ᠲᠤᠷᠭᠠᠨ ᠬᠢᠯᠢ ᠵᠢᠨ ᠲᠠᠢᠪᠤᠡᠭ ᠠᠮᠢᠳᠤᠷᠠᠯ
2023-11-01 15:07:55
ᠵᠣᠬᠢᠶᠠᠭ᠍ᠴᠢ᠄
ᠳ᠋ᠠᠢ ᠰᠢᠶᠦ᠋ᠡᠭ ᠼᠠᠢ ᠳ᠋ᠦᠡᠭ ᠮᠸᠢ ᠦᠨᠢᠷ ᠸ · ᠭᠡᠷᠡᠯᠲᠤ ᠨᠠᠮᠤᠭ ᠭᠤᠤ ᠬᠤᠡᠭ ᠯᠢᠶᠠᠨ
ᠣᠩᠱᠢᠭ᠍ᠰᠠᠨ ᠣᠳᠠᠭ᠎ᠠ᠄
★★★☆☆

ᠬᠤᠯᠪᠤᠭᠠᠰᠦ ᠄

● ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤ 《1 + 4 + N》 ᠦᠨᠳᠦᠰᠦᠲᠡᠨ ᠤ᠋ ᠪᠦᠯᠬᠦᠮᠳᠡᠯ  ᠳᠡᠪᠰᠢᠯᠲᠠ ᠢ᠋ᠢᠨ ᠬᠥᠭ᠌ᠵᠢᠯᠲᠡ᠎ᠶ᠋ᠢᠨ ᠰᠡᠳᠭᠢᠴᠡ ᠪᠡᠷ 《ᠬᠢᠯᠢ ᠬᠢᠵᠠᠭᠠᠷ᠎ᠢ ᠪᠡᠬᠢᠵᠢᠭᠦᠯᠦᠨ ᠬᠢᠯᠢ ᠬᠢᠵᠠᠭᠠᠷ᠎ᠢ ᠬᠥᠭ᠌ᠵᠢᠭᠦᠯᠵᠤ ᠠᠷᠠᠳ ᠢ᠋ ᠪᠠᠶᠠᠵᠢᠭᠤᠯᠬᠤ》 ᠠᠵᠢᠯᠯᠠᠭ᠎ᠠ᠎ᠶ᠋ᠢ  ᠦᠷᠨᠢᠭᠦᠯᠪᠠ᠃

● ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤ 2014 ᠤᠨ ᠳ᠋ᠤ 《ᠪᠦᠬᠦ ᠤᠯᠤᠰ ᠤ᠋ᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠬᠣᠱᠢᠭᠤ》 ᠢ᠋ᠢᠨ ᠢᠷᠠᠭᠤ ᠠᠯᠳᠠᠷ ᠢ᠋ ᠬᠦᠷᠲᠡᠵᠤ᠂ 2013  ᠤᠨ ᠪᠠ 2022 ᠣᠨ᠎ᠳᠤ 《ᠪᠥᠬᠥ᠌ ᠣᠷᠣᠨ᠎ᠤ ᠦᠨᠳᠦᠰᠦᠲᠡᠨ᠎ᠦ ᠪᠦᠯᠬᠦᠮᠳᠡᠯ  ᠳᠠᠪᠱᠢᠯᠲᠠ᠎ᠶ᠋ᠢᠨ ᠵᠢᠱ᠌ᠢᠶ᠎ᠡ  ᠦᠵᠡᠭᠦᠯᠬᠦ᠌  ᠬᠣᠱᠢᠭᠤ》 ᠢ᠋ᠢᠨ ᠢᠷᠠᠭᠤ  ᠠᠯᠳᠠᠷ  ᠢ᠋  ᠬᠦᠷᠲᠡᠪᠠ᠃

● ᠳᠠᠷᠬᠠᠨ ᠮᠤᠤᠮᠢᠡᠭᠭᠠᠨ ᠬᠤᠯᠪᠤᠭᠠᠲᠤ ᠬᠤᠰᠢᠭᠤᠨ ᠳ᠋ᠤ ᠤᠯᠤᠰ ᠤ᠋ᠨ ᠳᠡᠰ ᠤ᠋ᠨ ᠦᠨᠳᠦᠰᠦᠲᠡᠨ ᠤ᠋ ᠪᠦᠯᠬᠦᠮᠳᠡᠯ ᠳᠡᠪᠰᠢᠯᠲᠠ ᠢ᠋ᠢᠨ ᠵᠢᠱ᠌ᠢᠶᠡᠴᠢ ᠬᠤᠪᠢ ᠬᠦᠮᠦᠨ 5᠂  ᠤᠷᠤᠨ ᠤ᠋ ᠳᠡᠰ ᠤ᠋ᠨ ᠵᠢᠱ᠌ᠢᠶᠡᠴᠢ ᠬᠤᠪᠢ ᠬᠦᠮᠤᠨ 15᠂  ᠬᠤᠲᠠ ᠢ᠋ᠢᠨ ᠳᠡᠰ ᠤ᠋ᠨ ᠵᠢᠱ᠌ᠢᠶᠡᠴᠢ ᠬᠤᠪᠢ ᠬᠦᠮᠤᠨ 66᠂ ᠬᠤᠰᠢᠭᠤᠨ ᠤ᠋ ᠳᠡᠰ ᠤ᠋ᠨ ᠵᠢᠱ᠌ᠢᠶᠡᠴᠢ ᠬᠤᠪᠢ  ᠬᠦᠮᠤᠨ 273 ᠪᠠᠢᠵᠤ᠂ ᠤᠷᠤᠨ ᠤ᠋ ᠳᠡᠰ ᠤ᠋ᠨ ᠦᠨᠳᠦᠰᠦᠲᠡᠨ ᠤ᠋ ᠪᠦᠯᠬᠦᠮᠳᠡᠯ  ᠳᠡᠪᠰᠢᠯᠲᠠ ᠢ᠋ᠢᠨ ᠵᠢᠱ᠌ᠢᠶ᠎ᠠ  ᠦᠵᠡᠭᠦᠯᠬᠦ  ᠨᠢᠭᠡᠴᠢ 2᠂ ᠬᠤᠲᠠ ᠢ᠋ᠢᠨ ᠳᠡᠰ ᠤ᠋ᠨ ᠵᠢᠱ᠌ᠢᠶ᠎ᠠ  ᠦᠵᠡᠭᠦᠯᠬᠦ ᠨᠢᠭᠡᠴᠢ 43᠂ ᠬᠤᠰᠢᠭᠤᠨ ᠤ᠋  ᠳᠡᠰ ᠤ᠋ᠨ ᠵᠢᠱ᠌ᠢᠶ᠎ᠠ  ᠦᠵᠡᠭᠦᠯᠬᠦ  ᠨᠢᠭᠡᠴᠢ 21 ᠪᠤᠢ᠃



ᠠᠯᠳᠠᠨ ᠨᠠᠷᠠᠨ ᠠᠭᠤᠳᠠᠮ ᠬᠦᠳᠡᠭᠡ᠎ᠵᠢ  ᠡᠭᠡᠯᠢᠳᠠᠢ ᠭᠡᠢᠬᠦᠯᠦᠭᠰᠡᠨ ᠵᠤᠨ᠎ᠤ ᠰᠠᠢᠬᠠᠨ ᠦᠷᠯᠦᠭᠡ᠂ ᠮᠠᠨ ᠤ᠋ ᠰᠤᠷᠪᠤᠯᠵᠢᠯᠠᠭ᠎ᠠ ᠢ᠋ᠢᠨ ᠳᠤᠭᠤᠢᠯᠠᠡᠭ ᠤ᠋ᠨ ᠬᠢᠨ ᠪᠤᠭᠤᠲᠤ ᠬᠤᠲᠠ ᠢ᠋ᠢᠨ ᠳᠠᠷᠬᠠᠨ ᠮᠤᠤᠮᠢᠡᠭᠭᠠᠨ ᠬᠤᠯᠪᠤᠭᠠᠲᠤ ᠬᠤᠰᠢᠭᠤᠨ ᠤ᠋ ᠮᠠᠨᠳᠤᠯ ᠪᠠᠯᠭᠠᠰᠤᠨ ᠤ᠋ ᠪᠠᠶᠠᠨᠬᠠᠷ᠎ᠠ ᠭᠠᠴᠠᠭ᠎ᠠ ᠢ᠋ᠢᠨ ᠮᠠᠯᠴᠢᠨ ᠠᠳᠢᠶ᠎ᠠ ᠢ᠋ᠢ ᠰᠤᠷᠪᠤᠯᠵᠢᠯᠠᠬᠤ ᠪᠠᠷ ᠮᠤᠷᠳᠠᠯ᠎ᠠ᠃  ᠰᠢᠨᠡᠬᠡᠨ ᠵᠠᠰᠠᠭᠰᠠᠨ ᠵᠠᠰᠠᠮᠠᠯ ᠵᠠᠮ ᠢ᠋ᠢᠡᠷ ᠮᠠᠰᠢᠨ ᠲᠠᠢ ᠳᠠᠪᠬᠢᠭᠤᠯᠬᠤ ᠳ᠋ᠤ ᠲᠤᠷ᠎ᠠ᠎ᠵᠢ ᠪᠤᠯᠢᠶᠠᠵᠤ ᠰᠡᠳᠬᠢᠯ ᠢ᠋  ᠰᠤᠭᠳᠤᠭᠤᠷᠠᠭᠤᠯᠤᠮ᠎ᠠ ᠰᠠᠢᠬᠠᠨ ᠦᠵᠡᠮᠵᠢ  ᠨᠢᠳᠤᠨ ᠡᠮᠤᠨ᠎ᠠ  ᠲᠠᠯᠭᠡᠭᠳᠡᠨ᠎ᠠ᠃

