ᠬᠠᠢᠷ᠎ᠠ ᠵᠢᠨ ᠲᠠᠭᠤᠤ ᠬᠠᠩᠬᠢᠨᠠᠭᠤᠯᠤᠭᠰᠠᠨ ᠬᠠᠯᠠᠭᠤᠨ ᠲᠤᠭᠤᠷᠢᠭ
2023-10-27 18:12:01
ᠵᠣᠬᠢᠶᠠᠭ᠍ᠴᠢ᠄
ᡁᠢ ᠬᠠᠢ ᠵᠢᠨ ᠰᠢᠨ ᠰᠠᠨᠰᠠᠷ ᠬᠤᠤ ᠪᠢᠶᠤᠤ
ᠣᠩᠱᠢᠭ᠍ᠰᠠᠨ ᠣᠳᠠᠭ᠎ᠠ᠄
★★★☆☆


ᠬᠤᠯᠪᠤᠭᠠᠰᠦ ᠄ 

● ᠦᠬᠠᠢ ᠬᠤᠲᠠ᠎ᠳᠤ ᠬᠢᠳᠠᠳ᠂ ᠮᠤᠩᠭᠤᠯ᠂ ᠮᠠᠨᠵᠤ᠂ ᠬᠤᠳᠤᠩ ᠵᠡᠷᠭᠡ 43 ᠦᠨᠳᠦᠰᠦᠲᠠᠨ᠎ᠪᠤᠢ᠃ ᠬᠤᠳᠠᠴᠢᠯᠠᠯᠲᠠ ᠵᠢᠨ ᠨᠤᠷᠮ᠎ᠠ ᠦᠨᠳᠦᠷ᠂ ᠬᠤᠲᠠ ᠵᠢᠨ ᠬᠡᠪᠴᠢᠶᠠᠨ᠎ᠤ ᠲᠦᠯᠦᠪᠵᠢᠬᠦᠯᠭᠡ ᠪᠠᠭ᠎ᠠ ᠪᠠᠢᠬᠤ ᠤᠨᠴᠠᠯᠢᠭ᠎ᠲᠤ ᠪᠠᠨ ᠰᠠᠭᠤᠷᠢᠯᠠᠨ᠂ ᠦᠬᠠᠢ ᠬᠤᠲᠠ  ᠤᠢᠷ᠎ᠠ᠎ᠵᠢᠨ ᠵᠢᠯ ᠡᠴᠡ ᠨᠠᠰᠢ ᠦᠨᠳᠦᠰᠦᠲᠠᠨ ᠨᠤᠭᠦᠳ᠎ᠤᠨ ᠬᠠᠤᠯᠢ ᠶᠤᠰᠤᠨ᠎ᠤ ᠡᠷᠭᠡ ᠠᠰᠢᠭ᠎ᠢ ᠪᠠᠳᠤᠯᠠᠵᠦ᠂ ᠦᠨᠳᠦᠰᠦᠲᠠᠨ ᠨᠤᠭᠦᠳ᠎ᠤᠨ ᠬᠠᠮᠳᠤ ᠪᠡᠷ ᠰᠠᠭᠤᠵᠦ᠂ ᠬᠠᠮᠳᠤ ᠪᠡᠷ ᠠᠵᠢᠯᠯᠠᠵᠦ᠂ ᠬᠠᠮᠳᠤ ᠪᠡᠷ ᠪᠠᠶᠠᠰᠬᠤ ᠨᠠᠢᠭᠡᠮ᠎ᠤᠨ ᠨᠦᠬᠦᠴᠠᠯ᠎ᠢ ᠢᠳᠡᠪᠬᠢᠲᠠᠢ ᠪᠤᠢ ᠪᠤᠯᠭᠠᠵᠦ ᠪᠤᠢ᠃

●ᠬᠠᠢᠨᠠᠨ᠎ᠲᠤᠭᠤᠷᠢᠭᠬᠥᠭᠵᠢᠯᠲᠡ᠎ᠪᠡᠷ ᠪᠦᠯᠬᠦᠮᠳᠡᠯ᠎ᠢ ᠠᠬᠢᠭᠤᠯᠬᠤ᠂ ᠪᠦᠯᠬᠦᠮᠳᠡᠯ᠎ᠢᠶᠡᠷ ᠬᠥᠭᠵᠢᠯᠲᠡ᠎ᠶᠢ ᠳᠠᠢᠴᠢᠯᠠᠬᠤ᠎ᠶᠢ ᠪᠠᠷᠢᠮᠲᠠᠯᠠᠵᠤ᠂ ᠤᠯᠠᠨ ᠲᠦᠮᠡᠨ᠎ᠤ ᠠᠮᠢᠳᠤᠷᠠᠯ᠎ᠤᠨ ᠲᠦᠪᠰᠢᠨ ᠎ᠢ ᠲᠡᠭᠡᠭᠰᠢᠯᠡᠬᠦᠯᠵᠦ᠂《ᠪᠦᠬᠦ ᠤᠯᠤᠰ᠎ᠤᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠵᠢᠱ᠌ᠢᠶ᠎ᠡ ᠦᠵᠡᠭᠦᠯᠬᠦ ᠣᠷᠣᠨ》 ᠲᠡᠰᠢ ᠤᠷᠤᠭᠰᠢᠯᠠᠵᠦ ᠪᠤᠢ᠃

● ᠬᠤᠸᠠ ᠶᠤᠸᠠᠨ ᠨᠠᠢᠭᠡᠮ ᠲᠤᠭᠤᠷᠢᠭ ᠨᠢ《ᠰᠠᠭᠤᠭᠠᠯᠢ ᠠᠷᠠᠳ ᠬᠠᠮᠢᠭ᠎ᠠ ᠪᠠᠢᠪᠠᠯ ᠦᠨᠳᠦᠰᠦᠲᠡᠨ᠎ᠦ ᠠᠵᠢᠯ᠎ᠢ ᠲᠡᠨᠳᠡ ᠪᠦᠷᠬᠦᠭᠦᠯᠬᠦ》ᠠᠵᠢᠯ᠎ᠤᠨ ᠰᠡᠳᠬᠢᠴᠡ᠎ᠪᠡᠷ᠂ ᠡᠯ᠎ᠠ ᠦᠨᠳᠦᠰᠦᠲᠡᠨ᠎ᠤ ᠠᠷᠠᠳ᠎ᠲᠦᠮᠡᠨ᠎ᠦ ᠬᠡᠷᠡᠭᠴᠡᠭᠡ ᠱᠠᠭᠠᠷᠳᠠᠯᠭ᠎ᠠ ᠵᠢ ᠴᠠᠭ ᠲᠤᠬᠠᠢ ᠳ᠋ᠤᠨᠢ ᠬᠠᠩᠭᠠᠵᠦ᠂ ᠦᠨᠳᠦᠰᠦᠲᠠᠨ ᠨᠤᠬᠦᠳ᠎ᠤᠨ ᠤᠯᠠᠨ ᠲᠦᠮᠡᠨ᠎ᠤ ᠰᠠᠬᠢᠨ ᠪᠠᠷᠠᠯᠠᠵᠦ᠂ ᠬᠠᠷᠢᠯᠴᠠᠨ ᠬᠠᠪᠰᠤᠷᠤᠯᠴᠠᠬᠤ ᠲᠤᠮᠤ ᠬᠡᠷ ᠪᠦᠯᠢ ᠵᠢ ᠢᠳᠡᠪᠬᠢᠲᠠᠢ ᠪᠦᠳᠦᠭᠡᠨ ᠪᠠᠢᠭᠤᠯᠵᠦ ᠪᠤᠢ᠃




ᠦᠬᠠᠢ ᠬᠤᠲᠠ ᠵᠢᠨ ᠬᠠᠢᠨᠠᠨ ᠲᠤᠭᠤᠷᠢᠭ᠎ᠲᠤ ᠬᠤᠸᠠ ᠶᠤᠸᠠᠨ ᠬᠡᠮᠡᠬᠦ ᠨᠢᠭᠡᠨ ᠨᠠᠢᠭᠡᠮ ᠲᠤᠭᠤᠷᠢᠭ ᠪᠠᠢᠵᠦ᠂ ᠤᠳᠤ ᠪᠤᠯᠬᠤ᠎ᠳᠤ 14 ᠦᠨᠳᠦᠰᠦᠲᠠᠨ᠎ᠤ 6596 ᠡᠷᠦᠭᠡ ᠵᠢᠨ 17221ᠭᠠᠷᠤᠢ ᠬᠦᠮᠦᠨ ᠠᠮᠠ ᠲᠠᠢ ᠵᠢᠷᠭᠠᠯᠠᠩᠳᠤ ᠲᠤᠮᠤ ᠪᠦᠯᠢ ᠪᠤᠯᠵᠠᠢ᠃

