•ᠲᠦᠷᠪᠡᠳ ᠬᠤᠰᠢᠭᠤᠨ ᠳ᠋ᠦ᠍ ᠥᠪᠡᠷᠲᠡᠭᠡᠨ ᠵᠠᠰᠠᠬᠤ ᠣᠷᠣᠨᠤ ᠳᠡᠰᠤᠨ ᠦᠨᠳᠦᠰᠦᠲᠡᠨᠦ ᠪᠦᠯᠬᠦᠮᠳᠡᠯᠦᠨ ᠲᠡᠷᠢᠭᠦᠨᠦ ᠬᠤᠪᠢ ᠬᠥᠮᠥᠨ ᠪᠠ ᠲᠡᠷᠢᠭᠦᠨᠦ ᠬᠠᠮᠲᠤ ᠨᠢᠭᠡᠴᠢ ᠲᠤᠰ ᠲᠤᠰ 1 ᠪᠤᠢ᠃
•2022 ᠤᠨ ᠳ᠋ᠦ᠍ ᠲᠦᠷᠪᠡᠳ ᠬᠤᠰᠢᠭᠤ ᠵᠢᠨ 2 ᠨᠢᠭᠡᠴᠢ ᠥᠪᠡᠷᠲᠡᠭᠡᠨ ᠵᠠᠰᠠᠬᠤ ᠣᠷᠣᠨᠤ ᠲᠠᠰᠤᠨ ᠦᠨᠳᠦᠰᠦᠲᠡᠨᠦ ᠪᠦᠯᠬᠦᠮᠳᠡᠯᠦᠨ ᠡᠭᠦᠳᠦᠨ ᠪᠠᠶ᠋ᠢᠭᠤᠯᠬᠤ ᠵᠢᠱ᠌ᠢᠶ᠎ᠡ ᠦᠵᠡᠭᠦᠯᠬᠦ ᠨᠢᠭᠡᠴᠢ ᠪᠡᠷ ᠦᠨᠡᠯᠡᠭᠳᠡᠪᠡ ᠃
•ᠲᠦᠷᠪᠡᠳ ᠬᠤᠱᠢᠭᠤᠨᠳᠤ ᠤᠲᠤ ᠥᠪᠡᠷᠲᠡᠭᠡᠨ ᠵᠠᠰᠠᠬᠤ ᠣᠷᠣᠨᠤ ᠲᠠᠰᠤᠨ ᠦᠨᠳᠦᠰᠦᠲᠡᠨᠦ ᠪᠦᠯᠬᠦᠮᠳᠡᠯ ᠳᠠᠪᠱᠢᠯᠲᠠᠶ᠋ᠢᠨ ᠵᠢᠱ᠌ᠢᠶ᠎ᠡ ᠦᠵᠡᠭᠦᠯᠬᠦ᠌ ᠨᠢᠬᠡᠴᠢ 7᠂ ᠬᠣᠲᠠ᠎ᠶ᠋ᠢᠨ ᠲᠠᠰᠤᠨ 36᠂ ᠬᠣᠱᠢᠭᠤ ᠲᠠᠰᠤᠨ 93 ᠪᠠᠢᠵᠤ ᠂ ᠬᠣᠱᠢᠭᠤ ᠲᠠᠰᠤᠨ ᠦᠨᠳᠦᠰᠦᠲᠡᠨᠦ ᠪᠦᠯᠬᠦᠮᠳᠡᠯ ᠳᠠᠪᠱᠢᠯᠲᠠᠶ᠋ᠢᠨ ᠬᠥᠮᠦᠵᠢᠯᠦᠨ ᠰᠠᠭᠤᠷᠢᠨ 5 ᠪᠤᠢ᠃
7 ᠰᠠᠷ᠎ᠠ ᠶᠢᠨ ᠰᠡᠭᠦᠯᠴᠢ ᠪᠡᠷ ᠳᠥᠷᠪᠡᠳ ᠦ᠋ᠨ ᠲᠠᠯ᠎ᠠ ᠨᠤᠲᠤᠭ ᠲᠤ 《 ᠪᠣᠷᠣᠭᠠᠨᠤ᠋ ᠤᠯᠠᠷᠢᠯ 》 ᠡᠬᠢᠯᠡᠭᠰᠡᠨ ᠬᠡᠮᠡᠷ ᠪᠠᠷᠠᠭᠠᠨ ᠡᠭᠦᠯᠡ ᠪᠦᠷᠭᠦᠭᠦ ᠪᠡᠷ ᠯᠡ ᠠᠵᠢᠷᠭᠠᠨ ᠪᠤᠷᠤᠭᠠᠨ ᠴᠢᠳᠬᠤᠯᠠᠵᠤ ᠂ ᠴᠠᠩᠭᠠᠵᠤ ᠪᠠᠢᠬᠰᠠᠨ ᠲᠠᠯ᠎ᠠ ᠨᠤᠳᠤᠭᠢ ᠬᠤᠷ᠎ᠠ ᠵᠢᠨ ᠰᠢᠮ᠎ᠡ ᠪᠡᠷ ᠤᠮᠳᠠᠯᠠᠵᠤ ᠪᠢᠯᠡ ᠃ ᠪᠢᠳᠡ ᠪᠤᠷᠤᠭᠠᠨᠤ ᠡᠭᠦᠯᠡ ᠲᠠᠢ ᠤᠷᠤᠯᠳᠤᠨ 《ᠬᠤᠪᠢᠯᠭᠠᠨ ᠤᠩᠭᠤᠴᠠ ᠵᠢᠨ ᠵᠠᠮ》ᠢ ᠡᠯᠭᠦᠨ ᠲᠠᠪᠬᠢᠭᠠᠳ ᠲᠦᠷᠪᠡᠳ ᠬᠤᠰᠢᠭᠤᠨᠤ ᠬᠢᠯᠢ ᠵᠢᠨ ᠰᠤᠮᠤ ᠪᠡᠷ ᠬᠦᠷᠦᠯ᠎ᠡ᠃ ᠡᠨᠳᠡᠬᠢ ᠮᠠᠯᠴᠢᠳ ᠬᠢᠯᠢ ᠵᠢᠨ ᠱᠤᠭᠤᠮᠤᠨ ᠵᠢᠡᠨ ᠲᠠᠭᠠᠤ ᠨᠤᠳᠤᠭ ᠨᠤᠳᠤᠭ ᠵᠢᠡᠨ ᠰᠠᠬᠢᠨ ᠬᠦᠷᠰᠢᠯᠡᠨ ᠰᠠᠭᠤᠷᠢᠰᠢᠵᠤ ᠂ ᠬᠢᠯᠢ ᠬᠢᠵᠠᠭᠠᠷᠢᠶᠠᠨ ᠰᠠᠬᠢᠨ ᠬᠠᠮᠠᠭᠠᠯᠠᠬᠤ ᠲᠠᠷᠬᠠᠨ ᠡᠭᠦᠷᠭᠡ ᠵᠢ ᠬᠦᠢᠴᠡᠳᠭᠡᠭᠦ ᠵᠢᠨ ᠵᠡᠷᠭᠡ ᠪᠡᠷ ᠲᠤᠷᠭᠠᠨ ᠬᠢᠯᠢᠶᠢᠨ ᠲᠠᠢᠪᠤᠡᠭ ᠨᠤᠳᠤᠭ ᠲᠠᠭᠠᠨ ᠠᠵᠤ ᠠᠮᠢᠳᠤᠷᠠᠯ ᠵᠢᠡᠨ ᠦᠭᠡᠳᠡ ᠲᠠᠳᠠᠨ ᠬᠠᠷᠢᠯᠴᠠᠨ ᠬᠠᠪᠰᠤᠷᠤᠯᠴᠠᠵᠦ ᠡᠶ᠎ᠡ ᠨᠠᠢᠷᠳᠠᠢ ᠶᠠᠪᠤᠯᠴᠠᠨ ᠪᠦᠯᠬᠦᠮᠳᠡᠯᠨᠢᠬᠳᠠᠷᠠᠯ ᠤᠨ ᠲᠠᠭᠤᠨᠢ ᠲᠠᠯ᠎ᠠ ᠵᠢᠨ ᠬᠦᠨ ᠳᠦ ᠬᠠᠩᠬᠢᠨᠠᠭᠤᠯᠤᠨ᠎ᠠ᠃
ᠬᠢᠯᠢᠶᠢᠨ ᠵᠠᠰᠠᠮᠠᠯ ᠵᠠᠮ ᠳ᠋ᠡᠬᠢ 《ᠠᠪᠤᠷᠠᠬᠴᠢ ᠤᠳᠤᠨ》