ᠦᠳᠡ᠎ᠵᠢᠨ ᠠᠯᠳᠠ᠎ᠳᠤ ᠪᠢᠳᠠ ᠠᠳᠢᠶ᠎ᠠ᠎ᠵᠢᠨ ᠬᠢᠨ᠎ᠳᠤ ᠬᠦᠷᠬᠦᠯᠠᠷ᠂ ᠵᠢᠷᠠ᠎ᠵᠢᠨ ᠲᠠᠪᠠᠭ᠎ᠠ᠎ᠵᠢ ᠲᠠᠪᠠᠭᠰᠠᠨ ᠠᠳᠢᠶ᠎ᠠ ᠭᠤᠸᠠᠢ ᠭᠠᠷᠴᠤ ᠢᠷᠠᠭᠡᠳ ᠦᠷᠤᠭᠡᠨ᠎ᠳᠡᠭᠡᠨ ᠤᠷᠢᠪᠠ᠃ ᠭᠡᠷ ᠲᠤᠨᠢ ᠤᠷᠤᠪᠠᠯ ᠬᠢᠯᠠᠯᠵᠠᠳᠠᠯ᠎ᠠ ᠵᠦᠯᠬᠦᠭᠰᠡᠨ ᠴᠤᠡᠭᠬᠤ ᠪᠠᠷ ᠨᠠᠷᠠᠨ᠎ᠤ ᠭᠡᠷᠠᠯ ᠲᠤᠨᠤᠷᠠᠨ᠂ ᠭᠡᠷ ᠲᠤᠳᠤᠷᠠᠬᠢ ᠠᠪᠳᠠᠷ᠎ᠠ ᠬᠤᠷᠭᠤ ᠡᠳ᠋ᠯᠠᠯ ᠭᠡᠷᠡᠭᠰᠡᠯ ᠬᠢᠯᠠ ᠴᠢᠯᠠ ᠬᠠᠷᠠᠭᠳᠠᠵᠤ᠂ ᠤᠨᠴᠠᠭᠠᠢᠯᠠᠨ ᠵᠤᠴᠢᠯᠠᠬᠤ ᠦᠷᠤᠭᠡ᠎ᠵᠢᠨ ᠬᠤᠢᠳᠤ ᠬᠠᠨ᠎ᠠ᠎ᠵᠢ ᠲᠦᠰᠢᠬᠦᠯᠦᠭᠰᠡᠨ ᠬᠤᠷᠭᠤ ᠲᠦᠬᠦᠷᠠᠡᠭ ᠲᠠᠯᠪᠢᠭᠠᠰᠤᠳᠠᠢ ᠱᠠᠡᠭᠨᠠᠯ᠎ᠤᠨ ᠮᠸᠳᠠᠯ᠂ ᠬᠦᠬᠢᠬᠦᠯᠤᠯ᠎ᠤᠨ ᠪᠢᠴᠢᠭ ᠰᠤᠷᠪᠤᠯᠵᠢᠯᠠᠭᠴᠢ  ᠪᠢᠳᠠᠨ ᠳ᠋ᠤ ᠬᠦᠨᠳᠤᠳᠭᠡᠯ  ᠪᠢᠰᠢᠷᠠᠯ  ᠡᠷᠭᠡ  ᠦᠭᠡᠢ   ᠲᠦᠷᠦᠭᠳᠡᠬᠦᠯᠵᠠᠢ᠃

ᠠᠳᠢᠶ᠎ᠠ ᠪᠤᠯ ᠮᠠᠯᠴᠢᠨ᠂ ᠮᠦᠨ ᠴᠦ᠍ ᠬᠢᠯᠢᠴᠢᠨ᠃ ᠮᠤᠡᠭᠭᠤᠯ ᠤᠯᠤᠰ ᠲᠠᠢ ᠬᠢᠯᠢ ᠨᠡᠢᠯᠡᠭᠰᠡᠨ ᠳᠠᠷᠬᠠᠨ ᠮᠤᠤᠮᠢᠡᠭᠭᠠᠨ ᠬᠤᠯᠪᠤᠭᠠᠲᠤ  ᠬᠤᠰᠢᠭᠤ 88.6 ᠺᠢᠯᠤᠮᠸᠲᠷ ᠤᠷᠲᠤ ᠬᠢᠯᠢ ᠢ᠋ᠢᠨ ᠱᠤᠭᠤᠮ ᠲᠠᠢ  ᠪᠠᠢᠵᠤ᠂ ᠠᠳᠢᠶ᠎ᠠ ᠭᠤᠸᠠᠢ ᠢ᠋ᠢᠨ ᠨᠤᠲᠤᠭ  ᠪᠡᠯᠴᠢᠭᠡᠷ  ᠲᠦ᠍ 4 ᠺᠢᠯᠤᠮᠸᠲᠷ ᠤᠷᠲᠤ ᠬᠢᠯᠢ ᠢ᠋ᠢᠨ ᠱᠤᠭᠤᠮ ᠪᠠᠢᠳᠠᠭ᠃ 40 ᠰᠢᠬᠠᠮ ᠵᠢᠯ ᠤ᠋ᠨ ᠲᠤᠷᠰᠢ᠂ ᠠᠳᠢᠶ᠎ᠠ ᠢ᠋ᠢᠨ ᠬᠢ ᠡᠨᠡ ᠬᠦ᠌ ᠡᠬᠡ ᠨᠤᠲᠤᠭ ᠤ᠋ᠨ ᠢ᠋ᠢᠡᠨ ᠲᠤᠷᠭᠠᠨ ᠭᠢᠯᠢ ᠢ᠋ᠢ ᠦᠶ᠎ᠠ ᠳᠡᠮᠵᠢᠨ ᠪᠠᠷᠢᠮᠲᠠᠯᠠᠨ ᠰᠠᠬᠢᠵᠤ᠂ ᠬᠢᠯᠢ᠎ᠶ᠋ᠢᠨ ᠬᠠᠮᠠᠭᠠᠯᠠᠯᠲᠠ᠎ᠶ᠋ᠢᠨ ᠴᠡᠷᠢᠭ ᠴᠠᠭᠳᠠᠭ᠎ᠠ ᠲᠠᠢ ᠮᠦᠷᠤ ᠵᠠᠷᠭᠡᠴᠡᠨ ᠬᠠᠮᠲᠤᠷᠠᠨ ᠠᠵᠢᠯᠯᠠᠵᠤ᠂ ᠬᠦᠷᠰᠢ ᠵᠠᠷᠭᠡᠯᠡᠳᠡᠭᠡ ᠠᠢᠯ ᠰᠠᠭᠠᠬᠠᠯᠳᠠ ᠲᠠᠢ ᠪᠡᠨ ᠡᠪᠲᠡᠢ ᠨᠠᠢᠷᠲᠡᠢ ᠶᠠᠪᠤᠯᠴᠠᠵᠤ᠂ ᠠᠷᠢᠭᠤᠨ ᠦᠨᠡᠨᠴᠢ ᠰᠡᠳᠬᠢᠯ᠂ ᠠᠰᠢᠳᠠ ᠪᠠᠲᠤ ᠵᠢᠳᠬᠦᠯ ᠢ᠋ᠢᠡᠷ  ᠠᠯᠲᠠᠨ ᠬᠢᠯᠢ ᠪᠡᠨ ᠰᠠᠬᠢᠵᠤ᠂ ᠠᠮᠤᠭᠤᠯᠠᠡᠭ ᠲᠠᠢᠪᠤᠡᠭ  ᠠᠵᠤ  ᠲᠦᠷᠤᠬᠦ   ᠶᠤᠮ᠃


微信图片_20230905232436.jpg


ᠪᠠᠷᠢᠮᠲᠠᠯᠠᠯ

ᠤᠰᠤᠨ ᠤᠪᠤᠭ᠎ᠠ ᠢ᠋ᠢᠨ ᠤᠷᠤᠢ  ᠳᠡᠭᠡᠷᠡᠬᠢ ᠤᠯᠠᠭᠠᠨ ᠲᠣᠭᠣᠰᠭ᠎ᠠ᠎ᠪᠠᠷ  ᠦᠷᠦᠭ᠌ᠰᠡᠨ《ᠳᠤᠮᠳᠠᠳᠤ ᠤᠯᠤᠰ》 ᠭᠡᠬᠦ᠌ ᠬᠤᠶᠠᠷ ᠦᠰᠦᠭ ᠨᠠᠷᠠᠨ ᠤ᠋ ᠭᠡᠷᠡᠯ ᠳ᠋ᠤ ᠲᠤᠳᠤᠬᠠᠨ ᠬᠢᠯᠠᠯᠵᠠᠨ᠎ᠠ᠃ᠬᠡᠳᠤᠨ ᠵᠠᠭᠤᠨ ᠮᠸᠲᠷ ᠲᠤᠳᠤᠭᠰᠢᠯᠠᠪᠠᠯ ᠵᠠᠷᠭᠡᠯᠡᠨ ᠪᠠᠷᠢᠭᠰᠠᠨ ᠴᠠᠭᠠᠨ ᠪᠠᠢᠰᠢᠡᠭ ᠤ᠋ᠨ ᠡᠮᠦᠨ᠎ᠠ ᠤᠯᠤᠰ ᠤ᠋ᠨ ᠲᠤᠭ ᠰᠠᠯᠬᠢᠨ ᠤ᠋ ᠠᠶ᠎ᠠ  ᠪᠡᠷ  ᠬᠦᠡᠭᠭᠡᠬᠡᠨ ᠨᠠᠮᠢᠷᠠᠨ᠎ᠠ᠃

—  ᠬᠢᠯᠢ ᠬᠢᠵᠠᠭᠠᠷ ᠤᠷᠤᠨ᠂ ᠬᠡᠷᠡᠭ ᠮᠡᠳᠡᠭᠦᠯᠬᠦ  ᠴᠡᠭ ᠤᠴᠢᠷ   ᠡᠴᠡ ᠤᠯᠤᠰ ᠤ᠋ᠨ ᠲᠤᠭ ᠢ᠋ᠢᠡᠨ ᠮᠠᠨᠳᠤᠭᠤᠯᠵᠤ᠂ ᠤᠯᠠᠭᠠᠨ ᠲᠤᠭᠤᠰᠬ᠎ᠠ ᠪᠡᠷ 〈ᠳᠤᠮᠳᠠᠳᠤ ᠤᠯᠤᠰ〉 ᠭᠡᠵᠤ ᠵᠡᠷᠭᠡᠯᠡᠭᠰᠡᠨ ᠶᠤᠮ ᠡ᠃ ᠬᠢᠯᠢ ᠨᠤᠲᠤᠭ ᠮᠠᠨᠢ ᠦᠷᠭᠡᠨ ᠠᠭᠤᠳᠠᠮ᠂ ᠨᠢᠭᠡ ᠳ᠋ᠤ ᠨᠠᠭᠠᠰᠢ  ᠴᠠᠭᠠᠰᠢ ᠶᠠᠪᠤᠬᠤ ᠬᠦᠮᠦᠰ ᠲᠤ᠌ ᠳᠤᠮᠳᠠᠳᠤ ᠤᠯᠤᠰ ᠤ᠋ᠨ ᠨᠤᠲᠤᠭ ᠳᠡᠪᠢᠰᠭᠡᠷ ᠭᠡᠳᠡᠭ ᠢ᠋ ᠮᠡᠳᠡᠭᠦᠯᠴᠢᠬᠡᠨ᠎ᠠ᠂ ᠬᠤᠶᠠᠷ ᠲᠤ᠌ ᠬᠦᠮᠦᠨ ᠬᠠᠷ᠎ᠠ ᠲᠦᠭᠡᠷᠢᠪᠠᠯ ᠠᠢᠯ ᠠᠮᠢᠳᠠᠨ ᠪᠠᠢᠨ᠎ᠠ ᠭᠡᠵᠤ ᠮᠡᠳᠡᠭᠡᠳ ᠡᠷᠢᠵᠤ ᠢᠷᠡᠬᠦ ᠪᠤᠯᠤᠨ᠎ᠠ  ᠭᠡᠵᠤ ᠠᠳᠢᠶ᠎ᠠ ᠭᠤᠸᠠᠢ ᠨᠠᠮᠢᠷᠠᠨ ᠬᠡᠢᠰᠬᠦ  ᠤᠯᠤᠰ ᠤ᠋ᠨ ᠲᠤᠭ ᠎ᠵᠢᠡᠨ ᠬᠠᠷᠠᠭᠠᠳ ᠭᠡᠯᠡᠨ᠎ᠠ᠃

