ᠤᠶᠠᠯᠳᠤᠯ ᠠᠭᠤᠰᠤᠯᠴᠠᠯ ᠎ᠢ ᠰᠢᠮᠡᠳᠭᠡᠭᠰᠡᠨ ᠹᠸᠩᠵᠸᠨ ᠶᠸᠪᠡᠩ
2023-10-27 12:49:44
ᠵᠣᠬᠢᠶᠠᠭ᠍ᠴᠢ᠄
ᠯᠢ ᠰᠠᠷᠠᠭᠤᠯ ᠬᠤᠸᠠᠡᠭ ᠹᠦ ᠮᠸᠢ ᠰᠢᠶᠠᠨ ᠦᠢᠯᠡᠰ ᠰᠢᠶᠠᠡᠭ ᠲᠤᠤ ᠬ᠍ᠦ ᠰᠠᠷᠠᠨ᠎ᠠ ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

ᠬᠤᠯᠪᠤᠭᠠᠰᠤ

● ᠹᠧᠩᠵᠧᠨ ᠬᠣᠲᠠ ᠲᠦᠷᠦᠭᠦᠭᠡᠨ ᠳᠤᠮᠳᠠᠳᠤ ᠤᠯᠤᠰ ᠎ᠤᠨ ᠠᠩᠬᠠᠳᠠᠭᠴᠢ ᠶᠧᠪᠡᠩ ᠠᠮᠲᠠᠲᠤ᠌ ᠢᠳᠡᠭᠡᠨ᠎ᠦ ᠭᠠᠵᠠᠷ ᠵᠦᠢ ᠵᠢᠨ ᠢᠯᠡᠷᠬᠡᠢᠯᠡᠯᠳᠦ ᠬᠣᠲᠠ ᠪᠤᠯᠪᠠ᠃

● ᠹᠸᠩᠵᠸᠨ ᠬᠣᠲᠠ 2023 ᠣᠨ ᠎ᠳᠤ ᠤᠯᠠᠭᠠᠨᠴᠠᠪ ᠬᠣᠲᠠ ᠎ᠶᠢᠨ ᠦᠨᠳᠦᠰᠦᠲᠡᠨ ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ ᠬᠣᠲᠠ᠎ᠪᠠᠷ ᠴᠤᠯᠠᠯᠠᠬᠳᠠᠪᠠ᠃

● ᠹᠸᠩᠵᠸᠨ ᠬᠤᠳᠠ ᠳ᠋ᠦ ᠣᠷᠣᠨ ᠎ᠤ ᠲᠡᠰ ᠎ᠤᠨ ᠦᠨᠳᠦᠰᠦᠲᠡᠨ᠎ᠦ ᠪᠦᠯᠬᠦᠮᠳᠡᠯ᠎ᠢ ᠡᠭᠦᠳᠦᠨ ᠪᠠᠶ᠋ᠢᠭᠤᠯᠬᠤ ᠵᠢᠱ᠌ᠢᠶ᠎ᠡ ᠦᠵᠡᠭᠦᠯᠬᠦ ᠨᠢᠭᠡᠴᠢ 1᠂ ᠤᠯᠠᠭᠠᠨᠴᠠᠪ ᠬᠣᠲᠠ᠎ᠶᠢᠨ ᠲᠠᠰ᠎ᠤᠨ 30᠂ ᠹᠸᠩᠵᠸᠠ ᠬᠤᠳᠠ ᠵᠢᠨ ᠲᠠᠰ᠎ᠤᠨ 87 ᠪᠤᠢ᠃

● ᠹᠸᠩᠵᠸᠠ ᠬᠤᠳᠠ《ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠬᠤ》 ᠺᠠᠳ᠋ᠷᠴᠤᠤᠨ᠎ᠤᠨ ᠪᠣᠯᠪᠠᠰᠤᠷᠠᠯ᠎ᠤᠨ ᠠᠡᠭᠭᠢ᠎ᠵᠢ ᠨᠡᠢᠳᠡ 20 ᠭᠠᠷᠤᠢ ᠬᠤᠭᠤᠴᠠᠭ᠎ᠠ ᠡᠷᠬᠢᠯᠡᠵᠤ᠂ 3000 ᠭᠠᠷᠤᠢ ᠬᠥᠮᠥᠨ᠎ᠳ᠋ᠤ ᠪᠤᠯᠪᠠᠰᠤᠷᠠᠯ ᠬᠦᠷᠳᠡᠭᠡᠪᠡ᠃




ᠲᠤᠮᠳᠡᠳᠤᠴᠤᠳ ᠲᠡᠷᠭᠡᠯ ᠰᠠᠷᠠ᠂ ᠲᠦᠭᠦᠷᠢᠭ ᠶᠸᠪᠡᠩ ᠵᠢᠡᠷ ᠦᠯᠵᠡᠢᠳᠦ ᠤᠴᠠᠷᠠᠯ᠂ ᠡᠪ ᠨᠢᠬᠳᠠᠷᠠᠯ᠎ᠢ ᠪᠡᠯᠬᠡᠳᠡᠳᠡᠭ ᠠᠵᠢ᠃ ᠲᠡᠤᠭᠡ ᠰᠤᠷᠪᠤᠯᠵᠢᠰ᠎ᠲᠤ᠂ ᠶᠧᠪᠡᠩ᠎ᠲᠠᠩ ᠤᠯᠤᠰ᠎ᠤᠨ ᠡᠬᠢᠨ᠎ᠤ ᠦᠶ᠎ᠡ᠎ᠳᠤ ᠪᠤᠢ ᠪᠤᠯᠤᠬᠰᠠᠨ ᠬᠡᠵᠤ ᠲᠡᠮᠳᠡᠭᠯᠡᠭᠰᠡᠨ ᠪᠦᠭᠡᠳ ᠶᠸᠪᠡᠩ᠎ᠢ ᠪᠠᠰᠠ ᠬᠤᠪᠢᠡᠭ ᠪᠤᠶᠤ ᠭᠡᠷ ᠬᠤᠳᠠᠯᠠᠭᠠᠷ᠎ᠤᠨ ᠪᠣᠭᠤᠷᠰᠤᠭ ᠬᠡᠵᠤ ᠨᠡᠷᠡᠯᠡᠳᠡᠭ ᠪᠠᠢᠵᠠᠢ᠃ ᠡᠬᠦᠨ᠎ᠳᠦ᠂ ᠹᠸᠩᠵᠸᠨ ᠶᠧᠪᠡᠩ ᠨᠢ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠲᠤᠮᠳᠠ ᠪᠤᠢ ᠪᠤᠯᠵᠦ᠂ ᠦᠨᠳᠦᠰᠦᠳᠡᠨ᠎ᠤ 《ᠬᠤᠪᠢ ᠵᠠᠶᠠᠭᠠᠨ᠎ᠤ ᠬᠠᠮᠲᠤ᠎ᠶᠢᠨ ᠴᠣᠭᠴᠠ》 ᠎ᠶᠢᠨ ᠠᠬᠢᠴᠠ᠎ᠳᠦ ᠲᠦᠷᠦᠭᠡ ᠵᠢᠬᠢᠨ᠂ ᠤᠯᠠᠮᠵᠢᠯᠠᠯᠲᠤ᠌ ᠭᠡᠷ ᠪᠦᠯᠢ᠎ᠶ᠋ᠢᠨ ᠮᠠᠶᠢᠭ᠎ᠤᠨ ᠵᠢᠵᠢᠭ ᠦᠢᠯᠡᠳᠬᠡᠯ᠎ᠡᠴᠡ ᠠᠵᠤ ᠦᠢᠯᠡᠰᠵᠢᠭᠰᠡᠨ ᠯᠤᠳᠤ ᠬᠤᠪᠢᠷᠠᠯᠳᠠ ᠵᠢ ᠪᠡᠶᠡᠯᠡᠭᠦᠯᠦᠨ᠂ ᠤᠷᠤᠨ ᠨᠤᠳᠤᠭ᠎ᠤᠨ ᠠᠷᠠᠳ᠎ᠢ ᠪᠠᠶᠠᠵᠢᠭᠤᠯᠬᠤ ᠲᠣᠮᠣ ᠠᠵᠤ ᠦᠢᠯᠡᠰ ᠪᠤᠯᠤᠨ ᠪᠦᠷᠢᠯᠳᠦᠵᠦ᠂ ᠤᠯᠠᠭᠠᠨᠴᠠᠪ ᠬᠤᠳᠠ ᠵᠢᠨ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠳ᠋ᠤ ᠴᠢᠬᠤᠯᠠ ᠬᠦᠴᠦᠨ  ᠨᠡᠮᠡᠷᠢᠯᠡᠨ᠎ᠡ᠃

