ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ
2023-10-19 16:27:30
ᠵᠣᠬᠢᠶᠠᠭ᠍ᠴᠢ᠄
ᠳ᠋ᠠᠢ ᠰᠢᠶᠦ᠋ᠡᠭ᠂ ᠼᠠᠢ ᠳ᠋ᠦᠡᠭ ᠮᠸᠢ᠂ ᠭᠤᠤ ᠬᠤᠡᠭ ᠯᠢᠶᠠᠨ᠂ ᠦᠨᠢᠷ᠂ ᠸ· ᠭᠡᠷᠡᠯᠳᠤ᠂ ᠨᠠᠮᠤᠭ
ᠣᠩᠱᠢᠭ᠍ᠰᠠᠨ ᠣᠳᠠᠭ᠎ᠠ᠄
★★★☆☆

ᠬᠤᠯᠪᠤᠭᠠᠰᠤ

• 2018 ᠣᠨ᠎ᠳᠤ ᠠᠭᠠᠷᠤᠳᠠᠢ ᠰᠤᠮᠤ ᠪᠥᠬᠥ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠵᠢᠱ᠌ᠢᠶ᠎ᠡ ᠦᠵᠡᠭᠦᠯᠬᠦ᠌  ᠨᠢᠭᠡᠴᠢ ᠪᠠᠷ ᠦᠨᠡᠯᠡᠭᠳᠡᠪᠡ᠃

• 2020 ᠣᠨ᠎ᠳᠤ ᠪᠥᠬᠥ᠌ ᠤᠯᠤᠰ᠎ᠤᠨ ᠤᠯᠤᠰ᠎ᠢᠶᠠᠨ ᠬᠠᠢᠷᠠᠯᠠᠬᠤ ᠡᠷᠡᠭᠦᠯ ᠬᠠᠮᠠᠭᠠᠯᠠᠯ᠎ᠤᠨ ᠬᠥᠳᠡᠯᠭᠡᠭᠡᠨ᠎ᠦ ᠵᠥᠪᠯᠡᠯ᠎ᠡᠴᠡ ᠠᠭᠠᠷᠤᠳᠠᠢ ᠰᠤᠮᠤ᠎ᠶ᠋ᠢ 2017 — 2019 ᠤᠨ᠎ᠦ  ᠤᠯᠤᠰ᠎ᠤᠨ ᠡᠷᠡᠭᠦᠯ ᠬᠠᠮᠠᠭᠠᠯᠠᠯ᠎ᠤᠨ ᠱᠢᠶᠠᠩ  ᠪᠠᠯᠭᠠᠰᠤ᠎ᠪᠠᠷ  ᠨᠡᠷᠡᠢᠳᠪᠡ᠃

• 2022 ᠤᠨ᠎ᠳᠤ ᠠᠭᠠᠷᠤᠲᠠᠢ ᠰᠤᠮᠤ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶᠡᠴᠢ ᠬᠠᠮᠲᠤ ᠨᠡᠢᠲᠡ᠎ᠪᠡᠷ ᠰᠠᠢᠰᠢᠶᠠᠭᠳᠠᠪᠠ᠃

• 2023 ᠤᠨ᠎ᠳᠤ ᠠᠭᠠᠷᠤᠳᠠᠢ ᠰᠤᠮᠤ 《2022 ᠤᠨ᠎ᠤ ᠪᠦᠬᠦ ᠤᠯᠤᠰ᠎ᠤᠨ ᠬᠦᠳᠡᠭᠡ ᠲᠤᠰᠬᠤᠨ᠎ᠢ ᠬᠦᠭᠵᠢᠬᠦᠯᠤᠨ ᠮᠠᠨᠳᠤᠭᠤᠯᠬᠤ ᠵᠢᠱ᠌ᠢᠶ᠎ᠡ ᠦᠵᠡᠭᠦᠯᠬᠦ ᠰᠤᠮᠤ》 ᠪᠡᠷ ᠬᠦᠬᠢᠬᠦᠯᠦᠭᠳᠡᠪᠠ᠃



ᠪᠤᠭᠤᠲᠤ ᠬᠣᠲᠠ᠎ᠶ᠋ᠢᠨ ᠵᠢᠦᠶᠤᠸᠠᠨ ᠲᠣᠭᠣᠷᠢᠭ᠎ᠤᠨ ᠪᠠᠷᠠᠭᠤᠨ ᠬᠣᠢᠲᠤ ᠬᠡᠰᠡᠭ᠂ ᠮᠤᠨᠠ ᠠᠭᠤᠯᠠ᠎ᠶ᠋ᠢᠨ ᠡᠮᠦᠨ᠎ᠡ ᠬᠣᠷᠮᠣᠶ᠎ᠳᠤ ᠪᠠᠢᠷᠢᠯᠠᠵᠤ ᠪᠠᠢᠭ᠎ᠠ ᠠᠭᠠᠷᠤᠳᠠᠢ ᠰᠤᠮᠤ ᠨᠢ ᠦᠪᠡᠷᠮᠢᠴᠠ ᠲᠠᠪᠠᠭᠤᠯᠢᠭ ᠭᠠᠵᠠᠷ ᠵᠦᠢ ᠵᠢᠨ ᠪᠠᠢᠷᠢᠰᠢᠯ ᠲᠠᠢ᠂ ᠡᠯᠪᠡᠭ ᠪᠠᠶᠠᠯᠢᠭ ᠦᠨᠳᠦᠰᠦᠳᠡᠨ ᠤ᠋ ᠰᠤᠶᠤᠯ ᠲᠠᠢ᠂ ᠬᠠᠶᠠᠭ᠎ᠠ ᠬᠠᠶᠠᠭ᠎ᠠ ᠪᠡᠨ ᠲᠦᠰᠢᠯᠴᠡᠭᠰᠡᠨ ᠬᠠᠯᠠᠭᠤᠨ ᠳᠤᠯᠠᠭᠠᠨ ᠠᠵᠤ ᠠᠮᠢᠳᠤᠷᠠᠯ ᠲᠠᠢ᠂ ᠡᠶ᠎ᠠ ᠡᠪ ᠢᠲᠡᠭᠡᠯ ᠰᠡᠳᠬᠢᠯ ᠤ᠋ᠨ ᠢᠷᠡᠭᠤ ᠡᠭᠡᠰᠢᠭᠯᠡᠡᠭ ᠲᠠᠢ᠂ ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ ᠲᠠᠢ ᠰᠠᠢᠬᠠᠨ ᠨᠤᠲᠤᠭ ᠪᠤᠯᠬᠤ ᠶᠤᠮ᠃

83 ᠺᠠᠳ᠋ᠷ ᠬᠢᠭᠡᠳ 606 ᠡᠷᠦᠬᠡ ᠢ᠋ᠢᠨ ᠨᠦᠬᠦᠷᠰᠡᠭ ᠪᠠᠷᠢᠯᠳᠤᠯᠭ᠎ᠠ

ᠠᠭᠠᠷᠤᠲᠠᠢ ᠰᠤᠮᠤᠨ ᠳ᠋ᠤ ᠠᠭᠠᠷᠤ ᠮᠤᠳᠤ ᠤᠯᠠᠨ ᠤᠷᠭᠤᠳᠠᠭ ᠪᠠᠢᠬᠰᠠᠨ ᠪᠤᠯᠬᠤᠷ ᠠᠭᠠᠷᠤᠳᠠᠢ ᠬᠡᠮᠡᠨ ᠨᠡᠷᠡᠯᠡᠭᠰᠡᠨ ᠬᠡᠳᠡᠭ᠃ ᠤᠯᠠᠨ ᠵᠢᠯ᠎ᠤᠨ ᠲᠤᠷᠰᠢ᠂ ᠠᠭᠠᠷᠤᠲᠠᠢ ᠰᠤᠮᠤᠨ ᠤ᠋ ᠬᠢᠨ ᠮᠠᠯᠴᠢᠨ ᠲᠠᠷᠢᠶᠠᠴᠢᠳ ᠲᠸ᠋ ᠲᠤᠳᠤᠨᠤ ᠦᠶ᠋ᠯᠡᠴᠢᠯᠡᠨ᠂ 83 ᠺᠠᠳ᠋ᠷ ᠬᠢᠭᠡᠳ 606 ᠮᠠᠯᠵᠢᠬᠤ ᠲᠠᠷᠢᠶᠠᠯᠠᠬᠤ ᠡᠷᠤᠭᠡ᠎ᠵᠢᠨ ᠨᠦᠬᠦᠷᠰᠡᠭ ᠪᠠᠷᠢᠯᠳᠤᠯᠭ᠎ᠠ ᠵᠢ ᠪᠠᠢᠭᠤᠯᠵᠤ᠂ ᠮᠠᠯᠴᠢᠨ ᠲᠠᠷᠢᠶᠠᠴᠢᠳ᠎ᠤᠨ ᠪᠠᠴᠢᠮ ᠲᠤᠯᠭᠠᠮ ᠠᠰᠠᠭᠤᠳᠠᠯ᠎ᠢ ᠪᠦᠳᠤᠮᠵᠢᠳᠠᠢ ᠱᠢᠢᠳᠪᠦᠷᠢᠯᠡᠵᠦ᠍᠂ ᠺᠠᠳ᠋ᠷ ᠤᠯᠠᠨ ᠲᠦᠮᠡᠨ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠳᠠᠪᠰᠢᠭᠰᠠᠨ ᠰᠢᠨ᠎ᠠ ᠳᠦᠷᠰᠤ ᠪᠠᠢᠳᠠᠯ᠎ᠢ ᠪᠤᠢ ᠪᠤᠯᠭᠠᠭᠰᠠᠨ ᠭᠡᠭᠦ ᠰᠠᠢᠬᠠᠨ ᠰᠤᠷᠠᠭ ᠢ᠋ᠢᠡᠷ ᠳᠡᠯᠭᠡᠷ ᠵᠤᠨ ᠤ᠋ ᠳᠤᠯᠤᠭᠠᠨ ᠰᠠᠷ᠎ᠠ ᠳ᠋ᠤ ᠮᠠᠨ ᠤ᠋ ᠰᠤᠷᠪᠤᠯᠵᠢᠯᠠᠭ᠎ᠠ ᠢ᠋ᠢᠨ ᠳᠤᠭᠤᠢᠯᠠᠡᠭ ᠠᠭᠠᠷᠤᠲᠠᠢ ᠰᠤᠮᠤ ᠢ᠋ᠢ ᠵᠤᠷᠢᠵᠤ ᠪᠢᠯᠡ᠃


