《ᠤᠯᠠᠭᠠᠨᠨᠠᠭᠤᠷ》 ᠤ᠋ᠨ ᠲᠡᠨᠵᠢᠨ᠎ᠳᠡᠬᠢ ᠡᠶ᠎ᠠ ᠵᠤᠬᠢᠴᠠᠯ᠎ᠤᠨ ᠠᠶᠠᠯᠭᠤ
2023-11-01 16:31:19
ᠵᠣᠬᠢᠶᠠᠭ᠍ᠴᠢ᠄
ᡁᠢ ᠬᠠᠢ᠂ ᠵᠢᠨ ᠰᠢᠨ᠂ ᠰᠠᠨᠰᠠᠷ᠂ ᠬᠤᠤ ᠪᠢᠶᠤᠤ
ᠣᠩᠱᠢᠭ᠍ᠰᠠᠨ ᠣᠳᠠᠭ᠎ᠠ᠄
★★★☆☆

ᠬᠤᠯᠪᠤᠭᠠᠰᠦ᠄

• ᠦᠬᠠᠢ ᠬᠤᠲᠠ ᠵᠢᠨ ᠤᠳᠠ ᠲᠣᠭᠣᠷᠢᠭ᠋᠎ᠦᠨ ᠬᠢᠨ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠬᠴᠠᠯᠠᠬᠤ ᠪᠠᠷ ᠭᠣᠣᠯ ᠰᠢᠵᠢᠮ ᠪᠣᠯᠭᠠᠵᠤ᠂ 《ᠤᠯᠠᠭᠠᠨ ᠪᠤᠷᠭᠠᠰᠤᠨ᠎ᠤ ᠰᠤᠷᠭᠠᠭᠤᠯᠢ》᠂ 《ᠤᠯᠠᠭᠠᠨ ᠪᠤᠷᠭᠠᠰᠤᠨ᠎ᠤ ᠨᠣᠮ᠎ᠤᠨ ᠥᠷᠥᠭᠡ》᠂ 《ᠤᠯᠠᠭᠠᠨ ᠪᠤᠷᠭᠠᠰᠤᠨ᠎ᠤ ᠬᠥᠩᠭᠡᠨ ᠮᠣᠷᠢᠲᠤ ᠠᠩᠭᠢ》 ᠵᠡᠷᠭᠡ 《ᠤᠯᠠᠭᠠᠨ ᠪᠤᠷᠭᠠᠰᠤᠨ᠎ᠤ ᠰᠢᠷᠢᠰ ᠠᠵᠢᠯᠯᠠᠭ᠎ᠠ》 ᠳ᠋ᠤ ᠲᠦᠰᠢᠭᠯᠡᠨ᠂ ᠠᠵᠤ ᠠᠬᠤᠢ᠎ᠶᠢᠨ ᠬᠥᠭᠵᠢᠯᠲᠡ ᠬᠢᠭᠡᠳ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠦᠨ ᠡᠭᠦᠳᠦᠨ ᠪᠠᠶ᠋ᠢᠭᠤᠯᠬᠤ ᠠᠵᠢᠯ᠎ᠢ ᠬᠦᠨᠵᠡᠭᠡᠢ ᠠᠭᠤᠰᠤᠯᠴᠠᠭᠤᠯᠵᠦ ᠪᠤᠢ᠃

• ᠤᠯᠠᠭᠠᠨᠨᠠᠭᠤᠷ ᠪᠠᠯᠭᠠᠰᠤ ᠠᠮᠢ ᠠᠬᠤᠢ᠎ᠶᠢᠨ ᠪᠣᠯᠪᠠᠰᠤᠨ᠎ᠤ ᠪᠠᠢᠭᠤᠯᠤᠯᠲᠠ᠎ᠪᠠᠷ ᠠᠵᠤ ᠠᠬᠤᠢ᠎ᠶᠢᠨ ᠬᠥᠭᠵᠢᠯᠲᠡ᠎ᠶᠢ ᠬᠥᠲᠥᠯᠥᠨ ᠳᠠᠭᠠᠭᠤᠯᠬᠤ᠎ᠶᠢ ᠪᠠᠷᠢᠮᠲᠠᠯᠠᠵᠤ᠂ ᠬᠥᠳᠡᠭᠡ ᠲᠣᠰᠬᠣᠨ᠎ᠤ ᠵᠤᠭᠠᠴᠠᠯ᠎ᠢᠶᠠᠷ ᠦᠨᠳᠦᠰᠦᠲᠡᠨ᠎ᠦ ᠪᠦᠯᠬᠦᠮᠳᠡᠯ ᠪᠣᠯᠣᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠶᠢ ᠠᠬᠢᠭᠤᠯᠵᠦ ᠪᠤᠢ᠃

• ᠽᠸ ᠶᠤᠸᠠᠨ ᠰᠢᠨ᠎ᠡ ᠲᠣᠰᠬᠣᠨ ᠨᠠᠮ᠎ᠤᠨ ᠪᠠᠢᠭᠤᠯᠤᠯᠲᠠ᠎ᠶᠢ ᠴᠢᠩᠭᠠᠳᠬᠠᠨ᠂ ᠰᠠᠭᠤᠭᠠᠯᠢ ᠠᠷᠠᠳ᠎ᠲᠤ ᠦᠢᠯᠡᠴᠢᠯᠡᠬᠦ᠎ᠪᠡᠷ ᠭᠣᠣᠯ ᠪᠣᠯᠭᠠᠵᠤ᠂ ᠨᠡᠢᠭᠡᠮ ᠲᠣᠭᠣᠷᠢᠭ᠋᠎ᠤᠨ ᠡᠭᠦᠷᠭᠡ ᠴᠢᠳᠠᠪᠤᠷᠢ᠎ᠶᠢᠨ ᠦᠢᠯᠡᠳᠦᠯ ᠵᠢᠡᠨ ᠭᠦᠢᠴᠡᠳ ᠪᠠᠳᠠᠷᠠᠭᠤᠯᠤᠨ᠂ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠤᠬᠠᠭᠤᠯᠭ᠎ᠠ ᠬᠥᠮᠦᠵᠢᠯ᠎ᠢ ᠭᠦᠨᠵᠡᠭᠡᠢ ᠥᠷᠨᠢᠭᠦᠯᠵᠦ᠂ ᠦᠨᠳᠦᠰᠦᠲᠡᠨ᠎ᠨᠦᠭᠦᠳ ᠪᠦᠯᠬᠦᠮᠳᠡᠨ ᠬᠥᠭᠵᠢᠭᠰᠡᠨ ᠰᠠᠢᠨ ᠰᠠᠢᠬᠠᠨ ᠪᠠᠢᠳᠠᠯ᠎ᠢ ᠪᠣᠶ ᠪᠤᠯᠭᠠᠵᠡᠢ᠃



ᠦᠬᠠᠢ ᠬᠤᠲᠠ ᠵᠢᠨ ᠤᠳᠠ ᠲᠤᠭᠤᠷᠢᠭ᠎ᠤᠨ ᠤᠯᠠᠭᠠᠨᠨᠠᠭᠤᠷ ᠪᠠᠯᠭᠠᠰᠤ 2006 ᠤᠨ᠎ᠳᠤ ᠪᠠᠢᠭᠤᠯᠤᠭᠳᠠᠵᠦ᠂ ᠽᠸ ᠶᠤᠸᠠᠨ ᠰᠢᠨ᠎ᠠ ᠲᠤᠰᠬᠤᠨ ᠪᠠ ᠹᠦ ᠮᠢᠨ ᠨᠠᠢᠭᠡᠮ ᠲᠤᠭᠤᠷᠢᠭ ᠬᠡᠬᠦ 2 ᠲᠤᠰᠬᠤᠨ (ᠨᠡᠢᠭᠡᠮ ᠲᠤᠭᠤᠷᠢᠭ) ᠲᠠᠢ᠂ ᠬᠢᠳᠠᠳ᠂ ᠮᠤᠩᠭᠤᠯ᠂ ᠬᠤᠳᠤᠩ ᠵᠡᠷᠭᠡ 6 ᠦᠨᠳᠦᠰᠦᠲᠠᠨ᠎ᠤ 1600 ᠭᠠᠷᠤᠢ ᠬᠦᠮᠦᠨ ᠠᠮᠠ ᠡᠨᠲᠠ ᠠᠳᠠᠯ ᠠᠮᠢᠳᠤᠷᠠᠯ ᠵᠢᠡᠨ ᠪᠤᠰᠬᠠᠨ᠂ ᠠᠵᠠ ᠵᠢᠷᠭᠠᠯ ᠲᠠᠢ ᠠᠮᠢᠳᠤᠷᠠᠨ᠎ᠠ᠃

ᠤᠯᠠᠭᠠᠨᠨᠠᠭᠤᠷ ᠪᠠᠯᠭᠠᠰᠤ ᠨᠢ ᠤᠨᠴᠠ ᠰᠠᠢᠨ ᠭᠠᠵᠠᠷ᠎ᠤᠨ ᠪᠠᠢᠷᠢᠰᠢᠯ ᠪᠠ ᠵᠠᠮ ᠬᠠᠷᠢᠯᠴᠠᠭ᠎ᠠ ᠲᠦᠬᠦᠮ ᠲᠦᠳᠠ ᠨᠦᠬᠦᠴᠠᠯ᠎ᠢᠶᠡᠨ ᠠᠱᠢᠭ᠍ᠯᠠᠨ ᠵᠢᠭᠤᠯᠴᠢᠯᠠᠯ᠎ᠤᠨ ᠠᠵᠦ ᠦᠢᠯᠡᠰ᠎ᠢ ᠬᠦᠭᠵᠢᠬᠦᠯᠬᠦ᠂ ᠤᠨᠴᠠᠯᠢᠭ᠍ᠲᠤ ᠲᠠᠷᠢᠶᠠᠯᠠᠩ ᠡᠷᠬᠢᠯᠡᠬᠦ᠌ ᠵᠡᠷᠭᠡ ᠪᠡᠷ ᠠᠷᠠᠳ᠎ᠤᠨ ᠤᠷᠤᠯᠭ᠎ᠠ ᠵᠢ ᠨᠡᠮᠡᠭ᠌ᠳᠡᠬᠦᠯᠵᠦ᠍᠂ ᠬᠠᠮᠲᠤ ᠪᠠᠷ ᠪᠠᠶᠠᠵᠢᠨ ᠴᠢᠨᠡᠭᠡᠯᠢᠭ᠌ᠵᠢᠵᠦ᠍ ᠪᠤᠢ᠃