ᠲᠡᠷᠲᠡᠭᠡ 1981 ᠤᠨ ᠳ᠋ᠤ ᠠᠳᠢᠶ᠎ᠠ ᠭᠤᠸᠠᠢ ᠡᠷᠢᠶᠠᠨ ᠬᠤᠲᠠ ᠢ᠋ᠢᠨ ᠬᠢᠯᠢ ᠢ᠋ᠢᠨ ᠬᠠᠮᠠᠭᠠᠯᠠᠯᠲᠠ ᠢ᠋ᠢᠨ ᠨᠢᠭᠡᠨ ᠴᠡᠷᠢᠭ ᠠᠡᠭᠭᠢ ᠳ᠋ᠤ ᠴᠡᠷᠢᠭ ᠤ᠋ᠨ ᠠᠯᠪᠠ ᠬᠠᠭᠠᠵᠤ᠂ 1984 ᠤᠨ ᠳ᠋ᠤ ᠳᠤᠮᠳᠠᠳᠤ ᠤᠯᠤᠰ ᠤ᠋ᠨ ᠡᠪ ᠬᠠᠮᠲᠤ ᠨᠠᠮ ᠳ᠋ᠤ ᠡᠯᠰᠡᠭᠳᠡᠵᠤ᠂ ᠮᠦᠨ  ᠵᠢᠯ᠎ᠳᠤ ᠴᠡᠷᠢᠭ ᠡᠴᠡ ᠬᠠᠯᠠᠭᠳᠠᠨ ᠨᠤᠲᠤᠭ  ᠲᠠᠭᠠᠨ ᠪᠤᠴᠠᠵᠤ᠂ ᠪᠦᠰᠡᠭᠦᠢ ᠨᠡᠷᠡᠨᠴᠡᠴᠡᠭ ᠤ᠋ᠨ ᠬᠠᠮᠲᠤ ᠬᠢᠯᠢ ᠬᠠᠮᠠᠭᠠᠯᠠᠬᠤ ᠳᠠᠷᠬᠠᠨ ᠡᠭᠦᠷᠭᠡ  ᠢ᠋ᠢ  ᠡᠭᠦᠷᠭᠡᠯᠡᠵᠤ  ᠡᠬᠢᠯᠡᠭᠰᠡᠨ ᠪᠢᠯᠡ᠃

— ᠡᠨᠡ ᠪᠤᠯ ᠪᠢᠳᠡ ᠬᠤᠶᠠᠷ ᠤ᠋ᠨ ᠤᠨᠠᠵᠤ ᠦᠰᠦᠭᠰᠡᠨ ᠭᠠᠵᠠᠷ ᠰᠢᠷᠤᠢ᠂ ᠡᠬᠡ ᠤᠯᠤᠰ ᠤ᠋ᠨ ᠮᠢᠨᠢ ᠬᠢᠯᠢ ᠬᠢᠵᠠᠭᠠᠷ ᠤᠷᠤᠨ᠂ ᠬᠢᠯᠢ ᠳ᠋ᠤ ᠰᠠᠭᠤᠭ᠎ᠠ ᠠᠢᠯ ᠰᠤᠨᠤᠷ ᠰᠡᠷᠡᠮᠵᠢ ᠲᠠᠢ ᠪᠠᠢᠬᠤ ᠳ᠋ᠠᠭᠠᠨ ᠲᠠᠭᠠᠷᠠᠨ᠎ᠠ᠂ ᠮᠠᠯ ᠳ᠋ᠤ ᠶᠠᠪᠤᠬᠤ ᠢ᠋ᠢᠨ ᠳᠠᠭᠠᠤ ᠨᠢᠳᠤ ᠲᠠᠯᠪᠢᠨ᠎ᠠ᠂ ᠡᠬᠡ ᠤᠯᠤᠰ ᠤ᠋ᠨ᠎ᠵᠢᠡᠨ ᠠᠯᠲᠠᠨ ᠬᠢᠯᠢ ᠢ᠋ᠢ ᠰᠠᠬᠢᠵᠤ᠂ ᠠᠮᠤᠷ ᠲᠦᠪᠰᠢᠨ ᠢ᠋ ᠨᠢ ᠬᠠᠮᠠᠭᠠᠯᠠᠬᠤ ᠪᠤᠯ ᠬᠢᠯᠢ ᠳ᠋ᠤ ᠰᠠᠭᠤᠷᠢᠰᠢᠭᠰᠠᠨ ᠪᠢᠳᠡᠨ ᠤ᠋ ᠵᠠᠢᠯᠠᠭᠤᠯᠵᠤ ᠪᠤᠯᠤᠰᠢ ᠦᠭᠡᠢ ᠳᠠᠷᠬᠠᠨ ᠬᠠᠷᠢᠭᠤᠴᠠᠯᠭ᠎ᠠ ᠡ ᠬᠡᠮᠡᠨ ᠠᠳᠢᠶ᠎ᠠ ᠨᠠᠷᠠᠨᠴᠡᠴᠡᠭ ᠬᠤᠶᠠᠭᠤᠯᠠ 40 ᠰᠢᠬᠠᠮ ᠵᠢᠯ ᠪᠠᠷᠢᠮᠲᠠᠯᠠᠭᠰᠠᠭᠠᠷ ᠢᠷᠡᠵᠡᠢ᠃

ᠦᠨᠡᠨ ᠳ᠋ᠡᠭᠡᠨ ᠮᠠᠯ ᠢ᠋ᠢᠡᠨ ᠬᠠᠷᠠᠨ ᠬᠢᠯᠢ ᠪᠡᠨ ᠰᠠᠬᠢᠵᠤ ᠰᠠᠭᠤᠭᠰᠠᠨ ᠠᠳᠢᠶ᠎ᠠ ᠨᠠᠷᠠᠨᠴᠡᠴᠡᠭ ᠬᠤᠶᠠᠭᠤᠯᠠ ᠢ᠋ᠢᠨ ᠪᠡᠶ᠎ᠠ ᠳ᠋ᠤ ᠡᠪᠡᠳᠴᠢᠨ ᠬᠠᠭᠤᠴᠢᠨ ᠤᠯᠠᠨ ᠰᠠᠭᠤᠵᠤ᠂ ᠬᠦᠨᠳᠤ ᠠᠵᠢᠯ ᠬᠢᠵᠤ ᠳᠡᠢᠯᠬᠦ ᠦᠭᠡᠢ ᠪᠤᠯᠵᠠᠢ᠃ ᠡᠪᠡᠳᠴᠢᠨ ᠢ᠋ᠢᠡᠨ ᠦᠵᠡᠭᠦᠯᠵᠤ ᠡᠮᠨᠡᠯᠭᠡ ᠪᠠᠷᠠᠳᠠᠨ ᠬᠤᠰᠢᠭᠤ ᠬᠤᠲᠠ ᠳ᠋ᠤ ᠬᠦᠯ ᠠᠮᠠᠷᠠᠨ ᠰᠠᠭᠤᠵᠤ ᠪᠤᠯᠬᠤ ᠪᠠᠢᠭᠰᠠᠨ ᠴᠤ᠌ 《ᠬᠦᠭᠰᠢᠨ ᠪᠢᠳᠡ ᠬᠤᠶᠠᠭᠤᠯᠠ ᠳ᠋ᠤ ᠬᠡᠤᠬᠡᠳ ᠤ᠋ᠨ ᠢ᠋ᠢᠡᠨ ᠬᠠᠵᠠᠭᠤ ᠳ᠋ᠤ᠂ ᠮᠠᠯ ᠤ᠋ᠨ ᠢ᠋ᠢᠡᠨ ᠳᠡᠷᠭᠡᠳᠡ᠂ ᠬᠢᠯᠢ ᠨᠤᠲᠤᠭ ᠢ᠋ᠢᠡᠨ ᠰᠠᠬᠢᠵᠤ ᠰᠠᠭᠤᠬᠤ ᠡᠴᠡ ᠦᠭᠡᠷ᠎ᠠ ᠵᠢᠷᠭᠠᠯ ᠭᠡᠵᠤ ᠠᠯᠠᠭ᠎ᠠ᠂ ᠬᠦᠳᠡᠯᠵᠤ ᠴᠢᠳᠠᠬᠤ ᠪᠡᠨ ᠪᠤᠯᠢᠭᠠᠳ ᠰᠠᠯᠬᠤ ᠡᠴᠡ ᠨᠠᠭᠠᠨ᠎ᠠ ᠡᠨᠳᠡ ᠡᠴᠡ ᠪᠢᠳᠡ ᠰᠠᠯᠬᠤ ᠦᠭᠡᠢ》 ᠬᠡᠮᠡᠨ ᠠᠳᠢᠶ᠎ᠠ ᠭᠤᠸᠠᠢ ᠢᠳᠡᠭᠡᠯ ᠲᠠᠬᠦᠯᠳᠡᠷ ᠭᠡᠯᠡᠨ᠎ᠠ᠃

