ᠬᠠᠢᠷᠤᠪ ᠎ᠤᠨ ᠲᠤᠬᠤᠢ᠎ᠳᠡᠬᠢ ᠬᠠᠢᠷ᠎ᠠ ᠵᠢᠨ ᠲᠤᠤᠯᠢ
2023-11-02 09:36:36
ᠵᠣᠬᠢᠶᠠᠭ᠍ᠴᠢ᠄
ᡁᠢ ᠬᠠᠢ ᠵᠢᠨ ᠰᠢᠨ ᠰᠠᠨᠰᠠᠷ ᠬᠤᠤ ᠪᠢᠶᠤᠤ
ᠣᠩᠱᠢᠭ᠍ᠰᠠᠨ ᠣᠳᠠᠭ᠎ᠠ᠄
★★★☆☆

ᠬᠤᠯᠪᠤᠭᠠᠰᠤ 


●ᠣᠢᠷ᠎ᠠ᠎ᠶᠢᠨ ᠵᠢᠯ᠎ᠡᠴᠡ᠂ ᠬᠠᠢᠷᠤᠪ᠎ᠤᠨ ᠲᠣᠬᠣᠢ ᠲᠣᠭᠣᠷᠢᠭ ᠬᠤᠳᠠ᠎ᠶᠢᠨ ᠦᠨᠳᠦᠰᠦᠲᠡᠨ᠎ᠦ ᠠᠵᠢᠯ᠎ᠤᠨ ᠡᠷᠴᠢᠮ᠎ᠢᠶᠡᠨ ᠴᠢᠩᠭᠠᠳᠬᠠᠨ᠂ ᠨᠡᠢᠭᠡᠮ ᠲᠣᠭᠣᠷᠢᠭ᠋᠎ᠤᠨ ᠦᠨᠳᠦᠰᠦᠲᠡᠨ᠎ᠤ ᠠᠵᠢᠯ᠎ᠤᠨ ᠬᠠᠮᠢᠶᠠᠷᠤᠯᠲᠠ᠎ᠶᠢᠨ ᠲᠣᠭᠲᠠᠴᠠ᠎ᠶᠢ ᠪᠠᠢᠭᠤᠯᠤᠨ ᠪᠦᠷᠢᠨᠰᠢᠭᠦᠯᠵᠦ᠂ ᠪᠠᠯᠭᠠᠰᠤ (ᠵᠡᠭᠡᠯᠢ ᠭᠤᠳᠤᠮᠵᠢ) ᠵᠢᠨ ᠤᠳᠤᠷᠢᠳᠬᠤ  ᠪᠠᠭ ᠎ᠤᠨ ᠬᠢᠨ ᠳ᠋ᠦ ᠵᠠᠪᠠᠯ ᠨᠢᠭᠡ ᠦᠨᠳᠦᠰᠦᠲᠠᠨ ᠎ᠤ ᠠᠵᠢᠯ ᠎ᠢ ᠬᠠᠪᠢᠳᠠᠨ ᠬᠠᠮᠢᠶᠠᠷᠬᠤ ᠤᠳᠤᠷᠢᠳᠤᠯᠭ᠎ᠠ ᠲᠣᠬᠢᠷᠠᠭᠤᠯᠵᠤ᠂ ᠲᠣᠰᠬᠣᠨ (ᠨᠡᠢᠭᠡᠮ ᠲᠣᠭᠣᠷᠢᠭ᠋) ᠳ᠋ᠤ ᠦᠨᠳᠦᠰᠦᠲᠡᠨ᠎ᠤ ᠠᠵᠢᠯ ᠎ᠤᠨ ᠠᠵᠢᠯᠳᠠᠨ ᠲᠣᠬᠢᠷᠠᠭᠤᠯᠬᠤ ᠪᠡᠷ ᠦᠨᠳᠦᠰᠦᠲᠡᠨ᠎ᠤ ᠬᠡᠷᠡᠭ ᠶᠠᠪᠤᠳᠠᠯ᠎ᠢ ᠪᠣᠳᠠᠲᠠᠢ ᠬᠠᠷᠢᠭᠤᠴᠠᠭᠤᠯᠵᠦ ᠪᠤᠢ᠃

●ᠯᠢᠨ ᠶᠢᠨ ᠵᠡᠭᠡᠯᠢ ᠭᠤᠳᠤᠮᠵᠢ ᠤᠷᠢᠳ ᠬᠣᠵᠢᠳ《ᠪᠦᠬᠦ ᠣᠷᠣᠨ᠎ᠤ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠵᠢᠱ᠌ᠢᠶ᠎ᠠ ᠦᠵᠡᠬᠦᠯᠬᠦ ᠬᠠᠮᠲᠤ ᠨᠢᠭᠡᠴᠢ》᠂《ᠪᠦᠬᠦ ᠣᠷᠣᠨ᠎ᠤ ᠳᠣᠯᠣᠳᠤᠭᠠᠷ ᠪᠦᠯᠦᠭ᠎ᠦᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠵᠢᠱ᠌ᠢᠶ᠎ᠠ ᠦᠵᠡᠬᠦᠯᠬᠦ ᠨᠢᠭᠡᠴᠢ》᠂《ᠪᠦᠬᠦ ᠬᠤᠳᠠ᠎ᠶᠢᠨ ᠳᠥᠷᠪᠡᠳᠦᠭᠡᠷ ᠪᠦᠯᠦᠭ᠎ᠦᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ ᠵᠢᠨ ᠵᠢᠱ᠌ᠢᠶ᠎ᠠ ᠦᠵᠡᠬᠦᠯᠬᠦ ᠨᠢᠭᠡᠴᠢ》 ᠵᠡᠷᠭᠡ ᠢᠷᠠᠭᠤ ᠠᠯᠳᠠᠷ᠎ᠢ ᠬᠦᠷᠳᠡᠵᠠᠢ᠃

●ᠣᠢᠷ᠎ᠠ᠎ᠶᠢᠨ ᠵᠢᠯ᠎ᠦᠳ᠎ᠲᠦ᠂ ᠯᠢᠨ ᠶᠢᠨ ᠵᠡᠭᠡᠯᠢ ᠭᠤᠳᠤᠮᠵᠢ᠎ᠶᠢᠨ ᠬᠢᠨ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠳᠤ ᠴᠤᠭᠴᠠᠯᠠᠬᠤ᠎ᠪᠡᠷ ᠠᠵᠢᠯ᠎ᠤᠨ ᠭᠣᠣᠯ ᠰᠢᠵᠢᠮ ᠵᠢᠡᠨ ᠪᠣᠯᠭᠠᠵᠤ᠂ 《ᠳᠤᠮᠳᠠᠳᠤ᠎ᠶᠢᠨ ᠦᠨᠳᠦᠰᠦᠲᠡᠨ ᠨᠢᠭᠡ ᠭᠡᠷ᠎ᠦᠨ ᠬᠥᠮᠥᠨ ᠮᠡᠲᠦ ᠳᠣᠲᠣᠨᠣ᠌ ᠪᠠᠢᠵᠤ᠂ ᠰᠡᠳᠬᠢᠯ᠎ᠢᠶᠡᠨ ᠨᠢᠭᠡᠳᠬᠡᠨ ᠳᠤᠮᠳᠠᠳᠤ᠎ᠶᠢᠨ ᠵᠡᠭᠦᠳᠦ᠎ᠶᠢ ᠬᠠᠮᠲᠤ ᠪᠠᠷ ᠲᠡᠷᠭᠡᠯᠰᠢᠭᠦᠯᠬᠦ》ᠬᠠᠷᠠᠯᠲᠠ᠎ᠲᠠᠢ ᠨᠢᠭ᠍ᠲᠠ ᠤᠶᠠᠯᠳᠤᠭᠤᠯᠵᠤ᠂ ᠦᠨᠳᠦᠰᠦᠨ ᠱᠠᠲᠤᠨ᠎ᠤ ᠨᠠᠮ᠎ᠤᠨ ᠪᠠᠢᠭᠤᠯᠤᠯᠲᠠ ᠪᠣᠯᠣᠨ ᠦᠨᠳᠦᠰᠦᠲᠡᠨ᠎ᠦ ᠠᠵᠢᠯ᠎ᠢ ᠵᠣᠬᠢᠴᠠᠭᠤᠯᠤᠨ ᠬᠥᠭᠵᠢᠭᠦᠯᠵᠦ᠂ ᠦᠨᠳᠦᠰᠦᠲᠡᠨ᠎ᠦ ᠪᠦᠯᠬᠦᠮᠳᠡᠯ᠎ᠦᠨ《ᠲᠦᠰᠢᠭ ᠲᠤᠯᠭᠠᠭᠤᠷᠢ》ᠶ᠋ᠢ ᠪᠠᠢᠭᠤᠯᠤᠨ ᠴᠢᠩᠭᠠᠳᠬᠠᠵᠤ᠂ ᠬᠠᠷᠢᠯᠴᠠᠨ ᠠᠭᠤᠰᠤᠯᠴᠠᠬᠤ ᠬᠡᠯᠪᠡᠷᠢ᠎ᠶᠢᠨ ᠨᠡᠢᠭᠡᠮ᠎ᠦᠨ ᠪᠦᠲᠦᠴᠡ ᠪᠣᠯᠣᠨ ᠨᠡᠢᠭᠡᠮ ᠲᠣᠭᠣᠷᠢᠭ᠋᠎ᠤᠨ ᠣᠷᠴᠢᠨ ᠲᠣᠭᠣᠷᠢᠨ᠎ᠢ ᠯᠠᠪᠳᠠᠭᠤᠨ ᠪᠠᠲᠤᠲᠠᠢ ᠪᠡᠷ ᠴᠤᠭᠴᠠᠯᠠᠵᠦ ᠪᠤᠢ᠃



