ᠤᠩᠨᠢᠭᠤᠳ
ᠬᠤᠪᠴᠠᠰᠦ ᠵᠠᠰᠠᠯ᠎ᠨᠢ ᠭᠡᠯᠪᠡᠷᠢ ᠮᠠᠶᠢᠭ ᠪᠠ ᠤᠷᠠᠯᠢᠭ ᠤᠨ ᠲᠠᠯ᠎ᠠ᠎ᠪᠠᠷ ᠦᠪᠦᠷ ᠮᠤᠨᠭᠭᠤᠯ᠎ᠤᠨ ᠬᠤᠷᠴᠢᠨ
ᠪᠠᠭᠠᠷᠢᠨ᠎ᠤ ᠮᠤᠩᠭᠤᠯ ᠬᠤᠪᠴᠠᠰᠦ ᠵᠠᠰᠠᠯ᠎ᠳᠤ ᠬᠠᠷᠢᠶᠠᠯᠠᠭ᠍ᠳᠠᠳᠠᠭ ᠪᠤᠯᠪᠠᠴᠤ᠌᠂ ᠲᠡᠭᠦᠨ᠎ᠳᠤ ᠪᠠᠰᠠ ᠦᠭᠡᠷ᠎ᠡ ᠪᠤᠰᠤᠳ᠎ᠠᠴᠠ ᠢᠯᠠᠭᠠᠭ᠍ᠳᠠᠬᠤ ᠢᠯᠡ ᠲᠤᠳᠤ ᠦᠪᠡᠷᠮᠢᠴᠡ ᠭᠡᠪ ᠨᠠᠮᠪᠠ ᠲᠠᠢ
ᠶᠤᠮ᠃
ᠭᠠᠷᠴᠠᠭ᠄
ᠳᠡᠦᠬᠡᠨ
ᠢᠷᠡᠯᠳᠡ
ᠳᠦᠷᠦᠯ
ᠵᠦᠢᠯ
ᠰᠤᠶᠤᠯ᠎ᠤᠨ
ᠪᠡᠯᠭᠡ ᠲᠡᠮᠳᠡᠭ
ᠤᠨᠴᠠᠯᠢᠭ
ᠰᠢᠨᠵᠢ
ᠳᠡᠦᠬᠡᠨ
ᠢᠷᠡᠯᠳᠡ
ᠤᠩᠨᠢᠭᠤᠳ᠎ᠤᠨ
ᠬᠤᠪᠴᠠᠰᠦ ᠵᠠᠰᠠᠯ᠎ᠨᠢ ᠶᠡᠭᠡ ᠡᠷᠲᠡ᠎ᠳᠡᠭᠡᠨ ᠮᠤᠩᠭᠤᠯ ᠬᠤᠪᠴᠠᠰᠦ ᠵᠠᠰᠠᠯ᠎ᠲᠠᠢ ᠠᠳᠠᠯᠢᠬᠠᠨ ᠪᠠᠢᠭ᠍ᠰᠠᠨ
ᠶᠤᠮ᠃ ᠴᠢᠩ ᠤᠯᠤᠰᠤᠨᠦᠶᠡᠳᠤ᠂ ᠮᠠᠨᠵᠤ ᠦᠨᠳᠦᠰᠦᠳᠡᠨ᠎ᠤ ᠨᠦᠯᠦᠭᠡ᠎ᠪᠠᠷ ᠮᠠᠨᠵᠤ ᠮᠠᠶᠢᠭ᠎ᠤᠨ ᠬᠤᠪᠴᠠᠰᠦ
ᠵᠠᠰᠠᠯ᠎ᠤᠨ ᠬᠡᠯᠪᠡᠷᠢ᠎ᠶ᠋ᠢ ᠦᠪᠡᠷ᠎ᠤᠨ
ᠬᠤᠪᠴᠠᠰᠦ᠎ᠳᠠᠭᠠᠨ ᠱᠢᠩᠭᠡᠨ ᠠᠪᠴᠤ᠌᠂ ᠡᠷᠡᠭ᠌ᠲᠠᠢᠴᠤᠳ ᠨᠢ ᠤᠭᠤᠳᠤᠷ ᠤᠤᠵᠢ (ᠬᠠᠨᠵᠢᠶᠠᠷᠢ)᠂ ᠡᠮᠡᠭ᠌ᠲᠠᠢᠴᠤᠳᠨᠢ ᠤᠷᠳᠤ
ᠤᠤᠵᠢ ᠡᠮᠦᠰᠭᠦ᠌ ᠪᠤᠯᠵᠤ᠂ ᠲᠡᠷᠯᠢᠭ᠎ᠢᠶᠠᠨ ᠴᠡᠭᠡᠵᠢ᠎ᠪᠠᠷ᠎ᠢᠶᠠᠨ ᠪᠠᠭ᠍ᠠᠨ ᠴᠢᠬᠤᠯ᠂ ᠲᠤᠤᠷ᠎ᠠ᠎ᠪᠠᠨ
ᠤᠨᠤᠭᠤ᠎ᠲᠠᠢ ᠭᠢᠭᠦ᠌ ᠪᠤᠯᠵᠠᠢ᠃ ᠬᠤᠵᠢᠮ᠎ᠨᠢ ᠭᠢᠳᠠᠳ
ᠬᠤᠪᠴᠠᠰᠦ ᠵᠠᠰᠠᠯ᠎ᠤᠨ ᠨᠦᠯᠦᠭᠡ᠎ᠶ᠋ᠢ ᠭᠦᠷᠳᠡᠵᠤ᠂ ᠬᠤᠪᠴᠠᠰᠦᠨᠤ ᠴᠢᠮᠡᠭ᠌ᠯᠡᠯ ᠪᠤᠯᠬᠤ ᠬᠤᠸᠠᠷ ᠵᠢᠷᠤᠭ᠎ᠨᠢ
ᠤᠯᠠᠮ ᠨᠠᠷᠢᠯᠢᠭ ᠪᠤᠯᠵᠤ᠂ ᠬᠠᠳᠭᠤᠮᠠᠯ ᠬᠠᠳᠭᠤᠬᠤ ᠤᠷ᠎ᠠ ᠮᠡᠷᠭᠡᠵᠢᠯ᠎ᠨᠢ ᠭᠤᠸ᠎ᠠ ᠰᠠᠢᠬᠠᠨ ᠪᠤᠯᠪᠠ᠃
ᠢᠯᠠᠩᠭᠤᠶ᠎ᠠ ᠱᠠᠬᠠᠢ ᠤᠶᠤᠬᠤ ᠤᠷ᠎ᠠ ᠮᠡᠷᠭᠡᠵᠢᠯ᠎ᠨᠢ ᠭᠢᠳᠠᠳ
ᠦᠨᠳᠦᠰᠦᠳᠡᠨ᠎ᠤ ᠭᠠᠷ᠎ᠢᠶᠠᠷ ᠤᠶᠤᠭ᠍ᠰᠠᠨ ᠬᠠᠳᠭᠤᠮᠠᠯ ᠬᠤᠸᠠᠷ᠎ᠲᠠᠢ ᠱᠠᠬᠠᠢ ᠵᠢᠨ ᠭᠡᠪ ᠶᠠᠩᠵᠤ ᠪᠠ
ᠤᠶᠤᠳᠠᠯ᠎ᠤᠨ ᠤᠷ᠎ᠠ ᠮᠡᠷᠭᠡᠵᠢᠯ᠎ᠢ ᠠᠮᠢᠳᠤᠯᠢᠭ᠎ᠢᠶᠠᠷ ᠱᠢᠩᠭᠡᠨ ᠠᠪᠴᠦ᠍᠂ ᠦᠪᠡᠷ᠎ᠤᠨ ᠭᠡᠪ ᠨᠠᠮᠪᠠ᠎ᠲᠠᠢ
ᠱᠠᠬᠠᠢ ᠭᠤᠳᠤᠯᠢ ᠡᠭᠦᠳᠦᠨ ᠪᠦᠳᠦᠭᠡᠵᠤ ᠴᠢᠳᠠᠭ᠍ᠰᠠᠨ ᠶᠤᠮ᠃
ᠳᠦᠷᠦᠯ
ᠵᠦᠢᠯ
ᠨᠢᠭᠡ᠂
ᠤᠩᠨᠢᠭᠤᠳ ᠬᠤᠪᠴᠠᠰᠦ ᠵᠠᠰᠠᠯ᠎ᠤᠨ ᠲᠦᠷᠦᠯ ᠵᠦᠢᠯ
ᠤᠩᠨᠢᠭᠤᠳ
ᠬᠤᠪᠴᠠᠰᠤ ᠵᠠᠰᠠᠯ᠎ᠢ ᠡᠩ᠎ᠤᠨ ᠬᠤᠪᠴᠠᠰᠤ ᠵᠠᠰᠠᠯ᠂ ᠦᠩᠭᠡ᠎ᠶ᠋ᠢᠨ (ᠲᠦᠷᠦ᠍᠎ᠶ᠋ᠢᠨ)
