ᠬᠠᠢᠷ᠎ᠡ ᠬᠠᠢᠷ᠎ᠡ ᠵᠢᠨ ᠲᠦᠰᠢᠯᠴᠡᠭᠡ ᠪᠠᠷ ᠬᠠᠮᠲᠦ ᠵᠢᠨ ᠪᠦᠯᠢ ᠳᠤᠯᠠᠭᠠᠬᠠᠨ
2023-11-01 17:39:38
ᠵᠣᠬᠢᠶᠠᠭ᠍ᠴᠢ᠄
ᠰᠢᠤ ᠬᠤᠸᠠ ᠵᠸᠩ ᠰᠢᠤᠸᠠᠢ ᠯᠢᠶᠠᠩ ᠤᠷᠭᠢᠯ ᠼᠠᠢ ᠬᠤᠩ ᠸᠠᠩ ᠶᠠ ᠵᠢᠩ ᠨᠠᠢᠷᠠᠭ
ᠣᠩᠱᠢᠭ᠍ᠰᠠᠨ ᠣᠳᠠᠭ᠎ᠠ᠄
★★★☆☆

ᠬᠤᠯᠪᠤᠭᠠᠰᠦ ᠄

ᠬᠦᠬᠡᠬᠤᠳᠠ ᠵᠢᠨ ᠢᠤᠢᠴᠢᠦᠸᠠᠨ ᠲᠤᠭᠤᠷᠢᠭ᠎ᠤᠨ ᠰᠢᠩ ᠯᠦᠩ  ᠵᠡᠬᠡᠯᠢ ᠭᠤᠳᠤᠮᠵᠢ ᠵᠢᠨ ᠴᠢᠩ ᠴᠢᠤᠸᠠᠨ ᠵᠡᠬᠡᠯᠢ ᠨᠡᠢᠭᠡᠮ ᠲᠤᠭᠤᠷᠢᠭ 2000 ᠤᠨ ᠡᠴᠡ ᠨᠠᠭᠠᠰᠢ ᠤᠳᠤ ᠪᠤᠯᠳᠠᠯ᠎ᠠ᠂ 《ᠪᠦᠬᠦ ᠤᠯᠤᠰ᠎ᠤᠨ ᠨᠠᠰᠦᠳᠠᠢᠴᠤᠳ ᠵᠢᠡᠨ ᠬᠦᠨᠳᠦᠯᠡᠭᠰᠡᠨ ᠵᠢᠱ᠌ᠢᠶᠡᠴᠢ ᠨᠡᠢᠭᠡᠮ ᠲᠤᠭᠤᠷᠢᠭ》᠂ 《ᠪᠦᠬᠦ ᠤᠯᠤᠰ᠎ᠤᠨ ᠡᠶ᠎ᠡ ᠵᠤᠬᠢᠴᠠᠩᠭᠤᠢ ᠨᠡᠢᠭᠡᠮ ᠲᠤᠭᠤᠷᠢᠭ᠎ᠤᠨ ᠪᠠᠢᠭᠤᠯᠤᠯᠲᠠ ᠵᠢᠨ ᠵᠢᠱ᠌ᠢᠶ᠎ᠡ ᠦᠵᠡᠬᠦᠯᠬᠦ ᠨᠡᠢᠭᠡᠮ ᠲᠤᠭᠤᠷᠢᠭ》᠂ 《ᠲᠤᠮᠳᠠᠳᠦ ᠤᠯᠤᠰ᠎ᠤᠨ ᠬᠠᠢᠷ᠎ᠡ ᠬᠠᠯᠠᠮᠵᠢ ᠵᠢᠨ ᠨᠡᠢᠭᠡᠮ ᠲᠤᠭᠤᠷᠢᠭ》᠂ 《ᠪᠦᠬᠦ ᠤᠯᠤᠰ᠎ᠤᠨ ᠲᠡᠷᠢᠭᠦᠨ᠎ᠤ ᠨᠠᠮ᠎ᠤᠨ ᠵᠤᠬᠢᠶᠠᠨ ᠪᠠᠢᠭᠤᠯᠤᠯᠲᠠ 》᠂ 《ᠪᠦᠬᠦ ᠤᠯᠤᠰ᠎ᠤᠨ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠵᠢᠨ ᠵᠢᠱ᠌ᠢᠶ᠎ᠡ ᠦᠵᠡᠬᠦᠯᠬᠦ ᠨᠡᠢᠭᠡᠮ ᠲᠤᠭᠤᠷᠢᠭ》᠂ 《ᠪᠦᠬᠦ ᠤᠯᠤᠰ᠎ᠤᠨ ᠠᠷᠠᠳ᠎ᠤᠨ ᠵᠢᠱᠶ᠋ᠶᠡᠴᠢ ᠠᠷᠠᠳ᠎ᠤᠨ ᠡᠶᠡᠳᠡᠬᠦᠯᠬᠦ ᠵᠦᠪᠯᠡᠯ》᠂《ᠨᠡᠢᠬᠡᠮ ᠲᠤᠭᠤᠷᠢᠭ᠎ᠤᠨ ᠬᠤᠪᠢ ᠨᠡᠮᠡᠷᠢ ᠦᠵᠡᠬᠦᠯᠦᠭᠰᠡᠨ ᠱᠠᠩᠨᠠᠯ》ᠵᠡᠷᠬᠡ ᠤᠯᠤᠰ᠎ᠤᠨ ᠪᠠ ᠦᠪᠡᠷᠳᠡᠭᠡᠨ ᠵᠠᠰᠬᠠᠤ ᠤᠷᠤᠨ ᠵᠢᠴᠢ ᠬᠦᠬᠡᠬᠤᠳᠠ ᠵᠢᠨ 40 ᠭᠠᠷᠤᠢ ᠵᠦᠢᠯ᠎ᠤᠨ ᠢᠷᠠᠭᠤ ᠠᠯᠳᠠᠷ᠎ᠢ ᠬᠦᠷᠳᠡᠵᠠᠢ᠃



ᠨᠡᠢᠬᠡᠮ ᠲᠤᠭᠤᠷᠢᠭ᠎ᠬᠡᠵᠤ ᠶᠠᠮᠠᠷ ᠨᠢᠬᠡᠨ ᠬᠦᠷᠢᠶ᠎ᠡ ᠬᠡᠪᠴᠢᠶᠠᠨ ᠳ᠋ᠤ᠌ ᠪᠦᠷᠢᠯᠳᠦᠭᠰᠡᠨ ᠠᠮᠢᠳᠦᠷᠠᠯ᠎ᠤᠨ ᠲᠠᠯ᠎ᠠ ᠪᠡᠷ ᠬᠠᠷᠢᠯᠴᠠᠨ ᠬᠤᠯᠪᠤᠬᠳᠠᠬᠤ ᠨᠢᠬᠡᠨ ᠴᠤᠬᠴᠠ᠂  ᠨᠡᠢᠬᠡᠮ᠎ᠤᠨ ᠤᠷᠭᠠᠨᠢᠭ ᠴᠤᠬᠴᠠ ᠵᠢᠨ ᠬᠠᠮᠤᠭ᠎ᠤᠨ ᠦᠨᠳᠦᠰᠦᠨ ᠨᠢᠬᠡᠴᠢ᠂ ᠬᠤᠷᠸ᠎ᠠ ᠨᠡᠢᠬᠡᠮ᠎ᠤᠨ ᠬᠤᠷᠢᠶᠠᠩᠭᠤᠢ ᠲᠦᠷᠰᠤ ᠬᠡᠵᠤ ᠲᠠᠢᠯᠪᠤᠷᠢᠯᠠᠳᠠᠭ ᠨᠢ ᠤᠯᠠᠨ᠃ ᠢᠩᠬᠢᠬᠦ ᠳ᠋ᠡᠬᠡᠨ ᠨᠡᠢᠬᠡᠮ ᠲᠤᠭᠤᠷᠢᠭ ᠡᠪ ᠪᠦᠯᠬᠦᠮᠳᠡᠯ ᠳᠠᠢ ᠪᠤᠯ ᠪᠦᠬᠦᠢᠯᠡ ᠨᠡᠢᠬᠡᠮ ᠡᠶ᠎ᠡ ᠵᠤᠬᠢᠴᠠᠩᠭᠤᠢ᠃ ᠢᠤᠢᠴᠢᠤᠸᠠᠨ ᠲᠤᠭᠤᠷᠢᠭ᠎ᠤᠨ ᠰᠢᠩ ᠯᠦᠩ ᠵᠡᠬᠡᠯᠢ ᠭᠤᠳᠤᠮᠵᠢ ᠵᠢᠨ ᠴᠢᠩ ᠴᠢᠤᠸᠠᠨ ᠵᠡᠬᠡᠯᠢ ᠨᠡᠢᠭᠡᠮ ᠲᠤᠭᠤᠷᠢᠭ᠎ᠤᠨ ᠦᠨᠳᠦᠰᠦᠳᠡᠨ ᠨᠤᠭᠦᠳ᠎ᠤᠨ ᠠᠷᠠᠳ ᠲᠦᠮᠡᠨ ᠬᠠᠷᠢᠯᠴᠠᠨ ᠬᠠᠪᠰᠤᠷᠤᠯᠴᠠᠵᠤ᠂ ᠪᠤᠯᠪᠠᠰᠤᠨ ᠰᠠᠢᠬᠠᠨ᠂ ᠡᠶ᠎ᠡ ᠨᠡᠢᠷᠳᠡᠢ ᠰᠢᠨ᠎ᠠ ᠴᠠᠭ ᠦᠶ᠎ᠠ ᠵᠢᠨ ᠨᠡᠢᠬᠡᠮ ᠲᠤᠭᠤᠷᠢᠭ᠎ᠢ ᠪᠦᠳᠦᠬᠡᠨ ᠪᠠᠢᠭᠤᠯᠬᠤ ᠲᠠᠯ᠎ᠠ ᠪᠡᠷ ᠪᠦᠬᠦᠢᠯᠡ ᠬᠦᠬᠡᠬᠤᠲᠠ ᠴᠢᠨᠠᠬᠰᠢᠯᠠᠨ  ᠪᠦᠬᠦ  ᠤᠷᠤᠨ ᠳ᠋ᠤ᠌ ᠦᠯᠢᠬᠡᠷ ᠵᠢᠱᠶ᠋ᠶ᠎ᠡ ᠪᠤᠯᠵᠤ  ᠪᠠᠢᠨ᠎ᠠ᠃