截图20231101165123.png


ᠲᠠᠭᠠᠷᠠᠭᠰᠠᠨ ᠦᠶ᠎ᠠ᠎ᠳᠤ ᠲᠠᠬᠤ ᠬᠦᠷᠭᠡᠨ᠎ᠠ

ᠠᠯᠳᠠᠨ ᠨᠠᠷᠠᠨ ᠰᠢᠷᠭᠠᠯ ᠲᠤᠶᠠᠭ᠎ᠠ ᠰᠠᠴᠤᠬᠤ᠎ᠳᠤ᠂ ᠶᠡᠭᠡ ᠬᠤᠲᠠ ᠵᠢᠨ ᠬᠢᠨ ᠤᠰᠤᠨ᠎ᠤ ᠤᠷᠤᠰᠬᠠᠯ ᠮᠠᠳᠤ ᠴᠤᠪᠤᠷᠠᠨ᠎ᠠ; ᠠᠮᠢᠳᠤᠷᠠᠯ ᠬᠡᠮᠡᠬᠦ ᠵᠠᠪᠢ᠎ᠳᠤ ᠰᠠᠭᠤᠭᠰᠠᠨ ᠬᠤᠲᠠ ᠵᠢᠨ ᠬᠦᠮᠦᠰ ᠤᠷᠤᠰᠬᠠᠯ ᠲᠠᠭᠠᠨ ᠦᠭᠰᠦᠨ ᠤᠷᠤᠭᠤᠳᠠᠨ᠎ᠠ᠃ ᠬᠦᠮᠦᠨ᠎ᠤ ᠠᠮᠢᠳᠤᠷᠠᠯ ᠦᠪᠡᠷ ᠦᠪᠡᠷ᠎ᠤᠨ ᠦᠩᠭᠡ ᠠᠶᠠᠰ ᠵᠢᠡᠷ ᠵᠢᠡᠨ ᠰᠤᠯᠤᠩᠭᠠᠷᠠᠨ᠎ᠠ᠃

ᠤᠯᠠᠭᠠᠨᠨᠠᠭᠤᠷ ᠪᠠᠯᠭᠠᠰᠤ ᠵᠢᠨ ᠽᠸ ᠶᠤᠸᠠᠨ ᠰᠢᠨ᠎ᠠ ᠲᠤᠰᠬᠤᠨ᠎ᠤ ᠬᠠᠮᠤᠭ᠎ᠤᠨ ᠬᠦᠭᠵᠢᠶᠠᠨ ᠲᠠᠢ ᠤᠯᠠᠷᠢᠯ ᠪᠤᠯ ᠵᠤᠨ᠎ᠤ ᠤᠯᠠᠷᠢᠯ ᠪᠤᠯᠤᠨ᠎ᠠ᠃ ᠬᠤᠲᠠ ᠵᠢᠨ ᠠᠷᠠᠳ᠎ᠤᠳ ᠬᠡᠳᠤ ᠬᠡᠳᠦᠬᠦᠯᠠ ᠪᠡᠷ ᠵᠢᠡᠨ ᠨᠤᠭᠤᠭ᠎ᠠ ᠵᠢᠮᠢᠰ ᠲᠡᠬᠦᠬᠦ ᠬᠦᠷᠢᠶᠠᠯᠠᠩ᠎ᠳᠤ ᠬᠦᠷᠴᠤ ᠰᠢᠨ᠎ᠠ ᠰᠤᠷᠭᠤᠭ ᠲᠦᠪᠡᠳ ᠬᠠᠰᠢ᠂ ᠦᠷᠭᠡᠰᠦᠳᠤ ᠬᠡᠮᠭᠡ᠂ ᠦᠵᠦᠮ ᠵᠡᠷᠭᠡ ᠨᠤᠭᠤᠭ᠎ᠠ ᠵᠢᠮᠢᠰ ᠲᠡᠬᠦᠬᠦ ᠪᠡᠷ ᠢᠷᠡᠳᠡᠭ᠃ ᠡᠨᠡ ᠨᠢ ᠬᠤᠲᠠ ᠵᠢᠨ ᠠᠷᠠᠳ᠎ᠤᠨ ᠠᠮᠠᠷᠠᠯᠲᠠ ᠵᠢᠨ ᠴᠠᠭ ᠳᠡᠬᠢ ᠨᠢᠭᠡ ᠵᠤᠢᠯ᠎ᠤᠨ ᠵᠤᠭ᠎ᠠ ᠴᠡᠩᠭᠡᠯ᠎ᠤᠨ ᠬᠡᠯᠪᠡᠷᠢ ᠪᠤᠯᠤᠭᠰᠠᠨ ᠵᠢᠡᠷ ᠪᠠᠷᠠᠬᠤ ᠦᠭᠡᠢ ᠨᠠᠩ᠎ᠴᠤ ᠬᠦᠮᠦᠰ᠎ᠤᠨ ᠲᠠᠷᠢᠶᠠᠯᠠᠬᠤ ᠠᠮᠢᠳᠤᠷᠠᠯ᠎ᠢ ᠤᠢᠯᠠᠭᠠᠬᠤ ᠤᠯᠳᠠᠰᠢ ᠦᠭᠡᠢ ᠰᠠᠢᠨ ᠵᠠᠪᠰᠢᠶᠠᠨ ᠪᠤᠯᠤᠭᠰᠠᠨ ᠪᠢᠯᠡ᠃

— ᠯᠢ ᠱᠦᠵᠢ᠂ ᠨᠢᠭᠡ ᠪᠦᠯᠦᠭ ᠬᠤᠲᠠ ᠵᠢᠨ ᠬᠦᠮᠦᠰ ᠮᠠᠨ᠎ᠤ ᠦᠷᠭᠡᠰᠦᠲᠤ ᠬᠡᠮᠭᠡ ᠵᠢ ᠵᠠᠬᠢᠶᠠᠯᠠᠵᠠᠢ᠃

— ᠯᠢ ᠱᠦᠵᠢ᠂ ᠪᠢ ᠲᠠᠨ ᠡᠴᠡ ᠲᠠᠷᠢᠮᠠᠯ᠎ᠤᠨ ᠲᠠᠯ᠎ᠠ ᠪᠡᠷ ᠬᠢ ᠪᠠᠭ᠎ᠠ ᠰᠠᠭ᠎ᠠ ᠮᠠᠳᠠᠭ ᠲᠠᠢ ᠵᠤᠢᠯᠡᠰ᠎ᠢ ᠠᠰᠠᠭᠤᠬᠤ ᠰᠠᠨᠠᠭ᠎ᠠ ᠲᠠᠢ᠃

ᠲᠤᠰᠬᠠᠨ᠎ᠤ ᠠᠷᠠᠳ᠎ᠤᠨ ᠠᠮᠠᠨ᠎ᠳᠡᠬᠢ 《ᠬᠠᠯᠠᠭᠤᠨ ᠰᠡᠳᠬᠢᠯᠳᠤ ᠯᠢ ᠱᠦᠵᠢ》 ᠯᠢ ᠵᠢᠶᠦ᠋ᠨ ᠪᠤᠯ ᠽᠸ ᠶᠤᠸᠠᠨ ᠰᠢᠨ᠎ᠠ ᠲᠤᠰᠬᠤᠨ᠎ᠤ ᠨᠠᠮ᠎ᠤᠨ ᠡᠬᠦᠷ᠎ᠤᠨ ᠱᠦᠵᠢ᠂ ᠮᠦᠨ᠎ᠴᠤ ᠤᠯᠠᠨ᠎ᠤ ᠨᠢᠳᠦᠨ᠎ᠳᠡᠬᠢ ᠲᠠᠷᠢᠮᠠᠯ᠎ᠤᠨ ᠰᠠᠢᠨ 《ᠭᠠᠷ》 ᠪᠤᠯᠤᠨ᠎ᠠ᠃ ᠲᠡᠷᠡ ᠲᠤᠰᠬᠤᠨ᠎ᠤ ᠠᠷᠠᠳ᠎ᠤᠨ ᠲᠠᠷᠢᠮᠡᠯ᠎ᠤᠨ ᠲᠤᠬᠠᠢ ᠬᠦᠴᠢᠷ ᠠᠰᠠᠭᠤᠳᠠᠯ᠎ᠢ ᠰᠢᠢᠳᠪᠦᠷᠢᠯᠡᠵᠦ ᠦᠭᠳᠡᠭ ᠵᠢᠡᠷ ᠦᠯᠦ ᠪᠠᠷᠠᠨ ᠲᠤᠰᠬᠤᠨ᠎ᠤ ᠠᠷᠠᠳ᠎ᠤᠨ ᠲᠠᠷᠢᠶᠠᠯᠠᠩ᠎ᠤᠨ ᠪᠦᠳᠦᠭᠡᠭᠳᠡᠬᠦᠨ᠎ᠳᠤ ᠪᠤᠷᠤᠯᠠᠭᠤᠯᠭ᠎ᠠ ᠵᠢᠨ ᠵᠠᠮ ᠬᠠᠢᠵᠦ᠂ ᠲᠤᠰᠬᠤᠨ᠎ᠤ ᠤᠯᠠᠨ ᠲᠦᠮᠡᠨ᠎ᠵᠢᠡᠨ ᠪᠠᠶᠠᠵᠢᠯ ᠴᠢᠨᠡᠭᠡᠯᠢᠭᠵᠢᠯ᠎ᠤᠨ ᠵᠠᠮ ᠵᠢᠡᠷ ᠲᠠᠭᠠᠭᠤᠯᠤᠨ᠎ᠠ᠃