ᠬᠤᠪᠴᠠᠰᠤ ᠵᠠᠰᠠᠯ ᠭᠡᠵᠤ ᠬᠤᠶᠠᠷ ᠶᠡᠭᠡ ᠲᠦᠷᠦᠯ ᠬᠤᠪᠢᠶᠠᠵᠤ ᠪᠤᠯᠤᠨ᠎ᠠ᠃
ᠪᠠᠰᠠ ᠪᠦᠰᠡᠲᠠᠢ ᠭᠦᠮᠦᠨ᠎ᠤ ᠬᠤᠪᠴᠠᠰᠦ ᠵᠠᠰᠠᠯ᠂ ᠪᠦᠰᠡᠭᠦᠢ ᠭᠦᠮᠦᠨ᠎ᠤ ᠬᠤᠪᠴᠠᠰᠤ ᠵᠠᠰᠠᠯ᠂ ᠪᠡᠶ᠎ᠡ
ᠭᠦᠢᠴᠡᠭ᠌ᠰᠡᠨ ᠬᠡᠤᠭᠡᠨᠴᠤᠳ᠎ᠤᠨ ᠬᠤᠪᠴᠠᠰᠤ ᠵᠠᠰᠠᠯ᠂ ᠱᠢᠨ᠎ᠡ ᠭᠦᠷᠭᠡᠨ ᠱᠢᠨ᠎ᠡ ᠪᠡᠷᠢ᠎ᠶ᠋ᠢᠨ ᠬᠤᠪᠴᠠᠰᠤ
ᠵᠠᠰᠠᠯ᠂ ᠡᠷᠡᠭ᠌ᠲᠠᠢ ᠡᠮᠡᠭ᠌ᠲᠠᠢ ᠬᠡᠤᠬᠡᠳ᠎ᠤᠨ ᠬᠤᠪᠴᠠᠰᠤ ᠵᠠᠰᠠᠯ ᠭᠡᠵᠤ ᠬᠤᠪᠢᠶᠠᠵᠤ ᠪᠤᠯᠤᠨ᠎ᠠ᠃
ᠡᠭᠦᠨ᠎ᠠᠴᠠ ᠭᠠᠳᠠᠨ᠎ᠠ ᠪᠦᠭᠡᠴᠢᠨᠤ ᠬᠤᠪᠴᠠᠰᠤ ᠵᠠᠰᠠᠯ᠂ ᠯᠠᠮᠠᠨᠠᠷ᠎ᠤᠨ ᠬᠤᠪᠴᠠᠰᠤ ᠵᠠᠰᠠᠯ᠂ ᠨᠦᠭ᠌ᠴᠢᠭ᠌ᠰᠡᠳᠤᠨ
ᠮᠦᠩᠭᠡᠳᠡ᠎ᠶ᠋ᠢᠨ ᠬᠤᠪᠴᠠᠰᠤ ᠵᠠᠰᠠᠯ ᠭᠡᠵᠤ ᠪᠠᠢᠳᠠᠭ ᠪᠤᠯᠪᠠᠴᠤ᠌ ᠭᠤᠤᠯ ᠬᠤᠪᠴᠠᠰᠤ ᠵᠠᠰᠠᠯ᠎ᠳᠤ ᠤᠷᠤᠬᠤ
ᠦᠭᠡᠢ ᠶᠤᠮ᠃
ᠪᠦᠰᠡᠲᠠᠢ
ᠭᠦᠮᠦᠨ᠎ᠤ ᠲᠦᠷᠪᠡᠨ ᠤᠯᠠᠷᠢᠯ᠎ᠤᠨ ᠬᠤᠪᠴᠠᠰᠤᠳᠤ ᠠᠳᠠᠯᠢ ᠪᠤᠰᠤ ᠭᠡᠯᠪᠡᠷᠢ᠎ᠶ᠋ᠢᠨ ᠴᠠᠭᠠᠨ᠂ ᠭᠦᠭᠡ᠂ ᠴᠡᠩᠭᠡᠷ
ᠵᠡᠷᠭᠡ ᠦᠩᠭᠡ᠎ᠶ᠋ᠢᠨ ᠦᠨᠳᠦᠷ ᠤᠭ᠍ᠳᠤᠷ ᠬᠤᠪᠴᠠᠰᠤ᠂ ᠲᠠᠷᠦᠢ ᠲᠡᠷᠯᠢᠭ᠂ ᠲᠡᠪᠡᠯ᠂ ᠴᠠᠮᠴᠠ᠂ ᠫᠠᠩᠬᠤ (ᠭᠦᠪᠦᠩ ᠲᠡᠷᠯᠢᠭ)᠂ ᠤᠯᠤᠩ᠎ᠲᠠᠢ᠂ ᠬᠠᠨᠳᠠᠭᠠᠰᠤ᠂
ᠬᠠᠨᠵᠢᠶᠠᠷᠢ ᠵᠡᠷᠭᠡ ᠪᠠᠢᠳᠠᠭ᠃ ᠦᠮᠦᠳᠦ᠍ᠳᠤᠨᠢ ᠠᠷᠤ ᠦᠪᠦᠷ᠎ᠨᠢ ᠢᠯᠭᠠᠭ᠎ᠠ ᠦᠭᠡᠢ ᠦᠨᠳᠦᠷ ᠵᠠᠬ᠎ᠠ᠎ᠲᠠᠢ᠂
ᠠᠭᠤᠵᠢᠮ ᠠᠯᠠ᠎ᠲᠠᠢ᠂ ᠱᠤᠪᠳᠤᠩ ᠱᠢᠷᠬᠤᠨᠠᠭᠲᠠᠢ ᠠᠷᠠᠰᠤᠨ ᠦᠮᠦᠳᠦ᠂ ᠭᠦᠪᠦᠩ ᠦᠮᠦᠳᠦ᠂ᠳ᠋ᠠᠡᠭ ᠦᠮᠦᠳᠦ᠂
ᠵᠢᠶᠠ ᠦᠮᠦᠳᠦ ᠪᠠ ᠲᠤᠤᠬᠤ ᠦᠮᠦᠳᠦ ᠪᠠᠢᠭ᠍ᠰᠠᠨ᠎ᠢᠶᠠᠨ ᠦᠨᠦ᠍ ᠪᠤᠯ ᠤᠳᠤ ᠮᠠᠶᠢᠭ᠎ᠤᠨ ᠦᠮᠦᠳᠦ ᠪᠤᠯᠵᠤ
ᠬᠤᠪᠢᠷᠠᠵᠠᠢ᠃ ᠭᠤᠳᠤᠯ᠎ᠳᠤᠨᠢ ᠪᠤᠯᠢᠭᠠᠷᠢᠨ ᠭᠤᠳᠤᠯ᠂ ᠠᠷᠠᠰᠤᠨ ᠭᠤᠳᠤᠯ᠂ ᠢᠰᠡᠭᠡᠢ ᠭᠤᠳᠤᠯ᠂ ᠪᠦᠰ ᠭᠤᠳᠤᠯ
ᠪᠠᠢᠳᠠᠭ᠃ ᠪᠦᠰ ᠭᠤᠳᠤᠯᠢ ᠪᠠᠰᠠ ᠤᠯᠭᠤᠢ ᠭᠤᠳᠤᠯ᠂ ᠤᠷᠢᠶᠠᠮᠠᠯ ᠭᠤᠳᠤᠯ᠂ ᠰᠡᠢᠯᠡᠭᠦᠷᠲᠠᠢ ᠭᠤᠳᠤᠯ᠂
ᠭᠦᠷᠭᠡᠯᠡᠭᠦ᠌ ᠭᠤᠳᠤᠯ᠂ ᠲᠤᠮᠤᠭ᠎ᠲᠠᠢ ᠭᠤᠳᠤᠯᠭᠡᠵᠤ ᠤᠯᠠᠨ ᠵᠦᠢᠯ ᠬᠤᠪᠢᠶᠠᠳᠠᠭ᠃ ᠱᠠᠬᠠᠢ᠎ᠶ᠋ᠢ ᠪᠠᠰᠠ
ᠠᠷᠠᠰᠤᠨ ᠱᠠᠬᠠᠢ᠂ ᠪᠦᠰ ᠱᠠᠬᠠᠢ ᠭᠡᠵᠤ ᠬᠤᠪᠢᠶᠠᠨ᠎ᠠ᠃ ᠪᠦᠰ ᠱᠠᠬᠠᠢ᠎ᠶ᠋ᠢ ᠤᠶᠤᠭ᠍ᠰᠠᠨ ᠤᠶᠤᠳᠠᠯᠢᠶᠠᠷᠨᠢ
ᠤᠷᠢᠶᠠᠮᠠᠯ ᠱᠠᠬᠠᠢ᠂ ᠰᠡᠢᠯᠡᠭᠦᠷᠲᠠᠢ ᠱᠠᠬᠠᠢ᠂ ᠤᠯᠭᠤᠢ ᠱᠠᠬᠠᠢ ᠭᠡᠵᠤ ᠬᠤᠪᠢᠶᠠᠨ᠎ᠠ᠃ ᠡᠰᠭᠡᠵᠤ