ᠬᠠᠢᠷᠤᠪ᠎ᠤᠨ ᠲᠣᠬᠣᠢ ᠲᠣᠭᠣᠷᠢᠭ᠋᠎ᠤᠨ ᠯᠢᠨ ᠶᠢᠨ ᠵᠡᠭᠡᠯᠢ ᠭᠤᠳᠤᠮᠵᠢ᠎ᠳᠤ ᠳ᠋ᠠ ᠴᠢᠩ᠂ ᠸᠸᠨ ᠰᠢᠨ᠂ ᠬᠠᠢ ᠰᠢᠨ᠂ ᠢ ᠯᠢᠨ᠂ ᠵᠢᠨ ᠢᠦᠢ ᠵᠡᠷᠭᠡ 5 ᠨᠡᠢᠭᠡᠮ ᠲᠣᠭᠣᠷᠢᠭ ᠲᠠᠢ ᠪᠠᠢᠵᠦ᠂ ᠬᠢᠲᠠᠳ᠂ ᠮᠣᠩᠭᠣᠯ᠂ ᠬᠣᠲᠣᠩ᠂ ᠮᠠᠨᠵᠤ ᠵᠡᠷᠭᠡ 23 ᠦᠨᠳᠦᠰᠦᠲᠡᠨ᠎ᠤ ᠰᠠᠭᠤᠭᠠᠯᠢ ᠠᠷᠠᠳ ᠡᠨᠲᠠ ᠵᠢᠷᠭᠠᠯᠠᠩᠳᠤ ᠬᠡᠷ ᠪᠦᠯᠢ ᠪᠠᠨ ᠪᠠᠢᠭᠤᠯᠤᠨ ᠰᠠᠭᠤᠷᠢᠰᠢᠵᠦ ᠪᠤᠢ᠃ ᠡᠨᠳᠡᠭᠢ ᠰᠠᠭᠤᠭᠠᠯᠢ ᠠᠷᠠᠳ ᠨᠢ ᠭᠤᠤᠯᠳᠠᠭᠤ ᠨᠡᠭᠦᠷᠡᠰᠦ ᠮᠠᠯᠲᠠᠭᠰᠠᠨ᠎ᠠᠴᠠ ᠪᠣᠯᠵᠤ ᠳᠣᠷᠣᠭ᠍ᠰᠢ ᠰᠠᠭᠤᠭᠰᠠᠨ ᠣᠷᠣᠨ᠂ ᠴᠥᠭᠥᠷᠥᠮ᠎ᠦᠨ ᠬᠠᠪᠢ ᠪᠡᠷ ᠬᠢ ᠭᠠᠮᠰᠢᠭᠳᠠᠭᠰᠠᠨ ᠣᠷᠣᠨ᠂ ᠠᠭᠤᠷᠬᠠᠢ᠎ᠶᠢᠨ ᠣᠷᠣᠨ᠎ᠤ ᠲᠦᠬᠦᠮ ᠪᠦᠲᠦᠴᠡᠲᠦ ᠣᠷᠣᠨ ᠰᠠᠭᠤᠴᠠ᠎ᠶᠢᠨ ᠲᠣᠭᠣᠷᠢᠭ᠋ ᠡᠴᠡ ᠨᠡᠬᠦᠵᠦ ᠢᠷᠡᠭᠰᠡᠨ ᠬᠦᠮᠦᠰ᠎ᠢᠶᠠᠷ ᠪᠦᠷᠢᠯᠳᠦᠭᠰᠡᠨ ᠶᠤᠮ᠃ ᠲᠤᠰ ᠵᠡᠭᠡᠯᠢ ᠭᠤᠳᠤᠮᠵᠢ ᠵᠢᠨ ᠨᠠᠰᠤᠲᠠᠢᠴᠤᠳ᠂ ᠶᠠᠳᠠᠭᠤ ᠬᠦᠴᠢᠷᠳᠡᠯᠲᠡᠢ ᠪᠠ ᠵᠡᠮᠳᠡᠭᠴᠦᠳ᠎ᠤᠨ ᠲᠤᠭ᠎ᠠ ᠬᠠᠷᠢᠴᠠᠩᠭᠤᠢ ᠤᠯᠠᠨ ᠪᠠᠢᠵᠦ᠂ ᠵᠡᠮᠳᠡᠭᠴᠤᠳ᠎ᠢ ᠬᠠᠪᠰᠤᠷᠤᠨ ᠲᠡᠳᠬᠦᠬᠦ᠂ ᠠᠢᠯ ᠰᠠᠭᠠᠬᠠᠯᠲᠠ ᠵᠢᠨ ᠬᠤᠭᠤᠷᠤᠨᠳᠤᠬᠢ ᠵᠥᠷᠢᠴᠡᠯ᠎ᠢ ᠰᠢᠢᠳᠪᠦᠷᠢᠯᠡᠬᠦ ᠪᠠ ᠰᠠᠭᠤᠭᠠᠯᠢ ᠠᠷᠠᠳ᠎ᠤᠨ ᠠᠮᠢᠳᠤᠷᠠᠯ᠎ᠤᠨ ᠲᠦᠪᠰᠢᠨ᠎ᠢ ᠲᠡᠭᠡᠭᠰᠢᠯᠡᠬᠦᠯᠬᠦ ᠵᠡᠷᠭᠡ ᠠᠰᠠᠭᠤᠳᠠᠯ ᠨᠢ ᠯᠢᠨ ᠶᠢᠨ ᠵᠡᠭᠡᠯᠢ ᠭᠤᠳᠤᠮᠵᠢ ᠵᠢᠨ ᠨᠠᠮ᠎ᠤᠨ ᠡᠬᠦᠷ᠎ᠤᠨ ᠬᠢᠨ᠎ᠤ ᠠᠵᠢᠯ᠎ᠤᠨ ᠭᠤᠤᠯᠳᠠᠯᠭ᠎ᠠ ᠪᠤᠯᠤᠭᠰᠠᠭᠠᠷ ᠢᠷᠡᠭᠰᠡᠨ ᠪᠢᠯᠡ᠃



ᠦᠭᠬᠢᠶᠠᠮᠦᠷ ᠲᠤᠰᠠᠴᠢ 《ᠡᠭᠡᠴᠤᠤᠯ᠎ᠤᠨ ᠬᠠᠪᠰᠤᠷᠬᠤ ᠪᠦᠯᠬᠦᠮ》

ᠯᠢᠨ ᠶᠢᠨ ᠵᠡᠭᠡᠯᠢ ᠭᠤᠳᠤᠮᠵᠢ ᠵᠢᠨ《ᠡᠭᠡᠴᠤᠤᠯ᠎ᠤᠨ ᠬᠠᠪᠰᠤᠷᠬᠤ ᠪᠦᠯᠬᠦᠮ》ᠬᠡᠮᠡᠬᠦ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ ᠨᠢ ᠰᠠᠭᠤᠭᠠᠯᠢ ᠠᠷᠠᠳ᠎ᠲᠤ ᠬᠠᠯᠠᠭᠤᠨ ᠲᠤᠯᠠᠭᠠᠨ  ᠬᠠᠯᠠᠮᠵᠢ ᠬᠠᠪᠰᠤᠷᠤᠯᠭ᠎ᠠ ᠦᠵᠡᠬᠦᠯᠳᠡᠭ ᠵᠢᠡᠷ ᠵᠢᠡᠨ ᠬᠦᠮᠦᠰ᠎ᠤᠨ ᠬᠦᠷᠢᠶᠠᠯᠠᠯ᠎ᠢ ᠤᠯᠤᠭᠰᠠᠭᠠᠷ ᠢᠷᠡᠵᠠᠢ᠃ 2019 ᠣᠨ᠎ᠤ 11 ᠰᠠᠷ᠎ᠠ᠎ᠳᠤ ᠪᠠᠢᠭᠤᠯᠤᠭᠳᠠᠭᠰᠠᠨ᠎ᠠᠴᠠ ᠨᠠᠰᠢ᠂ ᠲᠤᠰ ᠪᠦᠯᠬᠦᠮ᠎ᠤᠨ ᠬᠢᠨ ᠵᠡᠮᠳᠡᠭᠴᠦᠳ᠂ ᠭᠣᠣᠨᠢ ᠨᠠᠰᠤᠲᠠᠨ ᠪᠠ ᠥᠨᠥᠴᠢᠨ ᠬᠡᠦᠬᠡᠳ ᠵᠡᠷᠭᠡ ᠪᠠᠭᠤᠷᠠᠢ ᠬᠥᠮᠥᠰ᠎ᠲᠦ ᠵᠣᠭᠣᠰ ᠮᠥᠩᠭᠥ ᠡᠳ᠋ ᠪᠣᠳᠠᠰ ᠬᠠᠨᠳᠢᠪᠯᠡᠵᠤ᠂ ᠶᠠᠪᠤᠵᠤ ᠰᠠᠭᠤᠬᠤ᠎ᠳᠤ ᠳᠥᠭᠥᠮ ᠦᠭᠡᠢ ᠰᠠᠭᠤᠭᠠᠯᠢ ᠠᠷᠠᠳ᠎ᠲᠤ ᠶᠠᠭᠤᠮ᠎ᠠ ᠬᠡᠦᠮ᠎ᠡ ᠬᠦᠷᠭᠡᠵᠦ᠂ ᠥᠪᠡᠷ᠎ᠦᠨ ᠴᠢᠳᠠᠯ᠎ᠤᠨ ᠬᠢᠷᠢ᠎ᠪᠡᠷ᠎ᠢᠶᠡᠨ ᠤᠯᠠᠨ᠎ᠳᠤ ᠲᠤᠰᠠ ᠲᠡᠮ ᠦᠵᠡᠬᠦᠯᠦᠭᠰᠡᠭᠡᠷ ᠢᠷᠡᠵᠠᠢ᠃ ᠤᠳᠤ ᠲᠤᠰ ᠪᠦᠯᠬᠦᠮ᠎ᠳᠤ ᠨᠠᠢᠳᠠ ᠭᠤᠴᠢᠭᠠᠳ ᠬᠡᠰᠢᠬᠦᠨ ᠲᠠᠢ᠂ ᠲᠤᠮᠳᠠᠴᠢ ᠪᠡᠷ 65 ᠨᠠᠰᠤ ᠬᠦᠷᠴᠤ᠂ ᠵᠡᠭᠡᠯᠢ ᠭᠤᠳᠤᠮᠵᠢ ᠵᠢᠨ ᠦᠨᠳᠦᠰᠦᠲᠠᠨ᠎ᠨᠦᠭᠦᠳ᠎ᠤᠨ ᠬᠠᠮᠳᠤ ᠪᠡᠷ ᠰᠠᠭᠤᠷᠢᠰᠢᠵᠦ᠂ ᠬᠠᠮᠳᠤ ᠪᠡᠷ ᠵᠤᠯ ᠵᠢᠷᠭᠠᠯᠳᠤ ᠠᠮᠢᠳᠤᠷᠠᠯ ᠵᠢᠡᠨ ᠴᠤᠭᠴᠠᠯᠠᠬᠤ᠎ᠳᠤ ᠪᠠᠭ᠎ᠠ ᠪᠤᠰᠤ ᠠᠴᠢ ᠲᠤᠰᠠ ᠦᠵᠡᠬᠦᠯᠦᠭᠰᠡᠨ ᠪᠢᠯᠡ᠃

— ᠪᠠᠭᠠᠲᠤᠷ ᠡ᠂ ᠤᠷᠴᠢᠮ ᠶᠠᠭᠠᠷᠠᠤ ᠪᠠᠢᠨ᠎ᠠ ᠤᠤ? ᠪᠠᠶ᠎ᠠ ᠴᠢᠨᠢ ᠭᠠᠢᠭᠤᠢ ᠤᠤ?