ᠠᠳᠢᠶ᠎ᠠ ᠭᠤᠸᠠᠢ ᠢ᠋ᠢᠨ ᠡᠨᠡ ᠬᠦ᠌ ᠰᠢᠨᠲᠠᠷᠠᠰᠢ ᠦᠭᠡᠢ ᠪᠠᠷᠢᠮᠲᠠᠯᠠᠯ᠂ ᠳᠠᠭᠠᠭᠠᠮᠠᠭᠠᠢ ᠬᠦᠳᠡᠯᠮᠦᠷᠢᠴᠢ ᠵᠡᠡᠭ ᠠᠷᠠᠨᠰᠢᠨ ᠬᠤᠶᠠᠷ ᠬᠦᠤ ᠪᠡᠨ ᠶᠡᠬᠡᠳᠡ ᠨᠦᠯᠦᠭᠡᠯᠡᠵᠡᠢ᠃ ᠶᠡᠬᠡ ᠬᠦᠤ ᠪᠢᠮᠪᠠ ᠨᠢ ᠶᠠᠫᠤᠨ ᠤᠯᠤᠰ ᠲᠤ᠌ ᠠᠶᠠᠯᠠᠯ ᠵᠢᠭᠤᠯᠴᠢᠯᠡᠯ ᠤ᠋ᠨ ᠮᠡᠷᠭᠡᠵᠢᠯ ᠢ᠋ᠢᠡᠷ᠂ ᠪᠠᠭ᠎ᠠ ᠬᠦᠤ ᠠᠳᠠᠯᠢ ᠨᠢ ᠱᠠᠡᠭᠬᠠᠢ ᠬᠤᠲᠠ ᠳ᠋ᠤ ᠮᠡᠳᠡᠭᠡᠯᠡᠯ ᠲᠸᠭᠨᠢᠭ ᠤ᠋ᠨ ᠮᠡᠷᠭᠡᠵᠢᠯ ᠢ᠋ᠢᠡᠷ ᠤᠯᠠᠨ ᠵᠢᠯ ᠠᠵᠢᠯᠯᠠᠵᠤ ᠰᠤᠷᠤᠯᠴᠠᠵᠤ ᠪᠠᠢᠭᠰᠠᠨ ᠢ᠋ᠢᠡᠨ ᠬᠤᠢᠨ᠎ᠠ ᠬᠤᠢᠨ᠎ᠠ ᠡᠴᠡ ᠪᠡᠨ ᠨᠤᠳᠤᠭ ᠲᠠᠭᠠᠨ ᠪᠤᠴᠠᠨ ᠢᠷᠡᠵᠤ᠂ ᠠᠪᠤ ᠡᠵᠢ ᠪᠡᠨ ᠠᠴᠢᠯᠠᠨ ᠠᠵᠢᠯ ᠦᠢᠯᠡ ᠢ᠋ᠢ ᠨᠢ ᠲᠦᠪᠬᠢᠨᠡᠬᠦᠯᠵᠤ ᠠᠯᠳᠠᠨ ᠬᠢᠯᠢ ᠪᠡᠨ ᠰᠠᠬᠢᠵᠤ ᠰᠠᠭᠤᠨ᠎ᠠ᠃

— ᠠᠪᠤ ᠢ᠋ᠢᠨ ᠮᠢᠨᠢ ᠬᠠᠮᠤᠭ᠎ᠤᠨ ᠴᠢᠬᠤᠯᠠ ᠬᠡᠷᠡᠭᠰᠡᠯ ᠪᠣᠯ ᠳᠤᠷᠠᠨ᠂ ᠡᠨᠡ ᠳᠤᠷᠠᠨ ᠢ᠋  ᠠᠪᠤ  ᠮᠢᠨᠢ  ᠭᠤᠴᠢᠨ ᠬᠡᠳᠤᠨ ᠵᠢᠯ ᠬᠡᠷᠡᠭ᠌ᠯᠡᠭ᠌ᠰᠡᠨ᠃ ᠤᠳᠤ ᠲᠡᠭᠦᠤ ᠪᠢᠳᠡ ᠬᠤᠶᠠᠷ ᠤ᠋ᠨ ᠭᠠᠷ ᠲᠤ᠌  ᠢᠷᠡᠭᠰᠡᠨ ᠭᠡᠵᠤ ᠪᠢᠮᠪᠠ ᠤᠴᠢᠷᠯᠠᠨ᠎ᠠ᠃

— 2016 ᠣᠨ᠎ᠤ 9 ᠰᠠᠷ᠎ᠠ᠎ᠳᠤ ᠪᠢ ᠮᠣᠲ᠋ᠣᠷ ᠤᠨᠤᠵᠤ ᠬᠢᠯᠢ ᠴᠠᠭ᠍ᠳᠠᠨ ᠶᠠᠪᠤᠬᠤ ᠳ᠋ᠠᠭᠠᠨ ᠨᠢᠭᠡᠨ ᠰᠡᠵᠢᠭ᠌ᠯᠡᠯᠲᠡᠢ ᠮᠠᠱᠢᠨ ᠶᠠᠪᠤᠵᠤ ᠪᠠᠢᠬᠤ ᠵᠢ ᠤᠯᠵᠤ ᠬᠠᠷᠠᠭᠰᠠᠨ ᠶᠤᠮ᠃ ᠳᠠᠪᠬᠢᠭᠤᠯᠵᠤ ᠤᠴᠢᠭᠠᠳ ᠬᠠᠮᠢᠭ᠎ᠠ ᠶᠠᠪᠤᠬᠤ ᠢ᠋ᠢ ᠨᠢ ᠤᠬᠤᠴᠢᠯᠠᠬᠤ ᠳ᠋ᠤ᠂ ᠮᠠᠱᠢᠨ ᠤ᠋ ᠵᠢᠯᠣᠭᠣᠴᠢ ᠵᠠᠮ ᠡᠨᠳᠡᠭᠦᠷᠡᠭᠡᠳ ᠡᠨᠡ ᠵᠠᠮ ᠳ᠋ᠤ ᠤᠷᠤᠴᠢᠬᠠᠯ᠎ᠠ ᠭᠡᠵᠤ ᠬᠡᠯᠡᠭᠡᠳ ᠮᠠᠨᠳᠤᠯ ᠪᠣᠭᠣᠮᠲᠠ᠎ᠳᠤ ᠣᠴᠢᠬᠤ ᠵᠠᠮ᠎ᠢ ᠯᠠᠪᠯᠠᠪᠠ᠃ ᠮᠠᠨᠳᠤᠯ ᠪᠣᠭᠣᠮᠲᠠ᠎ᠳᠤ ᠣᠴᠢᠬᠤ᠎ᠳᠤ ᠡᠨᠡ ᠵᠠᠮ ᠳ᠋ᠤ ᠡᠨᠳᠡᠭᠦᠷᠡᠨ ᠣᠷᠣᠬᠤ ᠪᠤᠯᠤᠯᠴᠠᠭ᠎ᠠ ᠥᠬᠡᠶ ᠢ᠋ᠢ ᠪᠢ ᠮᠡᠳᠡᠭᠦ ᠲᠤᠯᠠ ᠵᠠᠮ ᠵᠢᠭᠠᠵᠤ ᠦᠭᠭᠦᠭᠰᠡᠨ ᠤ᠋ ᠳᠠᠷᠠᠭ᠎ᠠ ᠮᠠᠨᠳᠤᠯ ᠪᠠᠯᠭᠠᠰᠤᠨ ᠤ᠋ ᠬᠢᠯᠢ᠎ᠶ᠋ᠢᠨ ᠬᠠᠮᠠᠭᠠᠯᠠᠯᠲᠠ᠎ᠶ᠋ᠢᠨ ᠲᠤᠮᠢᠯᠠᠭᠰᠠᠨ ᠰᠠᠯᠪᠤᠷᠢ ᠳ᠋ᠤ ᠬᠡᠷᠡᠭ ᠮᠡᠳᠡᠭᠦᠯᠦᠭ᠌ᠰᠡᠨ ᠶᠤᠮ᠂ ᠴᠡᠷᠢᠭ ᠠᠩᠭᠢ᠎ᠶ᠋ᠢᠨ ᠪᠠᠴᠢᠮ ᠪᠠᠢᠳᠠᠯ᠎ᠢ ᠠᠷᠭᠠᠴᠠᠭᠠᠬᠤ ᠬᠤᠪᠢᠶᠠᠷᠢ ᠠᠩᠭᠢ ᠴᠤ᠌ ᠳᠤᠤᠷᠠᠬᠠᠨ ᠢ᠋ᠢᠡᠨ ᠬᠥᠳᠡᠯᠵᠤ ᠵᠠᠮ ᠡᠴᠡ ᠨᠢ ᠲᠤᠰᠤᠭᠰᠠᠨ ᠪᠢᠯᠡ᠂ ᠰᠢᠭᠦᠨ ᠠᠰᠠᠭᠤᠬᠤ ᠪᠡᠷ ᠳᠠᠮᠵᠢᠭᠠᠳ ᠲᠡᠷᠡ ᠵᠢᠯᠣᠭᠣᠴᠢ ᠮᠠᠨᠳᠤᠯ ᠪᠣᠭᠣᠮᠲᠠ᠎ᠪᠠᠷ ᠬᠢᠯᠢ ᠳᠠᠪᠠᠬᠤ᠎ᠪᠠᠷ ᠣᠷᠣᠯᠳᠤᠵᠤ ᠶᠠᠪᠤᠭ᠎ᠠ ᠢ᠋ᠢ ᠨᠢ ᠮᠡᠳᠡᠭᠰᠡᠨ ᠭᠡᠰᠡᠨ》 ᠭᠡᠵᠤ ᠠᠳᠠᠯᠢ ᠡᠷᠭᠢᠴᠡᠭᠦᠯᠤᠨ᠎ᠠ᠃