微信图片_20231101113414.png


ᠯᠢ ᠵᠢᠶᠦ᠋ᠨ


20 ᠵᠢᠯ᠎ᠤᠨ ᠡᠮᠦᠨ᠎ᠠ ᠯᠢ ᠵᠢᠶᠦ᠋ᠨ ᠶᠡᠭᠡ ᠰᠤᠷᠭᠠᠭᠤᠯᠢ ᠡᠴᠡ ᠲᠡᠬᠦᠰᠴᠤ᠂ 《ᠬᠦᠳᠡᠭᠡ᠎ᠳᠡᠭᠡᠨ ᠬᠠᠷᠢᠵᠦ ᠦᠢᠯᠡᠰ ᠪᠤᠰᠬᠠᠨ᠎ᠠ》 ᠬᠡᠮᠡᠬᠦ ᠬᠠᠯᠠᠭᠤᠨ ᠰᠡᠳᠬᠢᠯ᠎ᠳᠡᠭᠡᠨ ᠬᠦᠳᠦᠯᠦᠭᠳᠡᠠ ᠶᠠᠮᠠᠷᠴᠤ ᠡᠷᠡᠭᠡᠯᠵᠠᠯ ᠲᠠᠳᠠᠭᠠᠯᠵᠠᠯ ᠦᠭᠡᠢ ᠪᠡᠷ ᠨᠤᠳᠤᠭ᠎ᠲᠠᠭᠠᠨ ᠪᠤᠴᠠᠵᠦ ᠦᠢᠯᠡᠰ ᠪᠤᠰᠬᠠᠬᠤ ᠪᠡᠷ ᠰᠢᠢᠳᠴᠠᠢ᠃ ᠰᠢᠷᠭᠠᠭᠤ ᠬᠠᠳᠠᠭᠤᠵᠢᠯᠲᠠᠢ ᠴᠢᠷᠮᠠᠢᠯᠭ᠎ᠠ ᠪᠠ ᠲᠤᠰᠬᠠᠢ ᠮᠡᠷᠭᠡᠵᠢᠯ᠎ᠤᠨ ᠰᠤᠳᠤᠯᠭᠠᠨ ᠵᠢᠡᠷ ᠲᠠᠮᠵᠢᠨ ᠲᠡᠬᠦᠨ᠎ᠤ ᠲᠠᠷᠢᠵᠦ ᠭᠠᠷᠭᠠᠭᠰᠠᠨ ᠦᠵᠦᠮ ᠪᠤᠯᠤᠨ ᠦᠷᠭᠡᠰᠦᠳᠤ ᠬᠡᠮᠭᠡ ᠵᠡᠷᠭᠡ ᠲᠠᠷᠢᠶᠠᠯᠠᠩ᠎ᠤᠨ ᠪᠦᠳᠦᠭᠡᠭᠳᠡᠬᠦᠨ ᠨᠢ ᠠᠮᠳᠠ ᠰᠠᠢᠲᠠᠢ ᠪᠡᠷ ᠵᠢᠡᠨ ᠵᠠᠬ᠎ᠠ ᠲᠡᠯᠭᠡᠬᠦᠷ᠎ᠲᠤ ᠪᠤᠷᠤᠯᠠᠭᠤᠯᠭ᠎ᠠ ᠰᠠᠢᠲᠠᠢ ᠪᠤᠯᠵᠦ᠂ ᠯᠢ ᠵᠢᠶᠦ᠋ᠨ᠎ᠴᠤ ᠲᠤᠰᠬᠤᠨ᠎ᠤ ᠪᠠᠨ ᠲᠠᠷᠢᠮᠠᠯ᠎ᠤᠨ ᠲᠤᠮᠤ ᠡᠷᠦᠭᠡ ᠪᠤᠯᠤᠭᠰᠠᠨ ᠪᠠᠢᠨ᠎ᠠ᠃ ᠦᠪᠡᠷ ᠵᠢᠡᠨ ᠪᠠᠶᠠᠵᠢᠭᠰᠠᠨ ᠯᠢ ᠵᠢᠶᠦ᠋ᠨ ᠲᠤᠰᠬᠤᠨ᠎ᠤ ᠠᠷᠠᠳ ᠵᠢᠡᠨ ᠬᠡᠷᠬᠢᠨ ᠲᠠᠢᠴᠢᠯᠠᠵᠦ᠂ ᠬᠠᠮᠳᠤ ᠪᠡᠷ ᠪᠠᠶᠠᠵᠢᠬᠤ ᠵᠠᠮ᠎ᠢ ᠡᠷᠢᠯᠬᠢᠯᠡᠭᠰᠡᠭᠡᠷ ᠢᠷᠡᠵᠠᠢ᠃

ᠯᠢ ᠵᠢᠶᠦ᠋ᠨ᠎ᠤ ᠰᠠᠭᠠᠬᠠᠯᠲᠠ ᠮᠠ ᠰᠢᠨ ᠾᠸ ᠪᠤᠯ ᠬᠤᠳᠤᠩ ᠦᠨᠳᠦᠰᠦᠲᠠᠨ᠂ ᠲᠡᠬᠦᠨ᠎ᠤ ᠪᠠᠶ᠎ᠠ ᠵᠡᠮᠳᠡᠭ ᠳᠡᠭᠡᠷ᠎ᠡ᠎ᠪᠡᠨ ᠲᠤᠭᠳᠠᠪᠤᠷᠢᠲᠠᠢ ᠠᠵᠢᠯ ᠦᠭᠡᠢ ᠪᠤᠯᠬᠤᠷ ᠬᠡᠷ ᠪᠦᠯᠢ ᠵᠢᠨ ᠠᠮᠢᠳᠤᠷᠠᠯ᠎ᠤᠨ ᠨᠦᠬᠦᠴᠠᠯ ᠨᠢ ᠲᠤᠩ ᠠᠨᠠᠢᠬᠠᠨ ᠪᠠᠢᠳᠠᠭ᠃ ᠡᠢᠨ᠎ᠬᠦ ᠲᠡᠳᠠᠨ᠎ᠤ ᠠᠮᠢᠳᠤᠷᠠᠯ᠎ᠤᠨ ᠨᠠᠷᠢᠨ ᠪᠠᠢᠳᠠᠯ᠎ᠢ ᠨᠢ ᠤᠢᠯᠠᠭᠠᠭᠰᠠᠨ ᠯᠢ ᠵᠢᠶᠦ᠋ᠨ ᠮᠠ ᠰᠢᠨ ᠾᠸ ᠵᠢ ᠬᠡᠷ᠎ᠤᠨ ᠵᠢᠡᠨ ᠲᠠᠷᠢᠮᠡᠯ᠎ᠤᠨ ᠠᠵᠢᠯ᠎ᠳᠠᠭᠠᠨ ᠬᠠᠪᠰᠤᠷᠤᠭᠤᠯᠵᠦ᠂ ᠡᠳᠦᠷ᠎ᠲᠤ 100 ᠭᠠᠷᠤᠢ ᠲᠦᠬᠦᠷᠢᠭ᠎ᠤᠨ ᠤᠷᠤᠯᠭ᠎ᠠ ᠤᠯᠭᠤᠭᠰᠠᠨ ᠵᠢᠡᠷ ᠪᠠᠷᠠᠬᠤ ᠦᠭᠡᠢ ᠪᠠᠰᠠ ᠲᠡᠬᠦᠨ᠎ᠤ ᠪᠦᠰᠡᠬᠦᠢ ᠳ᠋ᠢᠩ ᠼᠦᠢ ᠬᠤᠸᠠ ᠵᠢ ᠲᠤᠰᠬᠤᠨ᠎ᠤ ᠬᠠᠮᠳᠤ ᠪᠡᠷ ᠡᠳ᠋ᠯᠡᠬᠦ ᠲᠠᠷᠢᠶᠠᠯᠠᠩ᠎ᠤᠨ ᠲᠠᠯᠠᠪᠤᠷ᠎ᠲᠤ ᠠᠵᠢᠯᠯᠠᠭᠤᠯᠵᠦ᠂ ᠰᠠᠷ᠎ᠠ᠎ᠳᠤ 3000 ᠲᠦᠬᠦᠷᠢᠭ᠎ᠤᠨ ᠤᠷᠤᠯᠭ᠎ᠠ ᠤᠯᠭᠤᠨ᠂ ᠮᠠ ᠰᠢᠨ ᠾᠸ ᠵᠢᠨ ᠨᠢᠭᠡ ᠭᠡᠷ᠎ᠤᠨ ᠬᠢᠨ᠎ᠤ ᠠᠮᠢᠳᠤᠷᠠᠯ᠎ᠤᠨ ᠬᠦᠴᠢᠷᠳᠠᠯ᠎ᠢ ᠨᠢ ᠦᠨᠡᠨ᠎ᠬᠦ ᠰᠢᠢᠳᠪᠦᠷᠢᠯᠡᠵᠦ ᠦᠭᠬᠦᠭᠰᠡᠨ ᠠᠵᠢ᠃

— ᠨᠠᠮ᠎ᠠ ᠵᠢ ᠬᠦᠴᠢᠷᠲᠠᠢ ᠦᠶ᠎ᠠ᠎ᠳᠤ ᠯᠢ ᠱᠦᠵᠢ ᠠᠷᠭ᠎ᠠ ᠪᠤᠳᠤᠨ ᠮᠢᠨᠦ ᠠᠮᠢᠳᠤᠷᠠᠯ᠎ᠢ ᠦᠭᠡᠳᠠ ᠲᠠᠳᠠᠭᠰᠠᠨ᠃ ᠲᠡᠷᠡ ᠪᠦᠬᠦ ᠲᠤᠰᠬᠤᠨ᠎ᠤ ᠶᠠᠳᠠᠭᠤ ᠬᠦᠴᠢᠷᠲᠠᠯᠲᠠᠢ ᠡᠷᠦᠭᠡ ᠪᠤᠯᠭᠠᠨ᠎ᠤ ᠤᠷᠤᠯᠭ᠎ᠠ ᠵᠢ ᠨᠡᠮᠡᠭᠳᠡᠬᠦᠯᠬᠦ ᠵᠢᠨ ᠲᠦᠯᠦᠭᠡ ᠴᠢᠷᠮᠠᠢᠨ ᠵᠢᠳᠬᠦᠳᠡᠭ᠃ ᠲᠡᠷᠡ ᠪᠤᠯ ᠠᠷᠠᠳ᠎ᠤᠨ ᠵᠢᠡᠨ ᠲᠦᠯᠦᠭᠡ ᠠᠯᠢᠪᠠ ᠪᠠᠨ ᠵᠤᠷᠢᠭᠤᠯᠳᠠᠭ ᠰᠠᠢᠨ ᠱᠦᠵᠢ ᠰᠢᠤ ᠬᠡᠵᠦ ᠮᠠ ᠰᠢᠨ ᠾᠸ ᠡᠷᠡᠬᠡᠢ ᠭᠠᠷᠭᠠᠨ᠎ᠠ᠃

