ᠤᠳᠤᠬᠠᠨ᠎ᠳᠦ 《 ᠲᠣᠮᠣ᠌ ᠠᠯᠲᠠᠨ ᠪᠠᠭᠤᠪᠴᠢ 》 ᠬᠤᠳᠠᠯᠳᠤᠨ ᠠᠪᠴᠤ ᠪᠤᠯᠬᠤ ᠤᠤ⁈
2023-10-16 11:00:53
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠨᠡ ᠵᠢᠯ᠎ᠡᠴᠡ ᠨᠠᠭᠠᠰᠢ ᠰᠢᠵᠢᠷ ᠠᠯᠲᠠᠨ᠎ᠤ ᠦᠨ᠎ᠡ ᠲᠠᠰᠤᠷᠠᠯᠲᠠ ᠦᠭᠡᠢ ᠥᠰᠴᠦ᠂ 9 ᠳ᠋ᠤᠭᠡᠷ ᠰᠠᠷ᠎ᠠ᠎ᠳᠤ ᠭᠷᠠᠮ ᠪᠦᠷᠢ ᠳ᠋ᠡᠭᠡᠨ 600 ᠲᠥᠭᠥᠷᠢᠭ᠎ᠢ ᠳᠠᠪᠠᠬᠰᠠᠨ ᠪᠠᠢᠨ᠎ᠠ᠃ ᠠᠯᠳᠠᠨ᠎ᠤ ᠦᠨ᠎ᠡ ᠠᠯᠳᠠ ᠳᠠᠯᠢᠮ ᠵᠢᠨᠷ ᠦᠰᠴᠦ ᠪᠠᠢᠭ᠎ᠠ ᠪᠠᠢᠳᠠᠯ᠎ᠳᠦ ᠠᠷᠠᠳ ᠣᠯᠠᠨ ᠴᠤ᠌  《ᠠᠯᠲᠠ ᠬᠤᠳᠠᠯᠳᠤᠨ ᠠᠪᠬᠤ ᠬᠠᠯᠠᠮᠰᠢᠯ》 ᠎ᠢ ᠪᠤᠢ ᠪᠤᠯᠭᠠᠨ ᠠᠯᠳᠠᠨ᠎ᠤ ᠵᠠᠬ᠎ᠠ ᠤᠷᠢᠳ ᠡᠮᠦᠨ᠎ᠡ ᠪᠠᠢᠭ᠎ᠠ ᠦᠭᠡᠢ ᠬᠦᠭᠵᠢᠶᠡᠨ ᠲᠠᠢ ᠪᠤᠯᠵᠠᠢ᠃

ᠭᠡᠪᠡᠴᠦ ᠬᠥᠮᠥᠰ᠎ᠤᠨ  《ᠶᠡᠬᠡ ᠬᠦᠰᠡᠯ ᠨᠠᠶ᠋ᠢᠳᠠᠯᠭ᠎ᠠ ᠲᠠᠯᠪᠢᠭ᠍ᠰᠠᠨ》 ᠰᠢᠵᠢᠷ ᠠᠯᠲᠠᠨ᠎ᠤ ᠦᠨ᠎ᠡ ᠤᠢᠷ᠎ᠠ ᠵᠢᠨ ᠬᠤᠭᠤᠴᠠᠭᠠᠨ᠎ᠳᠦ ᠬᠠᠷᠢᠨ ᠦᠷᠬᠦᠯᠵᠢᠯᠡᠨ ᠪᠠᠭᠤᠷᠠᠵᠤ ᠡᠬᠢᠯᠡᠭᠰᠡᠨ ᠪᠠᠢᠨ᠎ᠠ᠃ ᠤᠯᠤᠰ᠎ᠤᠨ ᠳᠣᠲᠣᠭᠠᠳᠤ᠎ᠶᠢᠨ ᠠᠯᠲᠠᠨ᠎ᠤ ᠦᠨ᠎ᠡ᠎ᠶᠢᠨ ᠲᠠᠰᠤᠷᠠᠯᠲᠠ ᠦᠭᠡᠢ ᠬᠤᠪᠢᠷᠠᠬᠤ᠎ᠶᠢ ᠳᠠᠭᠠᠯᠳᠤᠨ᠂ ᠨᠢᠬᠡ ᠪᠦᠯᠦᠭ ᠬᠦᠮᠦᠰ ᠤᠳᠤᠬᠠᠨ᠎ᠳᠦ ᠠᠯᠳᠠ ᠬᠤᠳᠠᠯᠳᠤᠨ ᠠᠪᠴᠤ ᠪᠤᠯᠬᠤ ᠡᠰᠡᠬᠦ ᠳᠤᠬᠠᠢ ᠰᠡᠵᠢᠭ ᠲᠦᠷᠦᠭᠰᠡᠨ ᠪᠠᠢᠨ᠎ᠠ᠃

ᠠᠯᠲᠠᠨ᠎ᠤ ᠦᠨ᠎ᠡ ᠭᠤᠷᠪᠠᠨ ᠡᠳᠦᠷ᠎ᠲᠦ 30 ᠲᠥᠭᠥᠷᠢᠭ ᠪᠠᠭᠤᠷᠠᠪᠠ

7᠎ᠤ ᠡᠳᠦᠷ᠂ ᠰᠤᠷᠪᠤᠯᠵᠢᠯᠠᠭ᠍ᠴᠢ ᠪᠡᠭᠡᠵᠢᠩ᠎ᠦᠨ ᠵᠧᠦ ᠳᠡ ᠹᠦ ᠠᠯᠳᠠᠨ᠎ᠤ ᠳᠡᠯᠬᠡᠬᠦᠷ᠎ᠤᠨ ᠨᠢᠬᠡᠨ ᠬᠤᠪᠢᠶᠠᠷᠢ ᠳᠡᠯᠬᠡᠬᠦᠷ᠎ᠲᠦ ᠬᠦᠷᠬᠦ᠎ᠳᠦ ᠠᠯᠳᠠᠨ᠎ᠤ ᠦᠨ᠎ᠡ ᠭᠷᠡᠮ ᠪᠦᠷᠢ᠎ᠳᠡᠭᠡᠨ 587 ᠲᠥᠭᠥᠷᠢᠭ ᠪᠤᠯᠴᠢᠬᠠᠬᠰᠠᠨ ᠪᠠᠢᠬᠤ᠎ᠶᠢ ᠤᠯᠵᠤ ᠬᠠᠷᠠᠵᠠᠢ᠃

《9 ᠰᠠᠷ᠎ᠠ᠎ᠶᠢᠨ ᠦᠶ᠎ᠡ᠎ᠪᠡᠷ ᠠᠯᠲᠠᠨ ᠵᠠᠰᠠᠯ ᠵᠢᠮᠰᠡᠭ᠎ᠦᠨ ᠦᠨ᠎ᠡ ᠬᠠᠮᠤᠭ᠎ᠤᠨ ᠥᠨᠳᠥᠷ᠎ᠲᠡᠬᠡᠨ ᠭᠷᠠᠮ ᠪᠦᠷᠢ ᠳ᠋ᠡᠭᠡᠨ 615 ᠲᠥᠭᠥᠷᠢᠭ ᠬᠦᠷᠴᠦ ᠪᠠᠢᠬᠰᠠᠨ᠂ ᠤᠷᠴᠢᠮ ᠡᠴᠡ ᠦᠨ᠎ᠡ ᠬᠠᠩᠰᠢ ᠨᠢ ᠵᠢᠭᠠᠬᠠᠨ ᠪᠠᠭᠤᠷᠠᠬᠰᠠᠨ》ᠭᠡᠵᠦ ᠳᠡᠯᠭᠡᠭᠦᠷ᠎ᠦᠨ ᠠᠵᠢᠯᠲᠠᠨ ᠰᠤᠷᠪᠤᠯᠵᠢᠯᠠᠭ᠍ᠴᠢ᠎ᠳᠤ ᠬᠡᠯᠡᠪᠡ᠃

