ᠮᠤᠩᠭᠤᠯᠴᠣᠳ᠎ᠤᠨ᠎ᠨᠠᠢ᠍ᠮᠠᠨ ᠶᠡᠭᠡ ᠴᠡᠭᠡᠷ ᠶᠣᠰᠤᠨ
2022-02-16 17:40:59
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠮᠤᠩᠭᠤᠯᠴᠣᠳ᠎ᠤᠨ ᠨᠠᠢ᠍ᠮᠠᠨ ᠶᠡᠭᠡ ᠴᠡᠭᠡᠷ ᠶᠣᠰᠤᠨ᠎ᠳᠤ ᠭᠠᠯ᠎ᠤᠨ ᠲᠤᠬᠠᠢ ᠴᠡᠭᠡᠷ ᠶᠣᠰᠤᠨ᠂ ᠣᠰᠤᠨ᠎ᠤ ᠲᠣᠬᠠᠢ ᠴᠡᠭᠡᠷ᠂ ᠡᠪᠡᠳᠴᠢᠨ᠎ᠤ ᠲᠣᠬᠠᠢ ᠴᠡᠭᠡᠷ ᠶᠣᠰᠤᠨ᠂ ᠲᠦᠷᠦᠵᠤ ᠮᠡᠨᠳᠦᠯᠡᠬᠦ᠌᠎ᠶ᠋ᠢᠨ ᠴᠡᠭᠡᠷ ᠶᠣᠰᠤᠨ᠂ ᠡᠭᠦᠳᠡᠨ ᠪᠣᠱᠤᠭᠠᠨ᠎ᠤ ᠲᠣᠬᠠᠢ ᠴᠡᠭᠡᠷ ᠶᠣᠰᠤᠨ᠂ ᠲᠤᠯᠤᠭᠠᠢ ᠢᠯᠪᠢᠵᠤ ᠪᠤᠯᠳᠠᠭ ᠦᠭᠡᠢ ᠴᠡᠭᠡᠷ ᠶᠣᠰᠣᠨ᠂ ᠨᠤᠬᠠᠢ ᠵᠤᠳᠤᠳᠠᠭ ᠦᠭᠡᠢ ᠴᠡᠭᠡᠷ ᠶᠣᠰᠤᠨ ᠂ ᠵᠤᠴᠢᠯᠠᠭᠤᠯᠬᠤ ᠴᠡᠭᠡᠷ ᠶᠣᠰᠤᠨ ᠵᠡᠷᠬᠡ ᠪᠤᠢ᠃

