ᠬᠠᠪᠤᠷ᠎ᠤᠨ ᠠᠭᠤᠷ
2022-02-16 17:21:02
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠠᠪᠤᠷ ᠪᠣᠯ ᠳᠤᠯᠠᠭᠠᠨ ᠪᠦᠯᠢᠶᠡᠨ᠂ ᠥᠰᠥᠯᠲᠡ ᠳᠦᠯᠵᠢᠯᠳᠡ᠎ᠶ᠋ᠢ ᠳᠦᠯᠦᠬᠡᠯᠡᠳᠡᠭ᠃ ᠬᠣᠷᠢᠨ ᠳᠦᠷᠪᠡᠨ ᠴᠠᠭ ᠤᠯᠠᠷᠢᠯ᠎ᠤᠨ ᠡᠬᠢᠯᠡᠯ ᠨᠢ ᠬᠠᠪᠤᠷ᠎ᠤᠨ ᠠᠭᠤᠷ ᠣᠷᠣᠬᠤ᠎ᠳᠤ ᠪᠠᠢᠳᠠᠭ᠃ ᠬᠠᠪᠤᠷ᠎ᠤᠨ ᠰᠠᠷ᠎ᠠ᠎ᠶ᠋ᠢ ᠵᠢᠯ᠎ᠦᠨ ᠲᠡᠷᠢᠭᠦᠨ ᠪᠣᠯᠭᠠᠵᠤ᠂ ᠬᠠᠪᠤᠷ᠎ᠤᠨ ᠠᠭᠤᠷ ᠣᠷᠣᠮᠠᠭ᠍ᠴᠠ ᠲᠦᠮᠡᠨ ᠪᠣᠳᠠᠰ ᠪᠢᠲᠡᠭᠦᠷᠡᠭ᠌ᠰᠡᠨ ᠡᠪᠦᠯ᠎ᠦᠨ ᠤᠯᠠᠷᠢᠯ ᠨᠢᠭᠡᠨᠲᠡ ᠥᠩᠭᠡᠷᠡᠵᠦ᠍᠂ ᠤᠷᠢᠬᠠᠨ ᠰᠠᠯᠬᠢᠯᠡᠨ᠂ ᠲᠦᠮᠡᠨ ᠪᠣᠳᠠᠰ ᠠᠮᠢᠯᠠᠵᠤ᠂ ᠱᠢᠨ᠎ᠡ ᠨᠢᠭᠡᠨ ᠣᠷᠴᠢᠯ ᠡᠬᠢᠯᠡᠭ᠌ᠰᠡᠨ᠎ᠢ ᠬᠠᠷᠠᠭᠤᠯᠵᠤ ᠪᠤᠢ᠃ ᠤᠯᠠᠮᠵᠢᠯᠠᠯᠲᠤ ᠦᠵᠡᠯᠲᠡ᠎ᠳᠦ ᠬᠠᠪᠤᠷ᠎ᠤᠨ ᠠᠭᠤᠷ ᠣᠷᠣᠬᠤ ᠨᠢ ᠥᠯᠵᠡᠢ ᠪᠡᠯᠭᠡ᠎ᠲᠡᠶ ᠬᠡᠭᠳᠡᠳᠡᠭ᠃ 

ᠪᠠᠢᠭᠠᠯᠢ ᠶᠢᠷᠲᠢᠨᠴᠦ᠍᠎ᠳᠦ ᠬᠠᠪᠤᠷ᠎ᠤᠨ ᠠᠭᠤᠷ ᠣᠷᠣᠬᠤ᠎ᠶ᠋ᠢᠨ ᠬᠠᠮᠤᠭ᠎ᠤᠨ ᠢᠯᠡ ᠲᠣᠳᠣ ᠣᠨᠴᠠᠯᠢᠭ ᠪᠣᠯ ᠲᠦᠮᠡᠨ ᠪᠣᠳᠠᠰ ᠰᠡᠷᠭᠦᠵᠦ᠍ ᠡᠬᠢᠯᠡᠭ᠌ᠰᠡᠨ ᠪᠠᠢᠳᠠᠯ ᠪᠣᠯᠤᠨ᠎ᠠ᠃ ᠬᠠᠪᠤᠷ᠎ᠤᠨ ᠠᠭᠤᠷ ᠤᠷᠤᠭ᠍ᠰᠠᠨ᠎ᠠ᠂ ᠮᠠᠨ᠎ᠤ ᠤᠯᠤᠰ᠎ᠤᠨ ᠤᠮᠠᠷᠠᠲᠤ ᠪᠤᠴᠠᠯᠲᠠ᠎ᠶ᠋ᠢᠨ ᠱᠤᠭᠤᠮ ᠵᠢᠴᠢ ᠲᠡᠭᠦᠨ᠎ᠡᠴᠡ ᠡᠮᠦᠨᠡᠱᠢᠬᠢ ᠬᠡᠰᠡᠭ᠎ᠲᠦ᠂ ᠬᠠᠪᠤᠷ᠎ᠤᠨ ᠡᠬᠢᠨ᠎ᠦ ᠠᠭᠤᠷ ᠠᠮᠢᠰᠭᠤᠯ ᠢᠯᠡᠷᠬᠡᠶ ᠰᠠᠨᠠᠭ᠍ᠳᠠᠨ᠎ᠠ᠃ ᠮᠠᠨ᠎ᠤ ᠤᠯᠤᠰ᠎ᠤᠨ ᠨᠤᠲᠤᠭ ᠳᠡᠪᠢᠰᠭᠡᠷ ᠥᠷᠭᠡᠨ ᠠᠭᠤᠳᠠᠮ᠂ ᠡᠮᠦᠨᠡᠲᠦ ᠤᠮᠠᠷᠠᠲᠤ᠎ᠶ᠋ᠢᠨ ᠠᠯᠭᠠᠰᠠᠯ ᠶᠡᠬᠡ᠂ ᠡᠯ᠎ᠡ ᠭᠠᠵᠠᠷ᠎ᠤᠨ ᠪᠠᠢᠭᠠᠯᠢ᠎ᠶ᠋ᠢᠨ ᠬᠡᠮᠨᠡᠯ ᠠᠳᠠᠯᠢ ᠥᠬᠡᠶ ᠪᠤᠯᠪᠠᠴᠤ 《ᠬᠠᠪᠤᠷ᠎ᠤᠨ ᠠᠭᠤᠷ》 ᠨᠢ ᠮᠠᠰᠢ ᠣᠯᠠᠨ ᠭᠠᠵᠠᠷ ᠣᠷᠣᠨ᠎ᠳᠤ ᠠᠪᠴᠤ᠌ ᠬᠡᠯᠡᠪᠡᠯ ᠬᠠᠪᠤᠷ᠎ᠤᠨ ᠤᠯᠠᠷᠢᠯ᠎ᠳᠤ ᠣᠷᠣᠬᠤ᠎ᠶ᠋ᠢᠨ ᠤᠳᠤᠷᠢᠳᠭᠠᠯ ᠨᠡᠷ᠎ᠠ ᠲᠠᠢ ᠪᠢᠯᠡ᠃   

ᠳᠡᠦᠬᠡᠨ ᠡᠬᠦᠰᠦᠯ

ᠬᠣᠷᠢᠨ ᠲᠦᠷᠪᠡᠨ ᠴᠠᠭ ᠤᠯᠠᠷᠢᠯ ᠪᠣᠯ ᠳᠡᠭᠡᠳᠦ ᠡᠷᠲᠡᠨ᠎ᠦ ᠲᠠᠷᠢᠶᠠᠯᠠᠬᠤ ᠪᠣᠯᠪᠠᠰᠤᠨ᠎ᠤ ᠪᠦᠲᠦᠭᠡᠭ᠌ᠳᠡᠬᠦᠨ ᠮᠥᠨ᠂ ᠲᠡᠷᠡ ᠨᠢ ᠮᠠᠨ᠎ᠤ ᠤᠯᠤᠰ᠎ᠤᠨ ᠤᠯᠠᠮᠵᠢᠯᠠᠯᠲᠤ ᠲᠠᠷᠢᠶᠠᠯᠠᠬᠤ ᠨᠡᠢᠭᠡᠮ᠎ᠳᠦ ᠲᠤᠢᠯ᠎ᠤᠨ ᠴᠢᠬᠤᠯᠠ ᠪᠠᠢᠷᠢ᠎ᠶ᠋ᠢ ᠡᠵᠡᠯᠡᠵᠦ᠍ ᠪᠠᠢᠳᠠᠭ᠃ ᠴᠢᠨ ᠤᠯᠤᠰ ᠬᠠᠨ ᠤᠯᠤᠰ᠎ᠠᠴᠠ ᠡᠮᠦᠨ᠎ᠡ᠂ ᠡᠮᠦᠨᠡᠲᠦ ᠤᠮᠠᠷᠠᠲᠤ᠎ᠶ᠋ᠢᠨ ᠡᠯ᠎ᠡ ᠭᠠᠵᠠᠷ᠎ᠤᠨ ᠵᠠᠩ ᠦᠶ᠋ᠯᠡ ᠰᠣᠶᠣᠯ ᠨᠢ ᠠᠳᠠᠯᠢ ᠥᠬᠡᠶ᠂ ᠵᠠᠷᠢᠮ ᠭᠠᠵᠠᠷ᠎ᠤᠨ ᠵᠢᠯ᠎ᠦᠨ ᠡᠬᠢᠨ᠎ᠦ ᠶᠣᠰᠣ ᠵᠠᠩᠱᠢᠯ ᠨᠢ ᠪᠢᠯᠢᠭ᠎ᠦᠨ ᠤᠯᠠᠷᠢᠯ᠎ᠤᠨ ᠰᠠᠷ᠎ᠠ ᠰᠢᠨ᠎ᠠ ᠵᠢᠨ ᠪᠡᠶᠡᠷ᠎ᠢ ᠴᠢᠬᠤᠯᠠᠴᠢᠯᠠᠳᠠᠭ ᠪᠢᠰᠢ᠂ ᠬᠠᠷᠢᠨ ᠬᠠᠪᠤᠷ᠎ᠤᠨ ᠠᠭᠤᠷ᠎ᠢ ᠡᠷᠬᠢᠮᠯᠡᠳᠡᠭ᠃ ᠬᠠᠪᠤᠷ᠎ᠤᠨ ᠠᠭᠤᠷ ᠣᠷᠣᠬᠤ ᠦᠶ᠎ᠡ ᠪᠣᠯ ᠤᠯᠠᠮᠵᠢᠯᠠᠯᠲᠤ ᠲᠠᠷᠢᠶᠠᠯᠠᠬᠤ ᠨᠡᠢᠭᠡᠮ᠎ᠳᠦ ᠴᠢᠬᠤᠯᠠ ᠠᠴᠢ ᠬᠣᠯᠪᠣᠭ᠍ᠳᠠᠯ᠎ᠲᠠᠶ᠂ ᠲᠩᠷᠢ᠎ᠶ᠋ᠢ ᠱᠢᠲᠦᠵᠦ᠍ ᠳᠡᠭᠡᠳᠦᠰ᠎ᠢᠶᠡᠨ ᠳᠠᠬᠢᠬᠤ᠂ ᠵᠢᠯ ᠪᠦᠷᠢ ᠪᠤᠶᠠᠨ ᠦᠢᠯᠡᠳᠬᠦ᠌᠂ ᠭᠠᠢ ᠪᠠᠷᠴᠢᠳ᠎ᠢ ᠠᠷᠢᠯᠭᠠᠬᠤ᠂ ᠬᠠᠭᠤᠴᠢᠨ᠎ᠢ ᠠᠷᠢᠯᠭᠠᠵᠤ ᠱᠢᠨ᠎ᠡ᠎ᠶ᠋ᠢ ᠵᠠᠰᠠᠬᠤ᠂ ᠰᠢᠨ᠎ᠠ ᠵᠢᠯ ᠵᠢᠡᠨ ᠤᠭ᠍ᠲᠤᠬᠤ ᠵᠡᠷᠭᠡ ᠶᠣᠰᠣᠯᠠᠯ᠎ᠢ ᠪᠦᠷ ᠬᠠᠪᠤᠷ᠎ᠤᠨ ᠠᠭᠤᠷ ᠣᠷᠣᠬᠤ ᠡᠳᠦᠷ ᠵᠢᠴᠢ ᠲᠡᠭᠦᠨ᠎ᠦ ᠡᠮᠦᠨ᠎ᠡ ᠬᠣᠢᠨ᠎ᠠ ᠦᠶ᠎ᠡ᠎ᠪᠡᠷ ᠶᠠᠪᠤᠭᠤᠯᠳᠠᠭ᠂ ᠡᠳᠡᠭᠡᠷ ᠪᠠᠶᠠᠷ ᠳᠤᠷᠠᠰᠭᠠᠯ᠎ᠤᠨ ᠠᠵᠢᠯᠯᠠᠭ᠎ᠠ ᠨᠢ ᠬᠣᠵᠢᠮ᠎ᠤᠨ ᠬᠥᠮᠦᠰ᠎ᠦᠨ ᠨᠠᠰᠤᠨ ᠪᠠᠶᠠᠷ᠎ᠤᠨ ᠪᠣᠷᠣ ᠲᠥᠯᠥᠪ᠎ᠢ ᠪᠦᠷᠢᠯᠳᠦᠭᠦᠯᠦᠭ᠌ᠰᠡᠨ᠎ᠢᠶᠡᠷ ᠪᠠᠷᠠᠬᠤ ᠦᠬᠡᠢ᠂ ᠵᠠᠩ ᠥᠢᠯᠨ᠎ᠶ᠋ᠢᠨ ᠦᠢᠯᠡᠳᠦᠯ ᠨᠢ ᠴᠦ᠍ ᠡᠳᠦᠭᠡ ᠪᠣᠯᠲᠠᠯ᠎ᠠ ᠬᠠᠳᠠᠭᠠᠯᠠᠭ᠍ᠳᠠᠭ᠍ᠰᠠᠭᠠᠷ ᠶᠤᠮ᠃

ᠴᠠᠭ ᠠᠭᠤᠷ᠎ᠤᠨ ᠬᠤᠪᠢᠷᠠᠯᠲᠠ

ᠬᠠᠪᠤᠷ᠎ᠤᠨ ᠠᠭᠤᠷ ᠣᠷᠣᠬᠤ ᠦᠶᠡᠰ᠂ ᠵᠡᠭᠦᠨ ᠠᠽᠢᠶ᠎ᠠ᠎ᠶ᠋ᠢᠨ ᠡᠮᠦᠨᠡᠲᠦ ᠬᠡᠰᠡᠭ᠎ᠦᠨ ᠪᠠᠷᠠᠭᠤᠨ᠎ᠤ ᠰᠠᠯᠬᠢᠨ᠎ᠤ ᠱᠢᠷᠦᠭᠦᠨ ᠤᠷᠤᠰᠭᠠᠯ ᠨᠢ ᠨᠢᠭᠡᠨᠲᠡ ᠡᠬᠢᠯᠡᠨ ᠪᠠᠭᠤᠷᠠᠳᠠᠭ᠃ ᠭᠡᠪᠡᠴᠦ᠍ ᠤᠮᠠᠷᠠᠲᠤ ᠬᠡᠰᠡᠭ᠎ᠦᠨ ᠪᠠᠷᠠᠭᠤᠨ᠎ᠤ ᠰᠠᠯᠬᠢᠨ᠎ᠤ ᠱᠢᠷᠦᠭᠦᠨ ᠤᠷᠤᠰᠭᠠᠯ᠎ᠤᠨ ᠬᠦᠴᠦᠯᠡᠴᠡ ᠪᠠ ᠪᠠᠢᠷᠢᠯᠠᠯ ᠨᠢ ᠦᠨᠳᠦᠰᠦᠨ᠎ᠳᠡᠭᠡᠨ ᠬᠤᠪᠢᠷᠠᠯᠲᠠ ᠥᠬᠡᠶ᠂ ᠮᠣᠩᠭᠣᠯ᠎ᠤᠨ ᠦᠨᠳᠦᠷᠯᠢᠭ᠎ᠤᠨ ᠬᠦᠶ᠋ᠲᠡᠨ᠎ᠦ ᠥᠨᠳᠥᠷ ᠳᠠᠷᠤᠯᠲᠠ ᠪᠠ ᠠᠯᠢᠦ᠋ᠱᠸᠨ᠎ᠤ ᠳᠤᠤᠷ᠎ᠠ ᠳᠠᠷᠤᠯᠲᠠ ᠨᠢ ᠮᠥᠨ ᠯᠡ ᠨᠡᠯᠢᠶᠡᠳ ᠶᠡᠬᠡ ᠪᠠᠢᠳᠠᠭ᠂ ᠭᠡᠪᠡᠴᠦ᠍ ᠬᠦᠴᠦᠲᠡᠶ ᠬᠦᠶ᠋ᠲᠡᠨ ᠠᠭᠠᠷ᠎ᠤᠨ ᠨᠥᠯᠥᠭᠡ᠎ᠶ᠋ᠢᠨ ᠵᠠᠪᠰᠠᠷ ᠬᠤᠭᠤᠴᠠᠭᠠᠨ᠎ᠳᠤ᠂ ᠡᠮᠦᠨᠡᠱᠢᠯᠡᠬᠦ᠌ ᠰᠠᠯᠬᠢᠨ᠎ᠤ ᠳᠠᠪᠲᠠᠮᠵᠢ ᠨᠡᠮᠡᠭ᠌ᠳᠡᠬᠦ᠌᠎ᠶ᠋ᠢᠨ ᠬᠠᠮᠲᠤ ᠠᠭᠠᠷ᠎ᠤᠨ ᠳᠤᠯᠠᠭᠠᠨ ᠢᠯᠡᠳᠲᠡ ᠳᠡᠭᠡᠭ᠌ᠰᠢᠯᠡᠬᠦ᠌ ᠶᠠᠪᠤᠴᠠ ᠳᠠᠭᠠᠯᠳᠤᠵᠤ ᠪᠠᠢᠨ᠎ᠠ᠃ ᠡᠬᠦᠨᠴᠢᠯᠡᠨ ᠴᠠᠭ᠎ᠤᠨ ᠳᠠᠷᠠᠭᠠᠯᠠᠯ ᠨᠢ ᠬᠠᠪᠤᠷ᠎ᠤᠨ ᠤᠯᠠᠷᠢᠯ᠎ᠳᠤ ᠣᠷᠣᠵᠤ᠂ ᠪᠠᠢᠭᠠᠯᠢ ᠶᠢᠷᠲᠢᠨᠴᠦ᠍ ᠵᠢᠴᠢ ᠬᠥᠮᠦᠰ᠎ᠦᠨ ᠰᠡᠳᠭᠢᠯ᠎ᠳᠦ 《ᠬᠠᠪᠤᠷ》 ᠨᠢ ᠰᠠᠯᠬᠢ ᠡᠶᠡᠪᠡᠷᠭᠦᠦ ᠨᠠᠷᠠ ᠳᠤᠯᠠᠭᠠᠬᠠᠨ᠂ ᠲᠦᠮᠡᠨ ᠪᠣᠳᠠᠰ ᠠᠮᠢᠯᠠᠨ ᠰᠡᠷᠭᠦᠭ᠌ᠰᠡᠨ᠎ᠢ ᠬᠠᠷᠠᠭᠤᠯᠵᠤ ᠪᠠᠢᠨ᠎ᠠ᠃ ᠬᠠᠪᠤᠷ᠎ᠤᠨ ᠠᠭᠤᠷ᠂ ᠪᠠᠢᠭᠠᠯᠢ ᠶᠢᠷᠲᠢᠨᠴᠦ᠍᠎ᠳᠦ᠂ ᠬᠠᠮᠤᠭ᠎ᠤᠨ ᠢᠯᠡᠷᠬᠡᠶ ᠣᠨᠴᠠᠯᠢᠭ ᠪᠣᠯ ᠲᠦᠮᠡᠨ ᠪᠣᠳᠠᠰ ᠡᠬᠢᠯᠡᠨ ᠰᠡᠷᠭᠦᠬᠦ᠌ ᠱᠢᠨᠵᠢ ᠲᠡᠮᠳᠡᠭ᠎ᠲᠡᠶ᠃

ᠬᠠᠪᠤᠷ᠎ᠤᠨ ᠠᠭᠤᠷ ᠣᠷᠣᠬᠤ ᠦᠶᠡᠰ᠂ ᠳᠤᠮᠳᠠᠳᠤ ᠤᠯᠤᠰ᠎ᠤᠨ ᠡᠪᠦᠯ ᠬᠠᠪᠤᠷ᠎ᠤᠨ ᠵᠠᠭᠠᠭ ᠱᠤᠭᠤᠮ ( ᠡᠳᠦᠷ᠎ᠦᠨ ᠳᠤᠮᠳᠠᠴᠢ ᠠᠭᠠᠷ᠎ᠤᠨ ᠳᠤᠯᠠᠭᠠᠨ 5 ᠡᠳᠦᠷ ᠳᠠᠷᠠᠭᠠᠯᠠᠨ 10 ᠭᠷᠠᠳᠦ᠋ᠰ᠎ᠡᠴᠡ ᠳᠡᠭᠡᠭ᠌ᠰᠢ ᠪᠣᠯᠪᠠᠯ ᠬᠠᠪᠤᠷ᠎ᠲᠠᠭᠠᠨ ᠣᠷᠣᠨ᠎ᠠ ) ᠨᠢ ᠭᠤᠸᠠᠨᠭᠰᠢ᠎ᠶ᠋ᠢᠨ ᠭᠦᠶ᠋ᠯᠢᠨ᠎ᠡᠴᠡ ᠵᠢᠶᠠᠩᠰᠢ᠎ᠶ᠋ᠢᠨ ᠭᠠᠨᠵᠸᠦ ᠣᠷᠴᠢᠮ ᠬᠦᠷᠦᠨ᠎ᠡ᠃ ᠡᠬᠦᠨ ᠡᠴᠡ ᠡᠮᠦᠨᠡᠱᠢᠬᠢ ᠭᠠᠵᠠᠷ ᠣᠷᠣᠨ᠎ᠳᠤ ᠬᠠᠪᠤᠷ᠎ᠤᠨ ᠠᠭᠤᠷ ᠣᠷᠣᠵᠤ ᠪᠠᠢᠳᠠᠯ᠎ᠠ ᠳᠤᠮᠳᠠᠳᠤ ᠤᠯᠤᠰ᠎ᠤᠨ 93% ᠵᠢᠨ ᠡᠬᠡ ᠬᠠᠭᠤᠷᠠᠶ᠎ᠶ᠋ᠢᠨ ᠲᠠᠯᠠᠪᠠᠶ ᠳᠡᠭᠡᠷ᠎ᠡ ᠴᠥᠮ ᠡᠪᠦᠯ᠎ᠤᠨ ᠤᠨᠴᠠᠯᠢᠭ ᠲᠠᠭᠠᠨ ᠪᠠᠢᠭ᠍ᠰᠠᠭᠠᠷ᠃ ᠬᠠᠪᠤᠷ᠎ᠤᠨ ᠠᠭᠤᠷ ᠣᠷᠣᠬᠤ ᠦᠶᠡᠰ᠂ ᠠᠭᠠᠷ᠎ᠤᠨ ᠳᠤᠯᠠᠭᠠᠨ ᠳᠡᠭᠡᠭ᠌ᠰᠢᠯᠡᠵᠦ᠍᠂ ᠨᠡᠷᠡᠨ᠎ᠦ ᠲᠤᠰᠤᠯᠲᠠ᠂ ᠬᠤᠷ᠎ᠠ ᠪᠣᠷᠣᠭᠠᠨ ᠨᠡᠮᠡᠭ᠌ᠳᠡᠬᠦ᠌ ᠬᠠᠨᠳᠤᠰᠢ᠎ᠲᠠᠶ᠃ ᠭᠡᠪᠡᠴᠦ᠍ ᠪᠦᠬᠦ᠌ ᠤᠯᠤᠰ᠎ᠤᠨ ᠣᠯᠠᠩᠬᠢ ᠭᠠᠵᠠᠷ᠎ᠲᠤ ᠠᠪᠴᠤ᠌ ᠬᠡᠯᠡᠪᠡᠯ ᠵᠥᠪᠬᠡᠨ ᠬᠠᠪᠤᠷ᠎ᠤᠨ ᠤᠳᠤᠷᠢᠳᠭᠠᠯ ᠲᠡᠳᠦᠢ ᠶᠤᠮ᠃

ᠶᠠᠪᠤᠳᠡᠯ ᠰᠠᠭᠤᠳᠡᠯ᠎ᠤᠨ ᠳᠠᠯ᠎ᠠ ᠪᠡᠷ

ᠬᠠᠪᠤᠷ᠎ᠤᠨ ᠤᠯᠠᠷᠢᠯ᠎ᠤᠨ ᠠᠭᠤᠷ ᠠᠮᠢᠰᠭᠤᠯ᠎ᠤᠨ ᠬᠤᠪᠢᠷᠠᠯᠲᠠ ᠨᠡᠯᠢᠶᠡᠳ ᠶᠡᠬᠡ᠂ ᠭᠡᠨᠡᠳᠲᠡ ᠬᠦᠢᠳᠡᠷᠡᠨ ᠭᠡᠨᠡᠳᠲᠡ ᠳᠤᠯᠠᠭᠠᠷᠠᠵᠤ᠂ ᠬᠥᠮᠦᠨ᠎ᠦ ᠪᠡᠶ᠎ᠡ᠎ᠶ᠋ᠢᠨ ᠳᠠᠷᠬᠠᠯᠠᠭ᠎ᠠ ᠴᠤ᠌ ᠡᠬᠢᠯᠡᠭᠡᠳ ᠰᠤᠯᠠᠷᠠᠵᠤ᠂ ᠬᠦᠢᠲᠡᠨ ᠭᠠᠵᠢᠭᠤ᠎ᠶ᠋ᠢ ᠡᠰᠡᠷᠭᠦᠴᠡᠬᠦ᠌ ᠴᠢᠳᠠᠪᠤᠷᠢ ᠨᠢ ᠪᠠᠭᠤᠷᠠᠳᠠᠭ᠂ ᠡᠢᠮᠦ᠍᠎ᠡᠴᠡ ᠬᠠᠪᠤᠷ᠎ᠤᠨ ᠡᠬᠢ᠎ᠪᠡᠷ ᠨᠠᠰᠤ ᠠᠬᠠᠱᠢᠷᠠᠭ᠍ᠰᠠᠨ ᠬᠥᠮᠦᠰ ᠬᠤᠪᠴᠠᠰᠤ ᠬᠤᠨᠠᠷ᠎ᠢᠶᠠᠨ ᠰᠣᠯᠢᠬᠤ᠎ᠳᠠᠭᠠᠨ ᠨᠡᠩ ᠢᠯᠡᠭᠦᠦ ᠪᠣᠯᠭᠣᠮᠵᠢᠲᠠᠶ ᠪᠠᠢᠵᠤ᠂ ᠬᠤᠪᠴᠠᠰᠤ ᠬᠤᠨᠠᠷ᠎ᠢᠶᠠᠨ ᠨᠢᠬᠡ ᠯᠡ ᠳᠡᠬᠡᠷ᠎ᠠ ᠨᠢᠮᠬᠡᠯᠡᠵᠦ ᠪᠣᠯᠬᠤ ᠦᠭᠡᠶ᠃ ᠬᠠᠪᠤᠷ ᠤᠯᠠᠷᠢᠯ ᠪᠣᠯ ᠠᠮᠢᠰᠭᠤᠯ᠎ᠤᠨ ᠵᠠᠮ᠎ᠤᠨ ᠡᠪᠡᠳᠴᠢᠨ ᠠᠮᠠᠷᠬᠠᠨ ᠡᠭᠦᠰᠭᠦ ᠬᠤᠭᠤᠴᠠᠭ᠎ᠠ᠂ ᠬᠢᠮᠤᠷᠠᠭ᠎ᠠ᠂ ᠭᠦᠢᠯᠡᠰᠦᠨ ᠪᠤᠯᠴᠢᠷᠬᠠᠶ᠎ᠶ᠋ᠢᠨ ᠦᠷᠪᠢᠰᠦᠯ᠂ ᠰᠠᠯᠪᠤᠷᠢ ᠮᠥᠭᠡᠷᠰᠦᠨ ᠬᠣᠭᠣᠯᠠᠶ᠎ᠶ᠋ᠢᠨ ᠦᠷᠪᠢᠰᠦᠯ ᠵᠡᠷᠭᠡ᠎ᠶ᠋ᠢ ᠪᠠᠭ᠍ᠲᠠᠭᠠᠨ᠎ᠠ᠃ ᠥᠷᠥᠭᠡᠨ᠎ᠦ ᠠᠭᠠᠷ᠎ᠤᠨ ᠨᠡᠪᠲᠡᠷᠡᠬᠦ᠌᠎ᠶ᠋ᠢ ᠠᠩᠬᠠᠷᠴᠤ᠌᠂ ᠵᠣᠬᠢᠰᠲᠠᠶ ᠪᠡᠷ ᠴᠣᠩᠬᠣ ᠪᠡᠨ ᠨᠡᠭᠡᠭᠡᠵᠦ᠍ ᠰᠠᠯᠬᠢ ᠨᠡᠪᠲᠡᠷᠡᠭᠦᠯᠦᠨ ᠠᠭᠠᠷ ᠰᠤᠯᠢᠬᠤ ᠬᠡᠷᠡᠭᠳᠡᠢ᠃

ᠬᠠᠪᠤᠷ᠎ᠤᠨ ᠠᠭᠤᠷ ᠣᠷᠣᠬᠤ ᠦᠶᠡᠰ᠂ ᠣᠯᠠᠩᠬᠢ ᠬᠥᠮᠦᠰ ᠭᠠᠳᠠᠭᠠᠳᠤ ᠣᠷᠴᠢᠨ᠎ᠤ ᠬᠠᠷᠱᠢᠯ᠎ᠤᠨ ᠡᠬᠢ ᠰᠤᠷᠪᠤᠯᠵᠢ᠎ᠲᠠᠶ ᠬᠦᠷᠦᠯᠴᠡᠭ᠌ᠰᠡᠨ᠎ᠡᠴᠡ ᠪᠡᠶ᠎ᠡ ᠮᠠᠬᠠᠪᠣᠳ᠎ᠲᠤ ᠬᠠᠷᠱᠢᠮᠠᠲᠠᠭᠠᠶ ᠤᠷᠪᠠᠯ ᠭᠠᠷᠴᠤ᠌᠂ ᠬᠢᠷᠬᠢᠷ᠎ᠡ᠂ ᠬᠠᠮᠠᠷ᠎ᠤᠨ ᠦᠷᠪᠢᠰᠦᠯ ᠵᠡᠷᠭᠡ ᠤᠯᠠᠷᠢᠯ᠎ᠤᠨ ᠴᠢᠨᠠᠷᠲᠠᠶ ᠬᠠᠷᠱᠢᠮᠠᠲᠠᠭᠠᠶ ᠡᠪᠡᠳᠴᠢᠨ᠎ᠢ ᠡᠭᠦᠰᠭᠡᠳᠡᠭ᠃ ᠴᠥᠭᠡᠨ ᠪᠤᠰᠤ ᠬᠥᠮᠦᠨ ᠴᠥᠮ ᠴᠡᠴᠡᠭ᠎ᠦᠨ ᠲᠣᠭᠣᠰᠣᠨ᠎ᠳᠤ ᠬᠠᠷᠱᠢᠳᠠᠭ᠂ ᠡᠢᠮᠦ᠍᠎ᠡᠴᠡ ᠭᠠᠳᠠᠭ᠍ᠰᠢ ᠭᠠᠷᠬᠤ ᠦᠶᠡᠰ ᠴᠡᠴᠡᠭ᠎ᠦᠨ ᠲᠣᠭᠣᠰᠣ᠎ᠲᠠᠶ ᠣᠢᠷᠠᠳᠭᠤ᠎ᠠᠴᠠ ᠵᠠᠢᠯᠠᠰᠭᠢᠬᠦ᠌ ᠬᠡᠷᠡᠭ᠌ᠲᠡᠶ᠃

