᠰᠠᠢᠨ ᠬᠦᠮᠦᠨ᠎ᠤ ᠮᠦᠷ ᠴᠠᠭᠠᠨ

ᠰᠠᠢᠨ ᠰᠠᠨᠠᠭᠠᠨ᠎ᠤ ᠵᠠᠮ ᠴᠠᠭᠠᠨ

ᠰᠠᠢᠨ ᠦᠢᠯᠡ᠎ᠶ᠋ᠢᠨ ᠪᠤᠶᠠᠨ ᠴᠠᠭᠠᠨ ᠁


ᠪᠤᠯᠵᠤᠮᠤᠷ ᠱᠢᠪᠠᠭᠤᠳ ᠡᠢᠨ ᠬᠦ᠌ ᠮᠡᠳᠭᠡᠯᠴᠡᠨ

ᠪᠤᠭ ᠪᠤᠭ ᠳᠡᠪᠬᠡᠷᠡᠨ ᠬᠦᠶᠦᠯᠳᠤᠨ᠎ᠡ

ᠭᠤᠷᠪᠠᠨ《ᠦᠯᠮᠡᠢ》 ᠎ᠲᠠᠢ ᠴᠠᠭᠠᠨ ᠮᠦᠷ᠎ᠨᠢ

ᠭᠤᠸ᠎ᠠ ᠰᠠᠢᠬᠠᠨ ᠰᠠᠨᠠᠭ᠎ᠠ ᠤᠷᠠᠯᠠᠨ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号