《ᠬᠠᠢᠷ᠎ᠠ ᠵᠢᠨ ᠬᠠᠮ ᠲᠡᠯᠭᠡᠭᠦᠷ 》 ᠪᠤᠶᠤ 《ᠪᠠᠳᠢᠷᠴᠢ ᠱᠦᠵᠢ ᠦ᠋ ᠾᠸ ᠰᠢᠶᠠᠩ》

7 ᠰᠠᠷ᠎ᠠ ᠵᠢᠨ ᠰᠡᠬᠦᠯᠴᠢ ᠪᠡᠷ ᠮᠠᠨ᠎ᠤ ᠰᠤᠷᠪᠤᠯᠵᠢᠯᠠᠬᠤ ᠲᠤᠭᠤᠢᠯᠠᠩ᠎ᠤᠨ ᠬᠢᠨ᠎ᠴᠢᠩ ᠴᠢᠤᠸᠠᠨ ᠨᠡᠢᠭᠡᠮ ᠲᠤᠭᠤᠷᠢᠭ᠎ᠤᠨ ᠠᠯᠪᠠᠯᠠᠬᠤ ᠠᠰᠠᠷ᠎ᠤᠨ ᠨᠢᠭᠡᠲᠦᠭᠡᠷ ᠲᠠᠪᠬᠤᠷᠯᠢᠭ ᠲᠦ᠍ ᠤᠷᠤᠪᠠᠯ᠂ ᠬᠦᠮᠦᠰ᠎ᠤᠨ ᠬᠠᠷᠠᠭᠠᠨ᠎ᠳᠤ ᠦᠷᠲᠦᠮᠡᠷ ᠦᠭᠡᠢ ᠬᠡᠳᠦᠨ ᠠᠷᠪᠠᠨ ᠲᠡᠭᠰᠢ ᠲᠦᠷᠪᠡᠯᠵᠢᠨ ᠮᠸᠲᠷ ᠲᠠᠯᠠᠪᠠᠢ  ᠪᠦᠬᠦᠢ ᠨᠢᠭᠡᠨ ᠲᠠᠰᠦᠯᠭ᠍᠎ᠡ ᠭᠡᠷ ᠪᠠᠢᠨ᠎ᠠ᠃ ᠲᠤᠳᠤᠷ᠎ᠠ ᠨᠢ ᠠᠮᠦ ᠪᠤᠳᠠᠭ᠍᠎ᠡ᠂ ᠲᠤᠰᠦ ᠵᠡᠷᠭᠡ ᠨᠢ ᠬᠦᠰᠡᠷ ᠲᠡᠭᠡᠷᠡᠬᠢ ᠮᠤᠲᠤᠨ ᠬᠠᠪᠳᠠᠰᠦᠨ᠎ᠳᠤ ᠲᠠᠯᠪᠢᠭᠠᠰᠦᠲᠠᠢ᠂ ᠨᠢᠭᠤᠷ᠎ᠤᠨ ᠲᠦᠩᠫᠸᠩ᠂ ᠤᠰᠤᠨ᠎ᠤ ᠴᠤᠮᠦ᠂ ᠲᠡᠮᠳᠡᠭᠯᠡᠯ᠎ᠤᠨ ᠲᠡᠪᠳᠡᠷ᠂ ᠨᠢᠭᠤᠷ᠎ᠤᠨ ᠠᠯᠴᠢᠭᠤᠷ᠂ ᠤᠷᠢᠶᠠᠮᠠᠭ ᠴᠠᠭᠠᠰᠦ ᠬᠡᠳ ᠡᠯ᠎ᠡ ᠵᠦᠢᠯ᠎ᠤᠨ ᠠᠮᠢᠳᠦᠷᠠᠯ᠎ᠤᠨ ᠡᠳ᠋ᠯᠡᠯ ᠬᠡᠷᠡᠭᠰᠡᠯ ᠭᠡᠳ ᠬᠠᠭᠠᠰ ᠬᠠᠶᠠᠭ᠍᠎ᠡ ᠡᠵᠡᠯᠡᠨ ᠪᠠᠢᠷᠢᠰᠢᠭᠰᠠᠨ ᠪᠠᠷᠠᠭᠠᠨ᠎ᠤ ᠲᠠᠯᠪᠢᠭᠤᠷ ᠲᠦ᠍ ᠪᠠᠭᠳᠠ ᠶᠠᠳᠠᠨ ᠦᠷᠦᠭᠡᠰᠦᠲᠠᠢ ᠁ ᠮᠡᠳᠡᠬᠦ ᠦᠬᠡᠢ ᠬᠦᠮᠦᠨ ᠦᠵᠡᠪᠡᠯ ᠨᠡᠢᠭᠡᠮ ᠲᠤᠭᠤᠷᠢᠭ᠎ᠤᠨ ᠬᠦᠮᠦᠷᠭᠡ ᠬᠡᠮᠡᠷ ᠪᠤᠳᠤᠨ᠎ᠠ᠃

— ᠵᠢᠵᠢᠭᠭᠡᠨ ᠡᠨᠡ ᠲᠠᠰᠤᠯᠭ᠎ᠠ ᠬᠡᠷ᠎ᠢ ᠶᠠᠯᠢᠮ ᠦᠬᠡᠢ ᠬᠡᠵᠤ ᠪᠤᠤ ᠪᠠᠰᠤ᠂ ᠡᠨᠡ ᠲᠠᠰᠤᠯᠭ᠎ᠠ ᠭᠡᠷ ᠲᠤ᠌ ᠵᠢᠯ ᠪᠦᠷᠢ 20 ᠭᠠᠷᠤᠢ ᠲᠦᠮᠡᠨ ᠲᠦᠭᠦᠷᠢᠭ᠎ᠤᠨ ᠡᠳ᠋ ᠪᠤᠳᠠᠰ ᠨᠦᠬᠦᠪᠤᠷᠢᠯᠡᠵᠤ ᠰᠠᠭᠤᠭᠠᠯᠢ ᠠᠷᠠᠳ᠎ᠤᠨ ᠲᠤᠭᠤᠷᠢᠭ᠎ᠤᠨ ᠭᠠᠴᠢᠬᠳᠠᠬᠰᠠᠨ᠎ᠢ ᠨᠢ ᠲᠤᠰᠠᠯᠠᠵᠤ ᠬᠦᠴᠢᠷᠳᠡᠭᠰᠡᠳ ᠲᠤ᠌ ᠬᠦᠨᠡᠰᠦ ᠵᠤᠯᠭᠠᠭᠤᠯᠵᠤ ᠪᠠᠢᠭ᠎ᠠ《ᠬᠠᠢᠷ᠎ᠡ ᠵᠢᠨ ᠬᠠᠮ ᠲᠡᠯᠬᠡᠬᠦᠷ》 ᠬᠡᠬᠦ ᠨᠡᠷᠡᠳᠡᠢ ᠶᠤᠮ ᠬᠡᠵᠤ ᠨᠡᠢᠬᠡᠮ ᠲᠤᠭᠤᠷᠢᠭ᠎ᠤᠨ ᠨᠠᠮ᠎ᠤᠨ ᠬᠤᠷᠢᠶ᠎ᠠ ᠵᠢᠨ ᠱᠦᠵᠢ᠂ ᠰᠠᠭᠤᠭᠠᠯᠢ ᠠᠷᠠᠳ᠎ᠤᠨ ᠵᠦᠪᠯᠡᠯ᠎ᠤᠨ ᠡᠷᠬᠢᠯᠡᠭᠴᠢ ᠦ᠋ ᠾᠸ ᠰᠢᠶᠠᠩ ᠮᠠᠨᠤᠰ ᠲᠤ᠌ ᠬᠠᠮ ᠲᠡᠯᠬᠡᠬᠦᠷ᠎ᠤᠨ ᠲᠤᠬᠠᠢ ᠲᠠᠨᠢᠯᠴᠠᠭᠤᠯᠵᠤ ᠪᠢᠯᠠ᠃

ᠦ᠋ ᠾᠸ ᠰᠢᠶᠠᠩ᠂ ᠡᠨᠡ ᠵᠢᠯ 73 ᠨᠠᠰᠤᠳᠠᠢ᠂ ᠲᠡᠷᠡ ᠪᠡᠷ 1988 ᠤᠨ᠎ᠳᠤ ᠴᠢᠩ ᠴᠢᠤᠸᠠᠨ ᠵᠡᠬᠡᠯᠢ ᠨᠡᠢᠭᠡᠮ ᠲᠤᠭᠤᠷᠢᠭ᠎ᠤᠨ ᠨᠠᠮ᠎ᠤᠨ ᠬᠤᠷᠢᠶ᠎ᠠ ᠵᠢᠨ ᠱᠦᠵᠢ ᠶ᠋ᠢᠨ ᠲᠤᠰᠢᠶᠠᠯ ᠢ᠋ ᠬᠠᠷᠢᠭᠤᠴᠠᠭᠰᠠᠨ ᠡᠴᠡ ᠤᠳᠤ ᠪᠤᠯᠳᠠᠯ᠎ᠠ ᠨᠢᠭᠡᠨᠲᠡ ᠪᠦᠬᠦᠯᠢ 35 ᠵᠢᠯ ᠰᠠᠭᠤᠭᠠᠯᠢ ᠠᠷᠠᠳ ᠲᠤ᠌ ᠦᠢᠯᠡᠴᠢᠯᠡᠵᠤ ᠢᠷᠡᠵᠡᠢ᠃ ᠨᠡᠢᠭᠡᠮ ᠲᠤᠭᠤᠷᠢᠭ ᠲᠦ᠍ ᠢᠷᠡᠵᠤ ᠠᠵᠢᠯᠯᠠᠭᠰᠠᠨ ᠠᠩᠬᠠᠨ᠎ᠤ ᠡᠳᠦᠷ ᠡᠴᠡ ᠪᠠᠨ ᠡᠬᠢᠯᠡᠵᠦ᠂  ᠰᠠᠭᠤᠭᠠᠯᠢ ᠠᠷᠠᠳ ᠨᠢᠬᠡᠪᠦᠷᠢ ᠳ᠋ᠤ ᠲᠤᠯᠭᠠᠷᠠᠬᠰᠠᠨ  ᠬᠦᠴᠢᠷ ᠵᠤᠪᠠᠯᠠᠩ᠎ᠢ ᠨᠢ ᠬᠠᠪᠰᠤᠷᠤᠨ ᠰᠢᠢᠳᠪᠦᠷᠢᠯᠡᠬᠦ ᠵᠢ ᠲᠡᠷᠢᠬᠦᠨ ᠴᠢᠬᠤᠯᠠ ᠬᠠᠷᠢᠭᠤᠴᠠᠯᠭ᠎ᠠ ᠪᠠᠨ ᠪᠤᠯᠭᠠᠵᠤ ᠦᠨᠦ ᠬᠦᠷᠦᠭᠰᠡᠨ ᠪᠢᠯᠡ᠃᠁