ᠭᠠᠯ᠎ᠤᠨ ᠲᠤᠬᠠᠢ ᠴᠡᠭᠡᠷ ᠶᠣᠰᠤᠨ

ᠮᠤᠩᠭᠤᠯᠴᠣᠳ ᠭᠠᠯ᠎ᠤᠨ ᠪᠤᠷᠬᠠᠨ᠂ ᠭᠤᠯᠤᠮᠳᠠ ᠲᠤᠯᠭ᠎ᠠ᠎ᠪᠠᠨ ᠲᠡᠭᠡᠳᠦᠯᠡᠨ ᠱᠢᠳᠦᠵᠤ᠂ ᠭᠠᠯ᠎ᠢ ᠠᠯᠢᠪᠠ ᠮᠠᠭᠤ ᠮᠠᠭᠤᠬᠠᠢ ᠶᠠᠭᠤᠮ᠎ᠠ᠂ ᠭᠠᠢ ᠪᠠᠷᠴᠢᠳ᠎ᠢ ᠵᠠᠢᠯᠠᠭᠤᠯᠳᠠᠭ ᠭᠡᠵᠤ ᠦᠵᠡᠳᠡᠭ᠃ ᠡᠢᠮᠤ᠎ᠠᠴᠠ ᠮᠤᠩᠭᠤᠯ ᠭᠡᠷ᠎ᠲᠤ ᠣᠷᠤᠭ᠍ᠰᠠᠨ᠎ᠤ ᠳᠠᠷᠠᠭ᠎ᠠ᠂ ᠲᠣᠯᠭ᠎ᠠ᠎ᠶ᠋ᠢᠨ ᠳᠡᠭᠡᠷ᠎ᠡ ᠬᠦᠯ᠎ᠢᠶᠠᠨ ᠱᠢᠷᠠᠬᠤ᠎ᠶ᠋ᠢ ᠴᠡᠭᠡᠷᠯᠡᠬᠦ᠌ ᠪᠦᠭᠡᠳ ᠭᠠᠯ ᠲᠣᠯᠭ᠎ᠠ᠎ᠶ᠋ᠢᠨ᠎ᠬᠠᠵᠠᠭᠤ᠎ᠳᠤ ᠨᠤᠢᠳᠠᠨ ᠭᠤᠳᠤᠯ ᠱᠠᠬᠠᠢ᠎ᠪᠠᠨ ᠡᠭᠡᠭᠡᠵᠤ ᠬᠠᠳᠠᠭᠠᠬᠤ᠎ᠶ᠋ᠢ ᠨᠡᠩ ᠶᠡᠭᠡ ᠴᠡᠭᠡᠷᠯᠡᠳᠡᠭ᠃ ᠪᠠᠰᠠ ᠲᠤᠯᠭ᠎ᠠ᠎ᠶ᠋ᠢᠨ ᠳᠡᠭᠡᠭᠦᠷ ᠠᠯᠬᠤᠬᠤ᠂ ᠲᠤᠯᠭᠠᠨ ᠳᠡᠭᠡᠷ᠎ᠡ ᠭᠢᠰᠭᠢᠬᠦ᠂ ᠲᠠᠮᠠᠬᠢᠨ ᠭᠠᠩᠰᠠ᠎ᠪᠠᠨ ᠲᠣᠯᠭ᠎ᠠ᠎ᠶ᠋ᠢᠨ ᠳᠡᠭᠡᠷ᠎ᠡ ᠭᠦᠪᠢᠬᠦ᠂ ᠶᠠᠭᠤᠮ᠎ᠠ᠎ᠴᠣᠬᠢᠬᠤ᠂ ᠪᠣᠵᠠᠷ ᠪᠤᠷᠳᠠᠭ ᠶᠠᠭᠤᠮ᠎ᠠ ᠬᠢᠬᠦ᠌᠎ᠶ᠋ᠢ ᠴᠡᠭᠡᠷᠯᠡᠳᠡᠭ᠃ ᠬᠢᠳᠤᠭ᠎ᠠ᠎ᠪᠠᠷ ᠭᠠᠯ ᠭᠤᠴᠢᠯᠠᠬᠤ᠂ ᠬᠢᠳᠤᠭ᠎ᠠ ᠵᠢ ᠭᠠᠯ ᠳᠣᠳᠣᠷ᠎ᠠ ᠣᠷᠤᠭᠤᠯᠬᠤ᠂ ᠲᠤᠭᠤᠭᠠᠨ᠎ᠠᠴᠠ ᠬᠢᠳᠤᠭ᠎ᠠ᠎ᠪᠠᠷ ᠮᠢᠬ᠎ᠠ ᠠᠪᠬᠤ᠎ᠶ᠋ᠢ ᠴᠡᠭᠡᠷᠯᠡᠳᠡᠭ᠃      