— ᠵᠠ᠂ ᠲᠠ ᠨᠠᠷ ᠰᠠᠢᠨ ᠢᠷᠡᠪᠠ ᠤᠤ? ᠲᠠᠨ᠎ᠤ ᠬᠠᠪᠰᠤᠷᠤᠯᠭ᠎ᠠ ᠲᠡᠮᠵᠢᠯᠭᠡ ᠲᠤᠤᠷ᠎ᠠ ᠮᠠᠨ᠎ᠤ ᠬᠢᠨ᠎ᠤ ᠠᠮᠢᠳᠤᠷᠠᠯ ᠦᠭᠡᠳᠡᠯᠡᠵᠦ ᠪᠠᠢᠨ᠎ᠠ ᠰᠢᠤ!

ᠵᠤᠨ᠎ᠤ ᠬᠠᠯᠠᠭᠤᠨ ᠨᠠᠷᠠ ᠵᠤᠯᠠᠢ ᠲᠡᠭᠡᠷ᠎ᠠ ᠡᠴᠡ ᠲᠦᠭᠡᠨᠡᠵᠦ  30 ᠭᠷᠠᠳᠦ᠋ᠰ᠎ᠢ ᠲᠠᠪᠠᠯ᠎ᠠ᠃  ᠪᠢᠳᠠᠨ᠎ᠢ ᠯᠢᠨ ᠶᠢᠨ ᠵᠡᠭᠡᠯᠢ ᠭᠤᠳᠤᠮᠵᠢ ᠵᠢᠨ ᠠᠯᠪᠠᠯᠠᠬᠤ ᠠᠰᠠᠷ᠎ᠲᠤ ᠬᠦᠷᠦᠭᠡᠳ ᠲᠡᠮᠡᠢ ᠤᠳᠠᠭᠰᠠᠨ ᠦᠭᠡᠢ ᠤᠯᠠᠭᠠᠨ ᠬᠠᠨᠵᠢᠶᠠᠷ ᠡᠮᠦᠰᠦᠭᠰᠡᠨ 6 ᠨᠠᠰᠤᠲᠠᠨ᠎ᠤ ᠡᠬᠦᠳᠠ ᠪᠡᠷ ᠤᠷᠤᠵᠦ ᠢᠷᠡᠬᠦ ᠬᠠᠷᠠᠭᠳᠠᠪᠠ᠃ ᠲᠡᠳᠠᠨ᠎ᠤ ᠵᠠᠷᠢᠮ ᠨᠢ ᠲᠤᠭᠤᠢ ᠪᠠᠨ ᠲᠦᠯᠬᠢᠵᠦ᠂ ᠵᠠᠷᠢᠮ ᠨᠢ ᠭᠠᠷ᠎ᠲᠤ ᠪᠠᠨ ᠤᠰᠤᠨ ᠰᠠᠪᠠ ᠲᠡᠬᠦᠵᠢᠯᠡᠠ᠂ ᠪᠠᠰᠠ ᠵᠠᠷᠢᠮ ᠨᠢ ᠴᠡᠪᠡᠷᠯᠡᠭᠡ ᠬᠢᠬᠦ᠎ᠳᠤ ᠬᠡᠷᠡᠭᠯᠡᠬᠦ ᠪᠠᠭᠠᠵᠢ ᠬᠡᠷᠡᠭᠰᠡᠯ ᠵᠢᠡᠨ ᠠᠳᠬᠤᠭᠠᠳ ᠨᠢᠭᠤᠷ ᠲᠦᠬᠦᠷᠠᠩ ᠢᠨᠢᠶᠠᠳᠤ ᠪᠢᠯᠬᠠᠭᠤᠯᠵᠦ᠂ ᠠᠮᠢᠳᠤᠷᠠᠯ᠎ᠤᠨ ᠪᠠᠶᠠᠷ ᠪᠠᠶᠠᠰᠤᠯ ᠵᠢᠡᠨ ᠨᠢᠭᠤᠯ ᠦᠭᠡᠢ ᠪᠠᠳᠠᠷᠠᠭᠤᠯᠤᠨ᠎ᠠ᠃ ᠲᠡᠳᠠ ᠪᠤᠯ ᠲᠠᠷᠤᠢ ᠯᠢᠨ ᠶᠢᠨ ᠵᠡᠭᠡᠯᠢ ᠭᠤᠳᠤᠮᠵᠢ ᠵᠢᠨ《ᠡᠭᠡᠴᠤᠤᠯ᠎ᠤᠨ ᠬᠠᠪᠰᠤᠷᠬᠤ ᠪᠦᠯᠬᠦᠮ》ᠤ᠋ᠨ ᠬᠡᠰᠡᠭ ᠬᠡᠰᠢᠬᠦᠳ ᠪᠤᠯᠤᠨ᠎ᠠ᠃ ᠨᠠᠰᠤᠲᠠᠢ ᠡᠵᠢ ᠨᠠᠷ ᠦᠨᠦᠳᠦᠷ ᠥᠩᠭᠡᠷᠡᠭᠰᠡᠨ᠎ᠦ ᠬᠢ᠎ᠲᠠᠢ᠎ᠪᠡᠨ ᠠᠳᠠᠯᠢ᠎ᠪᠠᠷ ᠬᠠᠢ ᠰᠢᠨ ᠨᠠᠢᠭᠡᠮ ᠲᠤᠭᠤᠷᠢᠭ᠎ᠤᠨ  ᠵᠡᠮᠳᠡᠭ ᠵᠠᠯᠠᠭᠤ ᠪᠠᠭᠠᠲᠤᠷ᠎ᠤᠨ᠎ᠳᠤ ᠬᠦᠷᠴᠤ ᠬᠡᠷ᠎ᠤᠨ ᠠᠷᠰᠠᠷ ᠠᠵᠢᠯ᠎ᠢ ᠨᠢ ᠬᠠᠪᠰᠤᠷᠴᠤ ᠲᠡᠮᠵᠢᠬᠦ ᠪᠡᠷ ᠪᠠᠷᠠᠬᠤ ᠦᠭᠡᠢ ᠬᠡᠷ᠎ᠤᠨ ᠬᠦᠮᠦᠰ᠎ᠢ ᠨᠢ ᠪᠤᠯᠭᠤᠭᠠᠨ ᠦᠵᠡᠬᠦ ᠪᠡᠷ ᠪᠡᠯᠡᠳᠭᠡᠵᠦ ᠪᠠᠢᠭ᠎ᠠ ᠨᠢ ᠡᠨᠡ ᠪᠢᠯᠡ᠃


4840474_sanban_1698302523695_m.jpg


ᠡᠨᠡ ᠵᠢᠯ 40 ᠨᠠᠰᠤᠲᠠᠢ ᠪᠠᠭᠠᠲᠤᠷ ᠣᠯᠠᠨ ᠵᠢᠯ᠎ᠦᠨ ᠡᠮᠦᠨ᠎ᠡ ᠲᠡᠷᠭᠡᠨ ᠡᠨᠳᠡᠯ᠎ᠡᠴᠡ ᠪᠣᠯᠵᠤ ᠵᠡᠭᠦᠨ ᠬᠥᠯ ᠵᠢᠡᠨ ᠬᠡᠮᠳᠦᠬᠡᠵᠦ᠂ ᠬᠥᠳᠡᠯᠮᠦᠷᠢᠯᠡᠬᠦ ᠴᠢᠳᠠᠪᠤᠷᠢ ᠪᠠᠨ ᠠᠯᠳᠠᠵᠠᠢ᠃ ᠡᠬᠡᠨᠡᠷ ᠱᠠᠩ ᠢᠦᠢ ᠨᠢ ᠬᠡᠷᠦᠬᠦ ᠡᠪᠡᠳᠴᠢᠨ ᠡᠴᠡ ᠪᠤᠯᠵᠦ ᠦᠶ᠎ᠠ ᠬᠡᠰᠢᠬᠦᠦ ᠨᠢ ᠮᠤᠷᠤᠢᠵᠦ᠂ ᠬᠡᠷ᠎ᠤᠨ ᠠᠵᠢᠯ ᠪᠠᠢᠳᠤᠭᠠᠢ ᠭᠠᠷ ᠵᠢᠡᠷ ᠵᠢᠡᠨ ᠶᠠᠭᠤᠮ᠎ᠠ ᠠᠳᠬᠤᠵᠦ ᠪᠠᠷᠢᠬᠤ᠎ᠳᠤ᠎ᠴᠤ ᠮᠠᠰᠢ ᠬᠦᠴᠢᠷ ᠪᠤᠯᠪᠠ᠃ ᠢᠩᠬᠢᠭᠡᠳ ᠡᠳᠡᠨᠠᠢᠭᠢᠨ᠎ᠤ ᠠᠮᠢᠳᠤᠷᠠᠯ᠎ᠤᠨ ᠨᠦᠬᠦᠴᠠᠯ ᠲᠤᠩ ᠠᠨᠠᠢᠬᠠᠨ ᠪᠠᠢᠵᠦ᠂ ᠬᠡᠷ ᠵᠠᠭᠤᠷ᠎ᠠ ᠵᠢᠨ ᠡᠩ᠎ᠤᠨ ᠵᠢᠵᠢᠭ ᠰᠠᠵᠢᠭ ᠠᠵᠢᠯ᠎ᠢ ᠪᠡᠶᠡᠯᠡᠬᠦᠯᠬᠦ᠎ᠳᠤ᠎ᠴᠤ ᠲᠤᠩ ᠬᠦᠴᠤ ᠤᠷᠤᠵᠦ᠂ ᠠᠮᠢᠳᠤᠷᠠᠯ᠎ᠤᠨ ᠪᠦᠬᠦᠢᠯᠠ ᠵᠠᠷᠤᠳᠠᠯ ᠨᠢ ᠨᠠᠭᠠᠲᠤ ᠵᠠᠬ᠎ᠠ᠎ᠶᠢᠨ ᠠᠮᠢᠳᠤᠷᠠᠯ᠎ᠤᠨ ᠪᠠᠲᠤᠯᠠᠭ᠎ᠠ᠎ᠳᠤ ᠲᠦᠰᠢᠭᠯᠡᠬᠦ᠎ᠡᠴᠡ ᠥᠭᠡᠷ᠎ᠡ ᠠᠷᠭ᠎ᠠ ᠦᠭᠡᠢ ᠪᠤᠯᠵᠠᠢ᠃

