•ᠤᠷᠠᠳ᠎ᠤᠨ ᠡᠮᠦᠨᠡᠲᠤ ᠬᠤᠰᠢᠭᠤᠨ ᠡᠴᠡ ᠦᠨᠳᠦᠰᠦᠳᠡᠨ᠎ᠤ ᠪᠦᠯᠬᠦᠮᠳᠡᠯ ᠳᠠᠪᠰᠢᠯᠳᠠ ᠵᠢᠨ ᠤᠯᠤᠰ᠎ᠤᠨ ᠳᠡᠰ᠎ᠤᠨ ᠵᠢᠱ᠌ᠢᠶᠡᠴᠢ ᠬᠠᠮᠲᠤ ᠨᠢᠭᠡᠴᠢ 1᠂ ᠵᠢᠱ᠌ᠢᠶᠡᠴᠢ ᠬᠤᠪᠢ ᠬᠦᠮᠦᠨ 1᠂ ᠤᠷᠤᠨ᠎ᠤ ᠳᠡᠰ᠎ᠤᠨ ᠵᠢᠱ᠌ᠢᠶᠡᠴᠢ ᠬᠠᠮᠲᠤ ᠨᠢᠭᠡᠴᠢ 3᠂ ᠵᠢᠱ᠌ᠢᠶᠡᠴᠢ ᠬᠤᠪᠢ ᠬᠦᠮᠦᠨ 6 ᠴᠤᠯᠭᠤᠷᠠᠨ ᠭᠠᠷᠴᠠᠢ᠃
•ᠤᠷᠠᠳ᠎ᠤᠨ ᠡᠮᠦᠨᠡᠲᠤ ᠬᠤᠰᠢᠭᠤᠨ᠎ᠳᠤ᠂ ᠦᠨᠳᠦᠰᠦᠳᠡᠨ᠎ᠤ ᠪᠦᠯᠬᠦᠮᠳᠡᠯ ᠳᠠᠪᠰᠢᠯᠳᠠ ᠵᠢᠨ ᠪᠦᠲᠦᠭᠡᠨ ᠪᠠᠢᠭᠤᠯᠤᠯᠳᠠ ᠵᠢᠨ ᠦᠯᠢᠭᠡᠷ ᠳᠠᠭᠤᠷᠢᠶᠠᠯ᠎ᠤᠨ ᠵᠢᠱ᠌ᠢᠶ᠎ᠠ ᠦᠵᠡᠬᠦᠯᠬᠦ ᠴᠡᠭ 68 ᠪᠠᠢᠨ᠎ᠠ᠃
•ᠤᠷᠠᠳ᠎ᠤᠨ ᠡᠮᠦᠨᠡᠲᠤ ᠬᠤᠰᠢᠭᠤ 3 ᠵᠢᠯᠳ᠋ᠸ᠋᠂ 《ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ》 ᠬᠦᠮᠦᠵᠢᠯ᠎ᠤᠨ ᠲᠠᠢᠯᠤᠮᠵᠢ᠎ᠶᠢ 32 ᠲᠠᠯᠠᠪᠤᠷ (ᠤᠳᠠᠭ᠎ᠠ) ᠡᠷᠭᠢᠯᠡᠵᠦ᠂ ᠲᠤᠰᠬᠠᠢ ᠰᠡᠳᠦᠪᠲᠦ ᠪᠣᠯᠪᠠᠰᠤᠷᠠᠯ᠎ᠤᠨ ᠠᠩᠭᠢ᠎ᠶᠢ 27 ᠤᠳᠠᠭ᠎ᠠ ᠡᠷᠭᠢᠯᠡᠵᠡᠢ᠃

ᠮᠤᠨᠠ ᠠᠭᠤᠯᠠ ᠵᠢᠨ ᠠᠷᠤ ᠬᠤᠷᠮᠤᠢ ᠵᠢ ᠲᠦᠰᠢᠵᠦ᠂ ᠤᠯᠠᠭᠠᠨᠰᠤᠬᠠᠢ ᠨᠠᠭᠤᠷ᠎ᠤᠨ ᠡᠮᠦᠨ᠎ᠠ ᠡᠷᠬᠢ ᠵᠢ ᠳᠡᠷᠡᠯᠡᠭ᠌ᠰᠡᠨ ᠡᠷᠳᠡᠨᠢᠪᠤᠯᠠᠭ ᠰᠤᠮᠤᠨ᠎ᠤ ᠠᠷᠴᠠ ᠭᠠᠴᠠᠭ᠎ᠠ ᠵᠢ ᠬᠦᠮᠦᠨ ᠪᠦᠬᠦᠨ ᠡᠷᠡᠭᠡᠢ ᠭᠠᠷᠭᠠᠨ ᠮᠠᠭᠳᠠᠳᠠᠭ᠃ ᠤᠴᠢᠷ ᠨᠢ᠂ ᠡᠨᠳᠡ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠵᠦ᠂ ᠬᠦᠳᠡᠭᠡ ᠳᠤᠰᠬᠤᠨ᠎ᠢ ᠬᠦᠭᠵᠢᠬᠦᠯᠦᠨ ᠮᠠᠨᠳᠤᠭᠤᠯᠬᠤ᠎ᠵᠢ ᠠᠬᠢᠭᠤᠯᠵᠦ᠂ ᠴᠢᠨᠡᠭᠡᠯᠢᠭ ᠨᠡᠢᠭᠡᠮ᠎ᠢ ᠪᠦᠬᠦ ᠲᠠᠯ᠎ᠠ ᠪᠡᠷ ᠪᠦᠳᠦᠭᠡᠨ ᠪᠠᠢᠭᠤᠯᠬᠤ᠎ᠳᠤ ᠬᠦᠴᠦᠨ ᠨᠡᠮᠡᠷᠢᠯᠡᠭᠰᠡᠨ 《ᠭᠤᠷᠪᠠᠨ ᠠᠨᠢᠰᠤ》 ᠪᠠᠢᠵᠦ᠂ ᠨᠤᠲᠤᠭ ᠤᠰᠤᠨ᠎ᠤ ᠪᠠᠨ ᠴᠡᠴᠡᠭᠯᠡᠯ ᠬᠦᠭᠵᠢᠯ᠂ ᠬᠦᠮᠦᠨ ᠠᠷᠠᠳ᠎ᠤᠨ᠎ᠢᠶᠡᠨ ᠪᠠᠶᠠᠵᠢᠯ ᠴᠢᠨᠡᠭᠡᠯᠢᠭᠵᠢᠯ᠎ᠢ ᠳᠤᠯᠭᠠᠭᠤᠷᠢᠯᠠᠬᠰᠠᠨ ᠳᠤᠯᠭ᠎ᠠ ᠵᠢᠨ ᠭᠤᠷᠪᠠᠨ ᠴᠢᠯᠠᠭᠤ ᠪᠤᠯᠤᠬᠰᠠᠨ ᠪᠢᠯᠡ᠃
ᠦᠢ ᠤᠯᠠᠨ ᠵᠢᠡᠨ ᠨᠢᠬᠳᠠᠷᠠᠭᠤᠯᠤᠬᠰᠠᠨ ᠦᠪ ᠰᠤᠶᠤᠯ᠎ᠤᠨ ᠤᠯᠠᠮᠵᠢᠯᠠᠯ
ᠠᠷᠴᠠ ᠭᠠᠴᠠᠭᠠᠨ᠎ᠤ ᠡᠮᠦᠨ᠎ᠠ ᠵᠦᠭ ᠡᠴᠡ ᠤᠷᠤᠬᠤ᠎ᠳᠤ《ᠦᠨᠳᠦᠰᠦᠲᠠᠨᠤ ᠪᠦᠯᠬᠦᠮᠳᠡᠯ ᠳᠠᠪᠰᠢᠯᠳᠠ》 ᠬᠡᠬᠦ ᠦᠰᠦᠭ ᠤᠨᠴᠠ ᠵᠢᠨ ᠲᠤᠲᠤᠬᠠᠨ ᠬᠠᠷᠠᠭᠳᠠᠨ᠎ᠠ᠃ ᠡᠨᠡ ᠨᠢ ᠮᠦᠨᠴᠤ ᠲᠤᠰ ᠭᠠᠴᠠᠭᠠᠨ᠎ᠤ ᠦᠨᠳᠦᠰᠦᠲᠠᠨᠤ ᠪᠦᠯᠬᠦᠮᠳᠡᠯ ᠳᠠᠪᠰᠢᠯᠳᠠ ᠵᠢᠨ ᠠᠵᠢᠯ᠎ᠢ ᠰᠠᠢᠨ ᠬᠢᠭᠰᠡᠨ ᠤᠯᠨ ᠮᠦᠷ᠎ᠢ ᠦᠬᠦᠯᠡᠬᠦ ᠪᠢᠯᠡ᠃
ᠠᠷᠴᠠ ᠭᠠᠴᠠᠭᠠᠨ᠎ᠤ ᠬᠦᠳᠡᠯᠭᠡᠭᠡᠨ᠎ᠤ ᠲᠠᠰᠤᠭ ᠲᠸ᠋ ᠨᠤᠲᠤᠭ᠎ᠤᠨ ᠪᠤᠭᠤᠷᠤᠯᠴᠤᠳ ᠬᠤᠭᠤᠷ ᠬᠦᠭᠵᠢᠮ᠎ᠢᠶᠡᠨ ᠪᠠᠷᠢᠭᠠᠳ《ᠪᠡᠭᠡᠵᠢᠩ ᠬᠤᠳᠠ ᠵᠢᠨ ᠮᠠᠭᠳᠠᠭᠠᠯ》 ᠬᠡᠬᠦ ᠤᠷᠠᠳ ᠠᠷᠠᠳ᠎ᠤᠨ ᠳᠠᠭᠤᠤ ᠪᠠᠨ ᠳᠠᠭᠤᠯᠠᠵᠦ ᠪᠠᠢᠯ᠎ᠠ᠃ ᠲᠡᠳᠡ ᠪᠤᠯ ᠠᠷᠴᠠ ᠭᠠᠴᠠᠭᠠᠨ᠎ᠤ ᠮᠠᠯᠴᠢᠳ᠂ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠪᠤᠯᠬᠤ ᠤᠷᠠᠳ ᠠᠷᠠᠳ᠎ᠤᠨ ᠳᠠᠭᠤᠤ ᠵᠢᠨ ᠦᠪᠯᠡᠨ ᠤᠯᠠᠮᠵᠢᠯᠠᠭᠴᠢᠳ ᠪᠤᠯᠤᠨ᠎ᠠ᠃
ᠡᠨᠡ ᠵᠢᠯ᠎ᠤᠨ 5 ᠰᠠᠷ᠎ᠠ᠎ᠳᠤ᠂ ᠪᠡᠭᠡᠵᠢᠩ ᠬᠤᠳᠠ᠎ᠳᠤ ᠶᠠᠪᠤᠭᠳᠠᠭᠰᠠᠨ 《ᠰᠢᠨ᠎ᠠ ᠴᠠᠭ ᠦᠶ᠎ᠠ·ᠳᠤᠮᠳᠠᠳᠤ ᠵᠢᠨ ᠬᠦᠰᠡᠯ ᠵᠡᠬᠦᠳᠦ》ᠤᠷᠠᠯᠢᠭ᠎ᠤᠨ ᠨᠠᠭᠠᠳᠤᠮ᠎ᠳᠤ ᠤᠷᠤᠯᠴᠠᠬᠰᠠᠨ ᠲᠡᠳᠡᠨᠠᠷ 3 ᠠᠯᠲᠠᠨ ᠮᠸᠳᠠᠯ ᠲᠤᠰᠴᠡᠢ᠃ ᠮᠦᠨᠬᠦ 6 ᠰᠠᠷ᠎ᠠ᠎ᠳᠤ᠂ ᠮᠤᠩᠭᠤᠯ ᠤᠯᠤᠰ᠎ᠤᠨ ᠤᠯᠠᠭᠠᠨᠪᠠᠭᠠᠲᠤᠷ ᠬᠤᠳᠠᠨ᠎ᠠ ᠶᠠᠪᠤᠭᠳᠠᠭᠰᠠᠨ 《ᠳᠤᠮᠳᠠᠳᠤ ᠮᠤᠩᠭᠤᠯ᠎ᠤᠨ ᠰᠤᠶᠤᠯ ᠤᠷᠠᠯᠢᠭ᠎ᠤᠨ ᠰᠤᠯᠢᠯᠴᠠᠭᠠᠨ᠎ᠤ ᠠᠷᠠᠳ᠎ᠤᠨ ᠳᠠᠭᠤᠤ ᠵᠢᠨ ᠤᠷᠤᠯᠳᠤᠭᠠᠨ》 ᠳ᠋ᠤ ᠮᠦᠨ ᠠᠯᠳᠠᠨ ᠮᠸᠳᠠᠯ ᠵᠢᠨᠷ ᠡᠨᠭᠭᠡᠷ ᠵᠢᠨᠨ ᠮᠢᠯᠢᠶᠠᠯᠭᠠᠬᠰᠠᠨ ᠪᠦᠭᠡᠳ ᠳᠤᠮᠳᠠᠳᠤ ᠵᠢᠨ ᠦᠨᠳᠦᠰᠦᠲᠠᠨᠤ ᠰᠤᠶᠤᠯ᠎ᠢᠶᠡᠨ ᠳᠡᠯᠡᠬᠡᠢ ᠳᠠᠬᠢᠨ᠎ᠠ ᠲᠤᠯᠢᠯᠠᠭᠤᠯᠵᠡᠢ᠃

ᠤᠷᠠᠳ ᠠᠷᠠᠳ᠎ᠤᠨ ᠲᠠᠭᠤᠤ ᠪᠠᠨ ᠲᠠᠭᠤᠯᠠᠨ᠎ᠠ
ᠤᠷᠠᠳ ᠠᠷᠠᠳ᠎ᠤᠨ ᠳᠠᠭᠤᠤ ᠨᠢ 2010 ᠤᠨ᠎ᠳᠤ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠲᠸ᠋ ᠪᠦᠷᠢᠳᠬᠡᠭᠳᠡᠵᠡᠢ᠃ ᠡᠬᠦᠨ᠎ᠳᠤ᠂ ᠤᠷᠠᠳ ᠠᠷᠠᠳ᠎ᠤᠨ ᠳᠠᠭᠤᠤ᠎ᠵᠢᠨ ᠦᠪᠯᠡᠨ ᠤᠯᠠᠮᠵᠢᠯᠠᠬᠤ ᠰᠠᠭᠤᠷᠢᠨ᠎ᠤ ᠨᠢᠭᠡ ᠪᠤᠯᠬᠤ ᠠᠷᠴᠠ ᠭᠠᠴᠠᠭ᠎ᠠ ᠡᠴᠡ ᠤᠯᠠᠨ ᠠᠷᠠᠳ᠎ᠤᠨ ᠳᠠᠭᠤᠴᠢᠨ ᠴᠤᠯᠭᠤᠷᠠᠵᠤ ᠪᠢᠯᠡ᠃ ᠠᠷᠴᠠ ᠭᠠᠴᠠᠭᠠᠨ᠎ᠤ ᠱᠦᠵᠢ ᠰᠤᠶᠤᠯᠳᠤ ᠪᠤᠯ ᠤᠯᠤᠰ᠎ᠤᠨ ᠳᠡᠰ᠎ᠤᠨ ᠤᠷᠠᠳ ᠠᠷᠠᠳ᠎ᠤᠨ ᠳᠠᠭᠤᠤ ᠵᠢᠨ ᠦᠪᠯᠡᠨ ᠤᠯᠠᠮᠵᠢᠯᠠᠭᠴᠢ ᠪᠤᠯᠤᠨ᠎ᠠ᠃ ᠲᠡᠷᠡ 17 ᠨᠠᠰᠤᠨ᠎ᠳᠠᠭᠠᠨ ᠠᠪᠤ ᠡᠴᠡ ᠪᠠᠨ ᠤᠷᠠᠳ ᠠᠷᠠᠳ᠎ᠤᠨ ᠳᠠᠭᠤᠤ ᠵᠢ ᠰᠤᠷᠤᠭᠰᠠᠨ ᠭᠡᠳᠡᠭ᠃ ᠤᠳᠤ ᠭᠠᠴᠠᠭᠠᠨ᠎ᠤ ᠠᠵᠢᠯ ᠬᠢᠬᠦ ᠵᠢᠨ ᠳᠠᠭᠠᠤ ᠨᠤᠲᠤᠭ᠎ᠤᠨ ᠤᠯᠠᠨ᠎ᠢᠶᠡᠨ ᠳᠠᠭᠠᠭᠤᠯᠤᠨ ᠪᠤᠳᠠᠰ᠎ᠤᠨ ᠪᠤᠰᠤ ᠰᠤᠶᠤᠯᠤᠨᠦᠪᠵᠢᠡᠷ ᠵᠢᠡᠨ ᠠᠴᠢᠶᠠᠯᠠᠪᠤᠷᠢ ᠪᠤᠯᠭᠠᠵᠦ ᠦᠨᠳᠦᠰᠦᠳᠡᠨ᠎ᠤ ᠪᠦᠯᠬᠦᠮᠳᠡᠯ ᠳᠠᠪᠰᠢᠯᠳᠠ ᠵᠢ ᠠᠬᠢᠭᠤᠯᠵᠦ ᠶᠠᠪᠤᠨ᠎ᠠ᠃
ᠡᠬᠦᠨ ᠡᠴᠡ ᠭᠠᠳᠠᠨ᠎ᠠ᠂ ᠲᠤᠰ ᠪᠦᠯᠬᠦᠮ᠎ᠤᠨ ᠬᠢᠨ ᠪᠤᠳᠠᠰ᠎ᠤᠨ ᠪᠤᠰᠤ ᠰᠤᠶᠤᠯ᠎ᠤᠨ ᠦᠪ ᠵᠢᠨᠨ ᠦᠪᠯᠡᠨ ᠤᠯᠠᠮᠵᠢᠯᠠᠬᠤ ᠪᠠᠷ ᠪᠠᠷᠠᠬᠤ ᠦᠬᠡᠢ ᠴᠠᠭᠠᠨ ᠰᠠᠷ᠎ᠠ᠂ ᠲᠠᠪᠤᠨ ᠰᠠᠷ᠎ᠠ᠎ᠶᠢᠨ ᠰᠢᠨ᠎ᠡ᠎ᠶᠢᠨ ᠲᠠᠪᠤᠨ᠎ᠤ ᠪᠠᠶᠠᠷ᠂ ᠨᠠᠢ᠍ᠮᠠᠨ ᠰᠠᠷ᠎ᠠ᠎ᠶᠢᠨ ᠲᠡᠷᠭᠡᠯ ᠪᠠᠶᠠᠷ ᠵᠡᠷᠭᠡ ᠳᠤᠮᠳᠠᠳᠤ᠎ᠶᠢᠨ ᠦᠨᠳᠦᠰᠦᠲᠡᠨ᠎ᠦ ᠤᠯᠠᠮᠵᠢᠯᠠᠯᠲᠤ ᠪᠠᠶᠠᠷ ᠪᠠ 《3·8》 ᠤ᠋ ᠡᠮᠡᠭᠲᠡᠢᠴᠦᠳ᠎ᠦᠨ ᠪᠠᠶᠠᠷ᠂《5·4》 ᠤ᠋ ᠵᠠᠯᠠᠭᠤᠴᠤᠳ᠎ᠤᠨ ᠪᠠᠶᠠᠷ ᠵᠡᠷᠭᠡ ᠪᠠᠶᠠᠷ ᠳᠤᠷᠠᠰᠬᠠᠯ᠎ᠤᠨ ᠡᠳᠦᠷ ᠲᠸ᠋ ᠤᠷᠠᠨ ᠰᠠᠢᠬᠠᠨ᠎ᠤ ᠲᠤᠭᠯᠠᠯᠳᠠ ᠭᠠᠷᠭᠠᠵᠦ᠂ ᠭᠠᠴᠠᠭᠠᠨ᠎ᠤ ᠪᠠᠨ ᠰᠤᠶᠤᠯ᠎ᠤᠨ ᠠᠮᠢᠳᠤᠷᠠᠯ᠎ᠢ ᠪᠠᠶᠠᠯᠢᠭᠵᠢᠭᠤᠯᠵᠦ᠂ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠠᠬᠢᠭᠤᠯᠳᠠᠭ᠃
ᠡᠾᠸᠦ ᠸᠸᠨ ᠯᠦᠩ ᠪᠤᠯ ᠠᠷᠴᠠ ᠭᠠᠴᠠᠭᠠᠨ᠎ᠤ ᠵᠠᠯᠠᠭᠤ ᠮᠠᠯᠴᠢᠨ᠂ ᠮᠦᠨᠴᠦ ᠨᠢᠭᠡᠨ ᠤᠷᠠᠳ ᠠᠷᠠᠳ᠎ᠤᠨ ᠳᠠᠭᠤᠤ ᠵᠢᠨ ᠪᠠᠬᠠᠳᠠᠨ ᠪᠤᠯᠤᠨ᠎ᠠ᠃ ᠲᠡᠬᠦᠨ᠎ᠤ ᠡᠪᠦᠭᠡ ᠨᠢ ᠳᠡᠭᠡᠷ᠎ᠠ ᠵᠠᠭᠤᠨ᠎ᠤ ᠲᠠᠪᠢᠭᠠᠳ ᠤᠨ᠎ᠤ ᠦᠶᠡᠰ ᠱᠠᠨᠱᠢ ᠡᠴᠡ ᠤᠷᠠᠳ᠎ᠤᠨ ᠡᠮᠦᠨᠡᠲᠤ ᠬᠤᠰᠢᠭᠤᠨ᠎ᠳᠤ ᠨᠡᠬᠦᠵᠦ ᠢᠷᠡᠭᠰᠡᠨ ᠶᠤᠮ᠃ ᠲᠡᠷᠡ ᠪᠡᠷ ᠦᠩᠬᠡᠷᠡᠬᠦ ᠵᠢᠯ ᠨᠠᠮ᠎ᠳᠤ ᠡᠯᠰᠡᠭᠳᠡᠵᠦ᠂ ᠤᠳᠤ ᠠᠷᠴᠠ ᠭᠠᠴᠠᠭᠠᠨ᠎ᠤ ᠵᠦᠪᠯᠡᠯ᠎ᠤᠨ ᠬᠡᠰᠢᠬᠦᠨ᠎ᠢᠶᠡᠷ ᠬᠦᠮᠦᠵᠢᠬᠳᠡᠵᠦ ᠪᠤᠢ᠃
— ᠠᠷᠴᠠ ᠭᠠᠴᠠᠭᠠᠨ᠎ᠤ ᠤᠯᠠᠨ ᠲᠦᠮᠡᠨ ᠪᠢᠳᠠᠨ᠎ᠢ ᠨᠢᠭᠡ ᠭᠡᠷ᠎ᠤᠨ ᠬᠦᠮᠦᠨ ᠮᠡᠲᠤ ᠳᠤᠳᠤᠨᠦ ᠦᠵᠡᠵᠦ᠂ ᠭᠠᠷ ᠬᠤᠭᠤᠰᠤᠨ ᠭᠠᠨᠵᠤᠭ᠎ᠠ ᠲᠠᠲᠠᠭᠤ ᠢᠷᠡᠭᠰᠡᠨ ᠮᠠᠨ᠎ᠤ ᠬᠢᠨ ᠢ᠋ ᠤᠳᠤ ᠨᠢᠭᠡᠨᠳᠡ ᠭᠠᠵᠠᠷ ᠲᠠᠷᠢᠶ᠎ᠠ᠂ ᠮᠠᠯ ᠬᠦᠷᠦᠩᠭᠡ ᠳᠠᠢ ᠪᠠᠶᠠᠯᠢᠭ ᠰᠠᠢᠬᠠᠨ ᠠᠢᠯ ᠪᠤᠯᠭᠠᠬᠰᠠᠨ᠃ ᠮᠦᠨᠴᠤ ᠪᠠᠰᠠ ᠠᠷᠪᠢᠨ ᠠᠵᠢᠯ᠎ᠳᠤ ᠭᠠᠴᠠᠭᠠᠨ᠎ᠤ ᠤᠯᠠᠨ ᠵᠢᠡᠷ ᠵᠢᠡᠨ ᠠᠬ᠎ᠠ ᠳᠡᠬᠦᠦ ᠰᠢᠭ ᠬᠠᠪᠰᠤᠷᠴᠤ ᠲᠤᠰᠠᠯᠠᠳᠠᠭ᠃ ᠤᠳᠤ ᠨᠠᠮ᠎ᠠ ᠵᠢ ᠭᠠᠴᠠᠭᠠᠨ᠎ᠤ ᠵᠦᠪᠯᠡᠯ᠎ᠳᠤ ᠪᠠᠨ ᠠᠵᠢᠯᠯᠠᠭᠤᠯᠬᠤ ᠭᠡᠵᠦ ᠳᠡᠮᠵᠢᠵᠦ ᠪᠠᠢᠨ᠎ᠠ᠃ ᠪᠢ ᠤᠯᠠᠨ ᠲᠦᠮᠨᠨ᠎ᠳᠤ ᠬᠦᠴᠦ ᠪᠠᠨ ᠡᠷᠬᠦᠵᠦ᠂ ᠠᠷᠴᠠ ᠭᠠᠴᠠᠭ᠎ᠠ ᠵᠢᠨ ᠬᠦᠭᠵᠢᠯᠳᠡ ᠪᠦᠯᠬᠦᠮᠳᠡᠯ ᠳᠠᠪᠰᠢᠯᠳᠠ᠎ᠵᠢ ᠬᠠᠮᠲᠤ ᠪᠠᠷ ᠴᠤᠭᠴᠠᠯᠠᠨ ᠪᠠᠢᠭᠤᠯᠤᠨ᠎ᠠ ᠭᠡᠵᠦ ᠡᠾᠸᠦ ᠸᠸᠨ ᠯᠦᠩ ᠢᠳᠡᠭᠡᠯ ᠲᠡᠭᠦᠯᠳᠡᠷ ᠪᠠᠢᠯ᠎ᠠ᠃
— ᠠᠷᠴᠠ ᠭᠠᠴᠠᠭ᠎ᠠ ᠨᠢ 206 ᠡᠷᠦᠬᠡ 456 ᠬᠦᠮᠦᠨ ᠠᠮᠠ ᠲᠠᠢ ᠮᠠᠯᠵᠢᠬᠤ ᠭᠠᠴᠠᠭ᠎ᠠ ᠪᠤᠯᠬᠤᠷ ᠡᠾᠦ ᠸᠸᠨ ᠯᠦᠩ ᠰᠢᠭ ᠬᠢᠳᠡᠳ ᠦᠨᠳᠦᠰᠦᠳᠡᠨ᠎ᠤ ᠠᠢᠯ ᠰᠠᠶᠢ ᠳᠠᠪᠤᠬᠠᠨ ᠪᠠᠢᠳᠠᠭ᠂ ᠭᠡᠪᠡᠴᠦ ᠭᠠᠴᠠᠭᠠᠨ᠎ᠤ ᠠᠷᠠᠳ ᠡᠶ᠎ᠠ ᠨᠠᠢᠷ ᠲᠠᠢ᠂ ᠦᠨᠳᠦᠰᠦᠲᠠᠨ ᠤ᠋ ᠪᠦᠯᠬᠦᠮᠳᠡᠯ᠎ᠢ ᠶᠡᠬᠡᠭᠡᠨ ᠡᠷᠬᠢᠮᠯᠡᠳᠡᠭ᠂ ᠠᠢᠯ ᠰᠠᠭᠠᠬᠠᠯᠳᠠ ᠵᠢᠨ ᠬᠤᠭᠤᠷᠤᠨᠳᠤ ᠠᠮᠠ ᠮᠤᠷᠤᠢᠭᠰᠠᠨ ᠶᠠᠪᠤᠳᠠᠯ ᠶᠡᠷᠦ ᠡᠴᠡ ᠪᠠᠨ ᠭᠠᠷᠴᠤ ᠪᠠᠢᠭᠰᠠᠨ ᠦᠬᠡᠢ᠃ ᠭᠠᠴᠠᠭᠠᠨ᠎ᠤ ᠵᠦᠪᠯᠡᠯ ᠡᠴᠡ ᠴᠸ᠋ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ ᠬᠥᠮᠦᠵᠢᠯ᠎ᠢ ᠴᠢᠬᠤᠯᠠᠴᠢᠯᠠᠨ ᠠᠳᠬᠤᠳᠠᠭ ᠡᠴᠡ 2018 ᠤᠨ᠎ᠳᠤ ᠬᠤᠳᠠ ᠵᠢᠨ ᠳᠡᠰ᠎ᠤᠨ ᠦᠨᠳᠦᠰᠦᠲᠠᠨᠤ ᠪᠦᠯᠬᠦᠮᠳᠡᠯ ᠳᠠᠪᠰᠢᠯᠳᠠ ᠵᠢᠨ ᠵᠢᠱ᠌ᠢᠶ᠎ᠠ ᠦᠵᠡᠬᠦᠯᠬᠦ ᠨᠢᠭᠡᠴᠢ ᠪᠠᠷ ᠦᠨᠡᠯᠡᠭᠳᠡᠪᠡ ᠭᠡᠵᠦ ᠰᠤᠶᠤᠯᠳᠤ ᠨᠢᠭᠡᠳ ᠨᠢᠭᠡ ᠪᠠᠷ ᠶᠠᠷᠢᠯ᠎ᠠ᠃