ᠡᠭᠦᠨ᠎ᠡᠴᠡ ᠡᠮᠦᠨ᠎ᠡ ᠠᠯᠲᠠᠨ᠎ᠤ ᠦᠨ᠎ᠡ ᠦᠷᠭᠦᠯᠵᠢᠯᠡᠨ ᠦᠰᠴᠦ᠂ ᠠᠶᠤᠯ ᠲᠦᠭᠰᠢᠬᠦᠷᠢ ᠡᠴᠡ ᠵᠠᠢᠯᠠᠬᠤ ᠪᠠ ᠪᠡᠯᠡ ᠣᠷᠣᠭᠤᠯᠤᠯᠲᠠ᠎ᠶᠢᠨ ᠬᠡᠷᠡᠭᠴᠡᠭᠡ᠎ᠡᠴᠡ ᠪᠣᠯᠵᠤ᠂ ᠴᠥᠭᠡᠨ ᠪᠤᠰᠤ ᠬᠥᠮᠥᠨ ᠰᠠᠪᠠᠭ᠎ᠠ ᠠᠯᠲᠠ ᠪᠠ ᠠᠯᠲᠠᠨ ᠪᠤᠷᠴᠠᠭ ᠬᠤᠳᠠᠯᠳᠤᠨ ᠠᠪᠤᠬᠰᠠᠨ ᠪᠠᠢᠨ᠎ᠠ᠃ 《ᠠᠷᠪᠠᠨ ᠰᠠᠷ᠎ᠠ᠎ᠶᠢᠨ ᠨᠢᠭᠡᠨ》 ᠎ᠦ ᠠᠮᠠᠷᠠᠯᠲᠠ᠎ᠶᠢᠨ ᠬᠤᠭᠤᠴᠠᠭᠠᠨ᠎ᠳᠤ 《ᠥᠬᠢᠨ ᠬᠥᠮᠥᠨ ᠠᠯᠮᠠᠰ ᠪᠥᠭᠡᠵᠢ ᠬᠤᠳᠠᠯᠳᠤᠨ ᠠᠪᠬᠤ᠎ᠪᠠᠨ ᠪᠣᠯᠢᠭᠠᠳ 50 ᠲᠦᠮᠡᠨ ᠲᠥᠭᠥᠷᠢᠭ᠎ᠦᠨ ᠰᠠᠪᠠᠭ᠎ᠠ ᠠᠯᠲᠠ ᠬᠤᠳᠠᠯᠳᠤᠨ ᠠᠪᠤᠬᠰᠠᠨ》 ᠭᠡᠬᠦ ᠨᠡᠢᠳᠡᠯᠡᠯ ᠨᠢ ᠪᠠᠰᠠ ᠪᠢᠴᠢᠯ ᠪᠦᠷᠭᠡ᠎ᠳᠦ ᠬᠠᠯᠠᠭᠤᠷᠠᠯ ᠳᠡᠭᠳᠡᠭᠡᠭᠰᠡᠨ ᠪᠠᠢᠯ᠎ᠠ᠃

ᠣᠢᠷ᠎ᠠ᠎ᠶᠢᠨ ᠬᠤᠭᠤᠴᠠᠭᠠᠨ᠎ᠤ ᠪᠡᠯᠡ ᠣᠷᠣᠭᠤᠯᠤᠯᠲᠠ᠎ᠶᠢᠨ ᠠᠯᠲᠠᠨ᠎ᠤ ᠦᠨ᠎ᠡ ᠪᠠᠰᠠ ᠪᠠᠭᠤᠷᠠᠭᠰᠠᠨ ᠪᠠᠢᠨ᠎ᠠ᠃ 《ᠥᠩᠭᠡᠷᠡᠭᠰᠡᠨ᠎ᠳᠦ ᠠᠯᠲᠠᠨ ᠪᠤᠷᠴᠠᠭ᠎ᠤᠨ ᠦᠨ᠎ᠡ ᠨᠢ ᠭᠷᠡᠮ ᠪᠦᠷᠢ᠎ᠳᠡᠭᠡᠨ560ᠲᠥᠭᠥᠷᠢᠭ ᠬᠦᠷᠴᠦ ᠪᠠᠢᠭᠰᠠᠨ᠎ᠢᠶᠠᠨ ᠣᠳᠣ᠌ 539 ᠲᠥᠭᠥᠷᠢᠭ᠎ᠪᠤᠯᠤᠬᠰᠠᠨ ᠪᠠᠢᠨ᠎ᠠ》 ᠭᠡᠵᠦ ᠠᠯᠳᠠᠨ ᠎ᠤ  ᠳᠡᠯᠬᠡᠬᠦᠷ᠎ᠤᠨ ᠯᠠᠩᠭᠦᠢ᠎ᠶᠢᠨ ᠠᠵᠢᠯᠲᠠᠨ ᠰᠤᠷᠪᠤᠯᠵᠢᠯᠠᠭ᠍ᠴᠢ᠎ᠳᠤ ᠶᠠᠷᠢᠵᠤ ᠪᠢᠯᠡ᠃

ᠵᠧᠦ ᠳᠡ ᠹᠦ᠎ᠪᠡᠷ ᠵᠣᠭᠰᠣᠬᠤ ᠦᠭᠡᠢ᠂ ᠣᠢᠷ᠎ᠠ᠎ᠳᠤ ᠵᠧᠦ ᠱᠧᠩ ᠱᠧᠩ᠂ ᠯᠣᠸ᠋ ᠹᠧᠩ ᠰᠢᠶᠠᠩ ᠵᠡᠷᠭᠡ ᠨᠠᠷᠠᠲᠤ ᠲᠡᠮᠳᠡᠭ᠎ᠦᠨ ᠠᠯᠲᠠᠨ ᠵᠠᠰᠠᠯ ᠴᠢᠮᠡᠭᠯᠡᠯ᠎ᠦᠨ ᠦᠨ᠎ᠡ ᠴᠦ᠍ ᠪᠠᠭᠤᠷᠠᠵᠤ᠂ 9 ᠰᠠᠷ᠎ᠠ᠎ᠶᠢᠨ ᠳᠤᠮᠳᠠᠴᠢ᠎ᠲᠠᠢ ᠬᠠᠷᠢᠴᠠᠭᠤᠯᠪᠠᠯ ᠭᠷᠡᠮ ᠪᠦᠷᠢ᠎ᠳᠡᠭᠡᠨ ᠪᠠᠷᠤᠭ 10 ᠲᠥᠭᠥᠷᠢᠭ᠎ᠡᠴᠡ ᠳᠡᠭᠡᠭᠰᠢ ᠪᠠᠭᠤᠷᠠᠵᠠᠢ᠃ ᠡᠭᠦᠨ᠎ᠡᠴᠡ ᠭᠠᠳᠠᠨ᠎ᠠ᠂ ᠼᠠᠢ ᠪᠠᠢ ᠪᠡᠯᠡ ᠣᠷᠣᠭᠤᠯᠤᠯᠲᠠ᠎ᠶᠢᠨ ᠠᠯᠲᠠᠨ᠎ᠤ ᠦᠨ᠎ᠡ ᠴᠦ᠍ ᠨᠡᠯᠢᠶᠡᠳ ᠶᠡᠬᠡ ᠬᠤᠪᠢᠷᠠᠯᠳᠠ ᠭᠠᠷᠴᠤ᠂ 9 ᠰᠠᠷ᠎ᠠ᠎ᠳᠤ ᠬᠠᠷᠢᠶ᠎ᠠ ᠳᠡᠯᠭᠡᠭᠦᠷ᠎ᠦᠨ ᠪᠡᠯᠡ ᠣᠷᠣᠭᠤᠯᠤᠯᠲᠠ᠎ᠶᠢᠨ ᠰᠠᠪᠠᠭ᠎ᠠ ᠠᠯᠳᠠ᠎ᠶᠢᠨ ᠦᠨ᠎ᠡ ᠨᠢ ᠬᠠᠮᠤᠭ᠎ᠤᠨ ᠥᠨᠳᠥᠷ᠎ᠲᠡᠬᠡᠨ ᠭᠷᠠᠮ ᠪᠦᠷᠢ ᠳ᠋ᠡᠭᠡᠨ 480 ᠲᠥᠭᠥᠷᠢᠭ ᠣᠷᠴᠢᠮ ᠬᠦᠷᠴᠦ ᠪᠠᠢᠬᠰᠠᠨ ᠵᠢᠨᠨ 10 ᠰᠠᠷ᠎ᠠ᠎ᠶᠢᠨ 7᠎ᠤ ᠡᠳᠦᠷ ᠪᠤᠯᠬᠤ᠎ᠳᠦ 444 ᠲᠥᠭᠥᠷᠢᠭ ᠪᠣᠯᠵᠤ ᠪᠠᠭᠤᠷᠠᠬᠰᠠᠨ ᠪᠠᠢᠨ᠎ᠠ᠃