ᠪᠠᠭᠠᠲᠤᠷ᠎ᠤᠨ ᠨᠢᠭᠡ ᠭᠡᠷ᠎ᠦᠨ ᠬᠦᠴᠢᠷᠳᠡᠯ᠎ᠢ ᠤᠢᠯᠠᠭᠠᠭᠰᠠᠨ《ᠡᠭᠡᠴᠤᠤᠯ᠎ᠤᠨ ᠬᠠᠪᠰᠤᠷᠬᠤ ᠪᠦᠯᠬᠦᠮ》ᠤ᠋ᠨ ᠬᠢᠨ ᠦᠷᠭᠦᠯᠵᠢ ᠭᠡᠷ ᠲᠦ᠍ᠨᠢ ᠢᠷᠡᠵᠦ ᠬᠤᠭᠤᠯᠠ ᠤᠮᠳᠠ ᠵᠢ ᠨᠢ ᠪᠠᠵᠠᠭᠠᠬᠤ ᠡᠴᠡ ᠡᠬᠢᠯᠡᠭᠡᠳ ᠬᠡᠷ ᠵᠠᠭᠤᠷ᠎ᠠ ᠵᠢᠨ ᠶᠡᠭᠡ ᠪᠠᠭ᠎ᠠ ᠤᠴᠢᠷ᠎ᠲᠤ ᠨᠢ ᠬᠦᠷᠳᠠᠯ᠎ᠠ ᠬᠠᠷᠠᠮ ᠦᠭᠡᠢ ᠲᠡᠮᠵᠢᠯᠭᠡ ᠦᠵᠡᠬᠦᠯᠵᠦ᠂ ᠲᠡᠳᠡᠨ᠎ᠳᠦ ᠬᠠᠢᠷ᠎ᠠ ᠬᠠᠯᠠᠮᠵᠢ ᠬᠦᠷᠭᠡᠳᠡᠭ ᠪᠢᠯᠡ᠃

— ᠬᠥᠭᠰᠢᠨ ᠡᠵᠢ ᠨᠠᠷ ᠦᠷᠬᠦᠯᠵᠢ ᠮᠠᠨ᠎ᠤ᠎ᠳᠤ ᠢᠷᠡᠵᠦ ᠪᠢᠳᠠᠨ᠎ᠳᠤ ᠶᠤᠰᠤᠲᠠᠢ ᠪᠠᠭ᠎ᠠ ᠪᠤᠰᠤ ᠲᠡᠮᠵᠢᠯᠭᠡ ᠦᠵᠡᠬᠦᠯᠦᠭᠰᠡᠨ ᠰᠢᠤ᠃ ᠲᠡᠳᠠ ᠬᠡᠷ᠎ᠤᠨ ᠠᠵᠢᠯ᠎ᠢ ᠬᠠᠮᠵᠢᠬᠤ ᠪᠡᠷ ᠪᠠᠷᠠᠬᠤ ᠦᠭᠡᠢ ᠪᠠᠰᠠ ᠪᠢᠳᠠᠨ᠎ᠳᠤ ᠠᠵᠤ ᠠᠬᠤᠢ ᠵᠢᠨ ᠲᠡᠮᠵᠢᠯᠭᠡ ᠦᠵᠡᠬᠦᠯᠵᠦ᠂ ᠶᠤᠰᠤᠲᠠᠢ ᠬᠡᠷ᠎ᠤᠨ ᠬᠦᠮᠦᠨ ᠰᠢᠭ ᠲᠤᠳᠤᠨᠤ ᠪᠠᠢᠳᠠᠭ ᠬᠡᠵᠦ ᠪᠠᠭᠠᠳᠤᠷ ᠲᠤᠭᠳᠤᠯᠤᠩᠬᠠᠨ ᠶᠠᠷᠢᠨ᠎ᠠ᠃


QQ截图20231102112910.png


ᠡᠲᠡᠭᠡᠷ ᠵᠢᠯ᠎ᠤᠨ ᠲᠤᠷᠰᠢ᠂ ᠨᠡᠢᠭᠡᠮ᠎ᠦᠨ ᠡᠯ᠎ᠡ ᠡᠲᠡᠭᠡᠳ ᠪᠣᠯᠣᠨ《ᠡᠭᠡᠴᠤᠤᠯ᠎ᠤᠨ ᠬᠠᠪᠰᠤᠷᠬᠤ ᠪᠦᠯᠬᠦᠮ》 ᠤ᠋ᠨ ᠬᠠᠪᠰᠤᠷᠤᠯᠭ᠎ᠠ ᠲᠡᠮᠵᠢᠯᠭᠡ ᠳᠣᠣᠷ᠎ᠠ᠂ ᠪᠠᠭᠠᠲᠤᠷ᠎ᠤᠨ ᠨᠢᠭᠡ ᠭᠡᠷ᠎ᠦᠨ ᠬᠢᠨ᠎ᠤ ᠠᠮᠢᠳᠤᠷᠠᠯ᠎ᠤᠨ ᠪᠠᠢᠳᠠᠯ ᠢᠳᠡᠭ ᠢᠳᠡᠭ᠎ᠢᠶᠡᠷ ᠰᠠᠢᠵᠢᠷᠠᠵᠤ᠂ ᠠᠮᠢᠳᠤᠷᠠᠯ᠎ᠳᠠᠭᠠᠨ ᠲᠠᠬᠢᠨ ᠢᠳᠡᠭᠡᠯ ᠲᠠᠢ ᠪᠤᠯᠤᠭᠰᠠᠨ ᠵᠢᠡᠷ ᠦᠯᠦ ᠪᠠᠷᠠᠨ ᠪᠠᠭᠠᠳᠤᠷ ᠪᠠᠰᠠ ᠨᠡᠢᠭᠡᠮ ᠲᠣᠭᠣᠷᠢᠭ᠋᠎ᠤᠨ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠵᠢᠯᠯᠠᠭ᠎ᠠ᠎ᠳᠤ ᠴᠢᠳᠠᠯ᠎ᠤᠨ ᠬᠢᠷᠢ᠎ᠪᠡᠷ᠎ᠢᠶᠡᠨ ᠤᠷᠤᠯᠴᠠᠬᠤ ᠪᠤᠯᠤᠭᠰᠠᠨ ᠪᠠᠢᠨ᠎ᠠ᠃ ᠲᠡᠷᠡ ᠤᠤᠯ ᠡᠴᠡ ᠪᠠᠨ ᠭᠡᠷ᠎ᠦᠨ ᠴᠠᠬᠢᠯᠭᠠᠨ ᠬᠡᠷᠡᠭᠰᠡᠯ᠎ᠢ ᠵᠠᠰᠠᠵᠦ ᠰᠡᠯᠪᠢᠬᠦ ᠤᠷ᠎ᠠ ᠮᠡᠷᠭᠡᠵᠢᠯ᠎ᠲᠠᠢ ᠪᠣᠯᠬᠣᠷ ᠨᠠᠢᠭᠡᠮ ᠲᠤᠭᠤᠷᠢᠭ᠂ ᠵᠡᠭᠡᠯᠢ ᠭᠤᠳᠤᠮᠵᠢ ᠵᠢᠨ ᠬᠢᠨ᠎ᠤ ᠬᠡᠨ᠎ᠦ ᠭᠡᠷ᠎ᠦᠨ ᠴᠠᠬᠢᠯᠭᠠᠨ ᠬᠡᠷᠡᠭᠰᠡᠯ ᠨᠢ ᠡᠪᠳᠡᠷᠡᠪᠡᠯ ᠪᠠᠭᠠᠲᠤᠷ ᠲᠠᠷᠤᠢ ᠰᠠᠢᠨ ᠲᠤᠷ᠎ᠠ ᠡᠴᠡ ᠪᠠᠨ ᠵᠠᠰᠠᠨ ᠦᠭᠴᠤ᠂ ᠬᠠᠶᠠ ᠵᠠᠷᠢᠮ᠎ᠳᠠᠭᠠᠨ ᠪᠠᠰᠠ ᠪᠠᠭ᠎ᠠ ᠰᠠᠭ᠎ᠠ ᠤᠷᠤᠯᠭ᠎ᠠ ᠤᠯᠴᠢᠬᠠᠳᠠᠭ ᠶᠤᠮ᠃