ᠡᠭᠦᠰᠦᠯ ᠦᠷᠨᠢᠯ᠎ᠤᠨ ᠦᠤᠭᠡ ᠲᠡᠤᠭᠡ

260 ᠭᠠᠷᠤᠢ ᠵᠢᠯ᠎ᠤᠨ ᠡᠮᠦᠨ᠎ᠡ᠂ ᠹᠸᠩᠵᠸᠨ ᠬᠣᠲᠠ ᠵᠢᠨ ᠯᠦᠩ ᠱᠧᠩ ᠵᠤᠸᠠᠩ ᠪᠠᠯᠭᠠᠰᠤ ᠨᠢ ᠲᠦᠮᠡᠨ ᠭᠠᠵᠠᠷ᠎ᠤᠨ ᠴᠠᠢ᠎ᠶᠢᠨ ᠵᠠᠮ ᠎ᠢ ᠬᠣᠯᠪᠣᠭᠰᠠᠨ ᠴᠢᠬᠤᠯᠠ ᠥᠷᠲᠡᠭᠡ ᠪᠤᠯᠵᠦ ᠪᠠᠢᠵᠠᠢ᠃ ᠲᠡᠭᠷᠢ ᠲᠡᠳᠬᠦᠭᠴᠢ᠎ᠶᠢᠨ 33᠎ᠳᠤᠭᠠᠷ ᠣᠨ᠎ᠳᠤ ᠴᠢᠡᠭ ᠬᠦᠷᠤᠨ ᠡᠴᠠ ᠪᠤᠭᠤᠮᠳᠠ᠎ᠶᠢᠨ ᠭᠠᠳᠠᠨ᠎ᠠ ᠠᠲᠠᠷ ᠬᠠᠭᠠᠯᠪᠤᠷᠢᠯᠠᠨ ᠲᠣᠰᠬᠣᠨ ᠪᠠᠢᠭᠤᠯᠬᠤ ᠳ᠋ᠠᠭᠠᠨ ᠲᠡᠭᠷᠢ ᠲᠡᠳᠬᠦᠭᠴᠢ᠎ᠶᠢᠨ ᠪᠠᠳᠠᠷᠠᠯᠲᠤ ᠲᠦᠷᠦ ᠵᠢ ᠵᠦᠩᠨᠡᠨ ᠪᠡᠯᠭᠡᠳᠡᠬᠦ ᠵᠢᠨ ᠲᠤᠯᠠᠳᠠ 《ᠯᠦᠩ ᠱᠧᠩ ᠵᠤᠸᠠᠩ》ᠬᠡᠮᠡᠨ ᠨᠡᠷᠡᠢᠳᠪᠡ᠃ ᠦᠨᠳᠤᠰᠤᠳᠡᠨ ᠨᠤᠬᠦᠳ᠎ᠤᠨ ᠤᠯᠡᠨ ᠲᠦᠮᠡᠨ᠎ᠤ ᠤᠶᠤᠨ ᠤᠬᠠᠭᠠᠨ᠂ ᠤᠷ᠎ᠠ ᠮᠡᠷᠬᠡᠵᠢᠯ᠎ᠤᠨ ᠨᠠᠢᠯᠠᠯ᠎ᠤᠨ ᠲᠦᠷᠦᠳᠡᠰᠦ ᠪᠤᠯᠤᠬᠰᠠᠨ ᠹᠸᠩᠵᠸᠠ ᠶᠸᠪᠡᠩ ᠨᠢ ᠡᠨᠡ ᠬᠦ᠌ ᠥᠨᠢ ᠤᠳᠠᠭᠠᠨ ᠲᠡᠦᠬᠡ ᠰᠤᠶᠤᠯ ᠲᠠᠢ ᠡᠷᠲᠡᠨ᠎ᠦ ᠪᠠᠯᠭᠠᠰᠤᠨ᠎ᠳᠤ ᠮᠠᠨᠳᠤᠯᠡᠭᠰᠡᠨ ᠶᠤᠮ᠃


4800289_nrf_1695806627867_m.jpg


《ᠹᠸᠩᠵᠸᠨ ᠶᠸᠪᠡᠩ〈 ᠪᠠᠷᠠᠭᠤᠨᠰᠢ ᠪᠤᠭᠤᠮᠳᠠ ᠪᠡᠷ ᠭᠠᠷᠤᠬᠰᠠᠨ ᠨᠡᠭᠦᠳᠡᠯ 〉ᠲᠠᠢ ᠶᠡᠭᠡ ᠬᠤᠯᠪᠤᠭ᠎ᠠ ᠲᠠᠢ᠃ ᠮᠢᠩ ᠤᠯᠤᠰ᠎ᠤᠨ ᠬᠣᠩ ᠦ᠋ ᠵᠢᠨ᠎ᠣᠨ᠎ᠤ ᠦᠶ᠎ᠠ ᠳ᠋ᠦ᠂ ᠱᠠᠨ ᠰᠢ ᠾᠸᠪᠸᠢ ᠣᠷᠣᠨ᠎ᠳᠤ ᠦᠯᠦᠰᠭᠦᠯᠡᠩ ᠭᠠᠴᠢᠭ ᠪᠤᠯᠵᠤ᠂ ᠲᠡᠨᠳᠡᠬᠢ ᠬᠦᠮᠦᠰ ᠦᠯᠦᠰᠭᠦᠯᠡᠩ ᠭᠠᠴᠢᠭ ᠡᠴᠡ ᠵᠠᠢᠯᠵᠤ ᠦᠪᠦᠷ ᠮᠤᠡᠭᠭᠤᠯ  ᠤᠷᠤᠨ ᠵᠢᠡᠷ ᠨᠡᠭᠦᠳᠡᠯᠯᠡᠨ ᠢᠷᠡᠵᠤ᠂ ᠪᠤᠭᠤᠮᠳᠠ ᠵᠢᠨ ᠲᠤᠳᠤᠨᠠᠬᠢ ᠲᠠᠷᠢᠶᠠᠯᠠᠬᠤ ᠮᠡᠷᠭᠡᠵᠢᠯ ᠎ᠢ ᠡᠨᠳᠡ ᠠᠪᠴᠢᠷᠠᠨ ᠲᠠᠷᠢᠶ᠎ᠠ ᠲᠠᠷᠢᠨ ᠠᠵᠤ ᠲᠦᠷᠦᠵᠤ ᠡᠬᠢᠯᠡᠵᠡᠢ᠃ ᠡᠢᠮᠦᠷᠭᠦ 〈ᠪᠠᠷᠠᠭᠤᠨᠰᠢ ᠪᠤᠭᠤᠮᠳᠠ ᠪᠡᠷ ᠭᠠᠷᠤᠬᠰᠠᠨ ᠨᠡᠭᠦᠳᠡᠯ〉 ᠨᠢ ᠴᠢᠩ ᠤᠯᠤᠰ᠎ᠤᠨ ᠲᠤᠮᠳᠠ ᠰᠡᠭᠦᠯᠴᠢ ᠵᠢᠨ ᠦᠶ᠎ᠡ ᠬᠦᠷᠳᠡᠯ᠎ᠡ ᠦᠷᠭᠦᠯᠵᠢᠯᠡᠵᠦ᠂ ᠵᠦᠩᠶᠤᠸᠠᠨ ᠣᠷᠣᠨ᠎ᠤ ᠬᠥᠮᠥᠰ ᠡᠨᠳᠡ ᠠᠢᠯ ᠰᠠᠭᠠᠬᠠᠯᠳᠠ ᠪᠤᠯᠤᠨ ᠰᠠᠭᠤᠷᠢᠰᠢᠭᠠᠳ ᠹᠸᠡᠭᠵᠸᠨ᠂ ᠯᠦᠩ ᠱᠧᠩ ᠵᠤᠸᠠᠩ ᠵᠡᠷᠭᠡ ᠪᠠᠯᠭᠠᠰᠤ᠎ᠶᠢ ᠪᠦᠷᠢᠯᠳᠦᠭᠦᠯᠦᠭᠰᠡᠨ ᠪᠠᠢᠨ᠎ᠠ》ᠬᠡᠵᠤ ᠹᠸᠩᠵᠸᠨ ᠬᠣᠲᠠ᠎ᠶᠢᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠲᠥᠪ᠎ᠦᠨ ᠡᠷᠬᠢᠯᠡᠭᠴᠢ ᠰᠢᠤᠸᠠᠢ ᠲᠤᠸ᠋ ᠹᠸᠩᠵᠸᠨ ᠶᠧᠪᠡᠩ ᠎ᠦᠨ ᠡᠬᠢ ᠡᠭᠦᠰᠦᠯ᠎ᠡᠴᠡ ᠲᠠᠨᠢᠯᠴᠠᠭᠤᠯᠪᠠ᠃