ᠵᠤᠭᠢᠶᠠᠭ᠍ᠰᠠᠨ ᠭᠡᠯᠪᠡᠷᠢ᠎ᠪᠠᠷ᠎ᠨᠢ ᠵᠠᠯᠭᠠᠭᠤᠷ᠎ᠲᠠᠢ ᠱᠠᠬᠠᠢ᠂ ᠬᠠᠮᠠ ᠱᠠᠬᠠᠢ᠂ ᠱᠤᠩᠬᠤ ᠬᠤᠩᠱᠢᠶᠠᠷᠲᠠᠢ
ᠱᠠᠬᠠᠢ ᠭᠡᠭᠦ᠌ ᠵᠡᠷᠭᠡ᠎ᠪᠠᠷ ᠬᠤᠪᠢᠶᠠᠨ᠎ᠠ᠃ ᠭᠤᠳᠤᠯᠢ ᠪᠠᠰᠠ ᠬᠠᠮᠠ ᠭᠤᠳᠤᠯ᠂ ᠡᠭᠡᠳᠡᠩ ᠭᠤᠳᠤᠯ᠂ ᠱᠤᠩᠬᠤ
ᠬᠤᠩᠱᠢᠶᠠᠷᠲᠠᠢ ᠭᠤᠳᠤᠯ᠂ ᠵᠠᠯᠭᠠᠭᠤᠷ᠎ᠲᠠᠢ ᠭᠤᠳᠤᠯ ᠭᠡᠵᠤ ᠬᠤᠪᠢᠶᠠᠨ᠎ᠠ᠃ ᠬᠡᠦᠬᠡᠳ᠎ᠤᠨ ᠱᠠᠬᠠᠢ᠎ᠳᠤ ᠪᠠᠷᠰ
ᠱᠠᠬᠠᠢ᠂ ᠮᠤᠤᠷ ᠱᠠᠬᠠᠢ ᠭᠡᠵᠤ ᠪᠠᠢᠳᠠᠭ᠃ ᠤᠢᠮᠤᠰᠤᠳᠤᠨᠢ ᠢᠰᠡᠭᠡᠢ ᠤᠢᠮᠤᠰᠤ᠂ ᠭᠦᠪᠦᠩ ᠤᠢᠮᠤᠰᠤ᠂ ᠵᠢᠶᠠ
ᠤᠢᠮᠤᠰᠤ᠂ ᠨᠤᠤᠰᠤᠨ ᠤᠳᠠᠰᠤᠨ ᠤᠢᠮᠤᠰᠤ᠂ ᠤᠳᠠᠰᠤᠨ ᠤᠢᠮᠤᠰᠤ ᠭᠡᠵᠤ ᠪᠠᠢᠳᠠᠭ᠃ ᠮᠠᠯᠠᠭᠠᠢ᠎ᠳᠤᠨᠢ ᠦᠨᠡᠭᠡᠨ
ᠠᠷᠠᠰᠤᠨ ᠮᠠᠯᠠᠭᠠᠢ᠂ ᠢᠰᠡᠭᠡᠢ ᠲᠤᠭᠤᠷᠴᠤᠭ᠂ ᠬᠤᠷᠠᠭᠠᠨ ᠠᠷᠠᠰᠤ ᠪᠤᠶᠤ ᠬᠠᠷ᠎ᠠ ᠦᠭᠡᠳᠡᠩ ᠬᠠᠳᠠᠭ᠍ᠰᠠᠨ
ᠲᠦᠭᠦᠷᠢᠭ ᠮᠠᠯᠠᠭᠠᠢ᠂ ᠯᠢᠮᠤᠤ ᠮᠠᠯᠠᠭᠠᠢ᠂ ᠰᠡᠭᠦᠪᠴᠡᠳᠦ ᠰᠠᠷᠠᠪᠴᠢ᠎ᠲᠠᠢ ᠲᠦᠭᠦᠷᠢᠭ ᠮᠠᠯᠠᠭᠠᠢ᠂ ᠪᠦᠷᠭᠦ᠌
ᠮᠠᠯᠠᠭᠠᠢ᠂ ᠵᠠᠩᠵᠤᠨ ᠮᠠᠯᠠᠭᠠᠢ᠂ ᠮᠠᠬᠤᠵᠠ ᠮᠠᠯᠠᠭᠠᠢ ᠪᠠᠢᠳᠠᠭ᠃
ᠪᠦᠰᠡᠭᠦᠢ
ᠭᠦᠮᠦᠨ᠎ᠤ ᠲᠦᠷᠪᠡᠨ ᠤᠯᠠᠷᠢᠯ᠎ᠤᠨ ᠬᠤᠪᠴᠠᠰᠤ ᠵᠠᠰᠠᠯ᠎ᠨᠢ ᠭᠢᠯᠠᠰᠤᠮ᠎ᠠ ᠰᠠᠢᠬᠠᠨ ᠪᠠᠢᠳᠠᠭ᠃ ᠤᠩᠨᠢᠭᠤᠳ
ᠡᠮᠡᠭ᠌ᠲᠠᠢᠴᠤᠳ ᠭᠦᠭᠡ᠂ ᠴᠡᠩᠭᠡᠷ᠂ ᠨᠤᠭᠤᠭᠠᠨ᠂ ᠬᠤᠨᠳᠠᠨ᠂ ᠴᠠᠭᠠᠨ ᠦᠩᠭᠡ᠎ᠲᠠᠢ ᠮᠠᠩᠨᠤᠭ ᠲᠡᠪᠡᠯ ᠪᠠ ᠪᠦᠰ
ᠪᠤᠶᠤ ᠲᠤᠷᠭᠠᠨ ᠲᠡᠷᠯᠢᠭ ᠡᠮᠦᠰᠴᠦ᠍᠂ ᠭᠠᠳᠠᠭᠤᠷ᠎ᠨᠢ ᠬᠤᠸᠠᠷ ᠴᠡᠴᠡᠭ ᠬᠠᠳᠭᠤᠮᠠᠯᠯᠠᠭ᠍ᠰᠠᠨ ᠬᠠᠷ᠎ᠠ ᠲᠤᠷᠭᠠᠨ
ᠤᠷᠳᠤ ᠤᠤᠵᠢ ᠲᠠᠪᠬᠤᠷᠯᠠᠨ ᠡᠮᠦᠰᠳᠡᠭ᠃ ᠪᠦᠰᠡᠭᠦᠢ ᠭᠦᠮᠦᠨ᠎ᠤ ᠬᠤᠪᠴᠠᠰᠤᠳᠤ ᠲᠡᠷᠯᠢᠭ᠎ᠠᠴᠠ ᠭᠠᠳᠠᠨ᠎ᠠ
ᠠᠷᠠᠰᠤᠨ ᠲᠡᠪᠡᠯ᠂ ᠵᠢᠶᠠ ᠴᠠᠮᠴᠠ᠂ ᠫᠠᠩᠬᠤ (ᠭᠦᠪᠤᠩ ᠲᠡᠷᠯᠢᠭ)᠂ ᠬᠠᠨᠳᠠᠭᠠᠰᠤ᠂ ᠬᠠᠨᠵᠢᠶᠠᠷᠢ ᠵᠡᠷᠭᠡ ᠪᠠᠢᠳᠠᠭ᠃ ᠪᠦᠰᠡᠭᠦᠢ ᠭᠦᠮᠦᠨ᠎ᠤ ᠦᠮᠦᠳᠦ᠍ᠨᠢ
ᠪᠦᠰᠡᠳᠠᠢ ᠭᠦᠮᠦᠨᠤᠬᠢᠲᠠᠢ ᠦᠨᠳᠦᠰᠦᠨ᠎ᠳᠡᠭᠡᠨ ᠠᠳᠠᠯᠢ᠃ ᠦᠮᠦᠳᠦ᠍ᠨᠢ ᠠᠷᠠᠰᠤᠨ ᠦᠮᠦᠳᠦ᠂ ᠤᠳᠠᠮᠠᠯ
ᠠᠷᠠᠰᠤᠨ ᠦᠮᠦᠳᠦ᠂ ᠭᠦᠳᠡᠰᠤᠨ ᠠᠷᠠᠰᠤᠨ ᠦᠮᠦᠳᠦ᠂ ᠭᠦᠪᠦᠩ ᠦᠮᠦᠳᠦ᠂ ᠨᠤᠤᠰᠤᠨ ᠦᠮᠦᠳᠦ᠂ ᠵᠢᠶᠠ ᠦᠮᠦᠳᠦ᠂ ᠳ᠋ᠠᠩ
ᠦᠮᠦᠳᠦ ᠵᠡᠷᠭᠡ ᠪᠠᠢᠳᠠᠭ᠃ ᠡᠮᠡᠭ᠌ᠳᠠᠢ ᠭᠦᠮᠦᠨ᠎ᠤ ᠭᠤᠳᠤᠯ ᠱᠠᠬᠠᠢ᠎ᠶ᠋ᠢᠨ ᠦᠨᠳᠦᠰᠦᠨ ᠭᠡᠯᠪᠡᠷᠢ᠎ᠨᠢ