QQ截图20231102112927.png


ᠪᠠᠭᠠᠳᠤᠷ᠎ᠢ ᠲᠤᠰᠠᠯᠠᠵᠦ ᠲᠡᠮᠵᠢᠬᠦ ᠵᠢᠨ ᠲᠤᠯᠠᠲᠠ ᠵᠡᠭᠡᠯᠢ ᠭᠤᠳᠤᠮᠵᠢ᠂ ᠨᠠᠢᠭᠡᠮ ᠲᠤᠭᠤᠷᠢᠭ᠎ᠤᠨ ᠰᠠᠭᠤᠭᠠᠯᠢ ᠠᠷᠠᠳ ᠨᠢ ᠪᠠᠰᠠ ᠲᠡᠳᠠᠨ᠎ᠤ ᠬᠢᠨ᠎ᠳᠤ ᠨᠤᠮ ᠬᠠᠨᠳᠢᠪᠯᠡᠳᠠᠭ ᠪᠠᠢᠯ᠎ᠠ᠃ ᠡᠳᠡᠭᠡᠷ ᠵᠢᠯ᠎ᠤᠨ ᠲᠤᠷᠰᠢ ᠪᠠᠭᠠᠳᠤᠷ᠎ᠤᠨ ᠬᠢᠨ᠎ᠤ ᠨᠤᠮ ᠪᠢᠴᠢᠭ ᠡᠳᠦᠷ ᠡᠴᠡ ᠡᠳᠦᠷ ᠤᠯᠠᠰᠢᠷᠠᠭᠰᠠᠨ ᠡᠴᠡ ᠲᠡᠷᠡ ᠪᠦᠰᠡᠬᠦᠢ ᠲᠠᠢ᠎ᠪᠡᠨ ᠵᠥᠪᠳᠡᠯᠴᠡᠵᠦ ᠪᠠᠢᠭᠠᠳ ᠭᠡᠷ᠎ᠦᠨ᠎ᠢᠶᠡᠨ ᠨᠢᠭᠡ ᠤᠨᠳᠠᠯᠭ᠎ᠠ ᠵᠢᠨ ᠦᠷᠦᠭᠡ ᠪᠠᠨ ᠭᠠᠷᠭᠠᠵᠦ 《ᠬᠠᠢᠷ᠎ᠠ ᠵᠢᠨ ᠬᠠᠯᠠᠭᠤᠨ ᠦᠷᠦᠭᠡ》 ᠬᠡᠬᠦ ᠨᠤᠮ᠎ᠤᠨ ᠦᠷᠦᠭᠡ ᠪᠠᠢᠭᠤᠯᠵᠠᠢ᠃ ᠰᠠᠶᠢ ᠡᠬᠢᠯᠡᠭᠡᠳ ᠬᠡᠳᠦᠨ ᠵᠠᠭᠤᠨ ᠳᠡᠪᠲᠡᠷ ᠨᠣᠮ ᠪᠠᠢᠭᠰᠠ᠎ᠠᠴᠠ ᠤᠳᠤ ᠪᠤᠯᠬᠤ᠎ᠳᠤ ᠨᠢᠭᠡᠨᠲᠠ 2000 ᠭᠠᠷᠤᠢ ᠳᠡᠪᠲᠡᠷ ᠨᠣᠮ ᠲᠠᠢ ᠪᠤᠯᠵᠦ᠂ ᠪᠠᠶᠠᠷ ᠳᠤᠷᠠᠰᠬᠠᠯ ᠠᠮᠠᠷᠠᠯᠲᠠ᠎ᠶᠢᠨ ᠡᠳᠦᠷ ᠪᠣᠯᠬᠤ ᠪᠦᠷᠢ ᠲᠡᠳᠡᠨᠠᠢᠬᠢᠨ᠎ᠳᠤ ᠨᠣᠮ ᠦᠵᠡᠵᠦ ᠵᠢᠭᠡᠯᠡᠬᠦ ᠪᠡᠷ ᠢᠷᠡᠳᠡᠭ ᠬᠦᠮᠦᠰ ᠮᠠᠰᠢ ᠤᠯᠠᠨ ᠪᠠᠢᠳᠠᠭ ᠬᠡᠨ᠎ᠠ᠃

— 《ᠬᠠᠢᠷ᠎ᠠ ᠵᠢᠨ ᠬᠠᠯᠠᠭᠤᠨ ᠦᠷᠦᠭᠡ》 ᠬᠡᠬᠦ ᠨᠤᠮ᠎ᠤᠨ ᠦᠷᠦᠭᠡ ᠪᠤᠯ ᠤᠯᠠᠨ᠎ᠤ ᠬᠠᠪᠰᠤᠷᠤᠯᠭ᠎ᠠ ᠪᠡᠷ ᠪᠠᠢᠭᠤᠯᠤᠭᠳᠠᠭᠰᠠᠨ ᠬᠡᠵᠦ ᠬᠡᠯᠡᠪᠠᠯ ᠲᠤᠬᠢᠷᠠᠮᠵᠢᠲᠠᠢ᠃ ᠨᠤᠮ᠎ᠤᠨ ᠦᠷᠦᠭᠡ ᠪᠠᠢᠭᠤᠯᠤᠭᠳᠠᠭᠰᠠᠨ ᠡᠴᠡ ᠪᠢᠳᠠᠨ᠎ᠤ ᠠᠮᠢᠳᠤᠷᠠᠯ ᠪᠠᠰᠠ ᠶᠡᠭᠡ ᠬᠤᠪᠢᠷᠠᠯᠲᠠ ᠲᠠᠢ ᠪᠤᠯᠵᠦ᠂ ᠮᠠᠨ᠎ᠤ ᠬᠤᠶᠠᠷ ᠬᠦᠦ ᠪᠠᠰᠠ ᠨᠤᠮ᠎ᠳᠤ ᠲᠤᠷ᠎ᠠ ᠪᠠᠬ᠎ᠠ ᠲᠠᠢ ᠪᠤᠯᠤᠭᠰᠠᠨ ᠰᠢᠤ! ᠮᠠᠨ᠎ᠤ ᠨᠡᠢᠭᠡᠮ ᠲᠣᠭᠣᠷᠢᠭ᠋᠂ ᠵᠡᠭᠡᠯᠢ ᠭᠤᠳᠤᠮᠵᠢ ᠵᠢᠨ ᠬᠢᠨ ᠶᠤᠰᠤᠲᠠᠢ ᠨᠢᠭᠡᠨ ᠬᠠᠯᠠᠭᠤᠨ ᠲᠤᠯᠠᠭᠠᠨ ᠲᠤᠮᠤ ᠬᠡᠷ ᠪᠦᠯᠢ ᠰᠢᠤ ᠬᠡᠵᠦ ᠪᠠᠭᠠᠳᠤᠷ ᠤᠴᠢᠷᠳᠠᠢᠬᠠᠨ ᠶᠠᠷᠢᠯ᠎ᠠ᠃

—《ᠡᠭᠡᠴᠤᠤᠯ᠎ᠤᠨ ᠬᠠᠪᠰᠤᠷᠬᠤ ᠪᠦᠯᠬᠦᠮ》ᠮᠡᠲᠦ᠎ᠶᠢᠨ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ᠎ᠲᠠᠢ ᠪᠣᠯᠤᠭᠰᠠᠨ᠎ᠠᠴᠠ ᠮᠠᠨ᠎ᠤ ᠵᠡᠭᠡᠯᠢ ᠭᠤᠳᠤᠮᠵᠢ᠂ ᠨᠡᠢᠭᠡᠮ ᠲᠣᠭᠣᠷᠢᠭ᠋᠎ᠤᠨ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ ᠡᠶ᠎ᠡ ᠵᠣᠬᠢᠴᠠᠯ᠎ᠲᠠᠢ᠎ᠪᠠᠷ ᠤᠷᠤᠰᠢᠨ ᠰᠠᠭᠤᠷᠢᠰᠢᠵᠦ᠂ ᠨᠢᠭᠡ ᠭᠡᠷ᠎ᠦᠨ ᠬᠥᠮᠥᠨ ᠰᠢᠭ ᠲᠤᠳᠤᠨᠤᠰᠤᠭ ᠪᠤᠯᠵᠦ᠂ ᠨᠠᠩ ᠤᠯᠠᠨ ᠬᠦᠮᠦᠰ ᠴᠦᠮ ᠰᠠᠢᠨ ᠳᠤᠷ᠎ᠠ ᠡᠴᠡ ᠪᠠᠨ ᠦᠢᠯᠡᠴᠢᠯᠡᠭᠡᠨ᠎ᠤ ᠠᠵᠢᠯ᠎ᠳᠦ ᠣᠷᠣᠯᠴᠠᠬᠤ ᠪᠤᠯᠤᠭᠰᠠᠨ ᠬᠡᠵᠦ ᠯᠢᠨ ᠶᠢᠨ ᠵᠡᠭᠡᠯᠢ ᠭᠤᠳᠤᠮᠵᠢ ᠵᠢᠨ ᠬᠠᠢ ᠰᠢᠨ ᠨᠡᠢᠭᠡᠮ ᠲᠣᠭᠣᠷᠢᠭ᠋᠎ᠤᠨ ᠨᠠᠮ᠎ᠤᠨ ᠡᠬᠦᠷ᠎ᠤᠨ ᠱᠦᠵᠢ ᠸᠠᠩ ᠢᠦᠢ ᠵᠢᠩ ᠰᠤᠷᠪᠤᠯᠵᠢᠯᠠᠭ᠍ᠴᠢ᠎ᠳᠤ ᠶᠠᠷᠢᠵᠦ ᠪᠠᠢᠪᠠ᠃