4800290_bilgt_1695635319383_m.jpg


ᠲᠤᠬᠠᠢ ᠵᠢᠨ ᠦᠶ᠎ᠡ ᠳ᠋ᠤ ᠱᠠᠨ ᠰᠢ᠂ ᠾᠧᠪᠧᠢ ᠵᠢᠨ ᠬᠤᠳᠠᠯᠳᠤᠭᠠᠴᠢᠨ ᠲᠦᠮᠡᠨ ᠭᠠᠵᠠᠷ᠎ᠤᠨ ᠴᠠᠢ᠎ᠶᠢᠨ ᠵᠠᠮ᠎ᠤᠨ ᠨᠢᠭᠡ ᠬᠡᠰᠡᠭ ᠪᠤᠯᠬᠤ ᠯᠦᠩ ᠱᠧᠩ ᠵᠤᠸᠠᠩ ᠵᠢᠡᠷ ᠲᠠᠮᠵᠢᠨ ᠴᠠᠢ ᠰᠢᠬᠢᠷ᠂ ᠲᠣᠷᠭ᠎ᠠ ᠳᠤᠷᠳᠤᠩ᠂ ᠱᠠᠭᠠᠵᠠᠩ ᠰᠠᠪᠠ ᠵᠡᠷᠭᠡ᠎ᠪᠡᠨ ᠮᠣᠩᠭᠣᠯ ᠣᠷᠣᠰ᠎ᠲᠤ ᠠᠪᠠᠴᠢᠵᠤ ᠲᠠᠸᠠᠷ᠎ᠤᠨ ᠰᠣᠯᠢᠯᠴᠠᠭ᠎ᠠ ᠬᠢᠵᠦ ᠪᠠᠢᠬᠰᠠᠨ ᠶᠤᠮ᠃ ᠲᠡᠷᠡ ᠦᠶᠡᠰ ᠬᠦᠮᠦᠰ ᠭᠤᠤᠯᠳᠠᠭᠤ ᠦᠬᠡᠷ ᠲᠡᠷᠭᠡ᠂ ᠲᠡᠮᠡᠭᠡᠨ ᠵᠢᠡᠭ ᠵᠢᠡᠷ ᠠᠶᠠᠨ ᠬᠦᠭᠡᠭᠡᠳᠡᠭ ᠪᠤᠯᠬᠤᠷ ᠵᠠᠮ ᠵᠠᠭᠤᠷ᠎ᠠ ᠪᠠᠨ ᠠᠮᠠᠷᠬᠠᠨ ᠴᠢᠨᠠᠷ ᠬᠤᠪᠢᠷᠠᠬᠤ ᠦᠭᠡᠢ ᠬᠣᠭᠣᠯᠠ ᠬᠦᠨᠡᠰᠦ ᠠᠪᠴᠤ ᠶᠠᠪᠤᠬᠤ ᠬᠡᠷᠡᠭᠴᠡᠭᠡ ᠲᠠᠢ ᠪᠠᠢᠪᠠ᠃ ᠱᠠᠨ ᠰᠢ᠎ᠶᠢᠨ ᠬᠤᠳᠠᠯᠳᠤᠭᠠᠴᠢᠨ᠎ᠤ ᠠᠪᠴᠤ ᠶᠠᠪᠤᠳᠠᠭ ᠨᠢ ᠲᠠᠢ ᠬᠥ ᠪᠢᠩ᠂ ᠤᠳᠤᠬᠢ ᠱᠠᠨ ᠰᠢ᠎ᠶᠢᠨ ᠵᠢᠨᠵᠦ᠋ᠩ ᠬᠣᠲᠠ᠎ᠶᠢᠨ᠎ᠲᠠᠢ ᠬᠥ ᠰᠢᠶᠠᠨ᠎ᠤ ᠣᠨᠴᠠᠯᠢᠬᠳᠦ ᠪᠣᠭᠣᠷᠰᠣᠭ ᠪᠤᠯᠤᠨ᠎ᠠ᠃ ᠲᠡᠷᠡ ᠦᠶ᠎ᠡ᠎ᠳᠦ᠂ ᠴᠠᠩ ᠴᠢᠩ ᠭᠡᠳᠡᠭ ᠬᠦᠮᠦᠨ ᠠᠮᠢᠳᠤᠷᠠᠯ ᠵᠢᠡᠨ ᠠᠷᠭᠠᠴᠠᠭᠠᠬᠤ ᠵᠢᠨ ᠲᠦᠯᠦᠭᠡ ᠱᠠᠨ ᠰᠢ᠎ᠡᠴᠡ ᠯᠦᠩ ᠱᠧᠩ ᠵᠤᠸᠠᠩ᠎ᠳᠤ ᠢᠷᠡᠵᠦ᠂《ᠱᠠᠡᠭ ᠰᠠᠨ ᠶᠤᠸᠠᠨ》 ᠬᠡᠬᠦ ᠲᠡᠯᠭᠡᠭᠦᠷ ᠲᠦ᠍ ᠪᠣᠭᠣᠷᠰᠣᠭ᠎ᠬᠢᠭᠦ ᠮᠡᠷᠭᠡᠵᠢᠯᠲᠡᠨ ᠪᠤᠯᠪᠠ᠃ ᠲᠡᠭᠡᠭᠡᠳ ᠲᠡᠷᠡ ᠠᠮᠲᠠ ᠰᠢᠮᠲᠡ ᠰᠠᠢᠳᠠᠢ᠂ ᠵᠥᠭᠡᠯᠡᠨ ᠬᠦᠪᠰᠦᠭᠡᠷ ᠲᠠᠢ ᠬᠥ ᠪᠢᠩ ᠪᠣᠯᠣᠨ ᠴᠥᠭᠡᠨ ᠲᠣᠭᠠᠲᠤ ᠦᠨᠳᠦᠰᠦᠲᠡᠨ᠎ᠦ ᠭᠠᠵᠠᠷ ᠣᠷᠣᠨ᠎ᠤ ᠰᠢᠬᠢᠷᠯᠢᠭ ᠪᠦᠭᠡᠳ ᠠᠮᠠᠷᠬᠠᠨ ᠴᠢᠨᠠᠷ ᠬᠤᠪᠢᠷᠠᠬᠤ ᠦᠭᠡᠢ ᠬ᠍ᠤᠪᠢᠩ᠎ᠤᠨ ᠤᠨᠴᠠᠯᠢᠭ᠎ᠢ ᠤᠶᠠᠯᠳᠤᠭᠤᠯᠦᠨ ᠨᠤᠬᠤᠵᠤ ᠨᠡᠢᠯᠡᠭᠦᠯᠦᠭᠡᠳ ᠹᠸᠩᠵᠸᠨ ᠶᠧᠪᠡᠩ ᠎ᠢ ᠠᠡᠭᠬ᠎ᠠ ᠬᠢᠵᠤ ᠭᠠᠷᠭᠠᠬᠰᠠᠨ ᠶᠤᠮ᠃

ᠤᠳᠤ ᠯᠦᠩ ᠱᠧᠩ ᠵᠤᠸᠠᠩ᠎ᠪᠠᠯᠭᠠᠰᠤ ᠵᠢᠨ ᠵᠠᠬ᠎ᠠ ᠪᠡᠷ ᠬᠠᠭᠤᠴᠢᠨ ᠮᠠᠶᠢᠭ ᠵᠢᠡᠨ ᠬᠠᠳᠠᠭᠠᠯᠠᠬᠰᠠᠨ《ᠴᠠᠩ ᠰᠠᠨ ᠸᠸᠠ ᠶᠧᠪᠡᠩ᠎ᠦᠨ ᠲᠡᠯᠭᠡᠭᠦᠷ》 ᠭᠡᠵᠤ ᠪᠠᠢᠳᠠᠭ᠃ ᠲᠡᠯᠭᠡᠭᠦᠷ᠎ᠤᠨ ᠡᠵᠡᠨ ᠴᠠᠩ ᠰᠢᠶᠣᠣ ᠹᠸᠡᠭ ᠪᠤᠯ ᠴᠠᠩ ᠣᠪᠣᠭᠲᠤ᠎ᠶᠢᠨ ᠶᠧᠪᠡᠩ ᠬᠢᠬᠦ ᠮᠡᠷᠭᠡᠵᠢᠯ᠎ᠦᠨ ᠲᠠᠪᠤᠳᠤᠭᠠᠷ ᠦᠶ᠎ᠡ᠎ᠶᠢᠨ ᠤᠯᠠᠮᠵᠢᠯᠠᠭ᠍ᠴᠢ᠂ ᠮᠥᠨᠴᠦ ᠥᠪᠡᠷᠲᠡᠭᠡᠨ ᠵᠠᠰᠠᠬᠤ ᠣᠷᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠦᠷᠦᠯ ᠵᠦᠢᠯ᠎ᠦᠨ ᠯᠦᠩ ᠱᠧᠩ ᠵᠤᠸᠠᠩ᠎ᠤᠨ ᠶᠧᠪᠡᠩ ᠬᠢᠬᠦ ᠮᠡᠷᠭᠡᠵᠢᠯ᠎ᠦᠨ ᠤᠯᠠᠮᠵᠢᠯᠠᠭ᠍ᠴᠢ ᠮᠦᠨ᠃ ᠴᠠᠩ ᠴᠢᠩ ᠪᠤᠯ ᠶᠠᠭ ᠡᠨᠡ ᠴᠠᠩ ᠰᠢᠶᠤᠤ ᠹᠸᠩ᠎ᠤᠨ ᠡᠯᠦᠨᠴᠡ ᠡᠪᠦᠭᠡ ᠨᠢ ᠪᠤᠯᠬᠤ ᠶᠤᠮ᠃

