ᠮᠢᠨᠦ ᠡᠬᠡ ᠣᠯᠣᠰ
2022-01-05 09:36:06
ᠵᠣᠬᠢᠶᠠᠭ᠍ᠴᠢ᠄
​ ᠰᠠᠢᠨᠪᠠᠶᠠᠷ
ᠣᠩᠱᠢᠭ᠍ᠰᠠᠨ ᠣᠳᠠᠭ᠎ᠠ᠄
★★★☆☆

ᠰᠠᠨᠰᠠᠷ ᠲᠡᠭᠷᠢ᠎ᠶᠢᠨ ᠲᠠᠩᠨᠠᠢ ᠳ᠋ᠦ ᠰᠠᠴᠣᠷᠠᠬᠰᠠᠨ ᠨᠠᠷᠠᠨ ᠮᠡᠲᠦ ᠡᠬᠡ ᠣᠯᠣᠰ ᠮᠢᠨᠢ

ᠰᠦᠨᠢ᠎ᠶᠢᠨ ᠣᠬᠲᠠᠷᠭᠣᠢ ᠳ᠋ᠦ ᠲᠣᠶᠠᠭᠠᠷᠠᠬᠰᠠᠨ ᠰᠠᠷᠠᠨ ᠰᠢᠭ᠋ ᠡᠬᠡ ᠣᠯᠣᠰ ᠮᠢᠨᠢ

ᠰᠠᠪᠠ ᠲᠡᠯᠡᠬᠡᠢ᠎ᠶᠢ ᠴᠢᠮᠡᠭᠯᠡᠭᠰᠡᠨ ᠣᠲᠣᠨ ᠮᠡᠲᠦ ᠡᠬᠡ ᠣᠯᠣᠰ ᠮᠢᠨᠢ

ᠰᠡᠳᠬᠢᠯ ᠰᠡᠷᠬᠦᠭᠡᠬᠦ ᠠᠷᠢᠭᠣᠨ ᠠᠮᠢᠰᠬᠣᠯ ᠲᠠᠢ ᠲᠣᠩᠭᠠᠯᠠᠬ ᠠᠭᠠᠷ ᠮᠡᠳᠤ ᠡᠬᠡ ᠣᠯᠣᠰ ᠮᠢᠨᠢ



ᠠᠯᠲᠠᠨ ᠨᠠᠷᠠᠨ ᠲᠣᠯᠠᠢᠬᠰᠠᠨ ᠣᠷᠢᠬᠠᠨ ᠬᠠᠪᠣᠷ ᠪᠣᠯ ᠮᠢᠨᠦ ᠡᠬᠡ ᠣᠯᠣᠰ

ᠠᠯᠠᠬ ᠴᠡᠴᠡᠭ ᠦᠩᠭᠡ ᠪᠦᠷᠢᠲᠦᠭᠰᠡᠨ ᠣᠶᠠᠬᠠᠨ ᠵᠣᠨ ᠪᠣᠯ ᠮᠢᠨᠦ ᠡᠬᠡ ᠣᠯᠣᠰ

ᠡᠯᠪᠡᠭ ᠬᠣᠷᠢᠶᠠᠯᠲᠠ᠎ᠶᠢᠨ ᠲᠠᠭᠣᠣ ᠬᠠᠩᠬᠢᠨᠠᠬᠰᠠᠨ ᠲᠠᠩᠰᠣᠬ ᠨᠠᠮᠣᠷ ᠪᠤᠯ ᠡᠬᠡ ᠣᠯᠣᠰ ᠮᠢᠨᠢ

ᠦᠯᠡᠮᠵᠢ᠎ᠶᠢᠨ ᠭᠠᠢᠬᠠᠮᠰᠢᠬ ᠪᠦᠷᠢᠳᠦᠭᠰᠡᠨ ᠮᠦᠩᠬᠦᠨ ᠡᠪᠦᠯ ᠪᠣᠯ ᠮᠢᠨᠦ ᠡᠬᠡ ᠣᠯᠣᠰ



ᠠᠷᠣ ᠳ᠋ᠠᠭᠠᠨ ᠡᠬᠦᠷᠴᠦ ᠠᠯᠠᠭᠠᠨ ᠳ᠋ᠠᠭᠠᠨ ᠪᠦᠪᠡᠢᠯᠡᠭᠰᠡᠨ

ᠠᠪᠣ᠎ᠶᠢᠨ ᠬᠠᠢᠷ᠎ᠠ ᠪᠣᠯ ᠮᠢᠨᠦ ᠡᠬᠡ ᠣᠯᠣᠰ

