ᠮᠣᠩᠭᠤᠯᠴᠤᠳ ᠡᠷᠲᠡᠨ᠎ᠠᠴᠠ ᠠᠪᠤᠭᠠᠳ ᠶᠢᠰᠦ᠎ᠶ᠋ᠢ ᠥᠯᠵᠡᠢ ᠪᠡᠯᠭᠡ ᠲᠠᠢ ᠲᠤᠭ᠎ᠠ ᠭᠡᠵᠤ ᠦᠵᠡᠭᠰᠡᠬᠡᠷ ᠢᠷᠡᠭ᠌ᠰᠡᠨ ᠶᠤᠮ᠃ ᠶᠢᠰᠦᠨ ᠬᠦᠰᠡᠯ᠎ᠤᠨ ᠪᠡᠯᠬᠡᠳᠡᠯ ᠨᠢ ᠴᠤ᠌
ᠮᠤᠨᠭᠭᠤᠯᠴᠤᠳ᠎ᠤᠨ ᠰᠠᠢᠨ ᠰᠠᠢᠬᠠᠨ᠎ᠤ ᠳᠦᠯᠦᠬᠡ᠎ᠬᠢ ᠳᠡᠮᠡᠦᠯᠦᠯ ᠵᠤᠷᠢᠯᠳᠡ ᠵᠢ ᠬᠠᠷᠠᠭᠤᠯᠵᠦ ᠪᠠᠢᠳᠠᠭ᠃
ᠮᠥᠩᠬᠡ᠎ᠶ᠋ᠢᠨ
ᠬᠦᠰᠡᠯ
ᠮᠣᠩᠭᠤᠯ ᠬᠥᠮᠥᠨ᠎ᠤ ᠣᠶᠣᠨ ᠰᠠᠨᠠᠭᠠᠨ᠎ᠳᠤ
ᠮᠠᠰᠢ ᠡᠷᠲᠡᠨ᠎ᠠᠴᠠ ᠮᠥᠩᠬᠡ᠎ᠶ᠋ᠢᠨ ᠰᠡᠳᠭᠢᠯᠭᠡ ᠲᠣᠰᠣᠭ᠍ᠰᠠᠨ ᠶᠤᠮ᠃ ᠮᠥᠩᠬᠡ᠎ᠶ᠋ᠢᠨ ᠡᠩᠬᠡ ᠵᠢᠷᠭᠠᠯ᠎ᠲᠠᠢ᠂
ᠦᠬᠦᠰᠢ ᠦᠭᠡᠢ ᠮᠥᠩᠬᠡ ᠪᠠᠢᠬᠤ᠎ᠶ᠋ᠢᠨ ᠬᠦᠰᠡᠯ᠎ᠲᠠᠢ᠃
ᠵᠢᠷᠭᠠᠯ᠎ᠤᠨ
ᠬᠦᠰᠡᠯ
ᠠᠮᠢᠳᠤ᠎ᠶ᠋ᠢᠨ ᠵᠢᠷᠭᠠᠯ ᠭᠡᠳᠡᠭ᠃
ᠵᠢᠷᠭᠠᠯ᠎ᠤᠨ ᠳᠡᠭᠡᠳᠦ᠍ᠨᠢ ᠰᠡᠳᠭᠢᠯ᠎ᠤᠨ ᠵᠢᠷᠭᠠᠯ᠂ ᠵᠢᠷᠭᠠᠯ᠎ᠠᠴᠠ ᠰᠠᠢᠬᠠᠨ ᠶᠠᠭᠤᠮ᠎ᠠ ᠦᠭᠡᠢ᠃ ᠥᠰᠭᠦ
ᠨᠠᠰᠤᠨ᠎ᠤ ᠵᠢᠷᠭᠠᠯ᠎ᠢ ᠵᠢᠷᠭᠠᠯ ᠭᠡᠵᠤ ᠪᠦᠦ ᠪᠣᠳᠣ ᠭᠡᠵᠤ ᠬᠡᠯᠡᠳᠡᠭ᠃
ᠦᠷ᠎ᠡ᠎ᠶ᠋ᠢᠨ
ᠬᠦᠰᠡᠯ
ᠠᠢᠯ ᠭᠡᠷ᠎ᠤᠨ ᠪᠠᠳᠠᠷᠠᠨ
ᠳᠡᠭ᠌ᠵᠢᠷᠡᠬᠦ᠌᠎ᠶ᠋ᠢᠨ ᠡᠬᠢ ᠪᠣᠯ ᠭᠠᠯ ᠭᠤᠯᠣᠮᠲᠠ᠎ᠪᠠᠨ
ᠰᠠᠬᠢᠵᠤ᠂ ᠭᠠᠯ᠎ᠢᠶᠠᠨ ᠪᠠᠳᠠᠷᠠᠭᠠᠨ᠂ ᠭᠡᠷ᠎ᠢᠶᠠᠨ ᠵᠠᠰᠠᠬᠤ ᠦᠷ᠎ᠡ ᠬᠡᠦᠬᠡᠳ ᠪᠣᠯᠣᠨ᠎ᠠ᠃ ᠡᠢᠮᠦ᠍ ᠤᠴᠢᠷ᠎ᠠᠴᠠ ᠮᠣᠩᠭᠤᠯᠴᠤᠳ 《ᠦᠷ᠎ᠡ᠎ᠶ᠋ᠢᠨ ᠪᠤᠶᠠᠨ》 ᠭᠡᠵᠤ ᠦᠷ᠎ᠡ ᠬᠡᠦᠬᠡᠳ᠎ᠢ ᠮᠥᠷᠥᠭᠡᠳᠴᠦ᠍ ᠪᠠᠢᠳᠠᠭ᠃ ᠦᠷ᠎ᠡ᠎ᠲᠠᠢ ᠬᠥᠮᠥᠨ᠎ᠤ ᠡᠪᠦᠷ
ᠳᠤᠯᠠᠭᠠᠨ᠂ ᠦᠷ᠎ᠡ ᠦᠭᠡᠢ ᠬᠥᠮᠥᠨ᠎ᠤ ᠡᠪᠦᠷ ᠬᠦᠢᠲᠡᠨ᠂ ᠦᠷ᠎ᠡ᠎ᠲᠠᠢ ᠬᠥᠮᠥᠨ᠎ᠤ ᠡᠪᠦᠷ ᠨᠣᠢᠲᠠᠨ᠂ ᠦᠷ᠎ᠡ ᠦᠭᠡᠢ
ᠬᠥᠮᠥᠨ᠎ᠤ ᠨᠢᠳᠦ ᠨᠣᠢᠲᠠᠨ ᠭᠡᠳᠡᠭ᠃
ᠡᠷᠳᠡᠮ᠎ᠤᠨ
ᠬᠦᠰᠡᠯ
ᠡᠷᠳᠡᠮ ᠪᠣᠯ ᠭᠤᠷᠪᠠᠨ ᠪᠠᠶᠠᠨ᠎ᠤ
ᠳᠡᠭᠡᠳᠦ᠍ᠳᠤ ᠣᠷᠣᠳᠠᠭ᠃ ᠬᠥᠮᠥᠨ᠎ᠤ ᠣᠶᠣᠨ ᠤᠬᠠᠭᠠᠨ᠎ᠨᠢ ᠬᠠᠮᠤᠭᠢ ᠪᠦᠲᠦᠭᠡᠵᠦ᠍ ᠪᠣᠯᠬᠤ᠎ᠳᠤ ᠣᠷᠣᠱᠢᠵᠤ