ᠣᠰᠤᠨ᠎ᠤ ᠲᠣᠬᠠᠢ ᠴᠡᠭᠡᠷ

ᠮᠤᠩᠭᠤᠯᠴᠣᠳ ᠣᠰᠤ᠎ᠶ᠋ᠢ ᠷᠠᠱᠢᠶᠠᠨ᠎ᠤ ᠳᠡᠭᠡᠳᠤ ᠭᠡᠵᠤ ᠦᠵᠡᠳᠡᠭ᠃ ᠡᠢᠮᠤ᠎ᠠᠴᠠ ᠭᠤᠣᠯ᠎ᠤᠨ ᠣᠰᠤᠨ᠎ᠳᠤ ᠭᠠᠷ ᠬᠦᠯ᠂ ᠪᠡᠶ᠎ᠡ᠎ᠪᠠᠨ ᠤᠬᠢᠶᠠᠳᠠᠭ ᠦᠭᠡᠢ᠃ ᠨᠡᠩ ᠴᠦ᠍ ᠭᠤᠣᠯ ᠮᠦᠷᠡᠨ᠎ᠳᠤ ᠪᠣᠵᠠᠷ ᠪᠣᠷᠳᠠᠭ ᠬᠤᠭ ᠨᠤᠪᠰᠢ ᠬᠠᠶᠠᠬᠤ᠎ᠶ᠋ᠢ ᠴᠡᠭᠡᠷᠯᠡᠳᠡᠭ ᠪᠦᠭᠡᠳ ᠭᠤᠤᠯ ᠮᠦᠷᠡᠨ᠎ᠤ ᠬᠠᠵᠠᠭᠤ᠎ᠳᠤ ᠪᠡᠶ᠎ᠡ᠎ᠪᠠᠨ ᠵᠠᠰᠠᠬᠤ᠎ᠶ᠋ᠢ ᠨᠡᠩ ᠴᠦ᠍ ᠴᠡᠭᠡᠷᠯᠡᠳᠡᠭ᠃ ᠮᠤᠩᠭᠤᠯ ᠨᠤᠳᠤᠭ ᠭᠠᠩ ᠬᠠᠭᠤᠷᠠᠢ᠂ ᠣᠰᠤᠨ᠎ᠤ ᠡᠬᠢ ᠰᠣᠷᠪᠤᠯᠵᠢ ᠲᠣᠳᠠᠮᠠᠭ᠂ ᠣᠰᠤ ᠡᠪᠡᠰᠣ᠎ᠪᠠᠨ᠎ᠲᠠᠭᠠᠨ ᠨᠡᠭᠦᠳᠡᠯᠯᠡᠨ ᠮᠠᠯᠵᠢᠵᠤ ᠠᠵᠤ ᠲᠦᠷᠦᠨ ᠠᠮᠢᠳᠣᠷᠠᠳᠠᠭ᠃ ᠮᠤᠩᠭᠤᠯᠴᠣᠳ᠎ᠲᠤ ᠠᠪᠴᠣ ᠬᠡᠯᠡᠪᠡᠯ᠂ ᠣᠰᠤ ᠪᠤᠯ ᠬᠦᠮᠦᠨ ᠮᠠᠯ᠎ᠤᠨ ᠬᠢᠨᠢ ᠠᠮᠢ ᠨᠠᠰᠣᠨ᠎ᠤ ᠡᠬᠢ ᠰᠣᠷᠪᠤᠯᠵᠢ ᠪᠤᠯᠳᠠᠭ ᠪᠤᠯᠬᠤᠷ ᠣᠰᠤᠨ᠎ᠤ ᠠᠷᠢᠭᠤᠨ ᠴᠡᠪᠡᠷ᠎ᠢ ᠬᠠᠮᠠᠭᠠᠯᠠᠵᠤ᠂ ᠠᠷᠪᠢᠯᠠᠨ ᠭᠠᠮᠨᠠᠳᠠᠭ ᠶᠤᠮ᠃ ᠬᠡᠳᠦᠢᠪᠡᠷ ᠣᠰᠤ᠎ᠶ᠋ᠢ ᠠᠷᠪᠢᠯᠠᠨ ᠭᠠᠮᠨᠠᠳᠠᠭ ᠪᠤᠯᠪᠠᠴᠣ ᠬᠠᠷ᠎ᠠ ᠣᠰᠤ ᠬᠠᠷᠠᠮᠨᠠᠬᠤ᠎ᠶ᠋ᠢ ᠴᠡᠭᠡᠷᠯᠡᠳᠡᠭ᠂ ᠪᠠᠰᠠ ᠬᠠᠷ᠎ᠠ ᠣᠰᠤ᠎ᠶ᠋ᠢ ᠰᠠᠮᠤᠷᠳᠠᠭ ᠦᠭᠡᠢ᠂ ᠬᠤᠳᠳᠤᠭ᠎ᠠᠴᠠ ᠲᠠᠳᠠᠵᠤ᠎ᠭᠠᠷᠭᠠᠭ᠍ᠰᠠᠨ ᠬᠤᠪᠤᠭᠤ᠎ᠲᠠᠢ ᠣᠰᠤ᠎ᠶ᠋ᠢ ᠬᠤᠳᠳᠤᠭ ᠤᠷᠤᠭᠤ᠎ᠪᠠᠨ ᠪᠣᠴᠠᠭᠠᠵᠤ ᠬᠢᠳᠡᠭ ᠦᠭᠡᠢ ᠴᠡᠭᠡᠷ ᠶᠣᠰᠤᠨ ᠪᠤᠢ᠃ ᠠᠢᠯ᠎ᠳᠤ ᠬᠦᠮᠦᠨ ᠠᠮᠢᠳᠠᠨ ᠢᠷᠡᠬᠦ᠌ ᠦᠶ᠎ᠡ᠎ᠳᠤ ᠬᠠᠷ᠎ᠠ ᠣᠰᠤ ᠨᠡᠷᠡᠬᠦ᠌ (ᠲᠣᠳᠣᠷ᠎ᠠ᠎ᠨᠢ ᠶᠠᠭᠤᠮ᠎ᠠ ᠬᠢᠬᠦ᠌ ᠦᠭᠡᠢ)᠂ ᠣᠳᠠᠭᠠᠨ ᠪᠣᠴᠠᠯᠭᠠᠬᠤ᠎ᠶ᠋ᠢ ᠴᠡᠭᠡᠷᠯᠡᠳᠡᠭ᠃      