ᠬᠤᠸᠠ ᠶᠤᠸᠠᠨ ᠨᠠᠢᠭᠡᠮ ᠲᠤᠭᠤᠷᠢᠭ᠎ᠤᠨ ᠰᠠᠭᠤᠭᠠᠯᠢ ᠠᠷᠠᠳ ᠨᠢ ᠬᠠᠢᠨᠠᠨ ᠲᠤᠭᠤᠷᠢᠭ᠎ᠤᠨ ᠤᠤᠯ᠎ᠤᠨ ᠲᠦᠬᠦᠮ ᠪᠦᠳᠦᠴᠡᠳᠤ ᠤᠷᠤᠨ ᠰᠠᠭᠤᠴᠠ ᠡᠴᠡ ᠪᠠᠨ ᠴᠡᠪᠡᠷ ᠲᠤᠬᠢᠯᠢᠭ ᠠᠰᠠᠷ᠎ᠲᠤ ᠨᠡᠬᠦᠨ ᠢᠷᠡᠭᠡᠳ ᠵᠢᠷᠭᠠᠯᠠᠩᠳᠤ ᠠᠮᠢᠳᠤᠷᠠᠯ ᠵᠢᠡᠨ ᠴᠤᠭᠴᠠᠯᠠᠵᠦ᠂ ᠬᠠᠯᠠᠮᠵᠢ ᠬᠠᠢᠷ᠎ᠠ ᠪᠡᠷ ᠵᠢᠡᠨ ᠪᠠᠶ᠎ᠠ ᠪᠠᠶ᠎ᠠ ᠪᠠᠨ ᠬᠠᠪᠰᠤᠷᠤᠯᠴᠠᠨ᠂ ᠬᠠᠢᠷ᠎ᠠ ᠵᠢᠨ ᠲᠠᠭᠤᠤ ᠬᠠᠩᠬᠢᠨᠠᠭᠤᠯᠤᠭᠰᠠᠨ ᠬᠠᠯᠠᠭᠤᠨ ᠲᠤᠭᠤᠷᠢᠭ᠎ᠲᠤ ᠵᠤᠯ ᠵᠢᠷᠭᠠᠯ ᠲᠠᠢ ᠠᠮᠢᠳᠤᠷᠠᠵᠦ ᠪᠤᠢ᠃

《ᠬᠠᠢᠷ᠎ᠠ ᠵᠢᠨ ᠭᠠᠯ》 ᠡᠬᠦᠷᠢᠳᠡ ᠤᠨᠲᠠᠷᠠᠬᠤ ᠦᠬᠡᠢ


ᠪᠢᠳᠠᠨ᠎ᠢ ᠠᠯᠪᠠᠯᠠᠬᠤ ᠠᠰᠠᠷ᠎ᠤᠨ ᠡᠬᠦᠳᠠᠨ᠎ᠳᠤ ᠨᠢ ᠬᠦᠷᠬᠦ ᠡᠴᠡ ᠡᠮᠦᠨ᠎ᠠ᠂ ᠨᠠᠰᠤᠨ᠎ᠤ ᠮᠦᠩᠬᠦᠨ ᠬᠢᠷᠠᠭᠤ ᠪᠠᠭᠤᠭᠰᠠᠨ ᠴᠸ᠋ ᠨᠢᠭᠤᠷ ᠳᠦᠬᠦᠷᠡᠩ ᠢᠨᠢᠶᠡᠳᠤ ᠪᠢᠯᠬᠠᠭᠠᠤᠯᠤᠭᠰᠠᠨ ᠲᠤᠷᠠᠩᠬᠠᠢᠪᠲᠤᠷ ᠪᠡᠶ᠎ᠠ ᠲᠠᠢ᠂ ᠬᠠᠯᠠᠭᠤᠮᠰᠤᠭ ᠵᠠᠩ ᠲᠠᠢ ᠸᠠᠩ ᠱᠠ ᠵᠢᠨ ᠤᠭᠲᠤᠨ ᠠᠪᠤᠯ᠎ᠠ᠃ ᠡᠨᠡ ᠵᠢᠯ 66 ᠨᠠᠰᠤᠲᠠᠢ ᠸᠠᠩ ᠱᠠ ᠵᠢᠨ ᠪᠤᠯ ᠰᠤᠯᠤᠩᠭᠤᠰ ᠦᠨᠳᠦᠰᠦᠲᠠᠨ᠃ ᠲᠡᠭᠡᠷ᠎ᠠ ᠵᠠᠭᠤᠨ᠎ᠤ ᠲᠠᠪᠢᠭᠠᠳ ᠤᠨ᠎ᠤ ᠦᠶ᠎ᠠ᠎ᠳᠤ ᠠᠪᠤ ᠡᠵᠢ ᠨᠢ ᠴᠡᠷᠢᠭ ᠡᠴᠡ ᠬᠠᠯᠠᠭᠳᠠᠵᠦ᠂ ᠪᠠᠷᠠᠭᠤᠨ ᠬᠤᠢᠳᠤ ᠤᠷᠤᠨ᠎ᠤ ᠬᠦᠭᠵᠢᠯᠲᠠ᠎ᠳᠤ ᠬᠦᠴᠤ ᠪᠠᠨ ᠨᠠᠮᠡᠷᠢᠯᠡᠬᠦ ᠪᠡᠷ ᠠᠯᠤᠰ ᠬᠤᠯᠠ ᠯᠢᠶᠤᠤᠨᠢᠩ ᠮᠤᠵᠢ ᠡᠴᠡ ᠤᠷᠳᠤᠰ ᠬᠤᠲᠠ ᠵᠢ ᠵᠤᠷᠢᠨ ᠢᠷᠡᠵᠠᠢ᠃ ᠸᠠᠩ ᠱᠠ ᠵᠢᠨ ᠤᠷᠳᠤᠰ᠎ᠲᠤ ᠲᠦᠷᠦᠵᠦ ᠦᠰᠦᠨ᠂ 5 ᠨᠠᠰᠤᠲᠠᠢ᠎ᠳᠠᠭᠠᠨ ᠠᠪᠤ ᠡᠵᠢ ᠪᠠᠨ ᠲᠠᠭᠠᠵᠦ ᠦᠬᠠᠢ ᠬᠤᠲᠠ᠎ᠳᠤ ᠢᠷᠡᠵᠦ ᠰᠠᠭᠤᠷᠢᠰᠢᠵᠡᠢ᠃ ᠲᠡᠷᠡ ᠤᠳᠤ ᠨᠦᠬᠦᠷ ᠳ᠋ᠦ᠋ ᠶᠦᠩ ᠲᠠᠢ ᠪᠠᠨ ᠬᠤᠶᠠᠭᠤᠯᠠ ᠬᠤᠸᠠ ᠶᠤᠸᠠᠨ ᠨᠠᠢᠭᠡᠮ ᠲᠤᠭᠤᠷᠢᠭ᠎ᠤᠨ ᠾᠸ ᠫᠢᠩ ᠰᠠᠭᠤᠭᠠᠯᠢ ᠠᠷᠠᠳ᠎ᠤᠨ ᠲᠤᠭᠤᠷᠢᠭ᠎ᠲᠤ ᠰᠠᠭᠤᠵᠦ ᠪᠤᠢ᠃



ᠸᠠᠩ ᠱᠠ ᠵᠢᠨ᠎ᠤ ᠰᠠᠭᠤᠭ᠎ᠠ ᠠᠰᠠᠷ᠎ᠤᠨ ᠭᠤᠳᠤᠮᠵᠢ᠎ᠳᠤ ᠬᠤᠭ ᠨᠤᠪᠰᠢ ᠶᠠᠷᠤ ᠬᠠᠷᠠᠭᠳᠠᠳᠠᠭ ᠦᠭᠡᠢ᠂ ᠡᠨᠡ ᠨᠢ ᠪᠦᠬᠦ ᠨᠠᠢᠭᠡᠮ ᠲᠤᠭᠤᠷᠢᠭ᠎ᠤᠨ ᠲᠤᠮᠳᠠ ᠲᠠᠭᠤᠷᠢᠶᠠᠯ ᠪᠤᠯᠤᠨ ᠤᠯᠠᠮᠵᠢᠯᠠᠭᠳᠠᠵᠡᠢ᠃ ᠠᠯᠢ ᠠᠢᠯ᠎ᠤᠨ ᠬᠢᠨ᠎ᠤ ᠡᠬᠦᠳᠠᠨ ᠡᠮᠦᠨ᠎ᠠ ᠤᠭᠤᠳᠠ ᠲᠠᠢ ᠨᠤᠪᠰᠢ ᠬᠠᠷᠠᠭᠳᠠᠪᠠᠯ ᠵᠡᠷᠭᠡᠯᠡᠳᠡᠭᠡ ᠠᠢᠯ᠎ᠤᠨ ᠨᠢᠭᠡ ᠨᠢ ᠠᠰᠠᠷ ᠡᠴᠡ ᠪᠠᠨ ᠪᠠᠭᠤᠬᠤ ᠲᠠᠭᠠᠷᠠᠪᠠᠯ ᠪᠦᠷ ᠠᠪᠤᠭᠠᠳ ᠪᠠᠭᠤᠴᠢᠬᠠᠳᠠᠭ ᠶᠤᠮ ᠬᠡᠨ᠎ᠠ᠃