《ᠮᠠᠨ᠎ᠤ ᠲᠡᠭᠡᠳᠦ ᠵᠢᠨ ᠨᠤᠳᠤᠭ ᠱᠠᠨ ᠰᠢ ᠵᠢᠨ  ᠶᠤᠮ᠃ ᠨᠠᠳᠠ ᠵᠢ ᠪᠠᠭ᠎ᠠ ᠪᠠᠢᠬᠤ ᠳ᠋ᠦ ᠪᠠᠷᠤᠭ ᠪᠥᠬᠥ ᠭᠡᠷ᠎ᠢᠶᠡᠷ᠎ᠢᠶᠡᠨ ᠶᠧᠪᠡᠩ ᠬᠢᠬᠦ ᠠᠵᠢᠯ᠎ᠳᠤ ᠣᠷᠣᠯᠴᠠᠵᠤ ᠪᠠᠢᠪᠠ᠃ ᠡᠢᠮᠦᠷᠭᠦ ᠣᠷᠴᠢᠨ᠎ᠤ ᠨᠦᠯᠦᠭᠡᠯᠡᠯ ᠡᠴᠡ ᠪᠤᠯᠵᠤ ᠪᠢ 16 ᠨᠠᠰᠤᠨ ᠠ᠋ᠴᠠ᠎ᠪᠠᠨ ᠡᠬᠢᠯᠡᠨ ᠶᠧᠪᠡᠩ ᠬᠢᠬᠦ ᠤᠷ᠎ᠠ ᠮᠡᠷᠭᠡᠵᠢᠯ᠎ᠢ ᠰᠤᠷᠴᠤ ᠡᠵᠡᠮᠰᠢᠵᠡᠢ᠃ ᠮᠠᠨ᠎ᠤ ᠬᠢᠨ ᠤᠳᠤ ᠪᠤᠯᠳᠠᠯ᠎ᠠ᠂ ᠭᠤᠯᠢᠷ ᠨᠤᠬᠤᠵᠤ ᠢᠳᠡᠭᠡᠰᠢᠭᠦᠯᠵᠦ ᠨᠠᠢᠷᠠᠭᠤᠯᠬᠤ᠎ᠠᠴᠠ ᠵᠤᠤᠬ᠎ᠠ᠎ᠠᠴᠠ ᠭᠠᠷᠭᠠᠬᠤ ᠬᠦᠷᠲᠡᠯᠡᠬᠢ ᠪᠦᠬᠦ ᠶᠠᠪᠤᠴᠠ᠎ᠳᠤ ᠴᠦᠮ ᠤᠯᠠᠮᠵᠢᠯᠠᠯᠲᠤ ᠤᠷ᠎ᠠ ᠮᠡᠷᠭᠡᠵᠢᠯ ᠵᠢᠡᠨ ᠬᠡᠷᠡᠭᠯᠡᠳᠡᠭ᠃ ᠦᠪ ᠤᠯᠠᠮᠵᠢᠯᠠᠯ᠎ᠢᠶᠠᠨ ᠬᠠᠳᠠᠭᠠᠯᠠᠬᠤ ᠵᠢᠨ ᠲᠦᠯᠦᠭᠡ ᠪᠢᠳᠡ ᠤᠳᠤᠬᠢᠴᠢᠯᠠᠭᠰᠠᠨ ᠦᠢᠯᠡᠳᠪᠦᠷᠢᠯᠡᠯ ᠎ᠦᠨ ᠱᠤᠭᠤᠮ ᠳᠡᠭᠡᠷ᠎ᠠ ᠭᠠᠷᠤᠭᠰᠠᠨ ᠦᠭᠡᠢ᠂ ᠵᠦᠪᠬᠡᠨ ᠲᠦᠭᠦᠭᠡᠢ ᠮᠠᠲᠧᠷᠢᠶᠠᠯ ᠪᠤᠯᠤᠨ ᠠᠮᠲᠠ ᠰᠢᠮᠳᠡ ᠎ᠶᠢ ᠨᠢ ᠰᠠᠢᠵᠢᠷᠠᠭᠤᠯᠬᠤ ᠵᠢ ᠯᠡ ᠪᠤᠳᠤᠳᠠᠭ》 ᠬᠡᠵᠦ ᠴᠠᠡᠭ ᠰᠢᠶᠤᠤ ᠹᠸᠡᠭ ᠬᠡᠯᠡᠨ᠎ᠠ᠃

ᠴᠠᠩ ᠰᠢᠶᠣᠣ ᠹᠧᠩ ᠮᠡᠳᠦ᠎ᠶᠢᠨ ᠦᠶ᠎ᠠ ᠦᠶ᠎ᠠ᠎ᠶᠢᠨ ᠬᠦᠮᠤᠰ ᠎ᠤᠨ ᠰᠢᠷᠭᠠᠭᠤ ᠴᠢᠷᠮᠠᠢᠯᠭ᠎ᠠ ᠪᠡᠷ᠂ 2009 ᠤᠨ ᠳ᠋ᠤ ᠯᠦᠩ ᠱᠧᠩ ᠵᠤᠸᠠᠩ᠎ᠤᠨ ᠶᠧᠪᠡᠩ ᠬᠢᠬᠦ᠌ ᠤᠷ᠎ᠠ ᠮᠡᠷᠭᠡᠵᠢᠯ᠎ᠢᠶᠠᠷ ᠲᠥᠯᠥᠭᠡᠯᠡᠭᠦᠯᠦᠭ᠌ᠰᠡᠨ ᠹᠧᠩᠵᠧᠨ ᠶᠧᠪᠡᠩ ᠨᠢ ᠥᠪᠡᠷᠲᠡᠭᠡᠨ ᠵᠠᠰᠠᠬᠤ ᠣᠷᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠦᠷᠦᠯ ᠵᠤᠢᠯ᠎ᠳᠦ ᠪᠦᠷᠢᠳᠭᠡᠬᠦᠯᠦᠭᠰᠡᠨ ᠮᠦᠷᠳᠡᠭᠡᠨ 2015 ᠤᠨ ᠳ᠋ᠤ ᠤᠯᠤᠰ᠎ᠤᠨ ᠭᠠᠵᠠᠷ ᠵᠦᠢ ᠵᠢᠨ ᠢᠯᠡᠷᠬᠡᠢᠯᠡᠯᠳᠦ ᠲᠠᠸᠠᠷ᠎ᠤᠨ ᠲᠡᠮᠳᠡᠭ ᠪᠤᠯᠪᠡ᠃

ᠡᠰᠡᠨᠢᠯ ᠬᠦᠭᠵᠢᠯ ᠎ᠤᠨ ᠢᠷᠠᠭᠤ ᠲᠠᠭᠤᠯᠠᠯ

ᠹᠸᠩᠵᠸᠠ ᠬᠤᠳᠠ ᠳ᠋ᠤ ᠤᠳᠤ ᠬᠢᠳᠡᠳ᠂ ᠮᠤᠩᠭᠤᠯ᠂ ᠬᠤᠳᠤᠩ᠂ ᠮᠠᠨᠵᠤ᠂ ᠲᠦᠪᠡᠳ᠂ ᠮᠢᠶᠤᠤ ᠵᠡᠷᠭᠡ 30 ᠭᠠᠷᠤᠢ ᠦᠨᠳᠦᠰᠦᠲᠡᠨ ᠎ᠤ ᠠᠬᠠᠨ ᠲᠡᠬᠦᠤᠰ ᠡᠶ᠎ᠡ ᠨᠠᠢᠷᠠᠮᠳᠠᠭᠤ  ᠤᠷᠤᠰᠢᠨ ᠠᠮᠢᠳᠤᠷᠠᠵᠤ᠂ ᠶᠧᠪᠡᠩ ᠬᠢᠬᠦ ᠪᠤᠶᠤ ᠡᠭᠦᠨ ᠯᠤᠭᠡ ᠬᠤᠯᠪᠤᠭᠠᠳᠠᠢ ᠠᠵᠢᠯ ᠤᠢᠯᠡᠰ ᠡᠷᠬᠢᠯᠡᠨ ᠲᠤᠮᠳᠠᠳᠦ ᠵᠢᠨ ᠦᠨᠳᠦᠰᠦᠲᠡᠨ᠎ᠤ ᠨᠢᠭᠳᠠᠷᠠᠯ᠎ᠤᠨ ᠲᠠᠭᠤᠨ᠎ᠢ ᠬᠠᠡᠭᠬᠢᠨᠡᠭᠤᠯᠵᠦ᠂ ᠠᠮᠢᠳᠤᠷᠡᠯ ᠤᠢᠯᠡᠰ᠎ᠢ᠋ᠢᠡᠨ ᠦᠭᠡᠳᠠ ᠲᠠᠳᠠᠵᠦ ᠶᠠᠪᠤᠨ᠎ᠠ᠃