ᠡᠷᠡᠭ᠌ᠳᠠᠢ ᠭᠦᠮᠦᠨᠤᠬᠢᠲᠠᠢ ᠠᠳᠠᠯᠢ ᠶᠤᠮ᠃ ᠢᠯᠭᠠᠭ᠎ᠠ᠎ᠨᠢ ᠭᠡᠷᠡᠭ᠌ᠯᠡᠭ᠌ᠰᠡᠨᠮᠠᠲ᠋ᠧᠷᠢᠶᠠᠯ ᠪᠤᠯᠤᠨ
ᠤᠶᠤᠭ᠍ᠰᠠᠨ ᠤᠶᠤᠳᠠᠯ᠎ᠳᠤᠨᠢ ᠪᠠᠢᠳᠠᠭ᠃ ᠡᠮᠡᠭ᠌ᠲᠠᠢ ᠭᠦᠮᠦᠨ᠎ᠤ ᠭᠤᠳᠤᠯ᠎ᠳᠤ ᠬᠠᠮᠠ ᠭᠤᠳᠤᠯ᠂ ᠱᠤᠩᠬᠤ ᠭᠤᠳᠤᠯ
ᠵᠡᠷᠭᠡ ᠪᠠᠢᠵᠤ᠂ ᠭᠤᠳᠤᠯ ᠲᠡᠭᠡᠷ᠎ᠡ᠎ᠪᠠᠨ ᠤᠷᠢᠶᠠᠮᠠᠯ ᠤᠷᠢᠶᠠᠬᠤ ᠪᠤᠶᠤ ᠬᠠᠳᠭᠤᠮᠠᠯ
ᠬᠠᠳᠭᠤᠮᠠᠯᠯᠠᠵᠤ᠂ ᠤᠭᠠᠯᠵᠠ ᠬᠤᠸᠠᠷᠢ ᠤᠷᠠᠯᠠᠨ
ᠤᠶᠤᠳᠠᠭ᠃ ᠪᠦᠰᠭᠦᠢᠴᠤᠳ ᠪᠠᠰᠠ ᠰᠡᠢᠯᠡᠭᠦᠷᠲᠠᠢ ᠭᠤᠳᠤᠯ ᠡᠮᠦᠰᠳᠡᠭ᠃ ᠪᠦᠰᠭᠦᠢᠴᠤᠳ ᠵᠤᠨ᠎ᠳᠠᠭᠠᠨ
ᠬᠤᠸᠠᠷ᠎ᠲᠠᠢ ᠱᠠᠬᠠᠢ ᠡᠮᠦᠰᠳᠡᠭ᠃ ᠤᠩᠨᠢᠭᠤᠳ ᠡᠮᠡᠭ᠌ᠲᠢᠴᠤᠳ ᠭᠤᠳᠤᠯ ᠱᠠᠬᠠᠢ᠎ᠳᠠᠭᠠᠨ ᠡᠯ᠎ᠡ ᠵᠦᠢᠯ᠎ᠤᠨ
ᠠᠷᠢᠶᠠᠳᠠᠨ ᠭᠦᠷᠦᠭᠡᠰᠦ᠂ ᠴᠡᠴᠡᠭ ᠬᠤᠸᠠᠷ ᠪᠤᠯᠤᠨ ᠭᠡ ᠤᠭᠠᠯᠵᠠ᠎ᠶ᠋ᠢ ᠡᠪ ᠲᠦᠢᠲᠠᠢ ᠮᠢᠷᠠᠯᠵᠠᠳᠠᠯᠠ
ᠰᠠᠢᠬᠠᠨ ᠬᠠᠳᠭᠤᠮᠠᠯᠯᠠᠨ ᠤᠶᠤᠳᠠᠭ᠃ ᠪᠦᠰᠡᠭᠦᠢ ᠭᠦᠮᠦᠨ᠎ᠤ ᠡᠮᠦᠰᠭᠦ ᠤᠢᠮᠤᠰᠤᠨᠢ ᠪᠦᠰᠡᠲᠠᠢ ᠭᠦᠮᠦᠨ᠎ᠲᠠᠢ
ᠦᠨᠳᠦᠰᠦᠨ᠎ᠳᠡᠭᠡᠨ ᠠᠳᠠᠯᠢ᠃
ᠪᠦᠰᠡᠭᠦᠢ
ᠭᠦᠮᠦᠨ ᠲᠤᠯᠤᠭᠠᠢ᠎ᠳᠠᠭᠠᠨ ᠬᠤᠶᠠᠷ ᠤᠭ ᠪᠤᠭᠤᠵᠤ᠂ ᠲᠠᠳᠠᠭᠤᠷ ᠲᠠᠳᠠᠨ᠂ ᠬᠠᠳᠭᠤᠭᠤᠷ ᠬᠠᠳᠭᠤᠨ᠂ ᠤᠨᠵᠢᠯᠭ᠎ᠠ
ᠵᠡᠭᠦᠵᠤ᠂ ᠠᠯᠴᠢᠭᠤᠷ ᠤᠷᠢᠶᠠᠨ᠂ ᠴᠢᠭᠢᠨ᠎ᠳᠡᠭᠡᠨ ᠰᠦᠢᠭᠡ ᠵᠡᠭᠦᠨ᠎ᠡ᠃ ᠡᠪᠤᠯ ᠪᠤᠯ ᠲᠤᠯᠤᠭᠠᠢ᠎ᠳᠠᠭᠠᠨ ᠦᠨᠡᠭᠡᠨ
ᠠᠷᠠᠰᠤ᠎ᠲᠠᠢ᠂ ᠬᠠᠳᠭᠤᠮᠠᠯ ᠬᠤᠸᠠᠷ᠎ᠲᠠᠢ ᠴᠢᠭᠢᠪᠴᠢ ᠪᠤᠶᠤ ᠦᠨᠡᠭᠡᠨ ᠠᠷᠠᠰᠤᠨ ᠮᠠᠯᠠᠭᠠᠢ ᠵᠠᠭᠦᠳᠡᠭ᠃
ᠲᠤᠯᠠᠭᠠᠨ ᠴᠠᠭ᠎ᠲᠤ ᠡᠮᠡᠭ᠌ᠲᠠᠢᠴᠤᠳ ᠱ᠌ᠢᠷᠦᠨ ᠮᠠᠯᠠᠭᠠᠢ᠂ ᠲᠤᠭᠤᠢ ᠮᠠᠯᠠᠭᠠᠢ᠂ ᠨᠠᠷᠠᠨ ᠮᠠᠯᠠᠭᠠᠢ
ᠵᠡᠷᠭᠡ᠎ᠶ᠋ᠢ ᠲᠤᠯᠤᠭᠠᠢ᠎ᠳᠠᠭᠠᠨ ᠵᠡᠭᠦᠳᠡᠭ᠃ ᠬᠡᠦᠬᠡᠨ ᠭᠦᠮᠦᠨ᠎ᠤ ᠬᠤᠪᠴᠠᠰᠤ ᠬᠤᠨᠢᠷᠨᠢ ᠵᠠᠯᠠᠭᠤ ᠪᠦᠰᠡᠭᠦᠢ
ᠭᠦᠮᠦᠨᠤᠬᠢᠲᠠᠢ ᠨᠡᠯᠢᠶᠡᠳ ᠲᠦᠰᠦᠭᠡᠲᠠᠢ᠃ ᠭᠤᠤᠯ ᠢᠯᠭᠠᠭ᠎ᠠ᠎ᠨᠢ ᠬᠡᠦᠬᠡᠨ ᠭᠦᠮᠦᠨ ᠪᠤᠯ ᠪᠦᠰᠡ
ᠪᠦᠰᠡᠯᠡᠵᠤ᠂ ᠪᠦᠰᠡᠭᠦᠢ ᠭᠦᠮᠦᠨ ᠪᠤᠯ ᠪᠦᠰᠡ ᠪᠦᠰᠡᠯᠡᠳᠡᠭ ᠦᠭᠡᠢ ᠪᠠᠢᠵᠠᠢ᠃ ᠴᠢᠯᠦᠭᠡᠯᠡᠭ᠌ᠳᠡᠭ᠌ᠰᠡᠨᠤ
ᠲᠠᠷᠠᠭ᠎ᠠ ᠪᠦᠰᠡᠭᠦᠢᠴᠤᠳ ᠴᠤ᠌ ᠪᠦᠰᠡ ᠪᠦᠰᠡᠯᠡᠭᠦ᠌ ᠪᠤᠯᠪᠠ᠃ ᠬᠡᠤᠭᠡᠨ ᠭᠦᠮᠦᠨ ᠠᠷᠤᠨᠰᠢ᠎ᠪᠠᠨ ᠭᠠᠭ᠍ᠴᠠ