— ᠬᠦᠮᠦᠨ᠎ᠤ ᠲᠠᠳᠬᠠᠯ ᠬᠡᠳᠡᠭ ᠴᠢᠨᠢ ᠪᠤᠰᠤᠳ᠎ᠢ ᠨᠦᠯᠦᠭᠡᠯᠡᠳᠡᠭ ᠶᠤᠮ ᠪᠠᠢᠨ᠎ᠠ᠃ ᠰᠠᠶᠢ ᠡᠬᠢᠯᠡᠭᠡᠳ ᠪᠢ ᠵᠡᠷᠭᠡᠯᠡᠳᠡᠭᠡ ᠠᠢᠯ᠎ᠤᠨ ᠵᠢᠡᠨ ᠡᠬᠦᠳᠠᠨ ᠡᠮᠦᠨᠡᠭᠢ ᠤᠭᠤᠳᠠ ᠲᠠᠢ ᠨᠤᠪᠰᠢ ᠵᠢ ᠬᠠᠶᠠᠬᠤ ᠨᠢ ᠵᠦᠪᠭᠡᠨ ᠦᠪᠡᠷ᠎ᠤᠨ ᠰᠠᠢᠨ ᠲᠤᠷ᠎ᠠ ᠡᠴᠡ ᠪᠠᠨ ᠬᠢᠭᠰᠡᠨ ᠠᠵᠢᠯ᠂ ᠬᠠᠷᠢᠨ ᠪᠤᠰᠤᠳ᠎ᠢ ᠪᠠᠰᠠ ᠵᠠᠪᠠᠯ ᠢᠩᠬᠢᠵᠦ ᠬᠢᠬᠦ ᠬᠡᠷᠡᠭᠲᠠᠢ ᠬᠡᠵᠦ ᠱᠠᠭᠠᠷᠳᠠᠭᠰᠠᠨ ᠤᠴᠢᠷ ᠪᠢᠰᠢ᠃ ᠰᠠᠨᠠᠭᠠᠨ ᠡᠴᠡ ᠭᠠᠳᠠᠭᠤᠷ ᠮᠠᠨ᠎ᠤ ᠪᠦᠬᠦ ᠠᠰᠠᠷ᠎ᠤᠨ ᠠᠷᠪᠠᠭᠠᠳ ᠡᠷᠦᠭᠡ ᠪᠦᠷ ᠢᠩᠬᠢᠵᠦ ᠬᠢᠬᠦ ᠪᠤᠯᠤᠭᠰᠠᠨ ᠪᠠᠢᠨ᠎ᠠ᠃ ᠠᠢᠯ ᠭᠡᠳᠡᠭ ᠴᠢᠨᠢ ᠬᠤᠪᠢ ᠪᠠᠨ ᠬᠦᠭᠡᠭᠡᠵᠦ ᠲᠤᠪᠤ ᠪᠠᠨ ᠪᠤᠷᠤᠯᠠᠭᠤᠯᠬᠤ ᠪᠢᠰᠢ᠂ ᠪᠢᠳᠠ ᠬᠠᠮᠲᠤ ᠪᠠᠷ᠎ᠢᠶᠡᠨ ᠵᠢᠵᠢᠭ ᠭᠡᠷ ᠪᠦᠯᠢ ᠪᠠᠨ ᠰᠠᠢᠬᠠᠨ ᠠᠪᠴᠤ ᠶᠠᠪᠤᠪᠠᠯ ᠳᠤᠮᠤ ᠭᠡᠷ ᠪᠦᠯᠢ ᠮᠢᠨᠢ ᠪᠤᠯᠪᠠᠰᠤᠨ ᠰᠠᠢᠬᠠᠨ᠂ ᠪᠠᠶᠠᠨ ᠬᠦᠴᠦᠷᠬᠡᠭ ᠪᠤᠯᠵᠦ ᠴᠢᠳᠠᠨ᠎ᠠ ᠰᠢᠦ ᠬᠡᠵᠦ ᠸᠠᠩ ᠱᠠ ᠵᠢᠨ ᠪᠠᠶᠠᠷᠯᠠᠨ ᠶᠠᠷᠢᠨ᠎ᠠ᠃


4820536_sanban_1696665505092_m.jpg


ᠸᠠᠩ ᠱᠠ ᠵᠢᠨ᠎ᠤ ᠡᠳᠦᠷ ᠲᠤᠲᠤᠮ᠎ᠤᠨ ᠠᠮᠢᠳᠤᠷᠠᠯ ᠪᠦᠷ ᠯᠡ ᠬᠦᠮᠦᠨ᠎ᠤ ᠲᠦᠯᠦᠭᠡ᠂ ᠨᠡᠢᠭᠡᠮ ᠰᠠᠭᠤᠭᠠᠯᠢ ᠵᠢᠨ ᠲᠦᠯᠦᠭᠡ ᠭᠡᠵᠦ ᠬᠡᠯᠡᠪᠡᠯ ᠠᠬᠠᠳᠠᠮᠠᠷ ᠦᠬᠡᠢ᠃ ᠲᠡᠷᠡ ᠪᠤᠯ ᠰᠠᠭᠤᠭᠠᠯᠢ ᠠᠷᠠᠳ᠎ᠤᠨ ᠲᠤᠭᠤᠷᠢᠭ᠎ᠤᠨ 500 ᠬᠦᠮᠦᠨ᠎ᠤ ᠵᠢᠷᠬᠢᠶ᠎ᠠ ᠵᠢᠨ ᠬᠤᠯᠪᠤᠭᠠᠨ᠎ᠤ ᠲᠤᠳᠤᠷᠠᠬᠢ ᠬᠠᠮᠤᠭ᠎ᠤᠨ ᠬᠠᠯᠠᠭᠤᠨ ᠰᠡᠳᠬᠢᠯᠳᠤ ᠵᠢᠨ ᠨᠢᠭᠡᠨ ᠪᠠᠢᠵᠦ᠂ ᠮᠦᠨ᠎ᠴᠤ ᠲᠡᠬᠦᠨ᠎ᠤ ᠡᠨᠡ᠎ᠬᠦ ᠬᠠᠯᠠᠭᠤᠨ ᠰᠡᠳᠬᠢᠯᠭᠡ ᠡᠴᠡ ᠪᠤᠯᠵᠦ ᠰᠠᠢᠬᠠᠨ ᠲᠠᠰᠤᠯᠴᠠᠭᠰᠠᠨ ᠰᠠᠢᠨ ᠡᠭᠡᠴᠢ ᠲᠡᠬᠦᠦ ᠤᠯᠠᠨ ᠪᠤᠢ᠃ ᠶᠤᠸᠠᠨ ᠵᠢᠨ ᠹᠸᠩ ᠪᠤᠯ ᠲᠠᠷᠤᠢ ᠲᠡᠭᠦᠨ᠎ᠤ ᠲᠡᠮᠵᠢᠯᠭᠡ ᠵᠢ ᠬᠦᠷᠳᠡᠭᠰᠡᠳ᠎ᠤᠨ ᠨᠢᠭᠡ ᠮᠦᠨ᠃

2021 ᠤᠨ᠎ᠤ 5 ᠰᠠᠷ᠎ᠠ᠎ᠳᠤ᠂ ᠾᠸ ᠫᠢᠩ ᠰᠠᠭᠤᠭᠠᠯᠢ ᠠᠷᠠᠳ᠎ᠤᠨ ᠲᠤᠭᠤᠷᠢᠭ᠎ᠤᠨ ᠭᠤᠷᠪᠠᠳᠤᠭᠠᠷ ᠠᠰᠠᠷ᠎ᠤᠨ ᠨᠢᠭᠡᠳᠦᠭᠡᠷ ᠲᠠᠪᠬᠤᠷᠭ᠎ᠠ᠎ᠳᠤ ᠭᠠᠭᠴᠠᠭᠠᠷ ᠨᠡᠬᠦᠵᠦ ᠢᠷᠡᠭᠰᠡᠨ ᠶᠤᠸᠠᠨ ᠵᠢᠨ ᠹᠸᠩ ᠨᠠᠰᠤᠲᠠᠨ ᠰᠠᠭᠤᠭᠠᠯᠢ ᠠᠷᠠᠳ᠎ᠤᠨ ᠲᠤᠭᠤᠷᠢᠭ᠎ᠤᠨ ᠤᠢᠷ᠎ᠠ ᠬᠠᠪᠢ ᠵᠢᠨ ᠪᠠᠢᠳᠠᠯ᠎ᠢ ᠤᠢᠯᠠᠭᠠᠬᠤ ᠦᠭᠡᠢ ᠡᠴᠡ ᠪᠤᠯᠵᠦ ᠵᠢᠷᠬᠢᠶ᠎ᠠ ᠵᠢᠨ ᠬᠤᠯᠪᠤᠭᠠᠨ ᠲᠡᠭᠡᠷ᠎ᠠ ᠡᠴᠡ ᠬᠠᠪᠰᠤᠷᠤᠮᠵᠢ ᠭᠤᠶᠤᠭᠰᠠᠨ᠎ᠳᠤ ᠸᠠᠩ ᠱᠠ ᠵᠢᠨ ᠬᠠᠮᠤᠭ᠎ᠤᠨ ᠲᠦᠷᠦᠬᠦᠨ᠎ᠳᠤ ᠬᠡᠷ᠎ᠲᠤ ᠨᠢ ᠬᠦᠷᠴᠤ᠂ ᠲᠡᠬᠦᠨ᠎ᠢ ᠲᠠᠭᠠᠭᠤᠯᠵᠦ ᠬᠡᠷ ᠵᠠᠭᠤᠷ᠎ᠠ ᠵᠢᠨ ᠠᠷᠰᠠᠷ ᠶᠠᠭᠤᠮ᠎ᠠ ᠵᠢ ᠨᠢ ᠪᠠᠵᠠᠭᠠᠨ ᠦᠭᠴᠤ᠂ ᠬᠡᠷ ᠤᠷᠤᠨ᠎ᠢ ᠨᠢ ᠲᠦᠪᠬᠢᠨᠡᠬᠦᠯᠵᠦ ᠦᠭᠪᠠ᠃ ᠪᠢᠳᠠᠨ᠎ᠢ ᠶᠤᠸᠠᠨ ᠵᠢᠨ ᠹᠸᠩ᠎ᠤᠨ᠎ᠳᠤ ᠬᠦᠷᠬᠦ᠎ᠳᠤ ᠲᠡᠷᠡ ᠶᠠᠭ ᠬᠦᠬᠡᠬᠤᠲᠠ᠎ᠳᠤ ᠠᠵᠢᠯᠯᠠᠵᠦ ᠪᠠᠢᠭ᠎ᠠ ᠦᠬᠢᠨ ᠲᠠᠢ ᠪᠠᠨ ᠤᠳᠠᠰᠦᠳᠠᠵᠦ ᠪᠠᠢᠯ᠎ᠠ᠃ ᠬᠦᠬᠡᠷᠦᠬᠦᠢ ᠭᠠᠭᠴᠠ ᠨᠠᠰᠤᠳᠠᠨ ᠸᠠᠩ ᠱᠠ ᠵᠢᠨ᠎ᠢ ᠦᠵᠡᠭᠡᠳ ᠬᠡᠷ᠎ᠤᠨ ᠬᠦᠮᠦᠨ ᠵᠢᠡᠨ ᠦᠵᠡᠭᠰᠡᠨ ᠮᠡᠳᠤ ᠪᠠᠶᠠᠷᠯᠠᠨ᠎ᠠ᠃