ᠪᠠᠢᠨ᠎ᠠ᠃ ᠮᠣᠩᠭᠤᠯ ᠬᠥᠮᠥᠨ 《ᠡᠷᠳᠡᠮ᠎ᠤᠨ ᠬᠦᠰᠡᠯ》 ᠢ 《ᠨᠣᠮ᠎ᠤᠨ ᠡᠷᠳᠡᠮ》᠂ 《ᠤᠷᠠᠯᠠᠬᠤ ᠡᠷᠳᠡᠮ》᠂ 《ᠪᠦᠲᠦᠭᠡᠬᠦ᠌ ᠡᠷᠳᠡᠮ》 ᠭᠡᠵᠤ ᠦᠵᠡᠳᠡᠭ᠃
ᠡᠷᠳᠡᠮᠲᠡᠨ ᠬᠥᠮᠥᠨ ᠳᠠᠯᠠᠢ᠂ ᠡᠷᠳᠡᠮ ᠦᠭᠡᠢ ᠬᠥᠮᠥᠨ ᠪᠠᠯᠠᠢ ᠭᠡᠳᠡᠭ᠃
ᠡᠷᠡᠭᠦᠯ᠎ᠤᠨ
ᠬᠦᠰᠡᠯ
ᠮᠣᠩᠭᠤᠯ ᠬᠥᠮᠥᠨ᠎ᠤ ᠬᠡᠯᠡᠳᠡᠭ 《ᠠᠮᠢᠳᠤ᠎ᠶ᠋ᠢᠨ ᠵᠢᠷᠭᠠᠯ》 ᠭᠡᠳᠡᠭ᠎ᠨᠢ ᠡᠷᠡᠭᠦᠯ᠎ᠤᠨ
ᠬᠦᠰᠡᠯ ᠶᠤᠮ᠃ ᠠᠮᠢᠳᠤ ᠶᠠᠪᠤᠪᠠᠯ ᠠᠷᠭ᠎ᠠ᠎ᠨᠢ ᠣᠯᠳᠠᠨ᠎ᠠ᠃ ᠠᠮᠢᠳᠤ ᠶᠠᠪᠤᠭ᠍ᠰᠠᠨ ᠬᠥᠮᠥᠨ ᠠᠯᠲᠠᠨ
ᠠᠶᠠᠭᠠᠨ᠎ᠠᠴᠠ ᠤᠰᠤ ᠤᠤᠭᠤᠨ᠎ᠠ᠃ ᠡᠷᠡᠭᠦᠯ ᠶᠠᠪᠤᠪᠠᠯ ᠡᠷᠳᠡᠨᠢ ᠴᠦ᠍ ᠣᠯᠣᠨ᠎ᠠ᠂ ᠰᠠᠷᠠᠭᠤᠯ ᠶᠠᠪᠤᠪᠠᠯ ᠰᠤᠪᠤᠳ
ᠴᠦ᠍ ᠣᠯᠣᠨ᠎ᠠ ᠭᠡᠵᠤ ᠬᠡᠯᠡᠳᠡᠭ᠃
ᠡᠨᠡᠷᠢᠯ᠎ᠤᠨ
ᠬᠦᠰᠡᠯ
ᠮᠣᠩᠭᠤᠯ ᠬᠥᠮᠥᠨ᠎ᠤ ᠰᠡᠳᠭᠢᠯᠭᠡᠨ᠎ᠳᠤ 《ᠰᠠᠢᠨ ᠰᠠᠨᠠᠭ᠎ᠠ》 ᠭᠡᠵᠤ ᠪᠠᠢᠳᠠᠭ᠃ ᠡᠨᠡ᠎ᠨᠢ ᠥᠷᠭᠡᠨ ᠣᠢᠯᠠᠭᠠᠯᠲᠠ ᠪᠠ ᠬᠥᠮᠥᠨ
ᠬᠥᠮᠥᠨ᠎ᠳᠡᠭᠡᠨ ᠨᠥᠬᠦᠷ ᠪᠣᠯᠵᠤ ᠲᠡᠭᠦᠨ᠎ᠢ᠎ᠪᠠᠨ ᠡᠨᠡᠷᠢᠨ ᠬᠠᠢᠷᠠᠯᠠᠬᠤ ᠨᠢᠭᠦᠯᠡᠰᠦᠩᠭᠦᠢ ᠰᠡᠳᠭᠢᠯ᠎ᠢᠶᠠᠷ