ᠡᠪᠡᠳᠴᠢᠨ᠎ᠤ ᠲᠣᠬᠠᠢ ᠴᠡᠭᠡᠷ ᠶᠣᠰᠤᠨ

ᠠᠢᠯ᠎ᠳᠤ ᠬᠡᠷᠪᠡ ᠬᠦᠨᠳᠤ ᠡᠪᠡᠳᠴᠢᠳᠡᠨ ᠪᠤᠶᠤ ᠠᠶᠤᠯᠳᠤ ᠠᠷᠬᠠᠭ᠎ᠲᠤ ᠨᠡᠷᠪᠡᠭ᠌ᠳᠡᠭ᠌ᠰᠡᠨ ᠬᠦᠮᠦᠨ ᠪᠠᠢᠬᠤ᠎ᠳᠤ ᠬᠦᠷᠪᠡᠯ᠂ ᠭᠡᠷ᠎ᠤᠨ ᠵᠡᠭᠦᠨ ᠲᠠᠯ᠎ᠠ᠎ᠳᠤ ᠳᠡᠭᠡᠰᠤ ᠡᠯᠭᠦᠳᠡᠭ᠃ ᠡᠨᠡ᠎ᠨᠢ ᠠᠢᠯ᠎ᠤᠨ ᠭᠡᠷ᠎ᠲᠤ ᠡᠪᠡᠳᠴᠢᠨ᠎ᠲᠠᠢ ᠬᠦᠮᠦᠨ ᠪᠠᠢᠭ᠎ᠠ᠂ ᠵᠤᠴᠢᠨ ᠵᠤᠴᠢᠯᠠᠬᠤ ᠲᠦᠭᠦᠮ ᠦᠭᠡᠢ ᠭᠡᠳᠡᠭ᠎ᠢ ᠢᠯᠡᠳᠭᠡᠵᠤ ᠪᠠᠢᠳᠠᠭ᠃    