_J6A5960.JPG


ᠦ᠋ ᠾᠸ ᠰᠢᠶᠠᠩ ( ᠵᠡᠭᠦᠨᠳᠡᠬᠢ ) ᠬᠡᠮᠡᠷᠯᠢᠭ ᠲᠤᠭ ᠲᠣᠰᠣᠨ᠎ᠠ


ᠭᠤᠤᠯᠳᠠᠭᠤ ᠲᠡᠭᠡᠷ᠎ᠡ ᠵᠠᠭᠤᠨ᠎ᠤ ᠡᠴᠦᠰ ᠰᠢᠨ᠎ᠠ ᠵᠠᠭᠤᠨ᠎ᠤ ᠡᠬᠢ ᠪᠡᠷ ᠬᠦᠮᠦᠰ᠎ᠤᠨ ᠠᠮᠢᠳᠦᠷᠠᠯ ᠨᠡᠢᠳᠡᠮ ᠳ᠋ᠡᠬᠡᠨ ᠲᠠᠢᠮᠦ ᠴᠢᠨᠡᠭᠡᠯᠢᠭ ᠪᠢᠰᠢ᠃ ᠨᠡᠢᠬᠡᠮ ᠲᠤᠭᠤᠷᠢᠭ᠎ᠤᠨ ᠰᠠᠭᠤᠭᠠᠯᠢ ᠠᠷᠠᠳ᠎ᠤᠨ ᠵᠠᠷᠢᠮ ᠨᠢ ᠢᠳᠡᠬᠦ ᠬᠤᠭᠤᠯᠠ ᠦᠬᠡᠢ ᠭᠠᠴᠢᠬᠳᠠᠨ᠎ᠠ᠂ ᠵᠠᠷᠢᠮ ᠨᠢ ᠠᠮᠢᠳᠦᠷᠠᠯ᠎ᠤᠨ ᠬᠡᠷᠡᠭᠰᠡᠯ᠎ᠢᠶᠡᠨ ᠠᠪᠴᠤ ᠲᠡᠢᠯᠬᠦ ᠦᠬᠡᠢ ᠵᠤᠪᠠᠨ᠎ᠠ᠂ ᠢᠯᠠᠩᠭᠤᠶ᠎ᠠ ᠨᠡᠢᠬᠡᠮ ᠲᠤᠭᠤᠷᠢᠭ ᠲᠤ᠌ ᠢᠷᠡᠵᠤ ᠲᠦᠷ ᠴᠠᠭ ᠬᠡᠷ ᠲᠦᠷᠢᠶᠠᠰᠦᠯᠠᠵᠤ ᠰᠠᠭᠤᠭ᠎ᠠ ᠬᠦᠮᠦᠰ ᠲᠤ᠌ ᠡᠢᠮᠦᠷᠬᠦᠦ ᠶᠠᠪᠤᠳᠠᠯ ᠲᠡᠩᠳᠡ ᠲᠤᠬᠢᠶᠠᠯᠳᠤᠨ᠎ᠠ᠃ ᠬᠠᠷᠠᠬᠠᠨ ᠪᠠᠭ᠎ᠠ ᠡᠴᠡ ᠪᠠᠨ ᠬᠠᠯᠠ ᠠᠮᠰᠠᠵᠤ ᠦᠰᠦᠭᠰᠡᠨ ᠦ᠋ ᠾᠸ ᠰᠢᠶᠠᠩ ᠱᠦᠵᠢ ᠡᠢᠮᠦ ᠶᠠᠪᠤᠳᠠᠯ᠎ᠢ ᠰᠤᠨᠤᠰᠬᠤ ᠪᠦᠷᠢ ᠪᠠᠢᠬᠰᠠᠨ᠎ᠢᠶᠡᠨ ᠲᠡᠮᠳᠡᠷᠢᠵᠤ ᠪᠠᠢᠭᠠᠳ ᠬᠠᠪᠰᠤᠷᠤᠨ᠎ᠠ᠃ ᠬᠡᠶ᠎ᠠ ᠨᠢᠬᠡ ᠬᠦᠮᠦᠨ᠎ᠤ ᠬᠦᠴᠦᠨ ᠬᠢᠵᠠᠭᠠᠷ ᠲᠠᠢ ᠪᠢᠯᠡ᠃ ᠲᠡᠭᠡᠭᠡᠳ ᠲᠡᠷᠡ ᠤᠯᠠᠨ᠎ᠤ ᠬᠠᠢᠷ᠎ᠠ ᠵᠢ ᠲᠠᠢᠴᠢᠯᠠᠵᠤ ᠠᠮᠦ ᠪᠤᠳᠠᠭ᠍᠎ᠡ᠂ ᠠᠮᠢᠳᠤᠷᠠᠯ᠎ᠳᠤ ᠬᠡᠷᠡᠭᠰᠡᠬᠦ ᠡᠯᠳᠡᠪ  ᠪᠦᠬᠦᠨ᠎ᠢ᠋ ᠦᠨ᠎ᠠ ᠲᠦᠯᠦᠪᠦᠷᠢ ᠦᠬᠡᠢ ᠪᠡᠷ ᠬᠠᠩᠭᠠᠬᠤ ᠨᠢᠬᠡᠨ ᠬᠠᠮ ᠲᠡᠯᠭᠡᠬᠦᠷ ᠪᠠᠢᠭᠤᠯᠬᠤ ᠪᠠᠷ ᠲᠤᠭᠳᠠᠵᠦ᠂ ᠬᠠᠮᠢᠶ᠎ᠡ ᠪᠦᠬᠦᠢ ᠪᠠᠢᠭᠤᠯᠭ᠍᠎ᠡ ᠪᠡᠷ ᠬᠦᠷᠴᠦ ᠲᠠᠬᠢᠨ ᠲᠠᠪᠳᠠᠨ ᠭᠤᠶᠤᠴᠢᠯᠠᠯ ᠲᠡᠪᠰᠢᠬᠦᠯᠵᠤ 2005 ᠤᠨ᠎ᠳᠤ ᠲᠤᠰ《ᠬᠠᠢᠷ᠎ᠡ ᠵᠢᠨ ᠬᠠᠮ ᠲᠡᠯᠬᠡᠬᠦᠷ》ᠢ᠋ ᠨᠡᠭᠡᠭᠡᠭᠰᠡᠨ ᠪᠠᠢᠯ᠎ᠠ᠃

ᠬᠠᠮ ᠲᠡᠯᠭᠡᠭᠦᠷ ᠵᠢᠡᠨ ᠨᠡᠭᠡᠭᠡᠴᠢᠬᠡᠭᠰᠡᠨ᠎ᠤ ᠲᠠᠷᠠᠭ᠎ᠠ ᠪᠠᠷᠠᠭᠠᠨ᠎ᠤ ᠢᠷᠡᠯᠲᠡ ᠪᠠᠨ ᠪᠠᠲᠤᠯᠠᠬᠤ ᠬᠡᠵᠦ ᠦ᠋ ᠾᠸ ᠰᠢᠶᠠᠩ ᠺᠤᠮᠫᠠᠨᠢ᠂ ᠬᠤᠪᠢ ᠬᠦᠮᠦᠨ᠂ ᠠᠯᠪᠠᠨ ᠪᠠᠢᠭᠤᠯᠭ᠍᠎ᠡ ᠭᠡᠬᠦᠴᠢᠯᠡᠨ ᠪᠤᠳᠤᠵᠦ ᠤᠯᠤᠭᠰᠠᠨ ᠬᠢᠷᠢᠨ᠎ᠳᠡᠭᠡᠨ ᠨᠡᠢᠭᠡᠮ ᠨᠡᠢᠲᠡ ᠡᠴᠡ ᠲᠤᠰᠠᠯᠠᠮᠵᠢ ᠬᠠᠨᠳᠢᠪ ᠡᠷᠢᠨ ᠬᠦᠶᠦᠵᠤ᠂ ᠤᠯᠠᠨ᠎ᠤ ᠪᠠᠨ ᠲᠤᠮᠳᠠ《ᠪᠠᠳᠢᠷᠴᠢ ᠱᠦᠵᠢ》ᠬᠡᠵᠤ ᠠᠯᠳᠠᠷᠰᠢᠭᠰᠠᠨ ᠪᠠᠢᠯ᠎ᠡ᠃

— ᠬᠠᠮ ᠲᠡᠯᠬᠡᠬᠦᠷ ᠪᠠᠢᠭᠤᠯᠤᠬᠳᠠᠭᠠᠳ ᠬᠤᠷᠢᠨ ᠵᠢᠯ ᠰᠢᠬᠠᠮ ᠪᠤᠯᠵᠤ ᠪᠠᠢᠨ᠎ᠠ᠃ ᠪᠦᠷᠢᠮᠦᠰᠦᠨ ᠨᠡᠢᠬᠡᠮ ᠨᠡᠢᠳᠡ ᠵᠢᠨ ᠬᠠᠢᠷ᠎ᠠ ᠬᠠᠯᠠᠮᠵᠢ ᠳ᠋ᠤ᠌ ᠲᠦᠰᠢᠭᠯᠡᠭᠰᠡᠨ ᠶᠤᠮ ᠬᠡᠵᠤ ᠦ᠋ ᠾᠸ ᠰᠢᠶᠠᠩ ᠱᠦᠵᠢ ᠬᠡᠷᠡᠮ ᠲᠦᠬᠦᠷᠳᠡᠯ᠎ᠡ ᠨᠠᠭᠠᠬᠰᠠᠨ ᠡᠳ᠋ ᠪᠤᠳᠠᠰ ᠬᠠᠨᠳᠢᠪᠯᠠᠭᠰᠠᠨ ᠬᠤᠪᠢ ᠬᠦᠮᠦᠨ᠂ ᠺᠤᠮᠫᠠᠨᠢ᠂ ᠠᠯᠪᠠᠨ ᠪᠠᠢᠭᠤᠯᠭ᠍᠎ᠡ ᠵᠢᠨ ᠨᠡᠷᠡᠰ᠎ᠢ ᠵᠢᠭᠠᠨ ᠬᠡᠯᠡᠨ᠎ᠡ᠃

