ᠦᠵᠦᠮᠦᠴᠢᠨ
ᠮᠣᠩᠭᠣᠯᠴᠤᠳ ᠪᠣᠯ ᠮᠣᠩᠭᠣᠯ ᠦᠨᠳᠦᠰᠦᠲᠡᠨᠦ ᠨᠢᠭᠡᠨ ᠡᠷᠲᠡᠨᠦ ᠠᠢᠮᠠᠭ ᠶᠤᠮ᠂ ᠲᠤᠰ ᠠᠢᠮᠠᠭ ᠨᠢ ᠬᠡᠭᠡᠨᠴᠢᠷ
ᠬᠤᠪᠴᠠᠰᠤ ᠵᠠᠰᠠᠯᠢᠶᠠᠷᠢᠶᠠᠨ ᠠᠯᠳᠠᠷᠱᠢᠭ᠍ᠰᠠᠨ ᠪᠠᠢᠳᠠᠭ᠃ ᠦᠵᠦᠮᠦᠴᠢᠨ ᠮᠣᠩᠭᠣᠯᠴᠤᠳᠤᠨ ᠬᠤᠪᠴᠠᠰᠤ
ᠵᠠᠰᠠᠯᠤᠨ ᠣᠯᠠᠩᠬᠢ ᠨᠢ ᠤᠯᠠᠭᠠᠨ᠂ ᠨᠣᠭᠣᠭᠠᠨ᠂ ᠬᠥᠬᠡ ᠵᠡᠷᠭᠡ ᠥᠩᠭᠡᠶ᠋ᠢᠨ ᠤᠷᠠᠯᠠᠭ᠍ᠰᠠᠨ ᠪᠥᠰᠢᠶᠡᠷ
ᠬᠢᠵᠦ᠍᠂ ᠵᠠᠭᠠᠮᠠ᠂ ᠬᠠᠨᠴᠤᠢ ᠨᠢ ᠥᠷᠭᠡᠨ ᠮᠥᠷᠲᠡᠭᠡᠨ ᠥᠯᠵᠠᠢ ᠪᠡᠯᠭᠡᠲᠡᠶ ᠪᠠᠢᠳᠠᠭ᠃ ᠦᠵᠦᠮᠦᠴᠢᠨ
ᠲᠡᠷᠯᠢᠭ ᠨᠢ ᠥᠷᠭᠡᠨᠥᠨᠳᠥᠷ ᠵᠠᠭᠠᠮᠠᠲᠠᠶ᠂ ᠰᠣᠯᠤᠩᠭᠠᠷᠠᠭ᠍ᠰᠠᠨ ᠡᠮᠵᠢᠶᠡᠷᠢᠪᠡᠷ ᠴᠢᠮᠡᠳᠡᠭ᠃
ᠤᠨᠴᠠᠯᠢᠭ
ᠪᠣᠶᠣ ᠳᠦᠷᠦᠯ ᠵᠦᠢᠯ
ᠦᠵᠣᠮᠣᠴᠢᠨ
ᠬᠤᠪᠴᠠᠰᠣᠨᠤ ᠲᠦᠷᠣᠯ ᠵᠣᠢᠯ ᠣᠯᠠᠨ᠂ ᠶᠠᠩᠵᠣ ᠬᠡᠯᠪᠠᠷᠢᠪᠠᠷ ᠠᠷᠪᠢᠨ᠂ ᠣᠷᠡᠯᠠᠯᠢᠶᠠᠷ ᠡᠯᠪᠡᠭ᠂
ᠦᠵᠠᠬᠦ᠌ᠳᠤ ᠭᠤᠶᠣᠮᠰᠤᠭ ᠵᠠᠷᠬᠡ ᠣᠨᠴᠠᠯᠢᠭᠲᠠᠢ ᠪᠠᠢᠳᠠᠭ᠂ ᠡᠬᠦᠨᠳᠤ ᠡᠷᠡᠭ᠌ᠳᠠᠢ ᠡᠮᠡᠭ᠌ᠳᠠᠢ᠂ ᠬᠦᠭ᠌ᠰᠢᠨ
ᠵᠠᠯᠠᠭᠤ᠂ ᠬᠡᠣᠬᠡᠳ ᠨᠢᠯᠬᠠᠰ ᠴᠦᠮ ᠠᠳᠠᠯᠢ ᠪᠣᠰᠣᠶ᠋ᠢᠨ ᠦᠩᠬᠡ ᠬᠡᠯᠪᠠᠷᠢᠪᠠᠷ ᠲᠦᠷᠪᠡᠨ ᠣᠯᠠᠷᠢᠯᠤᠨ
ᠠᠭᠤᠷ ᠠᠮᠢᠰᠭᠤᠯᠳᠤ ᠵᠣᠬᠢᠴᠠᠭᠤᠯᠣᠨ ᠬᠢᠵᠣ ᠡᠮᠣᠰᠳᠡᠭ᠃
ᠬᠠᠯᠠᠭᠤᠨ
ᠴᠠᠭᠤᠨ ᠬᠤᠪᠴᠠᠰᠣ ᠬᠤᠨᠠᠷᠲᠤ ᠨᠢᠮᠬᠡᠨ ᠪᠦᠰ ᠪᠣᠶᠣ ᠲᠣᠷᠳᠣᠩ ᠠᠯᠴᠢᠭᠤᠷ᠂ ᠳ᠋ᠠᠩ ᠲᠡᠷᠯᠢᠭ᠂ ᠴᠠᠮᠴᠠ᠂ ᠳ᠋ᠠᠩ
ᠦᠮᠣᠳᠣ᠂ ᠪᠦᠰ ᠣᠢᠮᠣᠰᠣᠲᠠᠢ ᠭᠤᠳᠣᠯ ᠵᠠᠷᠬᠡ ᠪᠠᠢᠳᠠᠭ᠃
ᠲᠣᠯᠠᠭᠠᠨ
ᠴᠠᠭᠤᠨ ᠬᠤᠪᠴᠠᠰᠣ ᠬᠤᠨᠠᠷᠲᠤ ᠰᠣᠪᠰᠠᠭᠠᠨ ᠣᠷᠣᠢᠲᠠᠢ ᠮᠠᠯᠠᠭᠠᠢ᠂ ᠵᠣᠵᠠᠭᠠᠨ ᠠᠯᠴᠢᠭᠤᠷ᠂ ᠬᠦᠪᠣᠩ ᠲᠡᠷᠯᠢᠭ᠂ ᠬᠦᠪᠣᠩ ᠦᠮᠣᠳᠣ᠂ ᠪᠦᠰ ᠣᠢᠮᠣᠰᠣᠲᠠᠢ ᠭᠤᠳᠣᠯ
ᠵᠠᠷᠬᠡ᠃
ᠰᠠᠷᠢᠬᠦᠨ
ᠴᠠᠭᠤᠨ ᠬᠤᠪᠴᠠᠰᠣ ᠬᠤᠨᠠᠷᠲᠤ ᠬᠤᠷᠠᠭᠠᠨ ᠣᠷᠣᠢᠲᠠᠢ ᠮᠠᠯᠠᠭᠠᠢ᠂ ᠲᠠᠯᠳᠠᠣ ᠮᠠᠯᠠᠭᠠᠢ᠂ ᠵᠣᠵᠠᠭᠠᠨ
ᠠᠯᠴᠢᠭᠤᠷ᠂ ᠦᠵᠣᠬᠦᠷᠰᠣᠨ ᠵᠣᠪᠵᠠᠭᠠ ᠪᠣᠶᠣ ᠨᠠᠬᠡᠢ ᠲᠠᠪᠠᠯ᠂ ᠦᠵᠣᠬᠦᠷᠰᠣᠨ ᠦᠮᠣᠳᠣ᠂ ᠢᠰᠠᠬᠡᠢ
ᠣᠢᠮᠣᠰᠣᠲᠠᠢ ᠭᠤᠳᠣᠯ ᠵᠠᠷᠬᠡᠪᠣᠢ᠃
ᠬᠦᠢᠳᠠᠨ ᠣᠯᠠᠷᠢᠯᠤᠨ ᠬᠤᠪᠴᠠᠰᠣ ᠬᠤᠨᠠᠷᠲᠤ
ᠦᠨᠠᠬᠡᠨ ᠮᠠᠯᠠᠭᠠᠢ ᠪᠠ ᠠᠷᠠᠰᠣᠨ ᠮᠠᠯᠠᠭᠠᠢ᠂ ᠨᠠᠰᠤ ᠬᠦᠢᠴᠡᠭ᠌ᠰᠠᠨ ᠪᠦᠳᠣᠬᠦᠨ ᠬᠤᠨᠢᠨᠤ ᠠᠷᠠᠰᠣᠨ ᠲᠠᠪᠠᠯ