ᠭᠡᠵᠢᠭᠡ ᠭᠦᠷᠦᠵᠤ᠂ ᠵᠤᠯᠠᠢ ᠲᠡᠭᠡᠭᠦᠷ᠎ᠢᠶᠠᠨ ᠳ᠋ᠠᠩ ᠱ᠌ᠢᠷᠦᠨ ᠲᠠᠳᠠᠭᠤᠷ ᠳᠠᠳᠠᠵᠤ᠂ ᠲᠤᠯᠤᠭᠠᠢ᠎ᠳᠠᠭᠠᠨ
ᠬᠠᠯᠢᠭᠤ ᠬᠤᠷᠠᠭᠠᠨ ᠦᠰᠦ ᠬᠠᠳᠠᠭ᠍ᠰᠠᠨ ᠬᠤᠷᠭᠤᠢ ᠭᠦᠪᠦᠭᠡ᠎ᠲᠠᠢ ᠢᠰᠡᠭᠡᠢ ᠲᠤᠭᠤᠷᠴᠤᠭ ᠵᠠᠭᠦᠵᠤ᠂ ᠡᠩᠭᠡᠷ᠎ᠤᠨ
ᠲᠤᠪᠴᠢᠨ ᠠᠴᠠ᠎ᠪᠠᠨ ᠬᠠᠳᠭᠤᠮᠠᠯ ᠬᠤᠸᠠᠷ᠎ᠲᠠᠢ ᠪᠦᠭᠡᠷᠡᠨ ᠬᠠᠪᠳᠠᠭ᠎ᠠ ᠵᠡᠭᠦᠵᠤ᠂ ᠳᠤᠳᠤᠷ᠎ᠠ᠎ᠨᠢ ᠦᠨᠦᠷᠳᠦ
ᠡᠪᠡᠰᠦ ᠭᠢᠳᠡᠭ᠃
ᠤᠨᠴᠠᠯᠢᠭ
ᠰᠢᠨᠵᠢ
ᠤᠩᠨᠢᠭᠤᠳ
ᠬᠤᠪᠴᠠᠰᠤ ᠵᠠᠰᠠᠯ᠎ᠨᠢ ᠬᠤᠷᠴᠢᠨ ᠪᠠᠭᠠᠷᠢᠨ᠎ᠤ ᠬᠤᠪᠴᠠᠰᠤ ᠵᠠᠰᠠᠯ᠎ᠳᠤ ᠬᠠᠷᠢᠶᠠᠯᠠᠭ᠍ᠳᠠᠳᠠᠭ ᠪᠤᠯᠪᠠᠴᠤ᠌
ᠪᠤᠰᠤᠳ ᠬᠤᠱᠢᠭᠤ ᠨᠤᠳᠤᠭ᠎ᠠᠴᠠ ᠢᠯᠡ ᠲᠤᠳᠤ ᠢᠯᠠᠭᠠᠭ᠍ᠳᠠᠬᠤ ᠦᠪᠡᠷᠮᠢᠴᠡ ᠤᠨᠴᠠᠯᠢᠭ᠎ᠲᠠᠢ ᠶᠤᠮ᠃
ᠡᠷᠡᠭ᠌ᠲᠠᠢ
ᠡᠮᠡᠭ᠌ᠲᠠᠢ᠂᠂ ᠭᠦᠭ᠌ᠰᠢᠨ ᠵᠠᠯᠠᠭᠤ᠎ᠶ᠋ᠢᠨ ᠢᠯᠠᠭᠠᠯ ᠢᠯᠡ ᠲᠤᠳᠤ᠃ ᠵᠠᠯᠠᠭᠤᠴᠤᠳ ᠪᠤᠯ ᠬᠤᠷᠴᠠ ᠰᠤᠷᠭᠤᠭ
ᠦᠩᠭᠡ᠎ᠶ᠋ᠢᠨ ᠲᠤᠷᠭ᠎ᠠ ᠲᠤᠷᠳᠠᠩ᠂ ᠦᠭᠡᠳᠡᠩᠢ ᠰᠤᠩᠭᠤᠨ ᠬᠤᠪᠴᠠᠰᠤ ᠭᠢᠳᠡᠭ᠃ ᠨᠠᠰᠤᠲᠠᠢᠴᠤᠳ ᠪᠤᠯ ᠲᠠᠷᠤᠤ
ᠪᠤᠷᠤᠭ᠍ᠵᠢᠭᠤᠨ ᠦᠩᠭᠡ᠎ᠶ᠋ᠢ ᠰᠤᠩᠭᠤᠵᠤ ᠬᠤᠪᠴᠠᠰᠤ ᠭᠢᠳᠡᠭ᠃
ᠪᠦᠰᠡ
ᠪᠦᠰᠡᠯᠡᠭᠦ᠎ᠳᠡᠭᠡᠨ ᠵᠠᠯᠠᠭᠤᠴᠤᠳ ᠪᠤᠯ ᠲᠤᠷᠭ᠎ᠠ ᠲᠤᠷᠳᠠᠩ᠂ ᠴᠢᠰᠴᠡᠦ ᠪᠦᠰᠡ ᠪᠦᠰᠡᠯᠡᠨ᠂ ᠠᠷᠤ
ᠨᠢᠷᠤᠭᠤᠨ᠎ᠳᠠᠭᠠᠨ ᠴᠠᠴᠤᠭ ᠭᠠᠷᠭᠠᠳᠠᠭ᠃ ᠨᠠᠰᠤᠲᠠᠢᠴᠤᠳ ᠪᠤᠯ ᠵᠢᠶᠠᠨᠴᠠᠤ ᠪᠦᠰᠡ ᠪᠦᠰᠡᠯᠡᠵᠤ᠂ ᠴᠠᠴᠤᠭ
ᠭᠠᠷᠭᠠᠳᠠᠭ ᠦᠭᠡᠢ᠃
ᠤᠩᠨᠢᠭᠤᠳ
ᠬᠤᠪᠴᠠᠰᠤᠨ᠎ᠤ ᠵᠠᠭᠠᠮ᠎ᠠ᠎ᠶ᠋ᠢᠨ ᠲᠤᠪᠴᠢ ᠵᠢᠨ ᠲᠤᠤᠷ᠎ᠠ ᠬᠤᠷᠤᠭᠤ ᠦᠷᠭᠡᠨ ᠠᠮᠢᠰᠭᠤᠯ ᠦᠯᠡᠳᠡᠭᠡᠵᠤ᠂ ᠲᠡᠪᠡᠯ
ᠲᠡᠷᠯᠢᠭ᠎ᠲᠤ ᠳ᠋ᠠᠩ ᠱᠢᠯᠪᠢ ᠲᠤᠪᠴᠢ ᠬᠠᠳᠠᠵᠤ᠂ ᠰᠠᠮᠫᠠᠨ ᠵᠠᠩᠭᠢᠳᠭᠤ ᠪᠤᠶᠤ ᠭᠠᠤᠯᠢ᠂ ᠮᠦᠩᠭᠦᠨ ᠲᠤᠪᠴᠢ
ᠬᠠᠳᠠᠳᠠᠭ᠃
ᠤᠩᠨᠢᠭᠤᠳ
ᠲᠡᠷᠯᠢᠭ ᠲᠡᠪᠡᠯ᠎ᠨᠢ ᠱᠢᠨᠠᠭ᠎ᠠ᠎ᠲᠠᠢ᠃ ᠮᠠᠨᠵᠤ ᠲᠡᠷᠯᠢᠭ ᠪᠠ ᠮᠠᠩᠨᠤᠭ ᠲᠡᠪᠡᠯ ᠪᠤᠯ ᠱᠢᠨᠠᠭ᠎ᠠ ᠤᠷᠤᠭᠤᠯᠳᠠᠭ
ᠦᠭᠡᠢ᠃ ᠤᠩᠨᠢᠭᠤᠳ ᠲᠡᠷᠯᠢᠭ ᠲᠡᠪᠡᠯ ᠪᠤᠯ ᠤᠨᠤᠭᠤ ᠦᠭᠡᠢ ᠪᠤᠶᠤ ᠬᠤᠶᠠᠷ ᠤᠨᠤᠭᠤ᠎ᠲᠠᠢ᠃ ᠤᠷᠳᠤᠰ ᠲᠡᠷᠯᠢᠭ
ᠪᠤᠯ ᠲᠦᠷᠪᠡᠨ ᠤᠨᠤᠭᠤ᠎ᠲᠠᠢ᠃
ᠤᠩᠨᠢᠭᠤᠳ
ᠮᠤᠩᠭᠤᠯᠴᠤᠳ ᠪᠦᠰᠡ ᠪᠦᠰᠡᠯᠡᠭᠦ᠎ᠳᠡᠭᠡᠨ ᠦᠵᠦᠮᠦᠴᠢᠨ ᠮᠤᠩᠭᠤᠯᠴᠤᠳ ᠰᠢᠭ ᠠᠭ᠍ᠰᠤᠵᠤ ᠪᠦᠰᠡᠯᠡᠳᠡᠭ ᠦᠭᠡᠢ