ᠤᠯᠠᠨ᠎ᠤ ᠬᠦᠨᠳᠦᠳᠭᠡᠯ ᠪᠢᠰᠢᠷᠡᠯ᠎ᠢ ᠤᠯᠵᠦ᠂ ᠲᠡᠳᠠᠨ᠎ᠤ ᠲᠦᠯᠦᠭᠡ ᠦᠢᠯᠡᠴᠢᠯᠡᠳᠡᠭ ᠯᠢ ᠵᠢᠶᠦ᠋ᠨ ᠲᠤᠰᠬᠤᠨ᠎ᠤ ᠨᠠᠮ᠎ᠤᠨ ᠡᠬᠦᠷ᠎ᠤᠨ ᠱᠦᠵᠢ ᠪᠤᠯᠤᠭᠰᠠᠨ ᠡᠳᠦᠷ ᠡᠴᠡ ᠪᠠᠨ ᠡᠬᠢᠯᠡᠨ ᠬᠡᠷᠬᠢᠨ ᠲᠤᠰᠬᠤᠨ᠎ᠤ ᠠᠷᠠᠳ ᠵᠢᠡᠨ ᠲᠠᠭᠠᠭᠤᠯᠤᠨ ᠤᠷᠤᠯᠭ᠎ᠠ ᠵᠢ ᠨᠢ ᠨᠡᠮᠡᠭᠳᠡᠬᠦᠯᠬᠦ ᠬᠡᠬᠦ ᠬᠠᠷᠠᠯᠲᠠ ᠵᠦᠭ ᠲᠡᠮᠡᠦᠯᠦᠭᠰᠡᠭᠡᠷ ᠢᠷᠡᠵᠠᠢ᠃ ᠲᠡᠷᠡ ᠲᠤᠰᠬᠤᠨ᠎ᠤ ᠬᠠᠮᠳᠤ ᠵᠢᠨ ᠠᠵᠦ ᠠᠬᠤᠢ ᠵᠢ ᠬᠦᠭᠵᠢᠬᠦᠯᠬᠦ ᠰᠢᠨ᠎ᠠ ᠵᠠᠭᠪᠤᠷ᠎ᠢ ᠢᠳᠡᠪᠬᠢᠲᠠᠢ ᠬᠠᠢᠨ ᠰᠦᠪᠡᠭᠴᠢᠯᠡᠵᠦ᠂ ᠮᠸᠢ ᠽᠸ ᠬᠠᠮᠳᠤ ᠵᠢᠨ ᠠᠵᠦ ᠠᠬᠤᠢ ᠵᠢᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠵᠢ ᠪᠠᠢᠭᠤᠯᠵᠦ᠂ 50 ᠭᠠᠷᠤᠢ ᠲᠠᠷᠢᠮᠡᠯ᠎ᠤᠨ ᠡᠷᠦᠭᠡ ᠵᠢ ᠲᠠᠢᠴᠢᠯᠠᠨ ᠺᠤᠮᠫᠠᠨᠢ᠎ᠳᠤ ᠬᠤᠪᠢ ᠤᠷᠤᠭᠤᠯᠤᠨ 《ᠬᠠᠮᠳᠤ ᠪᠡᠷ ᠪᠠᠶᠠᠵᠢᠬᠤ》 ᠴᠢᠭᠯᠡᠯᠲᠠ ᠪᠡᠷ ᠤᠷᠤᠭᠰᠢᠯᠠᠪᠠ᠃ 《ᠵᠤᠷᠢᠭ ᠪᠠᠢᠪᠠᠯ ᠵᠤᠷᠢᠭᠰᠠᠨ᠎ᠳᠤ ᠪᠠᠨ》 ᠬᠡᠳᠡᠭᠴᠢᠯᠡᠨ᠂ ᠺᠤᠮᠫᠠᠨᠢ ᠪᠠᠨ ᠪᠠᠢᠭᠤᠯᠤᠭᠰᠠᠨ ᠠᠩᠬᠠᠨ᠎ᠤ ᠵᠢᠯ᠎ᠳᠡᠭᠡᠨ ᠯᠢ ᠵᠢᠶᠦ᠋ᠨ ᠲᠠᠷᠤᠢ ᠲᠤᠰᠬᠤᠨ᠎ᠤ ᠪᠠᠨ ᠭᠠᠵᠠᠷ ᠰᠢᠷᠤᠢ ᠵᠢ ᠡᠷᠬᠢᠯᠳᠠ᠎ᠳᠤ ᠤᠷᠤᠭᠤᠯᠬᠤ ᠪᠡᠷ ᠲᠠᠮᠵᠢᠨ ᠲᠠᠷᠢᠮᠠᠯ ᠲᠠᠷᠢᠨ᠂ ᠤᠳᠤ ᠪᠤᠯᠳᠠᠯ᠎ᠠ ᠽᠸ ᠶᠤᠸᠠᠨ ᠰᠢᠨ᠎ᠠ ᠲᠤᠰᠬᠤᠨ᠎ᠤ ᠬᠠᠮᠳᠤ ᠵᠢᠨ ᠡᠵᠠᠩᠨᠠᠯᠲᠠ ᠵᠢᠨ ᠤᠷᠤᠯᠭ᠎ᠠ ᠨᠢ 100 ᠭᠠᠷᠤᠢ ᠲᠦᠮᠡᠨ ᠲᠦᠬᠦᠷᠢᠭ᠎ᠲᠤ ᠬᠦᠷᠦᠭᠰᠡᠨ ᠪᠢᠯᠡ᠃

— ᠲᠤᠰᠬᠤᠨ᠎ᠤ ᠠᠷᠠᠳ᠎ᠤᠨ ᠠᠮᠢᠳᠤᠷᠠᠯ᠎ᠢ ᠨᠢ ᠲᠡᠭᠡᠭᠰᠢᠯᠡᠬᠦᠯᠬᠦ ᠪᠤᠯ ᠮᠢᠨᠦ ᠠᠵᠢᠯ᠎ᠤᠨ ᠬᠠᠷᠠᠯᠲᠠ ᠪᠤᠯᠤᠨ᠎ᠠ᠃ ᠮᠢᠨᠦ ᠠᠵᠢᠯ᠎ᠢ ᠮᠠᠨ᠎ᠤ ᠲᠤᠰᠬᠤᠨ᠎ᠤ ᠠᠷᠠᠳ᠎ᠤᠳ ᠪᠦᠷ ᠶᠡᠭᠡ ᠲᠡᠮᠵᠢᠵᠦ᠂ ᠪᠢᠳᠠ ᠪᠠᠰᠠ ᠦᠵᠠᠯ ᠪᠤᠳᠤᠯ ᠵᠢᠡᠨ ᠴᠠᠭ ᠢᠮᠠᠭᠳᠠ ᠰᠤᠯᠢᠯᠴᠠᠳᠠᠭ᠃ ᠤᠳᠤ ᠮᠠᠨ᠎ᠤ ᠲᠤᠰᠬᠤᠨ᠎ᠤ ᠠᠮᠢᠳᠤᠷᠠᠯ᠎ᠤᠨ ᠨᠦᠬᠦᠴᠠᠯ ᠡᠳᠦᠷ ᠡᠴᠡ ᠡᠳᠦᠷ ᠰᠠᠢᠵᠢᠷᠠᠵᠦ᠂ ᠵᠢᠷᠭᠠᠯᠳᠤ ᠠᠮᠢᠳᠤᠷᠠᠯ ᠵᠢᠡᠨ ᠴᠤᠭᠴᠠᠯᠠᠵᠦ ᠪᠤᠢ ᠬᠡᠵᠦ ᠯᠢ ᠵᠢᠶᠦ᠋ᠨ ᠤᠴᠢᠷᠯᠡᠨ᠎ᠠ᠃

ᠠᠵᠢᠯ ᠬᠡᠳ ᠮᠤᠩᠭᠠᠨᠢᠭᠠᠳ ᠯᠡ ᠪᠠᠢᠳᠠᠭ ᠯᠢ ᠵᠢᠶᠦ᠋ᠨ ᠠᠷᠤ ᠬᠡᠷ ᠵᠢᠡᠨ ᠬᠠᠮᠢᠶᠠᠷᠬᠤ ᠴᠠᠭ ᠶᠠᠷᠤ ᠭᠠᠷᠬᠤ ᠦᠭᠡᠢ ᠤᠴᠢᠷ ᠡᠴᠡ ᠬᠡᠷ᠎ᠤᠨ ᠬᠢᠨ ᠨᠢ ᠶᠡᠭᠡ ᠪᠠᠭ᠎ᠠ ᠤᠴᠢᠷ ᠨᠢ ᠴᠦᠮ ᠪᠦᠰᠡᠬᠦᠢ ᠸᠠᠩ ᠮᠦᠳ᠋ᠠᠨ᠎ᠤ ᠪᠠᠶ᠎ᠠ ᠲᠡᠭᠡᠷ᠎ᠠ ᠲᠤᠯᠵᠦ ᠢᠷᠡᠭᠰᠡᠨ ᠶᠤᠮ᠃ ᠸᠠᠩ ᠮᠦᠳᠠᠠ ᠪᠤᠯ ᠤᠳᠤᠭ᠎ᠤᠨ ᠡᠮᠦᠨᠠᠳᠤ ᠬᠤᠰᠢᠭᠤ ᠪᠡᠷ ᠨᠤᠳᠤᠭ ᠲᠠᠢ ᠮᠤᠩᠭᠤᠯ ᠬᠦᠮᠦᠨ᠃ 2005 ᠤᠨ᠎ᠳᠤ ᠯᠢ ᠵᠢᠶᠦ᠋ᠨ ᠲᠠᠢ ᠤᠯᠠᠭᠠᠨᠨᠠᠭᠤᠷ ᠪᠠᠯᠭᠠᠰᠤᠨ᠎ᠳᠤ ᠲᠤᠯᠠᠭᠠᠨ ᠪᠦᠯᠢ ᠪᠠᠨ ᠪᠠᠢᠭᠤᠯᠵᠦ᠂ ᠠᠷᠪᠠᠭᠠᠳ ᠵᠢᠯ᠎ᠤᠨ ᠲᠤᠷᠰᠢ ᠸᠠᠩ ᠮᠦᠳᠠᠨ ᠬᠠᠳᠠᠮ ᠠᠪᠤ ᠡᠵᠢ᠂ ᠬᠤᠶᠠᠷ ᠬᠡᠦᠬᠡᠳ ᠵᠢᠡᠨ ᠠᠰᠠᠷᠠᠨ ᠬᠠᠷᠠᠭᠠᠯᠵᠠᠵᠦ ᠬᠡᠷ ᠪᠦᠯᠢ ᠪᠠᠨ ᠰᠠᠢᠬᠠᠨ ᠠᠪᠴᠤ ᠶᠠᠪᠤᠨ᠎ᠠ᠃