ᠬᠠᠷᠠᠮ ᠦᠭᠡᠢ ᠵᠢᠳᠬᠦᠭᠴᠢ《ᠪᠤᠭᠤᠷᠤᠯᠴᠤᠳ᠎ᠤᠨᠤᠬᠠᠭᠤᠯᠤᠨ ᠲᠠᠢᠯᠪᠤᠷᠢᠯᠠᠬᠤ     ᠪᠦᠯᠬᠦᠮ》

ᠯᠢᠨ ᠶᠢᠨ ᠵᠡᠭᠡᠯᠢ ᠭᠤᠳᠤᠮᠵᠢ᠎ᠳᠤ ᠪᠠᠰᠠ《ᠪᠤᠭᠤᠷᠤᠯᠴᠤᠳ᠎ᠤᠨ ᠤᠬᠠᠭᠤᠯᠤᠨ ᠲᠠᠢᠯᠪᠤᠷᠢᠯᠠᠬᠤ ᠪᠦᠯᠬᠦᠮ》 ᠬᠡᠬᠦ ᠠᠬᠠᠮᠠᠳ ᠰᠠᠢᠨ ᠲᠤᠷᠠᠴᠤᠳ᠎ᠤᠨ ᠦᠢᠯᠡᠴᠢᠯᠡᠭᠡᠨ᠎ᠤ ᠠᠩᠬᠢ ᠪᠤᠢ᠃ ᠲᠤᠰ ᠪᠦᠯᠬᠦᠮ ᠨᠢ ᠤᠳᠤ ᠨᠠᠢᠲᠠ 26 ᠬᠡᠰᠢᠬᠦᠨ ᠲᠠᠢ ᠪᠠᠢᠵᠦ᠂ ᠬᠠᠮᠤᠭ᠎ᠤᠨ ᠠᠬᠠᠮᠠᠳ ᠨᠢ 78 ᠬᠦᠷᠴᠤ᠂ ᠬᠠᠮᠤᠭ᠎ᠤᠨ ᠪᠠᠭ᠎ᠠ ᠨᠢ᠎ᠴᠤ 65 ᠬᠦᠷᠦᠭᠰᠡᠨ ᠪᠠᠢᠨ᠎ᠠ᠃ ᠡᠩ᠎ᠦᠨ ᠦᠶ᠎ᠡ᠎ᠳᠦ᠂ ᠨᠠᠰᠤᠲᠠᠢᠴᠤᠳ ᠦᠨᠳᠦᠰᠦᠨ ᠱᠠᠳᠤ᠂ ᠬᠥᠳᠡᠭᠡ ᠲᠣᠰᠬᠣᠨ᠂ ᠠᠵᠤ ᠠᠬᠤᠢᠯᠠᠯ᠂ ᠰᠤᠷᠭᠠᠭᠤᠯᠢ ᠵᠡᠷᠭᠡ᠎ᠳᠤ ᠬᠦᠷᠴᠦ᠂ ᠣᠷᠭᠢᠯᠤᠮ᠎ᠠ ᠬᠠᠯᠠᠭᠤᠨ ᠰᠡᠳᠬᠢᠯᠭᠡ᠎ᠪᠡᠷ ᠦᠨᠳᠦᠰᠦᠲᠡᠨ᠎ᠦ ᠪᠦᠯᠬᠦᠮᠳᠡᠯ᠎ᠦᠨ ᠦᠯᠢᠭᠡᠷ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠳᠤ ᠴᠤᠭᠴᠠᠯᠬᠤ ᠬᠠᠮᠢᠶ᠎ᠠ ᠪᠦᠬᠦᠢ ᠠᠭᠤᠯᠭ᠎ᠠ ᠲᠠᠢ ᠦᠯᠢᠭᠡᠷ ᠵᠢᠱ᠌ᠢᠶ᠎ᠠ ᠨᠤᠬᠦᠳ ᠎ᠢ ᠤᠯᠠᠨ ᠎ᠳᠤ ᠶᠠᠷᠢᠵᠦ ᠤᠬᠠᠭᠤᠯᠬᠤ ᠪᠡᠷ ᠲᠠᠮᠵᠢᠨ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠬᠤ᠎ᠶᠢ ᠬᠦᠳᠦᠯᠦᠨ ᠲᠠᠭᠠᠭᠤᠯᠳᠠᠭ ᠠᠵᠢ᠃

ᠡᠨᠡ ᠵᠢᠯ 78 ᠨᠠᠰᠤᠲᠠᠢ ᠰᠢᠶᠣᠣ ᠲᠢᠩ ᠰᠢ ᠪᠣᠯ 《ᠪᠤᠭᠤᠷᠤᠯᠴᠤᠳ᠎ᠤᠨ ᠤᠬᠠᠭᠤᠯᠤᠨ ᠲᠠᠢᠯᠪᠤᠷᠢᠯᠠᠬᠤ ᠪᠦᠯᠬᠦᠮ》 ᠤ᠋ᠨ ᠠᠬᠠᠯᠠᠭᠴᠢ ᠵᠢᠨ ᠨᠢᠭᠡ ᠪᠤᠯᠤᠨ᠎ᠠ᠃ ᠬᠡᠳᠦᠢᠪᠡᠷ ᠨᠠᠰᠤ ᠶᠠᠪᠤᠵᠦ ᠨᠠᠶᠠᠨ ᠲᠠᠪᠠᠭ᠎ᠠ ᠵᠢ ᠲᠠᠪᠠᠬᠤ ᠪᠤᠯᠤᠭᠰᠠᠨ᠎ᠴᠤ ᠲᠡᠷᠡ ᠮᠦᠨ᠎ᠬᠦ ᠤᠷᠬᠢᠯᠦᠮ᠎ᠠ ᠬᠠᠯᠠᠭᠤᠨ ᠰᠡᠳᠬᠢᠯᠭᠡ ᠪᠡᠷ ᠠᠵᠢᠯᠯᠠᠨ᠂ ᠬᠠᠮᠢᠭ᠎ᠠ ᠴᠢᠬᠤᠯᠠ ᠲᠠᠢ ᠪᠤᠯ ᠲᠡᠨᠲᠠ ᠬᠦᠷᠴᠤ ᠦᠪᠡᠷ᠎ᠤᠨ ᠴᠢᠳᠠᠬᠤ ᠵᠢᠨ ᠬᠢᠷᠢ ᠪᠡᠷ ᠵᠢᠡᠨ ᠨᠠᠮ᠎ᠤᠨ ᠲᠦᠷᠦ ᠵᠢᠨ ᠪᠤᠳᠤᠯᠭ᠎ᠠ ᠪᠠ ᠦᠨᠳᠦᠰᠦᠲᠠᠨ᠎ᠤ ᠪᠦᠯᠬᠦᠮᠳᠠᠯ ᠎ᠤᠨ ᠠᠭᠤᠯᠭ᠎ᠠ ᠵᠢ ᠤᠯᠠᠨ᠎ᠳᠤ ᠤᠬᠠᠭᠤᠯᠤᠨ ᠲᠡᠢᠯᠪᠤᠷᠢᠯᠠᠳᠠᠭ ᠪᠠᠢᠯ᠎ᠠ᠃

ᠪᠢᠳᠠᠨ᠎ᠢ ᠤᠴᠢᠬᠤ ᠡᠴᠡ ᠬᠡᠳᠦᠨ ᠡᠳᠦᠷ᠎ᠤᠨ ᠡᠮᠦᠨ᠎ᠠ ᠯᠢᠨ ᠶᠢᠨ ᠵᠡᠭᠡᠯᠢ ᠭᠤᠳᠤᠮᠵᠢ ᠵᠢᠨ ᠠᠯᠪᠠᠯᠠᠬᠤ ᠠᠰᠠᠷ᠎ᠤᠨ ᠬᠤᠷᠠᠯ᠎ᠤᠨ ᠬᠡᠷ᠎ᠲᠤ《ᠨᠠᠮ᠎ᠢᠶᠠᠨ ᠲᠠᠭᠠᠵᠥ ᠡᠷᠡᠯᠭᠡᠭᠯᠡᠨ ᠤᠷᠤᠭᠰᠢᠯᠠᠵᠦ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠬᠦ ᠲᠠᠯ᠎ᠠ᠎ᠪᠠᠷ ᠪᠠᠶ᠋ᠢᠭᠤᠯᠬᠤ ᠪᠡᠷ ᠬᠠᠮᠳᠤ ᠪᠡᠷ ᠴᠢᠷᠮᠠᠢᠶ᠎ᠠ》ᠬᠡᠬᠦ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠬᠤ ᠤᠬᠠᠭᠤᠯᠤᠨ ᠲᠠᠢᠯᠪᠤᠷᠢᠯᠠᠬᠤ᠎ᠠᠵᠢᠯᠯᠠᠭ᠎ᠠ ᠶᠠᠪᠤᠭᠳᠠᠵᠠᠢ᠃ ᠵᠡᠭᠡᠯᠢ ᠭᠤᠳᠤᠮᠵᠢ ᠵᠢᠨ ᠤᠯᠠᠩᠬᠢ ᠰᠠᠭᠤᠭᠠᠯᠢ ᠠᠷᠠᠳ᠎ᠤᠳ ᠴᠦᠮ ᠦᠪᠡᠷ᠎ᠤᠨ ᠰᠠᠢᠨ ᠲᠤᠷ᠎ᠠ ᠡᠴᠡ ᠪᠠᠨ ᠬᠦᠷᠴᠤ《ᠪᠤᠭᠤᠷᠤᠯᠴᠤᠳ᠎ᠤᠨ ᠤᠬᠠᠭᠤᠯᠤᠨ ᠲᠠᠢᠯᠪᠤᠷᠢᠯᠠᠬᠤ ᠪᠦᠯᠬᠦᠮ》ᠤ᠋ᠨ ᠨᠠᠷᠢᠨ ᠬᠢᠨᠠᠮᠠᠭᠠᠢ ᠤᠬᠠᠭᠤᠯᠤᠨ ᠲᠠᠢᠯᠪᠤᠷᠢᠯᠠᠬᠤ ᠵᠢ ᠰᠤᠨᠤᠰᠴᠤ᠂ ᠭᠣᠣᠯᠯᠠᠨ ᠶᠠᠷᠢᠭ᠍ᠴᠢ ᠰᠢᠶᠣᠣ ᠲᠢᠩ ᠰᠢ ᠡᠴᠡ《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》 ᠢ᠋ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ ᠵᠢᠴᠢ《ᠳᠤᠮᠳᠠᠳᠤ ᠵᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ ᠎ᠢ ᠪᠠᠲᠤ ᠴᠤᠭᠴᠠᠯᠠᠬᠤ》ᠪᠣᠯ ᠰᠢᠨ᠎ᠡ ᠴᠠᠭ ᠦᠶ᠎ᠡ᠎ᠶᠢᠨ ᠦᠨᠳᠦᠰᠦᠲᠡᠨ᠎ᠦ ᠠᠵᠢᠯ᠎ᠢ ᠰᠠᠢᠲᠤᠷ ᠬᠢᠬᠦ᠎ᠶᠢᠨ ᠭᠣᠣᠯ ᠱᠤᠭᠤᠮ ᠬᠡᠬᠦ ᠵᠡᠷᠭᠡ ᠬᠡᠳᠦᠨ ᠲᠠᠯ᠎ᠠ᠎ᠶᠢᠨ ᠠᠭᠤᠯᠭ᠎ᠠ ᠵᠢ ᠤᠬᠠᠭᠤᠯᠤᠨ ᠲᠠᠢᠯᠪᠤᠷᠢᠯᠠᠪᠠ᠃