ᠵᠣᠪᠴᠠᠭᠠ᠂ ᠦᠮᠣᠳᠣ᠂ ᠢᠮᠠᠭᠠᠨ ᠠᠷᠠᠰᠣᠨ ᠲᠠᠬᠤ᠂ ᠵᠣᠵᠠᠭᠠᠨ ᠢᠰᠠᠬᠡᠢ ᠣᠢᠮᠣᠰᠣᠲᠠᠢ ᠭᠤᠳᠣᠯ ᠪᠠ ᠠᠷᠠᠰᠣᠨ
ᠪᠣᠢᠳᠤᠭ᠂ ᠢᠰᠠᠬᠡᠢ ᠭᠤᠳᠣᠯ ᠵᠠᠷᠬᠡ ᠪᠠᠢᠳᠠᠭ ᠶᠤᠮ᠃
ᠣᠶᠤᠳᠠᠯ
ᠤᠷᠠᠯᠠᠯ
ᠦᠵᠣᠮᠣᠴᠢᠨ
ᠬᠤᠪᠴᠠᠰᠣᠨᠤ ᠣᠶᠣᠳᠠᠯ ᠴᠦ᠍ ᠣᠯᠠᠨ ᠵᠣᠢᠯ ᠪᠠᠢᠳᠠᠭ᠂ ᠡᠬᠦᠨᠳᠤ ᠱᠠᠭ᠍ᠯᠠᠵᠣ ᠣᠶᠣᠬᠤ᠂ ᠬᠦᠱᠢᠵᠣ ᠣᠶᠣᠬᠤ᠂
ᠡᠯᠬᠦᠵᠣ ᠣᠶᠣᠬᠤ᠂ ᠬᠦᠪᠣᠷᠢᠳᠴᠣ ᠣᠶᠣᠬᠤ᠂ ᠱᠢᠷᠢᠵᠣ
ᠣᠶᠣᠬᠤ᠂ ᠦᠳᠠᠵᠣ ᠣᠶᠣᠬᠤ᠂ ᠲᠣᠪᠬᠢᠵᠣ ᠣᠶᠣᠬᠤ᠂ ᠬᠠᠪᠠᠵᠣ ᠣᠶᠣᠬᠤ ᠵᠠᠷᠬᠡ ᠨᠠᠷᠢᠨ ᠪᠦᠳᠣᠬᠦᠨ ᠣᠶᠣᠳᠠᠯᠤᠨ
ᠠᠷᠭᠠ ᠬᠡᠯᠪᠠᠷᠢ ᠣᠯᠠᠨ ᠪᠠᠢᠳᠠᠭ᠃ ᠵᠢᠱ᠌ᠢᠶᠠᠯᠠᠪᠠᠯ᠂ ᠵᠣᠪᠴᠠᠭᠠᠶ᠋ᠢ ᠣᠶᠣᠬᠤᠳᠤ ᠣᠷᠢᠳᠠᠪᠠᠷ ᠭᠠᠳᠠᠷ
ᠲᠣᠳᠣᠷᠢ ᠲᠣᠪᠬᠢᠵᠣ ᠣᠶᠣᠭᠠᠳ ᠭᠤᠣᠯ ᠪᠣᠯᠬᠤ ᠣᠶᠣᠳᠠᠯ ᠬᠠᠪᠠᠭᠠᠰᠣᠶ᠋ᠢ ᠬᠦᠱᠢᠬᠦ᠌ ᠪᠣᠶᠣ ᠡᠯᠬᠦᠵᠣ
ᠣᠶᠣᠳᠠᠭ᠂ ᠴᠠᠮᠴᠠ ᠣᠶᠣᠬᠤᠳᠤ ᠱᠠᠭ᠍ᠯᠠᠬᠤ ᠪᠣᠶᠣ ᠨᠦᠬᠦᠵᠣ ᠣᠶᠣᠳᠠᠭ᠂ ᠱᠢᠯᠪᠢ ᠡᠮᠵᠢᠬᠦ᠌ ᠪᠠ ᠢᠰᠠᠬᠡᠢ
ᠵᠠᠯᠭᠠᠬᠤᠶ᠋ᠢ ᠬᠦᠪᠣᠷᠢᠳᠴᠣ ᠣᠶᠣᠳᠠᠭ᠂ ᠢᠰᠠᠬᠡᠢ ᠱᠢᠷᠢᠳᠡᠭ
ᠪᠣᠶᠣ ᠭᠤᠳᠣᠯᠤᠨ ᠣᠯᠠᠶ᠋ᠢ ᠱᠢᠷᠢᠵᠣ ᠣᠶᠣᠳᠠᠭ᠂ ᠬᠡ ᠣᠭᠠᠯᠵᠠ ᠪᠠ ᠡᠮᠵᠢᠶᠠᠷᠢ ᠴᠢᠮᠬᠢᠶᠠᠷᠢᠶ᠋ᠢ