— ᠠᠵᠢᠯ ᠲᠡᠭᠡᠷ᠎ᠠ ᠪᠢ ᠨᠦᠬᠦᠷ ᠵᠢᠡᠨ ᠶᠡᠭᠡ ᠲᠡᠮᠵᠢᠨ ᠲᠡᠳᠬᠦᠳᠡᠭ᠃ ᠨᠢᠭᠡ ᠤᠳᠠᠭ᠎ᠠ᠎ᠴᠤ ᠲᠡᠬᠦᠨ᠎ᠢ ᠬᠡᠷ ᠵᠢᠡᠨ ᠬᠠᠮᠢᠶᠠᠷᠬᠤ ᠦᠭᠡᠢ ᠪᠠᠢᠨ᠎ᠠ ᠬᠡᠳ ᠴᠢᠷᠠᠢ ᠦᠵᠡᠬᠦᠯᠵᠦ ᠪᠠᠢᠭᠰᠠᠨ ᠦᠭᠡᠢ᠃ ᠤᠳᠤ ᠮᠠᠨ᠎ᠤ ᠬᠡᠷ᠎ᠤᠨ ᠠᠮᠢᠳᠤᠷᠠᠯ ᠰᠠᠢᠵᠢᠷᠠᠭᠰᠠᠨ ᠮᠦᠷᠳᠡᠭᠡᠨ ᠲᠤᠰᠬᠤᠨ᠎ᠤ ᠶᠠᠳᠠᠭᠤ ᠬᠦᠴᠢᠷᠳᠠᠯᠲᠠᠢ ᠡᠷᠦᠭᠡ ᠵᠢᠨ ᠠᠮᠢᠳᠤᠷᠠᠯ ᠨᠢ᠎ᠴᠤ ᠲᠡᠭᠡᠭᠰᠢᠯᠡᠭᠰᠡᠨ ᠪᠠᠢᠨ᠎ᠠ᠃ ᠡᠨᠡ ᠨᠢ ᠪᠢᠳᠠᠨ᠎ᠤ ᠬᠠᠮᠳᠤ ᠵᠢᠨ ᠬᠦᠰᠡᠯ ᠴᠢᠷᠮᠠᠢᠯᠭ᠎ᠠ ᠪᠤᠯᠤᠨ᠎ᠠ ᠬᠡᠵᠦ ᠸᠠᠩ ᠮᠦᠳ᠋ᠠᠨ ᠪᠤᠳᠤᠯ ᠵᠢᠡᠨ ᠲᠡᠯᠭᠡᠨ᠎ᠠ᠃


截图20231031092600.png


ᠸᠠᠩ ᠮᠦᠳ᠋ᠠᠨ


ᠲᠡᠮ ᠲᠡᠮ᠎ᠳᠡᠭᠡᠨ ᠲᠡᠭᠡᠰᠤ ᠡᠷᠴᠢᠮ᠎ᠳᠡᠭᠡᠨ

ᠵᠤᠨ᠎ᠤ ᠡᠬᠡᠯᠢᠳᠤ ᠨᠠᠷᠠᠨ᠎ᠤ ᠲᠤᠤᠷ᠎ᠠ ᠤᠯᠠᠭᠠᠨᠨᠠᠭᠤᠷ ᠪᠠᠯᠭᠠᠰᠤ ᠵᠢᠨ ᠵᠡᠭᠡᠯᠢ ᠭᠤᠳᠤᠮᠵᠢ ᠬᠦᠷ ᠬᠦᠭᠵᠢᠶᠠᠨ ᠵᠢᠡᠷ ᠪᠢᠯᠬᠠᠨ᠎ᠠ᠃ ᠪᠠᠯᠭᠠᠰᠤᠨ᠎ᠳᠤ ᠲᠤᠰᠬᠤᠨ᠎ᠤ ᠠᠷᠠᠳ᠎ᠤᠨ ᠦᠪᠡᠷ᠎ᠤᠨ ᠬᠡᠷ᠎ᠲᠡᠭᠡᠨ ᠡᠵᠡᠩᠨᠡᠭᠡ ᠲᠠᠷᠢᠶᠠᠴᠢᠨ ᠠᠢᠯ᠎ᠤᠨ ᠵᠤᠭᠠᠴᠠᠯ᠎ᠤᠨ ᠭᠠᠵᠠᠷ ᠮᠠᠰᠢ ᠤᠯᠠᠨ ᠪᠠᠢᠵᠦ᠂ ᠡᠨᠡ ᠨᠢ ᠤᠯᠠᠭᠠᠨᠠᠭᠤᠷ ᠪᠠᠯᠭᠠᠰᠤ ᠵᠢᠨ ᠵᠢᠭᠤᠯᠴᠢᠯᠠᠯ᠎ᠤᠨ ᠠᠵᠦ ᠦᠢᠯᠡᠰ᠎ᠤᠨ ᠨᠢᠭᠡᠨ ᠤᠨᠴᠠᠯᠢᠭ ᠪᠤᠯᠤᠭᠰᠠᠨ ᠠᠵᠢ᠃ ᠪᠢᠳᠠᠨ᠎ᠢ ᠬᠤᠳᠤᠩ ᠦᠨᠳᠦᠰᠦᠲᠠᠨ᠎ᠤ ᠠᠷᠠᠳ ᠴᠸᠨ ᠱᠸᠩ ᠫᠢᠩ᠎ᠤᠨ ᠬᠡᠷ᠎ᠲᠤ ᠨᠢ ᠬᠦᠷᠬᠦ᠎ᠳᠤ ᠲᠡᠷᠡ ᠶᠠᠭ ᠪᠦᠰᠡᠬᠦᠢ ᠲᠠᠢ ᠪᠠᠨ ᠬᠤᠶᠠᠭᠤᠯᠠ ᠲᠤᠭᠤᠭᠠᠨ ᠬᠡᠷ᠎ᠲᠤ ᠪᠠᠨ ᠶᠠᠭᠠᠷᠠᠵᠦ᠂ ᠵᠤᠴᠢᠨ᠎ᠤ ᠬᠤᠭᠤᠯᠠ ᠤᠮᠳᠠ ᠵᠢ ᠨᠢ ᠪᠠᠵᠠᠭᠠᠵᠦ ᠪᠠᠢᠯ᠎ᠠ᠃

— ᠮᠠᠨᠠᠢᠬᠢᠨ ᠲᠠᠷᠢᠶᠠᠴᠢᠨ ᠠᠢᠯ᠎ᠤᠨ ᠵᠤᠭᠠᠴᠠᠯ᠎ᠤᠨ ᠭᠠᠵᠠᠷ ᠵᠢᠡᠨ ᠡᠵᠡᠩᠨᠡᠭᠡᠳ ᠪᠠᠰᠠ ᠨᠠᠯᠢᠶᠠᠳ ᠬᠡᠳᠦᠨ ᠵᠢᠯ ᠪᠤᠯᠴᠢᠬᠠᠯ᠎ᠠ᠃ ᠬᠦᠷᠢᠶᠠᠨ᠎ᠳᠤ ᠪᠠᠨ ᠵᠢᠮᠢᠰ᠎ᠤᠨ ᠮᠤᠳᠤ᠂ ᠲᠠᠷᠢᠶᠠᠨ ᠭᠠᠵᠠᠷ ᠲᠠᠢ᠂ ᠢᠳᠡᠬᠦ ᠮᠢᠬ᠎ᠠ ᠬᠢᠭᠡᠳ ᠨᠤᠭᠤᠭ᠎ᠠ ᠴᠠᠭ᠎ᠠ ᠪᠠᠨ᠎ᠴᠤ ᠪᠦᠷ ᠦᠪᠡᠷ ᠵᠢᠡᠨ ᠬᠠᠩᠭᠠᠴᠢᠬᠠᠬᠤ ᠪᠤᠯᠬᠤᠷ ᠮᠡᠨᠠᠢᠬᠢᠨ᠎ᠳᠤ ᠢᠷᠡᠬᠦ ᠲᠤᠷᠠᠲᠠᠢ ᠵᠤᠴᠢᠨ ᠡᠳᠦᠷ ᠡᠴᠡ ᠡᠳᠦᠷ ᠤᠯᠠᠰᠢᠷᠠᠭᠰᠠᠨ ᠶᠤᠮ᠃ ᠲᠤᠰᠬᠤᠨ ᠪᠠ ᠪᠠᠯᠭᠠᠰᠤᠨ᠎ᠤ ᠤᠳᠤᠷᠢᠳᠬᠤ ᠪᠠᠭ᠎ᠤᠨ ᠬᠢᠨ ᠮᠠᠨ᠎ᠢ ᠶᠡᠭᠡ ᠪᠡᠷ ᠲᠠᠮᠵᠢᠨ ᠲᠤᠰᠠᠯᠠᠵᠦ᠂ ᠪᠢᠳᠠᠨ᠎ᠤ ᠤᠷᠤᠯᠭ᠎ᠠ᠎ᠴᠤ ᠮᠠᠳᠡᠭᠳᠡᠮ᠎ᠠ ᠲᠡᠭᠡᠭᠰᠢᠯᠡᠵᠦ ᠪᠠᠢᠨ᠎ᠠ ᠬᠡᠵᠦ ᠴᠸᠨ ᠱᠸᠨ ᠫᠢᠩ ᠰᠤᠷᠪᠤᠯᠵᠢᠯᠠᠭᠴᠢ᠎ᠳᠤ ᠶᠠᠷᠢᠯ᠎ᠠ᠃