ᠤᠯᠤᠰ᠎ᠤᠨ ᠨᠡᠢᠰᠯᠡᠯ ᠪᠡᠭᠡᠵᠢᠩ᠎ᠢᠶᠡᠨ ᠤᠷᠠᠳ ᠠᠷᠠᠳ᠎ᠤᠨ ᠳᠠᠭᠤᠤ᠎ᠳᠤ ᠪᠠᠨ ᠮᠠᠭᠳᠠᠨ ᠳᠠᠭᠤᠯᠠᠵᠦ᠂ ᠤᠯᠠᠨ ᠲᠦᠮᠡᠨ᠎ᠢᠶᠡᠷ᠎ᠢᠶᠡᠨ ᠦᠨᠳᠦᠰᠦᠲᠠᠨᠤ ᠪᠦᠯᠬᠦᠮᠳᠡᠯ ᠳᠠᠪᠰᠢᠯᠳᠠ ᠵᠢ ᠠᠬᠢᠭᠤᠯᠤᠭᠰᠠᠨ ᠠᠷᠴᠠ ᠭᠠᠴᠠᠭᠠᠨ᠎ᠤ ᠠᠷᠠᠳ ᠲᠦᠮᠡᠨ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠨ᠎ᠠ᠃
ᠴᠢᠨᠡᠭᠡᠯᠢᠭᠵᠢᠯ᠎ᠤᠨ ᠵᠠᠮ᠎ᠢ ᠨᠡᠭᠡᠭᠡᠭᠰᠡᠨ ᠠᠳᠤᠭᠤᠨ᠎ᠤ ᠠᠵᠤ ᠦᠢᠯᠡᠰ
ᠦᠨᠳᠦᠷ ᠮᠤᠨᠠ ᠵᠢᠨ ᠠᠭᠤᠯᠠ ᠨᠢ ᠡᠬᠦᠯᠡᠨ ᠳᠤᠮᠳᠠ ᠪᠠᠨ ᠰᠦᠨᠳᠡᠷᠯᠡᠨ᠂ ᠦᠷᠭᠡᠨ ᠲᠠᠯ᠎ᠠ ᠵᠢᠨ ᠳᠡᠨᠵᠢᠨ᠎ᠳᠤ ᠠᠳᠤᠭᠤᠨ ᠰᠦᠷᠦᠭ ᠳᠠᠪᠬᠢᠯᠳᠤᠨ᠎ᠠ᠃ ᠮᠤᠨᠠ ᠠᠭᠤᠯᠠ ᠵᠢᠨ ᠡᠩᠭᠡᠷ ᠪᠠᠯ ᠡᠴᠡ ᠨᠠᠷᠢᠨ ᠲᠤᠭᠤᠰᠤ ᠳᠠᠲᠠᠭᠤᠯᠤᠨ ᠬᠤᠶᠠᠷ ᠮᠤᠷᠢᠳᠠᠨ ᠠᠢᠰᠦᠢ᠃ ᠭᠠᠩ ᠳᠦᠷᠪᠡᠨ ᠲᠤᠭᠤᠷᠠᠢ ᠡᠴᠡ ᠴᠠᠬᠢᠯᠭᠠᠨ ᠬᠢᠯᠪᠠᠵᠦ ᠪᠠᠢᠭ᠎ᠠ ᠭᠡᠮᠡᠷ ᠬᠤᠷᠳᠤᠯᠠᠵᠦ ᠶᠠᠪᠤᠭ᠎ᠠ ᠬᠤᠶᠠᠷ ᠮᠤᠷᠢᠳᠠᠨ ᠪᠤᠯ ᠡᠪᠦᠭᠡ ᠤᠮᠪᠤᠯᠤ ᠬᠤᠶᠠᠷ ᠪᠠᠢᠯ᠎ᠠ᠃
— ᠮᠢᠨᠤ ᠬᠦᠦ ᠮᠤᠷᠢᠨ᠎ᠳᠤ ᠳᠤᠷᠠᠳᠠᠢ᠃ ᠦᠷᠯᠦᠭᠡ ᠪᠤᠯᠭᠠᠨ ᠡᠪᠦᠭᠡ ᠲᠠᠢ ᠪᠠᠨ ᠬᠠᠮᠲᠤ ᠮᠤᠷᠢ ᠤᠨᠤᠵᠦ ᠳᠠᠪᠬᠢᠭᠤᠯᠳᠠᠭ᠃ ᠤᠳᠤ ᠴᠢᠨᠢ ᠮᠤᠷᠢ ᠪᠠᠨ ᠬᠠᠷ᠎ᠠ ᠬᠤᠷᠳᠤ ᠪᠠᠷ ᠨᠢ ᠳᠠᠪᠬᠢᠭᠤᠯᠬᠤ ᠦᠬᠡᠢ ᠪᠤᠯ ᠰᠠᠨᠠᠭ᠎ᠠ ᠨᠢ ᠠᠮᠠᠷᠠᠬᠤ ᠦᠬᠡᠢ᠃ ᠤᠨᠤᠵᠦ ᠪᠠᠢᠭ᠎ᠠ ᠮᠤᠷᠢᠨ᠎ᠳᠤ ᠪᠠᠨ ᠬᠦᠷᠳᠡᠯ᠎ᠠ ᠦᠬᠡ ᠵᠢᠭᠠᠵᠦ ᠥᠭᠬᠦᠭᠰᠡᠨ ᠰᠢᠦ ᠭᠡᠵᠤ ᠮᠤᠷᠢᠳᠠᠢ ᠠᠢᠰᠤᠢ ᠵᠢᠭᠠᠯ ᠬᠦᠤ ᠳᠦᠪᠡᠷᠭᠡᠨᠤ ᠡᠵᠢ ᠨᠢ ᠶᠠᠷᠢᠨ᠎ᠠ᠃
ᠲᠦᠪᠡᠷᠭᠡᠨ ᠤᠷᠠᠳ᠎ᠤᠨ ᠡᠮᠦᠨᠡᠲᠤ ᠬᠤᠰᠢᠭᠤᠨ᠎ᠤ ᠬᠡᠤᠬᠡᠳ᠎ᠤᠨ ᠴᠡᠴᠡᠷᠯᠢᠭ ᠲᠸ᠋ ᠰᠠᠭᠤᠵᠦ ᠪᠤᠢ᠃ ᠡᠪᠦᠭᠡ ᠵᠢ ᠨᠢ ᠡᠩᠬᠡᠲᠠᠢᠪᠤᠩ ᠭᠡᠳᠡᠭ᠃ ᠮᠤᠨᠠ ᠠᠭᠤᠯᠠ ᠵᠢᠨ ᠪᠠᠯ᠎ᠳᠤ ᠠᠳᠤᠭᠤ ᠦᠰᠭᠡᠵᠦ ᠶᠠᠪᠤᠭ᠎ᠠ ᠠᠷᠴᠠ ᠭᠠᠴᠠᠭᠠᠨ᠎ᠤ ᠠᠳᠤᠭᠤᠴᠢᠨ᠂ ᠠᠭᠳᠠ ᠵᠢᠨ ᠨᠢᠷᠤᠭᠤᠨ᠎ᠳᠤ ᠬᠡᠢᠮᠦᠷᠢ ᠪᠠᠨ ᠰᠡᠷᠬᠦᠭᠡᠵᠦ ᠶᠠᠪᠤᠭ᠎ᠠ ᠠᠵᠠᠢ ᠪᠤᠭᠤᠷᠤᠯ ᠰᠠᠨ᠃
— ᠪᠢ ᠴᠢᠨᠢ ᠠᠳᠤᠭᠤ ᠬᠠᠷᠢᠭᠤᠯᠤᠭᠠᠳ ᠭᠤᠴᠢᠭᠠᠳ ᠵᠢᠯ ᠪᠤᠯᠵᠦ ᠪᠠᠢᠨ᠎ᠠ᠃ ᠡᠨᠡ ᠵᠢᠯ ᠭᠤᠴᠢᠭᠠᠳ ᠭᠡᠬᠦᠦ ᠤᠨᠠᠭᠠᠯᠠᠭᠰᠠᠨ᠃ ᠳᠡᠭᠡᠷ᠎ᠠ ᠵᠢᠯ ᠳᠦᠴᠢᠭᠡᠳ ᠭᠡᠬᠦᠦ ᠤᠨᠠᠭᠠᠯᠠᠵᠦ᠂ ᠤᠨᠠᠭ᠎ᠠ ᠪᠠᠨ ᠬᠤᠳᠠᠯᠳᠤᠭᠠᠳ ᠳᠠᠯᠠᠭᠠᠳ ᠲᠦᠮᠡᠨ ᠲᠦᠬᠦᠷᠢᠭ ᠤᠯᠤᠭᠰᠠᠨ᠃ ᠵᠠᠷᠤᠯᠭ᠎ᠠ ᠪᠠᠨ ᠭᠠᠷᠭᠠᠪᠠᠯ ᠭᠤᠴᠢᠭᠠᠳ ᠲᠦᠮᠡ ᠲᠦᠬᠦᠷᠢᠭ᠎ᠤᠨ ᠤᠷᠤᠯᠭ᠎ᠠ ᠲᠠᠢ᠃ ᠮᠠᠨ᠎ᠤ ᠡᠨᠳᠡ ᠠᠳᠤᠭᠤ ᠬᠠᠷᠢᠭᠤᠯᠵᠦ ᠪᠠᠢᠭ᠎ᠠ ᠠᠢᠯ ᠤᠯᠠᠰᠢᠷᠠᠵᠦ ᠪᠤᠢ᠃ ᠡᠨᠡ ᠨᠢ ᠪᠦᠷ ᠮᠠᠨ᠎ᠤ ᠰᠤᠮᠤ᠂ ᠭᠠᠴᠠᠭ᠎ᠠ ᠡᠴᠡ ᠠᠳᠤᠭᠤᠨ᠎ᠤ ᠠᠵᠤ ᠦᠢᠯᠡᠰ᠎ᠢ ᠬᠦᠭᠵᠢᠬᠦᠯᠵᠦ ᠪᠠᠢᠭ᠎ᠠ ᠵᠢᠨ ᠠᠴᠢ ᠲᠤᠰᠠ ᠪᠤᠯᠤᠨ᠎ᠠ ᠭᠡᠵᠦ ᠡᠩᠬᠡᠲᠠᠢᠪᠤᠩ ᠮᠤᠷᠢᠨ᠎ᠤ ᠪᠠᠨ ᠡᠮᠡᠭᠡᠯ᠎ᠢᠶᠡᠨ ᠵᠠᠰᠠᠬᠤ ᠵᠢᠨ ᠵᠠᠪᠰᠠᠷ ᠵᠤᠭᠤᠭ ᠳᠡᠯᠭᠡᠵᠦ ᠶᠠᠷᠢᠨ᠎ᠠ᠃