ᠦ᠋ ᠾᠸ ᠰᠢᠶᠠᠩ ᠱᠦᠵᠢ ᠬᠡᠳᠦᠨ ᠠᠷᠪᠠᠨ ᠵᠢᠯ᠎ᠤᠨ ᠲᠤᠷᠰᠢ ᠪᠤᠰᠤᠳ ᠢ᠋ ᠲᠤᠰᠠᠯᠠᠬᠤ ᠪᠠᠷ ᠵᠢᠷᠭᠠᠯ ᠵᠢᠡᠨ ᠪᠤᠯᠭᠠᠵᠦ᠂ ᠬᠠᠪᠰᠤᠷᠤᠯᠭ᠎ᠠ ᠬᠦᠰᠡᠵᠤ ᠢᠷᠡᠭᠰᠡᠳ᠎ᠤᠨ ᠦᠬᠡᠳᠡ ᠡᠴᠡ ᠭᠠᠬᠴᠠ ᠤᠳᠠᠭ᠎ᠠ ᠴᠤ᠌ ᠭᠠᠷ ᠰᠠᠵᠢᠭᠰᠠᠨ ᠦᠭᠡᠢ ᠶᠤᠮ᠃ ᠲᠡᠷᠡ ᠦᠪᠡᠷ᠎ᠤᠨ ᠴᠡᠯᠢᠩ᠎ᠢᠶᠡᠨ ᠭᠠᠷᠭᠠᠵᠤ 18 ᠨᠠᠰᠦᠲᠠᠨ᠂ 6 ᠵᠡᠮᠳᠡᠭ ᠬᠦᠮᠦᠨ ᠪᠠ 4 ᠦᠨᠦᠴᠢᠨ ᠬᠡᠤᠬᠡᠳ ᠢ᠋ ᠬᠠᠷᠠᠭᠠᠯᠵᠠᠵᠦ᠂ ᠠᠷᠪᠠ ᠭᠠᠷᠤᠢ ᠵᠢᠯ᠎ᠤᠨ ᠲᠤᠷᠰᠢ ᠨᠡᠢᠬᠡᠮ ᠲᠤᠭᠤᠷᠢᠭ᠎ᠤᠨ᠎ᠢᠶᠡᠨ ᠠᠮᠢᠳᠦᠷᠠᠯ ᠨᠢ ᠬᠦᠴᠢᠷᠳᠡᠯᠳᠡᠢ ᠬᠤᠷᠢ ᠭᠠᠷᠤᠢ ᠰᠤᠷᠤᠭᠴᠢ ᠵᠢ ᠶᠡᠬᠡ ᠰᠤᠷᠭᠠᠭᠤᠯᠢ ᠲᠡᠬᠦᠰᠳᠡᠯ᠎ᠡ ᠨᠢ ᠲᠡᠮᠵᠢᠵᠤ ᠪᠢᠯᠡ᠃ ᠦᠪᠡᠷ᠎ᠤᠨ ᠠᠮᠢᠳᠦᠷᠠᠯ ᠳ᠋ᠠᠭᠠᠨ ᠤᠴᠢᠷ ᠦᠬᠡᠢ ᠠᠷᠪᠢᠯᠠᠨ ᠭᠠᠮᠨᠠᠳᠠᠭ ᠲᠡᠷᠡ ᠪᠡᠷ  ᠤᠳᠤ ᠪᠤᠯᠳᠠᠯ᠎ᠠ 40 ᠭᠠᠷᠤᠢ ᠲᠦᠮᠡᠨ ᠲᠦᠭᠦᠷᠢᠭ ᠭᠠᠷᠭᠠᠵᠦ ᠪᠤᠰᠤᠳ ᠢ᠋ ᠬᠠᠪᠰᠤᠷᠬᠤ᠎ᠳᠠᠭᠠᠨ 《ᠨᠠᠮ᠎ᠤᠨ ᠭᠡᠰᠢᠬᠦᠨ᠎ᠤ  ᠭᠦᠢᠴᠡᠳᠭᠡᠪᠡᠰᠦ ᠵᠤᠬᠢᠰᠲᠠᠢ ᠡᠭᠦᠷᠭᠡ ᠪᠠᠨ ᠬᠦᠢᠴᠡᠳᠭᠡᠭᠰᠡᠨ ᠲᠡᠳᠦᠢ》ᠭᠡᠵᠦ ᠢᠨᠢᠶᠡᠮᠰᠦᠭᠯᠡᠨ ᠶᠠᠷᠢᠳᠠᠭ ᠪᠢᠯᠡ᠃

ᠦ᠋ ᠾᠸ ᠰᠢᠶᠠᠩ ᠪᠤᠯ ᠨᠠᠮ᠎ᠤᠨ ᠠᠷᠪᠠᠨ ᠲᠤᠯᠤᠳᠤᠭᠠᠷ ᠂ ᠠᠷᠪᠠᠨ ᠨᠠᠢ᠍ᠮᠠᠳᠤᠭᠠᠷ ᠶᠡᠬᠡ ᠬᠤᠷᠠᠯ᠎ᠤᠨ ᠲᠦᠯᠦᠭᠡᠯᠡᠭᠴᠢ᠂ 2010 ᠤᠨ᠎ᠤ ᠪᠦᠬᠦ ᠤᠯᠤᠰ᠎ᠤᠨ ᠬᠦᠳᠡᠯᠮᠦᠷᠢ ᠵᠢᠨ ᠵᠢᠱ᠌ᠢᠶᠡᠴᠢ᠂ 2014 ᠤᠨ᠎ᠤ ᠪᠦᠬᠦ ᠤᠯᠤᠰ᠎ᠤᠨ ᠦᠨᠳᠦᠰᠦᠲᠡᠨ᠎ᠤ ᠪᠦᠯᠬᠦᠮᠳᠠᠯ ᠲᠠᠪᠰᠢᠯᠲᠠ ᠵᠢᠨ ᠲᠡᠷᠢᠬᠦᠨ᠎ᠤ ᠵᠢᠱ᠌ᠢᠶᠡᠴᠢ ᠬᠤᠪᠢ ᠬᠦᠮᠦᠨ ᠪᠤᠯᠤᠨ᠎ᠡ᠃ ᠡᠳᠡᠭᠡᠷ ᠢᠷᠠᠭᠤ ᠠᠯᠳᠠᠷ ᠨᠢ ᠲᠡᠭᠦᠨ᠎ᠤ ᠲᠦᠴᠢ ᠭᠠᠷᠤᠢ ᠵᠢᠯ᠎ᠤᠨ  ᠲᠤᠷᠰᠢ ᠡᠨᠡ ᠨᠡᠢᠬᠡᠮ ᠲᠤᠭᠤᠷᠢᠭ ᠲᠤ᠌ ᠡᠷᠬᠦᠭᠰᠡᠨ ᠠᠴᠢ ᠵᠢᠳᠭᠦᠯ᠎ᠤᠨ ᠬᠢᠨᠢ ᠬᠡᠷᠡᠴᠢᠯᠡᠯ ᠪᠤᠯᠵᠦ ᠪᠤᠢ᠃ 《ᠦᠷᠬᠦᠯᠵᠢᠯᠡᠨ ᠠᠵᠢᠯᠯᠠᠵᠦ᠂ ᠤᠯᠠᠨ᠎ᠳ᠋ᠠᠭᠠᠨ ᠦᠢᠯᠡᠴᠢᠯᠡᠵᠦ ᠯᠡ ᠪᠠᠢᠪᠠᠯ ᠶᠠᠳᠠᠷᠠᠵᠦ ᠵᠦᠳᠡᠷᠡᠬᠦ ᠦᠭᠡᠢ ᠬᠠᠷᠢᠨ ᠪᠠᠶᠠᠷ ᠵᠢᠷᠭᠠᠯ ᠲᠠᠢ ᠰᠠᠨᠠᠬᠳᠠᠨ᠎ᠠ》 ᠭᠡᠵᠦ 73 ᠨᠠᠰᠦᠳᠠᠢ ᠦ᠋ ᠾᠸ ᠰᠢᠶᠠᠩ ᠱᠦᠵᠢ ᠨᠡᠢᠬᠡᠮ ᠲᠤᠭᠤᠷᠢᠭ᠎ᠤᠨ᠎ᠢᠶᠡᠨ ᠡᠶ᠎ᠡ ᠪᠦᠯᠬᠦᠮᠳᠡᠯ᠎ᠤᠨ ᠲᠦᠯᠦᠬᠡ ᠤᠷᠤᠬᠰᠢ ᠵᠢᠳᠭᠦᠯᠡᠭᠰᠡᠭᠡᠷ  ᠁

ᠵᠢᠨ ᠹᠦ ᠵᠢᠢ ᠨᠠᠰᠤᠳᠠᠨ᠎ᠤ ᠨᠡᠢᠬᠡᠮ ᠲᠤᠭᠤᠷᠢᠭ ᠲᠡᠬᠢ ᠵᠢᠷᠭᠠᠯᠳᠤ ᠠᠮᠢᠳᠤᠷᠠᠯ

《ᠦᠳᠡ ᠵᠢᠨ ᠬᠤᠭᠤᠯᠠᠨ᠎ᠤ ᠨᠤᠭᠤᠭ᠎ᠠ ᠴᠠᠭ᠎ᠠ  ᠠᠪᠬᠤ ᠬᠡᠳ ᠭᠠᠷᠤᠭᠠᠳ ᠢᠷᠡᠯ᠎ᠡ᠂ ᠭᠡᠷ ᠵᠢᠡᠨ ᠤᠯᠢᠭᠲᠠᠢ ᠴᠡᠪᠡᠷᠯᠡᠵᠦ ᠠᠮᠵᠢᠭ᠎ᠠ ᠦᠭᠡᠢ ᠂ ᠲᠠ ᠨᠠᠷ ᠰᠠᠭᠤᠵᠠᠭ᠎ᠠ ᠳ᠋ᠠ》 ᠭᠡᠵᠤ ᠲᠤᠰ ᠨᠡᠢᠬᠡᠮ ᠲᠤᠭᠤᠷᠢᠭ᠎ᠤᠨ  ᠵᠢᠨ ᠹᠦ ᠵᠢᠢ ᠨᠠᠰᠤᠳᠠᠨ ᠮᠠᠨᠤᠰ᠎ᠢ ᠬᠡᠷ ᠲᠡᠭᠡᠨ ᠤᠷᠢᠵᠤ ᠪᠢᠯᠡ᠃ ᠨᠠᠰᠤᠳᠠᠨ ᠡᠨᠡ ᠵᠢᠯ 72 ᠨᠠᠰᠤᠳᠠᠢ᠃ ᠬᠡᠤᠬᠡᠳ ᠨᠢ ᠠᠢᠯ ᠬᠡᠷ ᠪᠤᠯᠤᠬᠰᠠᠨ ᠲᠤᠯᠠ ᠤᠳᠤ ᠡᠪᠦᠭᠡᠨ ᠵᠢᠨ᠎ᠳ᠋ᠦᠩ ᠭᠸᠨ ᠲᠠᠢ ᠬᠤᠶᠠᠭᠤᠯᠠ ᠪᠠᠨ  ᠰᠠᠭᠤᠵᠤ ᠪᠠᠢᠨ᠎ᠠ᠃