4822306_nrf_1696749702770_m.jpg


ᠬᠤᠸᠠ ᠶᠤᠸᠠᠨ ᠲᠤᠭᠤᠷᠢᠭ᠎ᠤᠨ ᠦᠵᠡᠮᠵᠢ 


— ᠸᠠᠩ ᠡᠭᠡᠴᠢ ᠶᠠᠭ ᠯᠡ ᠰᠠᠳᠤᠨ ᠲᠦᠷᠦᠯ ᠭᠡᠵᠦ ᠮᠡᠳᠡ᠃ ᠪᠢ ᠴᠢᠨᠢ ᠶᠠᠭᠤᠮ᠎ᠠ ᠪᠤᠯᠤᠭᠰᠠᠭᠠᠷ ᠯᠡ ᠸᠠᠩ ᠡᠭᠡᠴᠢ ᠵᠢ ᠪᠠᠨ ᠵᠤᠪᠠᠭᠠᠨ᠎ᠠ᠃ ᠨᠢᠭᠡ ᠴᠸ᠋ ᠤᠳᠠᠭ᠎ᠠ ᠬᠤᠢᠰᠢ ᠲᠦᠯᠬᠢᠵᠦ ᠪᠠᠢᠭᠰᠠᠨ ᠦᠬᠡᠢ᠃ ᠸᠠᠩ ᠡᠭᠡᠴᠢ ᠦᠪᠡᠷ᠎ᠤᠨ ᠬᠦᠨᠳᠤ ᠡᠪᠡᠳᠴᠢᠨ ᠵᠢᠡᠨ ᠤᠮᠠᠷᠳᠠᠵᠦ᠂ ᠦᠷᠦᠭᠡᠯ᠎ᠤᠨ ᠲᠦᠯᠦᠭᠡ ᠦᠢᠯᠡᠴᠢᠯᠡᠳᠡᠭ᠂ ᠡᠢᠮᠦ ᠰᠠᠢᠨ ᠬᠦᠮᠦᠨ᠎ᠢ ᠬᠠᠮᠢᠭ᠎ᠠ ᠡᠴᠡ ᠤᠯᠬᠤ ᠪᠢᠯᠡ᠎ᠳᠠ? ᠬᠡᠵᠦ ᠶᠤᠸᠠᠨ ᠵᠢᠨ ᠹᠸᠩ ᠰᠡᠳᠬᠢᠯ ᠲᠤᠭᠳᠤᠯᠤᠨ ᠶᠠᠷᠢᠵᠦ ᠭᠠᠷᠤᠯ᠎ᠠ᠃

ᠸᠠᠩ ᠱᠠ ᠵᠢᠨ 6 ᠵᠢᠯ᠎ᠤᠨ ᠡᠮᠦᠨ᠎ᠠ ᠬᠤᠳᠤᠭᠤᠳᠤᠨ ᠦᠮᠡᠨ᠎ᠳᠤ ᠤᠨᠤᠰᠢᠯᠠᠭᠳᠠᠭᠠᠳ᠂ ᠮᠠᠰᠠ ᠵᠠᠰᠠᠯ ᠬᠢᠵᠦ ᠬᠤᠳᠤᠭᠤᠳᠤ ᠵᠢᠨ ᠵᠢᠡᠨ 3/4 ᠬᠡᠰᠡᠭ᠎ᠢ ᠨᠢ ᠠᠪᠤᠭᠤᠯᠵᠦ᠂ ᠲᠤᠬᠠᠢ ᠵᠢᠨ ᠦᠶ᠎ᠠ᠎ᠳᠤ ᠡᠮᠴᠢ ᠲᠡᠬᠦᠨ᠎ᠢ ᠵᠦᠪᠭᠡᠨ 6 ᠰᠠᠷ᠎ᠠ ᠯᠡ ᠠᠮᠢᠳᠤ ᠶᠠᠪᠤᠵᠦ ᠲᠡᠢᠯᠦᠨ᠎ᠠ ᠬᠡᠵᠦ ᠲᠤᠳᠤᠯᠠᠵᠠᠢ᠃ ᠬᠡᠪᠡᠴᠤ ᠸᠠᠩ ᠱᠠ ᠵᠢᠨ ᠨᠢᠭᠡ᠎ᠴᠤ ᠭᠤᠳᠤᠷᠠᠭᠰᠠᠨ ᠦᠭᠡᠢ ᠬᠠᠷᠢᠨ ᠤᠯᠠᠮ ᠢᠳᠡᠭᠡᠯ ᠲᠠᠢ ᠪᠡᠷ ᠠᠮᠢᠳᠤᠷᠠᠯ᠎ᠳᠤ ᠪᠠᠨ ᠬᠠᠨᠳᠤᠵᠦ᠂ ᠤᠳᠤ ᠪᠤᠯᠬᠤ᠎ᠳᠤ ᠶᠠᠭ 6 ᠵᠢᠯ᠎ᠤᠨ ᠨᠢᠭᠤᠷ᠎ᠢ ᠦᠵᠡᠵᠦ ᠪᠤᠢ᠃

《ᠰᠠᠷᠭᠠᠢ ᠴᠡᠴᠡᠭ᠎ᠢ ᠬᠦᠮᠦᠨ᠎ᠳᠤ ᠬᠦᠷᠬᠡᠬᠦ᠎ᠳᠤ ᠰᠠᠢᠬᠠᠨ ᠦᠨᠦᠷ ᠨᠢ ᠭᠠᠷ᠎ᠲᠤ ᠰᠢᠩᠭᠡᠳᠡᠭ》ᠬᠡᠬᠦᠴᠢᠯᠠᠨ᠂ ᠸᠠᠩ ᠱᠠ ᠵᠢᠨ᠎ᠢ ᠬᠦᠴᠢᠷ ᠲᠤᠯᠭᠠᠷᠠᠭᠰᠠᠨ ᠦᠶ᠎ᠠ᠎ᠳᠤ ᠪᠦᠬᠦ ᠨᠠᠢᠭᠡᠮ ᠲᠤᠭᠤᠷᠢᠭ ᠵᠢᠡᠷ ᠵᠢᠡᠨ ᠪᠠᠰᠠ ᠲᠡᠬᠦᠨ᠎ᠳᠤ ᠬᠠᠯᠠᠭᠤᠨ ᠭᠠᠷ ᠵᠢᠡᠨ ᠰᠤᠩᠭᠠᠵᠦ ᠬᠠᠷᠠᠮ ᠦᠭᠡᠢ ᠬᠠᠪᠰᠤᠷᠤᠯᠭ᠎ᠠ ᠲᠡᠮᠵᠢᠯᠭᠡ ᠦᠵᠡᠬᠦᠯᠵᠦ ᠪᠢᠯᠡ᠃ ᠠᠮᠢᠳᠤᠷᠠᠯ᠎ᠤᠨ ᠨᠦᠬᠦᠴᠠᠯ ᠠᠨᠠᠢᠬᠠᠨ ᠡᠳᠠᠨᠠᠢᠬᠢᠨ᠎ᠳᠤ ᠠᠪᠴᠤ ᠬᠡᠯᠡᠪᠠᠯ ᠬᠤᠳᠤᠭᠤᠳᠤᠨ ᠦᠮᠡᠨ ᠡᠪᠡᠳᠴᠢᠨ᠎ᠤ ᠮᠠᠰᠠ ᠵᠠᠰᠠᠯ ᠬᠢᠬᠦ ᠠᠷᠪᠠᠭᠠᠳ ᠲᠦᠮᠡᠨ ᠲᠦᠬᠦᠷᠢᠭ᠎ᠢ ᠴᠤᠭᠯᠠᠭᠤᠯᠬᠤ ᠭᠡᠭᠴᠢ ᠮᠠᠰᠢ ᠬᠦᠴᠢᠷᠲᠠᠢ ᠤᠴᠢᠷ ᠪᠤᠯᠬᠤ ᠨᠢ ᠶᠠᠷᠢᠶᠠᠨ ᠦᠭᠡᠢ᠃ ᠸᠠᠩ ᠱᠠ ᠵᠢᠨ᠎ᠤ ᠪᠠᠢᠳᠠᠯ᠎ᠢ ᠤᠢᠯᠠᠭᠠᠭᠰᠠᠨ ᠬᠤᠸᠠ ᠶᠤᠸᠠᠨ ᠨᠠᠢᠭᠡᠮ ᠲᠤᠭᠤᠷᠢᠭ᠎ᠤᠨ ᠬᠢᠨ ᠲᠡᠷᠡ ᠲᠠᠷᠤᠢ᠎ᠳᠤ ᠨᠢ ᠵᠢᠷᠬᠢᠶ᠎ᠠ ᠲᠡᠭᠡᠷ᠎ᠠ ᠵᠤᠭᠤᠰ ᠬᠠᠨᠳᠢᠪᠯᠠᠬᠤ ᠤᠷᠢᠶᠠᠯᠠᠭ᠎ᠠ ᠭᠠᠷᠭᠠᠵᠦ᠂ ᠨᠢᠭᠡ ᠯᠡ ᠡᠳᠦᠷ᠎ᠤᠨ ᠲᠤᠳᠤᠷ᠎ᠠ 10 ᠲᠦᠮᠡᠨ ᠲᠦᠬᠦᠷᠢᠭ ᠴᠤᠭᠯᠠᠭᠤᠯᠵᠦ᠂ ᠮᠠᠰᠠ ᠵᠠᠰᠠᠯ ᠬᠢᠬᠦ ᠵᠤᠭᠤᠰ᠎ᠢ ᠨᠢ ᠪᠦᠷᠢᠳᠦᠬᠦᠯᠵᠦ ᠦᠭᠴᠠᠢ᠃