DSC_8836.JPG


ᠠᠯᠲᠠᠨ ᠬᠢᠯᠢ ᠪᠡᠨ ᠰᠠᠬᠢᠬᠤ ᠠᠷᠢᠭᠤᠨ ᠦᠨᠡᠨᠴᠢ ᠪᠠᠷᠢᠮᠲᠠᠯᠠᠯ ᠡᠢᠨ ᠬᠦ᠌ ᠠᠪᠤ ᠡᠴᠡ ᠬᠦᠤ ᠳ᠋ᠤ ᠳᠠᠮᠵᠢᠨ ᠦᠷᠭᠦᠯᠵᠢᠯᠠᠵᠤ᠂ ᠠᠯᠳᠠᠷ ᠨᠠᠷ᠎ᠠ ᠨᠢ ᠠᠢᠮᠠᠭ ᠬᠤᠰᠢᠭᠤ ᠡᠴᠡ ᠤᠯᠤᠰ ᠤᠷᠤᠨ ᠬᠦᠷᠲᠡᠯ᠎ᠠ  ᠳᠠᠭᠤᠷᠢᠰᠤᠨ᠎ᠠ᠃ 2019 ᠤᠨ ᠳ᠋ᠤ ᠠᠳᠢᠶ᠎ᠠ ᠢ᠋ᠢᠨ ᠭᠡᠷ ᠪᠦᠯᠢ ᠦᠪᠡᠷᠲᠡᠭᠡᠨ ᠵᠠᠰᠠᠬᠤ ᠤᠷᠤᠨ ᠤ᠋ 《ᠬᠠᠮᠤᠭ ᠤ᠋ᠨ ᠭᠤᠶᠤ ᠭᠡᠷ ᠪᠦᠯᠢ》 ᠪᠡᠷ ᠰᠠᠢᠰᠢᠶᠠᠭᠳᠠᠵᠤ᠂ ᠠᠳᠢᠶ᠎ᠠ ᠭᠤᠸᠠᠢ ᠴᠤ᠌ 《ᠪᠦᠬᠦ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠲᠠᠪᠱᠢᠯᠳᠠ᠎ᠶ᠋ᠢᠨ ᠵᠢᠱ᠌ᠢᠶᠡᠴᠢ ᠬᠤᠪᠢ ᠬᠥᠮᠦᠨ》᠂《ᠳᠣᠯᠣᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠶᠣᠰᠣ ᠰᠤᠷᠲᠠᠬᠤᠨ᠎ᠤ ᠵᠢᠱ᠌ᠢᠶᠡᠴᠢ》 ᠢ᠋ᠢᠨ ᠢᠷᠠᠭᠤ ᠠᠯᠳᠠᠷ  ᠢ᠋  ᠬᠦᠷᠲᠡᠵᠤ ᠪᠢᠯᠡ᠃


ᠬᠠᠮᠲᠤᠷᠠᠯ

ᠠᠳᠢᠶ᠎ᠠ ᠭᠤᠸᠠᠢ 1992 ᠤᠨ ᠡᠴᠡ 2003 ᠤᠨ ᠪᠤᠯᠲᠠᠯ᠎ᠠ᠂ ᠮᠠᠨᠳᠤᠯ ᠪᠠᠯᠭᠠᠰᠤᠨ᠎ᠤ ᠪᠠᠶᠠᠨᠬᠠᠷ᠎ᠠ ᠭᠠᠴᠠᠭ᠎ᠠ ᠢ᠋ᠢᠨ ᠨᠠᠮ ᠤ᠋ᠨ ᠡᠭᠦᠷ ᠤ᠋ᠨ ᠱᠦᠵᠢ ᠢ᠋ᠢᠨ ᠲᠤᠰᠢᠶᠠᠯ ᠢ᠋ ᠡᠭᠦᠷᠭᠡᠯᠡᠵᠤ ᠪᠠᠢᠭᠰᠠᠨ ᠤᠴᠢᠷ ᠡᠴᠡ ᠮᠠᠨᠳᠤᠯ ᠬᠢᠯᠢ ᠢ᠋ᠢᠨ ᠬᠠᠮᠠᠭᠠᠯᠠᠯᠲᠠ ᠢ᠋ᠢᠨ ᠲᠤᠮᠢᠯᠠᠭᠰᠠᠨ ᠰᠠᠯᠪᠤᠷᠢ ᠢ᠋ᠢᠨ ᠴᠠᠭᠳᠠᠭ᠎ᠠ ᠨᠠᠷ  ᠲᠡᠭᠦᠨ ᠢ᠋ 《ᠱᠦᠵᠢ》 ᠭᠡᠵᠤ ᠳᠤᠲᠤᠨᠤᠴᠢᠯᠡᠨ ᠳᠠᠭᠤᠳᠠᠳᠠᠭ ᠠᠵᠢ᠃

— 〈ᠱᠦᠵᠢ〉 ᠮᠠᠨ ᠤ᠋ ᠠᠵᠢᠯ ᠳ᠋ᠤ ᠶᠡᠬᠡ ᠲᠤᠰᠠ ᠳᠡᠮ ᠦᠵᠡᠭᠦᠯᠳᠡᠭ᠃ ᠰᠠᠯᠪᠤᠷᠢ ᠳ᠋ᠤ ᠠᠵᠢᠯᠯᠠᠵᠤ ᠪᠠᠢᠭ᠎ᠠ ᠴᠠᠭᠳᠠᠭ᠎ᠠ ᠨᠠᠷ ᠤ᠋ᠨ ᠤᠯᠠᠡᠭᠭᠢ ᠨᠢ ᠦᠭᠡᠷ᠎ᠠ ᠭᠠᠵᠠᠷ ᠤ᠋ᠨ ᠵᠠᠯᠠᠭᠤᠴᠤᠳ ᠪᠠᠢᠵᠤ᠂ ᠰᠠᠯᠪᠤᠷᠢ ᠳ᠋ᠤ ᠠᠡᠭᠬ᠎ᠠ ᠢᠷᠡᠬᠦ ᠦᠶᠡᠰ ᠡᠨᠡ ᠨᠤᠲᠤᠭ ᠤ᠋ᠨ ᠶᠤᠰᠤ ᠵᠠᠡᠭᠰᠢᠯ᠂ ᠨᠤᠲᠤᠭ ᠤ᠋ᠨ ᠠᠶᠠᠯᠭᠤ ᠪᠤᠶᠤ ᠭᠠᠵᠠᠷ ᠤ᠋ᠨ ᠪᠠᠢᠴᠠ ᠪᠠᠢᠷᠢᠰᠢᠯ ᠢ᠋ ᠳᠡᠮᠡᠢ ᠰᠠᠢᠨ ᠤᠢᠯᠠᠭᠠᠬᠤ ᠦᠭᠡᠢ ᠪᠠᠢᠵᠠᠢ᠃ ᠬᠠᠷᠢᠨ 〈ᠱᠦᠵᠢ〉 ᠪᠤᠯ ᠡᠨᠡ ᠨᠤᠲᠤᠭ ᠲᠤ᠌ ᠲᠦᠷᠦᠵᠤ ᠦᠰᠦᠭᠰᠡᠨ ᠬᠦᠮᠦᠨ᠂ ᠨᠤᠲᠤᠭ ᠤᠰᠤᠨ ᠤ᠋ ᠪᠡᠨ ᠭᠠᠵᠠᠷ᠎ᠤᠨ ᠪᠠᠢᠴᠠ ᠂ ᠡᠪᠡᠰᠤ ᠤᠷᠭᠤᠮᠠᠯ᠂ ᠠᠮᠢᠲᠠᠨ ᠭᠤᠤᠯᠳᠠᠨ ᠢ᠋ ᠴᠤ᠌ ᠠᠨᠳᠠᠯ ᠦᠭᠡᠢ ᠲᠠᠨᠢᠳᠠᠭ ᠬᠢᠨᠠᠭᠤᠷ ᠮᠠᠯᠴᠢᠨ᠃  ᠬᠠᠮᠢᠭ᠎ᠠ ᠨᠢ ᠳᠤᠪᠤ ᠲᠤᠯᠤᠭᠠᠳ ᠪᠠᠢᠬᠤ᠂ ᠬᠠᠮᠢᠭ᠎ᠠ ᠨᠢ ᠭᠤᠪᠢ ᠵᠢᠯᠠᠭ᠎ᠠ ᠪᠠᠢᠬᠤ᠂ ᠬᠠᠮᠢᠭ᠎ᠠ ᠨᠢ ᠬᠦᠮᠦᠨ ᠬᠠᠷ᠎ᠠ ᠨᠢᠭᠤᠵᠤ ᠳᠠᠯᠳᠠᠯᠠᠬᠤ ᠪᠤᠯᠤᠮᠵᠢᠲᠠᠢ ᠢ᠋ᠢ ᠠᠯᠠᠭᠠᠨ ᠵᠢᠷᠤᠭᠠᠰᠤ ᠪᠡᠨ ᠰᠢᠬ ᠲᠤᠳᠤ ᠮᠡᠳᠡᠨ᠎ᠠ᠃ ᠡᠢᠮᠤ ᠡᠴᠡ ᠪᠢᠳᠡ ᠰᠢᠨ᠎ᠠ ᠢᠷᠡᠭᠰᠡᠨ ᠴᠠᠭᠳᠠᠭ᠎ᠠ ᠨᠠᠷ ᠢ᠋ᠢᠡᠨ ᠱᠦᠵᠢ ᠪᠡᠷ ᠵᠢᠯᠤᠭᠤᠳᠤᠭᠤᠯᠵᠤ᠂ ᠬᠡᠷᠡᠭ ᠤ᠋ᠨ ᠰᠦᠪᠡᠭᠴᠢ ᠡᠷᠢᠬᠦ ᠳ᠋ᠡᠭᠡᠨ 〈ᠱᠦᠵᠢ〉 ᠪᠡᠷ ᠲᠤᠰᠠᠯᠠᠭᠤᠯᠳᠠᠭ ᠶᠤᠮ᠂ 〈ᠱᠦᠵᠢ〉 ᠪᠢᠳᠡᠨ ᠲᠠᠢ ᠦᠨᠡᠭᠡᠷ ᠰᠠᠢᠬᠠᠨ ᠬᠠᠮᠵᠢᠯᠴᠠᠳᠠᠭ ᠭᠡᠵᠤ ᠮᠠᠨᠳᠤᠯ ᠬᠢᠯᠢ ᠢ᠋ᠢᠨ ᠬᠠᠮᠠᠭᠠᠯᠠᠯᠲᠠ ᠢ᠋ᠢᠨ ᠲᠤᠮᠢᠯᠠᠭᠰᠠᠨ ᠰᠠᠯᠪᠤᠷᠢ ᠢ᠋ᠢᠨ ᠴᠠᠭᠳᠠᠭ᠎ᠠ ᠯᠢᠤ ᠶᠠᠨ ᠬᠤᠸᠠ ᠲᠠᠨᠢᠯᠴᠠᠭᠤᠯᠤᠨ᠎ᠠ᠃