ᠲᠦᠷᠦᠵᠤ ᠮᠡᠨᠳᠦᠯᠡᠬᠦ᠌᠎ᠶ᠋ᠢᠨ ᠴᠡᠭᠡᠷ ᠶᠣᠰᠤᠨ

ᠪᠦᠰᠡᠬᠦᠢᠴᠣᠳ ᠬᠡᠤᠬᠡᠳ ᠲᠦᠷᠤᠵᠤ᠂ ᠰᠠᠷ᠎ᠠ᠎ᠳᠤ ᠰᠠᠭᠤᠭ᠍ᠰᠠᠨ ᠦᠶ᠎ᠡ᠎ᠳᠡᠭᠡᠨ ᠭᠠᠳᠠᠨ᠎ᠠ᠎ᠶ᠋ᠢᠨ ᠬᠦᠮᠦᠨ᠎ᠢ ᠣᠷᠤᠭᠤᠯᠳᠠᠭ ᠦᠭᠡᠢ᠃ ᠡᠭᠦᠳᠡᠨ᠎ᠤ ᠳᠡᠷᠭᠡᠳᠡ ᠢᠯᠡ ᠬᠠᠷᠠᠭ᠍ᠳᠠᠬᠤ ᠳᠡᠮᠳᠡᠭ ᠲᠠᠯᠪᠢᠳᠠᠭ᠃ ᠬᠡᠷᠪᠡ ᠬᠦᠪᠡᠭᠦᠨ ᠲᠦᠷᠦᠭ᠌ᠰᠡᠨ ᠪᠤᠯ ᠨᠤᠮᠤ ᠰᠤᠮᠤ ᠡᠯᠭᠦᠬᠦ᠂ ᠦᠬᠢᠨ ᠲᠦᠷᠦᠭ᠌ᠰᠡᠨ ᠪᠤᠯ ᠣᠯᠠᠭᠠᠨ ᠪᠦᠰ ᠣᠶᠠᠳᠠᠭ᠃ ᠵᠤᠴᠢᠨ ᠡᠨᠡ᠎ᠬᠦ᠌ ᠳᠡᠮᠳᠡᠭ᠎ᠢ ᠦᠵᠡᠪᠡᠯ ᠡᠨᠡ ᠠᠢᠯ᠎ᠤᠨ ᠪᠦᠰᠡᠬᠦᠢ ᠬᠡᠤᠬᠡᠳ ᠲᠦᠷᠦᠵᠤ᠂ ᠰᠠᠷ᠎ᠠ᠎ᠳᠤ ᠰᠠᠭᠤᠭ᠍ᠰᠠᠨ ᠪᠠᠢᠨ᠎ᠠ ᠭᠡᠵᠤ ᠮᠡᠳᠡᠭ᠌ᠡᠳ ᠭᠡᠷ ᠲᠤᠨᠢ ᠣᠷᠣᠳᠠᠭ ᠦᠭᠡᠢ᠃    