4830373_baidx_1697445312795.jpg


ᠠᠭᠠᠷᠤᠳᠠᠢ ᠰᠤᠮᠤ ᠵᠢᠨ ᠠᠯᠪᠠᠨ ᠠᠰᠠᠷ ᠬᠦᠷᠬᠦ ᠳ᠋ᠤ ᠢᠨᠢᠶᠡᠮᠰᠦᠭᠯᠡᠯ ᠲᠣᠲᠣᠷᠠᠭᠣᠯᠣᠬᠰᠠᠨ ᠨᠢᠭᠡᠨ ᠰᠠᠢᠬᠠᠨ ᠪᠦᠰᠡᠬᠦᠢ ᠪᠢᠳᠡᠨ᠎ᠢ ᠤᠭᠳᠤᠨ ᠠᠪᠤᠯ᠎ᠠ᠃ ᠲᠡᠷᠡ ᠪᠤᠯ ᠠᠭᠠᠷᠤᠳᠠᠢ ᠰᠤᠮᠤ ᠵᠢᠨ ᠰᠠᠬᠢᠯᠭ᠎ᠠ ᠪᠠᠳᠤ ᠪᠠᠢᠴᠠᠭᠠᠬᠤ ᠬᠤᠷᠢᠶ᠎ᠠ᠎ᠵᠢᠨ ᠭᠡᠰᠢᠬᠦᠨ᠂ ᠰᠠᠬᠢᠯᠭ᠎ᠠ ᠪᠠᠳᠤ ᠪᠠᠢᠴᠠᠭᠠᠬᠤ ᠬᠢᠨᠡᠨ ᠪᠠᠢᠴᠠᠭᠠᠬᠤ ᠠᠯᠪᠠᠨ ᠬᠡᠷ᠎ᠤᠨ ᠲᠤᠰᠬᠠᠢ ᠲᠤᠰᠢᠶᠠᠯᠳᠠᠨ᠂ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠵᠢᠨ ᠬᠡᠰᠢᠬᠦᠨ ᠾᠸ ᠵᠢᠶᠦ᠋ᠨ ᠮᠸᠢ ᠪᠤᠯᠤᠨ᠎ᠠ᠃ ᠲᠡᠷᠡ ᠪᠡᠷ 1993 ᠤᠨ᠎ᠳᠤ ᠠᠭᠠᠷᠤᠳᠠᠢ ᠰᠤᠮᠤ᠎ᠳᠤ ᠠᠵᠢᠯ᠎ᠤᠨ ᠭᠠᠷᠤᠭ᠎ᠠ ᠪᠡᠨ ᠠᠪᠤᠬᠰᠠᠨ ᠡᠴᠡ ᠨᠠᠭᠠᠰᠢᠬᠢ ᠭᠤᠴᠢᠨ ᠵᠢᠯ᠎ᠳ᠋ᠤ ᠡᠨᠡ ᠨᠤᠳᠤᠭ᠎ᠤᠨ ᠮᠠᠯᠴᠢᠨ ᠲᠠᠷᠢᠶᠠᠴᠢᠳ ᠲᠠᠢ ᠡᠪ ᠨᠠᠢᠷᠲᠡᠢ ᠶᠠᠪᠤᠯᠴᠠᠵᠤ᠂ ᠠᠵᠢᠯ ᠠᠮᠢᠳᠤᠷᠠᠯ ᠢ᠋ ᠨᠢ ᠦᠭᠡᠳᠡ ᠳᠠᠳᠠᠵᠤ ᠢᠷᠡᠭᠰᠡᠨ ᠶᠤᠮ᠃ ᠾᠸ ᠵᠢᠶᠦ᠋ᠨ ᠮᠸᠢ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠳ᠋ᠤ ᠢᠳᠡᠪᠬᠢᠳᠠᠢ ᠤᠷᠤᠯᠴᠠᠨ᠂ ᠰᠠᠢᠨ ᠲᠤᠷ᠎ᠠ ᠡᠴᠡ ᠪᠡᠨ ᠤᠯᠠᠯᠵᠢ ᠲᠠᠪᠤᠳᠤᠭᠠᠷ ᠲᠤᠰᠬᠤᠨ᠎ᠤ ᠵᠸ᠋ ᠮᠠᠨᠬᠦ᠋ᠢ᠂ ᠲᠠᠢ ᠶᠦᠡᠭ ᠴᠠᠡᠭ᠂ ᠵᠠᠡᠭ ᠰᠢ ᠯᠠᠢ᠂ ᠯᠢ ᠭᠠᠢ ᠬᠤᠸᠠ᠂ ᠎ᠳ᠋ᠤᠸᠠᠨ ᠰᠢᠶᠤᠤ ᠪᠦᠸᠸ ᠵᠡᠷᠭᠡ 5 ᠡᠷᠤᠭᠡ ᠵᠢ ᠲᠠᠭᠠᠭᠠᠴᠢᠯᠠᠨ ᠠᠪᠴᠤ᠂ ᠠᠵᠢᠯ ᠠᠮᠢᠳᠤᠷᠠᠯ᠎ᠳᠤᠨᠢ ᠲᠤᠰᠠ ᠲᠡᠮ ᠦᠵᠡᠭᠦᠯᠦᠭᠰᠡᠭᠡᠷ ᠢᠷᠡᠵᠡᠢ᠃

ᠵᠸ᠋ ᠮᠠᠨᠬᠦ᠋ᠢ ᠵᠢᠨ ᠬᠢᠨ ᠭᠡᠵᠤ ᠲᠠᠪᠤᠨ ᠲᠠᠰᠤᠯᠭ᠎ᠠ ᠲᠤᠭᠤᠰᠬᠠᠨ ᠪᠠᠢᠰᠢᠡᠭ ᠲᠠᠢ ᠴᠡᠪᠡᠷ ᠲᠤᠬᠢᠯᠢᠭ ᠲᠠᠷᠢᠶᠠᠴᠢᠨ ᠠᠢᠯ ᠪᠠᠢᠵᠤ᠂ ᠤᠤᠯ ᠨᠢ ᠬᠦᠯᠠᠮᠵᠢ ᠵᠢᠨ ᠲᠠᠷᠢᠶ᠎ᠠ ᠪᠠ ᠵᠢᠵᠢᠭ ᠦᠢᠯᠡᠳᠭᠡᠯ᠎ᠤᠨ ᠭᠠᠵᠠᠷ ᠡᠷᠬᠢᠯᠡᠵᠤ ᠪᠠᠢᠭᠰᠠᠨ ᠢ᠋ᠢᠡᠨ ᠦᠷ᠎ᠠ ᠵᠢᠨ ᠭᠠᠬᠴᠠ ᠬᠦᠤ ᠪᠡᠨ ᠠᠢᠯ ᠬᠡᠷ ᠪᠤᠯᠭᠠᠵᠤ᠂ ᠭᠡᠷ ᠲᠡᠷᠭᠡ ᠬᠤᠳᠠᠯᠳᠤᠨ ᠠᠪᠴᠤ ᠦᠭᠭᠦ ᠱᠠᠭᠠᠷᠳᠠᠯᠭ᠎ᠠ ᠡᠴᠡ ᠪᠤᠯᠵᠤ ᠨᠠᠯᠢᠶᠠᠳ ᠬᠡᠳᠤᠨ ᠵᠢᠯ ᠭᠠᠳᠠᠬᠰᠢ ᠭᠠᠷᠴᠤ ᠬᠦᠯᠤᠰᠤᠨ ᠠᠵᠢᠯ ᠬᠢᠭᠡᠳ ᠨᠢᠳᠤᠨᠤᠨ ᠰᠠᠶᠢ ᠨᠤᠳᠤᠭ ᠲᠠᠭᠠᠨ ᠪᠤᠴᠠᠵᠤ ᠢᠷᠡᠭᠰᠡᠨ ᠪᠠᠢᠵᠠᠢ᠃

—  ᠨᠤᠳᠤᠭ ᠲᠠᠭᠠᠨ ᠪᠤᠴᠠᠬᠰᠠᠨ᠎ᠤ ᠳᠠᠷᠠᠭ᠎ᠠ ᠪᠢᠳᠡ ᠵᠢᠵᠢᠭ ᠦᠢᠯᠠᠳᠭᠡᠯ᠎ᠤᠨ ᠭᠠᠵᠠᠷ ᠵᠢᠡᠨ ᠦᠷᠬᠦᠯᠵᠢᠯᠡᠨ ᠬᠢᠬᠦ ᠪᠤᠳᠤᠯ ᠲᠠᠢ ᠪᠠᠢᠬᠰᠠᠨ ᠪᠤᠯᠪᠠᠴᠤ ᠡᠵᠡᠡᠭᠨᠡᠯᠳᠡ ᠵᠢᠨ ᠦᠨᠡᠮᠯᠠᠯ᠎ᠤᠨ ᠬᠤᠭᠤᠴᠠᠭ᠎ᠠ ᠲᠤᠯᠴᠢᠬᠠᠬᠰᠠᠨ ᠪᠤᠯᠬᠤᠷ ᠠᠵᠢᠯ ᠵᠢᠡᠨ ᠡᠬᠢᠯᠡᠬᠦᠯᠵᠤ ᠲᠡᠢᠯᠬᠦ ᠦᠬᠡᠢ ᠰᠠᠨᠳᠤᠷᠴᠤ ᠪᠠᠢᠭᠰᠠᠨ ᠶᠤᠮ᠂ ᠲᠤᠬᠠᠢ᠎ᠵᠢᠨ ᠦᠶ᠎ᠠ᠎ᠳᠤ ᠮᠠᠨ᠎ᠤ ᠰᠤᠮᠤ ᠶᠠᠭ ᠰᠠᠢᠬᠠᠨ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠦᠷᠨᠢᠬᠦᠯᠵᠤ᠂ ᠾᠸ ᠵᠢᠶᠦ᠋ᠨ ᠮᠸᠢ ᠮᠠᠨ᠎ᠤ ᠬᠢᠨ᠎ᠢ ᠲᠠᠭᠠᠭᠠᠴᠢᠯᠠᠵᠤ ᠠᠪᠤᠭᠠᠳ ᠵᠢᠵᠢᠭ ᠦᠢᠯᠡᠳᠭᠡᠯ᠎ᠤᠨ ᠭᠠᠵᠠᠷ᠎ᠤᠨ ᠡᠵᠡᠡᠭᠨᠡᠯᠳᠡ ᠵᠢᠨ ᠦᠨᠡᠮᠯᠠᠯ᠎ᠤᠨ ᠠᠰᠠᠭᠤᠳᠠᠯ᠎ᠢ ᠮᠠᠰᠢ ᠲᠦᠷᠭᠡᠨ ᠰᠢᠢᠳᠪᠤᠷᠢᠯᠡᠵᠤ ᠦᠭᠭᠦᠭᠰᠡᠨ ᠪᠦᠭᠡᠳ ᠦᠢᠯᠡᠳᠭᠡᠯ᠎ᠤᠨ ᠭᠠᠵᠠᠷ᠎ᠤᠨ ᠡᠵᠡᠡᠭᠨᠡᠬᠦ ᠬᠡᠪᠴᠢᠶ᠎ᠠ ᠵᠢ ᠴᠸ᠋ ᠦᠷᠭᠡᠳᠭᠡᠵᠤ ᠦᠭᠭᠦᠯ᠎ᠠ᠃ ᠤᠳᠤ ᠪᠠᠰᠠ 10 ᠲᠦᠮᠡᠨ ᠲᠦᠬᠦᠷᠢᠭ᠎ᠤᠨ ᠵᠢᠭᠡᠯᠡᠯᠭᠡ ᠵᠢᠨ ᠭᠠᠷ ᠬᠦᠢᠴᠡᠳᠭᠡᠯ᠎ᠢ ᠬᠠᠮᠵᠢᠨ ᠬᠦᠢᠴᠡᠳᠬᠡᠵᠤ ᠪᠤᠢ᠃ ᠾᠸ ᠵᠢᠶᠦ᠋ᠨ ᠮᠸᠢ ᠬᠡᠵᠢᠶᠡᠳᠡ ᠢᠨᠢᠶᠠᠮᠰᠦᠭᠯᠡᠯ ᠲᠤᠳᠤᠷᠠᠭᠤᠯᠵᠤ᠂ ᠶᠠᠮᠠᠷ ᠶᠠᠪᠤᠳᠠᠯ ᠪᠠᠢᠪᠠᠯ ᠨᠠᠳᠠᠳᠤ ᠶᠠᠷᠢᠵᠤ ᠪᠠᠢᠭᠠᠷᠠᠢ ᠬᠡᠴᠢᠬᠡᠭᠰᠡᠨ ᠶᠠᠷᠢᠶ᠎ᠠ ᠬᠦᠭᠡᠷᠤᠭᠡ ᠲᠠᠢ ᠬᠠᠯᠠᠭᠤᠨ ᠰᠡᠳᠬᠢᠯ ᠳᠠᠢ ᠬᠦᠮᠤᠨ ᠶᠤᠮ᠃ ᠲᠡᠭᠦᠨ ᠲᠠᠢ ᠠᠭᠤᠯᠵᠠᠭᠰᠠᠭᠠᠷ ᠡᠭᠡᠭᠡ ᠯᠡ ᠨᠠᠷᠠ ᠲᠣᠨᠣᠷᠠᠵᠦ ᠴᠡᠴᠡᠭ ᠮᠦᠰᠢᠶᠡᠭᠰᠡᠨ ᠮᠡᠲᠦ ᠡᠭᠡᠯᠢᠲᠡᠢ ᠰᠠᠨᠠᠬᠲᠠᠲᠠᠬ ᠬᠡᠵᠤ ᠵᠸ᠋ ᠮᠠᠨᠬᠦ᠋ᠢ ᠪᠠᠶᠠᠷᠳᠠᠢᠬᠠᠨ ᠭᠡᠯᠡᠨ᠎ᠠ᠃