_J6A5944.JPG


ᠵᠢᠨ ᠹᠦ ᠵᠢᠢ ᠪᠠ ᠵᠢᠨ᠎ᠳ᠋ᠦᠩ ᠭᠸᠨ ᠬᠤᠶᠠᠭᠤᠯᠠ ᠵᠢᠨ ᠲᠡᠭᠡᠳᠦᠰ᠎ᠤᠨ ᠨᠤᠲᠤᠭ᠎ᠢ ᠬᠡᠯᠡᠪᠡᠯ ᠰᠤᠯᠤᠩᠭᠤᠰ ᠤᠯᠤᠰ᠃ ᠠᠯᠢ ᠡᠷᠳᠡ ᠦᠶ᠎ᠠ ᠳ᠋ᠤ᠌ ᠵᠢᠨ ᠹᠦ ᠵᠢᠢ ᠪᠠ ᠵᠢᠨ᠎ᠳ᠋ᠦᠩ ᠭᠸᠨ᠎ᠤ ᠲᠡᠭᠡᠳᠦᠰ ᠨᠢ ᠮᠠᠨ᠎ᠤ ᠤᠯᠤᠰ᠎ᠤᠨ ᠵᠡᠭᠦᠨ ᠬᠤᠢᠲᠦ ᠤᠷᠤᠨ᠎ᠳᠤ ᠢᠷᠡᠵᠤ ᠨᠤᠲᠤᠭᠰᠢᠭᠰᠠᠨ ᠪᠦᠬᠡᠳ1958 ᠤᠨ᠎ᠳᠤ ᠵᠢᠨ ᠹᠦ ᠵᠢᠢ ᠵᠢᠨ ᠠᠪᠤ ᠡᠵᠢ ᠨᠢ ᠬᠢᠯᠢ ᠬᠢᠵᠠᠭᠠᠷ᠎ᠢ ᠲᠡᠮᠵᠢᠬᠦ ᠲᠦᠯᠦᠪᠯᠡᠭᠡ ᠪᠠᠷ ᠶᠠᠨᠪᠢᠶᠠᠨ᠎ᠤ ᠰᠤᠯᠤᠩᠭᠤᠰ ᠦᠨᠳᠦᠰᠦᠲᠡᠨ᠎ᠤ ᠦᠪᠡᠷᠲᠡᠭᠡᠨ ᠵᠠᠰᠠᠬᠤ ᠵᠸᠦ ᠡᠴᠡ ᠦᠪᠦᠷ ᠮᠤᠩᠭᠤᠯ ᠳ᠋ᠦ ᠢᠷᠡᠭᠰᠡᠨ ᠠᠵᠢ᠃ ᠶᠠᠭ ᠲᠡᠷᠡ ᠦᠶ᠎ᠠ ᠪᠡᠷ ᠵᠢᠨ᠎ᠳ᠋ᠦᠩ ᠭᠸᠨ ᠴᠡᠷᠢᠭ ᠤ᠋ᠨ ᠠᠯᠪᠠ ᠡᠴᠡ ᠬᠠᠯᠠᠭᠳᠠᠭᠰᠠᠨ᠎ᠤ ᠲᠠᠷᠠᠭ᠍᠎ᠡ ᠶᠠᠨᠪᠢᠶᠠᠨ ᠡᠴᠡ ᠦᠪᠦᠷ ᠮᠤᠩᠭᠤᠯ᠎ᠳᠦ ᠪᠠᠢᠭ᠎ᠠ ᠠᠬ᠎ᠡ ᠪᠠᠨ ᠡᠷᠢᠨ ᠢᠷᠡᠵᠦ ᠬᠦᠬᠡᠬᠤᠲᠠ᠎ᠳᠤ ᠰᠠᠭᠤᠷᠢᠰᠢᠭᠰᠠᠨ ᠪᠠᠢᠨ᠎ᠡ᠃ ᠬᠤᠵᠢᠮ ᠨᠢ ᠪᠤᠰᠤᠳ᠎ᠤᠨ ᠲᠠᠨᠢᠯᠴᠠᠭᠤᠯᠭ᠍᠎ᠡ ᠪᠠᠷ ᠬᠤᠶᠠᠭᠤᠯᠠ ᠪᠠᠨ ᠬᠠᠨᠢ ᠵᠢᠨ ᠵᠠᠶᠠᠭ᠎ᠠ ᠬᠤᠯᠪᠤᠵᠤ ᠡᠷᠦᠬᠡ ᠭᠡᠷ ᠪᠤᠯᠤᠭᠰᠠᠨ ᠪᠠᠢᠵᠠᠢ᠃ ᠡᠨᠡ ᠠᠢᠯ᠎ᠤᠨ ᠬᠢ ᠬᠤᠶᠠᠷ ᠬᠦᠤ ᠲᠠᠢ᠂ ᠬᠤᠶᠠᠷ ᠬᠦᠦ ᠨᠢ ᠪᠦᠷ ᠬᠢᠳᠡᠳ ᠪᠠᠷᠢ ᠪᠠᠭᠤᠯᠭᠠᠬᠰᠠᠨ᠂ ᠤᠳᠤ ᠭᠤᠷᠪᠠᠨ ᠤᠮᠪᠤᠯᠤ ᠲᠠᠢ ᠪᠤᠯᠵᠤ 9 ᠬᠦᠮᠦᠨ ᠠᠮᠠ ᠲᠠᠢ ᠲᠤᠮᠤ ᠬᠡᠷ ᠪᠦᠯᠢ᠃

— ᠨᠢᠬᠡ ᠬᠡᠷ᠎ᠢ ᠪᠤᠤ ᠬᠡᠯᠡ ᠨᠢᠬᠡ ᠨᠡᠢᠬᠡᠮ ᠲᠤᠭᠤᠷᠢᠭ ᠲᠤ᠌ ᠰᠠᠭᠤᠭ᠎ᠠ ᠤᠯᠠᠨ ᠦᠨᠳᠦᠰᠦᠳᠡᠨ ᠴᠤ᠌ ᠬᠠᠷᠢᠯᠴᠠᠨ ᠤᠢᠯᠠᠭᠠᠯᠴᠠᠵᠤ ᠬᠠᠷᠢᠯᠴᠠᠨ ᠬᠠᠪᠰᠤᠷᠤᠯᠴᠠᠨ ᠨᠢᠬᠡ ᠬᠡᠷ᠎ᠤᠨ ᠬᠦᠮᠦᠨ ᠮᠠᠳᠤ ᠡᠶ᠎ᠠ ᠨᠠᠢᠷᠲᠠᠢ ᠠᠮᠢᠳᠦᠷᠠᠵᠤ ᠪᠤᠯᠤᠨ᠎ᠠ ᠬᠡᠵᠤ ᠵᠢᠨ ᠹᠦ ᠵᠢᠢ ᠨᠠᠰᠤᠳᠠᠨ ᠨᠡᠢᠬᠡᠮ ᠲᠤᠭᠤᠷᠢᠭ᠎ᠤᠨ᠎ᠢᠶᠡᠨ ᠠᠢᠯ ᠰᠠᠭᠠᠬᠠᠯᠳᠠ ᠵᠢᠨ ᠬᠤᠭᠤᠷᠤᠨᠳᠤ ᠪᠠᠨ ᠬᠠᠪᠰᠤᠷᠤᠯᠴᠠᠨ ᠶᠠᠪᠤᠯᠴᠠᠬᠰᠠᠨ ᠲᠤᠬᠠᠢ ᠠᠰᠠᠭᠤᠪᠠ  ᠬᠡᠭᠰᠡᠬᠡᠷ ᠦᠬᠡ ᠨᠢ ᠤᠯᠠᠳᠠᠵᠤ ᠤᠷᠮ᠎ᠠ ᠨᠢ ᠰᠡᠷᠬᠦᠵᠤ ᠡᠬᠢᠯᠡᠨ᠎ᠡ᠃

— ᠪᠢ ᠬᠤᠶᠠᠷ ᠤᠮᠪᠤᠯᠤ ᠪᠠᠨ ᠬᠠᠷᠠᠵᠤ ᠦᠰᠬᠡᠬᠦ ᠳ᠋ᠡᠬᠡᠨ ᠶᠤᠰᠤᠳᠠᠢ ᠬᠦᠷᠰᠢ ᠵᠡᠷᠬᠡᠯᠡᠳᠡᠬᠡ ᠵᠢᠨ᠎ᠢᠶᠡᠨ ᠰᠠᠢᠨ᠎ᠢ ᠤᠯᠵᠤ ᠦᠵᠡᠭᠰᠡᠨ ᠶᠤᠮ᠃ ᠬᠤᠶᠠᠷ ᠤᠮᠪᠤᠯᠤ ᠬᠠᠷᠠᠬᠠᠨ ᠨᠢᠯᠬ᠎ᠠ ᠪᠠᠢᠬᠰᠠᠨ ᠦᠶ᠎ᠠ ᠳ᠋ᠤ᠌ ᠮᠢᠨᠦ ᠬᠦᠦ ᠪᠡᠷᠢ ᠲᠠᠢ ᠪᠠᠨ ᠬᠤᠶᠠᠭᠤᠯᠠ ᠭᠠᠳᠠᠨ᠎ᠠ ᠤᠷᠤᠨ ᠳ᠋ᠤ᠌ ᠬᠦᠯᠦᠰᠦᠨ ᠠᠵᠢᠯ ᠬᠢᠬᠦ ᠪᠡᠷ ᠶᠠᠪᠤᠬᠰᠠᠨ ᠳᠤᠯᠠ ᠲᠠᠩᠳᠠ ᠬᠦᠮᠦᠨ᠎ᠢᠶᠡᠷ ᠲᠤᠳᠠᠵᠤ ᠭᠠᠴᠢᠬᠳᠠᠨ᠎ᠠ᠃ ᠤᠨᠴᠠᠭᠠᠢᠯᠠᠨ ᠬᠢᠮᠤᠷᠠᠭ᠎ᠠ ᠲᠤᠰᠴᠤ ᠡᠪᠡᠳᠴᠢᠯᠡᠵᠤ ᠵᠤᠪᠠᠬᠤ ᠦᠶ᠎ᠠ ᠳ᠋ᠤ ᠬᠦᠷᠰᠢ ᠵᠡᠷᠬᠡᠯᠡᠳᠡᠬᠡ ᠵᠢᠨ ᠬᠦᠭᠰᠢᠨ ᠵᠠᠯᠠᠭᠤ ᠦᠬᠡᠢ ᠬᠠᠯᠠᠭᠤᠨ ᠭᠠᠷ᠎ᠢᠶᠡᠨ ᠰᠤᠩᠭᠠᠵᠤ ᠬᠠᠪᠰᠤᠷᠤᠯᠭ᠎ᠠ ᠦᠵᠡᠬᠦᠯᠦᠭᠰᠡᠨ ᠤᠳᠠᠭ᠎ᠠ ᠲᠤᠭ᠎ᠠ ᠦᠬᠡᠢ ᠤᠯᠠᠨ ᠬᠡᠵᠤ ᠰᠡᠳᠬᠢᠯ ᠲᠤᠬᠳᠤᠯᠤᠨ ᠶᠠᠷᠢᠵᠤ ᠪᠠᠢᠯ᠎ᠠ᠃