ᠱᠠᠩᠬᠠᠢ᠎ᠶᠢᠨ ᠰᠢᠵᠢᠷ ᠠᠯᠲᠠᠨ᠎ᠤ ᠠᠷᠠᠯᠵᠢᠶᠠᠨ᠎ᠤ ᠭᠠᠵᠠᠷ ᠪᠣᠯ ᠰᠢᠵᠢᠷ ᠠᠯᠲᠠᠨ᠎ᠤ ᠠᠷᠠᠯᠵᠢᠶ᠎ᠠ ᠬᠢᠳᠡᠭ ᠤᠯᠤᠰ᠎ᠤᠨ ᠳᠡᠰ᠎ᠤᠨ ᠵᠠᠬ᠎ᠠ ᠳᠡᠯᠭᠡᠭᠦᠷ ᠪᠣᠯᠣᠨ᠎ᠠ᠃ ᠲᠡᠭᠦᠨ᠎ᠦ Au99.99 ᠦᠨ᠎ᠡ ᠬᠠᠩᠰᠢ ᠶ᠋ᠢᠨ ᠪᠠᠢᠳᠠᠯ᠎ᠤᠨ ᠬᠠᠨᠳᠤᠰᠢ ᠶ᠋ᠢᠨ ᠵᠢᠷᠤᠭ ᠠ᠋ᠴᠠ ᠦᠵᠡᠪᠡᠯ᠂ ᠡᠭᠦᠨ᠎ᠡᠴᠡ ᠡᠮᠦᠨ᠎ᠡ ᠦᠷᠭᠦᠯᠵᠢᠯᠡᠨ ᠥᠰᠴᠦ ᠪᠠᠢᠭᠰᠠᠨ ᠠᠯᠲᠠᠨ᠎ᠤ ᠦᠨ᠎ᠡ 9 ᠰᠠᠷ᠎ᠠ  ᠶ᠋ᠢᠨ 26᠎ᠤ ᠡᠳᠦᠷ᠎ᠡᠴᠡ ᠡᠬᠢᠯᠡᠨ ᠦᠷᠭᠦᠯᠵᠢᠯᠡᠨ ᠪᠠᠭᠤᠷᠠᠵᠤ᠂ 9 ᠰᠠᠷ᠎ᠠ ᠶ᠋ᠢᠨ 28᠎ᠤ ᠡᠳᠦᠷ 447.50 ᠲᠥᠭᠥᠷᠢᠭ ᠬᠦᠷᠴᠦ᠂ ᠭᠤᠷᠪᠠᠬᠠᠨ ᠡᠳᠦᠷ᠎ᠲᠦ 30 ᠰᠢᠬᠠᠮ ᠲᠥᠭᠥᠷᠢᠭ ᠪᠠᠭᠤᠷᠠᠵᠠᠢ᠃

ᠤᠯᠤᠰ᠎ᠤᠨ ᠳᠣᠲᠣᠭᠠᠳᠤ ᠶ᠋ᠢᠨ ᠠᠯᠲᠠᠨ᠎ᠤ ᠦᠨ᠎ᠡ ᠪᠠᠭᠤᠷᠠᠭᠰᠠᠨ ᠠ᠋ᠴᠠ ᠭᠠᠳᠠᠨ᠎ᠠ᠂ 5 ᠰᠠᠷ᠎ᠠ ᠠ᠋ᠴᠠ ᠡᠬᠢᠯᠡᠨ ᠣᠯᠠᠨ ᠤᠯᠤᠰ᠎ᠤᠨ ᠠᠯᠲᠠᠨ᠎ᠤ ᠦᠨ᠎ᠡ᠎ᠴᠦ ᠶᠡᠬᠡ᠎ᠪᠡᠷ ᠪᠠᠭᠤᠷᠠᠵᠤ᠂ ᠣᠢᠷ᠎ᠠ ᠶ᠋ᠢᠨ ᠬᠤᠭᠤᠴᠠᠭᠠᠨ᠎ᠳᠤ ᠨᠡᠩ᠎ᠴᠦ ᠰᠦᠷᠡᠬᠡᠢ ᠪᠠᠭᠤᠷᠠᠪᠠ᠃

9 ᠰᠠᠷ᠎ᠠ᠎ᠶᠢᠨ 25᠎ᠤ ᠡᠳᠦᠷ᠎ᠡᠴᠡ 10 ᠰᠠᠷ᠎ᠠ᠎ᠶᠢᠨ 5᠎ᠤ ᠡᠳᠦᠷ ᠪᠣᠯᠲᠠᠯ᠎ᠠ᠂ ᠨᠢᠦ᠋ ᠶᠣᠷᠺ᠎ᠤᠨ ᠬᠤᠭᠤᠴᠠᠭᠠᠲᠤ ᠪᠠᠷᠠᠭᠠᠨ᠎ᠤ ᠰᠢᠵᠢᠷ ᠠᠯᠲᠠᠨ᠎ᠤ ᠦᠨ᠎ᠡ 9 ᠠᠷᠠᠯᠵᠢᠶᠠᠨ᠎ᠤ ᠡᠳᠦᠷ ᠳᠠᠷᠠᠭᠠᠯᠠᠨ ᠪᠠᠭᠤᠷᠠᠵᠤ᠂ ᠤᠢᠷ᠎ᠠ ᠵᠢᠨ 7 ᠰᠠᠷ᠎ᠠ ᠰᠢᠬᠠᠮ᠎ᠤᠨ ᠬᠤᠭᠤᠴᠠᠭᠠᠨ᠎ᠤ ᠬᠠᠮᠤᠭ᠎ᠤᠨ ᠳᠣᠣᠷ᠎ᠠ ᠬᠡᠮᠵᠢᠶᠡᠨ᠎ᠳᠦ ᠬᠦᠷᠴᠡᠢ᠃ ᠭᠡᠪᠡᠴᠦ 10 ᠰᠠᠷ᠎ᠠ᠎ᠶᠢᠨ 6᠎ᠤ ᠡᠳᠦᠷ᠂ ᠨᠢᠦ᠋ ᠶᠣᠷᠺ᠎ᠤᠨ ᠬᠤᠭᠤᠴᠠᠭᠠᠲᠤ ᠪᠠᠷᠠᠭᠠᠨ᠎ᠤ ᠰᠢᠵᠢᠷ ᠠᠯᠲᠠᠨ᠎ᠤ ᠦᠨ᠎ᠡ ᠡᠳᠦᠢ ᠲᠡᠳᠦᠢ ᠦᠰᠴᠦ᠂ ᠤᠨᠰ ᠪᠦᠷᠢ 1847 ᠳ᠋ᠣᠯᠯᠠᠷ ᠬᠦᠷᠦᠭᠰᠡᠨ ᠪᠠᠢᠨ᠎ᠠ᠃

ᠠᠯᠲᠠᠨ᠎ᠤ ᠦᠨ᠎ᠡ ᠶᠠᠭᠠᠬᠢᠭᠠᠳ ᠵᠠᠯᠭᠠᠭ᠎ᠠ᠎ᠪᠠᠷ ᠪᠠᠭᠤᠷᠠᠬᠰᠠᠨ ᠪᠤᠢ?