ᠳᠤᠮᠳᠠᠳᠤ ᠮᠣᠩᠭᠣᠯᠤᠨ ᠬᠢᠯᠢᠶᠢᠨ ᠱᠤᠭᠤᠮᠲᠠᠭᠠᠤ ᠵᠠᠰᠠᠬᠰᠠᠨ G331 ᠤᠯᠤᠰᠤᠨ ᠵᠠᠮ ᠨᠢ ᠲᠦᠷᠪᠡᠳ ᠬᠤᠰᠢᠭᠤᠨᠤ ᠵᠠᠡᠭᠭᠠᠨ ᠰᠤᠮᠤ ᠪᠡᠷ ᠦᠡᠭᠭᠡᠷᠡᠵᠤ ᠪᠠᠢᠳᠠᠭ᠃ ᠵᠠᠮᠤᠨ ᠬᠣᠶᠠᠷ ᠲᠠᠯᠠᠪᠠᠷ ᠨᠡᠯᠦᠢᠮᠡ ᠲᠠᠯ᠎ᠠ ᠦᠷᠭᠦᠯᠵᠢᠯᠡᠵᠤ᠂ ᠬᠥᠮᠥᠨ ᠬᠠᠷ᠎ᠠ ᠲᠤᠩ ᠴᠦᠭᠡᠨ ᠪᠠᠢᠳᠠᠭ᠃ ᠡᠨᠡ ᠵᠠᠮ ᠵᠢᠡᠷ ᠠᠶᠠᠨ ᠬᠦᠭᠡᠭᠡᠵᠤ ᠶᠠᠪᠤᠭ᠎ᠠ ᠮᠠᠰᠢᠨ ᠲᠡᠷᠭᠡ ᠬᠡᠷᠪᠡ ᠡᠪᠳᠡᠷᠡᠵᠤ ᠴᠤᠴᠠᠷᠠᠬᠤ ᠳ᠋ᠤ ᠬᠦᠷᠪᠡᠯ ᠵᠠᠰᠠᠨ ᠰᠡᠯᠪᠢᠭᠦ ᠭᠠᠵᠠᠷ ᠡᠷᠢᠭᠦ ᠪᠠᠢᠳᠤᠭᠠᠢ ᠴᠢᠮᠡᠭᠡ ᠬᠤᠯᠪᠤᠭ᠎ᠠ ᠠᠪᠬᠤ ᠳᠦᠴᠦ ᠲᠦᠢᠯᠤᠨ ᠬᠦᠴᠢᠷ ᠲᠠᠢ ᠪᠠᠢᠵᠠᠢ ᠃ ᠬᠠᠷᠢᠨ ᠤᠢᠷ᠎ᠠ ᠵᠢᠨ ᠵᠢᠯ ᠡᠴᠡ ᠡᠨᠡ ᠵᠠᠮ ᠳᠡᠭᠡᠷ᠎ᠠ ᠬᠡᠰᠡᠭ ᠵᠠᠢ ᠠᠯᠤᠰᠯᠠᠬᠤ ᠪᠦᠷᠢ ᠠᠪᠤᠷᠠᠯᠲᠠᠶᠢᠨ ᠵᠢᠭᠠᠯᠲᠠ ᠫᠠᠢᠰᠠᠬᠠᠷᠠᠬᠳᠠᠬᠤ ᠪᠤᠯᠵᠤ ᠂ ᠫᠠᠢᠰᠠᠨ ᠳᠡᠭᠡᠷᠡᠬᠢ ᠠᠪᠤᠷᠠᠯᠳᠠ ᠵᠢᠨ ᠤᠲᠠᠰᠤ ᠪᠤᠯ ᠲᠠᠷᠤᠢ ᠮᠠᠯᠴᠢᠨ ᠭᠠᠩᠪᠤᠯᠤᠤᠨᠤᠨ ᠤᠳᠠᠰᠤᠨ ᠳᠤᠭᠠᠷ ᠶᠤᠮ᠃
ᠦᠨᠦ ᠵᠢᠯ 44 ᠨᠠᠰᠤᠲᠠᠢ ᠭᠠᠩᠪᠤᠯᠤᠳ ᠪᠣᠯ ᠵᠠᠡᠭᠭᠠᠨ ᠰᠤᠮᠤᠶᠢᠨ ᠸᠧᠢ ᠵᠢᠩ ᠭᠠᠴᠠᠭᠠᠨᠤ ᠮᠠᠯᠴᠢᠨ᠂ ᠮᠥᠨ ᠴᠦ᠍ ᠡᠨᠡ ᠬᠡᠰᠡᠭ ᠵᠠᠰᠠᠮᠠᠯ ᠵᠠᠮᠲᠡᠭᠡᠷᠡᠬᠢ ᠬᠠᠯᠠᠭᠤᠨ ᠰᠡᠳᠬᠢᠯᠳᠦ ᠠᠪᠤᠷᠠᠨ ᠲᠤᠰᠠᠯᠠᠭ᠍ᠴᠢ ᠪᠣᠯᠣᠨ᠎ᠠ᠃ ᠮᠠᠨ ᠤ ᠰᠤᠷᠪᠤᠯᠵᠢᠯᠠᠬᠤ ᠲᠤᠭᠤᠢᠯᠠᠡᠭᠤᠨ ᠬᠢᠨ ᠸᠧᠢ ᠵᠢᠩ ᠭᠠᠴᠠᠭ᠎ᠠ ᠲᠦᠭᠦᠭᠦ ᠳ᠋ᠤ ᠨᠢᠭᠡᠨ ᠵᠢᠵᠢᠭ ᠬᠡᠯᠪᠡᠷᠢᠶᠢᠨ ᠠᠴᠢᠶᠠᠨᠤ ᠮᠠᠰᠢᠨ ᠵᠠᠮ ᠬᠠᠰᠢᠨ ᠵᠤᠬᠰᠤᠵᠤ᠂ ᠲᠦᠷᠪᠡᠯᠵᠢᠨ ᠴᠢᠷᠠᠢ ᠲᠠᠢ ᠂ ᠨᠢᠳᠦᠨ ᠳ᠋ᠡᠭᠡᠨ ᠰᠢᠯ ᠵᠡᠭᠦᠭᠰᠡᠨ ᠭᠠᠩᠪᠤᠯᠤᠳ ᠴᠠᠭᠠᠳᠤᠬᠢ ᠤᠳᠬᠤᠭᠤᠷ ᠮᠠᠰᠢᠨᠢ ᠮᠠᠰᠢ ᠪᠣᠯᠪᠠᠰᠤᠷᠠᠩᠭᠤᠢ ᠡᠷᠬᠢᠭᠦᠯᠵᠦ ᠦᠶᠡᠷᠤᠨ ᠤᠰᠤᠨ ᠳ᠋ᠤ ᠨᠤᠷᠠᠬᠰᠠᠨ ᠰᠢᠷᠤᠢ ᠵᠢᠨ ᠵᠠᠮᠢ ᠰᠢᠨ᠎ᠡ ᠪᠡᠷ ᠲᠡᠪᠢᠰᠴᠤ ᠪᠠᠢᠪᠠ᠃ ᠬᠤᠶᠠᠷ ᠡᠳᠦᠷᠦᠨ ᠡᠮᠦᠨ᠎ᠡ ᠡᠨᠳᠡ ᠶᠡᠬᠡ ᠪᠣᠷᠣᠭᠠᠨᠤᠷᠤᠵᠤ ᠦᠶᠡᠷᠯᠡᠭᠡᠳ ᠸᠧᠢ ᠵᠢᠩ ᠭᠠᠴᠠᠭᠠᠨᠤ ᠮᠠᠯᠴᠢᠳᠤᠨ ᠵᠤᠰᠠᠯᠠᠡᠭᠳ᠋ᠠᠭᠠᠨ ᠬᠦᠷᠬᠦ ᠭᠣᠣᠯ ᠵᠠᠮ ᠢ ᠡᠪᠳᠡᠵᠦ᠂ ᠮᠠᠯᠴᠢᠳᠤᠨ ᠶᠠᠪᠤᠵᠤ ᠰᠠᠭᠤᠬᠤ ᠳ᠋ᠤ ᠲᠦᠭᠦᠮ ᠦᠭᠡᠢ ᠪᠤᠯᠭᠠᠵᠠᠢ᠃ ᠭᠠᠡᠭᠪᠣᠯᠣᠳ ᠪᠠᠢᠳᠠᠯᠢ ᠮᠡᠳᠡᠭᠰᠡᠨᠤ ᠳᠠᠷᠠᠭ᠎ᠠ ᠳᠠᠷᠤᠢᠬᠠᠨ ᠤᠳᠬᠤᠭᠤᠷ ᠮᠠᠰᠢᠨ ᠣᠯᠵᠤ ᠭᠡᠷᠦᠨ ᠬᠥᠮᠥᠰᠢᠶᠡᠨ ᠳᠠᠭᠠᠭᠤᠯᠤᠨ ᠦᠶᠡᠷᠲᠦ ᠨᠤᠷᠠᠬᠰᠠᠨ ᠰᠢᠷᠤᠢ ᠵᠢᠨ ᠵᠠᠮ ᠢ ᠵᠠᠰᠠᠵᠤ ᠡᠬᠢᠯᠡᠪᠠ᠃ ᠲᠡᠷᠡ ᠤᠳᠠᠵᠦ ᠲᠦᠳᠡᠯ ᠦᠭᠡᠢ ᠰᠢᠷᠤᠢ ᠵᠢᠨ ᠵᠠᠮ ᠢ ᠰᠢᠨ᠎ᠡ ᠪᠡᠨ ᠲᠡᠪᠢᠰᠦᠨ ᠲᠡᠭᠰᠢᠯᠡᠵᠤ ᠲᠠᠭᠤᠰᠪᠡ᠃ ᠲᠡᠭᠡᠭᠡᠳ ᠪᠢᠳᠡ ᠡᠨᠡ ᠵᠠᠮ ᠵᠢᠡᠷ ᠨᠢ ᠬᠦᠨᠳᠡᠯᠡᠨ ᠦᠩᠭᠡᠷᠡᠵᠤ᠂ ᠭᠠᠡᠭᠪᠣᠯᠣᠳᠢ ᠳᠠᠭᠠᠨ ᠬᠡᠷ ᠵᠦᠭ ᠨᠢ ᠮᠤᠷᠳᠠᠯ᠎ᠠ᠃