ᠡᠭᠦᠳᠡᠨ ᠪᠣᠱᠤᠭᠠᠨ᠎ᠤ ᠲᠣᠬᠠᠢ ᠴᠡᠭᠡᠷ ᠶᠣᠰᠤᠨ

ᠡᠭᠦᠳᠡᠨ ᠪᠣᠱᠣᠭᠠᠨ ᠳᠡᠭᠡᠷ᠎ᠡ ᠭᠢᠰᠭᠢᠳᠡᠭ ᠦᠭᠡᠢ᠂ ᠭᠡᠷ᠎ᠲᠤ ᠣᠷᠤᠵᠤ ᠭᠠᠷᠬᠤ᠎ᠳᠠᠭᠠᠨ ᠡᠭᠦᠳᠡᠨ ᠪᠣᠱᠤᠭᠠᠨ ᠳᠡᠭᠡᠷ᠎ᠡ ᠶᠠᠭᠠᠬᠢᠭ᠍ᠰᠠᠨ ᠴᠦ᠍ ᠭᠢᠰᠭᠢᠳᠡᠭ ᠦᠭᠡᠢ᠃ ᠲᠠᠷᠢᠶᠠᠯᠠᠬᠤ ᠣᠷᠤᠨ᠂ ᠬᠠᠭᠠᠰ ᠲᠠᠷᠢᠶᠠᠯᠠᠬᠤ ᠣᠷᠤᠨ ᠪᠤᠶᠤ ᠬᠠᠭᠠᠰ ᠮᠠᠯᠵᠢᠬᠤ ᠣᠷᠤᠨ᠎ᠤ ᠮᠤᠩᠭᠤᠯᠴᠣᠳ ᠡᠨᠡ᠎ᠬᠦ᠌ ᠴᠡᠭᠡᠷ᠎ᠢ ᠶᠡᠬᠡᠳᠡ ᠡᠷᠬᠢᠮᠯᠡᠳᠡᠭ᠃ ᠡᠷᠳᠡᠨ᠎ᠳᠤ ᠵᠠᠷᠢᠮ ᠬᠦᠮᠦᠨ ᠬᠢᠴᠢᠶᠡᠮᠵᠢ ᠦᠭᠡᠢ᠎ᠠᠴᠠ ᠪᠤᠯᠵᠤ ᠮᠤᠩᠭᠤᠯ᠎ᠤᠨ ᠬᠠᠭᠠᠨ᠎ᠤ ᠣᠷᠳᠤᠨ᠎ᠤ ᠡᠭᠦᠳᠡᠨ ᠪᠤᠱᠣᠭᠠᠨ ᠳᠡᠭᠡᠷ᠎ᠡ ᠭᠢᠰᠭᠢᠭ᠌ᠰᠡᠨ᠎ᠠᠴᠠ ᠪᠤᠯᠵᠤ ᠴᠠᠭᠠᠵᠠᠯᠠᠭᠤᠯᠤᠭ᠍ᠰᠠᠨ ᠶᠠᠪᠣᠳᠠᠯ ᠪᠤᠢ᠃ ᠡᠭᠦᠳᠡᠨ ᠪᠣᠱᠤᠭ᠎ᠠ᠎ᠶ᠋ᠢᠨ ᠴᠡᠭᠡᠷ ᠶᠣᠰᠤ᠎ᠶ᠋ᠢ ᠴᠢᠩᠭᠢᠰ ᠬᠠᠭᠠᠨ᠎ᠤ 《ᠶᠡᠭᠡ ᠵᠠᠰᠠᠭ》 ᠎ᠲᠤ ᠲᠣᠭ᠍ᠳᠠᠭᠠᠭ᠍ᠰᠠᠨ ᠪᠠᠢᠳᠠᠭ᠃ ᠡᠨᠡ᠎ᠬᠦ᠌ ᠴᠡᠭᠡᠷ ᠶᠣᠰᠤᠨ ᠣᠳᠤ ᠪᠤᠯᠳᠠᠯ᠎ᠠ ᠣᠯᠠᠮᠵᠢᠯᠠᠭ᠍ᠳᠠᠭ᠍ᠰᠠᠭᠠᠷ ᠪᠠᠢᠨ᠎ᠠ᠃    

ᠲᠤᠯᠤᠭᠠᠢ ᠢᠯᠪᠢᠵᠤ ᠪᠤᠯᠳᠠᠭ ᠦᠭᠡᠢ ᠴᠡᠭᠡᠷ ᠶᠣᠰᠣᠨ

ᠮᠤᠩᠭᠤᠯᠴᠣᠳ᠎ᠤᠨ ᠲᠣᠮᠳᠠ ᠦᠯᠤ ᠲᠠᠨᠢᠬᠤ ᠬᠦᠮᠦᠨ᠂ ᠬᠡᠤᠬᠡᠳ᠎ᠤᠨ ᠲᠣᠯᠣᠭᠠᠢ᠎ᠶ᠋ᠢ᠎ᠢᠯᠪᠢᠵᠤ᠎ᠪᠤᠯᠳᠠᠭ᠎ᠦᠭᠡᠢ᠎ᠶᠣᠰᠤᠨ ᠪᠤᠢ᠃ ᠬᠠᠭᠤᠴᠢᠨ᠎ᠤ ᠦᠵᠡᠯᠳᠡ᠎ᠪᠠᠷ ᠪᠤᠯ ᠦᠯᠤ ᠲᠠᠨᠢᠬᠤ ᠬᠦᠮᠦᠨ᠎ᠤ ᠭᠠᠷ ᠪᠣᠵᠠᠷ᠂ ᠭᠠᠢ ᠪᠠᠷᠴᠢᠳ᠎ᠲᠠᠢ ᠪᠠᠢᠳᠠᠭ᠃ ᠡᠢᠮᠤ᠎ᠠᠴᠠ ᠦᠯᠤ ᠲᠠᠨᠢᠬᠤ ᠬᠦᠮᠦᠨ ᠬᠡᠤᠬᠡᠳ᠎ᠤᠨ ᠲᠣᠯᠤᠭᠠᠢ᠎ᠶ᠋ᠢ ᠢᠯᠪᠢᠪᠠᠯ ᠬᠡᠤᠬᠡᠳ᠎ᠤᠨ ᠡᠷᠡᠭᠦᠯ ᠮᠡᠨᠳᠣ᠎ᠳᠤ ᠠᠱᠢᠭ ᠦᠭᠡᠢ ᠭᠡᠵᠤ ᠦᠵᠡᠳᠡᠭ᠃    