ᠠᠳᠢᠶ᠎ᠠ ᠭᠤᠸᠠᠢ ᠢ᠋ᠢᠨ ᠬᠢ ᠤᠷᠢᠳ ᠬᠤᠵᠢᠳ 《ᠲᠠᠯ᠎ᠠ ᠨᠤᠲᠤᠭ ᠤ᠋ᠨ110 ᠬᠡᠷᠡᠭ ᠮᠡᠳᠡᠭᠦᠯᠬᠦ ᠴᠡᠭ》᠂《ᠬᠢᠯᠢ ᠬᠠᠮᠠᠭᠠᠯᠠᠬᠤ ᠪᠡᠬᠢᠯᠡᠯᠲᠡ ᠡᠷᠦᠬᠡ》᠂ 《ᠮᠤᠷᠢᠨ ᠨᠢᠷᠤᠭᠤᠨ ᠳᠡᠭᠡᠷᠡᠬᠢ ᠶᠡᠷᠦᠡᠭᠬᠡᠢᠯᠡᠨ ᠵᠠᠰᠠᠬᠤ ᠲᠤᠭᠤᠷᠢᠨ ᠴᠠᠭᠳᠠᠬᠤ ᠠᠡᠭᠭᠢ》᠂ 《ᠤᠮᠠᠷᠠᠲᠤ ᠬᠢᠯᠢ ᠢ᠋ᠢᠨ ᠪᠡᠬᠢᠯᠡᠯᠲᠠ ᠡᠷᠦᠬᠡ》 ᠵᠡᠷᠭᠡ ᠤᠯᠠᠨ ᠡᠭᠦᠷᠭᠡ ᠢ᠋ᠢ ᠡᠭᠦᠷᠭᠡᠯᠡᠨ ᠭᠦᠢᠴᠡᠳᠬᠡᠭᠰᠡᠨ ᠪᠢᠯᠡ᠃ 《ᠳᠡᠮ ᠳᠡᠮ ᠳ᠋ᠡᠭᠡᠨ᠂ ᠳᠡᠭᠡᠰᠤ ᠡᠷᠴᠢᠮ ᠳ᠋ᠡᠭᠡᠨ》 ᠭᠡᠳᠡᠭ ᠢ᠋ᠢᠡᠷ ᠬᠦᠮᠦᠨ ᠬᠠᠷ᠎ᠠ ᠴᠦᠭᠡᠨ ᠬᠢᠯᠢ ᠬᠢᠵᠠᠭᠠᠷ ᠤᠷᠤᠨ ᠳ᠋ᠤ ᠴᠡᠷᠢᠭ ᠴᠠᠭᠳᠠᠭ᠎ᠠ ᠠᠷᠠᠳ ᠬᠠᠮᠲᠤᠷᠠᠨ ᠠᠵᠢᠯᠯᠠᠮᠠᠨᠵᠢᠨ ᠠᠵᠢᠯ ᠬᠡᠷᠡᠭ ᠪᠦᠲᠦᠮᠵᠢᠲᠡᠢ  ᠶᠠᠪᠤᠭᠳᠠᠵᠤ  ᠴᠢᠳᠠᠳᠠᠭ᠃

— ᠳᠡᠭᠡᠷ᠎ᠠ ᠵᠠᠭᠤᠨ ᠤ᠋ ᠨᠠᠶᠠ ᠶᠡᠷᠡᠭᠡᠳ ᠤᠨ ᠳ᠋ᠤ ᠬᠤᠯᠠᠭᠠᠢ ᠢ᠋ᠢᠨ ᠬᠡᠷᠡᠭ ᠤᠯᠠᠨ ᠡᠭᠦᠰᠳᠡᠭ ᠪᠠᠢᠭᠰᠠᠨ ᠶᠤᠮ᠃ ᠮᠠᠯ ᠤᠨᠤᠭ᠎ᠠ ᠪᠡᠨ ᠳᠠᠡᠭᠳᠠ ᠠᠯᠳᠠᠳᠠᠭ ᠪᠠᠢᠯ᠎ᠠ᠃ ᠨᠢᠭᠡ ᠡᠳᠦᠷ ᠪᠢ ᠮᠤᠷᠢ ᠲᠠᠢ ᠶᠠᠪᠤᠵᠤ ᠪᠠᠢᠭᠰᠠᠨ ᠴᠢᠨᠢ ᠠᠳᠤᠭᠤ ᠳᠠᠪᠬᠢᠭᠰᠠᠨ ᠮᠦᠷ ᠪᠠᠢᠨ᠎ᠠ᠃ ᠮᠦᠷ ᠢ᠋ ᠨᠢ ᠮᠦᠷᠳᠡᠭᠰᠡᠨ ᠴᠢᠨᠢ ᠮᠤᠷᠢ ᠲᠠᠢ ᠬᠦᠮᠦᠨ ᠲᠠᠭᠤᠭᠠᠳ ᠶᠠᠪᠤᠭᠰᠠᠨ ᠰᠢᠬ ᠬᠠᠷᠠᠭᠳᠠᠨ᠎ᠠ ᠪᠢᠯᠡ᠂ ᠮᠦᠷᠳᠡᠭᠰᠡᠭᠡᠷ ᠮᠦᠷᠳᠡᠭᠰᠡᠭᠡᠷ ᠬᠢᠯᠢ ᠢ᠋ᠢᠨ ᠱᠤᠭᠤᠮ ᠳ᠋ᠤ ᠬᠦᠷᠬᠦ ᠳ᠋ᠤ ᠬᠢᠯᠢ ᠢ᠋ᠢᠨ ᠲᠤᠤᠷ ᠢ᠋ ᠲᠠᠰᠤᠲᠠᠵᠤ ᠢᠷᠠᠭᠠᠳ ᠲᠠᠭᠤᠭᠠᠳ ᠶᠠᠪᠤᠭᠰᠠᠨ ᠪᠠᠢᠨ᠎ᠠ᠃  ᠲᠡᠭᠡᠭᠡᠳ ᠯᠡ ᠬᠢᠯᠢ ᠢ᠋ᠢᠨ ᠴᠡᠷᠢᠭ ᠴᠠᠭᠳᠠᠭ᠎ᠠ ᠳ᠋ᠤ ᠮᠡᠳᠡᠭᠦᠯᠤᠭᠡᠳ ᠠᠳᠤᠭᠤ ᠪᠡᠨ ᠪᠤᠴᠠᠭᠠᠨ ᠠᠪᠴᠢᠷᠠᠵᠤ᠂ ᠬᠤᠯᠠᠭᠠᠢᠴᠢ ᠢ᠋ᠢ ᠨᠢ ᠪᠠᠷᠢᠪᠴᠢᠯᠠᠪᠠ᠃ ᠲᠠᠭᠤᠵᠤ ᠶᠠᠪᠤᠭᠰᠠᠨ ᠠᠳᠤᠭᠤ ᠨᠢ ᠮᠠᠨ ᠤ᠋ ᠬᠢᠨ ᠤ᠋ ᠨᠠᠰᠤᠨᠸᠴᠢᠷ ᠤ᠋ᠨ ᠠᠳᠤᠭᠤ ᠪᠠᠢᠭᠰᠠᠨ ᠶᠤᠮ ᠁

40 ᠰᠢᠬᠠᠮ ᠵᠢᠯ ᠤ᠋ᠨ ᠲᠤᠷᠰᠢ᠂ ᠠᠳᠢᠶ᠎ᠠ ᠭᠤᠸᠠᠢ ᠢ᠋ᠢᠨ ᠬᠢᠨ ᠳ᠋ᠤ ᠤᠷᠭᠤᠵᠤ ᠲᠤᠲᠠᠭᠠᠭᠰᠠᠨ᠂ ᠮᠠᠯ ᠤᠨᠤᠭ᠎ᠠ ᠬᠤᠯᠠᠭᠠᠢᠯᠠᠭᠰᠠᠨ᠂ ᠬᠢᠯᠢ ᠲᠠᠮᠨᠠᠨ ᠠᠡᠭ ᠠᠡᠭᠨᠠᠭᠰᠠᠨ᠂ ᠬᠡᠭᠦᠷ ᠤᠡᠭᠭᠤᠨ ᠮᠠᠯᠳᠠᠭᠰᠠᠨ᠂ ᠡᠪᠡᠰᠤᠨ ᠦᠨᠳᠦᠰᠤ ᠮᠠᠯᠲᠠᠵᠤ ᠨᠤᠲᠤᠭ ᠪᠡᠯᠴᠢᠭᠡᠷ ᠢ᠋ ᠡᠪᠳᠡᠭᠰᠡᠨ ᠵᠡᠷᠭᠡ ᠤᠯᠠᠨ ᠬᠡᠷᠡᠭ ᠲᠤᠬᠢᠶᠠᠯᠳᠤᠵᠤ᠂ ᠠᠳᠢᠶ᠎ᠠ ᠭᠤᠸᠠᠢ ᠮᠠᠯᠴᠢᠨ ᠬᠦᠮᠦᠨ ᠤ᠋ ᠨᠤᠲᠤᠭᠴᠢ ᠰᠡᠳᠬᠢᠯ᠂ ᠴᠡᠷᠢᠭ ᠬᠦᠮᠦᠨ ᠤ᠋ ᠲᠦᠪ ᠰᠤᠷᠲᠠᠯ᠂ ᠨᠠᠮ ᠤ᠋ᠨ ᠭᠡᠰᠢᠭᠦᠨ ᠤ᠋ ᠬᠠᠷᠢᠭᠤᠴᠠᠯᠭᠠᠲᠤ ᠤᠪᠤᠷ ᠢ᠋ᠢᠡᠷ  ᠴᠡᠷᠢᠭ  ᠴᠠᠬᠳᠠᠭ᠎ᠠ ᠳ᠋ᠤ  ᠴᠠᠭ ᠠᠯᠳᠠᠯ ᠦᠭᠡᠢ  ᠮᠡᠳᠡᠭᠦᠯᠦᠭᠰᠡᠭᠡᠷ  ᠢᠷᠡᠵᠡᠢ᠃

40 ᠰᠢᠬᠠᠮ ᠵᠢᠯ ᠤ᠋ᠨ ᠲᠤᠷᠰᠢ᠂ ᠠᠳᠢᠶ᠎ᠠ ᠭᠤᠸᠠᠢ ᠢ᠋ᠢᠨ ᠬᠢᠯᠢ ᠴᠠᠭᠳᠠᠭᠰᠠᠨ ᠤᠷᠲᠤ ᠨᠢ 10 ᠲᠦᠮᠡᠨ ᠺᠢᠯᠤᠮᠸᠲᠷ ᠢ᠋ ᠳᠡᠪᠡᠵᠤ᠂ 300 ᠭᠠᠷᠤᠢ ᠵᠤᠷᠪᠤᠰ ᠡᠯ᠎ᠠ ᠵᠦᠢᠯ ᠤ᠋ᠨ ᠮᠡᠳᠡᠭᠡ ᠵᠠᠡᠭᠭᠢ ᠢ᠋ᠢ ᠳᠡᠭᠡᠭᠰᠢ ᠮᠡᠳᠡᠭᠦᠯᠵᠤ᠂ 100 ᠭᠠᠷᠤᠢ ᠤᠳᠠᠭ᠎ᠠ ᠴᠡᠷᠢᠭ ᠴᠠᠭᠳᠠᠭ᠎ᠠ ᠬᠠᠮᠲᠤᠷᠠᠭᠰᠠᠨ ᠲᠤᠭᠤᠷᠢᠨ ᠴᠠᠭᠳᠠᠬᠤ ᠠᠵᠢᠯ ᠳ᠋ᠤ ᠤᠷᠤᠯᠴᠠᠵᠤ᠂ ᠬᠢᠯᠢ ᠢ᠋ᠢᠨ ᠬᠠᠮᠠᠭᠠᠯᠠᠯᠲᠠ ᠢ᠋ᠢᠨ ᠲᠤᠮᠢᠯᠠᠭᠰᠠᠨ ᠰᠠᠯᠪᠤᠷᠢ ᠢ᠋ᠢ ᠬᠠᠮᠵᠢᠨ ᠬᠢᠯᠢ ᠲᠠᠢ ᠬᠤᠯᠪᠤᠭᠳᠠᠬᠰᠠᠨ ᠬᠡᠳᠤᠨ ᠠᠷᠪᠠᠨ ᠬᠡᠷᠡᠭ ᠢ᠋ ᠢᠯᠡᠷᠡᠭᠦᠯᠵᠡᠢ᠃