ᠭᠠᠡᠭᠪᠣᠯᠣᠳ ᠪᠣᠯ ᠮᠦᠨ ᠴᠤ ᠨᠢᠭᠡᠨ ᠴᠡᠷᠢᠭᠡᠴᠡ ᠬᠠᠯᠠᠭᠳᠠᠭᠴᠢ ᠮᠦᠨ᠃ ᠲᠡᠷᠡ ᠴᠡᠷᠢᠭ ᠠᠩᠭᠢᠳᠤ ᠪᠠᠢᠬᠤᠳᠠᠭᠠᠨ ᠮᠠᠰᠢᠨ ᠲᠡᠷᠭᠡ ᠰᠡᠯᠪᠢᠨ ᠵᠠᠰᠠᠬᠤ ᠮᠡᠷᠭᠡᠵᠢᠯᠢ ᠰᠤᠷᠴᠤ ᠂ ᠴᠡᠷᠢᠭᠡᠴᠡ ᠪᠡᠨ ᠬᠠᠯᠠᠭᠳᠠᠭᠰᠠᠨᠤ ᠳᠠᠷᠠᠭ᠎ᠠ ᠳᠥᠷᠪᠡᠳ ᠬᠣᠰᠢᠭᠤᠨᠤ ᠤᠯᠠᠭᠠᠨᠬᠤᠸᠠ ᠪᠠᠯᠭᠠᠰᠤᠨᠳᠤ ᠮᠠᠰᠢᠨ ᠲᠡᠷᠭᠡ ᠰᠡᠯᠪᠢᠨ ᠵᠠᠰᠠᠬᠤ ᠠᠵᠢᠯ ᠬᠢᠪᠡ᠃ 2021 ᠣᠨᠳᠤ ᠭᠠᠡᠭᠪᠣᠯᠣᠳ ᠤᠯᠠᠭᠠᠨᠬᠤᠸᠠ ᠪᠠᠯᠭᠠᠰᠤᠠᠴᠠ ᠥᠪᠡᠷᠦᠨ ᠨᠤᠲᠤᠭ ᠵᠠᠡᠭᠭᠠᠨ ᠰᠤᠮᠤᠶᠢᠨ ᠸᠧᠢ ᠵᠢᠩ ᠭᠠᠴᠠᠭᠠᠳᠠᠭᠠᠨ ᠪᠤᠴᠠᠵᠤ ᠮᠠᠯᠵᠢᠯ ᠠᠮᠢᠳᠤᠷᠠᠯ ᠵᠢᠡᠨ ᠡᠬᠢᠯᠡᠭᠦᠯᠭᠦ ᠵᠢᠨ ᠲᠠᠭᠠᠤ ᠨᠤᠳᠤᠭ ᠲᠡᠭᠡᠷ᠎ᠡ ᠪᠠᠨ ᠮᠠᠰᠢᠨ ᠲᠡᠷᠭᠡ ᠰᠡᠯᠪᠢᠨ ᠵᠠᠰᠠᠬᠤ ᠭᠠᠵᠠᠷ ᠪᠠᠢᠭᠤᠯᠵᠠᠢ᠃ ᠲᠤᠰ ᠵᠢᠯᠳᠦ ᠂ ᠲᠡᠷᠡ ᠪᠡᠷ G331 ᠤᠯᠤᠰᠤᠨ ᠵᠠᠮ ᠲᠡᠭᠡᠷᠡᠬᠢ ᠠᠪᠤᠷᠠᠨ ᠲᠤᠰᠠᠯᠠᠬᠤ ᠫᠠᠢᠰᠠ ᠨᠤᠭᠤᠳᠢ ᠪᠣᠰᠬᠠᠭᠰᠠᠨ ᠪᠢᠯᠡ᠃
《ᠡᠨᠡ ᠵᠠᠮ ᠲᠡᠭᠡᠷ᠎ᠡ ᠮᠠᠰᠢᠨ ᠲᠡᠷᠭᠡ ᠡᠪᠳᠡᠷᠡᠭᠰᠡᠭᠡᠷ ᠬᠡᠴᠡᠭᠦᠦ ᠰᠢᠦ !ᠮᠠᠰᠢᠨ ᠲᠡᠷᠭᠡ ᠰᠡᠯᠪᠢᠨ ᠵᠠᠰᠠᠬᠤ ᠭᠠᠵᠠᠷ ᠬᠡᠳᠦᠨ ᠠᠷᠪᠠᠨ ᠺᠢᠯᠤᠮᠸᠲᠷ ᠴᠢᠨᠠᠬᠰᠢᠯᠠᠪᠠᠯ ᠬᠡᠳᠦᠨ ᠵᠠᠭᠤᠨ ᠺᠢᠯᠦᠮᠸᠲᠷᠤᠨ ᠴᠠᠭᠠᠨ᠎ᠠ ᠪᠤᠢ ᠂ ᠢᠯᠠᠩᠭᠤᠶ᠎ᠠ ᠡᠨᠳᠡ ᠢᠷᠡᠵᠦ ᠦᠢᠯᠡᠴᠢᠯᠡᠭᠦ ᠨᠢ ᠨᠡᠩ ᠴᠦᠭᠡᠨ᠃ ᠪᠢ ᠬᠠᠷᠢᠨ ᠡᠨᠳᠡᠬᠢ ᠭᠠᠵᠠᠷᠤᠨ ᠪᠠᠢᠴᠠᠪᠠᠨ ᠰᠠᠢᠨ ᠮᠡᠳᠡᠬᠦ ᠮᠦᠷᠳᠡᠭᠡᠨ ᠰᠡᠯᠪᠢᠨ ᠵᠠᠰᠠᠬᠤ ᠲᠤᠷᠰᠢᠯᠭᠠᠲᠠᠢ᠂ ᠮᠠᠨᠤ ᠬᠢ ᠪᠠᠰᠠ G331ᠤᠯᠤᠰᠤᠨ ᠵᠠᠮ ᠡᠴᠠ ᠬᠡᠳᠦᠬᠡᠨ ᠺᠢᠯᠣᠮᠧᠲᠷ ᠵᠠᠢᠲᠠᠢ ᠪᠤᠯᠬᠤᠷ ᠡᠨᠡ ᠠᠵᠢᠯᠢ ᠬᠢᠬᠦᠳᠦ ᠲᠣᠬᠢᠷᠠᠮᠵᠢᠲᠠᠢ ᠂ ᠲᠡᠭᠡᠭᠡᠳ ᠪᠢ ᠬᠠᠭᠤᠴᠢᠨ ᠠᠴᠢᠶᠠᠨᠤ ᠮᠠᠰᠢᠨ ᠬᠤᠳᠠᠯᠳᠤᠨ ᠠᠪᠤᠭᠠᠳ ᠨᠡᠭᠦᠳᠡᠯ ᠰᠡᠯᠪᠢᠨ ᠵᠠᠰᠠᠬᠤ ᠲᠡᠷᠭᠡ ᠪᠣᠯᠭᠠᠨ ᠥᠭᠡᠷᠡᠴᠢᠯᠡᠵᠦ ᠂ ᠵᠠᠰᠠᠮᠠᠯ ᠵᠠᠮ ᠳᠡᠭᠡᠷᠡᠬᠢ ᠠᠪᠤᠷᠠᠨ ᠲᠤᠰᠠᠯᠠᠬᠤ ᠠᠵᠢᠯ ᠵᠢᠡᠨ ᠡᠬᠢᠯᠡᠭᠦᠯᠦᠭᠰᠡᠨ ᠶᠤᠮ 》 ᠬᠡᠵᠤ ᠭᠠᠩᠪᠤᠯᠤᠳ ᠰᠤᠷᠪᠤᠯᠵᠢᠯᠠᠬᠴᠢᠳᠦ ᠲᠠᠨᠢᠯᠴᠠᠭᠤᠯᠤᠨ᠎ᠠ᠃
ᠬᠡᠳᠦᠨ ᠵᠢᠯᠤᠨ ᠡᠮᠦᠨ᠎ᠡ ᠪᠠᠢᠵᠤ ᠪᠢᠯᠡ᠃ ᠵᠢᠶᠠᠩᠰᠤᠡᠴᠡ ᠢᠷᠡᠭᠰᠡᠨ 5 ᠬᠥᠮᠥᠨᠤ ᠲᠡᠷᠭᠡ ᠨᠢ ᠶᠠᠭ ᠡᠨᠡ G331ᠤᠯᠤᠰᠤᠨ ᠵᠠᠮ ᠲᠡᠭᠡᠷ᠎ᠡ ᠡᠪᠳᠡᠷᠡᠭᠡᠳ ᠭᠠᠩᠪᠤᠯᠤᠳ ᠡᠴᠡ ᠲᠤᠰᠠᠯᠠᠮᠵᠢ ᠭᠤᠶᠤᠪᠠ᠃ ᠭᠠᠩᠪᠤᠯᠤᠳ ᠠᠰᠠᠭᠤᠨ ᠯᠠᠪᠯᠠᠬᠰᠠᠨ ᠴᠢᠨᠢ ᠪᠦᠷ 60 ᠭᠠᠷᠤᠭᠰᠠᠨ ᠴᠡᠷᠢᠭ ᠡᠴᠡ ᠬᠠᠯᠠᠭᠳᠠᠭᠰᠠᠨ ᠨᠠᠰᠤᠳᠠᠳ ᠪᠠᠢᠵᠠᠢ᠃ ᠲᠡᠷᠡ ᠤᠳᠠᠰᠦ ᠵᠢ ᠲᠤᠰᠤᠮᠠᠬᠴᠠ ᠲᠠᠷᠤᠢ ᠲᠦᠷᠭᠡᠨ ᠬᠦᠷᠴᠤ ᠤᠴᠢᠭᠠᠳ ᠶᠠᠳᠠᠷᠠᠵᠤ ᠵᠦᠳᠡᠷᠡᠭᠰᠡᠨ ᠬᠡᠳᠦᠨ ᠨᠠᠰᠤᠳᠠᠨᠢ ᠬᠡᠷ ᠲᠡᠭᠡᠨ ᠲᠤᠰᠴᠤ ᠠᠪᠴᠢᠷᠠᠨ ᠴᠠᠢ ᠤᠰᠤ ᠤᠤᠭᠤᠯᠭᠠᠵᠤ ᠠᠮᠠᠷᠠᠭᠤᠯᠤᠬᠰᠠᠨ ᠪᠦᠬᠡᠳ ᠲᠡᠷᠭᠡᠨ ᠪᠤᠯᠤ ᠵᠢ ᠨᠢ ᠨᠦᠬᠦᠵᠦ ᠪᠠᠷᠠᠭᠠᠳ ᠲᠠᠬᠢᠨ ᠲᠡᠳᠡᠨᠢ ᠲᠡᠭᠡᠭᠡᠵᠦ ᠬᠦᠷᠭᠡᠨ᠂ ᠲᠡᠷᠭᠡᠨ ᠪᠤᠯᠤ ᠵᠢ ᠨᠢ ᠲᠠᠭᠠᠷᠠᠭᠤᠯᠵᠤ ᠦᠭᠭᠦᠭᠰᠡᠨ ᠬᠡᠨ᠎ᠡ᠃ ᠲᠡᠭᠡᠭᠡᠳ ᠲᠡᠷᠡ ᠬᠡᠳᠦᠨ ᠨᠠᠰᠤᠳᠠᠨ ᠪᠤᠴᠠᠬᠤ ᠵᠠᠮ ᠳ᠋ᠠᠭᠠᠨ ᠲᠤᠰᠬᠠᠢᠯᠠᠨ ᠭᠠᠩᠪᠤᠯᠤᠳᠢ ᠡᠷᠬᠢᠵᠤ ᠦᠵᠡᠭᠰᠡᠨ ᠪᠦᠭᠡᠳ ᠤᠳᠤ ᠪᠤᠯᠳᠠᠯ᠎ᠠ ᠦᠷᠭᠦᠯᠵᠢ ᠤᠲᠠᠰᠤ ᠪᠡᠷ ᠬᠠᠷᠢᠯᠴᠠᠳᠠᠭ ᠪᠤᠯᠤᠬᠰᠠᠨ ᠬᠡᠨ᠎ᠡ᠃
ᠭᠠᠩᠪᠤᠯᠤᠳᠤᠨ ᠭᠠᠷ ᠤᠳᠠᠰᠦ ᠬᠡᠵᠢᠶᠡᠳᠡ 24 ᠴᠠᠭ ᠵᠢᠡᠷ ᠨᠡᠭᠡᠭᠡᠯᠳᠡ ᠲᠠᠢ ᠪᠠᠢᠳᠠᠭ ᠪᠦᠭᠡᠳ ᠡᠢᠮᠦᠷᠭᠦᠦ ᠤᠴᠠᠷᠠᠯ ᠶᠠᠪᠤᠳᠠᠯ ᠮᠤᠩ ᠦᠭᠡᠢ ᠤᠯᠠᠨ ᠲᠤᠬᠢᠶᠠᠯᠳᠤᠬᠰᠠᠨ ᠬᠡᠳᠡᠭ᠃ ᠬᠡᠬᠡᠨ ᠡᠳᠦᠷ ᠬᠠᠷᠠᠩᠭᠤᠢ ᠰᠥᠨᠢ ᠭᠡᠰᠡᠨ ᠦᠭᠡᠢ᠂ ᠭᠠᠳᠠᠨ᠎ᠠ ᠮᠤᠵᠢ ᠣᠷᠣᠨᠤ ᠠᠶᠠᠨᠴᠢᠨ ᠵᠢᠭᠤᠯᠴᠢᠯᠠᠬᠰᠠᠳ ᠡᠰᠡᠭᠦᠯ᠎ᠡ ᠲᠤᠬᠠᠢᠶᠢᠨ ᠭᠠᠵᠠᠷᠤᠨ ᠬᠦᠮᠦᠰ ᠭᠡᠰᠡᠨ ᠦᠭᠡᠢ ᠂ ᠭᠠᠡᠭᠪᠣᠯᠣᠳᠤᠨ ᠠᠪᠤᠷᠠᠨ ᠲᠤᠰᠠᠯᠠᠬᠤ ᠤᠲᠠᠰᠤᠶᠢ ᠤᠳᠠᠰᠤᠳᠠᠬᠤᠳᠦ ᠬᠦᠷᠪᠡᠯ ᠲᠡᠷᠡ ᠠᠪᠤᠨ ᠲᠤᠤᠷ᠎ᠠ ᠨᠢ ᠬᠠᠷᠢᠭᠤ ᠥᠭᠬᠦ ᠮᠦᠷᠳᠡᠭᠡᠨ ᠲᠠᠷᠤᠢᠬᠠᠨ ᠬᠦᠷᠴᠦ ᠲᠡᠷᠭᠡ ᠤᠨᠤᠭ᠎ᠠ ᠵᠢ ᠨᠢ ᠰᠡᠯᠪᠢᠨ ᠵᠠᠰᠠᠵᠤ ᠦᠭᠳᠡᠭ᠃ ᠭᠠᠩᠪᠤᠯᠤᠳᠤᠨ ᠬᠢᠯᠢ ᠵᠢᠨ ᠤᠯᠤᠰᠤᠨ ᠵᠠᠮ ᠲᠡᠭᠡᠷᠡᠬᠢ ᠠᠪᠤᠷᠠᠨ ᠲᠤᠰᠠᠯᠠᠬᠤ ᠠᠵᠢᠯᠳᠦ ᠠᠶᠤᠯ ᠲᠦᠭᠰᠢᠭᠦᠷᠢ ᠬᠦᠴᠢᠷ ᠪᠡᠷᠭᠡᠰᠢᠶᠡᠯ ᠶᠡᠭᠡᠳᠡᠢ ᠂ ᠰᠥᠨᠢ ᠲᠦᠯᠢ ᠂ ᠦᠨᠳᠦᠷ ᠬᠠᠯᠠᠭᠤᠨ ᠂ ᠰᠠᠯᠬᠢ ᠰᠢᠭᠤᠷᠭ᠎ᠠ ᠂ ᠴᠠᠰᠦ ᠵᠤᠳ ᠵᠡᠷᠭᠡ ᠣᠷᠴᠢᠨ ᠪᠠᠢᠳᠠᠯ ᠨᠢ ᠲᠡᠭᠦᠨᠤ ᠠᠵᠢᠯ ᠳ᠋ᠦ ᠶᠡᠬᠡ ᠥᠷᠢᠰᠦᠯᠳᠦᠭᠡᠨ ᠠᠪᠴᠢᠷᠠᠳᠠᠭ᠂ ᠭᠡᠪᠡᠴᠦ ᠦᠷᠤᠭᠡᠯ ᠪᠤᠰᠤᠳᠲᠤ ᠬᠡᠵᠢᠶᠡᠳᠡ ᠲᠤᠰᠠᠷᠬᠠᠭ ᠶᠠᠪᠤᠳᠠᠭ ᠭᠠᠩᠪᠤᠯᠤᠳ ᠡᠳᠡᠭᠡᠷᠢ ᠶᠡᠷᠦ ᠨᠢ ᠬᠦᠴᠢᠷ ᠪᠡᠷᠭᠡ ᠬᠡᠵᠤ ᠪᠤᠳᠤᠭ᠎ᠠ ᠦᠭᠡᠢ ᠂ ᠥᠴᠥᠬᠡᠨ ᠴᠦ᠍ ᠬᠤᠢᠰᠢ ᠤᠬᠤᠷᠢᠭ᠎ᠠ ᠦᠭᠡᠢ᠃ ᠭᠠᠡᠭᠪᠣᠯᠣᠳᠤᠨ ᠡᠢᠮᠦᠷᠭᠦᠦ ᠬᠠᠯᠠᠭᠤᠨ ᠰᠡᠳᠬᠢᠯ ᠂ ᠭᠠᠷ ᠤᠷᠠᠨ ᠢ ᠨᠢ ᠡᠷᠬᠢᠨ ᠲᠤᠭᠤᠷᠢᠨᠤ ᠰᠤᠮᠤ ᠪᠠᠯᠭᠠᠰᠦ ᠵᠢᠨ ᠮᠠᠯᠴᠢᠳ ᠨᠢ ᠰᠠᠢᠨ ᠤᠢᠯᠠᠭᠠᠨ ᠪᠢᠰᠢᠷᠡᠳᠡᠭ ᠪᠢᠯᠡ᠃ ᠴᠠᠬᠢᠯᠭᠠᠨ ᠲᠣᠭᠣᠭ᠎ᠠ ᠂ ᠡᠭᠦᠳᠡ ᠴᠣᠩᠬᠣ᠌ᠰᠡᠯᠪᠢᠨ ᠵᠠᠰᠠᠬᠤ ᠡᠴᠡ ᠥᠨᠳᠥᠷ ᠬᠦᠴᠦᠳᠡᠯᠲᠦ ᠴᠠᠬᠢᠯᠭᠠᠨ ᠂ ᠮᠠᠯ ᠲᠠᠷᠢᠶᠠᠯᠠᠩᠤᠨ ᠮᠠᠰᠢᠨ ᠮᠧᠬᠠᠨᠢᠭ᠋ ᠰᠡᠯᠪᠢᠭᠦ ᠬᠦᠷᠳᠡᠯ᠎ᠠ ᠤᠢᠷ᠎ᠠ ᠬᠠᠪᠢ ᠵᠢᠨ ᠮᠠᠯᠴᠢᠳ ᠨᠢ ᠵᠦᠩᠳᠡᠭᠡᠨ ᠲᠡᠭᠦᠨᠡᠴᠡ ᠲᠤᠰᠠᠯᠠᠮᠵᠢ ᠭᠤᠶᠤᠳᠠᠭ ᠠᠵᠢ᠃