ᠱᠠᠭ᠍ᠯᠠᠵᠣ ᠣᠶᠣᠳᠠᠭ ᠶᠤᠮ᠃
ᠤᠶᠣᠬᠤ
ᠶᠠᠪᠤᠴᠠ ᠳᠠᠷᠠᠭᠠᠯᠠᠯ
ᠨᠢᠬᠡ
ᠣᠷᠳᠣ ᠳᠡᠪᠡᠯᠢ ᠬᠢᠬᠦ᠌ᠳᠤ᠂ ᠭᠠᠳᠠᠷ ᠲᠣᠳᠣᠷᠢ ᠪᠦᠷᠢᠳᠣᠬᠦᠯᠬᠦ᠂ ᠡᠰᠭᠡᠬᠦ᠂ ᠣᠶᠣᠬᠤ᠂ ᠱᠢᠭ᠌ᠰᠢᠭ
ᠵᠣᠢᠳᠠᠰᠣ ᠨᠦᠬᠦᠬᠦ᠂ ᠬᠤᠭᠤᠯᠠᠪᠴᠢ᠂ ᠲᠣᠷᠣᠭᠤ ᠬᠢᠬᠦ᠂ ᠡᠩᠬᠡᠷ ᠵᠠᠭᠠᠮᠠ ᠴᠢᠮᠬᠢᠬᠦ᠂ ᠲᠣᠪᠴᠢ ᠱᠢᠯᠪᠢ
ᠬᠠᠳᠠᠬᠤ ᠵᠠᠷᠬᠡ ᠣᠢᠯᠠ ᠬᠢᠳᠠᠯᠲᠠᠢ ᠪᠠᠢᠳᠠᠭ᠃
ᠣᠷᠠᠯᠠᠯ
ᠣᠶᠣᠳᠠᠯᠳᠤ ᠵᠠᠬᠦᠣ ᠣᠷᠢᠶᠠᠬᠤ᠂ ᠣᠳᠠᠰᠣ ᠵᠠᠳᠠᠭᠠᠢᠯᠠᠬᠤ᠂ ᠬᠢᠷᠣᠬᠡᠨ ᠢᠷ ᠭᠠᠷᠭᠠᠬᠤ᠂ ᠰᠦᠯᠵᠢᠮᠠᠯ ᠨᠢᠷᠣᠭᠤ ᠭᠠᠷᠭᠠᠬᠤ᠂ ᠲᠣᠣᠷᠯᠠᠵᠣ
ᠣᠶᠣᠬᠤ᠂ ᠣᠳᠠᠰᠣ ᠲᠠᠷᠣᠬᠤ᠂ ᠱᠠᠭ᠍ᠯᠠᠵᠣ ᠣᠶᠣᠬᠤ
ᠵᠠᠷᠬᠡ ᠪᠣᠢ᠂ ᠶᠠᠮᠠᠷᠪᠠ ᠣᠶᠣᠳᠠᠯᠳᠤ ᠵᠠᠬᠦᠣᠶ᠋ᠢᠨ ᠬᠠᠳᠭᠤᠭᠠᠰᠣ ᠪᠠ ᠴᠢᠩᠭᠠ ᠰᠣᠯᠠᠶ᠋ᠢ
ᠲᠡᠩᠴᠠᠬᠦᠯᠬᠦ᠌ᠨᠢ ᠵᠠᠩᠬᠢᠯᠠᠭᠠ ᠪᠣᠯᠳᠠᠭ ᠪᠦᠬᠡᠳ ᠣᠶᠣᠳᠠᠯᠴᠢᠨᠤ ᠣᠷᠠᠨ ᠮᠡᠷᠬᠡᠱᠢᠯᠢ ᠲᠡᠬᠦᠨᠠᠴᠠ
ᠦᠵᠠᠵᠣ ᠭᠠᠷᠳᠠᠭ᠃
ᠢᠷᠡᠯᠳᠡ᠄
ᠪᠠᠢ ᠳ᠋ᠦ᠋ ᠰᠦᠯᠵᠢᠶᠡ᠂ 《ᠮᠣᠩᠭᠤᠯ ᠰᠤᠳᠤᠯᠤᠯ ᠤᠨ ᠨᠡᠪᠳᠡᠷᠬᠡᠢ ᠲᠣᠯᠢ》
ᠡᠮᠬᠢᠯᠡᠭᠴᠢ᠄
ᠦᠨᠡᠨᠵᠢᠷᠭᠠᠯ