ᠨᠤᠬᠠᠢ ᠵᠤᠳᠤᠳᠠᠭ ᠦᠭᠡᠢ ᠴᠡᠭᠡᠷ ᠶᠣᠰᠤᠨ

ᠮᠠᠯᠴᠢᠨ ᠠᠢᠯ᠎ᠳᠤ ᠣᠴᠢᠬᠤ᠎ᠳᠠᠭᠠᠨ ᠠᠢᠯ᠎ᠤᠨ ᠭᠡᠷ᠎ᠤᠨ ᠭᠠᠳᠠᠨ᠎ᠠ ᠠᠭᠤᠵᠢᠭᠤ ᠬᠦᠷᠴᠤ᠌ ᠠᠨᠢᠷ ᠴᠢᠮᠡᠭᠡ ᠦᠭ᠌ᠴᠤ᠂ ᠭᠡᠷ᠎ᠤᠨ ᠡᠵᠡᠨ ᠭᠠᠷᠴᠣ ᠢᠷᠡᠭᠡᠳ ᠣᠭ᠍ᠳᠣᠬᠤ᠎ᠶ᠋ᠢ ᠬᠦᠯᠢᠶᠡᠬᠦ᠌᠎ᠶ᠋ᠢᠨ ᠬᠠᠮᠳᠤ ᠨᠣᠬᠠᠢ᠎ᠶ᠋ᠢᠨ ᠪᠠᠢᠳᠠᠯ᠎ᠢ ᠰᠠᠢᠳᠣᠷ ᠠᠩᠬᠠᠷᠤᠭ᠍ᠰᠠᠨ᠎ᠤ ᠳᠠᠷᠠᠭ᠎ᠠ ᠰᠠᠶᠢ ᠤᠨᠤᠭᠠᠨ᠎ᠠᠴᠠ᠎ᠪᠠᠨ ᠪᠠᠭᠤᠳᠠᠭ᠃ ᠡᠨᠡ᠎ᠨᠢ ᠠᠢᠯ᠎ᠤᠨ ᠨᠤᠬᠠᠢ᠎ᠳᠤ ᠬᠠᠵᠠᠭ᠍ᠳᠠᠬᠤ᠎ᠠᠴᠠ ᠰᠡᠷᠭᠡᠢᠯᠡᠵᠤ ᠪᠠᠢᠭ᠎ᠠ᠎ᠶ᠋ᠢᠨ ᠬᠡᠷᠡᠭ᠃ ᠠᠢᠯ᠎ᠤᠨ ᠨᠤᠬᠠᠢ᠎ᠶ᠋ᠢ ᠵᠤᠳᠤᠵᠤ ᠴᠣᠬᠢᠬᠤ ᠪᠤᠶᠤ ᠬᠠᠷᠢᠶᠠᠵᠤ ᠵᠦᠬᠡᠬᠦ᠌᠎ᠶ᠋ᠢ ᠴᠡᠭᠡᠷᠯᠡᠳᠡᠭ᠃ ᠣᠴᠢᠷ᠎ᠨᠢ ᠮᠤᠩᠭᠤᠯᠴᠣᠳ ᠨᠤᠬᠠᠢ᠎ᠶ᠋ᠢ ᠨᠦᠬᠦᠷ᠎ᠢᠶᠠᠨ ᠭᠡᠵᠤ ᠦᠵᠡᠳᠡᠭ ᠪᠦᠭᠡᠳ ᠡᠷᠳᠡᠨ᠎ᠳᠤ ᠨᠤᠬᠠᠢ᠎ᠶ᠋ᠢ ᠠᠢᠯ᠎ᠤᠨ ᠨᠢᠭᠡ ᠪᠦᠯᠢ᠎ᠪᠠᠷ ᠪᠣᠳᠣᠳᠠᠭ ᠪᠠᠢᠭ᠍ᠰᠡᠨ ᠭᠡᠳᠡᠭ᠃    