ᠣᠢᠷ᠎ᠠ ᠶ᠋ᠢᠨ ᠬᠤᠭᠤᠴᠠᠭᠠᠨ᠎ᠤ ᠤᠯᠤᠰ᠎ᠤᠨ ᠳᠣᠲᠣᠭᠠᠳᠤ ᠶ᠋ᠢᠨ ᠠᠯᠲᠠᠨ᠎ᠤ ᠦᠨ᠎ᠡ ᠦᠷᠭᠦᠯᠵᠢᠯᠡᠨ ᠪᠠᠭᠤᠷᠠᠵᠤ ᠪᠠᠢᠭ᠎ᠠ ᠪᠠᠢᠳᠠᠯ᠎ᠤᠨ ᠲᠤᠬᠠᠢ ᠠᠵᠢᠯ ᠲᠥᠷᠥᠯ᠎ᠦᠨ ᠳᠣᠲᠣᠷᠠᠬᠢ ᠬᠣᠯᠪᠣᠭᠳᠠᠯ ᠪᠦᠬᠦᠢ ᠬᠥᠮᠥᠰ ᠰᠤᠷᠪᠤᠯᠵᠢᠯᠠᠭ᠍ᠴᠢ᠎ᠳᠤ ᠵᠠᠳᠠᠯᠬᠤ᠎ᠳᠠᠭᠠᠨ᠂ ᠡᠨᠡ ᠨᠢ ᠭᠣᠣᠯᠳᠠᠭᠤ ᠬᠠᠩᠭᠠᠯᠭ᠎ᠠ ᠬᠡᠷᠡᠭᠴᠡᠭᠡ ᠪᠣᠯᠣᠨ ᠰᠢᠯᠵᠢᠯᠲᠡ  ᠶ᠋ᠢᠨ ᠴᠢᠨᠠᠷᠲᠠᠢ ᠬᠤᠪᠢᠷᠠᠯᠲᠠ᠂ ᠠᠮᠧᠷᠢᠺᠠ ᠶ᠋ᠢᠨ ᠰᠲ᠋ᠣᠺ᠎ᠤᠨ ᠵᠢᠭᠠᠯᠲᠠ ᠲᠣᠭ᠎ᠠ ᠦᠰᠦᠭᠰᠡᠨ᠂ ᠣᠯᠠᠨ ᠤᠯᠤᠰ᠎ᠤᠨ ᠠᠯᠲᠠᠨ᠎ᠤ ᠦᠨ᠎ᠡ ᠪᠠᠭᠤᠷᠠᠭᠰᠠᠨ ᠵᠡᠷᠭᠡ ᠬᠦᠴᠦᠨ ᠵᠦᠢᠯ᠎ᠦᠨ ᠨᠥᠯᠥᠭᠡ ᠶ᠋ᠢ ᠭᠥᠷᠳᠡᠵᠦ ᠪᠠᠢᠨ᠎ᠠ ᠭᠡᠵᠡᠢ᠃

ᠣᠯᠠᠨ ᠤᠯᠤᠰ᠎ᠤᠨ ᠰᠢᠵᠢᠷ ᠠᠯᠲᠠᠨ᠎ᠤ ᠬᠠᠨᠳᠤᠰᠢ  ᠠ᠋ᠴᠠ ᠦᠵᠡᠪᠡᠯ᠂ ᠳᠡᠭᠡᠷ᠎ᠡ ᠬᠠᠭᠠᠰ ᠵᠢᠯ᠎ᠳᠦ ᠠᠮᠧᠷᠢᠺᠠ  ᠶ᠋ᠢᠨ ᠪᠠᠩᠬᠢ ᠶ᠋ᠢᠨ ᠦᠢᠯᠡᠰ᠎ᠦᠨ ᠬᠢᠮᠤᠷᠠᠯ ᠪᠣᠯᠣᠨ ᠠᠮᠧᠷᠢᠺᠠ ᠶ᠋ᠢᠨ ᠵᠠᠰᠠᠭ᠎ᠤᠨ ᠣᠷᠳᠣᠨ᠎ᠤ ᠥᠭᠴᠡᠭᠡᠨ᠎ᠦ ᠳᠡᠭᠡᠳᠦ ᠬᠢᠵᠠᠭᠠᠷ᠎ᠤᠨ ᠬᠢᠮᠤᠷᠠᠯ ᠠ᠋ᠴᠠ ᠪᠣᠯᠤᠭᠰᠠᠨ ᠠᠶᠤᠯ ᠠ᠋ᠴᠠ ᠵᠠᠢᠯᠠᠬᠤ ᠰᠡᠳᠬᠢᠯᠭᠡ ᠨᠢ ᠪᠡᠯᠡ ᠣᠷᠣᠭᠤᠯᠤᠭ᠍ᠴᠢᠳ᠎ᠤᠨ ᠰᠢᠵᠢᠷ ᠠᠯᠲᠠᠨ᠎ᠤ ᠵᠠᠬ᠎ᠠ ᠳᠡᠯᠭᠡᠭᠦᠷ᠎ᠲᠦ ᠣᠷᠣᠬᠤ ᠶ᠋ᠢ ᠠᠬᠢᠭᠤᠯᠵᠤ᠂ ᠣᠯᠠᠨ ᠤᠯᠤᠰ᠎ᠤᠨ ᠰᠢᠵᠢᠷ ᠠᠯᠲᠠᠨ᠎ᠤ ᠦᠨ᠎ᠡ ᠶᠡᠬᠡ᠎ᠪᠡᠷ ᠥᠰᠦᠭᠰᠡᠨ ᠪᠠᠢᠨ᠎ᠠ᠃