— ᠨᠡᠢᠭᠡᠮ ᠲᠣᠭᠣᠷᠢᠭ᠋᠂ ᠰᠤᠷᠭᠠᠭᠤᠯᠢ᠂ ᠲᠠᠷᠢᠶᠠᠯᠠᠬᠤ ᠣᠷᠣᠨ᠁ ᠬᠠᠮᠢᠭ᠎ᠠ  ᠪᠢᠳᠡᠨ᠎ᠢᠶᠡᠷ ᠶᠠᠷᠢᠭᠤᠯᠬᠤ ᠴᠢᠬᠤᠯᠠ᠎ᠲᠠᠢ ᠪᠣᠯ ᠪᠢᠳᠡ ᠲᠠᠷᠤᠢ ᠲᠠᠳᠠᠭᠠᠯᠵᠠᠯ ᠦᠭᠡᠢ ᠪᠡᠷ ᠲᠡᠨᠲᠠ ᠬᠦᠷᠴᠤ ᠤᠴᠢᠨ᠎ᠠ ᠬᠡᠵᠦ ᠰᠢᠶᠣᠣ ᠲᠢᠩ ᠰᠢ ᠶᠠᠷᠢᠬᠤ ᠵᠢᠨ ᠲᠠᠭᠠᠤ᠎ᠳᠤ ᠪᠢᠴᠢᠭ ᠮᠠᠲᠧᠷᠢᠶᠠᠯ᠎ᠤᠨ ᠪᠣᠭᠴᠣᠨ ᠡᠴᠡ ᠪᠠᠨ ᠨᠢᠭᠡ ᠣᠪᠣᠭ᠎ᠠ ᠵᠣᠪ ᠵᠤᠵᠠᠭᠠᠨ ᠡᠬᠡ ᠪᠢᠴᠢᠭ᠎ᠦᠨ ᠴᠠᠭᠠᠰᠤ ᠭᠠᠷᠭᠠᠵᠦ ᠪᠢᠳᠠᠨ᠎ᠳᠤ ᠦᠵᠡᠬᠦᠯᠦᠨ᠎ᠠ᠃

ᠲᠡᠳᠡᠭᠡᠷ ᠮᠠᠲᠸᠷᠢᠶᠠᠯ ᠪᠤᠯ ᠲᠡᠬᠦᠨ᠎ᠤ ᠤᠬᠠᠭᠤᠯᠤᠨ ᠲᠠᠢᠯᠪᠤᠷᠢᠯᠠᠬᠤ ᠭᠣᠣᠯᠳᠠᠯᠭ᠎ᠠ ᠪᠣᠯᠣᠨ ᠰᠤᠷᠤᠯᠴᠠᠭᠰᠠᠨ ᠣᠯᠣᠯᠲᠠ ᠲᠥᠷᠥᠭᠳᠡᠯ᠎ᠤᠨ ᠲᠤᠬᠠᠢ ᠨᠠᠷᠢᠨ ᠲᠡᠮᠳᠡᠭᠯᠡᠯ ᠪᠤᠯᠤᠨ᠎ᠠ᠃ ᠲᠡᠳᠠ ᠡᠨᠡ᠎ᠬᠦ ᠤᠳᠬ᠎ᠠ ᠲᠡᠬᠦᠯᠳᠠᠷ  ᠦᠢᠯᠡ ᠠᠵᠢᠯᠯᠠᠭ᠎ᠠ ᠪᠠᠨ ᠨᠠᠩ ᠣᠯᠠᠨ ᠬᠦᠮᠦᠰ᠎ᠲᠤ ᠣᠢᠯᠠᠭᠠᠭᠤᠯᠬᠤ᠎ᠶᠢᠨ ᠲᠥᠯᠥᠭᠡ᠂ ᠲᠤᠰᠬᠠᠢᠯᠠᠨ ᠰᠤᠳᠤᠯᠤᠨ ᠶᠠᠷᠢᠯᠴᠠᠬᠤ ᠮᠠᠲᠧᠷᠢᠶᠠᠯ᠎ᠢ ᠴᠤᠭᠯᠠᠭᠤᠯᠤᠨ ᠡᠮᠬᠢᠳᠬᠡᠬᠦ ᠬᠥᠮᠥᠨ ᠭᠠᠷᠭᠠᠵᠠᠢ᠃ ᠲᠡᠳᠠᠨ᠎ᠤ ᠴᠤᠭᠯᠠᠭᠤᠯᠤᠭᠰᠠᠨ ᠤᠯᠠᠨ ᠮᠠᠲᠸᠷᠢᠶᠠᠯ᠎ᠤᠳ᠎ᠢ ᠬᠣᠲᠠ᠂ ᠲᠣᠭᠣᠷᠢᠭ᠋᠎ᠤᠨ ᠨᠠᠮ᠎ᠤᠨ ᠬᠣᠷᠢᠶ᠎ᠠ᠎ᠶᠢᠨ ᠤᠬᠠᠭᠤᠯᠬᠤ ᠬᠡᠯᠲᠡᠰ᠎ᠤᠨ ᠬᠢᠨ ᠨᠢ ᠪᠠᠰᠠ ᠦᠷᠬᠦᠯᠵᠢ ᠵᠢᠭᠡᠯᠡᠨ ᠰᠤᠷᠤᠯᠴᠠᠳᠠᠭ᠃

ᠤᠬᠠᠭᠤᠯᠤᠨ ᠲᠠᠢᠯᠪᠤᠷᠢᠯᠠᠬᠤ ᠡᠴᠡ ᠭᠠᠳᠠᠨ᠎ᠠ᠂ ᠨᠠᠰᠤᠲᠠᠢᠴᠤᠳ ᠪᠠᠰᠠ ᠵᠡᠮᠳᠡᠭ ᠪᠠᠭᠤᠷᠠᠢᠴᠤᠤᠯ᠎ᠢ ᠬᠠᠪᠰᠤᠷᠬᠤ ᠤᠯᠠᠨ ᠰᠠᠢᠨ ᠤᠴᠢᠷ ᠬᠢᠵᠦ ᠶᠠᠪᠤᠳᠠᠭ᠃ ᠯᠢᠨ ᠶᠢᠨ ᠵᠡᠭᠡᠯᠢ ᠭᠤᠳᠤᠮᠵᠢ ᠵᠢᠨ ᠬᠠᠷᠢᠶᠠᠨ᠎ᠳᠡᠬᠢ ᠯᠢᠤ ᠱᠸ᠋ ᠵᠸᠨ ᠪᠤᠯ ᠭᠠᠭᠴᠠᠭᠠᠷ ᠵᠢᠡᠨ ᠪᠠᠢᠳᠠᠭ ᠵᠡᠮᠳᠡᠭ ᠨᠠᠰᠤᠲᠠᠨ ᠪᠤᠯᠤᠨ᠎ᠠ᠃ ᠨᠢᠳᠤᠨᠤᠨ ᠵᠤᠨ᠎ᠤ ᠤᠴᠢᠷ ᠪᠠᠢᠵᠦ ᠪᠢᠯᠡ᠃ ᠨᠠᠷᠠ ᠲᠦᠭᠡᠨᠡᠭᠰᠡᠨ ᠰᠠᠢᠬᠠᠨ ᠡᠳᠦᠷ ᠵᠢᠡᠷ ᠨᠠᠰᠤᠲᠠᠨ ᠬᠦᠷᠳᠤᠳᠤ ᠰᠠᠨᠳᠠᠯᠢ ᠲᠡᠭᠡᠷ᠎ᠠ ᠪᠠᠨ ᠰᠠᠭᠤᠵᠦ ᠠᠰᠠᠷ᠎ᠤᠨ ᠭᠤᠳᠤᠮᠵᠢ ᠵᠢᠨ ᠡᠬᠦᠳᠠ ᠪᠡᠷ ᠭᠠᠷᠬᠤ ᠬᠡᠳᠠᠯ᠎ᠠ ᠰᠠᠨᠠᠭᠠᠨ᠎ᠳᠦ ᠦᠬᠡᠢ ᠰᠠᠭᠠᠳ ᠦᠭᠡᠢ ᠱᠠᠳᠤᠨ ᠡᠴᠡ ᠤᠨᠠᠵᠦ ᠬᠦᠯ ᠵᠢᠡᠨ ᠬᠦᠨᠳᠤ ᠬᠡᠮᠳᠦᠭᠡᠵᠠᠢ᠃ ᠲᠡᠬᠦᠨ᠎ᠤ ᠪᠠᠢᠳᠠᠯ᠎ᠢ ᠤᠢᠯᠠᠭᠠᠭᠰᠠᠨ《ᠪᠤᠭᠤᠷᠤᠯᠴᠤᠳ᠎ᠤᠨ ᠤᠬᠠᠭᠤᠯᠤᠨ ᠲᠠᠢᠯᠪᠤᠷᠢᠯᠠᠬᠤ ᠪᠦᠯᠬᠦᠮ》ᠤ᠋ᠨ ᠬᠡᠰᠢᠬᠦᠳ ᠨᠢ ᠡᠭᠡᠯᠵᠢᠯᠡᠵᠦ ᠬᠡᠷ᠎ᠲᠤ ᠨᠢ ᠬᠦᠷᠴᠤ ᠨᠠᠰᠤᠲᠠᠨ᠎ᠢ ᠠᠰᠠᠷᠠᠨ ᠬᠠᠷᠠᠭᠠᠯᠵᠠᠵᠦ᠂ ᠲᠡᠬᠦᠨ᠎ᠳᠤ ᠮᠠᠰᠢ ᠶᠡᠭᠡ ᠬᠠᠢᠷ᠎ᠠ ᠬᠠᠯᠠᠮᠵᠢ ᠤᠯᠭᠤᠭᠰᠠᠨ ᠪᠢᠯᠡ᠃

《ᠠᠵᠢᠯ ᠬᠢᠪᠠᠯ ᠲᠠᠭᠤᠰᠳᠠᠯ᠎ᠠ ᠲᠠᠪᠤᠰᠤ ᠬᠢᠪᠠᠯ ᠠᠭᠤᠰᠳᠠᠯ᠎ᠠ》 ᠬᠡᠳᠡᠭᠴᠢᠯᠡᠨ᠂ ᠯᠢᠦ ᠱᠸ᠋ ᠵᠸᠨ᠎ᠤ ᠬᠤᠵᠢᠮ᠎ᠤᠨ ᠠᠮᠢᠳᠤᠷᠠᠯ᠎ᠤᠨ ᠬᠦᠴᠢᠷ ᠰᠠᠭᠠᠳ᠎ᠢ ᠪᠤᠳᠤᠯᠬᠢᠯᠡᠨ᠂ ᠲᠡᠬᠦᠨ᠎ᠢ ᠦᠷᠬᠦᠯᠵᠢ ᠭᠠᠳᠠᠨ᠎ᠠ ᠭᠠᠷᠴᠤ ᠨᠠᠷᠠ ᠰᠠᠯᠬᠢ ᠦᠵᠡᠬᠦᠯᠬᠦ᠎ᠳᠤ ᠲᠤᠰᠠ ᠲᠡᠮ ᠪᠤᠯᠬᠤ ᠵᠢ ᠵᠤᠷᠢᠭᠰᠠᠨ 《ᠪᠤᠭᠤᠷᠤᠯᠴᠤᠳ᠎ᠤᠨ ᠤᠬᠠᠭᠤᠯᠤᠨ ᠲᠠᠢᠯᠪᠤᠷᠢᠯᠠᠬᠤ ᠪᠦᠯᠬᠦᠮ》ᠤ᠋ᠨ ᠬᠢᠨ ᠲᠡᠬᠦᠨ᠎ᠤ ᠰᠠᠭᠤᠵᠦ ᠪᠠᠢᠭ᠎ᠠ ᠠᠰᠠᠷ᠎ᠤᠨ ᠰᠠᠭᠠᠳ ᠦᠭᠡᠢ ᠱᠠᠳᠤ ᠵᠢ ᠨᠢ ᠤᠤᠯ ᠡᠴᠡ ᠨᠢ ᠲᠤᠤᠷ᠎ᠠ ᠪᠤᠯᠭᠠᠨ ᠦᠭᠡᠷᠡᠴᠢᠯᠡᠨ ᠵᠠᠰᠠᠵᠦ ᠦᠭᠴᠠᠢ᠃