_J6A5955.JPG




2017 ᠤᠨ᠎ᠤ ᠨᠡᠮᠤᠷ᠎ᠤᠨ ᠨᠢᠬᠡᠨ ᠡᠳᠦᠷ ᠪᠠᠢᠵᠤ ᠪᠢᠯᠠ᠂ ᠨᠡᠢᠬᠡᠮ ᠲᠤᠭᠤᠷᠢᠭ᠎ᠤᠨ  ᠨᠢᠭᠡᠳᠦᠭᠡᠷ ᠠᠰᠠᠷ᠎ᠲᠤ᠌ ᠰᠠᠭᠤᠭ᠎ᠠ  75 ᠨᠠᠰᠦᠲᠠᠢ ᠫᠠᠷᠺᠢᠨᠰᠤᠨ ᠡᠪᠡᠳᠴᠢᠨ᠎ᠳᠤ ᠨᠡᠷᠪᠡᠭᠳᠡᠭᠰᠨᠨ ᠯᠢ ᠨᠠᠰᠦᠲᠠᠨ ᠭᠡᠷ ᠲᠡᠬᠡᠨ ᠬᠦᠮᠦᠨ ᠦᠬᠡᠢ ᠵᠢ ᠵᠠᠪᠳᠤᠭᠤᠯᠵᠤ ᠭᠠᠷᠴᠤ ᠶᠠᠪᠤᠭᠠᠳ ᠬᠠᠷᠢᠵᠤ ᠢᠷᠡᠬᠦ ᠵᠠᠮ᠎ᠢᠶᠡᠨ ᠮᠡᠷᠳᠡᠵᠤ ᠬᠡᠷ᠎ᠢᠶᠡᠨ ᠡᠷᠢᠵᠤ ᠤᠯᠬᠤ ᠦᠬᠡᠢ ᠨᠢᠭᠡᠮᠦᠰᠦᠨ ᠲᠦᠭᠡᠷᠢᠴᠢᠬᠡᠵᠠᠢ᠃ ᠡᠨᠡ ᠬᠦ᠌ ᠤᠴᠢᠷ᠎ᠢ ᠮᠡᠳᠡᠭᠰᠡᠨ ᠨᠡᠢᠭᠡᠮ ᠲᠤᠭᠤᠷᠢᠭ᠎ᠤᠨ ᠤᠯᠠᠨ᠎ᠢᠶᠡᠷ᠎ᠢᠶᠡᠨ ᠲᠡᠷᠡ ᠲᠤᠤᠷ᠎ᠠ ᠨᠢ ᠬᠦᠳᠡᠯᠦᠯᠴᠡᠵᠤ ᠵᠦᠭ ᠵᠦᠭ ᠲᠡᠬᠡᠨ ᠭᠠᠷᠴᠤ ᠬᠦᠶᠦᠵᠡᠢ᠃ ᠵᠢᠨ ᠹᠦ ᠵᠢᠢ ᠨᠠᠰᠦᠲᠠᠨ᠎ᠴᠤ᠌ ᠬᠤᠭᠤᠯᠠ ᠪᠠᠵᠠᠭᠠᠵᠤ ᠪᠠᠢᠬᠰᠠᠨ᠎ᠢᠶᠡᠨ ᠬᠠᠭᠠᠰ ᠤᠷᠬᠢᠵᠤ ᠨᠢᠬᠡ ᠵᠦᠭ ᠲᠡᠭᠡᠨ ᠭᠠᠷᠴᠤ ᠡᠷᠢᠯ᠎ᠡ᠃  ᠵᠤᠯ᠎ᠢᠶᠡᠷ ᠬᠦᠬᠡᠬᠤᠳᠠ ᠵᠢᠨ ᠭᠠᠯᠲᠦ ᠲᠡᠷᠭᠡᠨ᠎ᠤ ᠡᠮᠦᠨ᠎ᠡ ᠦᠷᠲᠡᠭᠡ᠎ᠡᠴᠡ ᠯᠢ ᠤᠪᠤᠭᠲᠦ ᠨᠠᠰᠦᠲᠠᠨ᠎ᠢ ᠤᠯᠤᠭᠠᠳ ᠠᠪᠤᠯ᠎ᠠ᠂ ᠡᠪᠡᠳᠴᠢᠨ᠎ᠤ ᠬᠠᠷᠠᠭ᠍᠎ᠡ ᠡᠴᠡ ᠪᠤᠯᠵᠤ ᠯᠢ ᠨᠠᠰᠤᠳᠠᠨ ᠵᠢᠨ ᠹᠦ ᠵᠢᠢ ᠵᠢ ᠵᠢᠰᠤ ᠪᠤᠷᠤᠭᠤ ᠬᠦᠮᠦᠨ ᠬᠡᠵᠤ ᠪᠤᠳᠤᠭᠠᠳ ᠠᠳᠬᠤᠬᠰᠠᠨ ᠭᠠᠷ᠎ᠢ ᠨᠢ ᠪᠠᠢᠨ ᠪᠠᠢᠨ ᠰᠠᠵᠢᠨ ᠶᠠᠪᠤᠭᠤᠯᠵᠤ ᠪᠠᠢᠬᠰᠠᠨ ᠴᠤ᠌ ᠨᠠᠰᠤᠳᠠᠨ᠎ᠢ ᠠᠷᠭᠠᠳᠠᠵᠤ ᠬᠦᠳᠦᠯᠦᠭᠰᠡᠬᠡᠷ ᠪᠠᠢᠵᠦ ᠬᠡᠷ ᠲᠤᠨᠢ ᠬᠦᠷᠬᠡᠵᠤ ᠡᠵᠢ ᠪᠠᠨ ᠡᠷᠢᠬᠡᠳ ᠰᠦᠢᠳ ᠪᠤᠯᠵᠤ ᠪᠠᠢᠬᠰᠠᠨ ᠬᠡᠳᠦᠨ ᠬᠡᠦᠬᠡᠳ ᠲᠤᠨᠢ ᠲᠤᠰᠢᠶᠠᠵᠤ ᠦᠭᠴᠡᠢ᠃

ᠵᠢᠨ ᠹᠦ ᠵᠢᠢ ᠨᠠᠰᠤᠳᠠᠨ ᠡᠪᠦᠬᠡᠨ ᠲᠠᠢ ᠪᠠᠨ ᠬᠤᠶᠠᠭᠤᠯᠠ 2003 ᠤᠨ᠎ᠳᠤ ᠲᠤᠰ ᠨᠡᠢᠬᠡᠮ ᠲᠤᠭᠤᠷᠢᠭ ᠲᠦ᠍ ᠢᠷᠡᠵᠦ ᠠᠮᠢᠳᠤᠷᠠᠬᠰᠠᠨ ᠡᠴᠡ ᠤᠳᠤ ᠶᠠᠭ 20 ᠵᠢᠯ᠎ᠤᠨ ᠨᠢᠭᠤᠷ ᠦᠵᠡᠵᠦ ᠪᠠᠢᠨ᠎ᠠ᠃ ᠬᠡᠦᠬᠡᠳ᠎ᠤᠳ ᠨᠢ ᠲᠡᠳᠡ ᠬᠤᠶᠠᠷ᠎ᠢ ᠤᠯᠠᠨ ᠤᠳᠠᠭ᠎ᠠ ᠰᠠᠷᠠᠭᠤᠯ ᠲᠤᠬᠢᠯᠢᠭ ᠰᠢᠨ᠎ᠠ ᠠᠰᠠᠷ ᠲᠠᠭᠠᠨ ᠵᠠᠯᠠᠭᠰᠠᠨ ᠪᠤᠯᠪᠠᠴᠤ ᠲᠡᠳᠡ ᠶᠠᠷᠦ ᠰᠡᠳᠬᠢᠯ ᠬᠦᠳᠡᠯᠦᠭᠰᠡᠨ ᠦᠬᠡᠢ᠃ ᠵᠢᠨ ᠹᠦ ᠵᠢᠢ ᠨᠠᠰᠤᠳᠠᠨ ᠡᠴᠡ ᠰᠢᠯᠳᠠᠭᠠᠨ᠎ᠢ  ᠠᠰᠠᠭᠤᠪᠠᠯ᠂ 《ᠲᠦᠰᠢᠯᠴᠡᠨ ᠲᠠᠰᠤᠯᠴᠠᠬᠰᠠᠨ ᠠᠢᠯ ᠰᠠᠭᠠᠬᠠᠯᠳᠠ ᠡᠴᠡ ᠪᠠᠨ ᠰᠠᠯᠪᠠᠯ ᠡᠪᠦᠬᠡᠨ ᠪᠢᠳᠠ ᠬᠤᠶᠠᠷ ᠤᠢᠳᠬᠠᠷ ᠲᠠᠢ ᠠᠮᠢᠳᠤᠷᠠᠬᠤ ᠪᠤᠯᠤᠨ᠎ᠠ !》 ᠬᠡᠵᠤ ᠢᠨᠢᠶᠠᠮᠰᠦᠭᠯᠡᠨ ᠬᠠᠷᠢᠭᠤᠯᠵᠤ ᠪᠢᠯᠠ᠃

ᠰᠢᠨ᠎ᠠ ᠴᠠᠭ ᠦᠶ᠎ᠠ ᠵᠢᠨ ᠯᠸᠢ ᠹᠸᠩ  — 《ᠲᠤᠯᠤᠭᠠᠨ ᠦᠩᠭᠡ ᠵᠢᠨ ᠦᠢᠯᠡᠴᠢᠯᠡᠬᠡᠨ᠎ᠦ ᠠᠩᠬᠢ 》

ᠴᠢᠩ ᠴᠢᠤᠸᠠᠨ ᠵᠡᠭᠡᠯᠢ ᠨᠡᠢᠭᠡᠮ ᠲᠤᠭᠤᠷᠢᠭ ᠲᠦ᠍ ᠤᠯᠠᠭᠠᠨ᠂ ᠤᠯᠠᠪᠤᠷ᠂ ᠰᠢᠷ᠎ᠡ᠂ ᠨᠤᠭᠤᠭᠠᠨ᠂  ᠬᠦᠬᠡ ᠂ ᠬᠦᠨ ᠬᠦᠭᠡ ᠂ ᠪᠤᠷᠦ ᠬᠡᠵᠤ  ᠲᠤᠯᠤᠭᠠᠨ ᠦᠩᠭᠡ ᠪᠠᠷ ᠨᠡᠷᠡᠯᠡᠭᠰᠡᠨ ᠰᠠᠢᠨ  ᠲᠤᠷᠠᠴᠤᠤᠯ᠎ᠤᠨ ᠦᠢᠯᠡᠴᠢᠯᠡᠭᠡᠨ᠎ᠤ ᠠᠩᠬᠢ ᠬᠡᠵᠤ ᠪᠠᠢᠳᠠᠭ᠂ ᠡᠨᠡ ᠲᠤᠯᠤᠭᠠᠨ ᠦᠩᠭᠡ ᠵᠢᠨ ᠦᠢᠯᠡᠴᠢᠯᠡᠬᠡᠨ᠎ᠦ ᠠᠩᠬᠢ ᠨᠢ 2012 ᠤᠨ᠎ᠳᠤ ᠪᠠᠢᠭᠤᠯᠤᠬᠳᠠᠬᠰᠠᠨ ᠡᠴᠡ ᠨᠠᠭᠠᠰᠢ᠂  ᠰᠠᠭᠤᠭᠠᠯᠢ ᠠᠷᠠᠳ᠎ᠤᠨ᠎ᠢᠶᠡᠨ ᠰᠡᠳᠬᠢᠯ ᠳ᠋ᠤ᠌ 《ᠰᠢᠨ᠎ᠠ ᠴᠠᠭ ᠦᠶ᠎ᠠ ᠵᠢᠨ ᠯᠸᠢ ᠹᠸᠩ》 ᠬᠡᠮᠡᠨ  ᠨᠡᠷᠡᠢᠳᠦᠭᠳᠡᠵᠤ ᠬᠠᠮᠤᠭ ᠤᠯᠠᠨ ᠳ᠋ᠠᠭᠠᠨ ᠬᠠᠷᠠᠮ ᠦᠬᠡᠢ ᠦᠢᠯᠡᠴᠢᠯᠡᠭᠰᠡᠭᠡᠷ ᠢᠷᠡᠵᠡᠢ᠃