ᠪᠤᠯᠬᠤᠷ ᠭᠤᠳᠤᠯ᠎ᠤᠨ ᠵᠤᠯᠠᠭ᠎ᠨᠢ ᠬᠤᠷᠮᠤᠢ ᠲᠤᠤᠭᠤᠷ ᠬᠠᠷᠠᠭ᠍ᠳᠠᠳᠠᠭ ᠦᠭᠡᠢ᠃
ᠤᠩᠨᠢᠭᠤᠳ
ᠲᠡᠷᠯᠢᠭ ᠲᠡᠪᠡᠯ᠎ᠨᠢ ᠳᠤᠳᠤᠭᠠᠳᠤ ᠡᠩᠭᠡᠷ᠎ᠲᠠᠢ᠃ ᠭᠡᠪᠡᠴᠤ᠌ ᠵᠠᠷᠢᠮ ᠭᠦᠮᠦᠨ ᠳᠤᠳᠤᠭᠠᠳᠤ ᠡᠩᠭᠡᠷ᠎ᠢᠶᠠᠨ
ᠤᠭ᠍ᠳᠤᠷ ᠰᠢᠬ ᠭᠠᠷᠭᠠᠳᠠᠭ᠃
ᠤᠩᠨᠢᠭᠤᠳ
ᠭᠤᠳᠤᠯ᠎ᠤᠨ ᠪᠤᠷᠪᠢ᠎ᠠᠴᠠ ᠲᠡᠭᠡᠭ᠌ᠰᠢᠭᠢ ᠵᠤᠯᠠᠭ ᠲᠦᠷᠡᠢ᠎ᠶ᠋ᠢᠨ ᠵᠠᠯᠭᠠᠰᠤ ᠭᠡᠰᠡᠭ᠎ᠤᠨ ᠲᠠᠭᠢᠷ
ᠤᠬᠤᠯᠠᠭᠠᠰᠤᠨᠢ ᠨᠡᠯᠢᠶᠡᠳ ᠶᠡᠭᠡ᠂ ᠲᠦᠷᠡᠢ᠎ᠨᠢ ᠪᠠᠭ᠍ᠠᠨ ᠤᠭ᠍ᠳᠤᠷ ᠪᠠᠢᠳᠠᠭ᠃ ᠡᠨᠡ ᠲᠠᠯ᠎ᠠ᠎ᠪᠠᠷ ᠠᠷᠤ
ᠬᠤᠷᠴᠢᠨ ᠬᠤᠪᠴᠠᠰᠦ ᠵᠠᠰᠠᠯ ᠵᠠᠷᠭᠡ᠎ᠠᠴᠠ ᠢᠯᠡ ᠲᠤᠳᠤ ᠢᠯᠠᠭᠠᠭ᠎ᠠ᠎ᠲᠠᠢ ᠶᠤᠮ᠃
ᠤᠩᠨᠢᠭᠤᠳ
ᠭᠡ ᠤᠭᠠᠯᠵᠠ ᠵᠢᠨ ᠲᠦᠷᠰᠦ ᠵᠢᠷᠤᠭ᠎ᠨᠢ ᠭᠤᠶᠤ᠂ ᠨᠠᠷᠢᠯᠢᠭ ᠪᠦᠭᠡᠳ ᠲᠦᠷᠦᠯ ᠵᠦᠢᠯ᠎ᠨᠢ ᠤᠯᠠᠨ ᠪᠠᠢᠳᠠᠭ᠃ ᠭᠡ ᠤᠭᠠᠯᠵᠠ᠎ᠶ᠋ᠢ ᠭᠡᠷᠡᠭ᠌ᠯᠡᠭᠦ᠌ ᠭᠠᠵᠠᠷ᠎ᠨᠢ ᠴᠤ᠌
ᠲᠤᠰ ᠲᠤᠰ᠎ᠤᠨ ᠴᠢᠩᠭ᠎ᠠ ᠱᠠᠭᠠᠷᠳᠠᠯᠭ᠎ᠠ᠎ᠲᠠᠢ ᠪᠠᠢᠳᠠᠭ᠃ ᠡᠳᠡᠭᠡᠷ ᠭᠡ ᠤᠭᠠᠯᠵᠠ᠎ᠨᠢ ᠤᠩᠨᠢᠭᠤᠳ ᠬᠤᠪᠴᠠᠰᠤ
ᠵᠠᠰᠠᠯ᠎ᠤᠨ ᠰᠤᠶᠤᠯ᠎ᠤᠨ ᠪᠡᠯᠭᠡ ᠲᠡᠮᠳᠡᠭ᠎ᠢ ᠢᠯᠡᠷᠡᠭᠦᠯᠵᠤ ᠪᠠᠢᠳᠠᠭ᠃
ᠤᠩᠨᠢᠭᠤᠳ
ᠬᠤᠪᠴᠠᠰᠤ ᠵᠠᠰᠠᠯ᠎ᠤᠨ ᠤᠶᠤᠳᠠᠯ᠎ᠤᠨ ᠤᠷᠠᠨ ᠬᠠᠳᠭᠤᠮᠠᠯ᠎ᠤᠨ ᠤᠷ᠎ᠠ ᠮᠡᠷᠭᠡᠵᠢᠯ᠎ᠤᠨ ᠢᠯᠡᠷᠡᠭᠦᠯᠭᠦ᠌
ᠬᠠᠳᠭᠤᠮᠠᠯ᠎ᠤᠨ ᠠᠷᠭ᠎ᠠ ᠮᠠᠶᠢᠭ᠎ᠨᠢ ᠤᠯᠠᠨ ᠲᠦᠷᠦᠯ
ᠪᠠᠢᠳᠠᠭ᠃ ᠤᠩᠨᠢᠭᠤᠳ ᠤᠷᠠᠨ ᠬᠠᠳᠭᠤᠮᠠᠯᠴᠢᠨᠤ ᠭᠠᠷ᠎ᠢᠶᠠᠷ ᠬᠠᠳᠭᠤᠮᠠᠯᠯᠠᠭ᠍ᠰᠠᠨ ᠤᠷᠠᠨ ᠪᠦᠳᠦᠭᠡᠯ᠎ᠨᠢ ᠦᠵᠡᠭᠦ᠎ᠳᠤ ᠭᠤᠶᠤ᠂ ᠠᠮᠢᠳᠤᠯᠢᠭ᠂
ᠪᠤᠰᠤᠭ᠎ᠠ ᠲᠦᠷᠰᠦᠳᠦ ᠲᠦᠷᠦᠭ᠌ᠳᠡᠯ᠎ᠢ ᠦᠭ᠌ᠳᠡᠭ᠃ ᠤᠷᠴᠢᠮ᠎ᠤᠨ ᠪᠦᠷᠢᠳᠭᠡᠯ᠎ᠢ ᠦᠨᠳᠦᠰᠦᠯᠡᠪᠡᠯ᠂ ᠤᠩᠨᠢᠭᠤᠳ
ᠮᠤᠩᠭᠤᠯᠴᠤᠳ᠎ᠲᠤ ᠨᠡᠢᠳᠡ 33 ᠵᠦᠢᠯ᠎ᠤᠨ ᠤᠶᠤᠵᠤ ᠬᠠᠳᠭᠤᠮᠠᠯᠯᠠᠬᠤ ᠠᠷᠭ᠎ᠠ ᠪᠠᠢᠨ᠎ᠠ᠃
ᠬᠤᠸᠠᠷ ᠬᠠᠳᠭᠤᠮᠠᠯᠯᠠᠬᠤᠳᠠᠭᠠᠨ ᠤᠩᠨᠢᠭᠤᠳ ᠮᠤᠩᠭᠤᠯ ᠤᠷᠠᠴᠤᠳ ᠪᠦᠰ (ᠲᠤᠷᠭ᠎ᠠ᠂ ᠦᠭᠡᠳᠡᠩ) ᠵᠢᠡᠨ ᠵᠢᠶᠠᠰᠠ
ᠳᠡᠭᠡᠷ᠎ᠡ ᠲᠡᠯᠡᠵᠤ ᠳᠠᠳᠠᠵᠤ ᠪᠠᠢᠭᠠᠳ ᠬᠠᠳᠭᠤᠮᠠᠯ ᠬᠠᠳᠭᠤᠮᠠᠯᠯᠠᠳᠠᠭ᠃ ᠡᠨᠡ᠎ᠨᠢ ᠪᠤᠰᠤᠳ ᠭᠠᠵᠠᠷ᠎ᠤᠨ ᠪᠤᠷᠤ
ᠮᠠᠲ᠋ᠧᠷᠢᠶᠠᠯ᠎ᠤᠨ᠎ᠢᠶᠠᠨ ᠠᠷᠤ ᠲᠠᠯ᠎ᠠ᠎ᠳᠤ ᠨᠠᠭᠠᠯᠳᠠ ᠲᠦᠷᠭᠢᠵᠤ᠂ ᠴᠠᠭᠠᠰᠤ ᠨᠠᠭᠠᠵᠤ ᠪᠠᠢᠭᠠᠳ ᠬᠠᠳᠭᠤᠮᠠᠯ