— ᠸᠠᠩ ᠡᠭᠡᠴᠢ ᠬᠦᠴᠢᠷ ᠲᠤᠯᠭᠠᠷᠠᠭᠰᠠᠨ ᠦᠶ᠎ᠠ᠎ᠳᠤ ᠮᠠᠨ᠎ᠤ ᠨᠠᠢᠭᠡᠮ ᠲᠤᠭᠤᠷᠢᠭ᠎ᠤᠨ ᠬᠢᠨ ᠪᠦᠬᠦᠳᠡᠭᠡᠷ ᠦᠪᠡᠷ᠎ᠤᠨ ᠬᠢᠷᠢ ᠲᠤᠳᠤᠷ᠎ᠠ ᠪᠠᠨ ᠲᠡᠬᠦᠨ᠎ᠢ ᠴᠢᠷᠮᠠᠢᠨ ᠬᠠᠪᠰᠤᠷᠴᠠᠢ᠃ ᠡᠨᠡ ᠪᠤᠯ ᠲᠠᠷᠤᠢ ᠮᠠᠨ᠎ᠤ ᠨᠠᠢᠭᠡᠮ ᠲᠤᠭᠤᠷᠢᠭ᠎ᠤᠨ ᠪᠦᠯᠬᠦᠮᠳᠠᠯ ᠨᠢᠭᠳᠠᠷᠠᠯ᠂ ᠬᠠᠯᠠᠮᠵᠢ ᠬᠠᠪᠰᠤᠷᠤᠯᠭ᠎ᠠ ᠵᠢᠨ ᠬᠠᠮᠤᠭ᠎ᠤᠨ ᠪᠤᠳᠠᠳᠤ ᠢᠯᠡᠷᠡᠯ ᠪᠤᠯᠤᠨ᠎ᠠ ᠬᠡᠵᠦ ᠬᠤᠸᠠ ᠶᠤᠸᠠᠨ ᠨᠠᠢᠭᠡᠮ ᠲᠤᠭᠤᠷᠢᠭ᠎ᠤᠨ ᠨᠠᠮ᠎ᠤᠨ ᠡᠬᠦᠷ᠎ᠤᠨ ᠱᠦᠵᠢ᠂ ᠰᠠᠭᠤᠭᠠᠯᠢ ᠠᠷᠠᠳ᠎ᠤᠨ ᠵᠦᠪᠯᠡᠯ᠎ᠤᠨ ᠡᠷᠬᠢᠯᠡᠭᠴᠢ ᠷᠸᠨ ᠶᠠᠨ ᠤᠴᠢᠷᠳᠠᠢᠬᠠᠨ ᠶᠠᠷᠢᠯ᠎ᠠ᠃

ᠨᠢᠳᠤᠨᠤᠨ ᠵᠤᠨ᠎ᠤ ᠤᠴᠢᠷ ᠪᠠᠢᠵᠦ ᠪᠢᠯᠡ᠃ ᠸᠠᠩ ᠱᠠ ᠵᠢᠨ ᠪᠠᠶ᠎ᠠ ᠵᠢᠨ ᠡᠷᠭᠡᠳᠠᠨ᠎ᠤ ᠬᠠᠨᠳᠢᠪᠯᠡᠯ᠎ᠤᠨ ᠰᠠᠢᠨ ᠲᠤᠷᠠᠴᠤᠳ᠎ᠤᠨ ᠨᠢᠭᠡᠨ ᠬᠡᠰᠢᠬᠦᠨ ᠪᠤᠯᠬᠤ ᠪᠡᠷ ᠨᠠᠷ᠎ᠠ ᠪᠠᠨ ᠲᠠᠩᠰᠠᠯᠠᠭᠤᠯᠵᠠᠢ᠃ ᠲᠡᠬᠦᠨ᠎ᠤ ᠡᠨᠡ᠎ᠬᠦ ᠬᠢᠳᠠᠯ ᠨᠢ ᠲᠡᠷᠭᠡᠳᠡᠬᠢ ᠬᠦᠮᠦᠰ᠎ᠢ ᠳᠤᠭᠳᠤᠯᠤᠭᠤᠯᠵᠦ᠂ 《ᠬᠠᠯᠠᠭᠤᠨ ᠰᠡᠳᠬᠢᠯᠲᠤ ᠸᠠᠩ ᠡᠭᠡᠴᠢ》ᠭᠡᠮᠡᠨ ᠳᠠᠭᠤᠳᠠᠭᠰᠠᠨ ᠨᠢ ᠨᠡᠷ᠎ᠠ ᠨᠢᠳᠠᠷ ᠲᠸ᠋ ᠪᠠᠨ ᠨᠡᠢᠴᠡᠭᠰᠡᠨ ᠭᠡᠵᠡᠭᠡᠯ᠎ᠠ᠃

— ᠬᠦᠮᠦᠨ ᠭᠡᠳᠡᠭ ᠴᠢᠨᠢ ᠠᠮᠢᠳᠤ ᠪᠠᠢᠪᠠᠯ ᠨᠢᠭᠡ ᠨᠢᠭᠡᠨ᠎ᠳᠤ ᠪᠠᠨ ᠬᠠᠢᠷ᠎ᠠ ᠬᠠᠯᠠᠮᠵᠢ ᠪᠠᠨ ᠬᠦᠷᠭᠡᠵᠦ᠂ ᠨᠢᠭᠡ ᠭᠡᠷ᠎ᠤᠨ ᠬᠦᠮᠦᠨ ᠮᠡᠲᠤ ᠲᠤᠲᠤᠨᠤ ᠶᠠᠪᠤᠬᠤ ᠨᠢ ᠴᠢᠬᠤᠯᠠ᠃ ᠮᠢᠨᠤ ᠬᠤᠳᠤᠭᠤᠳᠤ ᠭᠡᠮ ᠲᠠᠢ ᠴᠸ᠋ ᠪᠤᠰᠤᠳ ᠡᠷᠭᠡᠳᠡᠨ ᠡᠷᠡᠬᠦᠯ ᠰᠠᠷᠠᠭᠤᠯ ᠪᠠᠢᠭᠰᠠᠭᠠᠷ᠃ ᠡᠷᠡᠬᠦᠯ ᠰᠠᠷᠠᠭᠤᠯ ᠡᠷᠭᠡᠳᠡᠨ ᠮᠢᠨᠢ ᠬᠡᠨ ᠨᠢᠭᠡᠨ᠎ᠤ ᠠᠮᠢ ᠨᠠᠰᠤ᠂ ᠠᠮᠢᠳᠤᠷᠠᠯ᠎ᠳᠤ ᠨᠢ ᠦᠷᠬᠦᠯᠵᠢᠯᠡᠯ ᠪᠤᠯᠪᠠᠯ ᠮᠢᠨᠤ ᠬᠦᠮᠦᠨ ᠪᠤᠯᠤᠭᠰᠠᠨ᠎ᠤ ᠮᠢᠨᠢ ᠤᠴᠢᠷ ᠤᠳᠬ᠎ᠠ ᠪᠤᠯᠬᠤ ᠨᠢ ᠲᠡᠷᠡ᠎ᠳᠠ ᠭᠡᠵᠦ ᠸᠠᠩ ᠱᠠ ᠵᠢᠨ ᠪᠠᠶ᠎ᠠ ᠵᠢᠨ ᠡᠷᠭᠡᠳᠠᠨ᠎ᠢᠶᠡᠨ ᠬᠠᠨᠳᠢᠪᠯᠠᠬᠤ ᠪᠤᠯᠤᠭᠰᠠᠨ ᠲᠤᠬᠠᠢ ᠪᠠᠨ ᠶᠠᠷᠢᠯ᠎ᠠ᠃