ᠣᠢᠷ᠎ᠠ᠎ᠶᠢᠨ ᠵᠢᠯ᠎ᠡᠴᠡ ᠹᠸᠩᠵᠸᠨ ᠶᠧᠪᠡᠩ᠎ᠤᠨ ᠠᠵᠤ ᠠᠬᠤᠢᠯᠠᠯ᠎ᠤᠳ ᠴᠠᠭ ᠦᠶ᠎ᠠ ᠲᠠᠢ ᠵᠡᠷᠭᠡ ᠪᠡᠷ ᠤᠷᠤᠬᠰᠢᠯᠠᠨ ᠲᠠᠰᠤᠷᠠᠯᠳᠠ ᠦᠭᠡᠢ ᠰᠢᠨ᠎ᠡ ᠵᠢ ᠬᠠᠢᠵᠤ᠂ ᠹᠸᠩᠵᠸᠠ ᠶᠸᠪᠡᠩ᠎ᠢ ᠴᠠᠭ ᠵᠠᠢ ᠵᠢᠨ ᠬᠦᠯᠢᠶᠡᠰᠦᠯᠡᠯ ᠡᠴᠡ ᠮᠤᠯᠳᠤᠷᠠᠭᠤᠯᠦᠨ᠂ ᠪᠦᠬᠦ ᠵᠢᠯ᠎ᠦᠨ ᠦᠢᠯᠡᠳᠪᠦᠷᠢᠯᠡᠯ᠎ᠦᠨ ᠵᠠᠭᠪᠤᠷ ᠎ᠢ ᠡᠬᠢᠯᠡᠭᠦᠯᠦᠨ᠂ ᠥᠷᠨᠢᠯ ᠬᠦᠭᠵᠢᠯ᠎ᠤᠨ ᠰᠢᠨ᠎ᠡ ᠴᠠᠭ ᠦᠶ᠎ᠡ᠎ᠪᠡᠨ ᠤᠭᠲᠤᠯ᠎ᠠ᠂ ᠡᠭᠦᠨ ᠳ᠋ᠤ 《ᠬᠠᠢ ᠫᠧᠩ ᠶᠧᠪᠡᠩ》 ᠪᠣᠯ ᠨᠢᠭᠡᠨ ᠨᠡᠢᠳᠡᠯᠢᠭ ᠵᠢᠱ᠌ᠢᠶ᠎ᠡ ᠨᠢ ᠪᠤᠯᠬᠤ ᠶᠤᠮ᠃《ᠹᠸᠩᠵᠸᠨ ᠶᠧᠪᠡᠩ ᠎ᠢ ᠨᠠᠩ ᠰᠠᠢᠨ ᠬᠥᠭᠵᠢᠭᠦᠯᠬᠦ ᠵᠢᠨ ᠲᠥᠯᠥᠭᠡ᠂ ᠪᠢᠳᠡ ᠡᠵᠡᠩᠨᠡᠯᠲᠡ᠎ᠶᠢᠨ ᠶᠠᠪᠤᠴᠠ ᠳ᠋ᠠᠭᠠᠨ ᠦᠢᠯᠡᠳᠭᠦᠨ᠎ᠦ ᠪᠦᠲᠦᠴᠡ᠎ᠳ᠋ᠡᠭᠡᠨ ᠲᠠᠰᠤᠷᠠᠯᠳᠠ ᠦᠭᠡᠢ ᠲᠣᠬᠢᠷᠠᠭᠤᠯᠤᠯᠳᠠ ᠬᠢᠪᠡ᠃ ᠥᠩᠭᠡᠷᠡᠭᠰᠡᠨ᠎ᠳᠦ ᠬᠠᠢ ᠫᠧᠩ ᠶᠧᠪᠡᠩ ᠭᠡᠵᠦ ᠨᠡᠷᠡᠯᠡᠵᠤ ᠪᠠᠢᠭᠰᠠᠨ᠎ᠢᠶᠠᠨ ᠤᠳᠤ ᠬᠠᠢ ᠫᠧᠩ ᠪᠣᠭᠣᠷᠰᠣᠭ᠎ᠤᠨ ᠳᠡᠯᠭᠡᠭᠦᠷ ᠬᠡᠵᠤ ᠨᠡᠷᠡᠯᠡᠭᠦ ᠪᠤᠯᠵᠠᠢ᠃ ᠥᠪᠥᠷ ᠮᠣᠩᠭᠣᠯ᠎ᠤᠨ ᠨᠢᠭᠡᠳᠦᠭᠡᠷ ᠪᠣᠭᠣᠷᠰᠣᠭ᠎ᠤᠨ ᠲᠦᠷᠦᠯ ᠲᠡᠮᠳᠡᠭ᠎ᠢ ᠡᠭᠦᠳᠬᠦ  ᠪᠤᠯ ᠮᠠᠨ᠎ᠦ ᠬᠠᠷᠠᠯᠲᠠ ᠮᠦᠨ᠂ ᠤᠷᠤᠰᠢᠨ ᠲᠤᠬᠳᠠᠨᠢᠬᠤ ᠳ᠋ᠤ ᠪᠢᠳᠡ ᠶᠠᠷᠢᠶᠠᠨ ᠦᠭᠡᠢ ᠹᠸᠩᠵᠸᠠ ᠶᠸᠪᠡᠩ ᠳ᠋ᠡᠭᠡᠨ ᠲᠦᠰᠢᠭᠯᠡᠨ᠎ᠡ᠂ ᠬᠡᠭᠦ ᠳ᠋ᠡᠭᠡᠨ ᠨᠡᠩ ᠰᠠᠢᠨ ᠦᠷᠨᠢᠨ ᠬᠦᠭᠵᠢᠭᠦ ᠬᠡᠪᠡᠯ ᠹᠸᠩᠵᠸᠡ ᠶᠸᠪᠡᠩ ᠳ᠋ᠠᠭᠡᠨ ᠰᠠᠭᠤᠷᠢᠯᠠᠨ᠂ ᠨᠡᠩ ᠤᠯᠠᠨ ᠡᠰᠢᠴᠢᠯᠡᠭᠰᠡᠨ ᠬᠦᠭᠵᠢᠯᠳᠡ ᠵᠢ ᠡᠷᠢᠯᠬᠢᠯᠡᠭᠦ ᠬᠡᠷᠡᠭᠳᠡᠢ 》 ᠬᠡᠵᠤ ᠬᠠᠢ ᠫᠸᠡᠭ ᠢᠳᠡᠭᠡᠨ ᠎ᠦ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠎ᠶᠢᠨ ᠬᠡᠷᠡᠭ ᠮᠡᠳᠡᠭᠴᠢᠳ᠎ᠦᠨ ᠳᠠᠷᠤᠭ᠎ᠠ᠂ ᠹᠸᠩᠵᠸᠨ ᠬᠤᠳᠠ᠎ᠶᠢᠨ ᠶᠧᠪᠡᠩ᠎ᠦᠨ ᠨᠡᠢᠭᠡᠮᠯᠢᠭ᠎ᠦᠨ ᠳᠠᠷᠤᠭ᠎ᠠ ᠸᠧᠢ ᠵᠦᠩ ᠤᠴᠢᠷᠳᠠᠢᠬᠠᠨ ᠶᠠᠷᠢᠯ᠎ᠠ᠃ ᠬᠠᠢ ᠫᠸᠩ ᠶᠧᠪᠡᠩ ᠨᠢ ᠤᠳᠤ ᠭᠡᠷ ᠪᠦᠯᠢ᠎ᠶᠢᠨ ᠮᠠᠶᠢᠭ᠋᠎ᠤᠨ ᠵᠢᠵᠢᠭ ᠦᠢᠯᠡᠳᠬᠡᠯ᠎ᠦᠨ ᠭᠠᠵᠠᠷ ᠡᠴᠡ ᠪᠡᠨ ᠰᠤᠳᠤᠯᠤᠨ ᠨᠡᠭᠡᠭᠡᠬᠦ᠂ ᠦᠢᠯᠡᠳᠪᠦᠷᠢᠯᠡᠬᠦ᠂ ᠪᠣᠷᠣᠯᠠᠭᠤᠯᠬᠤ ᠵᠡᠷᠭᠡ ᠵᠢ ᠨᠢᠭᠡ ᠴᠣᠭᠴᠠᠵᠢᠭᠤᠯᠤᠭᠰᠠᠨ ᠣᠷᠣᠨ ᠪᠦᠰᠡ᠎ᠶᠢᠨ ᠣᠨᠴᠠᠯᠢᠭ᠋᠎ᠲᠠᠢ ᠠᠷᠠᠳ᠎ᠤᠨ ᠡᠵᠡᠩᠨᠡᠯᠲᠡ᠎ᠶᠢᠨ ᠬᠠᠬᠰᠠᠭᠠᠮᠠᠯ᠎ᠤᠨ ᠠᠵᠤ ᠠᠬᠤᠢᠯᠠᠯ ᠪᠤᠯᠵᠤ᠂ ᠤᠯᠠᠮᠵᠢᠯᠠᠯᠲᠤ ᠰᠢᠶᠠᠨᠰᠠ ᠦᠭᠡᠢ ᠶᠧᠪᠡᠩ ᠡᠴᠡ ᠬᠡᠷᠡᠭᠯᠡᠭᠴᠢᠳ ᠎ᠲᠤ ᠲᠠᠭᠠᠰᠢᠶᠠᠬᠳᠠᠬᠰᠠᠨ 100 ᠭᠠᠷᠤᠢ ᠲᠦᠷᠦᠯ᠎ᠦᠨ ᠦᠢᠯᠡᠳᠬᠦᠨ ᠲᠠᠢ ᠪᠤᠯᠵᠤ᠂ ᠪᠦᠬᠦ ᠤᠯᠤᠰ᠎ᠤᠨ ᠬᠡᠪᠴᠢᠶᠡᠨ ᠳ᠋ᠤ 500 ᠭᠠᠷᠤᠢ ᠬᠠᠮᠲᠤᠷᠠᠯᠴᠠᠭᠠᠨ ᠎ᠤ ᠬᠠᠨᠢᠲᠠᠨ ᠪᠠ 80 ᠭᠠᠷᠤᠢ ᠬᠡᠯᠬᠢᠶ᠎ᠡ ᠬᠠᠮ ᠲᠡᠯᠭᠡᠭᠦᠷ ᠨᠡᠭᠡᠭᠡᠵᠦ᠂《ᠹᠸᠩᠵᠸᠨ ᠶᠧᠪᠡᠩ》᠎ᠤᠨ ᠠᠵᠦ ᠤᠢᠯᠡᠰ᠎ᠤᠨ ᠲᠠᠭᠠᠭᠤᠯᠤᠬᠴᠢ ᠠᠵᠦ ᠠᠬᠤᠢᠯᠠᠯ᠎ᠤᠨ ᠨᠢᠭᠡ ᠪᠤᠯᠵᠦ ᠪᠠᠢᠨ᠎ᠠ᠃