《ᠮᠠᠯᠵᠢᠬᠤ ᠣᠷᠣᠨᠳᠠᠭᠠᠨ ᠪᠤᠴᠠᠭᠰᠠᠨᠤ ᠳᠠᠷᠠᠭ᠎ᠠ ᠣᠷᠣᠯᠭ᠎ᠠ ᠪᠠᠭᠠᠰᠤᠭᠰᠠᠨ ᠬᠡᠳᠡᠭ ᠪᠣᠯᠪᠠᠴᠤ ᠮᠢᠨᠦ ᠬᠤᠪᠢ ᠳ᠋ᠦ ᠨᠤᠲᠤᠭ ᠤᠰᠤᠪᠠᠨ ᠰᠠᠢᠲᠤᠷ ᠰᠠᠬᠢᠨ ᠬᠠᠮᠠᠭᠠᠯᠠᠵᠤ᠂ ᠦᠪᠡᠷᠤᠨ ᠬᠡᠰᠡᠨ ᠠᠮᠢᠳᠤᠷᠠᠬᠤᠢ ᠵᠢᠨ ᠦᠨ᠎ᠡ ᠦᠷᠳᠡᠭ ᠵᠢᠡᠨ ᠪᠠᠳᠠᠷᠠᠭᠤᠯᠬᠤ ᠨᠢ ᠬᠠᠮᠤᠭᠤᠨ ᠶᠡᠭᠡ ᠵᠢᠷᠭᠠᠯ ᠬᠡᠮᠡᠨ ᠪᠢ ᠪᠤᠳᠤᠳᠠᠭ》ᠭᠡᠵᠤ ᠭᠠᠡᠭᠪᠣᠯᠣᠳ ᠰᠡᠳᠬᠢᠯᠦᠨ ᠦᠭᠡᠪᠡᠨ ᠲᠡᠯᠭᠡᠯ᠎ᠡ᠃ ᠲᠡᠭᠦᠨᠤ ᠡᠢᠮᠦᠷᠭᠦᠦ ᠵᠤᠷᠢᠭ ᠰᠠᠨᠠᠭ᠎ᠠ ᠨᠢ ᠲᠠᠯ᠎ᠠ ᠨᠤᠳᠤᠭᠲᠤ ᠦᠷᠡᠴᠢᠯᠡᠭᠳᠡᠭᠰᠡᠨ ᠡᠠᠪᠤ ᠡᠵᠢ ᠵᠢᠨ ᠬᠢᠨᠢ ᠬᠦᠮᠦᠵᠢᠯ ᠨᠦᠯᠦᠭᠡᠯᠡᠯ ᠡᠴᠡ ᠪᠤᠯᠵᠤ ᠮᠢᠬ᠎ᠠ ᠴᠢᠰᠦᠨ ᠳ᠋ᠤᠨᠢ ᠰᠢᠩᠭᠡᠭᠰᠡᠨ ᠪᠤᠯᠬᠤᠷ ᠲᠡᠷᠡ ᠶᠡᠷᠦᠨᠢ ᠲᠠᠯ᠎ᠠ ᠨᠤᠳᠤᠭ ᠲᠠᠭᠠᠨ ᠶᠠᠭᠤ ᠨᠢᠭᠡ ᠵᠢ ᠡᠷᠭᠦᠭᠦ ᠵᠢ ᠯᠡ ᠪᠤᠳᠤᠳᠠᠭ ᠠᠵᠢ᠃
ᠲᠠᠯ᠎ᠠ ᠵᠢᠨ ᠬᠦᠨ ᠳ᠋ᠡᠬᠢ 《ᠰᠢᠨ᠎ᠠ ᠮᠠᠯᠴᠢᠨ》
ᠴᠤᠤᠷᠢᠶ᠎ᠠ ᠳᠡᠭᠡᠷ᠎ᠠ 《ᠲᠠᠯ᠎ᠠ ᠨᠤᠲᠤᠭᠤᠨ ᠰᠢᠨ᠎ᠡ ᠮᠠᠯᠴᠢᠨ ᠸᠸᠢ ᠬᠤᠸᠠ》 ᠭᠡᠬᠦ ᠳ᠋ᠤᠭᠠᠷ ᠵᠢᠡᠷ ᠡᠴᠡᠩᠬᠡᠢ ᠥᠨᠳᠥᠷ ᠪᠡᠶᠡᠲᠠᠢ ᠂ ᠨᠢᠳᠦᠨ ᠳ᠋ᠡᠭᠡᠨ ᠰᠢᠯᠲᠠᠢ᠂ ᠨᠢᠭᠤᠷ ᠲᠠᠭᠠᠨ ᠴᠤᠭ ᠲᠠᠢ ᠨᠠᠶᠠᠭᠠᠳ ᠤᠨᠤ ᠰᠡᠭᠦᠯᠴᠢ ᠪᠡᠷ ᠲᠦᠷᠦᠭᠰᠡᠨ ᠨᠢᠭᠡᠨ ᠮᠠᠯᠴᠢᠨ ᠵᠠᠯᠠᠭᠤ ᠦᠷᠭᠦᠯᠵᠢ ᠡᠳᠦᠷ ᠲᠤᠳᠤᠮᠤᠨ ᠦᠢᠯᠡᠳᠪᠦᠷᠢᠯᠡᠯ ᠠᠮᠢᠳᠤᠷᠠᠯᠤᠨ ᠪᠠᠢᠳᠠᠯ ᠵᠢᠡᠨ ᠬᠤᠪᠢᠶᠠᠯᠴᠠᠵᠤ ᠤᠯᠠᠨ ᠬᠦᠷᠢᠶᠡᠯᠡᠭᠴᠢ ᠲᠠᠢ ᠪᠤᠯᠵᠠᠢ᠃ ᠲᠡᠷᠡ ᠪᠣᠯ ᠳᠥᠷᠪᠡᠳ ᠬᠣᠰᠢᠭᠤᠨᠤ ᠪᠠᠶᠠᠬᠤᠪᠣᠭᠠ ᠰᠤᠮᠤ ᠵᠢᠨ ᠰᠢᠪᠠᠭ ᠭᠠᠴᠠᠭᠠᠨᠤ ᠮᠠᠯᠴᠢᠨ᠂ ᠮᠦᠨ ᠴᠤ ᠭᠠᠴᠠᠭᠠᠨᠤ ᠪᠠᠨ 《ᠬᠤᠶᠠᠷ ᠵᠦᠪᠯᠡᠯ》ᠤᠨ ᠬᠡᠰᠢᠭᠦᠨ ᠪᠤᠯᠤᠨ᠎ᠠ᠃
ᠪᠠᠶᠠᠠᠠᠤᠪᠤᠭ᠎ᠠ ᠰᠤᠮᠤ ᠵᠢᠨ ᠠᠭᠤᠳᠠᠮ ᠲᠠᠯ᠎ᠠ ᠵᠢᠨ ᠦᠷᠦᠴᠡᠨ ᠳ᠋ᠦ ᠬᠡᠳᠦᠨ ᠠᠷᠪᠠᠨ ᠮᠧᠲᠷᠤᠷᠳᠤ ᠲᠤᠭᠤᠰᠬᠠᠨ ᠪᠠᠢᠰᠢᠩ ᠪᠠ ᠲᠡᠮᠦᠷ ᠰᠠᠷᠠᠯᠵᠢᠪᠠᠷ ᠬᠦᠷᠢᠶᠡᠯᠡᠭᠰᠡᠨ ᠲᠣᠮᠤᠬᠠᠨ ᠬᠤᠷᠤᠭ᠎ᠠ ᠰᠠᠷᠠᠪᠴᠢ ᠬᠦᠨᠳᠡᠯᠢᠰᠦᠨ ᠬᠠᠷᠠᠬᠳᠠᠨ᠎ᠠ᠃ ᠡᠨᠡ ᠪᠤᠯ ᠸᠸᠢ ᠬᠤᠸᠠ ᠵᠢᠨ ᠰᠠᠭᠤᠷᠢᠰᠢᠯ ᠮᠦᠨ᠂ ᠪᠢᠳᠡᠨᠢ ᠬᠦᠷᠭᠦ ᠳᠦ ᠬᠡᠳᠦᠨ ᠵᠠᠭᠤᠨ ᠬᠠᠷ᠎ᠠ ᠲᠣᠯᠣᠭᠠᠢᠳᠦ ᠬᠣᠨᠢ ᠫᠸᠩ ᠬᠤᠷᠤᠭ᠎ᠠ ᠪᠡᠷ ᠨᠢ ᠰᠢᠬᠠᠯᠳᠤᠨ ᠬᠦᠶᠦᠯᠳᠦᠵᠦ ᠪᠠᠢᠯ᠎ᠠ᠃
ᠠᠮᠢ ᠠᠬᠤᠢᠶᠢᠨ ᠣᠷᠴᠢᠨ ᠲᠣᠭᠣᠷᠢᠨ ᠮᠠᠭᠤᠳᠠᠬᠤᠶᠢ ᠳᠠᠭᠠᠯᠳᠤᠨ᠂ ᠬᠥᠮᠥᠨ ᠠᠮᠠ ᠴᠥᠭᠡᠨ᠂ ᠪᠣᠶ᠋ᠢᠳᠠ ᠪᠥᠭᠯᠡᠭᠦᠦ ᠬᠢᠯᠢ ᠬᠢᠵᠠᠭᠠᠷ ᠣᠷᠣᠨᠤ ᠬᠥᠮᠥᠰᠤᠨ ᠬᠣᠲᠠᠣᠷᠣᠵᠤ ᠠᠮᠢᠳᠤᠷᠠᠬᠤ ᠨᠢ ᠶᠠᠪᠤᠬᠤ ᠲᠤᠲᠤᠮ ᠣᠯᠠᠰᠢᠷᠠᠪᠠ᠂ ᠭᠡᠪᠡᠴᠦ ᠸᠧᠢ ᠬᠤᠸᠠ ᠠᠷᠪᠠᠭᠠᠳ ᠵᠢᠯᠤᠨ ᠡᠮᠦᠨ᠎ᠡ ᠤᠯᠤᠰᠤᠨ ᠥᠮᠴᠢᠯᠡᠯᠦᠨ ᠠᠵᠤ ᠠᠬᠤᠢᠯᠠᠯᠤᠨ ᠠᠵᠢᠯᠢᠶᠠᠨ ᠤᠷᠬᠢᠭᠠᠳ ᠠᠷᠤ ᠬᠡᠷ ᠬᠦᠳᠡᠭᠡ ᠨᠤᠲᠤᠭᠲᠠᠭᠠᠨ ᠪᠤᠴᠠᠵᠤ ᠂ ᠮᠠᠯᠵᠢᠯ ᠠᠮᠢᠳᠤᠷᠠᠯ ᠵᠢᠡᠨ ᠡᠬᠢᠯᠡᠭᠦᠯᠦᠭᠰᠡᠨ ᠪᠢᠯᠡ᠃《ᠤᠤᠯ ᠨᠢ ᠪᠢ ᠰᠤᠷᠭᠠᠭᠤᠯᠢ ᠪᠡᠨ ᠲᠡᠭᠦᠰᠦᠭᠡᠳ ᠳᠤᠮᠳᠠᠳᠤ ᠤᠯᠤᠰᠤᠨ ᠳᠠ ᠲᠠᠩ ᠪᠦᠯᠦᠭᠯᠡᠯᠦᠨ ᠬᠢᠵᠠᠭᠠᠷᠲᠤ ᠺᠣᠮᠫᠠᠨᠢᠳᠤ ᠠᠵᠢᠯᠯᠠᠵᠤ ᠪᠠᠢᠵᠠᠢ᠃ 2014 ᠣᠨᠳᠤ ᠠᠪᠤ ᠮᠢᠨᠢ ᠡᠪᠡᠳᠴᠢᠯᠡᠭᠡᠳ ᠂ ᠮᠠᠯᠵᠢᠬᠤ ᠠᠮᠢᠳᠤᠷᠠᠯᠤᠨ ᠬᠦᠨᠳᠦ ᠡᠭᠦᠷᠭᠡ ᠡᠵᠢᠶᠢᠨ ᠮᠦᠷᠦᠨ ᠳᠡᠭᠡᠷ᠎ᠠ ᠲᠤᠰᠪᠠ ᠂ ᠲᠡᠭᠡᠭᠡᠳ ᠪᠢ ᠬᠠᠷᠢᠵᠤ ᠮᠠᠯ ᠮᠠᠯᠵᠢᠬᠤᠪᠠᠷ ᠵᠣᠷᠢᠭ᠋ ᠰᠢᠭᠤᠳᠤᠨ ᠨᠤᠲᠤᠭᠲᠠᠭᠠᠨ ᠢᠷᠡᠭᠰᠡᠨ ᠶᠤᠮ 》 ᠭᠡᠵᠤ ᠸᠸᠢ ᠬᠤᠸᠠ ᠬᠡᠯᠡᠨ᠎ᠠ᠃
ᠬᠤᠯᠠ ᠶᠠᠪᠤᠵᠤ ᠨᠢᠳᠦ ᠨᠡᠭᠡᠭᠡᠭᠰᠡᠨ ᠸᠸᠢ ᠬᠤᠸᠠ ᠨᠤᠲᠤᠭᠲᠠᠭᠠᠨ ᠪᠤᠴᠠᠬᠰᠠᠨᠤ ᠬᠤᠢᠨ᠎ᠡ᠂ ᠥᠪᠡᠷᠦᠨ ᠪᠡᠶᠡᠳᠡᠭᠡᠨ《ᠰᠢᠨ᠎ᠡ ᠮᠠᠯᠴᠢᠨ》 ᠭᠡᠬᠦ ᠪᠠᠢᠷᠢ ᠲᠣᠭᠲᠠᠭᠠᠯᠲᠠ ᠦᠭᠴᠠᠢ᠃ ᠸᠧᠢ ᠬᠤᠸᠠᠶᠢᠨ ᠦᠵᠡᠬᠦᠪᠡᠷ ᠂ ᠠᠮᠢ ᠠᠬᠤᠢ ᠬᠡᠪᠡᠷᠡᠭ ᠬᠢᠯᠢ ᠬᠢᠵᠠᠭᠠᠷ ᠤᠷᠤᠨ ᠵᠢᠡᠷ ᠮᠠᠯᠵᠢᠯ ᠠᠮᠢᠳᠤᠷᠠᠯ ᠡᠷᠬᠢᠯᠡᠭᠦ ᠳ᠋ᠤ ᠲᠡᠭᠷᠢᠵᠢᠨ ᠴᠢᠷᠠᠢ ᠬᠠᠷᠠᠳᠠᠭ ᠤᠯᠠᠮᠵᠢᠯᠠᠯᠲᠤ ᠮᠠᠯ ᠮᠠᠯᠵᠢᠯᠤᠨ ᠠᠷᠭ᠎ᠠ ᠬᠡᠯᠪᠡᠷᠢ ᠪᠡᠨ ᠵᠠᠪᠠᠯ ᠦᠭᠡᠷᠡᠴᠢᠯᠡᠭᠦ ᠴᠢᠬᠤᠯᠠᠳᠠᠢ᠃ ᠴᠥᠭᠡᠨ ᠲᠡᠵᠢᠭᠡᠵᠦ ᠨᠠᠷᠢᠯᠢᠭ᠋ ᠠᠷᠠᠴᠢᠯᠠᠬᠤ ᠂ ᠴᠢᠨᠠᠷ ᠰᠠᠢᠲᠠᠢᠮᠠᠯᠵᠢᠬᠤ ᠨᠢ ᠰᠠᠶᠢ ᠬᠢᠯᠢ ᠨᠤᠲᠤᠭᠲᠤ ᠨᠠᠩ ᠲᠣᠬᠢᠷᠠᠨ᠎ᠠ᠂ ᠡᠨᠡᠬᠦ᠌ ᠰᠡᠳᠬᠢᠮᠵᠢᠪᠡᠷ ᠮᠠᠯ ᠠᠵᠤ ᠠᠬᠤᠢ ᠪᠡᠨ ᠲᠠᠰ ᠳᠡᠪᠰᠢᠭᠦᠯᠦᠨ ᠬᠥᠭᠵᠢᠭᠦᠯᠪᠡᠯ ᠰᠠᠶᠢ ᠰᠢᠨ᠎ᠡ ᠮᠠᠯᠴᠢᠨᠳᠦ ᠲᠣᠭᠠᠴᠢᠭᠳᠠᠨ᠎ᠠ ᠬᠡᠵᠤ ᠲᠠᠨᠢᠵᠤ ᠤᠯᠤᠬᠰᠠᠨ ᠵᠢᠡᠨ ᠂ ᠮᠠᠯᠵᠢᠬᠤ ᠠᠮᠢᠳᠤᠷᠠᠯ ᠳ᠋ᠠᠭᠠᠨ ᠡᠬᠢᠯᠡᠨ《ᠥᠭᠡᠷᠡᠴᠢᠯᠡᠯᠲᠡ》 ᠬᠢᠵᠦ ᠮᠠᠯ ᠠᠵᠤ ᠠᠬᠤᠢ ᠵᠢᠨ ᠪᠦᠳᠦᠴᠡ ᠵᠢᠨ ᠲᠠᠯᠠᠳᠤ ᠲᠤᠬᠢᠷᠠᠭᠤᠯᠤᠯᠳᠠ ᠬᠢᠪᠠ᠃ 《ᠦᠭᠡᠷᠡᠴᠢᠯᠡᠯᠳᠡ》 ᠪᠡᠨ ᠠᠬᠢᠭᠤᠯᠬᠤ ᠳᠤᠮᠳᠠ ᠲᠡᠭᠦᠨᠳᠦ ᠪᠠᠭ᠎ᠠ ᠪᠤᠰᠤ ᠬᠦᠴᠢᠷᠳᠡᠯ ᠲᠤᠯᠭᠠᠷᠠᠬᠰᠠᠨ ᠪᠠᠢᠨ᠎ᠠ᠃ ᠨᠤᠲᠤᠭᠲᠠᠭᠠᠨ ᠪᠤᠴᠠᠭᠰᠠᠨᠤ ᠳᠠᠷᠠᠭᠠᠬᠢ ᠲᠦᠷᠪᠡᠳᠦᠬᠡᠷ ᠵᠢᠯᠳᠦ ᠸᠸᠢ ᠬᠤᠸᠠ ᠶᠠᠭᠤᠨᠤ ᠡᠮᠦᠨ᠎ᠡ ᠬᠣᠨᠢᠨᠤ ᠡᠭᠦᠯᠳᠡᠷ ᠰᠠᠢᠵᠢᠷᠠᠭᠤᠯᠬᠤ ᠠᠵᠢᠯ ᠵᠢᠡᠨ ᠡᠬᠢᠯᠡᠭᠦᠯᠪᠡ᠂ ᠲᠤᠬᠠᠢᠶᠢᠨ ᠦᠶᠡᠳᠦ ᠠᠪᠤ ᠨᠢ ᠲᠡᠭᠦᠨᠤ ᠦᠵᠡᠯ ᠪᠤᠳᠤᠯᠢ ᠶᠠᠭ ᠳᠡᠮᠵᠢᠬᠦ ᠦᠭᠡᠢ ᠪᠠᠢᠵᠠᠢ᠃《 ᠪᠢ ᠡᠴᠢᠨᠡᠨ ᠵᠢᠯ ᠮᠠᠯ ᠮᠠᠯᠵᠢᠭᠠᠳ ᠴᠢᠮᠠᠠᠴᠠ ᠢᠯᠡᠭᠦᠦ ᠶᠠᠭᠤᠮ᠎ᠠ ᠮᠡᠳᠡᠬᠦ ᠦᠭᠡᠢ ᠤᠤ? ᠬᠡᠵᠤ ᠠᠪᠤ ᠦᠷᠭᠦᠯᠵᠢ ᠮᠢᠨᠦ ᠦᠵᠡᠯ ᠪᠤᠳᠤᠯᠢ ᠡᠰᠡᠷᠭᠦᠴᠡᠳᠡᠭ ᠪᠠᠢᠬᠰᠠᠨ ᠡ 》 ᠬᠡᠵᠤ ᠸᠸᠢ ᠬᠤᠸᠠ ᠡᠷᠬᠢᠴᠡᠭᠦᠯᠦᠨ ᠶᠠᠷᠢᠨ᠎ᠡ᠃ ᠰᠡᠭᠦᠯᠡᠷ ᠨᠢ ᠠᠪᠤ ᠳ᠋ᠠᠭᠠᠨ 《ᠦᠵᠡᠭᠦᠯᠭᠦ》 