ᠡᠯᠪᠡᠷᠢᠬᠦ᠌ ᠤᠬᠠᠭᠠᠨᠶᠤᠮ᠃ᠡᠯᠪᠡᠷᠢᠯᠡᠯᠢᠭᠡᠨᠳᠡᠭᠡᠨ《ᠰᠡᠳᠭᠢᠯ》ᠡᠨᠡᠷᠢᠭ᠌ᠴᠢ ᠵᠢᠷᠦᠬᠡᠨ᠎ᠳᠡᠭᠡᠨ ᠭᠡᠳᠡᠭ᠃
ᠡᠪ
ᠡᠶ᠎ᠡ᠎ᠶ᠋ᠢᠨ ᠬᠦᠰᠡᠯ
ᠴᠢᠩᠭᠢᠰ ᠬᠠᠭᠠᠨ᠎ᠤ ᠰᠤᠷᠭᠠᠯᠳᠤ
ᠡᠷᠳᠡᠮ᠎ᠤᠨ ᠳᠡᠭᠡᠳᠦ ᠡᠪ ᠬᠡᠮᠡᠭ᠌ᠰᠡᠨ᠂ ᠡᠷᠳᠡᠮ ᠭᠡᠳᠡᠭ᠎ᠨᠢ ᠵᠥᠪᠬᠡᠨ ᠨᠣᠮ ᠪᠢᠴᠢᠭ᠎ᠢ ᠬᠡᠯᠡᠭ᠌ᠰᠡᠨ ᠪᠢᠰᠢ᠂
ᠬᠥᠮᠥᠨ᠎ᠤ ᠣᠶᠣᠨ ᠤᠬᠠᠭᠠᠨ᠎ᠤ ᠳᠡᠭᠡᠳᠦ ᠴᠢᠨᠠᠷ᠎ᠢ ᠬᠡᠯᠡᠵᠡᠢ᠃ ᠲᠡᠷᠡ᠎ᠨᠢ ᠨᠡᠢᠭᠡᠮ᠎ᠤᠨ ᠦᠵᠡᠯ ᠰᠠᠨᠠᠭᠠᠨ᠎ᠤ
ᠡᠪ ᠡᠶ᠎ᠡ ᠪᠣᠯᠬᠤ᠎ᠶ᠋ᠢ ᠬᠡᠯᠡᠪᠡ᠃ 《ᠡᠪᠢᠶᠠᠷ ᠪᠦᠲᠦᠭᠡᠵᠦ᠍
ᠡᠩᠬᠡ᠎ᠪᠠᠷ ᠵᠢᠷᠭᠠᠨ᠎ᠠ᠂ ᠡᠪ ᠭᠡᠳᠡᠭ ᠬᠢᠵᠠᠭᠠᠷ ᠦᠭᠡᠢ᠂ ᠡᠷᠳᠡᠮ ᠭᠡᠳᠡᠭ ᠢᠷᠤᠭᠠᠷ ᠦᠭᠡᠢ᠂ ᠲᠥᠷᠥ᠍ ᠲᠦᠪᠱᠢᠨ
ᠲᠦᠮᠡᠨ ᠠᠮᠤᠭᠤᠯᠠᠩ᠂ ᠡᠪᠯᠡᠭᠦᠯᠪᠡᠯ ᠡᠪᠡᠷ ᠲᠤᠭᠤᠷᠠᠢ ᠬᠤᠶᠠᠷ ᠴᠦ᠍ ᠨᠡᠢᠯᠡᠨ᠎ᠡ᠂ ᠡᠪ ᠦᠭᠡᠢ ᠪᠣᠯ ᠡᠯᠢᠭᠡ