《ᠬᠠᠢᠷ᠎ᠠ ᠵᠢᠨ ᠤᠯᠪᠠᠭ᠎ᠠ》 ᠡᠭᠦᠷᠢᠳᠡ ᠲᠠᠰᠤᠷᠠᠬᠤ ᠦᠬᠡᠢ

ᠠᠭᠠᠬᠢᠮ᠎ᠠ ᠵᠤᠨ᠎ᠤ ᠦᠬᠠᠢ ᠬᠤᠲᠠ ᠵᠢᠨ ᠡᠳᠦᠷ᠎ᠤᠨ ᠲᠤᠯᠠᠭᠠᠨ᠎ᠤ ᠬᠡᠮᠵᠢᠶ᠎ᠠ 36 ᠭᠷᠠᠳᠦ᠋ᠰ ᠬᠦᠷᠦᠭᠰᠡᠨ᠎ᠴᠤ ᠤᠯᠠᠭᠠᠨ ᠬᠠᠨᠵᠢᠶᠠᠷ ᠵᠢᠡᠨ ᠴᠠᠪ ᠬᠢᠳᠠᠯ᠎ᠠ ᠡᠮᠦᠰᠦᠭᠰᠡᠨ《ᠤᠯᠠᠭᠠᠨ ᠠᠨᠠᠷ ᠰᠠᠢᠨ ᠲᠤᠷ᠎ᠠ ᠵᠢᠨ ᠦᠢᠯᠡᠴᠢᠯᠡᠭᠡᠨ᠎ᠤ ᠠᠩᠬᠢ》 ᠵᠢᠨ ᠬᠡᠰᠢᠬᠦᠳ ᠮᠦᠨ᠎ᠬᠦ ᠬᠦᠯᠦᠰᠤ ᠪᠠᠨ ᠤᠷᠤᠰᠬᠠᠨ ᠠᠵᠢᠯᠯᠠᠵᠦ ᠪᠠᠢᠯ᠎ᠠ᠃ ᠲᠡᠳᠠ ᠨᠠᠢᠭᠡᠮ ᠲᠤᠭᠤᠷᠢᠭ ᠲᠡᠬᠢ ᠬᠤᠪᠢᠳᠠᠭᠰᠠᠨ ᠠᠵᠢᠯ ᠵᠢᠡᠨ ᠲᠠᠭᠤᠰᠬᠠᠭᠠᠳ ᠾᠸ ᠫᠢᠩ ᠰᠠᠭᠤᠭᠠᠯᠢ ᠠᠷᠠᠳ᠎ᠤᠨ ᠲᠤᠭᠤᠷᠢᠭ᠎ᠲᠤ ᠬᠦᠷᠴᠤ ᠪᠦᠬᠦ ᠤᠯᠤᠰ᠎ᠤᠨ ᠦᠨᠳᠦᠰᠦᠲᠠᠨ᠎ᠤ ᠪᠦᠯᠬᠦᠮᠳᠠᠯ ᠲᠠᠪᠢᠰᠢᠯᠲᠠ ᠵᠢᠨ ᠲᠠᠷᠢᠬᠦᠨ᠎ᠤ ᠬᠤᠪᠢ ᠬᠦᠮᠦᠨ ᠯᠢᠥ ᠰᠢ ᠵᠢ ᠪᠤᠯᠭᠤᠭᠠᠨ ᠦᠵᠡᠬᠦ ᠵᠢᠨ ᠳᠠᠭᠠᠤ 《ᠨᠤᠮ ᠵᠠᠯᠠᠬᠤ》ᠪᠠᠷ ᠶᠠᠪᠤᠵᠦ ᠪᠠᠢᠯ᠎ᠠ᠃

— ᠡᠳᠡ ᠴᠢᠨᠢ ᠮᠠᠨ᠎ᠤ ᠨᠡᠢᠭᠡᠮ ᠲᠤᠭᠤᠷᠢᠭ᠎ᠤᠨ《ᠤᠯᠠᠭᠠᠨ ᠠᠨᠠᠷ ᠰᠠᠢᠨ ᠲᠤᠷ᠎ᠠ ᠵᠢᠨ ᠦᠢᠯᠡᠴᠢᠯᠡᠭᠡᠨ᠎ᠤ ᠠᠩᠬᠢ》 ᠵᠢᠨ ᠬᠡᠰᠢᠬᠦᠳ ᠪᠤᠯᠤᠨ᠎ᠠ᠃ ᠸᠠᠩ ᠡᠭᠡᠴᠢ ᠴᠸ᠋《ᠤᠯᠠᠭᠠᠨ ᠠᠨᠠᠷ ᠰᠠᠢᠨ ᠲᠤᠷ᠎ᠠ ᠵᠢᠨ ᠦᠢᠯᠡᠴᠢᠯᠡᠭᠡᠨ᠎ᠤ ᠠᠩᠬᠢ》 ᠵᠢᠨ ᠠᠩᠬᠠᠨ᠎ᠤ ᠪᠦᠯᠦᠭ᠎ᠤᠨ ᠰᠠᠢᠨ ᠲᠤᠷ᠎ᠠ ᠵᠢᠨ ᠬᠡᠰᠢᠬᠦᠨ ᠪᠤᠯᠤᠨ᠎ᠠ᠃ ᠲᠡᠳᠡ ᠠᠬᠠᠮᠠᠳ ᠪᠤᠭᠤᠷᠤᠯ᠎ᠢᠶᠡᠨ ᠬᠠᠪᠰᠤᠷᠤᠨ ᠳᠡᠮᠵᠢᠬᠦ ᠪᠠᠷ ᠪᠠᠷᠠᠬᠤ ᠦᠬᠡᠢ《ᠨᠤᠮ ᠵᠠᠯᠠᠵᠦ》᠂ ᠴᠠᠭ ᠢᠮᠠᠭᠳᠠ ᠦᠪᠡᠷ᠎ᠢ ᠪᠠᠨ ᠲᠡᠬᠦᠯᠳᠠᠷᠵᠢᠬᠦᠯᠵᠦ ᠶᠠᠪᠤᠭ᠎ᠠ ᠰᠢᠦ ᠭᠡᠵᠦ ᠷᠸᠨ ᠶᠠᠨ ᠲᠠᠨᠢᠯᠴᠠᠭᠤᠯᠤᠨ᠎ᠠ᠃

ᠦᠨᠳᠦᠷᠭᠡᠨ ᠪᠠᠶ᠎ᠠ ᠲᠠᠢ᠂ ᠬᠠᠷ᠎ᠠ ᠦᠮᠦᠳᠤ ᠴᠠᠭᠠᠨ ᠴᠠᠮᠴᠠ ᠡᠮᠦᠰᠴᠤ᠂ ᠵᠡᠬᠦᠨ ᠭᠠᠷ᠎ᠲᠤ ᠪᠠᠨ ᠠᠯᠳᠠᠨ ᠦᠩᠭᠡ ᠵᠢᠨ ᠴᠠᠭ ᠬᠢᠯᠠᠯᠵᠠᠭᠤᠯᠤᠨ᠂《ᠮᠢᠨᠤ ᠬᠡᠤᠬᠡᠳ᠎ᠤᠳ ᠢᠷᠡᠯ᠎ᠠ》ᠭᠡᠮᠡᠨ ᠯᠢᠦ ᠰᠢ ᠡᠬᠦᠳᠠ ᠪᠠᠨ ᠨᠡᠭᠡᠭᠡᠵᠦ ᠪᠢᠳᠠᠨ᠎ᠢ ᠤᠭᠳᠤᠨ ᠠᠪᠤᠯ᠎ᠠ᠃ ᠯᠢᠦ ᠰᠢ ᠵᠢᠨ ᠪᠦᠰᠡᠬᠦᠢ ᠨᠢ ᠬᠡᠳᠦᠨ ᠵᠢᠯ᠎ᠤᠨ ᠡᠮᠦᠨ᠎ᠠ ᠨᠠᠰᠤ ᠪᠠᠷᠠᠵᠦ᠂ ᠬᠡᠦᠬᠡᠳ ᠠᠴᠢ ᠨᠠᠷ᠎ᠲᠤ ᠪᠠᠨ ᠲᠠᠷᠤᠭᠠᠰᠤ ᠪᠤᠯᠬᠤ ᠦᠭᠡᠢ ᠬᠡᠳ ᠲᠡᠷᠡ ᠭᠠᠭᠴᠠᠭᠠᠷ ᠵᠢᠡᠨ ᠰᠠᠭᠤᠵᠦ ᠪᠤᠢ᠃ ᠬᠡᠷ ᠡᠷᠦᠭᠡ ᠨᠢ ᠴᠡᠪᠡᠷ ᠲᠤᠬᠢᠯᠢᠭ᠂ ᠬᠠᠨ᠎ᠠ ᠲᠡᠭᠡᠷ᠎ᠠ ᠪᠠᠨ ᠬᠡᠷ ᠪᠦᠯᠢ ᠵᠢᠨ ᠵᠢᠷᠤᠭ ᠰᠡᠬᠦᠳᠠᠷ ᠵᠢᠡᠨ ᠡᠯᠬᠦᠨ᠂ ᠤᠨᠳᠠᠯᠭ᠎ᠠ ᠵᠢᠨ ᠦᠷᠦᠭᠡᠨ᠎ᠤ ᠬᠢᠨᠢ ᠨᠤᠮ᠎ᠤᠨ ᠲᠠᠯᠪᠢᠭᠤᠷ ᠲᠡᠭᠡᠷ᠎ᠠ ᠱᠠᠩᠨᠠᠯ ᠬᠦᠬᠢᠬᠦᠯᠦᠯ ᠵᠢᠡᠨ ᠲᠦᠬᠦᠷᠠᠩ ᠲᠠᠯᠪᠢᠭᠰᠠᠨ ᠨᠢ ᠡᠨᠡ ᠬᠦᠮᠦᠨ᠎ᠤ ᠠᠵᠢᠯ ᠦᠢᠡᠯᠰ ᠲᠡᠭᠡᠨ ᠬᠢᠯᠠᠷᠠᠭᠤᠯᠵᠦ ᠶᠠᠪᠤᠭᠰᠠᠨ᠎ᠤ ᠬᠢᠨᠢ ᠭᠡᠷᠡᠴᠢ ᠪᠢᠯᠡ᠃

— ᠯᠢᠦ ᠡᠪᠦᠭᠡ ᠡ᠂ ᠪᠡᠶ᠎ᠠ ᠰᠠᠢᠨ ᠤᠤ? ᠤᠷᠴᠢᠮ ᠲᠡᠭᠷᠢ ᠬᠠᠯᠠᠭᠤᠨ ᠪᠠᠢᠨ᠎ᠠ᠎ᠳᠠ᠃ ᠲᠠᠨ᠎ᠳᠤ ᠬᠠᠪᠰᠤᠷᠤᠭᠤᠯᠬᠤ ᠤᠴᠢᠷ ᠶᠠᠭᠤ ᠪᠠᠢᠨ᠎ᠠ?