ᠠᠳᠤᠭᠤᠨ᠎ᠤ ᠠᠵᠤ ᠦᠢᠯᠡᠰ ᠪᠤᠯ ᠠᠷᠴᠠ ᠭᠠᠴᠠᠭ᠎ᠠ ᠵᠢᠨ ᠬᠦᠭᠵᠢᠯ᠎ᠤᠨ 《ᠭᠤᠷᠪᠠᠨ ᠠᠨᠢᠰᠤ》 ᠵᠢᠨ ᠨᠢᠭᠡ ᠪᠤᠯᠤᠨ᠎ᠠ᠃ ᠲᠤᠰ ᠭᠠᠴᠠᠭᠠᠨ᠎ᠤ ᠠᠳᠤᠭᠤ 7000 ᠭᠠᠷᠤᠢ ᠵᠢ ᠳᠠᠪᠠᠵᠦ᠂ ᠲᠦᠮᠡᠨ ᠠᠬᠳᠠ ᠵᠢᠨ ᠲᠦᠪᠡᠷᠭᠡᠨ᠎ᠢᠶᠡᠷ ᠠᠷᠴᠠ ᠵᠢᠨ ᠲᠠᠯ᠎ᠠ ᠪᠠᠨ ᠴᠢᠮᠡᠵᠦ ᠪᠠᠢᠭ᠎ᠠ ᠪᠢᠯᠡ᠃ ᠶᠡᠷᠦ ᠨᠢ ᠠᠷᠴᠠ ᠭᠠᠴᠠᠭᠠᠨ᠎ᠤ ᠲᠠᠯ᠎ᠠ ᠨᠤᠲᠤᠭ ᠥᠷᠭᠡᠨ ᠠᠭᠤᠳᠠᠮ᠂ ᠵᠢᠭᠤᠯᠴᠢᠯᠠᠯ᠎ᠤᠨ ᠡᠬᠢ ᠪᠠᠶᠠᠯᠢᠭ᠋ ᠡᠯᠪᠡᠭ ᠳᠡᠯᠪᠡᠭ ᠪᠠᠢᠵᠤ᠂ ᠤᠷᠠᠳ᠎ᠤᠨ ᠡᠮᠦᠨᠡᠲᠤ ᠬᠣᠰᠢᠭᠤᠨ᠎ᠤ ᠠᠳᠤᠭᠤᠨ᠎ᠤ ᠠᠵᠤ ᠦᠢᠯᠡᠰ᠎ᠢ ᠬᠥᠭᠵᠢᠭᠦᠯᠬᠦ ᠬᠠᠮᠤᠭ ᠰᠠᠢᠨ ᠭᠠᠵᠠᠷ ᠣᠷᠣᠨ ᠪᠣᠯᠣᠨ᠎ᠠ᠃ ᠤᠢᠷ᠎ᠠ ᠵᠢᠨ ᠵᠢᠯ᠎ᠳᠤ᠂ ᠬᠤᠰᠢᠭᠤᠨ᠎ᠤ ᠵᠠᠰᠠᠭ᠎ᠤᠨ ᠤᠷᠳᠤᠨ ᠡᠴᠡ ᠠᠷᠴᠠ ᠭᠠᠴᠠᠭᠠᠨ᠎ᠤ ᠳᠠᠪᠠᠭᠤᠯᠢᠭ᠎ᠢ ᠦᠨᠳᠦᠰᠦᠯᠠᠨ 105 ᠮᠣᠩᠭᠣᠯ ᠠᠳᠤᠭᠤ ᠬᠤᠳᠠᠯᠳᠤᠨ ᠠᠪᠴᠢᠷᠠᠵᠦ᠂ ᠮᠣᠷᠢᠨ ᠮᠡᠷᠭᠡᠵᠢᠯ᠂ ᠵᠢᠭᠤᠯᠴᠢᠯᠠᠯ ᠪᠠ ᠰᠣᠶᠣᠯ᠎ᠢ ᠤᠯᠠᠮᠵᠢᠯᠠᠨ ᠵᠠᠯᠭᠠᠮᠵᠢᠯᠠᠬᠤ᠎ᠶᠢ ᠨᠢᠭᠡ ᠴᠣᠭᠴᠠᠵᠢᠭᠤᠯᠤᠭᠰᠠᠨ ᠠᠳᠤᠭᠤᠨ᠎ᠤ ᠠᠵᠤ ᠦᠢᠯᠡᠰ᠎ᠢ ᠬᠦᠭᠵᠢᠬᠦᠯᠬᠦ ᠵᠢ ᠠᠬᠢᠭᠤᠯᠤᠬᠰᠠᠨ ᠶᠤᠮ᠃
— ᠠᠳᠤᠭᠤᠨ᠎ᠤ ᠠᠵᠤ ᠦᠢᠯᠡᠰ ᠪᠤᠯ ᠮᠠᠨ᠎ᠤ ᠭᠠᠴᠠᠭᠠᠨ᠎ᠤ ᠤᠨᠴᠠᠯᠢᠭᠲᠤ ᠠᠵᠤ ᠦᠢᠯᠡᠰ᠎ᠤᠨ ᠨᠢᠭᠡ ᠪᠤᠯᠤᠨ᠎ᠠ᠃ ᠮᠠᠨ᠎ᠤ ᠭᠠᠴᠠᠭᠠᠨ᠎ᠤ ᠭᠤᠷᠪᠠᠨ᠎ᠤ ᠨᠢᠭᠡ ᠵᠢᠨ ᠡᠷᠦᠬᠡ ᠠᠳᠤᠭᠤ ᠬᠠᠷᠢᠭᠤᠯᠵᠦ ᠪᠤᠢ᠃ ᠪᠢᠳᠠ ᠭᠠᠵᠠᠷ ᠵᠦᠢ ᠵᠢᠨ ᠳᠠᠪᠠᠭᠤᠯᠢᠭ᠎ᠢᠶᠡᠨ ᠠᠰᠢᠭᠯᠠᠨ᠂ ᠰᠤᠶᠤᠯ ᠵᠢᠭᠤᠯᠴᠢᠯᠠᠯ᠎ᠢ ᠨᠢᠭᠡ ᠴᠤᠭᠴᠠᠵᠢᠭᠤᠯᠤᠭᠰᠠᠨ ᠠᠳᠤᠭᠤᠨ᠎ᠤ ᠦᠢᠯᠡᠰ᠎ᠢ ᠬᠦᠭᠵᠢᠬᠦᠯᠵᠦ ᠪᠠᠢᠭ᠎ᠠ ᠶᠤᠮ᠃ ᠤᠯᠠᠭᠠᠨᠰᠤᠬᠠᠢ ᠨᠠᠭᠤᠷ᠎ᠤᠨ ᠵᠢᠭᠤᠯᠴᠢᠯᠠᠯ᠂ ᠲᠠᠯ᠎ᠠ ᠨᠤᠲᠤᠭ᠎ᠤᠨ ᠵᠢᠭᠤᠯᠴᠢᠯᠠᠯ᠎ᠳᠤ ᠪᠠᠨ ᠮᠤᠷᠢ ᠤᠨᠤᠵᠦ ᠵᠢᠭᠤᠯᠴᠢᠯᠠᠬᠤ ᠵᠠᠮ ᠱᠤᠭᠤᠮ᠎ᠢ ᠤᠶᠠᠯᠳᠤᠭᠤᠯᠬᠤ᠂ ᠮᠤᠷᠢᠨ ᠮᠡᠷᠭᠡᠵᠢᠯ᠎ᠤᠨ ᠲᠤᠭᠯᠠᠯᠳᠠ᠂ ᠴᠡᠭᠡ ᠵᠢᠨ ᠰᠤᠪᠢᠯᠠᠯᠳᠠ ᠵᠡᠷᠭᠡ ᠵᠢ ᠨᠢᠭᠡ ᠴᠤᠬᠴᠠᠵᠢᠭᠤᠯᠤᠬᠰᠠᠨ ᠠᠵᠦ ᠦᠢᠯᠡᠰ᠎ᠢ ᠬᠦᠭᠵᠢᠬᠦᠯᠬᠦ ᠪᠡᠷ ᠲᠦᠯᠦᠪᠯᠡᠵᠦ ᠪᠠᠢᠨ᠎ᠠ᠃ ᠴᠡᠭᠡ ᠵᠢᠨ ᠰᠤᠪᠢᠯᠠᠯᠳᠠ᠎ᠳᠤ ᠵᠤᠷᠢᠭᠤᠯᠵᠦ ᠨᠢᠭᠡᠨᠳᠡ 40 ᠭᠡᠬᠦᠦ ᠬᠤᠳᠠᠯᠳᠤᠨ ᠠᠪᠴᠢᠷᠠᠭᠠᠳ ᠪᠡᠯᠴᠢᠭᠡᠷ ᠰᠠᠢᠳᠠᠢ ᠠᠢᠯ᠎ᠳᠤ ᠬᠠᠷᠢᠭᠤᠯᠵᠦ ᠪᠤᠢ᠂ ᠪᠤᠰᠤᠳ ᠳᠦᠷᠦᠯ ᠵᠦᠢᠯ᠎ᠢ ᠢᠵᠢ ᠪᠦᠷᠢᠳᠦᠭᠦᠯᠦᠨ ᠪᠦᠲᠦᠭᠡᠨ ᠪᠠᠢᠭᠤᠯᠵᠦ ᠪᠠᠢᠨ᠎ᠠ ᠭᠡᠵᠦ ᠰᠤᠶᠤᠯᠳᠤ ᠨᠠᠷᠢᠨ ᠲᠦᠰᠦᠪ᠎ᠢᠶᠡᠨ ᠶᠠᠷᠢᠨ᠎ᠠ᠃
《ᠪᠡᠯᠡᠳᠬᠡᠯ ᠰᠠᠢᠳᠠᠢ ᠪᠤᠯ ᠪᠠᠯᠢᠳᠠᠬᠤ ᠦᠬᠡᠢ》 ᠭᠡᠳᠡᠭ᠎ᠢᠶᠡᠷ᠂ ᠠᠷᠴᠠ ᠭᠠᠴᠠᠭᠠᠨ᠎ᠤ ᠠᠳᠤᠭᠤᠨ᠎ᠤ ᠠᠵᠤ ᠦᠢᠯᠡᠰ᠎ᠢ ᠬᠦᠭᠵᠢᠬᠦᠯᠬᠦ ᠲᠦᠷᠦᠯ ᠵᠦᠢᠯ ᠨᠢ ᠪᠦᠲᠦᠭᠡᠨ ᠪᠠᠢᠭᠤᠯᠤᠯᠳᠠ ᠵᠢᠨ ᠱᠠᠲᠤᠨ᠎ᠳᠠᠭᠠᠨ ᠪᠠᠢᠵᠦ᠂ ᠡᠪᠡᠰᠦ ᠪᠣᠷᠳᠣᠭᠠᠨ᠎ᠤ ᠬᠥᠮᠥᠷᠭᠡ᠂ ᠮᠤᠷᠢᠨ ᠫᠸᠩ᠂ ᠪᠣᠯᠪᠠᠰᠤᠷᠠᠯ᠎ᠤᠨ ᠲᠠᠯᠠᠪᠤᠷ᠂ ᠤᠷᠤᠯᠳᠤᠭᠠᠨ᠎ᠤ ᠲᠠᠯᠠᠪᠠᠢ᠂ ᠡᠮᠴᠢᠯᠡᠭᠡ ᠵᠢᠨ ᠲᠠᠰᠤᠭ᠂ ᠮᠤᠷᠢ ᠠᠷᠠᠴᠢᠯᠠᠬᠤ ᠲᠠᠰᠤᠭ ᠵᠡᠷᠭᠡ ᠪᠠᠭᠳᠠᠨ᠎ᠠ᠃ ᠭᠡᠷ ᠳᠣᠲᠣᠷᠠᠬᠢ ᠤᠷᠤᠯᠳᠤᠭᠠᠨ᠎ᠤ ᠲᠠᠯᠠᠪᠠᠢ᠂ ᠲᠡᠷᠭᠡᠨ ᠵᠣᠭᠰᠣᠭᠠᠯ᠂ ᠵᠤᠭᠠᠴᠠᠭᠰᠠᠳ᠎ᠤᠨ ᠲᠥᠪ ᠵᠡᠷᠬᠡ ᠵᠢ ᠪᠠᠢᠭᠤᠯᠵᠦ᠂ ᠲᠠᠮᠢᠷ ᠪᠠ ᠰᠣᠶᠣᠯ ᠵᠢᠭᠤᠯᠴᠢᠯᠠᠯ᠎ᠤᠨ ᠠᠵᠤ ᠦᠢᠯᠡᠰ᠎ᠦᠨ ᠰᠢᠨ᠎ᠡ ᠡᠵᠡᠩᠨᠡᠯᠲᠡ᠂ ᠰᠢᠨ᠎ᠡ ᠵᠠᠭᠪᠤᠷ᠎ᠢ ᠪᠤᠢ ᠪᠤᠯᠭᠠᠵᠡᠢ᠃
— ᠮᠠᠨ᠎ᠤ ᠭᠠᠴᠠᠭ᠎ᠠ ᠰᠤᠶᠤᠯ ᠵᠢᠭᠤᠯᠴᠢᠯᠠᠯ᠎ᠢ ᠨᠢᠭᠡ ᠴᠤᠭᠴᠠᠵᠢᠭᠤᠯᠤᠭᠰᠠᠨ ᠠᠳᠤᠭᠤᠨ᠎ᠤ ᠠᠵᠤ ᠦᠢᠯᠡᠰ᠎ᠢ ᠬᠦᠭᠵᠢᠬᠦᠯᠦᠭᠰᠡᠨ᠎ᠢᠶᠡᠷ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠵᠦ᠂ ᠮᠠᠯᠴᠢᠨ ᠲᠠᠷᠢᠶᠠᠴᠢᠨ᠎ᠤ ᠣᠷᠣᠯᠭ᠎ᠠ᠎ᠶᠢ ᠨᠡᠮᠡᠭᠳᠡᠭᠦᠯᠬᠦ ᠰᠢᠨ᠎ᠠ ᠵᠠᠮ᠎ᠢ ᠨᠡᠭᠡᠭᠡᠵᠦ ᠴᠢᠳᠠᠭᠰᠠᠨ ᠪᠠᠢᠨ᠎ᠠ ᠭᠡᠵᠦ ᠰᠤᠶᠤᠯᠳᠤ ᠠᠯᠤᠰ᠎ᠤᠨ ᠬᠠᠷᠠᠯᠳᠠ ᠪᠠᠨ ᠶᠠᠷᠢᠨ᠎ᠠ᠃
ᠬᠠᠮᠲᠤ ᠵᠢᠨ ᠠᠵᠤ ᠠᠬᠤᠢ ᠵᠢ ᠪᠤᠵᠠᠭᠠᠢᠷᠠᠭᠤᠯᠤᠭᠰᠠᠨ 《 ᠨᠠᠮ᠎ᠤᠨ ᠡᠬᠦᠷ +》 ᠬᠡᠪ ᠵᠠᠭᠪᠤᠷ
ᠨᠤᠮᠢᠨ ᠲᠤᠯᠬᠢᠶᠠᠠ ᠬᠠᠶᠠᠯᠠᠭᠰᠠᠨ ᠲᠠᠷᠢᠶᠠᠨ ᠭᠠᠵᠠᠷ ᠤᠯᠠᠭᠠᠨᠰᠤᠬᠠᠢ ᠨᠠᠭᠤᠷ᠎ᠤᠨ ᠡᠮᠦᠨ᠎ᠠ ᠳᠡᠨᠵᠢ ᠵᠢ ᠡᠮᠵᠢᠶᠡᠷᠢᠯᠡᠨᠠ᠃《ᠡᠨᠡ ᠪᠤᠯ ᠶᠠᠩ ᠹᠦ ᠰᠢ ᠵᠢᠨ ᠲᠠᠷᠢᠭᠰᠠᠨ ᠡᠷᠳᠡᠨᠢ ᠰᠢᠰᠢᠳᠠ᠃ ᠮᠠᠨ᠎ᠤ ᠬᠦᠮᠦᠨ ᠴᠢᠨᠢ GPS ᠵᠢᠡᠷ ᠬᠡᠮᠵᠢᠨ ᠴᠢᠬᠢ ᠰᠠᠭᠤᠯᠭᠠᠵᠦ ᠤᠶᠤᠨᠴᠢ ᠳᠠᠷᠢᠵᠤ ᠤᠷᠭᠤᠭᠤᠯᠬᠤ ᠮᠡᠷᠭᠡᠵᠢᠯ᠎ᠢ ᠠᠰᠢᠬᠯᠠᠨ ᠲᠠᠷᠢᠶ᠎ᠠ ᠪᠠᠨ ᠲᠠᠷᠢᠳᠠᠭ ᠡᠴᠡ ᠴᠢᠬᠢ ᠵᠢᠨ ᠬᠤᠭᠤᠷᠤᠨᠳᠤᠬᠢ ᠵᠠᠢ ᠨᠢ ᠭᠤᠷᠪᠠᠬᠠᠨ ᠰᠡᠨᠲ᠋ᠢᠮᠸᠲᠷ᠎ᠤᠨ ᠵᠦᠷᠢᠶ᠎ᠠ ᠯᠡ ᠭᠠᠷᠳᠠᠭ ᠡᠴᠡ ᠲᠠᠷᠢᠶᠠᠨ ᠭᠠᠵᠠᠷ᠎ᠢᠶᠡᠨ ᠪᠦᠷᠢᠨ ᠬᠦᠢᠴᠡᠳ ᠠᠱᠢᠭ᠍ᠯᠠᠬᠤ ᠵᠢᠨ ᠬᠠᠮᠳᠤ ᠤᠷᠭᠤᠴᠠ ᠨᠢᠴᠦ ᠵᠢᠬᠳᠡ ᠰᠠᠢᠨ ᠪᠠᠢᠳᠠᠭ᠃ ᠡᠭᠦᠨ᠎ᠤ ᠬᠠᠮᠳᠤ ᠲᠤᠰᠤᠯᠭᠠᠨ ᠤᠰᠤᠯᠠᠬᠤ ᠮᠡᠷᠭᠡᠵᠢᠯ᠎ᠢ ᠬᠡᠷᠡᠭᠯᠡᠭᠰᠡᠨ ᠡᠴᠡ ᠤᠰᠤ ᠵᠢ ᠴᠸ᠋ ᠠᠷᠪᠢᠯᠠᠬᠤ ᠪᠤᠯᠤᠭᠰᠠᠨ᠃ ᠲᠠ ᠨᠠᠷ ᠬᠠᠷᠠᠬᠤ ᠦᠬᠡᠢ᠎ᠤᠤ᠂ ᠡᠨᠡ ᠡᠷᠳᠡᠨᠢ ᠰᠢᠰᠢ ᠨᠢᠭᠡᠨ ᠵᠢᠭᠳᠡ ᠪᠠᠢᠭ᠎ᠠ ᠨᠢ ᠰᠢᠨᠵᠢᠯᠡᠭᠡ ᠮᠡᠷᠭᠡᠵᠢᠯ᠎ᠢ ᠠᠰᠢᠭᠯᠠᠭᠰᠠᠨᠤ ᠰᠠᠢᠨ ᠰᠢᠤ》 ᠭᠡᠬᠦ ᠵᠠᠮᠴᠢᠯᠠᠭᠴᠢ ᠵᠢᠨ ᠶᠠᠷᠢᠶᠠᠨ ᠡᠴᠡ ᠶᠠᠩ ᠹᠦ ᠰᠢ ᠴᠤᠬᠤᠮ ᠶᠠᠮᠠᠷᠰᠢᠤ ᠬᠦᠮᠦᠨ ᠪᠤᠯ ᠭᠡᠬᠦ ᠰᠤᠨᠢᠭᠤᠴᠢ ᠪᠤᠳᠤᠯ ᠰᠡᠳᠬᠢᠯ᠎ᠢ ᠭᠡᠵᠢᠭᠡᠳᠡᠵᠦ᠂ ᠠᠷᠴᠠ ᠭᠠᠴᠠᠭ᠎ᠠ ᠲᠡᠳᠦᠢ ᠦᠬᠡᠢ ᠪᠦᠬᠦ ᠪᠠᠶᠠᠨᠨᠠᠭᠤᠷ ᠬᠤᠳᠠ᠎ᠳᠤ ᠪᠠᠨ ᠳᠤᠰᠤᠯᠭᠠᠨ ᠤᠰᠤᠯᠠᠬᠤ ᠮᠡᠷᠭᠡᠵᠢᠯ᠎ᠢ ᠬᠠᠮᠤᠭ᠎ᠤᠨ ᠡᠮᠦᠨ᠎ᠠ ᠠᠰᠢᠭᠯᠠᠭᠰᠠᠨ ᠲᠠᠷᠢᠶᠠᠴᠢᠨ ᠡᠪᠦᠭᠡᠨ ᠲᠠᠢ ᠠᠭᠤᠯᠵᠠᠬᠤ ᠬᠦᠰᠡᠯ ᠮᠢᠨᠢ ᠤᠯᠠᠮ ᠯᠡ ᠤᠪᠤᠯᠵᠠᠯᠠ᠃