ᠡᠭᠡᠨᠡᠭᠰᠢᠯ

ᠲᠡᠷᠡ ᠡᠳᠦᠷ ᠮᠠᠨ ᠤ᠋ ᠰᠤᠷᠪᠤᠯᠵᠢᠯᠠᠭ᠎ᠠ ᠢ᠋ᠢᠨ ᠳᠤᠭᠤᠢᠯᠠᠡᠭ ᠤ᠋ᠨ ᠬᠢᠨ ᠠᠳᠢᠶ᠎ᠠ ᠭᠤᠸᠠᠢ ᠢ᠋ᠢᠨ ᠳ᠋ᠤ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠤᠭ᠍ᠰᠠᠭᠠᠲᠠᠨ ᠵᠦᠢ᠎ᠶ᠋ᠢᠨ ᠲᠤᠰᠭᠠᠢ ᠮᠡᠷᠭᠡᠵᠢᠯ᠎ᠦᠨ ᠬᠤᠶᠠᠳᠤᠭᠠᠷ ᠤᠨ ᠤ᠋ ᠤᠶᠤᠲᠠᠨ ᠰᠦ᠍᠎ᠶ᠋ᠢᠨ ᠶᠠᠨ᠂ ᠰᠦᠩ ᠴᠧᠨ ᠶᠠᠩ ᠬᠤᠶᠠᠷ ᠲᠠᠢ ᠲᠠᠭᠠᠷᠠᠯᠳᠤᠭᠰᠠᠨ ᠪᠢᠯᠡ᠃ ᠲᠡᠳᠡ 《ᠥᠪᠥᠷ ᠮᠣᠩᠭᠣᠯ᠎ᠤᠨ ᠬᠢᠯᠢ ᠬᠢᠵᠠᠭᠠᠷ᠎ᠤᠨ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠢ᠋ᠢᠨ ᠪᠠᠢᠴᠠᠭᠠᠨ ᠰᠤᠳᠤᠯᠤᠯᠲᠠ》 ᠭᠡᠭᠦ ᠰᠡᠳᠦᠪ ᠢ᠋ᠢᠡᠷ ᠬᠡᠭᠡᠷ᠎ᠡ᠎ᠶ᠋ᠢᠨ ᠪᠠᠢᠴᠠᠭᠠᠯᠲᠠ ᠬᠢᠬᠦ ᠪᠡᠷ ᠡᠳᠡᠨᠡᠢᠬᠢᠨ ᠳ᠋ᠤ ᠢᠷᠡᠭᠡᠳ ᠰᠠᠷ᠎ᠠ ᠰᠢᠬᠠᠮ ᠪᠤᠯᠵᠤ ᠪᠠᠢᠭ᠎ᠠ ᠠᠵᠢ᠃

— ᠠᠪᠠᠭ᠎ᠠ ᠠᠨᠢᠶ᠎ᠠ ᠢ᠋ᠢᠨ ᠳ᠋ᠤ ᠢᠷᠡᠭᠡᠳ ᠠᠡᠬᠬ᠎ᠠ ᠤᠳᠠᠭ᠎ᠠ ᠮᠠᠯᠴᠢᠨ ᠤ᠋ ᠠᠮᠢᠳᠤᠷᠠᠯ᠂  ᠬᠦᠳᠡᠭᠡ ᠨᠤᠲᠤᠭ ᠲᠠᠢ ᠲᠠᠨᠢᠯᠴᠠᠵᠤ ᠪᠠᠢᠨ᠎ᠠ᠃ ᠬᠤᠳᠠ ᠳ᠋ᠤ ᠠᠮᠢᠳᠤᠷᠠᠭ᠎ᠠ ᠪᠢᠳᠡᠨ ᠳ᠋ᠤ ᠡᠨᠡ ᠪᠦᠬᠦᠨ ᠮᠠᠰᠢ ᠰᠤᠨᠢᠨ ᠰᠡᠪᠠᠬᠦᠨ ᠰᠠᠨᠠᠭᠳᠠᠵᠤ ᠪᠠᠢᠨ᠎ᠠ᠂ ᠠᠪᠠᠭ᠎ᠠ ᠠᠨᠢᠶ᠎ᠠ ᠬᠤᠶᠠᠷ ᠰᠠᠢᠬᠠᠨ ᠰᠡᠳᠬᠢᠯ ᠲᠠᠢ ᠬᠦᠮᠦᠰ᠂ ᠪᠢᠳᠡᠨ ᠢ᠋ ᠬᠡᠤᠬᠡᠳ ᠢ᠋ᠢᠡᠨ ᠰᠢᠭ ᠬᠠᠷᠠᠵᠤ ᠬᠠᠷᠠᠭᠠᠯᠵᠠᠳᠠᠭ᠂ ᠪᠢᠳᠡ ᠶᠠᠷᠢᠯᠴᠠᠵᠤ ᠤᠢᠯᠠᠭᠠᠯᠴᠠᠵᠤ ᠲᠡᠢᠯᠬᠦ ᠦᠭᠡᠢ ᠴᠤ᠌ ᠠᠪᠠᠭ᠎ᠠ ᠠᠨᠢᠶ᠎ᠠ ᠢ᠋ᠢᠨ ᠬᠠᠢᠷ᠎ᠠ ᠢ᠋ᠢ ᠬᠢᠳᠡᠯ ᠪᠠᠢᠳᠠᠯ ᠡᠴᠡ ᠨᠢ ᠮᠡᠳᠡᠷᠡᠳᠡᠭ᠂ ᠡᠢᠮᠤ ᠰᠠᠢᠬᠠᠨ ᠬᠦᠮᠦᠰ ᠲᠠᠢ ᠠᠭᠤᠯᠵᠠᠵᠤ ᠤᠴᠠᠷᠠᠭᠰᠠᠨ ᠳ᠋ᠠᠭᠠᠨ ᠦᠨᠡᠭᠡᠷ ᠪᠠᠶᠠᠷᠯᠠᠵᠤ ᠪᠠᠢᠨ᠎ᠠ ᠭᠡᠵᠤ ᠯᠢᠶᠤᠤᠨᠢᠡᠭ ᠨᠤᠲᠤᠭᠲᠠᠢ ᠰᠦᠩ ᠴᠧᠨ ᠶᠠᠩ ᠰᠡᠳᠬᠢᠯ ᠳᠦᠭᠦᠷᠡᠡᠭ ᠶᠠᠷᠢᠬᠤ ᠳ᠋ᠤ  ᠰᠦ᠍᠎ᠶ᠋ᠢᠨ ᠶᠠᠨ ᠴᠤ᠌᠂ 〈ᠲᠡᠢᠮᠤ ᠡ᠂ ᠠᠪᠠᠭ᠎ᠠ ᠠᠨᠢᠶ᠎ᠠ ᠮᠠᠨᠤᠰ ᠢ᠋ ᠶᠡᠬᠡ ᠪᠤᠳᠤᠳᠠᠭ᠂ ᠪᠢᠳᠡ ᠮᠠᠨᠳᠤᠯ ᠪᠠᠯᠭᠠᠰᠤᠨ ᠳ᠋ᠤ ᠬᠠᠷᠢᠬᠤ ᠪᠤᠯᠪᠠᠯ ᠰᠠᠯᠵᠤ ᠶᠠᠳᠠᠨ᠎ᠠ᠂ ᠬᠡᠳᠤ ᠬᠤᠨᠤᠪᠠᠯ ᠲᠤᠰᠬᠤ ᠪᠡᠷ ᠤᠴᠢᠨ᠎ᠠ᠂ ᠮᠠᠢᠵᠢᠭᠢᠨᠠᠬᠰᠠᠨ ᠬᠤᠶᠠᠷ ᠨᠠᠰᠤᠲᠠᠨ ᠪᠠᠢᠷᠢ ᠢ᠋ᠢᠨ ᠭᠠᠳᠠᠨ᠎ᠠ ᠬᠦᠯᠢᠶᠡᠨ ᠵᠤᠭᠰᠤᠵᠤ ᠪᠠᠢᠬᠤ ᠢ᠋ᠢ ᠬᠠᠷᠠᠭᠠᠳ ᠪᠢᠳᠡ ᠬᠤᠶᠠᠷ ᠦᠪᠡᠷ᠎ᠤᠨ ᠡᠷᠭᠡ ᠦᠭᠡᠢ ᠨᠢᠯᠪᠤᠰᠤ ᠤᠨᠠᠭᠠᠭᠰᠠᠨ ᠪᠢᠯᠡ᠃  ᠠᠨᠢᠶ᠎ᠠ ᠪᠢᠳᠡᠨ᠎ᠢ ᠦᠬᠡᠷ ᠬᠣᠨᠢᠨ ᠤ᠋ ᠮᠢᠬ᠎ᠠ ᠢᠳᠡᠵᠦ᠍ ᠳᠠᠳᠭᠤ ᠦᠭᠡᠢ ᠢ᠋ᠢ ᠮᠡᠳᠡᠭᠡᠳ ᠭᠠᠬᠠᠢ᠎ᠶ᠋ᠢᠨ ᠮᠢᠬ᠎ᠠ ᠠᠪᠴᠤ ᠬᠤᠭᠤᠯᠠ ᠬᠢᠵᠤ ᠪᠠᠢᠭᠰᠠᠨ᠂ ᠠᠪᠠᠭ᠎ᠠ ᠪᠢᠳᠡᠨ ᠳ᠋ᠤ ᠳᠠᠡᠭᠳᠠ ᠵᠠᠢᠷᠮᠠᠭ ᠮᠡᠲᠤ ᠢ᠋ᠢᠨ ᠰᠤᠯᠠ ᠢᠳᠡᠭᠡᠨ ᠠᠪᠴᠤ ᠦᠭᠳᠡᠭ ᠁ 〉 ᠬᠡᠮᠡᠨ ᠤᠭᠰᠠᠷᠠᠭᠤᠯᠤᠨ ᠭᠡᠯᠡᠨ᠎ᠠ᠃