ᠵᠢᠭᠤᠯᠴᠢᠯᠠᠯ᠎ᠤᠨ ᠠᠵᠦ ᠦᠢᠯᠡᠰ ᠵᠢᠡᠨ ᠬᠦᠭᠵᠢᠶᠠᠨᠲᠠᠢ ᠡᠵᠡᠩᠨᠡᠵᠦ ᠶᠠᠪᠤᠭ᠎ᠠ ᠴᠸᠨ ᠱᠸᠩ ᠫᠢᠩ ᠪᠠᠰᠠ ᠲᠤᠰᠬᠤᠨ᠎ᠤ ᠪᠠᠨ ᠬᠤᠨᠢ ᠲᠡᠵᠢᠭᠡᠬᠦ ᠲᠤᠮᠤ ᠡᠷᠦᠭᠡ ᠪᠠᠢᠵᠦ᠂ ᠬᠤᠨᠢ ᠮᠡᠯ ᠲᠡᠵᠢᠭᠡᠨ ᠦᠷᠡᠵᠢᠬᠦᠯᠬᠦ ᠲᠠᠯ᠎ᠠ ᠪᠡᠷ ᠪᠠᠰᠠ ᠶᠡᠭᠡ ᠲᠤᠷᠰᠢᠯᠭ᠎ᠠ ᠲᠠᠢ ᠲᠡᠷᠡ᠎ᠪᠠᠷ ᠲᠤᠰᠬᠤᠨ᠎ᠳᠠᠭᠠᠨ 《ᠮᠡᠷᠭᠡᠵᠢᠯᠲᠠᠨ》 ᠴᠤᠯᠠ ᠲᠠᠢ ᠠᠵᠢ᠃ ᠡᠩ᠎ᠤᠨ ᠴᠠᠭ᠎ᠲᠤ ᠪᠠᠨ ᠠᠯᠢ ᠠᠢᠯ᠎ᠤᠨ ᠬᠤᠨᠢ ᠮᠠᠯ ᠨᠢ ᠡᠪᠡᠳᠴᠢᠯᠡᠬᠦ ᠪᠤᠶᠤ ᠸᠺᠼᠢᠨ᠎ᠤ ᠲᠠᠷᠢᠯᠭ᠎ᠠ ᠲᠠᠷᠢᠬᠤ ᠴᠢᠬᠤᠯᠠ ᠲᠠᠢ ᠪᠤᠯᠤᠭᠰᠠᠭᠠᠷ ᠴᠸᠨ ᠱᠸᠩ ᠫᠢᠩ ᠪᠦᠷ ᠦᠨ᠎ᠠ ᠲᠦᠯᠦᠪᠦᠷᠢ ᠦᠭᠡᠢ ᠪᠡᠷ ᠦᠢᠯᠡᠴᠢᠯᠡᠬᠦ ᠪᠡᠷ ᠤᠴᠢᠳᠠᠭ᠃


截图20231101165517.png


ᠡᠨᠡ ᠵᠢᠯ᠎ᠤᠨ ᠬᠠᠪᠤᠷ᠂ ᠲᠤᠰᠬᠤᠨ᠎ᠤ ᠠᠷᠠᠳ ᠸᠠᠩ ᠵᠢᠨ ᠴᠢ ᠵᠢᠨ ᠨᠢᠭᠡ ᠰᠦᠷᠦᠭ ᠬᠤᠨᠢ ᠨᠢ ᠠᠷᠤ ᠠᠷᠤ ᠡᠴᠡ ᠪᠠᠨ ᠦᠬᠦᠵᠦ᠂ ᠲᠡᠳᠠᠨᠠᠢᠬᠢᠨ᠎ᠳᠤ ᠮᠠᠰᠢ ᠶᠡᠭᠡ ᠠᠵᠦ ᠠᠬᠤᠢ ᠵᠢᠨ ᠬᠤᠬᠢᠷᠠᠯ ᠠᠪᠴᠢᠷᠠᠵᠠᠢ᠃  ᠴᠸᠨ ᠱᠸᠩ ᠫᠢᠩ ᠲᠡᠷᠡ ᠲᠠᠷᠤᠢ ᠰᠠᠨᠳᠤᠷᠴᠤ ᠸᠠᠩ ᠵᠢᠨ ᠴᠢ ᠵᠢᠨ᠎ᠳᠤ ᠬᠦᠷᠴᠤ᠂ ᠬᠤᠨᠢᠨ ᠰᠦᠷᠦᠭ᠎ᠤᠨ ᠬᠠᠯᠳᠠᠪᠤᠷᠢᠳᠤ ᠡᠪᠡᠳᠴᠢᠨ᠎ᠳᠤ ᠨᠠᠷᠪᠡᠭᠳᠡᠭᠰᠡᠨ ᠬᠡᠳᠡᠭ᠎ᠢ ᠮᠡᠳᠡᠭᠡᠳ ᠲᠡᠷᠡ ᠲᠤᠤᠷ᠎ᠠ ᠪᠠᠨ ᠮᠠᠯ᠎ᠤᠨ ᠡᠮᠴᠢ ᠬᠠᠷᠢᠴᠠᠵᠦ ᠦᠭᠪᠠ᠃  ᠴᠸᠨ ᠱᠸᠩ ᠫᠢᠩ ᠪᠠᠰᠠ ᠮᠠᠯ᠎ᠳᠤ ᠨᠢ ᠡᠮ ᠶᠡᠬᠦᠯᠡᠬᠦ ᠠᠵᠢᠯ᠎ᠢ ᠨᠢ ᠬᠠᠪᠰᠤᠷᠴᠤ᠂ ᠨᠠᠯᠢᠶᠠᠳ ᠬᠡᠳᠦᠨ ᠡᠳᠦᠷ ᠡᠮᠨᠡᠵᠦ ᠠᠷᠠᠴᠢᠯᠠᠭᠰᠠᠨ ᠵᠢᠡᠷ ᠡᠪᠡᠳᠴᠢᠨ ᠲᠠᠢ ᠬᠤᠨᠢᠳ ᠨᠢ ᠪᠦᠷ ᠡᠳᠡᠭᠡᠷᠡᠵᠦ᠂ ᠠᠵᠦ ᠠᠬᠤᠢ ᠵᠢᠨ ᠬᠤᠬᠢᠷᠠᠯ᠎ᠢ ᠨᠢ ᠶᠡᠭᠡ ᠪᠡᠷ ᠪᠠᠭᠠᠰᠬᠠᠭᠰᠠᠨ ᠪᠠᠢᠨ᠎ᠠ ᠃

ᠪᠤᠰᠤᠳ᠎ᠢ ᠬᠠᠯᠠᠭᠤᠨ ᠵᠢᠡᠷ ᠬᠠᠪᠰᠤᠷᠴᠤ ᠬᠦᠷᠰᠢ ᠵᠡᠷᠭᠡᠯᠡᠳᠡᠭᠡ ᠪᠠᠨ ᠲᠤᠯᠠᠭᠠᠴᠠᠭᠤᠯᠳᠠᠭ ᠴᠸᠨ ᠱᠸᠨ ᠫᠢᠩ᠎ᠢ᠎ᠴᠤ ᠠᠢᠯ ᠰᠠᠭᠠᠬᠠᠯᠲᠠ ᠨᠢ ᠦᠷᠬᠦᠯᠵᠢ ᠲᠡᠮᠵᠢᠵᠦ ᠶᠠᠪᠤᠳᠠᠭ᠃ ᠴᠸᠨ ᠱᠸᠨ ᠫᠢᠩ᠎ᠢ ᠶᠠᠭᠠᠷᠠᠤ ᠦᠶ᠎ᠠ᠎ᠳᠤ ᠵᠡᠷᠭᠡᠯᠡᠳᠡᠭᠡ ᠠᠢᠯ᠎ᠤᠨ ᠸᠠᠩ ᠬᠠᠢ ᠯᠦᠩ ᠬᠡᠵᠢᠶᠠᠳᠠ ᠰᠠᠢᠨ ᠲᠤᠷ᠎ᠠ ᠡᠴᠡ ᠪᠠᠨ ᠬᠤᠨᠢ ᠮᠠᠯ᠎ᠢ ᠨᠢ ᠲᠡᠵᠢᠭᠡᠵᠦ᠂ ᠡᠪᠡᠰᠤ ᠪᠤᠷᠳᠤᠭ᠎ᠠ ᠵᠢ ᠨᠢ ᠤᠢᠷᠠᠳᠤᠭᠤᠯᠵᠦ ᠦᠭᠳᠡᠭ ᠶᠤᠮ᠃ ᠤᠢᠷ᠎ᠠ ᠵᠢᠨ ᠵᠢᠯ᠎ᠳᠤ᠂ ᠵᠢᠭᠤᠯᠴᠢᠯᠠᠭᠰᠡᠳ᠎ᠤᠨ ᠲᠤᠭ᠎ᠠ ᠤᠯᠠᠰᠢᠷᠠᠭᠰᠠᠨ ᠡᠴᠡ ᠲᠠᠷᠢᠶᠠᠴᠢᠨ ᠠᠢᠯ᠎ᠤᠨ ᠵᠤᠭᠠᠴᠠᠯ᠎ᠤᠨ ᠭᠠᠵᠠᠷ ᠡᠷᠬᠢᠯᠡᠭᠡ ᠠᠢᠯ᠎ᠴᠤ ᠡᠳᠦᠷ ᠡᠴᠡ ᠡᠳᠦᠷ ᠤᠯᠠᠰᠢᠷᠠᠭᠰᠠᠨ ᠪᠠᠢᠨ᠎ᠠ᠃ ᠬᠡᠳᠦᠢᠪᠡᠷ ᠦᠷᠢᠰᠦᠯᠳᠦᠭᠡᠨ ᠶᠡᠭᠡᠲᠠᠢ᠎ᠴᠤ ᠲᠡᠳᠠ ᠬᠠᠷᠢᠨ ᠬᠡᠷ᠎ᠤᠨ ᠬᠦᠮᠦᠨ ᠮᠠᠳᠤ ᠬᠠᠷᠢᠯᠴᠠᠨ ᠬᠠᠪᠰᠤᠷᠤᠯᠴᠠᠵᠦ᠂ ᠪᠠᠶ᠎ᠠ ᠪᠠᠶ᠎ᠠ ᠪᠠᠨ ᠦᠭᠡᠳᠠ ᠲᠠᠳᠠᠨ᠂ ᠠᠮᠢᠳᠤᠷᠠᠯ ᠵᠢᠡᠨ ᠴᠢᠨᠡᠭᠡᠯᠢᠭᠵᠢᠬᠦᠯᠬᠦ ᠬᠠᠮᠳᠤ ᠵᠢᠨ ᠬᠠᠷᠠᠯᠲᠠ ᠵᠦᠭ ᠮᠠᠷᠠᠢᠨ ᠴᠢᠷᠮᠠᠢᠨ᠎ᠠ᠃