ᠡᠷᠡᠭᠦᠯᠵᠢᠯ ᠪᠡ ᠪᠡᠶ᠎ᠡ ᠰᠤᠪᠢᠯᠠᠯ

ᠬᠠᠪᠤᠷ᠎ᠤᠨ ᠠᠭᠤᠷ ᠣᠷᠣᠭ᠍ᠰᠠᠨ᠎ᠤ ᠳᠠᠷᠠᠭ᠎ᠠ᠂ ᠠᠭᠤᠷ ᠠᠮᠢᠰᠭᠤᠯ ᠠᠭᠠᠵᠢᠮ᠎ᠢᠶᠠᠷ ᠳᠤᠯᠠᠭᠠᠷᠠᠵᠤ᠂ ᠲᠦᠮᠡᠨ ᠪᠣᠳᠠᠰ ᠠᠮᠢᠯᠠᠨ ᠰᠡᠷᠭᠦᠵᠦ᠍᠂ ᠪᠠᠢᠭᠠᠯᠢ ᠶᠢᠷᠲᠢᠨᠴᠦ᠍᠎ᠶ᠋ᠢᠨ ᠡᠯ᠎ᠡ ᠵᠦᠶ᠋ᠯ᠎ᠦᠨ ᠠᠮᠢᠳᠤ ᠪᠣᠳᠠᠰ ᠰᠣᠶᠣᠭᠠᠯᠠᠵᠤ ᠪᠣᠢᠵᠢᠨ᠎ᠠ᠂ ᠡᠨᠡ ᠦᠶ᠎ᠡ᠎ᠳᠦ ᠬᠥᠮᠦᠨ᠎ᠦ ᠪᠡᠶ᠎ᠡ᠎ᠳᠡᠬᠢ ᠠᠷᠭ᠎ᠠ ᠬᠡᠶ ᠴᠦ᠍ ᠬᠠᠪᠤᠷ ᠬᠦᠷᠴᠦ᠍ ᠢᠷᠡᠬᠦ᠌᠎ᠶ᠋ᠢ ᠳᠠᠭᠠᠯᠳᠤᠨ ᠳᠡᠭᠡᠭ᠌ᠰᠢᠯᠡᠨ᠎ᠡ᠂ ᠡᠢᠮᠦ᠍᠎ᠡᠴᠡ᠂ ᠪᠢᠳᠡ ᠣᠶᠤᠨ ᠰᠠᠨᠠᠭ᠎ᠠ᠂ ᠣᠷᠣᠨ ᠰᠠᠭᠤᠴᠠ᠂ ᠢᠳᠡᠭᠡᠨ ᠤᠮᠳᠠᠭᠠᠨ᠂ ᠬᠥᠳᠡᠯᠭᠡᠭᠡᠨ᠂ ᠱᠢᠮ᠎ᠡ ᠲᠡᠵᠢᠭᠡᠯ ᠵᠡᠷᠭᠡ ᠲᠠᠯ᠎ᠠ᠎ᠪᠠᠷ ᠴᠥᠮ ᠬᠠᠪᠤᠷ᠎ᠤᠨ ᠣᠨᠴᠠᠯᠢᠭ᠎ᠲᠤ ᠨᠡᠢᠴᠡᠭᠦᠯᠦᠨ᠂ ᠠᠷᠭ᠎ᠠ ᠬᠡᠶ᠎ᠶ᠋ᠢ ᠬᠠᠮᠠᠭᠠᠯᠠᠬᠤ᠎ᠶ᠋ᠢ ᠠᠩᠬᠠᠷᠬᠤ ᠬᠡᠷᠡᠭ᠌ᠲᠡᠶ᠃ ᠬᠠᠪᠤᠷ ᠵᠣᠨ᠎ᠤ ᠤᠯᠠᠷᠢᠯ᠎ᠳᠤ ᠠᠷᠭ᠎ᠠ ᠴᠢᠨᠡᠷ ᠵᠢᠡᠨ ᠲᠡᠵᠢᠭᠡᠬᠦ᠌᠎ᠳᠦ᠂ ᠡᠷᠲᠡ ᠤᠨᠲᠠᠵᠤ ᠡᠷᠲᠡ ᠪᠣᠰᠴᠤ᠌᠂ ᠬᠠᠪᠤᠷ᠎ᠤᠨ ᠤᠯᠠᠷᠢᠯ᠎ᠳᠤ ᠠᠷᠭ᠎ᠠ ᠠᠭᠤᠷ ᠠᠩᠬ᠎ᠠ ᠳᠡᠭᠡᠭ᠌ᠰᠢᠯᠡᠬᠦ᠌ ᠣᠨᠴᠠᠯᠢᠭ᠎ᠲᠤ ᠵᠣᠬᠢᠴᠠᠭᠤᠯᠬᠤ ᠬᠡᠷᠡᠭ᠌ᠲᠡᠶ᠃ ᠬᠠᠪᠤᠷ᠎ᠤᠨ ᠤᠯᠠᠷᠢᠯ᠎ᠳᠤ ᠬᠥᠮᠦᠨ᠎ᠦ ᠪᠡᠶ᠎ᠡ᠎ᠶ᠋ᠢᠨ ᠱᠢᠨ᠎ᠡ ᠬᠠᠭᠤᠴᠢᠨ᠎ᠤ ᠰᠣᠯᠢᠯᠴᠠᠭ᠎ᠠ ᠡᠬᠢᠯᠡᠨ ᠬᠥᠭ᠌ᠵᠢᠩᠭᠦᠶ ᠪᠤᠯᠳᠠᠭ᠃