— ᠭᠠᠷ ᠤᠳᠠᠰᠤ ᠵᠢᠷᠬᠢᠶ᠎ᠠ ᠬᠦᠭᠵᠢᠭᠰᠡᠨ ᠴᠠᠭ᠂ ᠪᠢᠳᠡ ᠨᠢᠭᠤᠷᠳᠠᠨ ᠤᠴᠠᠷᠠᠬᠤ ᠦᠬᠡᠢ ᠴᠸ᠋ ᠬᠡᠰᠡᠨ ᠤᠴᠢᠷ ᠶᠠᠪᠤᠳᠠᠯ ᠵᠢᠡᠨ ᠰᠢᠢᠳᠪᠤᠷᠢᠯᠡᠴᠢᠬᠡᠳᠡᠭ ᠪᠤᠯᠬᠤᠷ ᠠᠢᠯ ᠡᠷᠤᠭᠡ ᠪᠡᠷ ᠬᠦᠨᠵᠡᠭᠡᠢᠷᠡᠬᠦ ᠳᠤᠬᠢᠶᠠᠯᠳᠤᠯ ᠶᠠᠪᠤᠬᠤ ᠲᠤᠳᠤᠮ ᠴᠦᠭᠡᠷᠡᠵᠡᠢ᠃ ᠡᠨᠡ ᠨᠢ ᠴᠠᠭ ᠲᠤ᠌ ᠠᠷᠪᠢᠳᠠᠢ ᠪᠤᠯᠪᠠᠴᠸ᠋ ᠬᠠᠷᠢᠯᠴᠠᠨ ᠦᠢᠯᠠᠭᠠᠯᠴᠠᠬᠤ᠂ ᠰᠠᠨᠠᠭ᠎ᠠ ᠰᠡᠳᠬᠢᠯ ᠵᠢᠨᠨ ᠤᠯᠤᠯᠴᠠᠬᠤ ᠵᠠᠪᠰᠢᠶᠠᠨ ᠢ᠋ ᠴᠦᠭᠡᠷᠡᠭᠦᠯᠵᠤ᠂ ᠺᠠᠳ᠋ᠷ ᠤᠯᠠᠨ ᠲᠦᠮᠡᠨ᠎ᠤ ᠬᠤᠭᠤᠷᠤᠨᠳᠤᠬᠢ ᠵᠠᠢ ᠢ᠋ᠢ ᠬᠤᠯᠠᠳᠠᠭᠤᠯᠵᠤ᠂ ᠠᠭᠤᠯᠵᠠᠵᠤ ᠤᠴᠠᠷᠠᠬᠰᠠᠨ ᠴᠸ᠋ ᠦᠯᠤ ᠲᠠᠨᠢᠬᠤ ᠬᠦᠮᠦᠰ ᠰᠢᠭ ᠬᠦᠨᠳᠡᠢᠷᠡᠵᠤ ᠪᠠᠢᠨ᠎ᠠ᠃ ᠮᠠᠨ᠎ᠤ ᠰᠤᠮᠤ ᠡᠢᠮᠤᠷᠬᠦᠤ ᠺᠠᠳ᠋ᠷ ᠮᠠᠯᠴᠢᠨ ᠲᠠᠷᠢᠶᠠᠴᠢᠨ᠎ᠤ ᠬᠤᠭᠤᠷᠤᠨᠳᠤᠬᠢ ᠬᠠᠷᠢᠯᠴᠠᠭ᠎ᠠ ᠶᠠᠪᠤᠯᠴᠠᠭ᠎ᠠ ᠵᠢ ᠨᠢᠭᠳᠠᠷᠠᠭᠤᠯᠬᠤ᠂ ᠬᠠᠷᠢᠯᠴᠠᠨ ᠬᠠᠪᠰᠤᠷᠤᠯᠭ᠎ᠠ ᠲᠡᠮᠵᠢᠯᠭᠡ ᠦᠵᠡᠭᠦᠯᠬᠦ 《ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠦᠷᠨᠢᠭᠦᠯᠦᠭᠰᠡᠨ ᠨᠢ ᠤᠯᠠᠨ ᠳᠦᠮᠡᠨ᠎ᠤ ᠰᠡᠳᠬᠢᠯ ᠳ᠋ᠤ ᠬᠦᠷᠦᠭᠰᠡᠨ ᠰᠠᠢᠨ ᠠᠵᠤ ᠪᠤᠯᠵᠠᠢ᠃ ᠮᠠᠨ᠎ᠤ ᠺᠠᠳ᠋ᠷ ᠨᠡᠷ ᠰᠠᠷ᠎ᠠ᠎ᠳᠤ ᠠᠳᠠᠭ ᠳᠠᠭᠠᠠ 2 ᠤᠳᠠᠭ᠎ᠠ ᠲᠠᠭᠠᠭᠠᠴᠢᠯᠠᠵᠤ ᠠᠪᠤᠬᠰᠠᠨ ᠡᠷᠤᠭᠡ ᠢ᠋ᠢᠨ ᠳ᠋ᠡᠭᠡᠨ ᠬᠦᠷᠴᠤ᠂ ᠵᠤᠭᠤᠭ ᠳᠡᠯᠭᠡᠨ ᠵᠤᠪᠠᠭᠤᠷᠢ ᠵᠦᠳᠡᠬᠦᠷᠢ᠂ ᠬᠡᠷᠡᠭᠴᠡᠬᠡ ᠱᠠᠭᠠᠷᠳᠠᠯᠭ᠎ᠠ ᠵᠢ ᠨᠢ ᠦᠢᠯᠠᠭᠠᠳᠠᠭ ᠪᠤᠯᠤᠯ᠎ᠠ ᠬᠡᠵᠤ ᠾᠸ ᠵᠢᠶᠦ᠋ᠨ ᠮᠸᠢ ᠢᠨᠢᠶᠠᠳᠤ ᠲᠤᠳᠤᠷᠠᠭᠤᠯᠤᠨ ᠭᠡᠯᠡᠯ᠎ᠠ᠃

ᠠᠷᠠᠳ᠎ᠤᠨ ᠠᠮᠢᠳᠤᠷᠠᠯ ᠳ᠋ᠤ ᠪᠠᠭ᠎ᠠ ᠶᠠᠪᠤᠳᠠᠯ ᠬᠡᠵᠤ ᠠᠯᠠᠭ᠎ᠠ᠃ ᠾᠸ ᠵᠢᠶᠦ᠋ᠨ ᠮᠸᠢ ᠵᠠᠪ ᠴᠢᠯᠤᠭᠡ ᠭᠠᠷᠤᠬᠰᠠᠭᠠᠷ ᠯᠡ ᠲᠠᠭᠠᠭᠠᠴᠢᠯᠠᠵᠤ ᠠᠪᠤᠬᠰᠠᠨ ᠡᠷᠤᠭᠡ ᠪᠡᠷ ᠵᠢᠡᠨ ᠬᠦᠷᠴᠤ᠂ ᠪᠠᠢᠳᠠᠯ ᠢ᠋ ᠦᠢᠯᠠᠭᠠᠨ᠂ ᠤᠷᠤᠰᠢᠵᠤ ᠪᠦᠬᠦᠢ ᠠᠰᠠᠭᠤᠳᠠᠯ᠎ᠢ ᠲᠡᠮᠳᠡᠭᠯᠡᠯ᠎ᠤᠨ ᠲᠡᠪᠳᠡᠷ ᠲᠡᠭᠡᠷ᠎ᠠ ᠪᠡᠨ ᠲᠡᠮᠳᠡᠭᠯᠡᠵᠤ᠂ ᠲᠡᠳᠡᠨ ᠲᠠᠢ ᠲᠦᠷᠤᠯ ᠰᠠᠳᠤᠨ ᠰᠢᠭ᠋ ᠳᠤᠲᠤᠨᠤ ᠶᠠᠪᠤᠯᠴᠠᠳᠠᠭ ᠪᠤᠯᠵᠠᠢ᠃ ᠲᠡᠬᠦᠨ᠎ᠤ ᠲᠠᠭᠠᠭᠠᠴᠢᠯᠠᠵᠤ ᠠᠪᠤᠬᠰᠠᠨ ᠲᠠᠪᠤᠨ ᠡᠷᠤᠭᠡ ᠵᠢᠨ ᠲᠤᠳᠤᠷ᠎ᠠ᠂ ᠭᠤᠤᠨᠢ ᠨᠠᠰᠤᠳᠠᠨ ᠪᠠᠢᠬᠤ ᠡᠴᠡ ᠭᠠᠳᠠᠨ᠎ᠠ ᠠᠵᠢᠯ ᠬᠦᠯᠢᠶᠠᠵᠤ ᠪᠠᠢᠭ᠎ᠠ ᠵᠠᠯᠠᠭᠤ ᠴᠸ᠋ ᠪᠤᠢ᠂ ᠲᠡᠷᠡ ᠠᠯᠢ ᠵᠢ ᠨᠢ ᠴᠸ᠋ ᠠᠯᠭᠠᠰᠠᠯ ᠦᠭᠡᠢ ᠬᠠᠯᠠᠮᠵᠢᠯᠠᠨ ᠬᠠᠷᠠᠭᠠᠯᠵᠠᠭᠰᠠᠭᠠᠷ ᠠᠵᠢ᠃