— ᠬᠦᠷᠰᠢ ᠵᠡᠷᠭᠡᠯᠡᠳᠡᠭᠡ ᠬᠡᠳᠡᠭ ᠴᠢᠨᠢ ᠵᠠᠷᠢᠮ᠎ᠳᠤ ᠪᠠᠨ ᠰᠠᠳᠤᠨ ᠲᠦᠷᠦᠯ ᠡᠴᠡ ᠪᠠᠰᠠ ᠲᠤᠳᠤᠨᠤ ᠪᠠᠢᠳᠠᠭ ᠰᠢᠤ᠃ ᠠᠮᠢᠳᠤᠷᠠᠯ᠎ᠤᠨ ᠲᠤᠮᠳᠠ ᠬᠡᠨ ᠨᠢᠭᠡ ᠨᠢ ᠬᠠᠪᠰᠤᠷᠤᠭᠤᠯᠬᠤ ᠴᠢᠬᠤᠯᠠ ᠲᠠᠢ ᠦᠶ᠎ᠠ᠎ᠳᠤ ᠪᠦᠬᠦᠳᠠ ᠪᠦᠬᠦᠳᠡᠭᠡᠷ ᠵᠢᠡᠨ ᠬᠠᠯᠠᠭᠤᠨ ᠭᠠᠷ ᠵᠢᠡᠨ ᠰᠤᠩᠭᠠᠪᠠᠯ ᠬᠦᠴᠢᠷ ᠨᠢ ᠬᠦᠴᠢᠷ ᠪᠢᠰᠢ ᠪᠤᠯᠤᠨ᠎ᠠ᠃ ᠡᠳᠡᠭᠡᠷ ᠵᠢᠯ᠎ᠤᠨ ᠲᠤᠷᠰᠢ ᠮᠠᠨ᠎ᠤ ᠬᠦᠷᠰᠢ ᠵᠡᠷᠭᠡᠯᠡᠳᠡᠭᠡ ᠬᠤᠭᠤᠷᠤᠨᠳᠤ ᠪᠠᠨ ᠰᠠᠢᠬᠠᠨ ᠶᠠᠪᠤᠯᠴᠠᠵᠦ᠂ ᠨᠢᠭᠡ ᠬᠡᠷ᠎ᠤᠨ ᠬᠦᠮᠦᠨ ᠰᠢᠭ ᠪᠠᠶ᠎ᠠ ᠪᠠᠶ᠎ᠠ ᠪᠠᠨ ᠬᠠᠪᠰᠤᠷᠤᠯᠴᠠᠨ ᠲᠡᠮᠵᠢᠳᠡᠭ ᠬᠡᠵᠦ ᠴᠸᠨ ᠱᠸᠨ ᠫᠢᠩ ᠲᠤᠭᠳᠤᠯᠤᠨ ᠶᠠᠷᠢᠨ᠎ᠠ᠃

ᠠᠢᠯ ᠰᠠᠭᠠᠬᠠᠯᠲᠠ ᠵᠢᠨ ᠠᠮᠢ ᠨᠢ ᠨᠢᠭᠡ

— ᠲᠠ ᠨᠠᠷ ᠰᠠᠢᠨ ᠢᠷᠡᠪᠠᠤ? ᠵᠠ ᠁ ᠵᠠ ᠁ ᠬᠤᠷᠳᠤᠨ ᠬᠡᠷ᠎ᠲᠤ ᠤᠷᠤᠵᠦ ᠴᠠᠢ ᠤᠤᠭᠤ!

ᠪᠢᠳᠠᠨ ᠲᠠᠢ ᠮᠤᠩᠭᠤᠯ ᠵᠢᠡᠷ ᠮᠠᠨᠳᠤᠴᠢᠯᠠᠨ ᠵᠤᠯᠭᠠᠭᠰᠠᠨ ᠡᠨᠡ ᠬᠦᠮᠦᠨ᠎ᠢ ᠮᠠ ᠢᠤᠢ ᠫᠢᠩ ᠬᠡᠳᠡᠭ᠂ ᠬᠤᠳᠤᠩ ᠦᠨᠳᠦᠰᠦᠲᠠᠨ᠃ ᠠᠯᠠᠱᠠ ᠵᠡᠬᠦᠨ ᠬᠤᠰᠢᠭᠤᠨ᠎ᠳᠤ ᠦᠰᠴᠤ ᠲᠦᠷᠦᠭᠰᠡᠨ ᠲᠡᠷᠡ ᠪᠠᠷ ᠬᠠᠷᠠᠬᠠᠨ ᠪᠠᠭ᠎ᠠ ᠡᠴᠡ ᠪᠠᠨ ᠮᠠᠯᠵᠢᠬᠤ ᠠᠮᠢᠳᠤᠷᠠᠯ ᠲᠠᠢ ᠤᠢᠷᠠᠳᠤᠭᠰᠠᠨ ᠪᠤᠯᠬᠤᠷ ᠮᠤᠩᠭᠤᠯᠴᠤᠳ᠎ᠲᠤ ᠶᠠᠭᠠᠬᠢᠬᠤ ᠵᠢᠨ ᠠᠷᠭ᠎ᠠ ᠦᠭᠡᠢ ᠲᠤᠳᠤᠨᠤᠰᠤᠭ ᠪᠠᠢᠳᠠᠭ ᠮᠦᠷᠳᠡᠭᠡᠨ ᠨᠠᠩ᠎ᠴᠤ ᠮᠤᠩᠭᠤᠯ ᠵᠢᠡᠷ ᠤᠷᠤᠰᠤᠮ᠎ᠠ ᠬᠡᠯᠡᠵᠦ ᠶᠠᠷᠢᠳᠠᠭ ᠨᠢ ᠬᠦᠮᠦᠰ᠎ᠢ ᠭᠠᠢᠬᠠᠰᠢ ᠠᠯᠳᠠᠭᠤᠯᠤᠨ᠎ᠠ᠃ ᠮᠠ ᠢᠤᠢ ᠫᠢᠩ ᠤᠯᠠᠭᠠᠨᠨᠠᠭᠤᠷ ᠪᠠᠯᠭᠠᠰᠤᠨ᠎ᠳᠤ ᠨᠡᠬᠦᠵᠦ ᠢᠷᠡᠭᠰᠡᠨ ᠡᠴᠡ ᠠᠪᠤᠭᠠᠳ ᠬᠦᠷᠰᠢ ᠵᠡᠷᠭᠡᠯᠡᠳᠡᠭᠡ ᠲᠠᠢ ᠪᠠᠨ ᠡᠪ ᠨᠠᠢᠷᠰᠠᠭ ᠶᠠᠪᠤᠯᠴᠠᠵᠦ᠂ ᠤᠯᠠᠨ᠎ᠤ ᠬᠦᠴᠢᠷᠳᠠᠯ᠎ᠢ ᠰᠢᠢᠳᠪᠦᠷᠢᠯᠡᠵᠦ᠂ ᠬᠦᠮᠦᠨ ᠪᠦᠬᠦᠳᠠ ᠵᠢᠨ ᠰᠠᠢᠰᠢᠶᠠᠯ ᠮᠠᠭᠳᠠᠭᠠᠯ᠎ᠢ ᠤᠯᠤᠭᠰᠠᠨ ᠤᠯᠠᠨ ᠰᠠᠢᠨ ᠤᠴᠢᠷ ᠬᠢᠭᠰᠡᠨ ᠶᠤᠮ᠃

《ᠰᠠᠢᠬᠠᠨ ᠵᠠᠩ ᠠᠭᠠᠰᠢ ᠪᠤᠯ ᠨᠢᠭᠡ ᠬᠦᠮᠦᠨ᠎ᠤ ᠨᠠᠢᠭᠡᠮ᠎ᠤᠨ ᠬᠠᠷᠢᠯᠴᠠᠭ᠎ᠠ᠎ᠳᠤ ᠡᠮᠦᠰᠦᠭᠰᠡᠨ ᠬᠠᠮᠤᠭ᠎ᠤᠨ ᠭᠤᠶᠤ ᠬᠤᠪᠴᠠᠰᠤ ᠵᠠᠰᠠᠯ ᠪᠤᠯᠤᠨ᠎ᠠ》 ᠬᠡᠳᠡᠭ᠃ ᠶᠠᠭ ᠡᠢᠮᠦ ᠡᠴᠡ ᠽᠸ ᠶᠤᠸᠠᠨ ᠰᠢᠨ᠎ᠠ ᠲᠤᠰᠬᠤᠨ᠎ᠤ ᠠᠷᠠᠳ ᠡᠴᠡ ᠲᠡᠬᠦᠨ᠎ᠢ ᠲᠤᠰᠬᠤᠨ᠎ᠤ ᠵᠡᠬᠦᠨᠲᠠᠢ ᠪᠠᠢᠬᠤ ᠲᠠᠷᠢᠶᠠᠨ ᠭᠠᠵᠠᠷ᠎ᠤᠨ ᠤᠰᠤᠯᠠᠯᠲᠠ ᠵᠢᠨ ᠬᠤᠳᠳᠤᠭ᠎ᠤᠨ ᠨᠡᠭᠡᠭᠡᠯᠭᠡ ᠵᠢ ᠨᠡᠭᠡᠭᠡᠵᠦ ᠬᠠᠭᠠᠬᠤ ᠬᠦᠨᠳᠤ ᠴᠢᠬᠤᠯᠠ ᠡᠬᠦᠷᠭᠡ ᠵᠢ ᠲᠤᠰᠢᠶᠠᠨ ᠦᠭᠴᠠᠢ᠃ ᠤᠯᠠᠨ᠎ᠤ ᠢᠳᠡᠭᠡᠯ᠎ᠢ ᠬᠦᠰᠡᠷᠳᠡᠬᠦᠯᠬᠦ ᠦᠭᠡᠢ ᠵᠢᠨ ᠲᠦᠯᠦᠭᠡ ᠮᠠ ᠢᠤᠢ ᠫᠢᠩ ᠡᠪᠤᠯ ᠵᠤᠨ᠎ᠤ ᠢᠯᠭᠠᠯ ᠦᠭᠡᠢ᠂ ᠡᠷᠳᠠ ᠤᠷᠤᠢ ᠬᠡᠵᠦ ᠵᠠᠯᠬᠠᠭᠤᠷᠠᠳᠠᠭ ᠦᠭᠡᠢ ᠤᠰᠤᠯᠠᠯᠲᠠ ᠵᠢᠨ ᠬᠤᠳᠳᠤᠭ ᠵᠦᠭ ᠬᠡᠳᠦᠨᠲᠠ ᠬᠦᠶᠦᠬᠦ ᠨᠢ ᠡᠩ᠎ᠤᠨ ᠤᠴᠢᠷ᠃ ᠢᠩᠬᠢᠵᠦ ᠮᠠ ᠢᠤᠢ ᠫᠢᠩ ᠡᠳᠦᠷ ᠠᠯᠳᠠᠯ ᠦᠭᠡᠢ᠂ ᠶᠠᠮᠠᠷᠴᠤ ᠦᠨ᠎ᠠ ᠲᠦᠯᠦᠪᠦᠷᠢ ᠦᠭᠡᠢ ᠪᠡᠷ ᠦᠷᠬᠦᠯᠵᠢᠯᠡᠨ 6 ᠵᠢᠯ ᠦᠢᠯᠡᠴᠢᠯᠡᠵᠦ᠂ ᠡᠨᠡ ᠬᠤᠭᠤᠷᠤᠨᠳᠤ ᠲᠡᠷᠡ ᠬᠡᠷ ᠡᠴᠡ ᠪᠠᠨ ᠬᠤᠯᠠ ᠭᠠᠵᠠᠷ ᠪᠠᠷᠤᠭ ᠶᠠᠪᠤᠵᠦ ᠦᠵᠡᠭᠡ ᠦᠭᠡᠢ ᠪᠠᠢᠯ᠎ᠠ᠃