ᠬᠡᠮᠡᠷ ᠲᠡᠷᠡ ᠤᠷᠢᠳᠢᠶᠡᠷ 4 ᠲᠣᠯᠣᠭᠠᠢ ᠳᠦ ᠪᠥᠸᠧ ᠬᠤᠴᠠ ᠬᠤᠳᠠᠯᠳᠤᠨ ᠠᠪᠴᠤ ᠬᠣᠨᠢᠨ ᠰᠦᠷᠦᠭᠲᠡᠭᠡᠨ ᠲᠠᠯᠪᠢᠪᠠ᠂ ᠲᠡᠷᠡ ᠵᠢᠯ ᠨᠢ ᠬᠣᠨᠢᠨᠤ ᠦᠨ᠎ᠡ ᠶᠡᠬᠡᠪᠡᠷ ᠪᠠᠭᠤᠷᠠᠭᠰᠠᠨ ᠪᠣᠯᠪᠠᠴᠤ ᠡᠳᠡᠨ ᠤ ᠡᠭᠦᠯᠳᠡᠷ ᠰᠠᠢᠵᠢᠷᠠᠭᠤᠯᠤᠭᠰᠠᠨ ᠳᠦ ᠮᠧᠩ ᠬᠣᠨᠢ ᠨᠢ ᠬᠠᠷᠢᠨ ᠰᠠᠢᠨ ᠦᠨᠡᠳᠦ ᠬᠦᠷᠴᠠᠢ᠃ ᠲᠡᠭᠦᠨ ᠡᠴᠡ ᠬᠤᠢᠰᠢ ᠸᠸᠢ ᠬᠤᠸᠠ ᠵᠢᠨ ᠠᠪᠤ ᠰᠠᠶᠢ 《ᠶᠠᠭᠤ ᠬᠢᠭᠰᠡᠨᠴᠤ ᠦᠪᠡᠷ ᠵᠢᠡᠨ ᠰᠢᠢᠳ》 ᠬᠡᠭᠦ ᠪᠤᠯᠤᠬᠰᠠᠨ ᠬᠡᠨ᠎ᠡ᠃
ᠸᠧᠢ ᠬᠤᠸᠠ ᠬᠣᠨᠢᠨᠤ ᠪᠠᠨ ᠡᠭᠦᠯᠳᠡᠷᠢ ᠰᠠᠢᠵᠢᠷᠠᠭᠤᠯᠵᠤ ᠪᠠᠷᠠᠭᠠᠳ᠂ ᠦᠢᠷᠡᠶᠢᠨ ᠬᠡᠳᠦᠨ ᠵᠢᠯ ᠡᠴᠡ ᠦᠭᠡᠷᠦᠨ ᠡᠭᠦᠯᠳᠡᠷ ᠰᠠᠢᠵᠢᠷᠠᠭᠤᠯᠬᠤ ᠠᠵᠢᠯᠢᠶᠠᠨ ᠡᠬᠢᠯᠡᠭᠦᠯᠪᠡ᠃ ᠲᠦᠷᠦᠭᠦᠭᠡᠨ ᠲᠡᠷᠡ ᠲᠦᠡᠭᠯᠢᠶᠤᠤ ᠬᠤᠳᠠ ᠵᠢᠨ ᠬᠤᠷᠴᠢᠨ ᠵᠡᠭᠦᠨ ᠭᠠᠷᠤᠨ ᠬᠤᠢᠲᠦ ᠬᠤᠰᠢᠭᠤᠨ ᠳ᠋ᠦ ᠬᠦᠷᠴᠦ ᠦᠬᠡᠷᠦᠨ ᠬᠡᠭᠡᠯᠲᠦᠭᠦᠯᠭᠡᠶᠢᠨ ᠮᠡᠷᠭᠡᠵᠢᠯᠢ ᠰᠤᠷᠤᠯᠴᠠᠪᠡ᠃ 《 ᠪᠢ ᠥᠪᠡᠷ ᠲᠡᠭᠡᠨ ᠬᠡᠭᠡᠯᠲᠦᠭᠦᠯᠭᠡ ᠬᠢᠵᠦ ᠡᠭᠦᠯᠳᠡᠷᠰᠠᠢᠵᠢᠷᠠᠭᠤᠯᠬᠤ ᠰᠠᠨᠠᠭ᠎ᠠ ᠲᠠᠢ᠃ ᠤᠴᠢᠷ ᠨᠢ ᠮᠠᠨᠤ ᠮᠠᠯᠵᠢᠬᠤ ᠣᠷᠣᠨ ᠬᠣᠲᠠ ᠲᠣᠭᠣᠷᠢᠭ᠋ᠠᠴᠠ ᠬᠣᠯᠠ᠂ ᠮᠠᠯᠤᠨ ᠡᠮᠴᠢ ᠵᠠᠯᠠᠬᠤᠳᠤ ᠴᠠᠭ ᠭᠡᠷᠡᠭᠰᠡᠨ᠎ᠡ᠂ ᠬᠠᠮᠤᠭᠤᠨ ᠲᠣᠬᠢᠷᠠᠮᠵᠢᠲᠠᠢ ᠴᠠᠭ ᠬᠤᠭᠤᠴᠠᠭᠠᠶᠢ ᠨᠢ ᠠᠮᠠᠷᠬᠠᠨ ᠠᠯᠲᠠᠴᠢᠬᠠᠳᠠᠭ᠃ ᠥᠪᠡᠰᠦᠪᠡᠨ ᠮᠡᠷᠭᠡᠵᠢᠯᠢ ᠨᠢ ᠰᠤᠷᠴᠢᠬᠠᠪᠠᠯ ᠵᠠᠷᠤᠳᠠᠯ ᠮᠦᠩᠭᠦ ᠪᠡᠨᠴᠦ ᠠᠷᠪᠢᠯᠠᠴᠢᠬᠠᠨ᠎ᠠ 》 ᠬᠡᠯᠡ᠃ ᠤᠳᠤ ᠠᠢᠯ ᠰᠠᠭᠠᠬᠠᠯᠳᠠ ᠵᠢᠨ ᠬᠢᠨ ᠨᠡᠯᠢᠶᠡᠳ ᠮᠠᠯᠴᠢᠨ ᠲᠡᠭᠦᠨ ᠡᠴᠡ ᠭᠡᠭᠡᠯᠳᠦᠭᠦᠯᠭᠡ ᠬᠢᠬᠦ ᠮᠡᠷᠭᠡᠵᠢᠯ ᠰᠤᠷᠬᠤ ᠰᠠᠨᠠᠭ᠎ᠠ ᠲᠠᠢ ᠪᠤᠯᠵᠠᠢ᠃ 《 ᠪᠢ ᠲᠠᠳᠠᠨ ᠳ᠋ᠦ᠍ ᠦᠨ᠎ᠠ ᠲᠦᠯᠦᠪᠦᠷᠢ ᠦᠭᠡᠢ ᠪᠡᠷ ᠵᠢᠭᠠᠵᠤ ᠦᠭᠭᠦᠨ᠎ᠠ 》 ᠭᠡᠵᠦ ᠸᠸᠢ ᠬᠤᠸᠠ ᠰᠢᠢᠳᠮᠡᠭ ᠬᠡᠯᠡᠯ᠎ᠡ᠃
10 ᠰᠢᠬᠠᠮ ᠵᠢᠯᠤᠨ ᠴᠢᠷᠮᠠᠢᠯᠭᠠᠪᠠᠷ ᠂ ᠸᠧᠢ ᠬᠤᠸᠠ ᠵᠢᠨ ᠬᠢᠨ ᠤᠳᠤ 300 ᠭᠠᠷᠤᠢ ᠬᠣᠨᠢ ᠢᠮᠠᠭ᠎ᠠ᠂ 60 ᠭᠠᠷᠤᠢ ᠦᠬᠡᠷ ᠮᠠᠯᠵᠢᠵᠤ᠂ ᠡᠪᠡᠰᠦ ᠪᠣᠷᠳᠣᠭᠠᠨᠤ ᠰᠠᠭᠤᠷᠢᠨ᠂ ᠡᠯ᠎ᠡ ᠲᠥᠷᠥᠯᠦᠨ ᠮᠠᠰᠢᠨ ᠮᠸᠬᠠᠨᠢᠭ ᠢᠵᠢ ᠪᠦᠷᠢᠨ ᠪᠤᠯᠵᠠᠢ᠃ ᠮᠠᠯᠤᠨ ᠲᠣᠭ᠎ᠠ ᠲᠣᠯᠣᠭᠠᠢ ᠨᠢ 2014 ᠣᠨᠤ ᠬᠢᠡᠴᠡ ᠨᠢ ᠪᠠᠭᠠᠰᠤᠭᠰᠠᠨ ᠬᠡᠳᠡᠭ ᠪᠣᠯᠪᠠᠴᠤ ᠣᠷᠣᠯᠭ᠎ᠠ ᠨᠢ ᠬᠠᠷᠢᠨ ᠳᠠᠬᠢᠨᠢᠶᠠᠷ ᠨᠡᠮᠡᠭᠳᠡᠭᠰᠡᠨ ᠪᠠᠢᠯ᠎ᠠ᠃