《ᠭᠡᠪᠡᠴᠦ ᠠᠮᠧᠷᠢᠺᠠ ᠶ᠋ᠢᠨ ᠣᠢᠷ᠎ᠠ ᠶ᠋ᠢᠨ ᠬᠤᠭᠤᠴᠠᠭᠠᠨ᠎ᠳᠤ ᠨᠡᠢᠲᠡᠯᠡᠭᠰᠡᠨ ᠠᠵᠤ ᠠᠬᠤᠢ ᠶ᠋ᠢᠨ ᠲᠣᠭ᠎ᠠ ᠪᠠᠷᠢᠮᠲᠠ ᠬᠠᠷᠢᠴᠠᠩᠭᠤᠢ᠎ᠪᠠᠷ ᠲᠣᠭᠲᠠᠭᠤᠨ ᠪᠠᠢᠵᠤ᠂ ᠠᠮᠧᠷᠢᠺᠠ ᠶ᠋ᠢᠨ ᠠᠵᠤ ᠠᠬᠤᠢ ᠶ᠋ᠢᠨ ᠪᠠᠭᠤᠷᠠᠯᠲᠠ ᠶ᠋ᠢᠨ ᠲᠤᠬᠠᠢ ᠰᠠᠨᠠᠭᠠᠰᠢᠷᠠᠯ ᠲᠦᠷ ᠴᠠᠭ ᠨᠠᠮᠳᠠᠵᠤ᠂ ᠰᠢᠵᠢᠷ ᠠᠯᠲᠠᠨ᠎ᠤ ᠦᠨ᠎ᠡ ᠬᠠᠩᠰᠢ᠎ᠳᠤ ᠦᠵᠡᠭᠦᠯᠬᠦ ᠠᠶᠤᠯ ᠠ᠋ᠴᠠ ᠵᠠᠢᠯᠠᠬᠤ ᠰᠡᠳᠬᠢᠯᠭᠡ ᠶ᠋ᠢᠨ ᠲᠤᠯᠭᠠᠭᠤᠷᠢᠯᠠᠬᠤ ᠦᠢᠯᠡᠳᠦᠯ ᠪᠠᠭᠤᠷᠠᠵᠤ ᠪᠠᠢᠨ᠎ᠠ》ᠭᠡᠵᠦ ᠳᠤᠮᠳᠠᠳᠤ ᠤᠯᠤᠰ᠎ᠤᠨ ᠪᠠᠩᠬᠢ᠎ᠶᠢᠨ ᠰᠤᠳᠤᠯᠭᠠᠨ᠎ᠤ ᠬᠦᠷᠢᠶᠡᠯᠡᠩ᠎ᠦᠨ ᠳᠡᠭᠡᠳᠦ ᠵᠡᠷᠭᠡ᠎ᠶᠢᠨ ᠰᠤᠳᠤᠯᠤᠭ᠍ᠴᠢ ᠸᠠᠩ ᠶᠢᠤ ᠰᠢᠨ ᠦᠵᠡᠵᠦ ᠪᠠᠢᠨ᠎ᠠ᠃

《ᠨᠥᠭᠥᠭᠡ ᠲᠠᠯ᠎ᠠ᠎ᠪᠠᠷ᠂ ᠠᠮᠧᠷᠢᠺᠠ ᠶ᠋ᠢᠨ ᠬᠣᠯᠪᠣᠭᠠᠨ᠎ᠤ ᠨᠥᠭᠡᠴᠡ ᠶ᠋ᠢᠨ ᠰᠢᠰᠲᠧᠮ᠎ᠤᠨ 11 ᠰᠠᠷ᠎ᠠ  ᠶ᠋ᠢᠨ ᠬᠦᠦ ᠮᠥᠩᠭᠥ ᠨᠡᠮᠡᠬᠦ ᠵᠢᠱ᠌ᠢᠯᠲᠡ ᠳᠠᠬᠢᠨᠲᠠ ᠨᠡᠮᠡᠭᠳᠡᠭᠰᠡᠨ ᠪᠠ ᠠᠮᠧᠷᠢᠺᠠ ᠶ᠋ᠢᠨ ᠵᠠᠰᠠᠭ᠎ᠤᠨ ᠣᠷᠳᠣᠨ᠎ᠤ ᠰᠢᠨ᠎ᠡ ᠡᠳ᠋᠎ᠦᠨ ᠵᠠᠰᠠᠭ᠎ᠤᠨ ᠵᠢᠯ᠎ᠦᠨ ᠡᠳ᠋᠎ᠦᠨ ᠵᠠᠰᠠᠭ᠎ᠤᠨ ᠲᠥᠰᠥᠪ᠎ᠦᠨ ᠵᠠᠷᠤᠯᠭ᠎ᠠ ᠶ᠋ᠢᠨ ᠥᠷᠢᠰᠦᠯᠳᠦᠭᠡᠨ ᠰᠢᠷᠦᠭᠦᠰᠴᠦ ᠪᠠᠢᠭ᠎ᠠ ᠵᠡᠷᠭᠡ ᠬᠦᠴᠦᠨ ᠵᠦᠢᠯ᠎ᠦᠨ ᠨᠥᠯᠥᠭᠡ᠎ᠡᠴᠡ ᠪᠣᠯᠵᠤ᠂ ᠣᠢᠷ᠎ᠠ ᠶ᠋ᠢᠨ ᠬᠤᠭᠤᠴᠠᠭᠠᠨ᠎ᠳᠤ ᠠᠮᠧᠷᠢᠺᠠ ᠵᠢᠨ ᠵᠢᠭᠡᠯᠡᠯᠬᠡ ᠵᠢᠨ ᠠᠰᠢᠬ ᠤᠷᠤᠯᠭ᠎ᠠ ᠵᠢᠨ ᠨᠤᠷᠮ᠎ᠠ ᠶᠡᠬᠡ ᠪᠡᠷ ᠲᠡᠭᠡᠭᠰᠢᠯᠡᠭᠰᠡᠨ ᠪᠠᠢᠨ᠎ᠠ》᠃ ᠸᠠᠩ ᠶᠢᠤ ᠰᠢᠨ ᠢᠯᠡᠷᠬᠡᠢᠯᠡᠬᠦ᠎ᠳᠡᠭᠡᠨ᠂  ᠠᠮᠧᠷᠢᠺᠠ᠎ᠶᠢᠨ ᠵᠢᠭᠡᠯᠡᠯᠭᠡ᠎ᠶᠢᠨ ᠠᠰᠢᠭ᠋ ᠣᠷᠣᠯᠭ᠎ᠠ᠎ᠶᠢᠨ ᠨᠣᠷᠮ᠎ᠠ᠎ᠶᠢᠨ ᠥᠰᠦᠯᠲᠡ ᠨᠢ ᠰᠢᠵᠢᠷ ᠠᠯᠲᠠ ᠡᠵᠡᠮᠰᠢᠵᠦ ᠪᠠᠢᠭ᠎ᠠ ᠲᠣᠬᠢᠶᠠᠯ᠎ᠤᠨ ᠥᠪᠡᠷ᠎ᠦᠨ ᠥᠷᠲᠡᠭ᠎ᠦᠨ ᠳᠡᠭᠡᠭᠰᠢᠯᠡᠯᠲᠡ᠎ᠶᠢ ᠬᠠᠷᠠᠭᠤᠯᠵᠤ ᠪᠠᠢᠨ᠎ᠠ᠂ ᠡᠨᠡ ᠬᠣᠶᠠᠷ ᠨᠢ ᠥᠩᠭᠡᠷᠡᠭᠰᠡᠨ᠎ᠳᠦ ᠦᠨᠳᠦᠰᠦᠨ᠎ᠳᠡᠭᠡᠨ ᠰᠥᠭᠡᠷᠭᠦ ᠬᠣᠯᠪᠣᠭᠳᠠᠯ᠎ᠤᠨ ᠬᠠᠨᠳᠤᠰᠢ᠎ᠲᠠᠢ ᠪᠠᠢᠪᠠ᠃ ᠬᠠᠷᠢᠨ ᠳ᠋ᠣᠯᠯᠠᠷ ᠪᠣᠯ ᠣᠯᠠᠨ ᠤᠯᠤᠰ᠎ᠤᠨ ᠰᠢᠵᠢᠷ ᠠᠯᠲᠠᠨ᠎ᠤ ᠦᠨ᠎ᠡ ᠪᠤᠳᠤᠬᠤ ᠭᠣᠣᠯ ᠵᠣᠭᠣᠰ ᠪᠠᠢᠵᠤ᠂ ᠳ᠋ᠣᠯᠯᠠᠷ᠎ᠤᠨ ᠥᠷᠲᠡᠭ᠎ᠦᠨ ᠥᠰᠦᠯᠲᠡ ᠨᠢ ᠴᠦ᠍ ᠰᠢᠵᠢᠷ ᠠᠯᠲᠠᠨ᠎ᠤ ᠦᠨ᠎ᠡ ᠶ᠋ᠢᠨ ᠬᠠᠨᠳᠤᠰᠢ ᠶ᠋ᠢ ᠬᠢᠵᠠᠭᠠᠷᠯᠠᠵᠤ ᠪᠠᠢᠳᠠᠬ᠃