ᠳᠡᠮ ᠳᠡᠮ ᠳ᠋ᠡᠭᠡᠨ᠂ ᠳᠡᠭᠡᠰᠤ ᠡᠷᠴᠢᠮ ᠳ᠋ᠡᠭᠡᠨ ᠭᠡᠳᠡᠭ᠃ ᠴᠥᠭᠡᠨ ᠲᠣᠭᠠᠲᠤ ᠦᠨᠳᠦᠰᠦᠲᠡᠨ ᠲᠥᠪᠯᠡᠷᠡᠨ ᠰᠠᠭᠤᠷᠢᠱᠢᠭ᠍ᠰᠠᠨ ᠰᠤᠮᠤ ᠪᠠ ᠪᠥᠬᠥ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠵᠢᠱ᠌ᠢᠶ᠎ᠡ ᠦᠵᠡᠭᠦᠯᠬᠦ᠌ ᠨᠢᠭᠡᠴᠢ ᠪᠣᠯᠤᠭ᠍ᠰᠠᠨ᠎ᠤ ᠬᠤᠪᠢ᠎ᠳᠤ ᠠᠭᠠᠷᠤᠳᠠᠢ ᠰᠤᠮᠤ ᠨᠢ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠪᠠᠷ ᠱᠢᠨ᠎ᠡ ᠴᠠᠭ ᠦᠶ᠎ᠡ᠎ᠶ᠋ᠢᠨ ᠨᠠᠮ᠎ᠤᠨ ᠦᠨᠳᠦᠰᠦᠲᠡᠨ᠎ᠦ ᠠᠵᠢᠯ᠎ᠤᠨ 《ᠬᠥᠲᠥᠯᠪᠦᠷᠢ》 ᠪᠣᠯᠭᠠᠵᠤ᠂  2022 ᠤᠨ᠎ᠤ 7 ᠰᠠᠷ᠎ᠠ᠎ᠳᠤ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠵᠢ ᠵᠤᠬᠢᠶᠠᠨ ᠪᠠᠢᠭᠤᠯᠵᠤ᠂ ᠦᠨᠳᠦᠰᠦᠲᠡᠨ᠎ᠨᠦᠭᠦᠳ ᠪᠦᠯᠬᠦᠮᠳᠡᠭ᠌ᠰᠡᠨ ᠡᠶ᠎ᠡ ᠵᠣᠬᠢᠴᠠᠩᠭᠤᠢ ᠭᠡᠷ ᠣᠷᠣᠨ᠎ᠢ ᠪᠦᠲᠦᠭᠡᠨ ᠪᠠᠢᠭᠤᠯᠬᠤ ᠶᠡᠷᠦᠩᠬᠡᠶ ᠬᠠᠷᠠᠯᠲᠠ ᠲᠠᠶ ᠤᠶᠠᠯᠳᠤᠭᠤᠯᠤᠨ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠵᠢᠨ ᠭᠡᠷᠡᠭᠵᠢᠬᠦᠯᠬᠦ ᠲᠦᠰᠤᠯ ᠢ᠋ ᠲᠤᠭᠳᠠᠭᠠᠵᠤ᠂ 《ᠲᠦᠷᠪᠡᠨ ᠨᠢᠭᠡ》 ᠶ᠋ᠢᠨ ᠠᠵᠢᠯ᠎ᠤᠨ ᠲᠣᠭ᠍ᠲᠠᠴᠠ᠎ᠶ᠋ᠢ ᠪᠠᠢᠭᠤᠯᠵᠤ᠂ 《ᠨᠢᠭᠡ ᠬᠦᠰᠦᠨᠦᠭ᠌ᠲᠦ》 (ᠡᠷᠦᠬᠡ᠎ᠪᠡᠷ ᠬᠦᠨᠵᠡᠭᠡᠢᠷᠡᠭᠰᠡᠨ ᠲᠡᠮᠳᠡᠭ᠌ᠯᠡᠯ᠎ᠦᠨ ᠬᠦᠰᠦᠨᠦᠭ᠌ᠲᠦ)᠂ 《ᠨᠢᠭᠡ ᠺᠠᠷᠲ》 (ᠦᠢᠯᠡᠴᠢᠯᠡᠭᠡᠨ᠎ᠦ ᠬᠠᠷᠢᠯᠴᠠᠬᠤ ᠺᠠᠷᠲ)᠂ 《ᠨᠢᠭᠡ ᠬᠤᠪᠢ ᠵᠠᠬᠢᠳᠠᠯ》 (ᠮᠠᠯᠴᠢᠳ᠎ᠲᠤ ᠥᠭ᠌ᠭᠦᠭ᠌ᠰᠡᠨ ᠵᠠᠬᠢᠳᠠᠯ)᠂ 《ᠨᠢᠭᠡ ᠭᠠᠷ ᠠᠪᠤᠯᠭ᠎ᠠ》 (ᠨᠦᠬᠦᠷᠰᠡᠭ  ᠪᠠᠷᠢᠯᠳᠤᠯᠭ᠎ᠠ ᠵᠢᠨ ᠠᠵᠢᠯᠯᠠᠭ᠎ᠠ᠎ᠶ᠋ᠢᠨ ᠭᠠᠷ ᠠᠪᠤᠯᠭ᠎ᠠ) ᠪᠡᠷ ᠲᠠᠮᠵᠢᠵᠤ᠂ ᠦᠨᠳᠦᠰᠦᠲᠡᠨ ᠤ᠋ ᠪᠦᠯᠬᠦᠮᠳᠡᠯ ᠳᠡᠪᠰᠢᠯᠲᠡ ᠢ᠋ᠢᠨ ᠠᠵᠢᠯ᠎ᠢ ᠬᠦᠴᠦᠯᠠᠨ ᠠᠬᠢᠭᠤᠯᠵᠤ᠂ ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ ᠪᠠᠷ ᠦᠨᠳᠤᠰᠤᠳᠠᠨ᠎ᠤ ᠪᠦᠯᠬᠦᠮᠳᠠᠯ ᠲᠠᠪᠰᠢᠯᠳᠠ᠎ᠵᠢᠨ ᠢᠷᠠᠭᠤ ᠲᠠᠭᠤᠯᠠᠯ᠎ᠢ ᠦᠷᠭᠡᠨ ᠠᠭᠤᠳᠠᠮ ᠲᠠᠯ᠎ᠠ ᠨᠤᠳᠤᠭ᠎ᠵᠢᠡᠷ  ᠬᠠᠡᠭᠬᠢᠨᠠᠭᠤᠯᠤᠨ᠎ᠠ᠃

ᠺᠠᠳ᠋ᠷ ᠮᠠᠯᠴᠢᠳ ᠤ᠋ᠨ ᠳᠤᠲᠤᠨᠤᠰᠤᠭ ᠬᠠᠪᠰᠤᠷᠤᠯᠴᠠᠭ᠎ᠠ

ᠵᠠᠮ᠎ᠤᠨ ᠬᠠᠵᠠᠭᠤ ᠵᠢᠨ ᠬᠡᠷᠡᠮ ᠬᠠᠶᠠᠭ᠎ᠠ ᠳᠡᠭᠡᠷᠡᠬᠢ ᠦᠨᠳᠤᠰᠤᠳᠡᠨ᠎ᠤ ᠪᠦᠯᠬᠦᠮᠳᠡᠯ᠎ᠢ ᠵᠢᠷᠤᠬᠯᠠᠬᠰᠠᠨ ᠪᠤᠳᠤᠬᠳᠤ ᠵᠢᠷᠤᠭ᠎ᠤᠳ ᠨᠢᠳᠤᠨ᠎ᠠ ᠢᠯᠡᠳᠠᠢ ᠬᠠᠷᠠᠭᠳᠠᠨ᠎ᠠ᠂ ᠡᠨᠡ ᠨᠢ ᠠᠭᠠᠷᠤᠳᠠᠢ ᠰᠤᠮᠤ ᠵᠢᠨ ᠡᠯ᠎ᠠ ᠭᠠᠴᠠᠭ᠎ᠠ ᠲᠤᠰᠬᠤᠨ᠎ᠤ ᠬᠤᠭᠤᠷᠤᠨᠳᠤᠬᠢ ᠭᠤᠢᠳᠠ ᠦᠵᠡᠮᠵᠢ ᠪᠤᠯᠤᠭᠰᠠᠨ ᠬᠡᠯᠳᠠᠢ᠃ ᠪᠢᠳᠡ ᠦᠪᠡᠷᠮᠢᠴᠡ ᠭᠤᠴᠤ᠌ ᠦᠵᠡᠮᠵᠢ᠎ᠶ᠋ᠢ ᠬᠠᠴᠢᠷᠬᠠᠨ ᠶᠠᠪᠤᠭᠰᠠᠭᠠᠷ ᠨᠢᠭᠡ ᠮᠡᠳᠡᠬᠦ ᠳ᠋ᠤ ᠠᠭᠠᠷᠤᠳᠠᠢ ᠭᠠᠴᠠᠭ᠎ᠠ᠎ᠵᠢᠨ ᠨᠠᠮ᠎ᠤᠨ ᠭᠡᠰᠢᠬᠦᠨ ᠪᠠ ᠤᠯᠠᠨ ᠲᠦᠮᠡᠨ᠎ᠤ ᠦᠢᠯᠠᠴᠢᠯᠡᠭᠡᠨ᠎ᠤ ᠲᠦᠪ ᠲᠦ᠍ ᠬᠦᠷᠦᠯ᠎ᠠ᠃ ᠤᠯᠠᠪᠤᠷ ᠲᠡᠭᠡᠪᠤᠷ ᠲᠠᠢ ᠬᠤᠶᠡᠷ ᠲᠠᠪᠬᠤᠷ ᠬᠡᠬᠡᠨᠴᠢᠷ ᠠᠰᠠᠷ᠎ᠤᠨ ᠬᠠᠵᠠᠭᠤ ᠪᠡᠷ ᠡᠯᠳᠡᠪ ᠦᠡᠭᠭᠡ ᠵᠢᠨ ᠬᠤᠸᠠᠷ ᠴᠡᠴᠡᠭ ᠮᠢᠷᠠᠯᠵᠠᠨ ᠲᠡᠯᠭᠡᠷᠡᠵᠤ᠂ ᠠᠮᠠᠷᠠᠯᠳᠠ ᠰᠡᠯᠡᠬᠦᠴᠡᠯ᠎ᠤᠨ ᠭᠠᠵᠠᠷ ᠢᠷᠡᠭᠰᠡᠨ ᠮᠡᠳᠤ ᠰᠠᠨᠠᠭᠳᠠᠭᠤᠯᠤᠨ᠎ᠠ᠃ ᠪᠢᠳᠡ ᠦᠢᠯᠡᠴᠢᠯᠡᠭᠡᠨ᠎ᠤ ᠲᠦᠪ᠎ᠤᠨ ᠡᠬᠦᠳᠡ ᠪᠡᠷ ᠲᠤᠳᠤᠬᠰᠢᠯᠠᠪᠠᠯ ᠬᠠᠷ᠎ᠠ ᠪᠠᠡᠭᠵᠠᠯ ᠡᠮᠤᠰᠦᠭᠰᠡᠨ ᠨᠢᠭᠡᠨ ᠪᠦᠰᠡᠬᠦᠢ ᠳᠤᠯᠤᠭᠠᠢ ᠦᠨᠳᠡᠢᠬᠦ ᠵᠠᠪ ᠦᠬᠡᠢ ᠺᠤᠮᠫᠢᠦ᠋ᠲᠸᠷ᠎ᠤᠨ ᠡᠮᠦᠨ᠎ᠠ ᠠᠵᠢᠯᠯᠠᠨ᠎ᠠ᠂ ᠡᠨᠡ ᠪᠤᠯ ᠲᠠᠷᠤᠢ ᠠᠭᠠᠷᠤᠳᠠᠢ ᠰᠤᠮᠤ ᠵᠢᠨ ᠠᠭᠠᠷᠤᠳᠠᠢ ᠭᠠᠴᠠᠭ᠎ᠠ᠎ᠵᠢᠨ ᠬᠢᠨᠠᠨ ᠪᠠᠢᠴᠠᠭᠠᠬᠤ ᠵᠦᠪᠯᠡᠯ᠎ᠤᠨ ᠡᠷᠬᠢᠯᠡᠭᠴᠢ᠂ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠵᠢᠨ ᠬᠡᠰᠢᠬᠦᠨ ᠤᠶᠠᠡᠭᠭ᠎ᠠ ᠪᠤᠯᠬᠤ ᠠᠵᠢ᠃

— 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》᠎ᠵᠢᠨ ᠠᠵᠢᠯᠯᠠᠭ᠎ᠠ ᠨᠢ ᠣᠯᠠᠨ ᠲᠦᠮᠡᠨ᠎ᠦ ᠰᠡᠳᠭᠢᠯ᠎ᠢ ᠳᠤᠯᠠᠭᠠᠴᠠᠭᠤᠯᠤᠭ᠍ᠰᠠᠨ᠎ᠢᠶᠠᠷ ᠪᠠᠷᠠᠬᠤ ᠥᠬᠡᠶ᠂ ᠨᠠᠮ ᠪᠠ ᠵᠠᠰᠠᠭ᠎ᠤᠨ ᠣᠷᠳᠣᠨ᠎ᠠᠴᠠ ᠮᠠᠯᠵᠢᠬᠤ ᠲᠠᠷᠢᠶᠠᠯᠠᠬᠤ ᠣᠷᠣᠨ᠎ᠤ ᠣᠯᠠᠨ ᠲᠦᠮᠡᠨ᠎ᠢ ᠬᠠᠯᠠᠮᠵᠢᠯᠠᠵᠤ ᠪᠠᠢᠬᠤ᠎ᠶ᠋ᠢ ᠭᠦᠶ᠋ᠴᠡᠳ ᠬᠠᠷᠠᠭᠤᠯᠵᠤ ᠪᠠᠢᠨ᠎ᠠ᠃ ᠮᠠᠨ᠎ᠤ ᠭᠠᠴᠠᠭᠠᠨ᠎ᠤ ᠨᠠᠮ᠎ᠤᠨ ᠡᠬᠦᠷ ᠪᠠ ᠠᠷᠠᠳ᠎ᠤᠨ ᠵᠦᠪᠯᠡᠯ᠎ᠤ᠋ᠨ ᠬᠢᠨ ᠴᠸ᠋ ᠠᠵᠢᠯᠯᠠᠭ᠎ᠠ᠎ᠳᠤ ᠢᠳᠡᠪᠬᠢᠳᠠᠢ ᠤᠷᠤᠯᠴᠠᠵᠤ᠂ ᠣᠯᠠᠨ ᠲᠦᠮᠡᠨ᠎ᠳᠦ ᠦᠶ᠋ᠯᠡᠴᠢᠯᠡᠬᠦ᠌᠎ᠶ᠋ᠢ ᠠᠵᠢᠯᠯᠠᠭ᠎ᠠ ᠵᠢᠨ ᠬᠦᠴᠦᠯᠡᠬᠦ᠌ ᠴᠡᠭ ᠪᠣᠯᠭᠠᠵᠤ᠂ ᠰᠤᠮᠤᠠ᠎ᠤ ᠪᠠᠨ ᠪᠠᠢᠷᠢᠯᠠᠭᠤᠯᠤᠯᠳᠠ ᠱᠠᠭᠠᠷᠳᠠᠯᠭ᠎ᠠ ᠶᠤᠰᠤᠭᠠᠷ᠂ ᠢᠳᠡᠪᠬᠢᠲᠡᠶ ᠬᠦᠳᠡᠯᠤᠯᠴᠠᠨ ᠪᠦᠳᠤᠮᠵᠢᠳᠠᠢ ᠵᠣᠬᠢᠴᠠᠭᠤᠯᠵᠤ᠂ ᠪᠥᠬᠥ᠌ ᠬᠦᠴᠦᠨ᠎ᠢᠶᠡᠷ᠎ᠢᠶᠡᠨ ᠬᠠᠮᠵᠢᠯᠴᠠᠵᠤ ᠢᠷᠡᠭᠰᠡᠨ ᠶᠤᠮ ᠬᠡᠵᠤ ᠤᠶᠠᠡᠭᠭ᠎ᠠ ᠰᠡᠳᠬᠢᠯ ᠦᠨᠳᠦᠷ ᠭᠡᠯᠡᠨ᠎ᠠ᠃

ᠤᠶᠠᠡᠭᠭ᠎ᠠ ᠢ᠋ᠢᠨ ᠤᠲᠠᠰᠤ ᠭᠡᠨᠡᠳᠲᠡ ᠬᠠᠡᠭᠭᠢᠨᠠᠨ ᠳᠤᠤᠭᠠᠷᠴᠤ᠂ ᠠᠭᠠᠷᠤᠳᠠᠢ ᠭᠠᠴᠠᠭ᠎ᠠ ᠵᠢᠨ ᠮᠠᠯᠴᠢᠨ ᠮᠸᠨ ᠵᠢᠶᠸ ᠨᠠᠰᠤᠳᠠᠨ ᠤᠶᠠᠡᠭᠭ᠎ᠠ ᠡᠴᠡ ᠬᠠᠪᠰᠤᠷᠤᠯᠭ᠎ᠠ ᠬᠦᠰᠡᠯ᠎ᠠ᠃ ᠤᠶᠠᠡᠭᠭ᠎ᠠ ᠲᠠᠷᠤᠢᠬᠠᠨ ᠭᠠᠷ ᠲᠡᠬᠢ ᠠᠵᠢᠯ ᠵᠢᠡᠨ ᠤᠷᠬᠢᠵᠤ ᠨᠠᠰᠤᠳᠠᠨ᠎ᠤ᠎ᠳᠤ ᠤᠴᠢᠬᠤ ᠪᠡᠷ ᠭᠠᠷᠬᠤ᠎ᠳ᠋ᠤ ᠪᠢᠳᠡᠡ ᠴᠸ᠋ ᠪᠤᠷᠪᠢᠳᠠᠭᠠᠳ ᠭᠠᠷᠴᠠᠢ᠃ ᠲᠠᠯᠠ ᠵᠢᠨ ᠲᠠᠪᠠᠭ᠎ᠠ ᠎ᠵᠢ ᠲᠠᠪᠠᠭᠰᠠᠨ ᠮᠸᠠ ᠵᠢᠶᠸ ᠨᠠᠰᠤᠳᠠᠨ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ᠎ᠵᠢᠨ ᠦᠷ᠎ᠠ ᠠᠰᠢᠭ᠎ᠢ ᠬᠦᠷᠳᠡᠵᠤ ᠶᠠᠪᠤᠭ᠎ᠠ᠎ᠳᠠᠭᠠᠨ ᠮᠠᠰᠢ ᠪᠠᠶᠠᠰᠤᠯᠳᠠᠢ᠃ ᠮᠸᠠ ᠵᠢᠶᠸ ᠨᠠᠰᠤᠳᠠᠨ ᠨᠢᠭᠡ ᠬᠦᠤ ᠭᠤᠷᠪᠡᠨ ᠬᠡᠤᠭᠡᠨ ᠲᠠᠢ᠂ ᠭᠡᠪᠠᠴᠤ ᠦᠷ᠎ᠠ ᠭᠡᠤᠭᠡᠳ ᠨᠢ ᠦᠭᠡᠯᠡᠢ ᠪᠤᠯᠤᠭᠠᠳ ᠦᠪᠡᠷ ᠦᠪᠡᠷ᠎ᠤᠨ᠎ᠵᠢᠡᠨ ᠠᠵᠢᠯ ᠠᠯᠪᠠ ᠠᠵᠤ ᠠᠮᠢᠳᠤᠷᠠᠯ ᠭᠡᠵᠤ ᠲᠡᠷᠭᠡᠳᠠ ᠨᠢ ᠪᠠᠢᠭ᠎ᠠ ᠦᠭᠡᠢ ᠲᠤᠯᠠ ᠬᠦᠭᠰᠢᠨ ᠲᠠᠢ ᠪᠠᠨ ᠬᠤᠶᠠᠭᠤᠯᠠ ᠪᠠᠨ ᠠᠳᠠᠯ ᠠᠮᠢᠳᠤᠷᠠᠯ᠎ᠵᠢᠡᠨ ᠲᠤᠳᠤᠮᠳᠠᠵᠤ ᠪᠠᠢᠵᠠᠢ᠃ ᠤᠳᠤ ᠡᠮ ᠲᠠᠡᠭ ᠬᠤᠳᠠᠯᠳᠤᠨ ᠠᠪᠬᠤ ᠡᠴᠡ ᠢᠳᠡᠰᠢ ᠤᠤᠭᠤᠰᠢ ᠪᠠᠨ ᠲᠤᠬᠢᠷᠠᠭᠤᠯᠬᠤ ᠬᠦᠷᠳᠡᠯ᠎ᠠ ᠭᠠᠴᠠᠭᠠᠨ᠎ᠤ ᠺᠠᠳ᠋ᠷ ᠤᠶᠠᠡᠭᠭ᠎ᠠ᠎ᠵᠢᠨ ᠬᠠᠪᠰᠤᠷᠤᠯᠭ᠎ᠠ ᠪᠠᠷ ᠠᠪᠤᠨ ᠲᠤᠤᠷ᠎ᠠ ᠨᠢ ᠪᠠᠶᠠᠯᠡᠭᠳᠡᠬᠦ᠎ᠳ᠋ᠤᠨᠢ ᠮᠸᠠ ᠵᠢᠶᠸ ᠨᠠᠰᠤᠳᠠᠨ ᠬᠦᠭᠰᠢᠨ ᠲᠠᠢ ᠪᠠᠨ ᠬᠤᠶᠠᠭᠤᠯᠠ ᠠᠮᠠ ᠬᠠᠮᠬᠢᠯ ᠦᠭᠡᠢ ᠪᠠᠶᠠᠷᠯᠠᠬᠤ ᠰᠠᠨ᠃