ᠬᠠᠪᠤᠷ᠎ᠤᠨ ᠤᠯᠠᠷᠢᠯ᠎ᠳᠤ ᠪᠡᠶ᠎ᠡ᠎ᠪᠡᠨ ᠰᠤᠪᠢᠯᠠᠬᠤ᠎ᠶ᠋ᠢᠨ ᠨᠥᠭᠥᠭᠡ ᠨᠢᠭᠡ ᠲᠠᠯ᠎ᠠ ᠨᠢ ᠡᠪᠡᠳᠴᠢᠨ᠎ᠢ ᠰᠡᠷᠭᠡᠢᠯᠡᠵᠦ᠍ ᠡᠷᠡᠭᠦᠯ ᠮᠡᠨᠳᠦ᠍᠎ᠶ᠋ᠢ ᠬᠠᠮᠠᠭᠠᠯᠠᠬᠤ ᠶᠠᠪᠤᠳᠠᠯ ᠪᠣᠯᠤᠨ᠎ᠠ᠃ ᠶᠡᠷᠦ᠍᠎ᠶ᠋ᠢᠨ ᠦᠭᠡᠨ᠎ᠳᠦ 《ᠡᠪᠡᠰᠦ ᠨᠣᠭᠣᠭ᠎ᠠ ᠨᠠᠬᠢᠶᠠᠯᠠᠵᠤ᠂ ᠡᠪᠡᠳᠴᠢᠨ ᠪᠦᠬᠦᠨ ᠡᠭᠦᠰᠦᠨ᠎ᠡ》 ᠭᠡᠳᠡᠭ᠂ ᠬᠠᠪᠤᠷ ᠲᠦᠮᠡᠨ ᠪᠣᠳᠠᠰ ᠰᠣᠶᠣᠭᠠᠯᠠᠵᠤ ᠪᠠᠢᠪᠠᠴᠤ ᠳᠠᠭᠠᠭᠠᠳ ᠪᠠᠰᠠ ᠪᠠᠺᠲ᠋ᠧᠷᠢ ᠡᠭᠦᠰᠦᠨ᠎ᠡ᠂ ᠡᠢᠮᠦ᠍᠎ᠡᠴᠡ ᠬᠠᠪᠤᠷ ᠡᠷᠬᠡᠪᠰᠢ ᠠᠷᠢᠭᠤᠨ ᠴᠡᠪᠡᠷ᠎ᠢ ᠡᠷᠬᠢᠮᠯᠡᠬᠦ᠌ ᠬᠡᠷᠡᠭ᠌ᠲᠡᠶ᠃ ᠬᠠᠪᠤᠷ᠎ᠤᠨ ᠠᠭᠤᠷ ᠠᠮᠢᠰᠭᠤᠯ᠎ᠤᠨ ᠣᠨᠴᠠᠯᠢᠭ ᠪᠣᠯ ᠰᠠᠯᠬᠢ᠎ᠪᠠᠷ ᠭᠤᠤᠯ ᠪᠣᠯᠭᠠᠨ᠎ᠠ᠃ ᠬᠠᠪᠤᠷ᠎ᠤᠨ ᠡᠬᠢ᠎ᠪᠡᠷ᠂ ᠭᠣᠣᠯᠳᠠᠭᠤ ᠰᠠᠯᠬᠢ ᠬᠦᠢᠳᠠᠨ ᠭᠠᠵᠢᠭᠤ ᠬᠡᠢ᠎ᠡᠴᠡ ᠡᠪᠡᠳᠴᠢᠨ ᠡᠭᠦᠰᠳᠡᠭ᠂ ᠬᠠᠪᠤᠷ᠎ᠤᠨ ᠰᠡᠭᠦᠯᠴᠢ ᠪᠣᠯᠬᠤ᠎ᠳᠤ᠂ ᠡᠰᠡᠷᠬᠦ ᠪᠡᠷ ᠰᠠᠯᠬᠢ ᠪᠦᠯᠢᠶᠡᠨ ᠭᠠᠵᠢᠭᠤ ᠬᠡᠢ᠎ᠡᠴᠡ ᠡᠪᠡᠳᠴᠢᠨ ᠡᠭᠦᠰᠳᠡᠭ ᠶᠤᠮ᠃ ᠡᠬᠦᠨᠴᠢᠯᠡᠨ ᠴᠠᠭ᠎ᠠᠭᠠᠷ᠎ᠢ ᠰᠠᠢᠳᠤᠷ ᠠᠨᠭᠬᠠᠷᠤᠨ ᠬᠢᠴᠢᠶᠡᠵᠦ᠂ ᠪᠠᠶ᠎ᠠ ᠵᠢᠨ ᠳᠠᠷᠬᠠᠯᠠᠭ᠎ᠠ ᠪᠡᠨ ᠴᠢᠨᠭᠭᠠᠳᠬᠠᠬᠤ ᠴᠢᠬᠤᠯᠠᠳᠠᠢ᠃

      ᠢᠷᠡᠯᠳᠡ᠄ ᠪᠠᠢ ᠳᠦ ᠰᠦᠯᠵᠢᠶ᠎ᠠ

      ᠡᠮᠬᠢᠯᠡᠭᠴᠢ᠄ ᠦᠨᠡᠨᠵᠢᠷᠭᠠᠯ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号