ᠲᠦᠷᠦᠭᠦᠦ ᠬᠡᠰᠡᠭ ᠬᠤᠭᠤᠴᠠᠭᠠᠨ᠎ᠳᠤ᠂ ᠬᠡᠷᠡᠭᠯᠡᠭᠡᠨ᠎ᠦ ᠬᠡᠷᠡᠭᠴᠡᠭᠡ ᠶᠡᠬᠡ᠎ᠪᠡᠷ ᠨᠡᠮᠡᠭᠳᠡᠭᠰᠡᠨ᠂ ᠠᠷᠠᠳ᠎ᠤᠨ ᠵᠣᠭᠣᠰ᠎ᠤᠨ ᠦᠨ᠎ᠡ ᠪᠠᠭᠤᠷᠠᠬᠰᠠᠨ᠂ ᠠᠶᠤᠯ ᠠ᠋ᠴᠠ ᠵᠠᠢᠯᠠᠬᠤ ᠰᠡᠳᠬᠢᠯᠭᠡ ᠵᠡᠷᠭᠡ ᠬᠦᠴᠦᠨ ᠵᠦᠢᠯ᠎ᠦᠨ ᠨᠥᠯᠥᠭᠡ᠎ᠡᠴᠡ ᠪᠣᠯᠵᠤ᠂ ᠤᠯᠤᠰ᠎ᠤᠨ ᠳᠣᠲᠣᠭᠠᠳᠤ ᠶ᠋ᠢᠨ ᠠᠯᠲᠠᠨ᠎ᠤ ᠦᠨ᠎ᠡ ᠵᠠᠯᠭᠠᠭ᠎ᠠ ᠪᠡᠷ ᠥᠰᠴᠦ᠂ ᠣᠯᠠᠨ ᠤᠯᠤᠰ᠎ᠤᠨ ᠠᠯᠲᠠᠨ᠎ᠤ ᠦᠨ᠎ᠡ  ᠶ᠋ᠢᠨ ᠬᠠᠨᠳᠤᠰᠢ ᠠ᠋ᠴᠠ ᠡᠳᠦᠢ ᠲᠡᠳᠦᠢ ᠲᠡᠷᠰᠯᠡᠭᠰᠡᠨ ᠪᠠᠢᠨ᠎ᠠ᠃

《ᠭᠡᠪᠡᠴᠦ ᠣᠯᠠᠨ ᠤᠯᠤᠰ᠎ᠤᠨ ᠠᠯᠲᠠᠨ᠎ᠤ ᠦᠨ᠎ᠡ ᠦᠷᠭᠦᠯᠵᠢᠯᠡᠨ ᠪᠠᠭᠤᠷᠠᠵᠤ ᠪᠠᠢᠬᠤ ᠪᠠ ᠤᠯᠤᠰ᠎ᠤᠨ ᠳᠣᠲᠣᠭᠠᠳᠤ ᠶ᠋ᠢᠨ ᠠᠵᠤ ᠠᠬᠤᠢ ᠲᠣᠭᠲᠠᠭᠤᠨ᠎ᠢᠶᠠᠷ ᠰᠡᠷᠭᠦᠵᠦ ᠪᠠᠢᠬᠤ᠂ ᠵᠠᠬ᠎ᠠ ᠳᠡᠯᠭᠡᠭᠦᠷ᠎ᠦᠨ ᠤᠷᠮ᠎ᠠ ᠵᠣᠷᠢᠭ᠋ ᠰᠠᠢᠵᠢᠷᠠᠵᠤ ᠪᠠᠢᠬᠤ ᠵᠡᠷᠭᠡ ᠬᠦᠴᠦᠨ ᠵᠦᠢᠯ᠎ᠦᠨ ᠨᠥᠯᠥᠭᠡᠯᠡᠯ ᠢ᠋ᠶ᠋ᠡᠷ ᠤᠯᠤᠰ᠎ᠤᠨ ᠳᠣᠲᠣᠭᠠᠳᠤ ᠶ᠋ᠢᠨ ᠠᠯᠲᠠᠨ᠎ᠤ ᠦᠨ᠎ᠡ ᠤᠯᠠᠮ᠎ᠢᠶᠠᠷ ᠣᠯᠠᠨ ᠤᠯᠤᠰ᠎ᠤᠨ ᠠᠯᠲᠠᠨ᠎ᠤ ᠦᠨ᠎ᠡ ᠬᠠᠩᠰᠢ ᠵᠦᠭ ᠬᠡᠯᠪᠡᠢᠬᠦ ᠪᠤᠯᠤᠨ᠎ᠠ》ᠭᠡᠵᠦ ᠸᠠᠩ ᠶᠢᠦ ᠰᠢᠨ ᠰᠤᠷᠪᠤᠯᠵᠢᠯᠠᠭ᠍ᠴᠢ᠎ᠳᠤ ᠵᠠᠳᠠᠯᠤᠯᠲᠠ ᠬᠢᠵᠦ ᠦᠭᠴᠠᠢ᠃

ᠲᠡᠭᠡᠪᠡᠯ ᠤᠳᠤ ᠰᠢᠵᠢᠷ ᠠᠯᠳᠠ ᠬᠤᠳᠠᠯᠳᠤᠨ ᠠᠪᠴᠤ ᠪᠤᠯᠬᠤ ᠤᠤ?

ᠡᠨᠡ ᠵᠢᠯ᠎ᠡᠴᠡ ᠨᠠᠭᠠᠰᠢ᠂ ᠰᠢᠵᠢᠷ ᠠᠯᠲᠠᠨ᠎ᠤ ᠦᠨ᠎ᠡ ᠲᠠᠰᠤᠷᠠᠯᠲᠠ ᠦᠭᠡᠢ ᠦᠰᠦᠭᠰᠡᠨ ᠡᠴᠡ ᠪᠤᠯᠵᠤ ᠰᠢᠵᠢᠷ ᠠᠯᠲᠠ ᠬᠤᠳᠠᠯᠳᠤᠨ ᠠᠪᠬᠤ ᠬᠠᠯᠠᠭᠤᠨ ᠥᠷᠨᠢᠯᠲᠡ ᠭᠠᠷᠴᠠᠢ᠃

《ᠪᠠᠩᠬᠢ ᠶ᠋ᠢᠨ ᠬᠦᠦ ᠮᠥᠩᠭᠥ ᠨᠡᠯᠢᠶᠡᠳ ᠳᠣᠣᠷ᠎ᠠ ᠪᠠᠢᠬᠤ ᠤᠷᠢᠳᠠᠯ ᠳᠤᠤᠷ᠎ᠠ〈ᠦᠰᠴᠦ ᠪᠠᠢᠬᠤ ᠳ᠋ᠤᠨᠢ ᠬᠤᠳᠠᠯᠳᠤᠨ ᠠᠪᠬᠤ ᠡᠴᠡ ᠪᠢᠰᠢ ᠪᠠᠭᠤᠷᠠᠬᠰᠠᠨ᠎ᠤ ᠳᠠᠷᠠᠭ᠎ᠠ ᠬᠤᠳᠠᠯᠳᠤᠨ ᠠᠪᠬᠤ ᠦᠭᠡᠢ〉 ᠭᠡᠰᠡᠨ ᠪᠣᠳᠣᠯ ᠨᠢ ᠬᠥᠮᠥᠰ᠎ᠦᠨ ᠠᠯᠲᠠ ᠬᠤᠳᠠᠯᠳᠤᠨ ᠠᠪᠬᠤ ᠤᠷᠮ᠎ᠠ ᠵᠣᠷᠢᠭ᠋ ᠢ᠋ ᠬᠥᠭᠵᠢᠭᠡᠭᠰᠡᠨ ᠪᠠᠢᠨ᠎ᠠ 》 ᠭᠡᠵᠦ ᠵᠧᠦ ᠳᠡ ᠹᠦ ᠠᠯᠳᠠᠨ᠎ᠤ ᠳᠡᠯᠬᠡᠬᠦᠷ᠎ᠤᠨ ᠯᠠᠩᠭᠦᠢ  ᠶ᠋ᠢᠨ ᠠᠵᠢᠯᠲᠠᠨ ᠶᠠᠷᠢᠵᠤ ᠥᠩᠭᠡᠷᠡᠭᠰᠡᠨ ᠪᠢᠯᠡ᠃