ᠤᠯᠠᠨ ᠵᠢᠯ᠎ᠤᠨ ᠲᠤᠷᠰᠢ᠂ ᠹᠸᠩᠵᠸᠠ ᠬᠤᠳᠠ ᠵᠢᠨ ᠨᠠᠮ ᠵᠠᠰᠠᠭ ᠡᠴᠡ ᠹᠸᠩᠵᠸᠠ ᠶᠧᠪᠡᠩ᠎ᠦᠨ ᠠᠵᠤ ᠦᠢᠯᠡᠰ᠎ᠢ ᠣᠷᠣᠨ ᠨᠤᠲᠤᠭ᠎ᠤᠨ ᠠᠷᠠᠳ᠎ᠢ ᠪᠠᠶᠠᠵᠢᠭᠤᠯᠬᠤ ᠠᠵᠤ ᠦᠢᠯᠡᠰ᠎ᠦᠨ ᠬᠤᠪᠢ᠎ᠪᠠᠷ ᠢᠳᠡᠪᠬᠢᠲᠡᠢ ᠲᠡᠮᠵᠢᠭᠰᠡᠭᠡᠷ ᠢᠷᠡᠵᠤ᠂ ᠵᠢᠯ ᠪᠤᠯᠭᠠᠨ ᠶᠧᠪᠡᠩ᠎ᠦᠨ ᠰᠣᠶᠣᠯ᠎ᠤᠨ ᠨᠠᠢᠷ᠂ ᠰᠦᠯᠵᠢᠶᠡᠨ᠎ᠤ ᠡᠵᠡᠩᠨᠡᠨ ᠪᠣᠷᠣᠯᠠᠭᠤᠯᠤᠯᠳᠠ᠂ ᠶᠸᠪᠡᠩ᠎ᠤᠨ ᠦᠵᠡᠰᠬᠦᠯᠡᠩ ᠵᠡᠷᠭᠡ ᠠᠵᠢᠯᠯᠠᠭ᠎ᠠ ᠦᠷᠨᠢᠭᠦᠯᠵᠦ᠂ ᠲᠦᠷᠦᠯ ᠲᠡᠮᠳᠡᠭ᠎ᠦᠨ ᠤᠬᠠᠭᠤᠯᠭ᠎ᠠ ᠲᠠᠨᠢᠯᠴᠠᠭᠤᠯᠭ᠎ᠠ ᠪᠠ ᠤᠯᠤᠰ᠎ᠤᠨ ᠳᠣᠲᠣᠭᠠᠳᠤ ᠭᠠᠳᠠᠭᠠᠳᠤ᠎ᠶᠢᠨ ᠵᠠᠬ᠎ᠠ ᠳᠡᠯᠭᠡᠭᠦᠷ ᠵᠢᠡᠨ ᠥᠷᠭᠡᠳᠬᠡᠨ᠂ ᠹᠸᠩᠵᠸᠨ ᠶᠧᠪᠡᠩ᠎ᠦᠨ ᠨᠡᠷ᠎ᠠ ᠠᠯᠳᠠᠷᠰᠢᠯ᠎ᠢ ᠲᠡᠭᠡᠭᠰᠢᠯᠡᠭᠦᠯᠦᠭᠰᠡᠭᠡᠷ ᠪᠢᠯᠡ᠃ ᠹᠸᠩᠵᠸᠨ ᠶᠧᠪᠡᠩ᠎ᠦᠨ ᠠᠵᠤ ᠦᠢᠯᠡᠰᠵᠢᠭᠰᠡᠨ ᠬᠥᠭᠵᠢᠯᠲᠡ ᠨᠢ ᠵᠢᠭᠤᠯᠴᠢᠯᠠᠯ᠂ ᠪᠠᠷᠠᠭᠠᠨ᠎ᠤ ᠭᠦᠢᠯᠭᠡᠭᠡ᠂ ᠬᠣᠯᠢᠰᠢᠨ ᠢᠳᠡᠭᠡᠨ ᠵᠡᠷᠭᠡ ᠬᠣᠯᠪᠣᠭᠳᠠᠯ ᠪᠦᠬᠦᠢ ᠠᠵᠤ ᠦᠢᠯᠡᠰ᠎ᠦᠨ ᠬᠥᠭᠵᠢᠯᠲᠡ᠎ᠶᠢ ᠳᠠᠶ᠋ᠢᠴᠢᠯᠠᠵᠦ᠂ ᠹᠸᠩᠵᠸᠨ ᠎ᠤ ᠢᠷᠠᠭᠤ ᠰᠠᠢᠬᠠᠨ ᠨᠡᠷ᠎ᠡ᠎ᠶᠢᠨ ᠬᠠᠭᠤᠳᠠᠰᠤ ᠪᠣᠯᠤᠭᠰᠠᠨ ᠪᠠᠢᠨ᠎ᠠ᠃

ᠥᠨᠥᠳᠥᠷ᠎ᠦᠨ ᠹᠸᠩᠵᠸᠡ ᠶᠧᠪᠡᠩ ᠥᠪᠡᠷᠮᠢᠴᠡ ᠤᠷ᠎ᠠ ᠮᠡᠷᠭᠡᠵᠢᠯ᠎ᠵᠢᠡᠨ ᠦᠪᠯᠡᠨ ᠤᠯᠠᠮᠵᠢᠯᠠᠬᠰᠠᠨ ᠰᠠᠭᠤᠷᠢᠨ ᠳᠡᠭᠡᠷ᠎ᠡ ᠰᠢᠨ᠎ᠡ᠎ᠶᠢ ᠡᠭᠦᠳᠬᠦ ᠬᠥᠭᠵᠢᠯᠲᠡ᠎ᠶᠢᠨ ᠵᠠᠮ ᠵᠢᠡᠷ ᠢᠳᠡᠪᠬᠢᠳᠡᠢ ᠵᠠᠮᠨᠠᠨ᠂ ᠠᠭᠤᠰᠤᠯᠴᠠᠯ ᠰᠢᠨᠡᠴᠢᠯᠡᠯ᠎ᠤᠨ ᠯᠤᠳᠤ ᠬᠦᠴᠦᠨ ᠵᠢᠡᠷ ᠦᠷᠨᠢᠨ ᠬᠦᠭᠵᠢᠵᠦ ᠪᠦᠬᠦ ᠤᠯᠤᠰ᠎ᠤᠨ ᠵᠠᠬ᠎ᠠ ᠲᠡᠯᠭᠡᠭᠦᠷ ᠲᠡᠢᠰᠢ 《ᠴᠡᠷᠢᠭᠯᠡᠨ》 ᠡᠯ᠎ᠠ ᠦᠨᠳᠤᠰᠤᠳᠡᠨ᠎ᠤ ᠤᠯᠡᠨ ᠲᠦᠮᠡᠨ᠎ᠳ᠋ᠤ ᠪᠡᠶᠡᠨ ᠴᠢᠨᠡᠭᠡᠯᠢᠭ᠂ ᠵᠢᠷᠭᠠᠯᠳᠦ ᠠᠮᠢᠳᠤᠷᠠᠯ᠎ᠤᠨ 《ᠠᠯᠳᠡᠨ ᠵᠢᠯᠤᠭᠤ》᠎ᠵᠢ ᠠᠳᠬᠤᠭᠤᠯᠵᠦ ᠪᠢᠯᠡ᠃ ᠹᠸᠩᠵᠸᠠ ᠬᠤᠳᠠ ᠵᠢᠨ ᠬᠢᠨ ᠹᠸᠩᠵᠸᠠ ᠶᠸᠪᠡᠩ᠎ᠤᠨ ᠠᠵᠤ ᠦᠢᠯᠡᠰ᠎ᠤᠨ ᠬᠥᠳᠡᠯᠮᠦᠷᠢ ᠦᠢᠯᠡᠴᠢᠯᠡᠭᠡᠨ᠎ᠦ ᠨᠡᠷᠡᠲᠦ᠍ ᠲᠡᠮᠳᠡᠭ ᠎ᠢ ᠡᠭᠦᠳᠴᠤ᠂ ᠲᠣᠰᠬᠣᠨ᠎ᠤ ᠵᠥᠪᠯᠡᠯ᠎ᠢᠶᠡᠷ ᠨᠢᠭᠡᠴᠢ ᠪᠣᠯᠭᠠᠨ᠂ ᠶᠧᠪᠡᠩ᠎ᠦᠨ ᠠᠵᠢᠯ ᠲᠥᠷᠥᠯ᠎ᠦᠨ ᠬᠥᠳᠡᠯᠮᠦᠷᠢ ᠦᠢᠯᠡᠴᠢᠯᠡᠭᠡᠨ᠎ᠦ ᠪᠦᠯᠬᠦᠮ᠎ᠢ ᠵᠣᠬᠢᠶᠠᠨ ᠪᠠᠶ᠋ᠢᠭᠤᠯᠵᠤ᠂ ᠲᠤᠰᠬᠤᠨ᠎ᠤ ᠠᠷᠠᠳ ᠵᠢᠡᠷ ᠭᠤᠤᠯ ᠬᠦᠴᠦᠨ ᠴᠡᠷᠢᠭ ᠪᠣᠯᠭᠠᠨ᠂《ᠪᠠᠭᠰᠢ ᠱᠠᠪᠢ ᠳᠠᠭᠠᠭᠤᠯᠬᠤ》 ᠬᠡᠯᠪᠡᠷᠢ ᠪᠡᠷ ᠨᠢᠭᠡ ᠪᠦᠯᠦᠭ ᠨᠤᠲᠤᠭ᠎ᠤᠨ ᠲᠤᠰᠬᠠᠶ ᠮᠡᠷᠭᠡᠵᠢᠯᠲᠡᠨ ᠪᠠ ᠰᠢᠨ᠎ᠡ ᠮᠠᠯᠴᠢᠨ ᠲᠠᠷᠢᠶᠠᠴᠢᠨ᠎ᠢ ᠬᠥᠮᠦᠵᠢᠭᠦᠯᠵᠦ ᠠᠵᠢᠯ ᠤᠯᠭᠤᠨ ᠣᠷᠣᠯᠭ᠎ᠠ ᠵᠢ ᠨᠢ ᠨᠡᠮᠡᠭᠳᠡᠭᠦᠯᠵᠦ ᠪᠠᠢᠬᠤ ᠶᠤᠮ᠃ 《ᠰᠠᠶᠢ ᠢᠷᠡᠭᠦ  ᠳ᠋ᠤ ᠰᠠᠷ᠎ᠠ ᠵᠢᠨ ᠭᠤᠷᠪᠠᠨ ᠮᠢᠩᠭ᠎ᠠ ᠰᠢᠬᠠᠮ ᠲᠥᠭᠥᠷᠢᠭ ᠤᠯᠵᠤ ᠪᠠᠢᠬᠰᠠᠨ᠂ ᠣᠲᠣ ᠪᠦᠷ ᠲᠤᠯᠤᠭ᠎ᠠ ᠨᠠᠶ᠋ᠮᠠᠨ ᠮᠢᠩᠭ᠎ᠠ ᠲᠤᠯᠤᠬᠰᠠᠨ᠁》 ᠬᠡᠵᠤ ᠦᠢᠯᠡᠳᠪᠦᠷᠢᠯᠡᠯ᠎ᠤᠨ ᠲᠠᠰᠤᠭ᠎ᠤᠨ ᠠᠵᠢᠯᠳᠠᠳ ᠶᠠᠷᠢᠵᠠᠭᠠᠨ᠎ᠠ᠃