ᠪᠥᠭᠡᠷ᠎ᠡ ᠬᠤᠶᠠᠷ ᠴᠦ᠍ ᠨᠡᠢᠯᠡᠬᠦ᠌ ᠦᠭᠡᠢ》ᠭᠡᠳᠡᠭ᠃
ᠪᠤᠶᠠᠨ᠎ᠤ
ᠬᠦᠰᠡᠯ
ᠠᠮᠢᠳᠤᠷᠠᠬᠤᠢ᠎ᠶ᠋ᠢᠨ ᠶᠣᠰᠣᠨ᠎ᠤ ᠨᠢᠭᠡ
ᠵᠦᠢ᠎ᠨᠢ 《ᠪᠤᠶᠠᠨ》 ᠭᠡᠵᠤ ᠮᠣᠩᠭᠤᠯ ᠬᠥᠮᠥᠨ
ᠪᠢᠱᠢᠷᠡᠵᠦ᠍ ᠢᠷᠠᠵᠠᠢ᠃ ᠡᠨᠡ ᠪᠢᠱᠢᠷᠡᠯ᠎ᠢᠶᠠᠷ ᠲᠥᠷᠥᠯᠬᠢ᠎ᠶ᠋ᠢᠨ ᠵᠠᠶᠠᠭᠠᠪᠠᠷ ᠡᠳ᠋ᠯᠡᠬᠦ᠌ ᠵᠢᠷᠭᠠᠯ᠂
ᠡᠳ᠋ ᠮᠠᠯ᠎ᠢ ᠪᠠᠶᠠᠵᠢᠭᠤᠯᠬᠤ ᠪᠤᠶᠠᠨ ᠭᠡᠵᠤ ᠦᠵᠡᠵᠦ᠍ ᠪᠠᠢᠪᠠ᠃ ᠦᠷ᠎ᠡ᠎ᠲᠠᠢ ᠬᠥᠮᠥᠨ ᠡᠪᠦᠷ ᠳᠦᠭᠦᠷᠡᠩ᠂
ᠦᠷ᠎ᠡ ᠦᠭᠡᠢ ᠬᠥᠮᠥᠨ ᠡᠮᠡᠭᠡᠯ ᠳᠦᠭᠦᠷᠡᠩ ᠭᠡᠳᠡᠭ᠃
ᠪᠠᠶᠠᠨ᠎ᠤ
ᠬᠦᠰᠡᠯ
ᠮᠣᠩᠭᠤᠯᠴᠤᠳ ᠶᠢᠷᠲᠢᠨᠴᠦ᠍᠎ᠶ᠋ᠢᠨ ᠭᠤᠷᠪᠠᠨ
ᠪᠠᠶ᠎ᠠ᠎ᠨᠢ ᠡᠷᠳᠡᠮ ᠨᠣᠮ ᠳᠡᠭᠡᠳᠦ ᠪᠠᠶᠠᠨ᠂ ᠦᠷ᠎ᠡ ᠬᠡᠦᠬᠡᠳ ᠳᠤᠮᠳᠠ ᠪᠠᠶᠠᠨ᠂ ᠡᠳ᠋ ᠬᠥᠷᠥᠩᠭᠡ ᠠᠳᠠᠭ᠎ᠤᠨ
ᠪᠠᠶᠠᠨ ᠭᠡᠵᠤ ᠬᠤᠪᠢᠶᠠᠳᠠᠭ᠃
ᠢᠷᠡᠯᠳᠡ᠄ ᠮᠤᠨᠭᠭᠤᠯ ᠰᠤᠳᠤᠯᠤᠯ᠎ᠤᠨ
ᠨᠡᠪᠳᠡᠷᠬᠡᠢ ᠳᠤᠯᠢ᠂ ᠬᠤᠯᠪᠤᠭ᠎ᠠ ᠰᠦᠯᠵᠢᠶ᠎ᠠ
ᠡᠮᠬᠢᠯᠡᠭᠴᠢ᠄ ᠦᠨᠡᠨᠵᠢᠷᠭᠠᠯ