ᠲᠤᠯᠤᠭᠠᠨ ᠦᠩᠭᠡ ᠵᠢᠨ ᠦᠢᠯᠡᠴᠢᠯᠡᠭᠡᠨ᠎ᠦ ᠠᠩᠬᠢ ᠨᠢ ᠲᠤᠯᠤᠭᠠᠨ ᠠᠳᠠᠯᠢ ᠪᠤᠰᠦ ᠠᠭᠤᠯᠭ᠍᠎ᠡ ᠲᠠᠢ ᠃ ᠤᠯᠠᠭᠠᠨ  ᠦᠩᠭᠡ ᠵᠢᠨ ᠨᠠᠮ᠎ᠤᠨ ᠭᠡᠰᠢᠭᠦᠨ᠎ᠤ ᠦᠢᠯᠡᠴᠢᠯᠡᠬᠡᠨ᠎ᠤ ᠠᠩᠬᠢ ᠨᠢ ᠨᠠᠮ᠎ᠤᠨ  ᠭᠡᠰᠢᠬᠦᠳ ᠵᠢᠡᠷ ᠪᠦᠷᠢᠯᠳᠦᠵᠦ᠂ ᠭᠤᠤᠯᠳᠠᠭᠤ ᠨᠠᠮ᠎ᠤᠨ ᠴᠢᠭᠯᠡᠯᠳᠡ ᠲᠦᠷᠦ ᠵᠢᠨ ᠪᠤᠳᠤᠯᠭ᠍᠎ᠡ ᠵᠢ ᠤᠬᠠᠭᠤᠯᠬᠤ ᠎ᠳᠤ ᠦᠢᠯᠡᠴᠢᠯᠡᠨ᠎ᠡ; ᠤᠯᠠᠪᠤᠷ ᠦᠩᠭᠡ ᠵᠢᠨ ᠠᠷᠠᠳ ᠲᠤ᠌ ᠲᠦᠭᠦᠮ ᠦᠵᠡᠬᠦᠯᠬᠦ ᠦᠢᠯᠡᠴᠢᠯᠡᠬᠡᠨ᠎ᠤ ᠠᠩᠬᠢ ᠨᠢ ᠠᠳᠠᠯᠢ ᠪᠤᠰᠤ ᠤᠷ᠎ᠠ ᠮᠡᠷᠭᠡᠵᠢᠯ ᠲᠠᠢ ᠬᠦᠮᠦᠰ᠎ᠢᠶᠡᠷ ᠪᠦᠷᠢᠯᠳᠦᠵᠦ᠂ ᠰᠠᠭᠤᠭᠠᠯᠢ ᠠᠷᠠᠳ᠎ᠤᠨ ᠠᠮᠢᠳᠦᠷᠠᠯ᠎ᠤᠨ ᠲᠠᠯ᠎ᠠ ᠳ᠋ᠤ᠌ ᠬᠠᠪᠰᠤᠷᠤᠯᠭ᠍᠎ᠡ ᠦᠵᠡᠬᠦᠯᠳᠡᠭ; ᠰᠢᠷ᠎ᠡ ᠦᠩᠭᠡ ᠵᠢᠨ ᠨᠠᠰᠦᠲᠠᠢᠴᠤᠳ ᠲᠦ᠍ ᠦᠢᠯᠡᠴᠢᠯᠡᠭᠡᠨ᠎ᠦ ᠠᠩᠬᠢ ᠨᠢ ᠲᠤᠰᠬᠠᠢᠯᠠᠨ ᠨᠡᠢᠬᠡᠮ ᠲᠤᠭᠤᠷᠢᠭ᠎ᠤᠨ᠎ᠢᠶᠡᠨ ᠨᠠᠰᠦᠲᠠᠢᠴᠤᠳ ᠲᠦ᠍ ᠦᠢᠯᠡᠴᠢᠯᠡᠬᠦ ᠪᠠᠷ ᠭᠤᠤᠯ ᠠᠵᠢᠯ᠎ᠢᠶᠡᠨ ᠪᠤᠯᠭᠠᠵᠠᠢ;  ᠬᠦᠭᠡ ᠦᠩᠭᠡ ᠵᠢᠨ ᠶᠡᠷᠦᠩᠬᠡᠢᠯᠡᠨ ᠵᠠᠰᠠᠬᠤ ᠦᠢᠯᠡᠴᠢᠯᠡᠭᠡᠨ᠎ᠤ ᠠᠩᠬᠢ ᠨᠢ ᠦᠷᠭᠡᠨ ᠤᠯᠠᠨ ᠰᠠᠭᠤᠭᠠᠯᠢ ᠠᠷᠠᠳ᠎ᠤ᠋ᠨ ᠠᠮᠦᠷ ᠲᠦᠪᠰᠢᠨ᠎ᠢ ᠬᠠᠮᠠᠭᠠᠯᠠᠳᠠᠭ ᠬᠡᠬᠦ ᠮᠡᠳᠤ ᠪᠡᠷ ᠠᠵᠢᠯ᠎ᠢᠶᠡᠨ ᠬᠤᠪᠢᠶᠠᠷᠢᠯᠠᠬᠰᠠᠨ ᠶᠤᠮ᠃


QQ截图20231007171708.png


ᠲᠤᠯᠤᠭᠠᠨ ᠦᠩᠭᠡ ᠵᠢᠨ ᠦᠢᠯᠡᠴᠢᠯᠡᠭᠡᠨ᠎ᠤ ᠠᠩᠬᠢ ᠵᠢᠨ ᠲᠤᠳᠤᠷ᠎ᠠ ᠬᠠᠮᠤᠭ᠎ᠤᠨ ᠶᠠᠭᠠᠷᠠᠯᠳᠠᠢ ᠨᠢ ᠤᠯᠠᠪᠤᠷ ᠦᠩᠭᠡ ᠵᠢᠨ ᠠᠷᠠᠳ ᠲᠤ᠌ ᠲᠦᠭᠦᠮ ᠦᠵᠡᠬᠦᠯᠬᠦ ᠦᠢᠯᠡᠴᠢᠯᠡᠬᠡᠨ᠎ᠤ ᠠᠩᠬᠢ ᠪᠤᠯᠤᠨ᠎ᠠ᠃ ᠰᠠᠭᠤᠭᠠᠯᠢ ᠠᠷᠠᠳ᠎ᠤᠨ ᠬᠡᠷ ᠲᠤ᠌ ᠴᠠᠬᠢᠯᠭᠠᠨ ᠂ ᠤᠰᠦ ᠂ ᠪᠠᠢᠭᠠᠯᠢ ᠵᠢᠨ ᠰᠢᠲᠠᠮᠠᠬᠠᠢ ᠬᠡᠢ ᠵᠢᠨ ᠲᠤᠬᠠᠢ ᠠᠰᠠᠭᠤᠳᠠᠯ ᠲᠠᠢ ᠪᠤᠯᠤᠭᠰᠠᠭᠠᠷ ᠯᠡ ᠬᠦᠮᠦᠰ ᠤᠯᠠᠪᠤᠷ ᠦᠩᠭᠡ ᠵᠢᠨ ᠦᠢᠯᠡᠴᠢᠯᠡᠭᠡᠨ᠎ᠤ ᠠᠩᠬᠢ᠎ᠵᠢᠨ ᠰᠠᠢᠨ ᠲᠤᠷᠠᠴᠤᠳ ᠲᠤ᠌ ᠤᠲᠠᠰᠦᠳᠠᠵᠦ ᠰᠢᠢᠳᠪᠦᠷᠢᠯᠡᠭᠦᠯᠳᠡᠭ᠃

ᠤᠯᠠᠪᠤᠷ ᠦᠩᠭᠡ ᠵᠢᠨ ᠦᠢᠯᠡᠴᠢᠯᠡᠭᠡᠨ᠎ᠤ ᠠᠩᠬᠢ ᠵᠢᠨ᠎ᠰᠠᠢᠨ ᠲᠤᠷᠠᠴᠤᠤᠯ᠎ᠤᠨ ᠡᠩᠨᠡᠭᠡᠨ᠎ᠳᠤ ᠰᠢᠤᠢ ᠴᠠᠩ ᠱᠸᠩ ᠭᠡᠬᠦ  ᠬᠦᠮᠦᠨ ᠪᠠᠢᠳᠠᠭ᠃ ᠤᠯᠠᠨ᠎ᠤ ᠪᠤᠳᠤᠯ ᠳ᠋ᠤ᠌ ᠰᠠᠢᠨ ᠲᠤᠷ᠎ᠠ ᠵᠢᠨ ᠠᠵᠢᠯᠳᠠᠨ ᠬᠡᠪᠡᠯ ᠯᠠᠪ ᠢᠳᠡᠷ ᠵᠠᠯᠠᠭᠤ ᠨᠠᠰᠦᠨ᠎ᠤ ᠬᠦᠮᠦᠨ ᠪᠠᠢᠬ᠎ᠠ ᠬᠡᠵᠤ ᠲᠦᠰᠦᠬᠡᠯᠡᠳᠡᠭ ᠮᠢᠨᠢ ᠲᠠᠰᠦ ᠪᠤᠷᠤᠭᠤᠳᠠᠵᠦ᠂ ᠰᠢᠤᠢ ᠴᠠᠩ ᠱᠸᠩ ᠬᠡᠵᠤ 81 ᠨᠠᠰᠦᠲᠠᠢ ᠨᠠᠰᠦᠲᠠᠨ ᠪᠠᠢᠯ᠎ᠡ᠃ ᠲᠡᠷᠡ ᠪᠡᠷ 2002 ᠤᠨ᠎ᠳᠤ ᠴᠢᠩ ᠴᠢᠤᠸᠠᠨ ᠵᠡᠭᠡᠯᠢ ᠨᠡᠢᠭᠡᠮ ᠲᠤᠭᠤᠷᠢᠭ᠎ᠤᠨ ᠰᠠᠭᠤᠭᠠᠯᠢ ᠠᠷᠠᠳ᠎ᠤᠨ ᠲᠤᠭᠤᠷᠢᠭ ᠲᠦ᠍ ᠨᠡᠭᠦᠵᠤ ᠢᠷᠡᠭᠰᠡᠨ ᠡᠴᠡ ᠤᠲᠤ ᠪᠤᠯᠲᠠᠯ᠎ᠡ ᠰᠠᠢᠨ ᠲᠤᠷ᠎ᠡ ᠵᠢᠨ ᠦᠢᠯᠡᠴᠢᠯᠡᠭᠡ ᠳ᠋ᠤ ᠭᠠᠪᠰᠢᠭᠠᠢᠯᠠᠵᠦ᠂ ᠤᠯᠠᠨ᠎ᠳᠤ ᠲᠦᠭᠦᠮ ᠦᠵᠡᠭᠦᠯᠦᠭᠰᠡᠭᠡᠷ ᠢᠷᠡᠵᠠᠢ᠃