ᠹᠸᠩᠵᠸᠠ ᠬᠤᠳᠠ ᠡᠢᠨᠬᠦ ᠬᠥᠳᠡᠯᠮᠦᠷᠢ ᠦᠢᠯᠡᠴᠢᠯᠡᠭᠡ᠎ᠶᠢ ᠲᠠᠸᠠᠷ ᠪᠣᠯᠭᠠᠨ ᠨᠡᠭᠡᠭᠡᠨ ᠬᠥᠭᠵᠢᠭᠦᠯᠵᠦ᠍᠂ ᠦᠢᠯᠡᠳᠭᠦᠨ᠎ᠤ ᠨᠠᠷᠠᠲᠤ᠌ ᠲᠥᠷᠥᠯ ᠲᠡᠮᠳᠡᠭ᠎ᠡᠭᠦᠳᠬᠦ᠌᠎ᠲᠡᠶ ᠠᠳᠠᠯᠢ᠎ᠪᠠᠷ ᠬᠥᠳᠡᠯᠮᠦᠷᠢ ᠦᠢᠯᠡᠴᠢᠯᠡᠭᠡᠨ᠎ᠦ ᠨᠠᠷᠠᠲᠤ᠌ ᠲᠥᠷᠥᠯ ᠲᠡᠮᠳᠡᠭ᠎ᠡᠭᠦᠳᠴᠤ᠂ ᠮᠠᠯᠴᠢᠨ ᠲᠠᠷᠢᠶᠠᠴᠢᠨ᠎ᠳ᠋ᠤ ᠤᠷ᠎ᠠ ᠮᠡᠷᠭᠡᠵᠢᠯ ᠬᠦᠷᠳᠡᠭᠡᠨ᠂ ᠬᠥᠳᠡᠭᠡ ᠲᠣᠰᠬᠣᠨ᠎ᠤ ᠦᠯᠡᠭᠦᠦ ᠬᠥᠳᠡᠯᠮᠦᠷᠢ ᠬᠦᠴᠦᠨ ᠳ᠋ᠤ ᠨᠡᠩ ᠤᠯᠠᠨ ᠠᠵᠢᠯ ᠣᠯᠭᠣᠯᠲᠠ᠎ᠶᠢᠨ ᠣᠷᠣᠨ ᠵᠠᠢ᠎ᠬᠠᠩᠭᠠᠵᠤ ᠪᠠᠢᠨ᠎ᠠ᠃ ᠹᠸᠩᠵᠸᠨ ᠶᠧᠪᠡᠩ᠎ᠦᠨ ᠠᠵᠢᠯ ᠲᠥᠷᠥᠯ᠎ᠦᠨ ᠬᠥᠳᠡᠯᠮᠦᠷᠢ ᠦᠢᠯᠡᠴᠢᠯᠡᠭᠡᠨ᠎ᠦ ᠪᠦᠯᠬᠦᠮ ᠨᠢ ᠨᠢᠭᠡᠨᠳᠡ ᠬᠥᠳᠡᠭᠡ ᠲᠣᠰᠬᠣᠨ᠎ᠤ ᠮᠠᠯᠴᠢᠨ ᠲᠠᠷᠢᠶᠠᠴᠢᠨ᠂ ᠦᠯᠡᠭᠦᠦ ᠬᠦᠳᠡᠯᠮᠤᠷᠢ ᠬᠦᠴᠦᠨ᠎ᠤ ᠣᠷᠣᠯᠭ᠎ᠠ᠎ᠶᠢ ᠨᠡᠮᠡᠭᠳᠡᠭᠦᠯᠬᠦ᠌ ᠴᠢᠬᠤᠯᠠ ᠠᠷᠭ᠎ᠠ ᠵᠠᠮ ᠪᠤᠯᠵᠦ᠂ ᠬᠥᠳᠡᠭᠡ ᠲᠣᠰᠬᠣᠨ᠎ᠢ ᠬᠦᠭᠵᠢᠭᠦᠯᠦᠨ ᠮᠠᠨᠳᠤᠭᠤᠯᠬᠤ ᠳ᠋ᠤ ᠲᠤᠶ᠋ᠢᠯ᠎ᠤᠨ ᠶᠡᠬᠡ ᠦᠢᠯᠡᠳᠦᠯ ᠦᠵᠡᠭᠦᠯᠵᠤ ᠪᠤᠢ᠃

ᠤᠳᠤᠬᠠᠨ ᠳ᠋ᠤ᠂ ᠹᠸᠩᠵᠸᠨ ᠶᠧᠪᠡᠩ ᠨᠢ ᠤᠷᠤᠨ᠎ᠤ ᠲᠤᠳᠤᠨ᠎ᠠ ᠭᠠᠳᠠᠨ᠎ᠠ ᠨᠡᠷ᠎ᠠ ᠠᠯᠳᠠᠷᠰᠢᠭᠰᠠᠨ ᠲᠤᠮᠳᠠᠳᠦ ᠵᠢᠨ ᠠᠮᠳᠠᠳᠦ ᠢᠳᠡᠭᠡᠨ ᠪᠤᠯᠪᠠ᠃ ᠹᠸᠩᠵᠸᠨ ᠬᠤᠳᠠ ᠢᠳᠡᠭᠡᠨ᠎ᠦ ᠠᠵᠤ ᠦᠶ᠋ᠯᠡᠰ᠎ᠦᠨ ᠬᠦᠷᠢᠶᠡᠯᠡᠩ ᠲᠤᠭᠤᠷᠢᠭ ᠪᠠᠢᠭᠤᠯᠵᠤ᠂ ᠤᠯᠠᠮᠵᠢᠯᠠᠯᠲᠤ ᠦᠨᠦᠷ ᠠᠮᠳᠠ ᠲᠠᠢ ᠹᠸᠩᠵᠸᠨ ᠶᠧᠪᠡᠩ ᠦᠢᠯᠡᠳᠪᠦᠷᠢᠯᠡᠬᠦ ᠪᠡᠷ ᠪᠠᠷᠠᠬᠤ ᠦᠭᠡᠢ ᠲᠠᠯ᠎ᠠ ᠨᠤᠲᠤᠭ᠎ᠤᠨ ᠦᠨᠦᠷ ᠠᠮᠲᠠ ᠰᠢᠩᠭᠡᠭᠰᠡᠨ ᠠᠢᠷᠠᠭ᠎ᠲᠠᠢ ᠶᠧᠪᠡᠩ᠂ ᠪᠢᠰᠢᠯᠠᠭ᠎ᠲᠠᠢ ᠶᠧᠪᠡᠩ᠂ ᠬᠤᠷᠤᠳ ᠲᠠᠢ ᠶᠸᠪᠡᠩ᠂ ᠦᠷᠦᠮ᠎ᠡ ᠲᠠᠢ ᠶᠸᠪᠡᠩ ᠵᠡᠷᠭᠡ 100 ᠭᠠᠷᠤᠶ ᠲᠥᠷᠥᠯ ᠵᠦᠶ᠋ᠯ ᠬᠥᠭ᠌ᠵᠢᠭᠦᠯᠵᠦ᠍᠂ ᠬᠠᠶ ᠫᠧᠩ᠂ ᠺᠠᠩ ᠮᠸᠢ ᠰᠢᠶᠠᠩ ᠵᠡᠷᠭᠡ ᠲᠥᠷᠥᠯ ᠲᠡᠮᠳᠡᠭ ᠴᠣᠯᠭᠣᠷᠠᠨ ᠭᠠᠷᠴᠠᠶ᠃ ᠡᠭᠦᠨ᠎ᠦ ᠵᠡᠷᠭᠡᠪᠡᠷ᠂《ᠹᠸᠨᠭᠵᠸᠠ ᠶᠧᠪᠡᠩ》 ᠭᠠᠵᠠᠷ ᠵᠦᠶ ᠎ᠶ᠋ᠢᠨ ᠢᠯᠡᠷᠭᠡᠢᠯᠡᠯᠳᠤ ᠲᠠᠸᠠᠷ ᠎ᠤᠨ ᠲᠡᠮᠳᠡᠭ ᠬᠦᠷᠳᠡᠵᠤ ᠨᠠᠷᠠᠲᠤ ᠲᠡᠮᠳᠡᠭ᠎ᠦᠨ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠨ᠂ ᠤᠯᠠᠭᠠᠨᠴᠠᠪ ᠬᠣᠲᠠ᠎ᠶ᠋ᠢᠨ ᠴᠢᠨᠠᠷ ᠰᠠᠢᠲᠠᠶ ᠬᠥᠭ᠌ᠵᠢᠯᠲᠡ᠎ᠳᠦ ᠬᠦᠴᠦᠨ ᠨᠡᠮᠡᠷᠢᠯᠡᠬᠦ᠌ ᠣᠨᠴᠠᠯᠢᠭ᠍ᠲᠤ ᠠᠵᠤ ᠦᠶ᠋ᠯᠡᠰ ᠪᠣᠯᠵᠠᠶ᠃ ᠪᠤᠷᠤᠯᠠᠭᠤᠯᠭ᠎ᠠ ᠵᠢᠨ ᠲᠠᠯ᠎ᠠ ᠪᠡᠷ᠎ᠴᠤ ᠤᠯᠠᠮᠵᠢᠯᠠᠯᠲᠦ ᠪᠤᠷᠤᠯᠠᠭᠤᠯᠭ᠎ᠠ ᠵᠢᠨ ᠠᠷᠭ᠎ᠠ ᠪᠠᠷᠢᠯ ᠳ᠋ᠠᠭᠠᠨ ᠲᠦᠰᠢᠭᠯᠡᠭᠦ ᠪᠡᠷ ᠪᠠᠷᠠᠬᠤ ᠦᠭᠡᠢ ᠡᠯᠧᠺᠲᠷᠣᠨ ᠬᠤᠳᠠᠯᠳᠤᠭᠠᠨ᠎ᠤ ᠲᠠᠪᠴᠠᠩ ᠵᠡᠷᠭᠡ ᠵᠢ ᠲᠤᠬᠢᠳᠠᠢ ᠠᠰᠢᠭ᠍ᠯᠠᠨ᠂ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠪᠤᠷᠤᠯᠠᠭᠤᠯᠭ᠎ᠠ ᠵᠢᠨ ᠠᠷᠭ᠎ᠠ ᠵᠠᠮ᠎ᠢ ᠲᠡᠯᠡᠵᠦ᠂ ᠥᠪᠥᠷ ᠮᠣᠩᠭᠣᠯ᠎ᠤᠨ ᠳᠤᠮᠳᠠ ᠪᠠᠷᠠᠭᠤᠨ ᠬᠡᠰᠡᠭ ᠪᠠ  ᠱᠠᠨ ᠰᠢ᠎ᠶᠢᠨ ᠬᠣᠢᠲᠤ ᠬᠡᠰᠡᠭ ᠵᠢᠡᠷ 《ᠹᠸᠩᠵᠸᠨ ᠶᠧᠪᠡᠩ 》 ᠂ 《ᠹᠸᠩᠵᠸᠨ ᠪᠣᠭᠣᠷᠰᠣᠭ 》ᠵᠡᠷᠭᠡ 1000 ᠭᠠᠷᠤᠢ ᠳᠡᠯᠭᠡᠭᠦᠷ ᠨᠡᠭᠡᠭᠡᠵᠤ᠂ ᠡᠯ᠎ᠠ ᠦᠨᠳᠦᠰᠦᠳᠡᠨ ᠎ᠤ  6 ᠲᠦᠮᠡ ᠭᠠᠷᠤᠢ ᠤᠯᠠᠨ ᠲᠦᠮᠡᠨ ᠳ᠋ᠤ ᠠᠵᠢᠯ ᠤᠯᠭᠤᠵᠦ ᠪᠢᠯᠡ᠃