— ᠬᠤᠯᠠ ᠵᠢᠨ ᠲᠦᠷᠤᠯ ᠡᠴᠡ ᠦᠢᠷ᠎ᠠ ᠵᠢᠨ ᠰᠠᠭᠠᠬᠠᠯᠳᠠ ᠳᠤᠰᠠ ᠬᠡᠳᠡᠭ᠃ ᠮᠠᠨ᠎ᠤ ᠬᠡᠤᠭᠡᠳ ᠠᠵᠢᠯ ᠠᠯᠪᠠ ᠬᠡᠮᠡᠨ ᠶᠠᠭᠠᠷᠠᠭᠠᠳ ᠵᠢᠯ᠎ᠳᠡᠭᠡᠨ ᠬᠡᠳᠤ ᠤᠳᠠᠭ᠎ᠠ ᠯᠠ ᠢᠷᠡᠨ᠎ᠠ᠃ ᠬᠡᠷ ᠵᠠᠭᠤᠷ᠎ᠠ ᠵᠢᠨ ᠠᠷᠰᠠᠷ  ᠶᠠᠪᠤᠳᠠᠯ ᠢ᠋ ᠮᠠᠨ᠎ᠤ ᠤᠶᠠᠡᠭᠭ᠎ᠠ ᠬᠡᠤᠭᠡᠨ ᠬᠠᠪᠰᠤᠷᠤᠨ ᠰᠢᠢᠳᠪᠤᠷᠢᠯᠡᠵᠤ ᠦᠭᠳᠡᠭ᠃ ᠰᠠᠶᠢᠬᠠᠨ ᠭᠠᠷ ᠤᠳᠠᠰᠤᠨ ᠲᠡᠭᠡᠷ᠎ᠠ ᠨᠠᠰᠤᠵᠢᠯ᠎ᠤᠨ ᠲᠠᠭᠠᠳᠬᠠᠯ᠎ᠤᠨ ᠨᠢᠭᠤᠷ ᠰᠢᠷᠪᠢᠬᠦ ᠬᠡᠳ ᠴᠢᠳᠠᠬᠤ ᠦᠬᠡᠢ ᠪᠤᠯᠬᠤᠷ ᠤᠶᠠᠡᠭᠭ᠎ᠠ ᠬᠡᠤᠬᠡᠨ᠎ᠳᠤ ᠤᠳᠠᠰᠤᠳᠠᠬᠰᠠᠨ ᠨᠢ ᠳᠡᠷᠡ᠃ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠎ᠵᠢᠨ ᠠᠵᠢᠯᠯᠠᠭ᠎ᠠ ᠶᠡᠷᠦ ᠨᠢ ᠮᠠᠨᠤᠰ ᠰᠢᠭ᠋ ᠦᠷ᠎ᠠ ᠬᠡᠤᠭᠡᠳ ᠲᠠᠢ ᠪᠡᠨ ᠬᠠᠮᠳᠤ ᠪᠠᠢᠬᠤ ᠦᠬᠡᠢ ᠨᠠᠰᠤᠳᠠᠢᠴᠤᠳ ᠲᠸ᠋ ᠶᠡᠭᠡ ᠲᠤᠰᠠ ᠲᠡᠮ ᠪᠤᠯᠵᠤ ᠪᠠᠢᠨ᠎ᠠ ᠰᠢᠤ ᠬᠡᠮᠡᠨ ᠮᠸᠨ ᠵᠢᠶᠸ ᠨᠠᠰᠤᠳᠠᠨ ᠰᠡᠳᠬᠢᠯ ᠬᠠᠨᠤᠮᠵᠢᠳᠠᠢ ᠭᠡᠯᠡᠨ᠎ᠠ᠃


4830372_baidx_1697445312348.jpg


ᠤᠶᠠᠩᠭ᠎ᠠ ᠬᠢᠭᠡᠳ ᠮᠸᠨ ᠵᠢᠶᠸ ᠨᠠᠰᠤᠳᠠᠨ


ᠮᠠᠯᠴᠢᠨ ᠲᠠᠷᠢᠶᠠᠴᠢᠳ᠎ᠤᠨ ᠡᠳᠡᠭᠡᠷ ᠡᠭᠡᠯ ᠪᠣᠷᠣᠭ᠍ᠵᠢᠭᠤᠨ ᠦᠭᠡ ᠶᠡᠷᠢᠶ᠎ᠠ ᠨᠢ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠵᠢᠨ ᠲᠤᠬᠠᠶ ᠬᠠᠮᠤᠭ᠎ᠤᠨ ᠰᠠᠢᠨ ᠦᠨᠡᠯᠡᠯᠲᠡ ᠪᠣᠯᠬᠤ ᠠᠵᠢ᠃ ᠤᠳᠤ᠂ ᠠᠭᠠᠷᠤᠳᠠᠢ ᠰᠤᠮᠤ ᠵᠢᠨ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠨᠢ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠢ᠋ ᠠᠬᠢᠭᠤᠯᠵᠤ᠂ ᠨᠠᠮ᠎ᠤᠨ ᠭᠡᠱᠢᠭᠦᠨ ᠺᠠᠳ᠋ᠷ ᠦᠨᠳᠤᠰᠤᠨ ᠱᠠᠳᠤᠨ᠎ᠳᠤ ᠬᠦᠨᠵᠡᠭᠡᠢᠷᠡᠵᠤ᠂ ᠮᠠᠯᠴᠢᠨ ᠲᠠᠷᠢᠶᠠᠴᠢᠳ᠎ᠤᠨ ᠦᠶ᠋ᠯᠡᠳᠪᠦᠷᠢᠯᠡᠯ ᠠᠮᠢᠳᠤᠷᠠᠯ᠎ᠤᠨ ᠪᠠᠢᠳᠠᠯ᠎ᠢ ᠣᠢᠯᠠᠭᠠᠬᠤ 《ᠬᠥᠭᠥᠷᠭᠡ ᠬᠣᠯᠪᠣᠭᠠᠰᠤ》 ᠪᠤᠯᠤᠭᠰᠠᠨ ᠪᠠᠢᠨ᠎ᠠ᠃ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ ᠪᠡᠷ ᠳᠡᠮᠵᠢᠨ᠂ ᠭᠠᠴᠠᠭ᠎ᠠ ᠲᠤᠰᠬᠤᠨ᠎ᠳᠤ ᠰᠢᠤᠳᠠᠨ᠎ᠤ ᠲᠦᠷᠭᠡᠨ ᠬᠦᠷᠭᠡᠯᠳᠠ ᠵᠢᠨ ᠴᠡᠭ ᠲᠤᠬᠢᠷᠠᠭᠤᠯᠵᠤ᠂ ᠮᠠᠯᠵᠢᠬᠤ ᠲᠠᠷᠢᠶᠠᠯᠠᠬᠤ ᠡᠷᠤᠭᠡ᠎ᠳᠤ ᠰᠦᠯᠵᠢᠶ᠎ᠠ ᠨᠡᠪᠳᠡᠷᠡᠬᠦᠯᠵᠤ᠂ 59 ᠡᠷᠤᠭᠡ ᠵᠢᠨ ᠤᠤᠭᠤᠬᠤ ᠤᠰᠤᠨ᠎ᠤ ᠠᠰᠠᠭᠤᠳᠠᠯ ᠪᠠ 2000 ᠮᠸ᠋ ᠲᠠᠷᠢᠶᠠᠨ ᠭᠠᠵᠠᠷ᠎ᠤᠨ ᠤᠰᠤᠯᠠᠯᠳᠠ ᠵᠢᠨ ᠠᠰᠠᠭᠤᠳᠠᠯ᠎ᠢ ᠰᠢᠢᠳᠪᠤᠷᠢᠯᠠᠵᠤ ᠦᠭᠭᠦᠭᠰᠡᠨ ᠡᠴᠡ ᠤᠯᠠᠨ ᠲᠦᠮᠡᠨ᠎ᠤ ᠰᠡᠳᠬᠢᠯ᠎ᠢ ᠪᠠᠶᠠᠰᠬᠠᠵᠤ᠂ ᠺᠠᠳ᠋ᠷ ᠮᠠᠯᠴᠢᠨ ᠲᠠᠷᠢᠶᠠᠴᠢᠳ ᠶᠠᠪᠤᠬᠤ ᠲᠤᠳᠤᠮ ᠨᠢᠬᠳᠠᠷᠠᠯᠴᠠᠨ᠂ ᠡᠪ ᠨᠠᠢᠷ ᠢᠳᠡᠬᠡᠯ ᠰᠡᠳᠬᠢᠯ ᠢ᠋ᠢᠡᠷ ᠢ᠋ᠢᠡᠨ ᠬᠤᠯᠪᠤᠯᠳᠤᠵᠤ᠂ 《ᠪᠠᠭ᠎ᠠ ᠶᠠᠪᠤᠳᠠᠯ᠎ᠢ ᠭᠠᠴᠠᠭ᠎ᠠ ᠲᠣᠰᠭᠣᠨ ᠳ᠋ᠠᠭᠠᠨ ᠰᠢᠢᠳᠪᠦᠷᠢᠯᠡᠠ᠂ ᠳᠤᠮᠤ ᠶᠠᠪᠤᠳᠠᠯ᠎ᠢ ᠰᠤᠮᠤᠨ ᠳ᠋ᠠᠭᠠᠨ ᠨᠠᠮᠳᠠᠭᠠᠵᠤ᠂ ᠵᠠᠭᠤᠷᠠᠯᠳᠤᠭᠠᠨ᠎ᠢ ᠳᠡᠭᠡᠭ᠌ᠰᠢ ᠲᠤᠱᠢᠶᠠᠬᠤ ᠦᠭᠡᠢ᠂ ᠵᠥᠷᠢᠴᠡᠯ᠎ᠢ ᠬᠤᠷᠴᠠᠳᠤᠭᠤᠯᠬᠤ ᠦᠭᠡᠢ》 ᠡᠶ᠎ᠡ ᠵᠣᠬᠢᠴᠠᠩᠭᠤᠢ ᠪᠠᠢᠳᠠᠯ᠎ᠢ ᠪᠦᠷᠢᠯᠳᠦᠬᠦᠯᠦᠭᠰᠡᠨ ᠪᠠᠢᠨ᠎ᠠ᠃