微信图片_20231007171955.jpg


ᠰᠢᠤᠢ ᠴᠠᠩ ᠱᠸᠩ 1962 ᠤᠨ᠎ᠳᠤ ᠴᠡᠷᠢᠭ᠎ᠤᠨ ᠠᠯᠪᠠ ᠬᠠᠭᠠᠵᠦ᠂ 1968 ᠤᠨ᠎ᠳᠤ ᠴᠡᠷᠢᠭ ᠤ᠋ᠨ ᠠᠯᠪᠠ ᠡᠴᠡ ᠬᠠᠯᠠᠭᠳᠠᠭᠰᠠᠨ᠎ᠤ ᠲᠠᠷᠠᠭ᠍᠎ᠡ᠂ ᠬᠦᠬᠡᠬᠤᠲᠠ ᠵᠢᠨ ᠨᠢᠭᠡᠨ ᠡᠷᠬᠢ ᠱᠤᠷᠠᠭ᠎ᠤᠨ ᠦᠢᠯᠡᠳᠪᠦᠷᠢ᠎ᠳᠤ ᠦᠢᠯᠡᠳᠪᠦᠷᠢ ᠵᠢᠨ ᠲᠠᠰᠦᠬ᠎ᠤᠨ ᠡᠷᠬᠢᠯᠡᠭᠴᠢ ᠪᠠᠷ ᠠᠵᠢᠯᠯᠠᠵᠦ ᠪᠠᠢᠬᠰᠠᠨ ᠵᠢᠡᠨ 1992 ᠤᠨ᠎ᠳᠤ ᠠᠵᠢᠯ ᠡᠴᠡ ᠪᠠᠨ ᠠᠮᠠᠷᠠᠭᠰᠠᠨ ᠪᠠᠢᠨ᠎ᠡ ᠃ ᠡᠷᠬᠢ ᠱᠤᠷᠠᠭ᠎ᠤᠨ ᠦᠢᠯᠡᠳᠪᠦᠷᠢ᠎ᠳᠤ ᠠᠵᠢᠯᠯᠠᠵᠦ ᠪᠠᠢᠬᠤ᠎ᠳᠠᠭᠠᠨ ᠲᠤᠰᠬᠠᠢᠯᠠᠨ ᠤᠰᠦ ᠴᠠᠬᠢᠯᠭᠠᠨ᠎ᠤ ᠮᠡᠷᠭᠡᠵᠢᠯ᠎ᠳ᠋ᠤ ᠴᠠᠭᠠᠷᠠᠬᠰᠠᠨ ᠬᠦᠮᠦᠨ᠃ ᠡᠢᠨ ᠬᠦ᠌ ᠂ ᠰᠠᠭᠤᠭᠠᠯᠢ ᠠᠷᠠᠳ᠎ᠤᠨ ᠬᠡᠷ ᠲᠤ᠌ ᠲᠦᠭᠡᠭᠡᠯ ᠤᠰᠤᠨ᠎ᠤ ᠬᠤᠭᠤᠯᠠᠢ ᠡᠴᠡ ᠤᠰᠦ ᠭᠤᠭᠤᠵᠢᠬᠰᠠᠨ᠂ ᠪᠤᠬᠢᠷ ᠤᠰᠤ ᠵᠢ ᠭᠠᠳᠠᠬᠰᠢᠯᠠᠭᠤᠯᠬᠤ ᠬᠤᠭᠤᠯᠠᠢ ᠪᠦᠭᠯᠡᠷᠡᠭᠰᠡᠨ᠂ ᠴᠠᠬᠢᠯᠭᠠᠨ ᠬᠠᠩᠭᠠᠯᠭ᠎ᠠ ᠠᠰᠠᠭᠤᠳᠠᠯ ᠭᠠᠷᠤᠬᠰᠠᠨ ᠵᠡᠷᠬᠡ ᠶᠠᠪᠤᠳᠠᠯ ᠳ᠋ᠤ᠌ ᠴᠦᠮ ᠰᠢᠤᠢ ᠴᠠᠩ ᠱᠸᠩ ᠨᠠᠰᠤᠳᠠᠨ᠎ᠢ ᠡᠷᠢᠨ᠎ᠠ᠃ ᠬᠡᠨ ᠨᠢ ᠴᠤ᠌ ᠪᠤᠯᠤᠭ ᠠᠢᠯ ᠰᠠᠭᠠᠬᠠᠯᠳᠠ ᠵᠢᠨ ᠬᠢᠨ ᠲᠡᠬᠦᠨ ᠳ᠋ᠤ᠌ ᠤᠳᠠᠰᠤᠳᠠᠵᠤ ᠲᠤᠰᠠᠯᠠᠮᠵᠢ ᠭᠤᠶᠤᠬᠤ ᠪᠦᠷᠢ ᠲᠡᠷᠡ ᠬᠡᠵᠢᠶᠡᠳᠡ 《ᠦᠬᠡᠢ !》 ᠬᠡᠵᠤ ᠲᠦᠯᠬᠢᠳᠡᠭ ᠦᠬᠡᠢ ᠃

— ᠡᠮᠡᠭᠡᠨ ᠮᠢᠨᠢ ᠨᠠᠰᠦ ᠪᠠᠷᠠᠵᠦ᠂ ᠭᠡᠷ ᠲᠡᠬᠡᠨ ᠪᠠᠢᠩᠭᠤ ᠭᠠᠭᠴᠠᠭᠠᠷ ᠵᠢᠡᠨ ᠠᠮᠢᠳᠤᠷᠠᠳᠠᠭ ᠪᠤᠯᠪᠠᠴᠤ ᠶᠠᠷᠦ ᠨᠢ ᠤᠢᠳᠬᠠᠷ ᠭᠤᠨᠢᠭ ᠲᠠᠢ ᠰᠠᠨᠠᠭᠳᠠᠬᠤ ᠦᠬᠡᠢ᠃ ᠤᠯᠠᠨ ᠲᠦᠮᠡᠨ ᠨᠠᠮ᠎ᠠ ᠵᠢ ᠲᠠᠭᠤᠳᠠᠬᠤ ᠪᠦᠷᠢ ᠪᠢ ᠦᠪᠡᠷ᠎ᠢ ᠪᠠᠨ ᠮᠠᠰᠢ  ᠬᠡᠷᠡᠭᠴᠡᠬᠡ ᠲᠠᠢ ᠬᠦᠮᠦᠨ ᠬᠡᠵᠤ ᠪᠤᠳᠤᠳᠠᠭ᠂ ᠢᠩᠬᠢᠵᠤ ᠪᠤᠳᠤᠬᠤ ᠲᠤᠰᠤᠮ ᠵᠤᠯ ᠵᠢᠷᠭᠠᠯ ᠲᠠᠢ ᠰᠠᠨᠠᠬᠳᠠᠬᠤ ᠶᠤᠮ ᠬᠡᠵᠤ ᠲᠡᠷᠡ ᠤᠴᠢᠷᠳᠠᠢᠠᠬᠨ ᠬᠡᠯᠡᠵᠤ ᠪᠢᠯᠡ᠃

— ᠴᠢᠩ ᠴᠢᠤᠸᠠᠨ ᠵᠡᠬᠡᠯᠢ ᠨᠡᠢᠭᠡᠮ ᠲᠤᠭᠤᠷᠢᠭ᠎ᠤᠨ ᠰᠠᠭᠤᠭᠠᠯᠢ ᠠᠷᠠᠳ᠎ᠤᠨ ᠤᠷᠤᠨ ᠰᠠᠭᠤᠴᠠ ᠪᠤᠯ ᠤᠳᠠᠭᠠᠨ ᠵᠢᠯ᠎ᠤᠨ ᠬᠠᠭᠤᠴᠢᠨ  ᠪᠠᠷᠢᠯᠭ᠍᠎ᠡ  ᠪᠤᠯᠬᠤᠷ ᠤᠰᠤ᠂ ᠴᠠᠬᠢᠯᠭᠠᠨ᠂ ᠬᠡᠢ ᠵᠡᠷᠬᠡ ᠠᠮᠢᠳᠦᠷᠠᠯ᠎ᠤᠨ ᠬᠡᠷᠡᠭᠯᠡᠭᠡᠨ᠎ᠤ ᠲᠤᠨᠤᠭ ᠲᠦᠭᠦᠭᠡᠷᠦᠮᠵᠢ᠎ᠳ᠋ᠤ ᠲᠡᠩᠳᠡ ᠵᠠᠰᠠᠵᠦ ᠰᠡᠯᠪᠢᠬᠦ ᠤᠴᠢᠷ ᠲᠤᠬᠢᠶᠠᠯᠳᠤᠳᠠᠭ᠃ ᠰᠢᠤᠢ ᠴᠠᠩ ᠱᠸᠩ ᠨᠠᠰᠤᠳᠠᠨ ᠡᠨᠡ ᠲᠠᠯ᠎ᠠ ᠪᠡᠷ ᠰᠠᠭᠤᠭᠠᠯᠢ ᠠᠷᠠᠳ ᠲᠤ᠌ ᠬᠠᠷᠠᠮ ᠦᠬᠡᠢ ᠦᠢᠯᠡᠴᠢᠯᠡᠵᠤ ᠨᠢᠬᠡᠨᠳᠡ ᠬᠤᠷᠢ ᠭᠠᠷᠤᠢ ᠵᠢᠯ᠎ᠤᠨ ᠨᠢᠭᠤᠷ᠎ᠢ ᠦᠵᠡᠵᠤ ᠪᠠᠢᠨ᠎ᠠ ᠭᠡᠵᠦ ᠲᠤᠰ ᠨᠡᠢᠭᠡᠮ ᠲᠤᠭᠤᠷᠢᠭ᠎ᠤᠨ ᠠᠵᠢᠯᠲᠠᠨ ᠶᠠᠩ ᠵᠢᠶᠸ ᠲᠠᠨᠢᠯᠴᠠᠭᠤᠯᠪᠠ᠃

ᠦ᠋ ᠾᠸ ᠰᠢᠶᠠᠩ ᠱᠦᠵᠢ ᠵᠢᠨ ᠬᠠᠢᠷ᠎ᠠ ᠬᠠᠯᠠᠮᠵᠢ᠂ ᠵᠢᠨ ᠹᠦ ᠵᠢᠢ ᠨᠠᠰᠤᠳᠠᠨ᠎ᠤ ᠵᠢᠷᠭᠠᠯᠳᠤ ᠠᠮᠢᠳᠤᠷᠠᠯ᠂ ᠲᠤᠯᠤᠭᠠᠨ ᠦᠩᠬᠡ ᠵᠢᠨ ᠦᠢᠯᠡᠴᠢᠯᠡᠬᠡᠨ᠎ᠤ ᠠᠩᠬᠢ ᠵᠢᠨ ᠬᠠᠷᠠᠮ ᠦᠬᠡᠢ ᠵᠢᠳᠬᠦᠯ ᠁ᠡᠳᠡᠭᠡᠷ ᠨᠢ ᠴᠢᠩ ᠴᠢᠤᠸᠠᠨ ᠵᠡᠬᠡᠯᠢ ᠨᠡᠢᠭᠡᠮ ᠲᠤᠭᠤᠷᠢᠭ᠎ᠤᠨ ᠬᠢᠲᠠᠳ ᠂ ᠮᠤᠩᠭᠤᠯ᠂ ᠬᠤᠲᠤᠩ᠂ ᠰᠤᠯᠤᠩᠭᠤᠰ᠂ ᠤᠷᠤᠰ ᠵᠡᠷᠭᠡ 11 ᠦᠨᠳᠦᠰᠦᠲᠡᠨ᠎ᠤ 8000 ᠭᠠᠷᠤᠢ ᠰᠠᠭᠤᠭᠠᠯᠢ ᠠᠷᠠᠳ᠎ᠢ ᠠᠨᠠᠷ᠎ᠤᠨ ᠦᠷ᠎ᠠ ᠮᠡᠲᠦ ᠨᠢᠬᠳᠠᠷᠠᠭᠤᠯᠵᠤ᠂ ᠰᠢᠨ᠎ᠠ ᠴᠠᠭ ᠦᠶ᠎ᠠ ᠵᠢᠨ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠢᠷᠠᠭᠤ ᠡᠭᠡᠰᠢᠭ᠎ᠢ ᠬᠠᠩᠬᠢᠨᠠᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号