《1988 ᠤᠨᠳᠦ ᠪᠢ ᠨᠤᠳᠤᠭᠤᠨ ᠵᠢᠡᠨ ᠸᠸᠢ ᠬᠤᠸᠠᠢ ᠬᠤᠸᠠ ᠭᠡᠰᠡᠨ ᠬᠢᠳᠠᠳ ᠵᠠᠯᠠᠭᠤ ᠲᠠᠢ ᠠᠢᠯ ᠬᠡᠷ ᠪᠤᠰᠬᠠᠵᠤ᠂ ᠸᠸᠢ ᠬᠤᠸᠠ᠂ ᠸᠸᠢ ᠶᠢᠩ ᠬᠤᠶᠠᠷ ᠬᠦᠦ ᠵᠠᠶᠠᠭᠠᠵᠠᠢ᠃ ᠬᠤᠶᠠᠷ ᠬᠦᠦ ᠪᠡᠨ ᠪᠦᠷ ᠪᠢᠴᠢᠭ ᠰᠤᠶᠤᠯ ᠤᠨ ᠮᠦᠷ ᠬᠦᠭᠡᠭᠡᠯᠭᠡᠭᠡᠳ ᠤᠳᠤ ᠪᠦᠷ ᠠᠢᠯ ᠭᠡᠷ ᠪᠤᠯᠵᠦ ᠦᠷ᠎ᠡ ᠬᠡᠤᠭᠡᠳ ᠲᠠᠢ ᠪᠤᠯᠪᠠ᠃ ᠮᠢᠨᠦ ᠬᠤᠶᠠᠷ ᠬᠡᠤᠬᠡᠳ ᠨᠤᠳᠤᠭ ᠤᠰᠤ ᠠᠪᠤ ᠡᠵᠢ ᠪᠠᠨ ᠪᠤᠳᠤᠭᠠᠳ ᠯᠡ ᠬᠤᠳᠠ ᠭᠠᠵᠠᠷ ᠦᠯᠡᠳᠡᠭᠰᠡᠨ ᠦᠭᠡᠢ ᠂ ᠨᠤᠳᠤᠭ ᠲᠠᠭᠠᠨ ᠪᠤᠴᠠᠵᠦ ᠢᠷᠡᠭᠰᠡᠨ ᠶᠤᠮ᠃ ᠤᠳᠤ ᠮᠠᠨᠤ ᠬᠢᠨᠤ ᠬᠠᠳᠠᠮ ᠠᠪᠤ ᠂ ᠬᠤᠶᠠᠷ ᠭᠦᠦ᠂ ᠭᠤᠷᠪᠡᠨ ᠤᠮᠪᠤᠯᠤ ᠲᠠᠢ ᠪᠡᠨ ᠲᠦᠷᠪᠡᠨ ᠦᠶ᠎ᠠ ᠪᠡᠷ ᠵᠢᠡᠨ ᠰᠠᠢᠬᠠᠨ ᠠᠮᠢᠳᠤᠷᠠᠵᠤ ᠪᠠᠢᠨ᠎ᠠ》 ᠭᠡᠵᠤ ᠸᠸᠢ ᠬᠤᠸᠠ ᠵᠢᠨ ᠡᠵᠢ ᠰᠤᠶᠤᠯᠴᠡᠴᠡᠭ ᠰᠡᠳᠬᠢᠯ ᠬᠠᠩᠬᠤᠯᠤᠭᠤᠨ ᠶᠠᠷᠢᠨ᠎ᠠ᠃
ᠸᠸᠢ ᠬᠤᠸᠠ ᠵᠢᠨ ᠲᠦᠷᠦᠭᠰᠡᠨ ᠨᠤᠳᠤᠭ ᠰᠢᠪᠠᠭ ᠭᠠᠴᠠᠭ᠎ᠠ ᠪᠣᠯ ᠮᠤᠡᠭᠭᠤᠯ᠂ ᠬᠢᠳᠠᠳ᠂ ᠬᠤᠳᠤᠡᠭ ᠂ ᠮᠠᠨᠵᠤ ᠵᠡᠷᠭᠡ ᠦᠨᠳᠦᠰᠦᠲᠡᠨᠤ ᠤᠯᠠᠨ ᠲᠦᠮᠡᠨ ᠵᠢᠡᠷ ᠪᠦᠷᠢᠯᠳᠦᠭᠰᠡᠨ ᠠᠢᠯ ᠲᠣᠰᠬᠣᠨ ᠪᠠᠢᠵᠤ᠂ ᠮᠠᠯ ᠠᠵᠤ ᠠᠬᠤᠢ ᠪᠡᠷ ᠭᠤᠤᠯᠯᠠᠭᠤᠯᠵᠤ ᠪᠠᠢᠳᠠᠭ᠃ ᠨᠤᠳᠤᠭ ᠲᠠᠭᠠᠨ ᠪᠤᠴᠠᠬᠰᠠᠨᠤ ᠲᠠᠷᠠᠭ᠎ᠠ ᠸᠸᠢ ᠬᠤᠸᠠ ᠠᠮᠢ ᠬᠤᠪᠢ ᠪᠡᠨ ᠪᠤᠳᠤᠵᠤ ᠯᠡ ᠰᠠᠭᠤᠭᠰᠠᠨ ᠪᠢᠰᠢ ᠬᠠᠷᠢᠨ ᠨᠤᠲᠤᠭ ᠤ᠋ᠨ ᠤᠯᠠᠨ ᠲᠠᠢ ᠪᠠᠨ ᠬᠠᠮᠳᠤ ᠪᠠᠶᠡᠵᠢᠬᠤ ᠵᠢ ᠵᠤᠷᠢᠪᠠ᠃ ᠤᠳᠤ ᠸᠧᠢ ᠬᠤᠸᠠ ᠵᠢᠨ ᠳᠠᠭᠠᠭᠤᠯᠭ᠎ᠠ ᠪᠡᠷ ᠨᠤᠳᠤᠭᠤᠨ ᠮᠠᠯᠴᠢᠳ ᠨᠢ ᠮᠠᠯᠤᠨ ᠡᠭᠦᠯᠳᠡᠷ ᠰᠠᠢᠵᠢᠷᠠᠭᠤᠯᠬᠤ ᠂ ᠰᠢᠨᠵᠢᠯᠡᠬᠦ ᠤᠬᠠᠭᠠᠨᠴᠢᠪᠠᠷ ᠲᠡᠵᠢᠭᠡᠬᠦ ᠂ ᠡᠪᠡᠰᠦ ᠪᠡᠯᠴᠢᠭᠡᠷ ᠳᠠᠷᠢᠬᠤ ᠡᠩᠨᠡᠭᠡᠨᠳᠦ ᠣᠷᠣᠯᠴᠠᠭᠰᠠᠨ ᠪᠥᠭᠡᠳ ᠠᠰᠢᠭ᠋ ᠭᠥᠷᠳᠡᠵᠤ ᠪᠠᠢᠨ᠎ᠠ᠃ 《ᠪᠢ ᠴᠢᠨᠢ ᠤᠳᠤ ᠲᠤᠷᠰᠢᠯᠳᠠ ᠬᠢᠵᠤ ᠪᠠᠢᠭ᠎ᠠ ᠬᠦᠮᠦᠨ ᠰᠢᠦ᠃ ᠲᠦᠷᠦᠭᠦᠦ ᠵᠢᠯᠳᠤ ᠶᠠᠮᠠᠷ ᠨᠢᠭᠡᠨ ᠰᠢᠨ᠎ᠠ ᠡᠭᠦᠳᠦᠯᠳᠡ ᠪᠤᠶᠤ ᠠᠰᠢᠭ ᠤᠯᠪᠡᠯ᠂ ᠲᠠᠷᠠᠭ᠎ᠠ ᠵᠢᠯ ᠳ᠋ᠤ ᠦᠢᠷ᠎ᠠ ᠬᠠᠪᠢ ᠵᠢᠨ ᠮᠠᠯᠴᠢᠳ ᠨᠠᠮᠢ᠋ᠢ ᠳᠠᠭᠠᠵᠤ ᠬᠢᠬᠦ ᠪᠤᠯᠵᠠᠢ》ᠭᠡᠵᠤ ᠲᠡᠷᠡ ᠤᠯᠵᠠᠭᠤᠷᠬᠠᠨ ᠶᠠᠷᠢᠨ᠎ᠠ᠃
ᠤᠷᠭᠤᠮᠠᠯ ᠮᠤᠳᠤ ᠦᠨᠳᠦᠰᠦ ᠪᠡᠷ ᠵᠢᠡᠨ ᠬᠤᠯᠪᠤᠯᠳᠤᠨ᠂ ᠤᠬᠠᠭᠠᠨᠳᠦ ᠬᠦᠮᠦᠰ ᠰᠡᠳᠬᠢᠯ ᠵᠢᠡᠷ ᠵᠢᠡᠨ ᠲᠦᠰᠢᠯᠴᠡᠳᠡᠭ᠃ ᠦᠩ ᠦᠷᠭᠡᠨ ᠬᠢᠯᠢ ᠨᠤᠳᠤᠭ ᠵᠢᠡᠨ ᠭᠠᠬᠴᠠ ᠬᠤᠶᠠᠷ ᠠᠢᠯ ᠵᠢᠡᠷ ᠮᠠᠨᠠᠵᠤ ᠰᠠᠭᠤᠬᠰᠠᠨ ᠮᠠᠯᠴᠢᠨ ᠭᠠᠡᠭᠪᠤᠯᠤᠤᠨ᠂ ᠸᠸᠢ ᠬᠤᠸᠠ ᠨᠡᠷ ᠤᠢ ᠪᠢᠯᠢᠭ᠂ ᠤᠶᠤᠨ ᠤᠬᠠᠭᠠᠨ ᠵᠢᠡᠷ ᠵᠢᠡᠨ ᠬᠦᠮᠦᠨ ᠪᠠᠢᠭᠠᠯᠢ ᠵᠢᠨ ᠡᠶ᠎ᠡ ᠵᠤᠬᠢᠴᠠᠯᠢ ᠢᠯᠡᠷᠡᠭᠦᠯᠦᠨ᠂ ᠦᠭᠬᠢᠶᠠᠮᠦᠷ ᠰᠡᠳᠬᠢᠯ ᠦᠨᠡᠨᠴᠢ ᠢᠳᠡᠭᠡᠯ ᠵᠢᠡᠷ ᠵᠢᠡᠨ ᠬᠦᠮᠦᠠ ᠠᠷᠠᠳᠤᠨ ᠡᠪ ᠪᠦᠯᠬᠦᠮᠳᠡᠯ ᠢ ᠵᠢᠷᠤᠬᠯᠠᠨ᠎ᠠ᠃