ᠲᠠᠷᠢᠶᠠᠨ ᠳᠤᠮᠳᠠᠭᠤᠷᠬᠢ ᠰᠤᠨᠤᠯᠵᠠᠭᠰᠠᠨ ᠵᠠᠮ᠎ᠢᠶᠡᠷ ᠲᠡᠮᠦᠷ ᠬᠦᠯᠭᠡ ᠵᠢᠨ ᠵᠢᠯᠤᠭᠤ ᠵᠠᠯᠠᠬᠤ᠎ᠳᠤ᠂ ᠪᠦᠷᠭᠡ ᠮᠠᠯᠠᠭᠠᠢ ᠵᠡᠭᠦᠭᠰᠡᠨ ᠡᠪᠦᠭᠡᠨ ᠬᠦᠩᠭᠡᠨ ᠬᠦᠩᠭᠡᠨ ᠠᠯᠬᠤᠵᠦ ᠡᠷᠳᠡᠨᠢ ᠰᠢᠰᠢ ᠵᠢᠨ ᠲᠠᠷᠢᠶᠠᠨ᠎ᠤ ᠨᠠᠭᠠᠨᠠᠬᠢ ᠰᠠᠶᠢᠬᠠᠨ ᠲᠠᠷᠢᠭᠰᠠᠨ ᠴᠢᠬᠢ ᠪᠠᠨ ᠠᠷᠠᠴᠢᠯᠠᠵᠦ ᠶᠠᠪᠤᠨ᠎ᠠ᠃ ᠡᠨᠡ ᠪᠤᠯ ᠳᠠᠷᠤᠢ ᠶᠠᠩ ᠹᠦ ᠰᠢ ᠪᠤᠯᠤᠨ᠎ᠠ᠂ ᠡᠨᠡ ᠵᠢᠯ 70 ᠨᠠᠰᠤᠲᠠᠢ᠂ ᠴᠡᠷᠢᠭ᠎ᠡᠴᠡ ᠬᠠᠯᠠᠭᠳᠠᠭᠰᠠᠨ ᠠᠬᠠᠮᠠᠳ ᠴᠡᠷᠢᠭ᠂ ᠮᠥᠨ ᠴᠦ᠍ ᠨᠠᠮ᠎ᠳᠤ ᠣᠷᠣᠭᠠᠳ 45 ᠵᠢᠯ ᠪᠣᠯᠤᠭᠰᠠᠨ ᠠᠬᠠᠮᠠᠳ ᠡᠪ ᠬᠠᠮᠲᠤ ᠨᠠᠮ᠎ᠤᠨ ᠭᠡᠰᠢᠭᠦᠨ ᠪᠣᠯᠣᠨ᠎ᠠ᠃
ᠤᠤᠯ ᠨᠢ ᠶᠠᠩ ᠹᠦ ᠰᠢ ᠵᠢᠨ ᠲᠠᠷᠢᠵᠦ ᠪᠠᠢᠭ᠎ᠠ 1000 ᠮᠸ᠋ ᠭᠠᠵᠠᠷ ᠨᠢ ᠠᠷᠴᠠ ᠭᠠᠴᠠᠭᠠᠨ᠎ᠤ ᠮᠠᠯᠴᠢᠳ᠎ᠤᠨ ᠨᠡᠢᠳᠡ ᠵᠢᠨ ᠲᠠᠷᠢᠶᠠᠨ ᠭᠠᠵᠠᠷ ᠪᠠᠢᠵᠡᠢ᠃ 1995 ᠣᠨ᠎ᠳᠤ᠂ ᠶᠠᠩ ᠹᠦ ᠰᠢ ᠡᠬᠡᠨᠡᠷ ᠲᠠᠢ ᠪᠠᠨ ᠠᠷᠴᠠ ᠭᠠᠴᠠᠭᠠᠨ᠎ᠳᠤ ᠢᠷᠡᠭᠡᠳ ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠡᠯᠡᠰᠦᠨ ᠭᠠᠵᠠᠷ᠎ᠢ ᠬᠠᠭᠠᠯᠪᠤᠷᠢᠯᠠᠵᠦ᠂ ᠦᠨᠳᠦᠷ ᠤᠨᠠᠯᠲᠠᠲᠤ ᠲᠠᠷᠢᠶᠠᠨ ᠭᠠᠵᠠᠷ ᠪᠤᠯᠭᠠᠭᠰᠠᠨ ᠨᠢ ᠡᠨᠡ ᠶᠤᠮ᠃
— ᠡᠮᠦᠨ᠎ᠠ ᠬᠤᠶᠠᠷ ᠡᠳᠦᠷ ᠪᠤᠭᠤᠳᠠᠢ ᠪᠠᠨ ᠬᠤᠷᠢᠶᠠᠵᠦ ᠠᠪᠤᠭᠰᠠᠨ᠂ ᠤᠳᠤ ᠨᠠᠷᠠᠩᠬᠤᠸᠠᠷ᠎ᠤᠨ ᠴᠢᠬᠢ ᠪᠠᠨ ᠰᠠᠭᠤᠯᠭᠠᠭᠠᠳ ᠪᠠᠷᠠᠯ᠎ᠠ᠃ ᠠᠷᠪᠠᠨ ᠰᠠᠷ᠎ᠠ ᠪᠤᠯᠬᠤ᠎ᠳᠤ ᠬᠤᠷᠢᠶᠠᠴᠢᠬᠠᠨᠠ᠃ 1995 ᠤᠨ᠎ᠳᠤ᠂ ᠳᠡᠭᠡᠷ᠎ᠠ ᠱᠠᠲᠤᠨ᠎ᠤ ᠵᠦᠪᠰᠢᠶᠡᠷᠡᠯ᠎ᠢᠶᠡᠷ 40 ᠡᠷᠦᠭᠡ ᠵᠢᠨ ᠭᠠᠵᠠᠷ᠎ᠢ ᠲᠠᠷᠢᠶᠠᠠ ᠭᠠᠵᠠᠷ ᠪᠤᠯᠭᠠᠨ ᠠᠰᠢᠭᠯᠠᠭᠰᠠᠨ ᠶᠤᠮ᠃ ᠮᠠᠯᠴᠢᠳ ᠲᠠᠢ ᠪᠠᠨ 30 ᠵᠢᠯ ᠬᠠᠮᠲᠤᠷᠠᠭᠰᠠᠨ ᠪᠤᠯᠬᠤᠷ ᠨᠠᠮ᠎ᠠ ᠵᠢ ᠨᠢᠭᠡ ᠭᠠᠴᠠᠭᠠᠨ᠎ᠤ ᠬᠦᠮᠦᠨ ᠮᠡᠲᠤ ᠦᠵᠡᠳᠡᠭ ᠰᠢᠦ᠃ ᠪᠢᠳᠠ ᠪᠠᠰᠠ ᠬᠠᠮᠲᠤ ᠪᠠᠷ ᠠᠰᠢᠭ ᠲᠤᠰᠠ ᠬᠦᠷᠲᠡᠴᠢᠬᠡᠳᠡᠭ᠂ ᠡᠨᠡ ᠨᠠᠮᠤᠷ᠎ᠤᠨ ᠬᠤᠷᠢᠶᠠᠯᠳᠠ ᠪᠠᠨ ᠠᠪᠤᠪᠠᠯ ᠮᠠᠯᠴᠢᠳ᠎ᠤᠨ᠎ᠢᠶᠡᠨ ᠲᠠᠷᠢᠶᠠᠨ᠎ᠤ ᠮᠦᠩᠬᠦ ᠵᠢ ᠨᠢ ᠦᠭᠭᠦᠨ᠎ᠠ ᠭᠡᠵᠦ ᠶᠠᠩ ᠹᠦ ᠰᠢ ᠢᠨᠢᠶᠡᠮᠰᠦᠭᠯᠡᠨ ᠶᠠᠷᠢᠬᠤ᠎ᠳᠦ ᠬᠠ ᠶᠠ ᠰᠤᠨᠤᠰᠳᠠᠬᠤ ᠮᠤᠩᠭᠤᠯ ᠦᠭᠡᠨ ᠡᠴᠡ ᠨᠢ ᠲᠠᠬᠦᠨ᠎ᠤ ᠮᠠᠯᠴᠢᠨ ᠲᠦᠮᠡᠨ ᠳᠠᠢ ᠪᠠᠨ ᠦᠷᠭᠦᠯᠵᠢ ᠳᠤᠳᠤᠨᠤᠰᠤᠭ ᠶᠠᠪᠤᠯᠴᠠᠳᠠᠭᠢ ᠭᠠᠳᠠᠷᠯᠠᠨ᠎ᠠ᠃
— ᠶᠠᠩ ᠹᠦ ᠰᠢ ᠮᠠᠨ᠎ᠤ ᠲᠠᠷᠢᠶᠠᠨ ᠭᠠᠵᠠᠷ ᠡᠴᠡ 26 ᠮᠸ᠋ ᠵᠢ ᠲᠠᠷᠢᠵᠦ ᠪᠤᠢ᠃ ᠨᠠᠮᠤᠷ ᠪᠤᠯᠤᠭᠠᠳ ᠬᠤᠷᠢᠶᠠᠯᠳᠠ ᠪᠠᠨ ᠠᠪᠤᠭᠰᠠᠭᠠᠷ ᠳᠦᠷᠢᠶᠡᠰᠦᠨ ᠮᠦᠩᠬᠦ ᠪᠠᠨ ᠬᠦᠷᠭᠡᠵᠦ ᠢᠷᠡᠳᠡᠭ᠂ ᠨᠢᠭᠡ ᠴᠸ᠋ ᠤᠳᠠᠭ᠎ᠠ ᠵᠢᠯ ᠦᠨᠵᠢᠬᠦᠯᠵᠦ ᠪᠠᠢᠭᠰᠠᠨ ᠦᠬᠡᠢ᠃ ᠲᠡᠬᠦᠨ᠎ᠳᠤ ᠲᠠᠷᠢᠶᠡᠨ ᠭᠠᠵᠠᠷ᠎ᠢᠶᠡᠨ ᠳᠦᠷᠢᠶᠡᠰᠦᠯᠡᠭᠰᠡᠨ᠎ᠳᠤ ᠪᠠᠨ ᠮᠠᠯᠴᠢᠨ ᠪᠢᠳᠠᠨ᠎ᠤ ᠰᠡᠳᠬᠢᠯ ᠠᠮᠤᠷ᠃ ᠲᠡᠷᠡ ᠬᠦᠮᠦᠨ ᠴᠢᠨᠢ ᠵᠤᠭᠤᠰ ᠮᠦᠩᠬᠦ ᠵᠢ ᠴᠠᠭ ᠲᠤᠬᠠᠢ᠎ᠳᠤ ᠨᠢ ᠥᠭᠬᠦᠨ᠎ᠠ᠃ ᠪᠠᠰᠠ ᠲᠠᠷᠢᠶᠠᠨ ᠭᠠᠵᠠᠷ᠎ᠢ ᠮᠠᠭᠤᠳᠠᠭᠤᠯᠬᠤ ᠦᠬᠡᠢ ᠮᠦᠷᠳᠡᠭᠡᠨ GPS ᠵᠢᠡᠷ ᠳᠠᠷᠢᠵᠤ ᠤᠷᠭᠤᠭᠤᠯᠬᠤ ᠮᠡᠷᠭᠡᠵᠢᠯ᠂ ᠲᠤᠰᠤᠯᠭᠠᠨ ᠤᠰᠤᠯᠠᠬᠤ ᠮᠡᠷᠭᠡᠵᠢᠯ᠎ᠢ ᠬᠡᠷᠡᠭᠯᠡᠳᠡᠭ ᠪᠤᠯᠬᠤᠷ ᠰᠠᠢᠬᠠᠨ ᠬᠠᠮᠠᠭᠠᠯᠠᠴᠢᠬᠠᠨ᠎ᠠ ᠭᠡᠵᠦ ᠠᠷᠴᠠ ᠭᠠᠴᠠᠭᠠᠨ᠎ᠤ ᠮᠠᠯᠴᠢᠨ ᠰᠤᠶᠤᠯᠪᠠᠲᠤ ᠡᠷᠡᠬᠡᠢ ᠭᠠᠷᠭᠠᠨ ᠮᠠᠭᠳᠠᠨ᠎ᠠ᠃