— ᠬᠦᠭᠡᠷᠦᠬᠦᠢ᠂ ᠬᠤᠲᠠ ᠭᠠᠵᠠᠷ ᠡᠴᠡ ᠢᠷᠡᠭᠰᠡᠨ ᠬᠡᠤᠬᠡᠳ ᠤ᠋ᠳ ᠬᠦᠳᠡᠭᠡ ᠭᠠᠳᠠᠭ᠎ᠠ ᠲᠠᠰᠴᠤ ᠶᠠᠳᠠᠬᠤ ᠮᠠᠭᠠᠳ᠂ ᠦᠪᠡᠷ ᠤ᠋ᠨ ᠬᠡᠤᠬᠡᠳ ᠲᠠᠢ ᠡᠭᠡᠭᠡ ᠠᠳᠠᠯᠢ᠂ ᠬᠠᠯᠠᠮᠵᠢᠯᠠᠵᠤ ᠬᠠᠢᠷᠠᠯᠠᠶ᠎ᠠ ᠭᠡᠵᠤ ᠪᠤᠳᠤᠬᠤ ᠶᠤᠮ᠂  ᠬᠦᠳᠡᠯᠵᠤ ᠪᠠᠷᠢᠬᠤ ᠳ᠋ᠤ ᠳᠦᠭᠦᠮ ᠦᠭᠡᠢ ᠪᠤᠯᠬᠤᠷ ᠰᠠᠨᠠᠭ᠎ᠠ ᠪᠠᠢᠭᠰᠠᠨ ᠴᠤ᠌ ᠤᠨᠤᠭ᠎ᠠ ᠬᠦᠷᠬᠦ ᠦᠭᠡᠢ ᠪᠠᠢᠨ᠎ᠠ᠂ ᠬᠤᠶᠠᠷ ᠬᠡᠤᠬᠡᠨ ᠬᠠᠷᠢᠨ ᠪᠢᠳᠡᠨ ᠳ᠋ᠤ ᠶᠡᠬᠡ ᠲᠤᠰᠠ ᠳᠡᠮ ᠪᠤᠯᠳᠠᠭ᠂ ᠢᠷᠡᠪᠡᠯ ᠭᠡᠷ ᠲᠡᠷᠭᠡ ᠢ᠋ᠢ ᠴᠡᠪᠡᠷᠯᠡᠨ᠂ ᠴᠤᠡᠭᠬᠤ ᠱᠠᠯᠠ ᠢ᠋ᠢ ᠵᠦᠯᠭᠦᠭᠡᠳ ᠬᠢᠯᠡ ᠴᠢᠯᠡ ᠪᠤᠯᠭᠠᠴᠢᠬᠠᠨ᠎ᠠ᠂ ᠦᠨᠦᠳᠦᠷ ᠪᠢ ᠬᠤᠶᠠᠷ ᠬᠡᠤᠬᠡᠨ ᠳ᠋ᠡᠭᠡᠨ ᠶᠠᠭᠠᠬᠢᠭᠰᠠᠨ ᠴᠤ᠌ ᠨᠢᠭᠡ ᠬᠦᠮᠡᠯᠢ ᠲᠠᠢ ᠪᠤᠤᠰᠠ ᠬᠢᠵᠤ ᠢᠳᠡᠭᠦᠯᠦᠨ᠎ᠠ ᠭᠡᠵᠤ ᠨᠡᠷᠡᠨᠴᠡᠴᠡᠭ ᠡᠵᠢ ᠮᠢᠬ᠎ᠠ ᠬᠡᠷᠴᠢᠵᠤ᠂ ᠬᠦᠮᠡᠯᠢ ᠤᠬᠢᠶᠠᠵᠤ ᠪᠠᠢᠭ᠎ᠠ ᠬᠤᠶᠠᠷ ᠤᠶᠤᠳᠠᠨ᠎ᠢ ᠬᠠᠷᠠᠭᠠᠳ ᠢᠨᠢᠶᠠᠳᠤ ᠲᠤᠳᠤᠷᠠᠭᠤᠯᠤᠨ ᠭᠡᠯᠡᠨ᠎ᠠ᠃

ᠬᠠᠢᠷ᠎ᠠ ᠎ᠵᠢᠨ ᠬᠦᠴᠤᠨ᠎ᠳᠤ ᠬᠤᠷᠤ᠎ᠠ ᠤᠶᠠᠰᠤᠨ᠎ᠠ᠃ ᠲᠡᠳᠡᠨ ᠤ᠋ ᠡᠭᠡᠯ ᠪᠤᠷᠤᠭᠵᠢᠭᠤᠨ ᠠᠳᠠᠯ᠎ᠠ ᠡᠡᠭ ᠦᠭᠡᠢ ᠠᠭᠤᠳᠡᠮ ᠰᠡᠳᠬᠢᠯ ᠬᠤᠶᠠᠷ ᠬᠡᠤᠬᠡᠨ ᠢ᠋ᠢᠡᠷ ᠵᠤᠭᠰᠤᠬᠤ ᠦᠭᠡᠢ ᠬᠤᠲᠠ ᠤᠰᠤᠨ ᠤ᠋ ᠬᠢᠨ ᠢ᠋ᠢᠡᠨ ᠴᠤ᠌ ᠨᠦᠯᠦᠭᠡᠯᠡᠭᠰᠡᠭᠡᠷ ᠢᠷᠡᠵᠡᠢ᠃ ᠬᠤᠲᠠ ᠤᠰᠤ ᠬᠦᠷᠰᠢ ᠵᠡᠷᠭᠡᠯᠡᠳᠡᠭᠡ ᠭᠠᠴᠠᠭᠠᠨ ᠤ᠋ ᠬᠢᠨᠢ ᠬᠢᠯᠢ ᠢ᠋ᠢᠨ ᠮᠠᠯᠴᠢᠳ ᠰᠤᠨᠤᠷ ᠰᠡᠷᠡᠮᠵᠢ ᠪᠡᠨ ᠳᠡᠭᠡᠭᠰᠢᠯᠡᠭᠦᠯᠵᠤ᠂ ᠮᠠᠯ ᠢ᠋ᠢᠡᠨ ᠬᠠᠷᠠᠬᠤ ᠢ᠋ᠢᠨ ᠳᠠᠭᠠᠤ  ᠬᠢᠯᠢ ᠪᠡᠨ ᠴᠠᠭᠳᠠᠬᠤ ᠪᠤᠯᠵᠤ᠂ ᠰᠠᠨᠠᠭᠠᠴᠢᠯᠠᠭ᠎ᠠ  ᠡᠴᠡ ᠪᠡᠨ ᠠᠯᠪᠠᠨ ᠵᠢᠷᠤᠮ ᠤ᠋ᠨ ᠬᠢᠯᠢ ᠴᠠᠭᠳᠠᠬᠤ ᠡᠡᠭᠨᠡᠭᠡ ᠳ᠋ᠤ ᠤᠷᠤᠵᠤ᠂ ᠤᠳᠤ ᠮᠠᠨᠳᠤᠯ  ᠪᠠᠯᠭᠠᠰᠤᠨ ᠤ᠋ ᠬᠢᠯᠢᠴᠢᠳ ᠤ᠋ᠨ ᠡᠡᠭᠨᠡᠭᠡ  ᠦᠷᠭᠡᠵᠢᠭᠡᠳ 50 ᠭᠠᠷᠤᠢ  ᠬᠦᠮᠦᠨ ᠲᠠᠢ ᠪᠤᠯᠵᠠᠢ᠃

ᠡᠭᠡᠯ ᠪᠤᠷᠤ ᠮᠠᠯᠴᠢᠨ ᠠᠮᠢᠳᠤᠷᠠᠯ᠂ ᠡᠯᠢᠭᠡᠰᠡᠭ ᠳᠤᠲᠤᠨᠤ ᠶᠠᠷᠢᠶ᠎ᠠ᠂ ᠡᠪᠲᠡᠢ ᠨᠠᠢᠷᠲᠠᠢ ᠬᠠᠷᠢᠯᠴᠠᠭᠠᠨ ᠳ᠋ᠤ ᠡᠭᠡᠨᠡᠭᠰᠢᠨ ᠳᠠᠰᠤᠭᠰᠠᠨ ᠬᠤᠶᠠᠷ ᠬᠡᠤᠬᠡᠨ ᠤ᠋ ᠬᠢᠨᠢ 《ᠳᠠᠷᠠᠭᠠᠴᠢ ᠪᠡᠷ ᠪᠢᠳᠠ ᠠᠪᠠᠭ᠎ᠠ ᠠᠨᠢᠶ᠎ᠠ ᠢ᠋ᠢ ᠡᠷᠭᠢᠵᠤ ᠦᠵᠡᠭᠦ ᠪᠡᠷ ᠲᠤᠰᠬᠠᠢᠯᠠᠨ ᠢᠷᠡᠨ᠎ᠠ》 ᠭᠡᠬᠦ ᠦᠭᠡ ᠴᠢᠬᠢᠨ ᠳ᠋ᠤ ᠬᠠᠡᠭᠭᠢᠨᠡᠵᠤ᠂ 《ᠲᠡᠢᠮᠤ ᠡ᠂ ᠡᠢᠮᠤ ᠰᠠᠢᠬᠠᠨ ᠬᠦᠮᠦᠰ ᠲᠠᠢ ᠡᠷᠬᠢᠵᠤ ᠠᠭᠤᠯᠵᠠᠬᠤ ᠦᠭᠡᠢ ᠶᠠᠭᠠᠬᠢᠬᠤᠪ》 ᠭᠡᠳ ᠪᠢᠳᠡᠨᠡᠷ ᠴᠤ᠌ ᠡᠷᠬᠢᠨ ᠠᠭᠤᠯᠵᠠᠬᠤ ᠢ᠋ᠢᠨ ᠢᠷᠦᠭᠡᠯ  ᠲᠠᠯᠪᠢᠭᠠᠳ ᠪᠤᠴᠠᠬᠤ ᠵᠠᠮ ᠢ᠋ᠢᠡᠨ ᠡᠯᠭᠦᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号