ᠵᠤᠴᠢᠯᠠᠭᠤᠯᠬᠤ ᠴᠡᠭᠡᠷ ᠶᠣᠰᠤᠨ

ᠵᠤᠴᠢᠨ ᠭᠡᠷ᠎ᠲᠤ ᠣᠷᠤᠬᠤ ᠦᠶ᠎ᠡ᠎ᠳᠤ ᠲᠡᠪᠡᠯ ᠬᠤᠪᠴᠠᠰᠣ᠎ᠪᠠᠨ ᠠᠩᠬᠠᠷᠴᠤ᠌ ᠲᠡᠷᠢ ᠲᠡᠭ᠌ᠰᠢ ᠪᠠᠢᠯᠭᠠᠬᠤ᠂ ᠠᠢᠯ᠎ᠤᠨ ᠭᠡᠷ᠎ᠲᠤ ᠲᠠᠱᠢᠭᠤᠷ ᠱᠢᠯᠪᠢᠭᠦᠷ᠂ ᠲᠡᠭᠡᠰᠤ ᠠᠪᠴᠤ᠌ ᠣᠷᠣᠳᠠᠭ ᠦᠭᠡᠢ᠂ ᠲᠠᠱᠢᠭᠤᠷ᠎ᠢᠶᠠᠨ ᠠᠢᠯ᠎ᠤᠨ ᠭᠡᠷ᠎ᠤᠨ ᠪᠠᠷᠠᠭᠤᠨ ᠲᠠᠯ᠎ᠠ᠎ᠳᠤ ᠭᠡᠷ ᠲᠦᠱᠢᠭᠦᠯᠦᠨ ᠪᠣᠰᠤᠭ᠎ᠠ ᠲᠠᠯᠪᠢᠳᠠᠭ᠃ ᠭᠡᠷ᠎ᠲᠤ ᠣᠷᠤᠭ᠍ᠰᠠᠨ᠎ᠤ ᠳᠠᠷᠠᠭ᠎ᠠ ᠪᠤᠷᠬᠠᠨ᠎ᠤ ᠬᠢᠨᠢ ᠡᠮᠦᠨ᠎ᠡ ᠰᠠᠭᠤᠳᠠᠭ ᠦᠭᠡᠢ᠂ ᠪᠠᠷᠠᠭᠤᠨ ᠲᠠᠯ᠎ᠠ᠎ᠳᠤᠨᠢ ᠰᠠᠭᠤᠳᠠᠭ᠃ ᠬᠡᠷᠪᠡ ᠴᠡᠭᠡᠷ ᠶᠣᠰᠤ᠎ᠶ᠋ᠢ ᠲᠠᠭᠠᠬᠤ ᠦᠭᠡᠢ ᠪᠤᠯ ᠠᠢᠯ᠎ᠤᠨ ᠬᠦᠮᠦᠨ᠎ᠢ ᠬᠦᠨᠳᠦᠳᠭᠡᠵᠤ ᠦᠭᠡᠢ᠎ᠳᠤ ᠲᠣᠭᠠᠴᠢᠭ᠍ᠳᠠᠨ᠎ᠠ᠃

ᠢᠷᠡᠯᠳᠡ᠄ 《ᠮᠤᠨᠭᠭᠤᠯ ᠵᠠᠨᠭ ᠦᠢᠯᠡ》᠂ ᠬᠤᠯᠪᠤᠭ᠎ᠠ ᠰᠦᠯᠵᠢᠶ᠎ᠠ

ᠡᠮᠬᠢᠯᠡᠭᠴᠢ᠄ ᠦᠨᠡᠨᠵᠢᠷᠭᠠᠯ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号