— ᠨᠠᠳᠠ᠎ᠳᠤ ᠬᠠᠪᠰᠤᠷᠠᠭᠤᠯᠤᠮᠠᠷ ᠶᠠᠭᠤᠮ᠎ᠠ ᠦᠬᠡᠢ᠃ ᠲᠠᠨ᠎ᠤ ᠬᠡᠳᠦᠬᠦᠯᠡ ᠪᠦᠭᠦᠳᠡ ᠵᠢ ᠨᠢ ᠬᠢᠴᠢᠭᠡᠳᠡᠭ ᠪᠤᠯᠬᠤᠷ ᠡᠪᠦᠭᠡᠨ ᠪᠢ ᠴᠢᠨᠢ ᠵᠢᠷᠭᠠᠯᠳᠠᠢ ᠪᠠᠢᠨ᠎ᠠ ᠭᠡᠳ ᠯᠢᠦ ᠰᠢ ᠢᠨᠢᠶᠡᠨ᠎ᠠ᠃

ᠯᠢᠦ ᠰᠢ ᠵᠢᠨ ᠮᠤᠩᠭᠤᠯ ᠨᠠᠷ᠎ᠠ ᠨᠢ ᠵᠢᠷᠠᠨᠨᠢᠭᠡ ᠭᠡᠳᠡᠭ᠂ ᠬᠤᠷᠴᠢᠨ ᠵᠡᠬᠦᠨ ᠭᠠᠷᠤᠨ ᠬᠤᠢᠳᠤ ᠬᠤᠰᠢᠭᠤ ᠪᠡᠷ ᠨᠤᠳᠤᠭ ᠲᠠᠢ ᠮᠤᠩᠭᠤᠯ ᠬᠦᠮᠦᠨ᠃ ᠨᠤᠳᠤᠭ᠎ᠲᠤ ᠪᠠᠨ ᠮᠠᠯ ᠮᠠᠯᠵᠢᠨ ᠲᠠᠷᠢᠶ᠎ᠠ ᠲᠠᠷᠢᠵᠦ ᠪᠠᠢᠭᠰᠠᠨ ᠲᠡᠷᠡᠪᠠᠷ ᠨᠠᠶᠠᠭᠠᠳ ᠤᠨ᠎ᠤ ᠡᠬᠢ ᠪᠡᠷ ᠦᠬᠠᠢ ᠬᠤᠲᠠ ᠵᠢᠨ ᠡᠭᠢ ᠪᠠᠶᠠᠯᠢᠭ᠎ᠤᠨ ᠺᠤᠮᠫᠠᠨᠢ᠎ᠳᠤ ᠢᠷᠠᠵᠦ ᠠᠵᠢᠯᠯᠠᠠ᠂ ᠦᠪᠡᠷ᠎ᠤᠨ ᠬᠤᠪᠢᠳᠠᠭᠰᠠᠨ ᠠᠵᠢᠯ ᠵᠢᠡᠨ ᠰᠠᠢᠳᠤᠷ ᠬᠢᠬᠦ ᠡᠴᠡ ᠭᠠᠳᠠᠨ᠎ᠠ ᠪᠤᠰᠤᠳ᠎ᠢ ᠬᠠᠯᠠᠮᠵᠢᠯᠠᠵᠦ ᠬᠠᠪᠰᠤᠷᠬᠤ ᠪᠡᠷ ᠵᠤᠯ ᠵᠢᠷᠭᠠᠯ ᠵᠢᠡᠨ ᠪᠤᠯᠭᠠᠭᠰᠠᠭᠠᠷ ᠢᠷᠡᠪᠠ᠃

1986 ᠤᠨ᠎ᠳᠤ ᠺᠤᠮᠫᠠᠨᠢ ᠨᠢ ᠵᠦᠭᠡᠯᠡᠨ ᠤᠰᠤᠨ᠎ᠤ ᠠᠵᠢᠯᠯᠠᠬᠤ ᠲᠠᠰᠤᠭ᠎ᠢ ᠪᠠᠢᠭᠤᠯᠬᠤ ᠪᠡᠷ ᠲᠤᠭᠳᠠᠵᠦ᠂ ᠵᠢᠯ᠎ᠳᠤ 300 ᠲᠤᠨ ᠠᠵᠦ ᠦᠢᠯᠡᠳᠪᠦᠷᠢ ᠵᠢᠨ ᠲᠠᠪᠤᠰᠤ ᠪᠠ 12 ᠲᠤᠨ ᠲᠠᠪᠤᠰᠤᠨ ᠬᠦᠴᠢᠯ᠎ᠢ ᠠᠭᠤᠰᠬᠠᠬᠤ ᠴᠢᠬᠤᠯᠠ ᠲᠠᠢ ᠪᠤᠯᠵᠡᠢ᠃ ᠢᠩᠬᠢᠭᠡᠳ ᠯᠢᠦ ᠰᠢ ᠡᠳᠦᠷ ᠪᠦᠷᠢ ᠦᠦᠷ᠎ᠤᠨ ᠦᠨᠡᠭᠡᠨ ᠬᠠᠷᠠᠩᠭᠤᠢ ᠡᠴᠡ ᠦᠳᠡᠰᠢ ᠵᠢᠨ ᠬᠦᠨ ᠪᠤᠯᠲᠠᠯ᠎ᠠ ᠨᠢᠭᠡ ᠨᠢᠭᠡ ᠬᠦᠷᠵᠠ ᠪᠡᠷ ᠲᠠᠪᠤᠰᠤ ᠵᠢ ᠲᠠᠪᠤᠰᠤ ᠬᠠᠢᠯᠤᠭᠤᠯᠬᠤ ᠴᠦᠬᠦᠷᠦᠮ᠎ᠳᠤ ᠬᠢᠵᠦ ᠤᠷᠤᠭᠤᠯᠤᠨ᠂ ᠳᠠᠬᠢᠨ ᠴᠦᠬᠦᠷᠦᠮ᠎ᠳᠤ ᠲᠤᠨᠤᠭᠰᠠᠨ ᠰᠢᠪᠠᠷ᠎ᠢ ᠰᠠᠭᠰᠤ ᠰᠠᠭᠰᠤ ᠪᠡᠷ ᠭᠠᠳᠠᠭᠰᠢ ᠵᠦᠭᠡᠭᠡᠵᠦ ᠭᠠᠷᠭᠠᠳᠠᠭ᠃ ᠲᠠᠪᠤᠰᠤ ᠲᠡᠭᠡᠭᠡᠭᠰᠡᠨ ᠠᠴᠢᠶᠠᠨ᠎ᠤ ᠲᠡᠷᠭᠡ ᠡᠬᠦᠳᠠᠨ ᠲᠡᠭᠡᠷ᠎ᠠ ᠬᠦᠷᠬᠦ ᠪᠤᠯᠭᠠᠨ ᠲᠡᠷᠡ ᠪᠦᠷ ᠬᠠᠮᠤᠭ᠎ᠤᠨ ᠲᠦᠷᠦᠬᠦᠨ᠎ᠳᠤ ᠬᠦᠶᠦᠨ ᠭᠠᠷᠴᠤ᠂ 200 ᠺᠢᠯᠦᠭᠷᠠᠮ ᠬᠦᠨᠳᠤ ᠤᠭᠤᠳᠠ ᠲᠠᠢ ᠲᠠᠪᠤᠰᠤ ᠵᠢ ᠵᠢᠵᠢᠭ ᠤᠭᠤᠳᠠᠠ᠎ᠳᠤ ᠬᠤᠪᠢᠶᠠᠨ ᠬᠢᠵᠦ᠂ ᠨᠢᠭᠡ ᠤᠷᠤᠢ ᠵᠢᠨ ᠴᠠᠭ ᠵᠢᠡᠷ ᠪᠦᠬᠦᠨ᠎ᠢ ᠵᠦᠭᠡᠭᠡᠪᠦᠷᠢᠯᠡᠵᠦ ᠲᠠᠭᠤᠰᠬᠠᠳᠠᠭ ᠪᠠᠢᠯ᠎ᠠ᠃