ᠠᠷᠴᠠ ᠭᠠᠴᠠᠭ᠎ᠠ ᠨᠢ 《ᠨᠠᠮ᠎ᠤᠨ ᠡᠭᠦᠷ + ᠺᠤᠮᠫᠠᠨᠢ + ᠮᠠᠯᠴᠢᠳ》 ᠤ᠋ᠨ ᠬᠡᠪ ᠵᠠᠭᠪᠤᠷ᠎ᠢᠶᠡᠷ ᠳᠠᠮᠵᠢᠭᠤᠯᠤᠨ ᠬᠦᠬᠡ ᠨᠠᠷᠠᠰᠤ ᠡᠪᠡᠰᠦᠨ᠎ᠤ ᠦᠢᠯᠡᠰ᠂ ᠾᠧ ᠰᠢᠩ ᠲᠠᠷᠢᠶᠠᠯᠠᠩ᠎ᠤᠨ ᠺᠣᠮᠫᠠᠨᠢ ᠵᠡᠷᠭᠡ 23 ᠨᠠᠮ᠎ᠤᠨ ᠵᠤᠬᠢᠶᠠᠨ ᠪᠠᠢᠭᠤᠯᠤᠯᠳᠠ ᠲᠠᠢ ᠬᠤᠯᠪᠤᠭ᠎ᠠ ᠪᠠᠢᠭᠤᠯᠵᠦ᠂ ᠬᠠᠮᠲᠤ᠎ᠪᠠᠷ100 ᠭᠠᠷᠤᠢ ᠲᠦᠮᠡᠨ ᠲᠥᠭᠥᠷᠢᠭ᠎ᠤᠨ ᠪᠡᠯᠡ ᠮᠦᠩᠬᠦ ᠬᠤᠷᠠᠮᠳᠤᠭᠤᠯᠤᠨ᠂ 1200 ᠮᠸ᠋ ᠵᠢᠨ ᠣᠳᠣ᠌ ᠦᠶ᠎ᠡ ᠶ᠋ᠢᠨ ᠲᠠᠷᠢᠶᠠᠯᠠᠩ ᠤ᠋ᠨ ᠬᠦᠷᠢᠶᠡᠯᠡᠩ᠂ 3000 ᠮᠸ᠋ ᠶ᠋ᠢᠨ ᠠᠮᠢ ᠠᠬᠤᠢ᠎ᠶᠢᠨ ᠰᠡᠷᠭᠦᠭᠡᠯᠳᠡ ᠵᠢᠨ ᠬᠦᠷᠢᠶᠡᠯᠡᠩ ᠵᠡᠷᠭᠡ ᠵᠢ ᠪᠦᠲᠦᠭᠡᠨ ᠪᠠᠢᠭᠤᠯᠵᠡᠢ᠃
— ᠮᠠᠨ᠎ᠤ ᠬᠢ 57 ᠮᠸ᠋ ᠭᠠᠵᠠᠷ᠎ᠢᠶᠡᠨ ᠬᠦᠬᠡ ᠨᠠᠷᠠᠰᠤ ᠡᠪᠡᠰᠦᠨ᠎ᠤ ᠦᠢᠯᠡᠰ᠎ᠤᠨ ᠺᠤᠮᠫᠠᠨᠢ᠎ᠳᠤ ᠳᠦᠷᠢᠶᠡᠰᠦᠯᠡᠨ ᠥᠭᠬᠦᠭᠡᠳ 6 ᠵᠢᠯ ᠪᠤᠯᠵᠦ ᠪᠠᠢᠨ᠎ᠠ᠃ ᠲᠠᠷᠢᠶᠠᠨ ᠭᠠᠵᠠᠷ᠎ᠢᠶᠡᠨ ᠺᠤᠮᠫᠠᠨᠢ᠎ᠳᠤ ᠳᠦᠷᠢᠶᠡᠰᠦᠯᠡᠴᠢᠭᠡᠪᠡᠯ᠂ ᠬᠦᠳᠡᠯᠮᠦᠷᠢ ᠬᠦᠴᠦᠨ᠎ᠳᠤ ᠠᠷᠪᠢᠳᠠᠢ ᠪᠦᠭᠡᠳ ᠪᠤᠰᠤᠳ ᠴᠠᠭ ᠵᠢᠡᠷ ᠵᠢᠡᠨ ᠠᠳᠤᠭᠤ ᠮᠠᠯᠦᠰᠭᠡᠬᠦ᠂ ᠵᠢᠭᠤᠯᠴᠢᠯᠠᠯ ᠡᠷᠬᠢᠯᠡᠬᠦ᠂ ᠠᠵᠦ ᠦᠢᠯᠡᠰ ᠡᠷᠬᠢᠯᠡᠭᠡᠳ ᠤᠷᠤᠯᠭ᠎ᠠ ᠪᠠᠨ ᠨᠡᠮᠡᠭᠳᠡᠬᠦᠯᠳᠡᠭ᠂ ᠮᠠᠨ᠎ᠤ ᠬᠢ ᠵᠢᠯ᠎ᠳᠤ ᠪᠠᠨ ᠪᠠᠷᠤᠭ ᠬᠤᠷᠢᠭᠠᠳ ᠲᠦᠮᠡᠨ ᠲᠦᠭᠦᠷᠢᠭ᠎ᠤᠨ ᠤᠷᠤᠯᠭ᠎ᠠ ᠤᠯᠳᠠᠭ ᠭᠡᠵᠦ ᠠᠷᠴᠠ ᠭᠠᠴᠠᠭᠠᠨ᠎ᠤ ᠮᠠᠯᠴᠢᠨ ᠲᠠᠪᠢᠨ ᠨᠢ᠋ᠮᠠ ᠤᠴᠢᠷᠯᠠᠨ᠎ᠠ᠃
— ᠮᠠᠨ᠎ᠤ ᠭᠠᠴᠠᠭ᠎ᠠ ᠣᠲᠣ᠌ ᠦᠶ᠎ᠡ᠎ᠶᠢᠨ ᠲᠠᠷᠢᠶᠠᠯᠠᠩ᠂ ᠣᠶᠤᠨᠴᠢ ᠲᠠᠷᠢᠶᠠᠯᠠᠩ ᠵᠡᠷᠭᠡ ᠣᠳᠣᠬᠢᠴᠢᠯᠠᠭᠰᠠᠨ ᠮᠡᠷᠭᠡᠵᠢᠯ᠎ᠦᠨ ᠠᠷᠭ᠎ᠠ ᠪᠠᠷᠢᠯ᠎ᠢ ᠬᠡᠷᠡᠭᠯᠡᠨ᠂ ᠭᠠᠵᠠᠷ ᠰᠢᠷᠣᠢ᠎ᠶᠢᠨ ᠠᠰᠢᠭ᠍ᠯᠠᠯᠲᠠ᠎ᠶᠢᠨ ᠨᠣᠷᠮ᠎ᠠ᠎ᠵᠢ ᠳᠡᠭᠡᠭᠰᠢᠯᠡᠭᠦᠯᠵᠦ᠂ ᠭᠠᠴᠠᠭᠠᠨ᠎ᠤ ᠬᠠᠮᠲᠤ᠎ᠶᠢᠨ ᠠᠵᠤ ᠠᠬᠤᠢ᠎ᠶᠢᠨ ᠣᠷᠣᠯᠭ᠎ᠠ᠎ᠶᠢ 88 ᠲᠦᠮᠡᠨ ᠲᠥᠭᠥᠷᠢᠭ᠎ᠡᠴᠡ ᠳᠡᠭᠡᠭᠰᠢ ᠨᠡᠮᠡᠭᠳᠡᠭᠦᠯᠵᠦ᠂ ᠤᠯᠠᠨ ᠲᠦᠮᠡᠨ᠎ᠤ ᠬᠠᠮᠲᠤ ᠪᠠᠷ ᠪᠠᠶᠠᠵᠢᠨ ᠴᠢᠨᠡᠭᠡᠯᠢᠭᠵᠢᠬᠦ ᠵᠢ ᠪᠡᠶᠡᠯᠡᠬᠦᠯᠵᠦ ᠪᠠᠢᠨ᠎ᠠ ᠭᠡᠵᠦ ᠰᠤᠶᠤᠯᠳᠤ ᠪᠠᠶᠠᠷᠳᠠᠢᠬᠠᠨ ᠶᠠᠷᠢᠨ᠎ᠠ᠃
ᠠᠷᠴᠠ ᠭᠠᠴᠠᠭᠠᠨ᠎ᠤ 《ᠭᠤᠷᠪᠠᠨ ᠠᠨᠢᠰᠤ》 ᠪᠤᠯ ᠠᠮᠢᠵᠢᠷᠠᠯ ᠪᠢᠯᠬᠠᠭᠰᠠᠨ ᠭᠤᠷᠪᠠᠨ ᠠᠨᠢᠰᠤ᠂ ᠠᠷᠠᠳ ᠤᠯᠠᠨ᠎ᠢᠶᠡᠨ ᠪᠠᠶᠠᠵᠢᠭᠤᠯᠤᠭᠰᠠᠨ ᠭᠤᠷᠪᠠᠨ ᠠᠨᠢᠰᠤ᠂ ᠠᠰᠢᠳᠠ ᠵᠢᠨ ᠬᠦᠭᠵᠢᠯ ᠲᠠᠢ ᠭᠤᠷᠪᠠᠨ ᠠᠨᠢᠰᠤ ᠪᠢᠯᠡ᠃