ᠣᠢᠷ᠎ᠠ᠎ᠳᠤ ᠰᠢᠵᠢᠷ ᠠᠯᠲᠠᠨ᠎ᠤ ᠦᠨ᠎ᠡ ᠪᠠᠭᠤᠷᠠᠭᠰᠠᠨ ᠨᠢ ᠬᠥᠮᠥᠰ᠎ᠦᠨ ᠠᠯᠲᠠ ᠬᠤᠳᠠᠯᠳᠤᠨ ᠠᠪᠬᠤ ᠬᠠᠯᠠᠭᠤᠨ ᠰᠡᠳᠬᠢᠯᠭᠡ ᠶ᠋ᠢ ᠨᠦᠯᠦᠭᠡᠯᠡᠬᠦ ᠪᠤᠯ ᠤᠤ?ᠡᠭᠦᠨ᠎ᠦ ᠲᠤᠬᠠᠢ ᠼᠠᠢ ᠪᠠᠢ ᠵᠢᠨ ᠲᠠᠯ᠎ᠠ ᠶ᠋ᠢᠨ ᠬᠢᠨ ᠰᠤᠷᠪᠤᠯᠵᠢᠯᠠᠭ᠍ᠴᠢ᠎ᠳᠦ᠄ 《〈ᠬᠤᠤᠰ ᠪᠠᠶᠠᠷ〉᠎ᠤᠨ ᠬᠤᠭᠤᠴᠠᠭᠠᠨ᠎ᠤ ᠬᠡᠷᠡᠭᠯᠡᠭᠡ ᠶ᠋ᠢ ᠠᠬᠢᠭᠤᠯᠬᠤ ᠠᠯᠢ ᠣᠯᠠᠨ ᠠᠵᠢᠯᠯᠠᠭ᠎ᠠ ᠨᠢ ᠰᠢᠵᠢᠷ ᠠᠯᠳᠠ ᠬᠤᠳᠠᠯᠳᠤᠨ ᠠᠪᠬᠤ ᠬᠠᠯᠠᠭᠤᠷᠠᠯ᠎ᠢ ᠦᠷᠬᠦᠯᠵᠢᠯᠡᠬᠦᠯᠦᠭᠰᠡᠨ ᠪᠠᠢᠨ᠎ᠠ》 ᠭᠡᠵᠠᠢ᠃

ᠨᠢᠭᠡᠨ ᠡᠯᠧᠺᠲᠷᠣᠨ ᠬᠤᠳᠠᠯᠳᠤᠭᠠᠨ᠎ᠤ ᠲᠠᠪᠴᠠᠩ᠎ᠤᠨ ᠬᠡᠷᠡᠭᠯᠡᠭᠡᠨ᠎ᠦ ᠲᠣᠭ᠎ᠠ ᠪᠠᠷᠢᠮᠲᠠ᠎ᠳᠤ ᠢᠯᠡᠷᠡᠭᠦᠯᠦᠭᠰᠡᠨ᠎ᠢᠶᠡᠷ᠂ ᠡᠨᠡ ᠵᠢᠯ᠎ᠦᠨ ᠤᠯᠤᠰ᠎ᠤᠨ ᠪᠠᠶᠠᠷ᠎ᠤᠨ ᠠᠮᠠᠷᠠᠯᠳᠠ ᠵᠢᠨ ᠬᠤᠭᠤᠴᠠᠭᠠᠨ᠎ᠳᠤ᠂ ᠰᠢᠵᠢᠷ ᠠᠯᠲᠠᠨ᠎ᠤ ᠴᠥᠷᠬᠡᠯᠡᠭᠡ (ᠰᠣᠨᠳᠣᠷ᠂ ᠡᠭᠡᠮᠦᠭ ᠵᠢᠴᠢ ᠪᠠᠭᠤᠪᠴᠢ ᠵᠡᠷᠭᠡ ᠵᠢᠨ ᠨᠢᠭᠡ ᠰᠢᠷᠢᠰ ᠨᠡᠢᠯᠡᠯ) ᠵᠢᠨ ᠪᠣᠷᠤᠯᠠᠭᠤᠯᠭ᠎ᠠ ᠨᠢ ᠠᠳᠠᠯᠢ ᠬᠤᠭᠤᠴᠠᠭᠠᠨ᠎ᠤ ᠬᠢ᠎ᠡᠴᠡ 892% ᠵᠢᠡᠷ ᠨᠡᠮᠡᠭᠳᠡᠵᠦ (9 ᠰᠠᠷ᠎ᠠ᠎ᠶᠢᠨ 29᠎ᠦ ᠡᠳᠦᠷ᠎ᠡᠴᠡ 10 ᠰᠠᠷ᠎ᠠ᠎ᠶᠢᠨ 1᠎ᠦ ᠡᠳᠦᠷ ᠪᠣᠯᠲᠠᠯ᠎ᠠ᠂ ᠵᠣᠭᠣᠰ᠎ᠤᠨ ᠲᠣᠭ᠎ᠠ ᠨᠢ ᠨᠢᠳᠤᠨᠤᠨ᠎ᠤ ᠠᠷᠪᠠᠨ ᠰᠠᠷ᠎ᠠ᠎ᠶᠢᠨ ᠨᠢᠭᠡᠨ᠎ᠦ ᠠᠮᠠᠷᠠᠯᠲᠠ᠎ᠶᠢᠨ ᠡᠮᠦᠨᠡᠬᠢ ᠭᠤᠷᠪᠠᠨ ᠡᠳᠦᠷ᠎ᠦᠨ ᠬᠢ ᠲᠠᠢ ᠬᠠᠷᠢᠴᠠᠭᠤᠯᠪᠠᠯ)᠂ ᠪᠡᠯᠡ ᠣᠷᠣᠭᠤᠯᠤᠯᠲᠠ᠎ᠶᠢᠨ ᠠᠯᠳᠠᠨ᠎ᠤ ᠬᠡᠷᠡᠭᠯᠡᠭᠡ 772% ᠵᠢᠡᠷ ᠨᠡᠮᠡᠭᠳᠡᠵᠦ᠂ ᠬᠡᠤᠬᠡᠳ᠎ᠤᠨ ᠠᠯᠲᠠᠨ ᠴᠢᠮᠡᠭᠯᠡᠯ 52% ᠵᠢᠡᠷ ᠨᠡᠮᠡᠭᠳᠡᠵᠠᠢ᠃