截图20231101165056.png


ᠮᠠ ᠢᠤᠢ ᠫᠢᠩ


ᠨᠢᠳᠤᠨᠤᠨ ᠡᠪᠤᠯ᠎ᠤᠨ ᠤᠴᠢᠷ ᠪᠢᠯᠡ᠃ ᠤᠰᠤᠯᠠᠯᠲᠠ ᠵᠢᠨ ᠬᠤᠳᠳᠤᠭ᠎ᠤᠨ ᠨᠡᠭᠡᠭᠡᠯᠭᠡ ᠡᠪᠳᠡᠷᠡᠭᠰᠡᠨ ᠡᠴᠡ ᠪᠤᠯᠵᠦ ᠲᠤᠰᠬᠤᠨ᠎ᠤ ᠠᠷᠠᠳ ᠸᠠᠩ ᠷᠦ᠋ᠩ᠎ᠤᠨ ᠲᠠᠷᠢᠶᠠᠨ᠎ᠳᠤ ᠨᠢ ᠤᠰᠤ ᠲᠦᠬᠦᠷᠴᠤ᠂ ᠪᠠᠢᠳᠠᠯ ᠪᠠᠴᠢᠮ ᠪᠤᠯᠤᠭᠠᠳ ᠪᠠᠢᠵᠠᠢ᠃ ᠴᠠᠰᠤ ᠤᠷᠤᠵᠦ ᠡᠳᠦᠷ ᠬᠦᠢᠳᠡᠷᠡᠭᠰᠡᠨ ᠪᠤᠯᠬᠤᠷ ᠬᠤᠳᠳᠤᠭ᠎ᠤᠨ ᠨᠡᠭᠡᠭᠡᠯᠭᠡ ᠵᠢ ᠵᠠᠰᠠᠬᠤ᠎ᠳᠤ᠎ᠴᠤ ᠮᠠᠰᠢ ᠬᠦᠴᠢᠷ ᠪᠤᠯᠤᠭᠰᠠᠨ ᠨᠢ ᠶᠠᠷᠢᠶᠠᠨ ᠦᠭᠡᠢ᠃ ᠶᠠᠭ ᠲᠡᠷᠡ᠎ᠬᠦ ᠲᠤᠯᠭᠠᠮ᠎ᠠ ᠪᠠᠢᠳᠠᠯ ᠲᠤᠤᠷ᠎ᠠ ᠮᠠ ᠢᠤᠢ ᠫᠢᠩ ᠤᠭᠳᠤᠬᠠᠨ᠎ᠴᠤ ᠲᠠᠳᠠᠭᠠᠯᠵᠠᠯ ᠦᠭᠡᠢ ᠪᠡᠷ ᠬᠤᠳᠳᠤᠭ ᠰᠡᠯᠪᠢᠬᠦ ᠪᠠᠭᠠᠵᠢ ᠪᠠᠨ ᠠᠪᠴᠤ ᠤᠰᠤᠯᠠᠯᠲᠠ ᠵᠢᠨ ᠬᠤᠳᠳᠤᠭ᠎ᠲᠤ ᠬᠦᠷᠦᠭᠰᠡᠨ ᠪᠢᠯᠡ᠃

— ᠲᠤᠬᠠᠢ ᠵᠢᠨ ᠦᠶ᠎ᠠ ᠵᠢᠨ ᠪᠠᠢᠳᠠᠯ ᠪᠠᠴᠢᠮ᠂ ᠬᠡᠷᠪᠠ ᠲᠡᠷᠡ ᠲᠤᠤᠷ᠎ᠠ ᠨᠢ ᠨᠡᠭᠡᠯᠡᠭᠡ ᠵᠢ ᠬᠠᠭᠠᠬᠤ ᠦᠭᠡᠢ ᠪᠤᠯ ᠸᠠᠩ ᠷᠦᠩ᠎ᠤᠨ ᠲᠠᠷᠢᠶᠠᠨ ᠭᠠᠵᠠᠷ ᠪᠦᠬᠦᠨ ᠵᠢᠡᠷ ᠵᠢᠡᠨ ᠰᠦᠢᠳᠬᠦ ᠪᠤᠯᠤᠨ᠎ᠠ᠃ ᠪᠢ ᠬᠤᠳᠳᠤᠭ᠎ᠲᠤ ᠰᠠᠨᠳᠤᠷᠴᠤ ᠤᠷᠤᠭᠠᠳ ᠨᠡᠭᠡᠭᠡᠯᠭᠡ ᠵᠢ ᠬᠠᠭᠠᠭᠠᠳ ᠲᠠᠬᠢᠨ ᠲᠡᠭᠡᠭᠰᠢ ᠭᠠᠷᠬᠤ ᠬᠡᠬᠦ᠎ᠳᠤ ᠬᠠᠯᠳᠤᠷᠢᠭᠠᠳ ᠭᠠᠷᠴᠤ ᠴᠢᠳᠠᠬᠤ ᠦᠭᠡᠢ ᠪᠤᠯᠵᠠᠢ᠃ ᠲᠡᠷᠡ᠎ᠬᠦ ᠭᠱᠠᠨ᠎ᠳᠤ ᠪᠢ ᠶᠡᠭᠡ ᠠᠶᠤᠨ ᠰᠠᠨᠳᠤᠷᠤᠭᠰᠠᠨ᠃ ᠰᠠᠨᠠᠭ᠎ᠠ ᠪᠠᠨ ᠲᠠᠢᠪᠤᠰᠢᠷᠠᠭᠤᠯᠤᠨ᠂ ᠬᠡᠰᠡᠭ ᠤᠳᠠᠭᠠᠳ ᠲᠠᠬᠢᠨ ᠲᠡᠭᠡᠭᠰᠢ ᠬᠠᠷᠠᠬᠤ᠎ᠳᠤ ᠸᠠᠩ ᠷᠦᠩ ᠬᠡᠳᠦᠨ ᠲᠤᠰᠬᠤᠨ᠎ᠤ ᠠᠷᠠᠳ ᠲᠠᠢ ᠬᠤᠳᠳᠤᠭ᠎ᠤᠨ ᠠᠮᠠᠰᠠᠷ᠎ᠲᠤ ᠵᠤᠭᠰᠤᠨ᠂ ᠲᠡᠭᠡᠰᠤ ᠪᠠᠭᠤᠯᠭᠠᠵᠦ ᠨᠠᠮ᠎ᠠ ᠵᠢ ᠲᠠᠳᠠᠵᠦ ᠭᠠᠷᠭᠠᠭᠰᠠᠨ ᠰᠢᠤ ᠬᠡᠵᠦ ᠮᠠ ᠢᠤᠢ ᠫᠢᠩ ᠲᠤᠬᠠᠢ ᠵᠢᠨ ᠦᠶ᠎ᠠ ᠵᠢᠨ ᠪᠠᠢᠳᠠᠯ ᠵᠢᠡᠨ ᠡᠷᠬᠢᠴᠡᠬᠦᠯᠦᠨ᠎ᠠ᠃

ᠲᠡᠢᠮᠦ ᠡ᠂ ᠠᠢᠯ ᠰᠠᠭᠠᠬᠠᠯᠲᠠ ᠬᠡᠳᠡᠭ ᠴᠢᠨᠢ ᠬᠡᠨ ᠨᠢᠭᠡ ᠨᠢ ᠲᠠᠭᠠᠷᠠᠭᠰᠠᠨ ᠦᠶ᠎ᠠ᠎ᠳᠤ ᠨᠦᠬᠦᠭᠡ ᠨᠢ ᠲᠠᠬᠤ ᠨᠦᠮᠦᠷᠦᠬᠦᠯᠵᠦ᠂ ᠬᠠᠷᠢᠯᠴᠠᠨ ᠪᠠᠶ᠎ᠠ ᠪᠠᠶ᠎ᠠ ᠪᠠᠨ ᠬᠠᠪᠰᠤᠷᠬᠤ ᠨᠢ ᠮᠠᠰᠢ ᠡᠩ ᠶᠠᠷᠦᠮᠳᠡᠭ ᠤᠴᠢᠷ᠃ ᠶᠠᠭ ᠡᠳᠡᠭᠡᠷ ᠡᠳᠦᠷ ᠲᠤᠳᠤᠮ᠎ᠤᠨ ᠡᠩ᠎ᠤᠨ ᠤᠴᠢᠷ ᠨᠢ ᠠᠢᠯ ᠰᠠᠭᠠᠬᠠᠯᠲᠠ ᠵᠢᠨ ᠬᠢᠨ᠎ᠤ ᠠᠮᠢ ᠵᠢ ᠬᠤᠯᠪᠤᠵᠦ ᠪᠠᠢᠳᠠᠭ᠃

ᠤᠳᠤᠬᠠᠨ᠎ᠳᠤ᠂ ᠤᠯᠠᠭᠠᠨᠨᠠᠭᠤᠷ ᠪᠠᠯᠭᠠᠰᠤ ᠵᠢᠨ ᠪᠠᠶ᠎ᠠ ᠪᠠᠶ᠎ᠠ ᠪᠠᠨ ᠬᠠᠪᠰᠤᠷᠴᠤ ᠲᠡᠮᠵᠢᠬᠦ ᠤᠴᠢᠷ ᠨᠢ ᠨᠢᠭᠡᠨᠲᠠ ᠬᠡᠪ᠎ᠤᠨ ᠪᠠᠢᠳᠠᠯ ᠪᠤᠯᠵᠦ᠂ ᠪᠦᠯᠬᠦᠮᠳᠠᠯ᠎ᠤᠨ ᠴᠡᠴᠡᠭᠡᠰ ᠪᠠᠯᠭᠠᠰᠤᠨ᠎ᠤ ᠭᠠᠵᠠᠷ ᠪᠤᠯᠭᠠᠨ᠎ᠳᠤ ᠮᠢᠷᠠᠯᠵᠠᠨ ᠲᠡᠯᠭᠡᠷᠡᠨ᠎ᠠ᠃


截图20231101165022.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号