ᠠᠵᠤ ᠦᠢᠯᠡᠰ ᠤ᠋ᠨ ᠡᠷᠴᠢᠮᠲᠠᠢ ᠬᠠᠮᠳᠤᠷᠠᠯᠴᠠᠭ᠎ᠠ

ᠮᠸᠨ ᠵᠢᠶᠸ ᠨᠠᠰᠤᠳᠠᠨ᠎ᠤ ᠬᠢ ᠡᠴᠡ ᠠᠶᠠᠷᠯᠠᠵᠤ᠂ ᠪᠢᠳᠡ ᠵᠦᠡᠭ ᠮᠠ ᠠᠳᠤᠭᠤᠨ᠎ᠤ ᠦᠢᠯᠡᠰ᠎ᠤᠨ ᠰᠠᠭᠤᠷᠢᠨ᠎ᠳᠤ ᠬᠦᠷᠬᠦᠯᠠᠷ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶ᠋ᠢᠨ ᠠᠵᠢᠯ ᠮᠡᠷᠭᠡᠵᠢᠯ᠎ᠦᠨ ᠳᠡᠭᠡᠳᠦ ᠰᠤᠷᠭᠠᠭᠤᠯᠢ ᠶ᠋ᠢᠨ ᠮᠤᠷᠢᠨ ᠪᠥᠮᠪᠥᠭᠡ᠎ᠶ᠋ᠢᠨ ᠬᠤᠪᠢᠶᠠᠷᠢ ᠰᠤᠷᠭᠠᠭᠤᠯᠢ᠎ᠶ᠋ᠢᠨ ᠰᠤᠷᠤᠬᠴᠢᠳ ᠮᠤᠷᠢᠨ ᠪᠥᠮᠪᠥᠭᠡ᠎ᠶ᠋ᠢᠨ ᠲᠠᠯᠠᠪᠠᠢ᠎ᠳᠤ ᠮᠤᠷᠢ ᠤᠨᠤᠨ ᠪᠣᠯᠪᠠᠰᠤᠷᠠᠵᠤ ᠪᠠᠢᠵᠠᠢ᠃

— ᠡᠨᠡ ᠪᠤᠯ ᠰᠤᠮᠤ ᠡᠴᠡ ᠮᠠᠨ᠎ᠤ ᠭᠠᠴᠠᠭᠠᠨ᠎ᠳᠤ ᠠᠷᠠᠯᠵᠢᠶᠠᠴᠢᠨ ᠤᠷᠢᠵᠤ ᠪᠡᠯᠡ ᠮᠦᠡᠭᠬᠦ ᠤᠷᠤᠭᠤᠯᠤᠨ ᠠᠪᠴᠢᠷᠠᠭᠰᠠᠨ ᠵᠦᠡᠭ ᠮᠠ ᠠᠳᠤᠭᠤᠨ᠎ᠤ ᠦᠢᠯᠡᠰ᠎ᠤᠨ ᠰᠠᠭᠤᠷᠢᠨ ᠪᠤᠯᠬᠤ ᠪᠦᠭᠡᠳ ᠮᠠᠨ᠎ᠤ ᠤᠷᠤᠨ᠎ᠤ ᠤᠤᠭᠠᠨ ᠤᠯᠠᠨ ᠤᠯᠤᠰ᠎ᠤᠨ ᠪᠠᠷᠢᠮᠵᠢᠶᠠᠳᠤ ᠮᠤᠷᠢᠨ ᠪᠦᠮᠪᠤᠭᠡ ᠵᠢᠨ ᠲᠠᠯᠠᠪᠠᠢ ᠪᠤᠯᠬᠤ ᠶᠤᠮ᠃ ᠡᠨᠳᠡ ᠮᠤᠷᠢᠨ ᠪᠦᠮᠪᠤᠭᠡ ᠤᠷᠤᠯᠳᠤᠬᠤ᠂ ᠮᠤᠷᠢ ᠤᠨᠤᠬᠤ᠂ ᠮᠤᠷᠢᠨ ᠮᠡᠷᠭᠡᠵᠢᠯ ᠰᠤᠷᠬᠤ᠂ ᠬᠤᠨᠤᠵᠤ ᠬᠡᠪᠳᠡᠬᠦ᠂ ᠢᠳᠡᠵᠤ ᠤᠭᠤᠬᠤ᠂ ᠨᠠᠭᠠᠳᠴᠤ ᠴᠡᠡᠭᠭᠡᠬᠦ ᠵᠢ ᠨᠢᠭᠡ ᠴᠤᠬᠴᠠᠵᠢᠭᠤᠯᠤᠬᠰᠠᠨ ᠲᠤᠨᠤᠭ ᠲᠦᠬᠦᠭᠡᠷᠤᠮᠵᠢ ᠵᠢ ᠲᠤᠬᠢᠷᠠᠭᠤᠯᠤᠬᠰᠠᠨ ᠵᠢᠡᠷ ᠰᠠᠷ᠎ᠠ ᠳ᠋ᠤ ᠪᠠᠷᠤᠭ 2000 ᠭᠠᠷᠤᠢ ᠵᠢᠭᠤᠯᠴᠢᠯᠠᠬᠴᠢ᠎ᠵᠢ ᠬᠦᠯᠢᠶᠠᠨ ᠠᠪᠳᠠᠭ᠃ ᠡᠨᠡ ᠨᠢ ᠮᠠᠨ᠎ᠤ ᠭᠠᠴᠠᠭᠠᠨ᠎ᠤ ᠬᠠᠮᠳᠤ ᠵᠢᠨ ᠠᠵᠤ ᠠᠬᠤᠢ ᠵᠢ ᠬᠦᠭᠵᠢᠬᠦᠯᠬᠦ᠎ᠳᠤ ᠰᠠᠢᠨ ᠨᠦᠬᠦᠴᠡᠯ ᠬᠠᠡᠭᠭᠠᠵᠤ ᠦᠭᠬᠦᠯ᠎ᠠ ᠬᠡᠵᠤ ᠠᠭᠠᠷᠤᠳᠠᠢ ᠭᠠᠴᠠᠭᠠᠨ᠎ᠤ ᠨᠡᠮ᠎ᠤᠨ ᠡᠬᠦᠷ᠎ᠤᠨ ᠱᠦᠵᠢ ᠠᠯᠳᠠᠠᠠᠠᠭᠤᠯᠠ ᠲᠠᠨᠢᠯᠴᠠᠭᠤᠯᠵᠤ ᠭᠠᠷᠤᠯ᠎ᠠ᠃

ᠰᠦᠨ ᠢ ᠰᠢᠤᠸᠠᠨ ᠭᠡᠵᠤ ᠱᠸᠡᠵᠸᠨ ᠬᠤᠳᠠ ᠎ᠳᠤ ᠲᠦᠷᠦᠵᠤ ᠦᠰᠦᠭᠰᠡᠨ ᠭᠡᠤᠭᠡᠨ ᠶᠤᠮ᠃ ᠲᠡᠷᠡ ᠪᠡᠷ ᠵᠤᠨ᠎ᠤ ᠠᠮᠠᠷᠠᠯᠳᠠ ᠵᠢᠨ ᠵᠢᠡᠨ ᠴᠢᠯᠤᠭᠡ ᠪᠡᠷ ᠡᠵᠢ ᠪᠡᠨ ᠲᠠᠭᠠᠵᠤ ᠪᠤᠭᠤᠳᠤ ᠬᠤᠳᠠ᠎ᠳᠤ ᠰᠠᠳᠤᠨ ᠲᠦᠷᠤᠯ ᠵᠢᠡᠨ ᠡᠷᠬᠢᠵᠤ ᠦᠵᠡᠬᠦ ᠵᠠᠪᠰᠢᠶᠠᠨ ᠵᠢᠡᠷ ᠦᠪᠡᠷ᠎ᠤᠨ ᠲᠤᠷᠠᠳᠠᠢ ᠪᠠᠬᠠᠳᠠᠢ ᠮᠤᠷᠢᠨ ᠮᠡᠷᠭᠡᠵᠢᠯ ᠵᠢᠡᠨ ᠰᠤᠷᠴᠤ ᠪᠠᠢᠭ᠎ᠠ ᠨᠢ ᠡᠨᠡ ᠪᠢᠯᠡ᠃ 《ᠲᠦᠷᠤᠬᠦᠤ ᠡᠳᠤᠷ ᠢᠷᠡᠵᠤ ᠰᠤᠷᠴᠤ ᠪᠠᠢᠭ᠎ᠠ ᠪᠤᠯᠬᠤᠷ ᠮᠤᠷᠢ ᠤᠨᠤᠬᠤ ᠤᠯᠠᠨ ᠡᠷᠳᠡᠮ᠎ᠢ ᠬᠠᠷᠠᠬᠠᠨ ᠦᠢᠯᠠᠭᠠᠭ᠎ᠠ ᠦᠬᠡᠢ ᠪᠠᠢᠬᠰᠠᠭᠠᠷ᠃ ᠬᠡᠪᠡᠴᠤ ᠠᠷᠪᠠᠭᠠᠳ ᠡᠳᠤᠷ᠎ᠤᠨ ᠠᠮᠠᠷᠠᠯᠲᠠ ᠳ᠋ᠤ ᠪᠢ ᠯᠠᠪ ᠮᠤᠷᠢ ᠤᠨᠤᠵᠤ ᠰᠤᠷᠤᠨ᠎ᠠ》 ᠬᠡᠵᠤ ᠰᠦᠨ ᠢ ᠰᠢᠤᠸᠠᠨ ᠢᠳᠡᠭᠡᠯ ᠲᠠᠢ ᠶᠠᠷᠢᠵᠤ ᠪᠠᠢᠯ᠎ᠠ᠃