ᠡᠪᠦᠷ ᠲᠡᠭᠡᠨ ᠲᠡᠪᠡᠷᠢᠵᠦ ᠦᠷ᠎ᠡ ᠪᠠᠨ ᠬᠦᠬᠦᠬᠦᠯᠦᠭᠰᠡᠨ

ᠡᠵᠢ᠎ᠶᠢᠨ ᠰᠡᠳᠬᠢᠯ ᠪᠣᠯ ᠮᠢᠨᠦ ᠡᠬᠡ ᠣᠯᠣᠰ



ᠡᠬᠡ ᠣᠯᠣᠰ ᠪᠣᠯ ᠮᠢᠨᠦ ᠰᠡᠳᠬᠢᠯ᠎ᠤᠨ ᠣᠮᠣᠬᠰᠢᠯ

ᠡᠬᠡ ᠣᠯᠣᠰ ᠪᠣᠯ ᠮᠢᠨᠦ ᠵᠢᠷᠦᠭᠡᠨ᠎ᠤ ᠣᠶᠠᠭ᠎ᠠ

ᠡᠬᠡ ᠣᠯᠣᠰ ᠪᠣᠯ ᠮᠢᠨᠦ ᠦᠢᠯᠡᠰ᠎ᠤᠨ ᠲᠦᠷᠦᠭᠡ

ᠡᠬᠡ ᠣᠯᠣᠰ ᠪᠣᠯ ᠮᠢᠨᠦ ᠵᠢᠷᠭᠠᠯ᠎ᠤᠨ ᠣᠨᠲᠣᠷᠣᠭ᠎ᠠ



ᠰᠡᠷᠬᠦᠨ ᠮᠠᠨᠲᠣᠯᠲᠠ᠎ᠶᠢᠨ ᠵᠡᠬᠦᠲᠦ ᠪᠠᠨ ᠲᠡᠷᠭᠡᠯᠰᠢᠬᠦᠯᠬᠦ ᠪᠡᠷ

ᠰᠠᠷᠠᠭᠣᠯ ᠭᠡᠭᠡᠨ ᠣᠲᠣᠬᠢᠴᠢᠯᠠᠬᠰᠠᠨ ᠣᠯᠣᠰ᠎ᠢ ᠪᠠᠢᠭᠣᠯᠬᠣ ᠪᠡᠷ

ᠰᠠᠶ᠎ᠠ ᠲᠦᠮᠡᠨ ᠠᠷᠠᠳ᠎ᠶ᠋ᠢᠡᠨ ᠬᠦᠲᠦᠯᠦᠨ ᠲᠠᠭᠠᠭᠣᠯᠵᠦ

ᠰᠢᠭᠣᠷᠬᠠᠢᠯᠠᠨ ᠲᠡᠮᠡᠴᠡᠵᠦ ᠪᠠᠢᠭ᠎ᠠ ᠡᠬᠡ ᠣᠯᠣᠰ ᠮᠢᠨᠢ !



ᠣᠶᠠᠩᠭ᠎ᠠ ᠰᠢᠯᠦᠭ᠎ᠤᠨ ᠪᠠᠲᠠᠬ ᠡᠬᠡ ᠣᠯᠣᠰ ᠮᠢᠨᠢ ᠭᠡᠳ ᠣᠨᠲᠣᠷᠲᠠᠬ

ᠣᠶᠣᠨ ᠰᠠᠨᠠᠭᠠᠨ᠎ᠤ ᠰᠣᠷᠪᠣᠯᠵᠢ ᠡᠬᠡ ᠣᠯᠣᠰ ᠮᠢᠨᠢ ᠭᠡᠵᠦ ᠪᠠᠲᠠᠷᠠᠲᠠᠬ

ᠵᠢᠷᠭᠠᠯ ᠴᠡᠩᠭᠡᠯ᠎ᠤᠨ ᠲᠣᠯᠠᠭᠠᠨ ᠦᠯᠦᠭᠡᠢ

ᠵᠢᠷᠦᠭᠡᠨ᠎ᠤ ᠠᠷᠭᠠᠮᠵᠢᠶ᠎ᠠ ᠡᠬᠡ ᠣᠯᠣᠰ ᠮᠢᠨᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号