ᠬᠠᠳᠭᠤᠮᠠᠯᠯᠠᠬᠤᠠᠴᠠ ᠬᠤᠯᠠ ᠳᠠᠪᠱᠢᠩᠭᠤᠢ ᠶᠤᠮ᠃
ᠤᠩᠨᠢᠭᠤᠳ
ᠮᠤᠩᠭᠤᠯᠴᠤᠳ ᠤᠯᠠᠩᠭᠢ᠎ᠳᠠᠭᠠᠨ ᠲᠦᠭᠦᠷᠢᠭ ᠮᠦᠷᠦ᠍᠎ᠲᠠᠢ᠂ ᠨᠢᠳᠤᠷᠭ᠎ᠠ ᠦᠭᠡᠢ᠂ ᠪᠡᠯᠴᠢᠩ ᠦᠭᠡᠢ ᠲᠡᠷᠯᠢᠭ
ᠲᠡᠪᠡᠯ ᠡᠮᠦᠰᠳᠡᠭ᠃
ᠰᠤᠶᠤᠯ᠎ᠤᠨ
ᠪᠡᠯᠭᠡ ᠲᠡᠮᠳᠡᠭ
ᠤᠩᠨᠢᠭᠤᠳ
ᠬᠤᠪᠴᠠᠰᠤ ᠵᠠᠰᠠᠯ᠎ᠤᠨ ᠰᠤᠶᠤᠯ᠎ᠨᠢ ᠤᠷᠳᠤ ᠬᠤᠭᠤᠴᠠᠭᠠᠨ᠎ᠤ ᠭᠦᠭ᠌ᠵᠢᠯᠳᠡ᠎ᠶ᠋ᠢᠨ ᠶᠠᠪᠤᠴᠠ᠎ᠳᠠᠭᠠᠨ ᠦᠪᠡᠷ᠎ᠤᠨ ᠦᠪᠡᠷᠮᠢᠴᠡ
ᠤᠨᠴᠠᠯᠢᠭ᠎ᠢᠶᠠᠨ ᠪᠦᠷᠢᠯᠳᠦᠭᠦᠯᠦᠭ᠌ᠰᠡᠨ ᠢᠶᠠᠷ ᠦᠯᠦ᠍
ᠪᠠᠷᠠᠨ᠂ ᠦᠪᠡᠷ᠎ᠤᠨ ᠰᠤᠶᠤᠯ᠎ᠤᠨ ᠪᠡᠯᠭᠡ ᠲᠡᠮᠳᠡᠭ᠎ᠲᠠᠢ ᠪᠤᠯᠤᠭ᠍ᠰᠠᠨ ᠪᠠᠢᠨ᠎ᠠ᠃
ᠠᠭᠤᠳᠠᠮᠴᠢ
ᠴᠢᠨᠠᠷᠲᠠᠢ᠃ ᠤᠩᠨᠢᠭᠤᠳ ᠬᠤᠪᠴᠠᠰᠤ ᠵᠠᠰᠠᠯ ᠤᠯᠠᠮᠵᠢᠯᠠᠯᠳᠤ ᠮᠤᠩᠭᠤᠯ ᠬᠤᠪᠴᠠᠰᠤᠨ᠎ᠤ ᠰᠤᠶᠤᠯ᠎ᠢᠶᠠᠨ
ᠵᠠᠯᠭᠠᠮᠵᠢᠯᠠᠵᠤ ᠴᠢᠳᠠᠭ᠍ᠰᠠᠨ ᠪᠦᠭᠡᠳ ᠮᠠᠨᠵᠤ᠂ ᠲᠦᠪᠡᠳ᠂ ᠭᠢᠳᠠᠳ᠂ ᠰᠤᠯᠤᠩᠭᠤᠰ ᠵᠡᠷᠭᠡ ᠤᠯᠠᠨ
ᠦᠨᠳᠦᠰᠦᠳᠡᠨ᠎ᠤ ᠬᠤᠪᠴᠠᠰᠤ ᠵᠠᠰᠠᠯ᠎ᠤᠨ ᠤᠷᠠᠯᠠᠯ᠎ᠢ ᠠᠮᠵᠢᠯᠲᠠ᠎ᠲᠠᠢ᠎ᠪᠠᠷ ᠱᠢᠩᠭᠡᠨ ᠠᠪᠴᠤ᠌ ᠴᠢᠳᠠᠵᠠᠢ᠃
ᠡᠭᠦᠯᠡᠨ ᠤᠭᠠᠯᠵᠠ᠂ ᠬᠤᠷᠮᠤᠰᠲᠠ᠎ᠶ᠋ᠢᠨ ᠦᠵᠦᠭ (ᠯᠠᠨᠵᠠ ᠤᠭᠠᠯᠵᠠ)᠂ ᠵᠠᠭᠤᠰᠤᠨ ᠤᠭᠠᠯᠵᠠ᠂ ᠬᠠᠰ ᠲᠠᠮᠠᠭ᠎ᠠ ᠤᠭᠠᠯᠵᠠ᠂ ᠦᠯᠵᠡᠢ ᠵᠠᠩᠭᠢᠶ᠎ᠠ ᠤᠭᠠᠯᠵᠠ᠂
ᠫᠦᠰᠡᠨ ᠤᠭᠠᠯᠵᠠ᠂ ᠪᠠᠭ᠍ᠪᠠᠭᠠᠢ ᠤᠭᠠᠯᠵᠠ᠂ ᠡᠷᠪᠡᠭᠡᠢ ᠤᠭᠠᠯᠵᠠ ᠵᠡᠷᠭᠡ᠎ᠶ᠋ᠢ ᠪᠤᠯ ᠲᠤᠮᠳᠠᠳᠤ᠎ᠶ᠋ᠢᠨ ᠡᠯ᠎ᠡ
ᠦᠨᠳᠦᠰᠦᠳᠡᠨ ᠪᠦᠷ ᠨᠡᠢᠳᠡᠮ ᠭᠡᠷᠡᠭ᠌ᠯᠡᠵᠤ ᠪᠠᠢᠳᠠᠭ᠃ ᠡᠳᠡᠭᠡᠷ ᠤᠭᠠᠯᠵᠠ᠎ᠶ᠋ᠢ ᠤᠩᠨᠢᠭᠤᠳ
ᠮᠤᠩᠭᠤᠯᠴᠤᠳᠤᠤᠵᠢ᠂ ᠲᠡᠷᠯᠢᠭ᠂ ᠭᠤᠳᠤᠯ᠂ ᠱᠠᠬᠠᠢ᠂ ᠱᠢᠭᠤᠲᠠᠢ ᠬᠠᠪᠳᠠᠭ᠎ᠠ᠂ ᠲᠠᠢᠯᠤᠤᠷ(ᠲᠠᠢᠯᠢᠩ)᠂ ᠪᠤᠭ᠍ᠴᠤ ᠵᠡᠷᠭᠡ᠎ᠳᠤ
ᠦᠷᠭᠡᠨ᠎ᠢᠶᠠᠷ ᠤᠯᠠᠷᠢᠭᠤᠯᠤᠨ ᠭᠡᠷᠡᠭ᠌ᠯᠡᠵᠤ ᠪᠠᠢᠳᠠᠭ᠃ ᠡᠨᠡ᠎ᠨᠢ ᠤᠩᠨᠢᠭᠤᠳ ᠬᠤᠪᠴᠠᠰᠤ ᠵᠠᠰᠠᠯ᠎ᠤᠨ
ᠰᠤᠶᠤᠯ᠎ᠤᠨ ᠠᠭᠤᠳᠠᠮ ᠪᠠᠭ᠍ᠳᠠᠭᠠᠮᠵᠢ᠎ᠲᠠᠢ ᠪᠠᠢᠬᠤ᠎ᠶ᠋ᠢ ᠬᠠᠷᠠᠭᠤᠯᠵᠤ ᠪᠠᠢᠳᠠᠭ᠃
ᠡᠶ᠎ᠡ
ᠵᠤᠭᠢᠴᠠᠯᠳᠤ ᠴᠢᠨᠠᠷᠲᠠᠢ᠃ ᠤᠩᠨᠢᠭᠤᠳ ᠮᠤᠩᠭᠤᠯ ᠬᠤᠪᠴᠠᠰᠤ ᠵᠠᠰᠠᠯ᠎ᠤᠨ ᠵᠢᠷᠤᠭᠲᠤ ᠠᠭᠤᠯᠠ ᠤᠰᠤ᠂ ᠠᠮᠢᠳᠠᠨ
ᠤᠷᠭᠤᠮᠠᠯ᠂ ᠠᠷᠪᠠᠨ ᠬᠤᠶᠠᠷ ᠵᠢᠯ᠎ᠤᠨ ᠠᠮᠢᠳᠠᠨ ᠪᠠ ᠤᠯᠠᠨ ᠠᠷᠪᠢᠨ ᠵᠦᠢᠯ᠎ᠤᠨ ᠭᠡ ᠤᠭᠠᠯᠵᠠ᠎ᠶ᠋ᠢ ᠤᠷᠭᠠᠨᠢᠭ