— ᠭᠠᠭᠴᠠᠭᠠᠷ ᠵᠢᠡᠨ ᠰᠠᠭᠤᠳᠠᠭ ᠵᠡᠮᠳᠡᠭ ᠬᠦᠮᠦᠨ᠎ᠤ ᠠᠮᠢᠳᠤᠷᠠᠯ ᠮᠠᠰᠢ ᠬᠦᠴᠢᠷ ᠨᠢ ᠶᠠᠷᠢᠶᠠᠨ ᠦᠭᠡᠢ᠃ ᠲᠡᠳᠠᠨ᠎ᠤ ᠬᠦᠴᠢᠷᠳᠡᠯ᠎ᠢ  ᠰᠢᠢᠳᠪᠦᠷᠢᠯᠡᠵᠦ ᠦᠭᠪᠠᠯ ᠪᠢᠳᠡ ᠰᠠᠨᠠᠭ᠎ᠠ  ᠠᠮᠤᠷ ᠪᠤᠯᠳᠠᠭ ᠰᠢᠤ!ᠪᠢᠳᠠ ᠲᠡᠳᠠᠨ᠎ᠢ ᠠᠮᠢᠳᠤᠷᠠᠯ ᠲᠡᠭᠡᠷ᠎ᠠ ᠨᠢ ᠬᠠᠪᠰᠤᠷᠬᠤ ᠡᠴᠡ ᠭᠠᠳᠠᠨ᠎ᠠ ᠴᠠᠭ ᠭᠠᠷᠪᠠᠯ ᠪᠠᠰᠠ ᠬᠡᠷ᠎ᠲᠤ ᠨᠢ ᠬᠦᠷᠴᠤ ᠨᠠᠮ᠎ᠤᠨ ᠲᠦᠷᠤ ᠵᠢᠨ ᠪᠤᠳᠤᠯᠭ᠎ᠠ᠂ ᠨᠠᠢᠭᠡᠮ᠎ᠤᠨ ᠪᠠᠢᠳᠠᠯ᠂ ᠠᠷᠠᠳ᠎ᠤᠨ ᠠᠮᠢᠳᠤᠷᠠᠯ᠎ᠢ  ᠤᠬᠠᠭᠤᠯᠤᠨ ᠲᠠᠢᠯᠪᠤᠷᠢᠯᠡᠵᠦ ᠦᠭᠳᠡᠭ᠃ ᠡᠬᠦᠨ ᠵᠢᠡᠷ ᠲᠠᠮᠵᠢᠨ᠂ ᠲᠡᠳᠠ ᠠᠮᠢᠳᠤᠷᠠᠯ᠎ᠳᠤ ᠪᠠᠨ ᠢᠳᠡᠭᠡᠯ ᠲᠠᠢ ᠪᠤᠯᠬᠤ ᠪᠡᠷ ᠪᠠᠷᠠᠬᠤ ᠦᠭᠡᠢ ᠴᠠᠭ ᠲᠦᠷᠦ ᠵᠢᠨ ᠪᠠᠢᠳᠠᠯ᠎ᠢ ᠪᠠᠰᠠ ᠴᠠᠭ ᠢᠮᠠᠭᠳᠠ ᠤᠢᠯᠠᠭᠠᠨ ᠮᠡᠳᠡᠵᠦ ᠲᠡᠢᠯᠬᠦ ᠪᠤᠯᠤᠨ᠎ᠠ ᠬᠡᠵᠦ ᠰᠢᠶᠤᠤ ᠲᠢᠩ ᠰᠢ ᠶᠠᠷᠢᠨ᠎ᠠ᠃

— ᠣᠢᠷ᠎ᠠ᠎ᠶᠢᠨ ᠵᠢᠯ᠎ᠡᠴᠡ ᠨᠠᠭᠠᠰᠢ ᠮᠠᠨ᠎ᠤ ᠵᠡᠭᠡᠯᠢ ᠭᠤᠳᠤᠮᠵᠢ᠎ᠶᠢᠨ ᠬᠢᠨ ᠳᠤᠮᠳᠠᠳᠤ᠎ᠶᠢᠨ ᠦᠨᠳᠦᠰᠦᠲᠡᠨ ᠎ᠦ ᠬᠠᠮᠲᠤ ᠎ᠶᠢᠨ ᠴᠣᠭᠴᠠ᠎ᠶᠢᠨ ᠤᠬᠠᠮᠰᠠᠷ᠎ᠢ ᠪᠠᠳᠤ ᠴᠤᠭᠴᠠᠯᠠᠬᠤ᠎ᠪᠠᠷ ᠠᠵᠢᠯ᠎ᠤᠨ ᠭᠣᠣᠯ ᠰᠢᠵᠢᠮ ᠵᠢᠡᠨ ᠪᠣᠯᠭᠠᠵᠤ᠂ ᠵᠡᠭᠡᠯᠢ ᠭᠤᠳᠤᠮᠵᠢ ᠵᠢᠨ ᠬᠠᠷᠢᠶᠠᠨ᠎ᠳᠡᠬᠢ ᠡᠯ᠎ᠠ ᠦᠨᠳᠦᠰᠦᠲᠠᠨ᠎ᠤ ᠠᠷᠠᠳ ᠲᠦᠮᠡᠨ ᠠᠨᠠᠷ᠎ᠤᠨ ᠦᠷ᠎ᠡ ᠰᠢᠭ ᠪᠦᠯᠬᠦᠮᠳᠠᠨ ᠰᠠᠭᠤᠷᠢᠰᠢᠵᠦ ᠪᠠᠢᠬᠤ ᠪᠡᠷ ᠪᠠᠷᠠᠬᠤ ᠦᠭᠡᠢ ᠨᠠᠩ᠎ᠴᠤ《ᠡᠭᠡᠴᠤᠤᠯ᠎ᠤᠨ ᠬᠠᠪᠰᠤᠷᠬᠤ ᠪᠦᠯᠬᠦᠮ》᠂ 《ᠪᠤᠭᠤᠷᠤᠯᠴᠤᠳ᠎ᠤᠨ ᠤᠬᠠᠭᠤᠯᠤᠨ ᠲᠠᠢᠯᠪᠤᠷᠢᠯᠠᠬᠤ ᠪᠦᠯᠬᠦᠮ》 ᠵᠡᠷᠭᠡ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ ᠵᠢᠨ ᠬᠠᠪᠰᠤᠷᠤᠯᠭ᠎ᠠ ᠲᠡᠮᠵᠢᠯᠭᠡ ᠲᠤᠤᠷ᠎ᠠ ᠮᠠᠨ᠎ᠤ ᠨᠢᠭᠡ ᠪᠦᠯᠦᠭ ᠠᠮᠢᠳᠤᠷᠠᠯ᠎ᠳᠠᠭᠠᠨ ᠬᠦᠴᠢᠷ ᠲᠠᠢ ᠰᠠᠭᠤᠭᠠᠯᠢ ᠠᠷᠠᠳ᠎ᠤᠳ᠎ᠲᠤ ᠢᠳᠡᠭᠡᠯ ᠵᠤᠷᠢᠭ ᠪᠠ ᠬᠠᠷᠠᠯᠲᠠ ᠬᠦᠭᠡᠭᠡᠴᠠᠯᠳᠤᠯ ᠤᠯᠭᠤᠭᠰᠠᠨ ᠪᠠᠢᠨ᠎ᠠ ᠬᠡᠵᠦ ᠯᠢᠨ ᠶᠢᠨ ᠵᠡᠭᠡᠯᠢ ᠭᠤᠳᠤᠮᠵᠢ᠎ᠶᠢᠨ ᠨᠠᠮ᠎ᠤᠨ ᠡᠬᠦᠷ᠎ᠤᠨ ᠳᠡᠳ᠋ ᠱᠦᠵᠢ ᠬᠥ ᠢᠦᠢ ᠶᠠᠷᠢᠨ᠎ᠠ᠃

《ᠲᠡᠮ ᠲᠡᠮ᠎ᠳᠡᠭᠡᠨ ᠲᠡᠭᠡᠰᠤ ᠡᠷᠴᠢᠮ᠎ᠳᠡᠭᠡᠨ》 ᠬᠡᠳᠡᠭᠴᠢᠯᠠᠨ᠂ ᠯᠢᠨ ᠶᠢᠨ ᠵᠡᠭᠡᠯᠢ ᠭᠤᠳᠤᠮᠵᠢ ᠵᠢᠨ ᠡᠯ᠎ᠠ ᠦᠨᠳᠦᠰᠦᠲᠠᠨ᠎ᠤ ᠠᠷᠠᠳ ᠲᠦᠮᠡᠨ ᠬᠠᠮᠳᠤ ᠪᠡᠷ ᠪᠦᠯᠬᠦᠮᠳᠠᠨ ᠲᠡᠮᠡᠴᠡᠵᠦ᠂ ᠠᠮᠢᠵᠢᠷᠠᠯ᠎ᠤᠨ ᠬᠦᠴᠦᠨ ᠪᠢᠯᠬᠠᠭᠰᠠᠨ ᠠᠮᠢᠳᠤᠷᠠᠯ᠎ᠤᠨ ᠰᠢᠨ᠎ᠠ ᠬᠠᠭᠤᠳᠠᠰᠤ ᠪᠠᠨ ᠪᠢᠴᠢᠭᠯᠡᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号