ᠠᠭᠠᠷᠤᠳᠠᠢ ᠰᠤᠮᠤ ᠵᠢᠨ ᠵᠦᠡᠭ ᠮᠠ ᠠᠳᠤᠭᠤᠨ᠎ᠤ ᠦᠢᠯᠡᠰ᠎ᠦᠨ ᠰᠠᠭᠤᠷᠢᠨ 220 ᠮᠸ᠋ ᠲᠠᠯᠠᠪᠠᠢ ᠲᠠᠢ ᠪᠠᠢᠵᠤ᠂ 4600 ᠲᠦᠮᠡᠨ ᠲᠦᠬᠦᠷᠢᠭ᠎ᠤᠨ ᠪᠡᠯᠡ ᠤᠷᠤᠭᠤᠯᠵᠤ᠂ 1000 ᠮᠸᠲᠷ᠎ᠤᠨ ᠲᠣᠭᠣᠷᠢᠭ ᠬᠡᠯᠪᠡᠷᠢ᠎ᠶ᠋ᠢᠨ ᠤᠷᠤᠯᠳᠤᠭᠠᠨ᠎ᠤ ᠵᠠᠮ ᠪᠠ 5 ᠲᠦᠮᠡᠨ ᠲᠡᠭ᠌ᠰᠢ ᠳᠥᠷᠪᠡᠯᠵᠢᠨ ᠮᠸᠲᠷ᠎ᠤᠨ ᠵᠦᠯᠭᠡ ᠲᠡᠶ ᠤᠯᠠᠨ ᠤᠯᠤᠰ᠎ᠤᠨ ᠪᠠᠷᠢᠮᠵᠢᠶᠠᠲᠤ ᠮᠤᠷᠢᠨ ᠪᠥᠮᠪᠥᠭᠡ ᠶ᠋ᠢᠨ ᠲᠠᠯᠠᠪᠠᠢ ᠵᠢ ᠪᠠᠢᠭᠤᠯᠤᠬᠰᠠᠨ ᠡᠴᠡ ᠬᠤᠯᠡ ᠤᠢᠷ᠎ᠠ ᠵᠢᠨ ᠵᠢᠭᠤᠯᠴᠢᠯᠠᠬᠰᠠᠳ ᠪᠤᠯᠤᠨ ᠮᠤᠷᠢᠨ ᠪᠠᠬᠠᠳᠠᠳ᠎ᠤᠨ ᠪᠠᠬᠠᠷᠬᠠᠯ᠎ᠢ ᠲᠠᠳᠠᠨ᠎ᠠ ᠃

ᠠᠭᠠᠷᠤᠳᠠᠢ ᠰᠤᠮᠤ ᠨᠢ 《ᠪᠦᠬᠦ᠌ ᠤᠯᠤᠰ᠎ᠤᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠵᠢᠱ᠌ᠢᠢ᠎ᠡ ᠦᠵᠡᠭᠦᠯᠬᠦ᠌ ᠰᠤᠮᠤ》 ᠪᠣᠯᠤᠭ᠍ᠰᠠᠨ᠎ᠤ ᠬᠤᠪᠢ᠎ᠳᠤ᠂ ᠠᠳᠤᠭᠤᠨ᠎ᠤ ᠡᠬᠢ ᠪᠠᠶᠠᠯᠢᠭ᠎ᠤᠨ ᠳᠠᠪᠠᠭᠤᠯᠢᠭ᠎ᠲᠤ ᠲᠦᠱᠢᠭ᠌ᠯᠡᠨ ᠠᠳᠤᠭᠤᠨ᠎ᠤ ᠰᠣᠶᠣᠯ ᠵᠢᠭᠤᠯᠴᠢᠯᠠᠯ᠎ᠤᠨ ᠠᠵᠤ ᠦᠢᠯᠡᠰ᠎ᠢ ᠬᠦᠭᠵᠢᠭᠦᠯᠵᠤ᠂ ᠠᠳᠤᠭᠤᠨ᠎ᠤ ᠠᠵᠤ ᠦᠢᠯᠡᠰ᠎ᠦᠨ ᠬᠤᠷᠱᠢᠶ᠎ᠠ᠂ ᠭᠡᠷ ᠪᠦᠯᠢ᠎ᠶ᠋ᠢᠨ ᠮᠠᠯᠵᠢᠯ᠎ᠤᠨ ᠲᠠᠯᠠᠪᠠᠢ᠂ ᠰᠤᠯᠠ ᠠᠷᠠᠴᠢᠯᠠᠭ᠎ᠠ ᠲᠠᠶ ᠡᠷᠦᠭᠡ ᠵᠢᠴᠢ ᠮᠣᠷᠢ ᠤᠷᠤᠯᠳᠤᠬᠤ ᠲᠠᠯᠠᠪᠠᠢ ᠵᠡᠷᠭᠡ᠎ᠵᠢ ᠪᠦᠳᠤᠮᠵᠢᠳᠠᠢ ᠨᠡᠢᠳᠭᠡᠵᠦ᠍᠂ 《ᠨᠠᠮ᠎ᠤᠨ ᠡᠭᠦᠷ + ᠠᠵᠤ ᠠᠬᠤᠢᠯᠠᠯ + ᠮᠠᠯᠴᠢᠨ》 ᠠᠵᠤ ᠦᠢᠯᠡᠰ᠎ᠦᠨ ᠬᠥᠭ᠌ᠵᠢᠯᠲᠡ᠎ᠶ᠋ᠢᠨ ᠵᠠᠭ᠍ᠪᠤᠷ᠎ᠢ ᠢᠳᠡᠪᠬᠢᠲᠡᠢ ᠬᠠᠢᠨ ᠰᠦᠪᠡᠭ᠌ᠴᠢᠯᠡᠵᠦ᠍᠂ ᠠᠮᠢ ᠠᠬᠤᠢ᠎ᠶ᠋ᠢ ᠤᠷᠢᠳ᠎ᠵᠢᠡᠷ ᠪᠤᠳᠤᠯᠬᠢᠯᠠᠬᠤ᠂ ᠪᠤᠬᠢᠷᠳᠤᠯ ᠦᠭᠡᠢ ᠬᠦᠭᠵᠢᠬᠦᠯᠬᠦ ᠤᠷᠢᠲᠠᠯ ᠳᠣᠣᠷ᠎ᠠ ᠣᠷᠣᠨ ᠨᠤᠲᠤᠭ᠎ᠤᠨ ᠲᠠᠪᠠᠭᠤᠯᠢᠭ᠎ᠵᠢᠡᠨ ᠪᠠᠳᠠᠷᠠᠭᠤᠯᠵᠤ᠂ ᠠᠳᠤᠭᠤᠨ᠎ᠤ ᠠᠵᠤ ᠦᠢᠯᠡᠰ᠎ᠦᠨ ᠲᠦᠷᠦᠯ ᠲᠡᠮᠳᠡᠭ᠌ᠵᠢᠯᠲᠡ᠎ᠶ᠋ᠢᠨ ᠪᠠᠢᠭᠤᠯᠤᠯᠲᠠ᠎ᠶ᠋ᠢ ᠪᠦᠬᠦ᠌ ᠬᠦᠴᠦᠨ᠎ᠢᠶᠡᠷ ᠠᠬᠢᠭᠤᠯᠵᠤ ᠪᠠᠢᠨ᠎ᠠ᠃ ᠠᠳᠤᠭᠤᠨ ᠰᠣᠶᠣᠯ᠎ᠢ ᠤᠯᠠᠮᠵᠢᠯᠠᠨ ᠬᠠᠮᠠᠭᠠᠯᠠᠵᠤ᠂ ᠨᠠᠢᠷ ᠨᠠᠭᠠᠳᠤᠮ᠂ ᠮᠤᠷᠢᠨ ᠪᠥᠮᠪᠥᠭᠡ᠎ᠶ᠋ᠢᠨ ᠤᠷᠤᠯᠳᠤᠭᠠᠨ᠂ ᠬᠤᠷᠳᠤᠨ ᠮᠣᠷᠢᠨ᠎ᠤ ᠤᠷᠤᠯᠳᠤᠭᠠᠨ ᠵᠡᠷᠭᠡ ᠎ᠵᠢ ᠡᠷᠬᠢᠯᠡᠨ ᠶᠠᠪᠤᠭᠳᠠᠭᠤᠯᠵᠤ᠂ ᠠᠳᠤᠭᠤᠨ᠎ᠤ ᠠᠵᠤ ᠦᠢᠯᠡᠰ᠎ᠤᠨ ᠬᠦᠭᠵᠢᠯᠳᠠ᠎ᠳᠤ ᠬᠦᠴᠤᠨ ᠨᠠᠮᠠᠷᠢᠯᠡᠬᠦ ᠶᠤᠮ᠃

ᠬᠠᠳᠠᠭᠤᠵᠢᠯᠳᠠᠢ ᠴᠢᠷᠮᠠᠢᠯᠭ᠎ᠠ ᠡᠴᠡ ᠪᠦᠳᠤᠭᠡᠯ ᠬᠢᠯᠠᠯᠵᠠᠨ᠎ᠠ᠃ ᠠᠭᠠᠷᠤᠲᠠᠢ ᠰᠤᠮᠤ᠎ᠵᠢᠨ ᠬᠢᠨ 《ᠺᠠᠳ᠋ᠷ ᠮᠠᠯᠴᠢᠳ᠎ᠤᠨ ᠨᠦᠬᠦᠷᠰᠡᠭ ᠪᠠᠷᠢᠯᠳᠤᠯᠭ᠎ᠠ》 ᠵᠢᠨ ᠠᠵᠢᠯᠯᠠᠭ᠎ᠠ᠎ᠶ᠋ᠢ ᠡᠷᠴᠢᠮᠳᠠᠢ ᠦᠷᠨᠢᠬᠦᠯᠵᠤ᠂ ᠺᠠᠳ᠋ᠷ ᠮᠠᠯᠴᠢᠨ ᠲᠠᠷᠢᠶᠠᠴᠢᠳ᠎ᠤᠨ ᠵᠢᠭᠠᠰᠤ ᠤᠰᠤᠨ᠎ᠤ ᠬᠠᠷᠢᠴᠠᠭ᠎ᠠ᠎ᠵᠢ ᠨᠢᠬᠳᠠᠷᠠᠭᠤᠯᠤᠨ᠂ ᠠᠨᠠᠷ᠎ᠤᠨ ᠦᠷ᠎ᠠ ᠰᠢᠭ ᠨᠢᠬᠳᠠᠷᠠᠨ ᠪᠦᠯᠬᠦᠮᠳᠠᠬᠦᠯᠵᠤ᠂ ᠬᠠᠷᠢᠯᠴᠠᠨ ᠬᠠᠪᠰᠤᠷᠤᠯᠴᠠᠵᠤ ᠬᠠᠷᠢᠯᠴᠠᠨ ᠲᠠᠮᠵᠢᠯᠴᠠᠵᠤ᠂ ᠠᠷᠢᠭᠤᠨ ᠨᠦᠬᠦᠷᠯᠠᠯ᠎ᠵᠢᠡᠷ᠎ᠵᠢᠡᠨ ᠦᠨᠳᠤᠰᠤᠳᠠᠨ᠎ᠤ ᠪᠦᠯᠬᠦᠮᠳᠠᠯ᠎ᠤᠨ ᠰᠢᠨ᠎ᠠ ᠬᠠᠭᠤᠳᠠᠰᠤ᠎ᠵᠢ ᠪᠢᠴᠢᠭᠯᠡᠬᠦ ᠰᠠᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号