ᠰᠠᠢᠬᠠᠨ ᠵᠢᠷᠤᠵᠤ ᠬᠠᠳᠭᠤᠮᠠᠯᠯᠠᠬᠤ ᠪᠤᠶᠤ ᠰᠡᠢᠯᠡᠭᠦᠷ᠂ ᠤᠷᠢᠶᠠᠮᠠᠯ᠂ ᠨᠠᠭᠠᠮᠠᠯ᠂ ᠭᠠᠮᠠᠯ᠎ᠤᠨ ᠤᠷ᠎ᠠ ᠮᠡᠷᠭᠡᠵᠢᠯ᠎ᠢᠶᠠᠷ ᠤᠷᠠᠯᠠᠨ ᠤᠶᠤᠳᠠᠭ᠃ ᠡᠭᠦᠨ᠎ᠢᠶᠠᠷ
ᠲᠠᠮᠵᠢᠭᠤᠯᠵᠤ ᠦᠪᠡᠷ᠎ᠤᠨ ᠡᠭᠡ ᠪᠠᠢᠭᠠᠯᠢ᠎ᠪᠠᠨ
ᠱᠢᠳᠦᠵᠤ᠂ ᠪᠠᠢᠭᠠᠯᠢ᠎ᠶ᠋ᠢᠨ ᠡᠪᠡᠰᠦ ᠤᠷᠭᠤᠮᠠᠯ᠂ ᠠᠷᠢᠶᠠᠳᠠᠨ ᠵᠢᠭᠦᠷᠳᠡᠨ ᠲᠠᠢ ᠡᠶ᠎ᠡ ᠵᠤᠭᠢᠴᠠᠯ᠎ᠲᠠᠢ
ᠠᠮᠢᠳᠤᠷᠠᠬᠤ᠎ᠶ᠋ᠢ ᠭᠦᠰᠡᠨ ᠮᠦᠷᠦᠭᠡᠳᠦᠭ᠌ᠰᠡᠨ᠂ ᠨᠤᠳᠤᠭ ᠤᠰᠤ᠎ᠪᠠᠨ ᠬᠠᠢᠷᠠᠯᠠᠵᠤ ᠬᠠᠮᠠᠭᠠᠯᠠᠬᠤ
ᠰᠡᠳᠭᠢᠯᠭᠡ᠎ᠪᠠᠨ ᠢᠯᠡᠳᠭᠡᠵᠤ ᠪᠠᠢᠳᠠᠭ᠃
ᠡᠪ
ᠨᠠᠢᠷᠠᠮᠳᠠᠭᠤ ᠴᠢᠨᠠᠷᠲᠠᠢ᠃ ᠬᠤᠪᠴᠠᠰᠤ᠂ ᠱᠢᠭᠤᠲᠠᠢ ᠬᠠᠪᠳᠠᠭ᠎ᠠ᠂ ᠲᠠᠢᠯᠤᠤᠷ ᠵᠡᠷᠭᠡ ᠳᠡᠭᠡᠷ᠎ᠡ
ᠲᠠᠭ᠍ᠳᠠᠭᠠ᠂ ᠪᠤᠭᠤ ᠵᠡᠷᠭᠡ᠎ᠶ᠋ᠢ ᠤᠶᠤᠵᠤ ᠪᠠᠢᠬᠤ᠎ᠨᠢ ᠡᠪ ᠨᠠᠢᠷᠠᠮᠳᠠᠯᠢ ᠡᠷᠭᠢᠮᠯᠡᠵᠤ ᠪᠠᠢᠬᠤ
ᠰᠡᠳᠭᠢᠯᠭᠡ᠎ᠪᠠᠨ ᠢᠯᠡᠳᠭᠡᠵᠤ ᠪᠠᠢᠬᠤ ᠶᠤᠮ᠃
ᠡᠷᠡᠯᠭᠡᠭ
ᠪᠠᠭᠠᠳᠤᠷᠯᠢᠭ᠂ ᠬᠠᠳᠠᠨ ᠵᠤᠷᠢᠭ᠍ᠳᠤ ᠴᠢᠨᠠᠷᠲᠠᠢ᠃ ᠪᠦᠭᠡᠴᠢᠨᠤ ᠲᠤᠤᠬᠤ ᠪᠠ ᠡᠷᠡᠭ᠌ᠲᠠᠢ ᠡᠮᠡᠭ᠌ᠲᠠᠢᠶ᠋ᠢᠨ
ᠬᠤᠪᠴᠠᠰᠤᠨ ᠲᠡᠭᠡᠷ᠎ᠡ ᠯᠤᠤ ᠭᠠᠷᠤᠳᠠᠢ᠂ ᠲᠦᠷᠪᠡᠨ ᠭᠦᠴᠦᠳᠦ ᠠᠮᠢᠳᠠᠨ ᠵᠡᠷᠭᠡ᠎ᠶ᠋ᠢ ᠤᠷᠠᠯᠠᠨ ᠤᠶᠤᠵᠤ
ᠪᠠᠢᠬᠤ᠎ᠨᠢ ᠡᠷᠡᠯᠭᠡᠭ ᠪᠠᠭᠠᠳᠤᠷᠯᠢᠭ᠂ ᠢᠯᠠᠭ᠍ᠳᠠᠰᠢ ᠦᠭᠡᠢ ᠬᠠᠳᠠᠨ ᠵᠤᠷᠢᠭ᠍ᠲᠠᠢ ᠪᠠᠢᠬᠤ᠎ᠶ᠋ᠢ ᠭᠦᠰᠡᠭ᠌ᠰᠡᠨ
ᠪᠡᠯᠭᠡ ᠲᠡᠮᠳᠡᠭ ᠶᠤᠮ᠃
ᠪᠠᠶᠠᠨ
ᠴᠢᠨᠡᠭᠡᠯᠢᠭ᠎ᠢ ᠭᠦᠰᠡᠭᠦᠢᠴᠢ ᠴᠢᠨᠠᠷᠲᠠᠢ᠃ ᠤᠩᠨᠢᠭᠤᠳ ᠮᠤᠩᠭᠤᠯᠴᠤᠳ ᠬᠤᠪᠴᠠᠰᠤ ᠵᠠᠰᠠᠯ ᠲᠡᠭᠡᠷ᠎ᠡ᠎ᠪᠠᠨ《ᠪᠤᠶᠠᠨ》
《ᠦᠯᠵᠡᠢ》 《ᠪᠠᠶᠠᠨ》 ᠭᠡᠭᠦ᠌ ᠮᠡᠳᠦ ᠦᠰᠦᠭ ᠤᠶᠤᠵᠤ᠂ ᠰᠡᠢᠯᠤᠭᠦᠷ ᠰᠡᠢᠯᠵᠤ ᠤᠶᠤᠬᠤ᠂ ᠨᠠᠭᠠᠮᠠᠯ ᠨᠠᠭᠠᠵᠤ
ᠤᠶᠤᠬᠤ ᠪᠤᠶᠤ ᠤᠷᠠᠨ ᠬᠠᠳᠭᠤᠮᠠᠯ ᠬᠠᠳᠭᠤᠮᠠᠯᠯᠠᠵᠤ ᠤᠶᠤᠳᠠᠭ᠃ ᠬᠤᠪᠴᠠᠰᠤ ᠵᠠᠰᠠᠯ ᠳᠡᠭᠡᠷ᠎ᠡ ᠡᠨᠡ ᠮᠡᠳᠦ
ᠪᠡᠯᠭᠡᠳᠡᠯ᠎ᠤᠨ ᠴᠢᠨᠠᠷᠲᠠᠢ ᠵᠢᠷᠤᠭ ᠲᠦᠷᠰᠦᠢ ᠤᠶᠤᠵᠤ ᠪᠠᠢᠭ᠎ᠠ ᠦᠵᠡᠭ᠌ᠳᠡᠯ ᠲᠤᠩ ᠤᠯᠠᠨ ᠪᠠᠢᠳᠠᠭ᠃
ᠢᠷᠡᠯᠳᠡ᠄
《ᠮᠤᠨᠭᠭᠤᠯ ᠰᠤᠳᠤᠯᠤᠯ᠎ᠤᠨ ᠨᠡᠪᠳᠡᠷᠬᠡᠢ ᠳᠤᠯᠢ》
ᠨᠠᠮᠲᠠᠢᠰᠦᠢ᠍ᠷᠦᠩ
ᠤᠨ 《ᠤᠨᠭᠨᠢᠭᠤᠳ ᠮᠤᠨᠭᠭᠤᠯ ᠬᠤᠪᠴᠠᠰᠦ ᠵᠠᠰᠠᠯ᠎ᠤᠨ ᠳᠤᠬᠠᠢ》 ᠬᠡᠬᠦ ᠵᠤᠬᠢᠶᠡᠯ
ᠡᠮᠬᠢᠯᠡᠭᠴᠢ᠄
ᠦᠨᠡᠨᠵᠢᠷᠭᠠᠯ