《ᠡᠶ᠋ᠢᠮᠦ᠎ᠵᠢᠨ ᠲᠤᠯᠠᠳᠠ ᠹᠸᠩᠵᠸᠡ ᠶᠧᠪᠡᠩ ᠪᠤᠯ ᠵᠦᠩᠶᠤᠸᠠᠨ ᠣᠷᠣᠨ᠎ᠤ ᠰᠣᠶᠣᠯ ᠪᠠ ᠤᠮᠠᠷᠠᠲᠤ᠎ᠶᠢᠨ ᠨᠡᠭᠦᠳᠡᠯ ᠮᠠᠯᠵᠢᠯ᠎ᠤᠨ ᠰᠣᠶᠣᠯ᠎ᠤᠨ ᠢᠳᠡᠭᠡᠨ ᠤᠮᠳᠠᠭᠠᠨ᠎ᠤ ᠰᠣᠶᠣᠯ᠎ᠤᠨ ᠲᠠᠯ᠎ᠠ᠎ᠪᠠᠷ ᠬᠢ ᠨᠢᠭᠡᠨ ᠦᠷᠭᠦᠯᠵᠢᠯᠡᠯ ᠪᠣᠯᠬᠤ᠎ᠪᠠᠷ ᠦᠯᠦ ᠪᠠᠷᠠᠮ ᠨᠠᠩ ᠴᠤ᠌ ᠢᠳᠡᠭᠡᠨ ᠤᠮᠳᠠᠭᠠᠨ᠎ᠤ ᠰᠣᠶᠣᠯ᠎ᠤᠨ ᠦᠷᠭᠦᠯᠵᠢᠯᠡᠯ᠎ᠦᠨ ᠶᠠᠪᠤᠴᠠ᠎ᠳᠤ ᠣᠯᠠᠨ ᠦᠨᠳᠦᠰᠦᠲᠡᠨ ᠬᠡᠨ ᠠᠯᠢᠨ᠎ᠠᠴᠠ᠎ᠪᠠᠨ ᠰᠠᠯᠵᠤ ᠴᠢᠳᠠᠬᠤ ᠥᠬᠡᠶ ᠬᠠᠮᠳᠤ ᠤᠷᠤᠰᠢᠬᠰᠠᠨ ᠠᠭᠤᠰᠤᠯᠴᠠᠯ ᠎ᠤᠨ ᠪᠦᠳᠦᠭᠡᠭᠳᠡᠭᠦᠨ ᠮᠦᠨ》 ᠬᠡᠵᠤ ᠰᠢᠤᠸᠠᠢ ᠲᠤᠤ ᠬᠦᠨᠵᠡᠭᠡᠢᠷᠡᠭᠦᠯᠦᠨ ᠶᠠᠷᠢᠵᠤ ᠪᠢᠯᠡ᠃

ᠦᠨᠢ ᠤᠳᠠᠭᠠᠨ ᠲᠡᠤᠭᠡᠨ ᠶᠠᠪᠤᠴᠠ ᠳ᠋ᠤ᠂ ᠹᠸᠩᠵᠸᠠ ᠬᠤᠳᠠ ᠵᠢᠨ ᠦᠨᠳᠦᠰᠦᠳᠡᠨ ᠨᠤᠬᠦᠳ᠎ᠤᠨ ᠤᠯᠠᠨ ᠲᠦᠮᠡᠨ ᠡᠢᠨᠬᠦ ᠦᠪ ᠰᠣᠶᠣᠯ᠎ᠵᠢᠡᠷ ᠵᠢᠡᠨ ᠠᠭᠤᠰᠤᠯᠴᠠᠨ ᠬᠦᠭᠵᠢᠵᠦ᠂ ᠦᠢᠯᠡᠳᠪᠦᠷᠢᠯᠡᠯ ᠠᠮᠢᠳᠤᠷᠠᠯ᠎ᠤᠨ ᠵᠢᠡᠨ ᠲᠤᠮᠳᠠ《ᠵᠢᠵᠢᠭ ᠶᠸᠪᠡᠩ》ᠵᠢᠡᠷ ᠬᠤᠯᠪᠤᠯᠳᠤᠨ ᠲᠦᠰᠢᠭᠯᠡᠯᠴᠡᠵᠦ᠂ ᠬᠤᠪᠢ ᠵᠠᠶᠠᠭ᠎ᠠ ᠪᠠᠨ ᠬᠠᠮᠳᠤᠳᠬᠠᠨ ᠪᠦᠯᠬᠦᠮᠳᠡᠨ ᠲᠡᠮᠡᠴᠡᠵᠤ᠂ ᠡᠭᠦᠰᠦᠯ ᠦᠷᠨᠢᠯ ᠬᠦᠭᠵᠢᠯ᠎ᠤᠨ ᠬᠦᠴᠦᠳᠦ ᠭᠠᠢᠬᠠᠮᠰᠢᠭ ᠎ᠢ  ᠪᠢᠴᠢᠭᠯᠡᠭᠰᠡᠨ ᠪᠢᠯᠡ᠃ ᠰᠢᠨ᠎ᠠ ᠡᠷᠢᠨ᠎ᠳᠦ᠂ ᠹᠸᠩᠵᠸᠠ ᠶᠧᠪᠡᠩ ᠨᠢ ᠳᠤᠮᠳᠠᠳᠤ᠎ᠶ᠋ᠢᠨ ᠦᠨᠳᠦᠰᠦᠳᠡᠨ ᠨᠤᠬᠦᠳ᠎ᠤᠨ ᠬᠠᠮᠳᠤ ᠵᠢᠨ ᠴᠤᠬᠴᠠ ᠵᠢᠨ ᠤᠬᠠᠮᠰᠠᠷ ᠎ᠢ ᠬᠦᠮᠦᠰ ᠲᠸ᠋  ᠬᠦᠨ᠎ᠡ ᠮᠡᠳᠡᠷᠡᠭᠦᠯᠵᠦ᠂ ᠹᠸᠩᠵᠸᠠ ᠬᠤᠳᠠ ᠵᠢᠨ ᠦᠴᠦᠭᠡᠳᠦᠷ᠎ᠤᠨ ᠲᠡᠤᠭᠡ ᠵᠢ ᠤᠴᠢᠷᠯᠠᠨ᠂ ᠦᠨᠦᠳᠦᠷ᠎ᠤᠨ ᠬᠦᠭᠵᠢᠯᠳᠡ ᠵᠢ ᠬᠦᠤᠷᠨᠢᠵᠤ᠂ ᠮᠠᠷᠭᠠᠰᠢ ᠵᠢᠨ ᠢᠷᠡᠭᠡᠳᠦᠢ ᠵᠢ ᠪᠠᠷᠠᠯᠠᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号