1993 ᠤᠨ᠎ᠳᠤ᠂ ᠯᠢᠦ ᠰᠢ ᠲᠠᠢ ᠴᠤᠭ ᠠᠵᠢᠯᠯᠠᠵᠦ ᠪᠠᠢᠭᠰᠠᠨ ᠬᠠᠮᠳᠤ ᠠᠵᠢᠯᠳᠠᠨ ᠵᠠᠩ ᠡᠯ ᠽᠢ ᠠᠵᠢᠯ᠎ᠤᠨ ᠪᠠᠢᠷᠢ ᠲᠡᠭᠡᠷ᠎ᠠ ᠪᠠᠨ ᠬᠡᠨᠡᠳᠲᠠ ᠮᠠᠨᠠᠷᠠᠵᠦ ᠤᠢᠴᠢᠭᠠᠳ ᠤᠬᠠᠭᠠᠨ ᠠᠯᠳᠠᠵᠦ᠂ ᠲᠤᠬᠠᠢ ᠵᠢᠨ ᠦᠶ᠎ᠠ᠎ᠳᠤ ᠵᠠᠮ ᠬᠠᠷᠢᠯᠴᠠᠭ᠎ᠠ ᠲᠦᠬᠦᠮ ᠦᠭᠡᠢ ᠤᠴᠢᠷ ᠡᠴᠡ ᠯᠢᠦ ᠰᠢ ᠶᠠᠭᠤ᠎ᠴᠤ ᠪᠤᠳᠤᠭᠰᠠᠨ ᠦᠭᠡᠢ ᠪᠡᠷ ᠲᠡᠬᠦᠨ᠎ᠢ ᠡᠬᠦᠷᠴᠤ ᠺᠤᠮᠫᠠᠨᠢ ᠡᠴᠡ ᠨᠢ 5 ᠭᠠᠵᠠᠷ ᠬᠤᠯᠠ ᠡᠮᠨᠡᠯᠭᠡ ᠵᠢᠨ ᠬᠤᠷᠢᠶᠠᠨ᠎ᠳᠤ ᠬᠦᠷᠭᠡᠵᠠᠢ᠃ ᠵᠠᠩ ᠡᠯ ᠽᠢ ᠵᠢᠨ ᠬᠤᠳᠤᠭᠤᠳᠤ ᠡᠴᠡ ᠨᠢ ᠴᠢᠰᠤ ᠭᠠᠷᠴᠤ᠂ ᠡᠮᠴᠢ ᠡᠴᠡ ᠬᠡᠷᠪᠠ ᠪᠠᠰᠠ ᠬᠡᠳᠦᠨ ᠮᠢᠨᠦ᠋ᠲ ᠤᠷᠤᠢᠳᠠᠵᠦ ᠢᠷᠡᠭᠰᠡᠨ ᠪᠤᠯ ᠠᠮᠢ ᠨᠠᠰᠤᠨ᠎ᠤ ᠠᠶᠤᠯ᠎ᠳᠤ ᠲᠤᠯᠭᠠᠷᠠᠬᠤ ᠪᠤᠯᠤᠨ᠎ᠠ ᠬᠡᠵᠦ ᠬᠡᠯ᠎ᠠ᠃ ᠯᠢᠦ ᠰᠢ ᠵᠢᠨ ᠦᠷᠦᠭᠡᠯ᠎ᠤᠨ ᠲᠦᠯᠦᠭᠡ ᠦᠪᠡᠷ᠎ᠢ ᠪᠠᠨ ᠦᠷᠡᠭᠳᠡᠬᠦᠯᠦᠭᠰᠡᠨ ᠦᠯᠢᠭᠡᠷ ᠵᠢᠱ᠌ᠢᠶ᠎ᠠ ᠪᠠᠰᠠ ᠮᠤᠩ ᠦᠭᠡᠢ ᠤᠯᠠᠨ ᠪᠤᠢ᠃ ᠲᠡᠬᠦᠨ᠎ᠤ ᠦᠯᠢᠭᠡᠷ ᠵᠢᠱ᠌ᠢᠶ᠎ᠠ ᠨᠢ ᠠᠮᠠ ᠲᠠᠮᠵᠢᠨ ᠶᠠᠷᠢᠭᠳᠠᠵᠦ᠂ ᠬᠦᠮᠦᠰ ᠲᠡᠬᠦᠨ᠎ᠢ《ᠠᠮᠢᠳᠤ ᠯᠸᠢ ᠹᠸᠩ》 ᠬᠡᠵᠦ ᠲᠤᠳᠤᠨᠤᠴᠢᠯᠠᠨ ᠲᠠᠭᠤᠳᠠᠳᠠᠭ᠃ 1994 ᠤᠨ᠎ᠳᠤ᠂ ᠯᠢᠦ ᠰᠢ《ᠪᠦᠬᠦ ᠤᠯᠤᠰ᠎ᠤᠨ ᠦᠨᠳᠦᠰᠦᠲᠠᠨ᠎ᠤ ᠪᠦᠯᠬᠦᠮᠳᠠᠯ᠎ᠲᠠᠪᠰᠢᠯᠲᠠ ᠵᠢᠨ ᠲᠡᠷᠢᠬᠦᠨ᠎ᠤ ᠬᠤᠪᠢ ᠬᠦᠮᠦᠨ》᠂ 1997 ᠤᠨ᠎ᠳᠤ《ᠦᠪᠡᠷᠳᠡᠭᠡᠨ ᠵᠠᠰᠠᠬᠤ ᠤᠷᠤᠨ᠎ᠤ ᠠᠷᠪᠠᠨ ᠰᠢᠯᠢᠳᠡᠭ ᠠᠷᠠᠳ》 ᠵᠢᠡᠷ ᠰᠤᠩᠭᠤᠭᠳᠠᠪᠠ᠃

ᠤᠳᠤ ᠨᠠᠶᠠᠨ ᠨᠠᠰᠤ ᠵᠢ ᠵᠤᠭᠤᠭᠯᠠᠵᠦ ᠶᠠᠪᠤᠭ᠎ᠠ ᠲᠡᠷᠡᠪᠠᠷ ᠠᠵᠢᠯ ᠡᠴᠡ ᠪᠠᠨ ᠠᠮᠠᠷᠠᠭᠰᠠᠨ᠎ᠴᠤ ᠮᠦᠨ ᠯᠡ ᠪᠤᠰᠤᠳ᠎ᠤᠨ ᠲᠦᠯᠦᠭᠡ ᠵᠢᠳᠬᠦᠵᠦ᠂ ᠦᠪᠡᠷ᠎ᠤᠨ ᠬᠠᠪᠢᠳᠠᠭᠰᠠᠨ ᠬᠡᠪᠴᠢᠶᠠᠨ ᠲᠤᠳᠤᠷ᠎ᠠ ᠪᠠᠨ ᠦᠷᠬᠦᠯᠵᠢᠯᠡᠨ ᠪᠤᠰᠤᠳ᠎ᠤᠨ ᠲᠦᠯᠦᠭᠡ ᠶᠠᠭᠤ ᠨᠢᠭᠡ ᠵᠢ ᠬᠢᠭᠰᠡᠭᠡᠷ ᠢᠷᠡᠵᠠᠢ᠃ ᠵᠡᠷᠭᠡᠯᠡᠳᠡᠭᠡ ᠠᠢᠯ᠎ᠤᠨ ᠨᠠᠰᠤᠲᠠᠢᠴᠤᠳ᠎ᠤᠨ ᠴᠢᠰᠦᠨ ᠲᠠᠷᠤᠯᠲᠠ ᠵᠢ ᠨᠢ ᠰᠠᠨᠠᠭᠠᠴᠢᠯᠠᠭ᠎ᠠ ᠡᠴᠡ ᠪᠠᠨ ᠬᠡᠮᠵᠢᠵᠦ ᠦᠭᠬᠦ᠂ ᠦᠰᠤ ᠬᠡᠵᠢᠭᠡ ᠵᠢ ᠨᠢ ᠬᠠᠢᠴᠢᠯᠠᠬᠤ᠂ ᠤᠤᠯ᠎ᠤᠨ ᠠᠵᠢᠯᠯᠠᠵᠦ ᠪᠠᠢᠭᠰᠠᠨ ᠺᠤᠮᠫᠠᠨᠢ ᠵᠢᠨ ᠵᠢᠡᠨ ᠬᠦᠷᠢᠶ᠎ᠠ ᠬᠠᠰᠢᠶ᠎ᠠ ᠵᠢ ᠴᠡᠪᠡᠷᠯᠡᠠ᠂ ᠬᠦᠷᠢᠶᠠᠨ᠎ᠤ ᠮᠤᠳᠤ ᠴᠡᠴᠡᠭ᠎ᠢ ᠨᠢ ᠤᠰᠤᠯᠠᠬᠤ ᠁ ᠡᠳᠡᠭᠡᠷ ᠡᠩ ᠶᠠᠷᠦᠮᠳᠡᠭ ᠠᠵᠢᠯ ᠨᠢ ᠯᠢᠦ ᠰᠢ ᠵᠢᠨ ᠠᠮᠢᠳᠤᠷᠠᠯ᠎ᠢ ᠦᠨ᠎ᠠ ᠴᠡᠨ᠎ᠠ ᠲᠠᠢ ᠪᠤᠯᠭᠠᠪᠠ᠃

《ᠬᠦᠮᠦᠨ ᠨᠢᠭᠡ ᠤᠳᠠᠭ᠎ᠠ ᠰᠠᠢᠨ ᠠᠵᠢᠯ᠎ᠬᠢᠬᠦ᠎ᠳᠤ ᠬᠢᠯᠪᠠᠷ᠂ ᠬᠠᠷᠢᠨ ᠨᠠᠰᠤ ᠪᠡᠷ ᠵᠢᠡᠨ ᠰᠠᠢᠨ ᠠᠵᠢᠯ ᠬᠢᠬᠦ᠎ᠨᠢ ᠬᠦᠴᠢᠷ ᠰᠢᠤ!》ᠬᠡᠬᠦ ᠯᠢᠦ ᠰᠢ ᠵᠢᠨ ᠶᠠᠷᠢᠭᠰᠠᠨ ᠦᠬᠡ ᠰᠠᠢᠨ ᠳᠤᠷᠠᠴᠤᠳ᠎ᠤᠨ《ᠨᠤᠮ ᠵᠠᠯᠠᠬᠤ》 ᠪᠤᠯᠤᠭᠰᠠᠨ᠎ᠤ ᠤᠳᠬ᠎ᠠ ᠵᠢ ᠲᠠᠢᠯᠤᠯ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号