ᠲᠣᠭ᠎ᠠ ᠪᠠᠷᠢᠮᠲᠠ ᠠ᠋ᠴᠠ ᠦᠵᠡᠪᠡᠯ᠂ ᠬᠦᠮᠦᠰ᠎ᠤᠨ ᠰᠢᠵᠢᠷ ᠠᠯᠳᠠ ᠬᠤᠳᠠᠯᠳᠤᠨ ᠠᠪᠬᠤ ᠬᠠᠯᠠᠭᠤᠨ ᠰᠡᠳᠬᠢᠯᠬᠡ ᠮᠦᠨ ᠪᠠᠭᠤᠷᠠᠬᠰᠠᠨ ᠦᠭᠡᠢ᠃ ᠡᠭᠦᠨ᠎ᠦ ᠵᠡᠷᠭᠡ ᠪᠡᠷ᠂ ᠠᠯᠲᠠᠨ᠎ᠤ ᠦᠨ᠎ᠡ ᠦᠷᠭᠦᠯᠵᠢᠯᠡᠨ ᠪᠠᠭᠤᠷᠠᠬᠤ ᠡᠰᠡᠬᠦ᠂ ᠣᠳᠣᠬᠠᠨ᠎ᠳᠤ ᠬᠤᠳᠠᠯᠳᠤᠨ ᠠᠪᠴᠤ ᠪᠤᠯᠬᠤ ᠵᠡᠷᠭᠡ᠎ᠳᠦ ᠴᠦᠬᠡᠨ ᠪᠤᠰᠤ ᠬᠦᠮᠦᠨ ᠰᠡᠳᠬᠢᠯ ᠳᠠᠯᠪᠢᠵᠤ ᠪᠠᠢᠨ᠎ᠠ᠃  ᠪᠠᠰᠠ ᠵᠠᠷᠢᠮ ᠬᠦᠮᠦᠰ ᠠᠯᠳᠠᠨ᠎ᠤ ᠦᠨ᠎ᠡ ᠶᠡᠬᠡ ᠪᠡᠷ ᠪᠠᠭᠤᠷᠠᠬᠰᠠᠨ᠎ᠤ ᠳᠠᠷᠠᠭ᠎ᠠ ᠬᠤᠳᠠᠯᠳᠤᠨ ᠠᠪᠬᠤ ᠬᠡᠮᠡᠨ ᠬᠦᠰᠡᠮᠵᠢᠯᠡᠵᠦ ᠪᠤᠢ᠃

ᠡᠭᠦᠨ᠎ᠦ ᠲᠤᠬᠠᠢ ᠸᠠᠩ ᠶᠢᠤ ᠰᠢᠨ᠂ ᠬᠤᠵᠢᠮ᠎ᠤᠨ ᠬᠠᠨᠳᠤᠰᠢ ᠠ᠋ᠴᠠ ᠦᠵᠡᠪᠡᠯ᠂ ᠨᠠᠭᠠᠲᠤ ᠵᠠᠬ᠎ᠠ᠎ᠳᠠᠭᠠᠨ 11 ᠰᠠᠷ᠎ᠠ᠎ᠳᠤ ᠠᠮᠧᠷᠢᠺᠠ  ᠶ᠋ᠢᠨ ᠬᠣᠯᠪᠣᠭᠠᠨ᠎ᠤ ᠨᠦᠬᠡᠴᠡ ᠵᠢᠨ ᠰᠢᠰᠲᠧᠮ᠎ᠤᠨ ᠬᠦᠦ ᠮᠥᠩᠭᠥ ᠶ᠋ᠢᠨ ᠵᠦᠪᠯᠡᠯᠬᠡᠨ᠎ᠤ ᠬᠤᠷᠠᠯᠳᠤᠭᠠᠨ ᠠ᠋ᠴᠠ ᠡᠮᠦᠨ᠎ᠡ ᠣᠯᠠᠨ ᠤᠯᠤᠰ᠎ᠤᠨ ᠠᠯᠲᠠᠨ᠎ᠤ ᠦᠨ᠎ᠡ ᠮᠦᠨ ᠳᠠᠷᠤᠯᠳᠠ᠎ᠶᠢ ᠬᠦᠯᠢᠶᠡᠬᠦ ᠪᠤᠯᠤᠨ᠎ᠠ᠃ 《ᠣᠳᠣᠬᠠᠨ᠎ᠳᠤ ᠠᠮᠧᠷᠢᠺᠠ ᠶ᠋ᠢᠨ ᠲᠠᠷᠢᠶᠠᠯᠠᠩ᠎ᠤᠨ ᠪᠤᠰᠤ ᠲᠣᠭ᠎ᠠ ᠪᠠᠷᠢᠮᠲᠠ ᠶ᠋ᠢ ᠨᠡᠢᠲᠡᠯᠡᠬᠦ᠎ᠶᠢ ᠳᠠᠭᠠᠯᠳᠤᠨ᠂ ᠵᠠᠬ᠎ᠠ ᠳᠡᠯᠭᠡᠭᠦᠷ ᠪᠠᠰᠠ 11 ᠰᠠᠷ᠎ᠠ ᠵᠢᠨ ᠠᠮᠧᠷᠢᠺᠠ ᠶ᠋ᠢᠨ ᠬᠣᠯᠪᠣᠭᠠᠨ᠎ᠤ ᠨᠦᠬᠡᠴᠡ ᠶ᠋ᠢᠨ ᠬᠦᠦ ᠮᠥᠩᠭᠥ ᠨᠡᠮᠡᠬᠦ ᠲᠣᠬᠢᠶᠠᠯᠳᠤᠮᠵᠢ ᠶ᠋ᠢ ᠬᠥᠭᠡᠷᠭᠡᠳᠡᠵᠦ᠂ ᠣᠯᠠᠨ ᠤᠯᠤᠰ᠎ᠤᠨ ᠠᠯᠲᠠᠨ᠎ᠤ ᠦᠨ᠎ᠡ ᠶ᠋ᠢ ᠦᠷᠭᠦᠯᠵᠢᠯᠡᠨ ᠬᠢᠵᠠᠭᠠᠷᠯᠠᠬᠤ ᠪᠣᠯᠣᠨ᠎ᠠ》 ᠃

《ᠡᠭᠦᠨ᠎ᠦ ᠵᠡᠷᠭᠡ ᠪᠡᠷ ᠪᠦᠬᠦ ᠪᠥᠮᠪᠥᠷᠴᠡᠭ᠎ᠦᠨ ᠠᠵᠤ ᠠᠬᠤᠢ ᠳᠤᠷᠤᠢᠳᠠᠬᠤ ᠠᠶᠤᠯ ᠲᠦᠭᠰᠢᠭᠦᠷᠢ ᠴᠦ᠍ ᠲᠦᠷᠭᠡᠨ ᠢ᠋ᠶ᠋ᠡᠷ ᠬᠤᠷᠠᠮᠳᠤᠵᠤ ᠪᠠᠢᠨ᠎ᠠ᠂ ᠢᠷᠡᠭᠡᠳᠦᠢ᠎ᠳᠦ ᠠᠶᠤᠯ ᠠ᠋ᠴᠠ ᠵᠠᠢᠯᠠᠬᠤ ᠰᠡᠳᠬᠢᠯᠬᠡ ᠳᠠᠬᠢᠨᠲᠠ ᠨᠡᠮᠡᠭᠳᠡᠵᠦ᠂ ᠡᠭᠦᠨ᠎ᠦ ᠤᠯᠠᠮ ᠵᠢᠨᠷ ᠣᠯᠠᠨ ᠤᠯᠤᠰ᠎ᠤᠨ ᠠᠯᠲᠠᠨ᠎ᠤ ᠦᠨ᠎ᠡ᠎ᠳᠦ ᠳᠠᠬᠢᠨᠲᠠ ᠲᠦᠰᠢᠭ ᠲᠤᠯᠭᠠᠭᠤᠷᠢ ᠪᠣᠯᠵᠤ ᠮᠡᠳᠡᠨ᠎ᠡ》ᠭᠡᠵᠦ ᠢᠯᠡᠷᠬᠡᠢᠯᠡᠪᠡ᠃

(《ᠠᠷᠠᠳ᠎ᠤᠨ ᠰᠦᠯᠵᠢᠶ᠎ᠡ》 ᠡᠴᠡ ᠤᠷᠴᠢᠭᠤᠯᠤᠨ ᠨᠠᠢᠷᠠᠭᠤᠯᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号