ᠠᠯᠳᠠᠨ ᠬᠢᠯᠢ ᠎ᠶᠢᠨ ᠡᠩᠬᠡ ᠎ᠶᠢᠨ ᠮᠠᠨᠠᠭ᠎ᠠ
2023-10-27 17:50:17
ᠵᠣᠬᠢᠶᠠᠭ᠍ᠴᠢ᠄
ᠨᠠᠷᠠᠨᠬᠦᠦ ᠪᠠᠶᠠᠰᠬᠤᠯᠠᠩ ᠰᠠᠷᠠᠭᠤᠯᠬᠠᠨ ᠠᠯᠤᠰ
ᠣᠩᠱᠢᠭ᠍ᠰᠠᠨ ᠣᠳᠠᠭ᠎ᠠ᠄
★★★☆☆

●ᠡᠷᠢᠶᠡᠨ ᠬᠤᠲᠡ᠎ᠡᠴᠡ ᠤᠷᠢᠳ ᠬᠣᠵᠢᠳ 6 ᠪᠦᠬᠦ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠠᠮᠲᠤ ᠨᠢᠭᠡᠴᠢ  ᠪᠠ 8 ᠵᠢᠱ᠌ᠢᠶᠡᠴᠢ ᠬᠤᠪᠢ ᠬᠥᠮᠥᠨ᠂  21 ᠪᠦᠬᠦ ᠠᠢᠮᠠᠭ᠎ᠤᠨ ᠵᠢᠱ᠌ᠢᠶᠡᠴᠢ ᠬᠠᠮᠲᠤ ᠨᠢᠭᠡᠴᠢ ᠪᠠ 30 ᠵᠢᠱ᠌ᠢᠶᠡᠴᠢ ᠬᠤᠪᠢ  ᠬᠥᠮᠥᠨ ᠴᠤᠯᠭᠤᠷᠠᠨ ᠭᠠᠷᠪᠠ᠃

● ᠡᠷᠢᠶᠡᠨ ᠬᠣᠲᠠ᠎ᠶᠢᠨ ᠬᠢᠯᠢ᠎ᠶᠢᠨ ᠬᠠᠮᠢᠶᠠᠷᠤᠯᠲᠠ᠎ᠶᠢᠨ ᠶᠡᠬᠡ ᠠᠩᠭᠢ ᠨᠢ ᠤᠷᠢᠳ ᠬᠣᠵᠢᠳ ᠤᠯᠤᠰ᠎ᠤᠨ ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠲᠣᠪᠴᠢᠶ᠎ᠠ᠎ᠶᠢᠨ 《 ᠠᠮᠵᠢᠯᠲᠠ ᠪᠦᠲᠦᠮᠵᠢ᠎ᠪᠡᠷ ᠲᠣᠪᠣᠢᠮ᠎ᠠ ᠬᠠᠮᠲᠤ ᠨᠢᠭᠡᠴᠢ》᠂ ᠥᠪᠡᠷᠲᠡᠭᠡᠨ ᠵᠠᠰᠠᠬᠤ ᠣᠷᠣᠨ᠎ᠤ 《ᠵᠠᠯᠠᠭᠤᠴᠤᠳ᠎ᠤᠨ ᠪᠣᠯᠪᠠᠰᠤᠨ ᠨᠢᠭᠡᠴᠢ 》 ᠂  ᠥᠪᠥᠷ ᠮᠣᠩᠭᠣᠯ᠎ᠤᠨ ᠬᠢᠯᠢ᠎ᠪᠡᠷ ᠣᠷᠣᠵᠤ ᠭᠠᠷᠬᠤ ᠬᠢᠯᠢ᠎ᠶᠢᠨ ᠬᠠᠮᠠᠭᠠᠯᠠᠯᠲᠠ᠎ᠶᠢᠨ ᠪᠠᠢᠴᠠᠭᠠᠯᠲᠠ᠎ᠶᠢᠨ ᠶᠡᠷᠦᠩᠬᠡᠢ ᠥᠷᠲᠡᠭᠡ᠎ᠶᠢᠨ 《ᠦᠨᠳᠦᠰᠦᠨ ᠱᠠᠲᠤᠨ᠎ᠤ ᠲᠡᠷᠢᠭᠦᠨ᠎ᠦ ᠨᠠᠮ᠎ᠤᠨ ᠵᠣᠬᠢᠶᠠᠨ ᠪᠠᠢᠭᠤᠯᠤᠯᠲᠠ》᠂ ᠥᠪᠥᠷ ᠮᠣᠩᠭᠣᠯ᠎ᠤᠨ ᠬᠢᠯᠢ᠎ᠪᠡᠷ ᠣᠷᠣᠵᠤ ᠭᠠᠷᠬᠤ ᠬᠢᠯᠢ᠎ᠶᠢᠨ ᠬᠠᠮᠠᠭᠠᠯᠠᠯᠲᠠ᠎ᠶᠢᠨ ᠪᠠᠢᠴᠠᠭᠠᠯᠲᠠ᠎ᠶᠢᠨ ᠶᠡᠷᠦᠩᠬᠡᠢ ᠥᠷᠲᠡᠭᠡ᠎ᠶᠢᠨ 《 ᠬᠠᠮᠲᠤ  ᠨᠢᠭᠡᠴᠢ᠎ᠶᠢᠨ ᠭᠤᠷᠪᠠᠳᠤᠭᠠᠷ ᠳᠡᠰ᠎ᠤᠨ ᠭᠠᠪᠢᠶ᠎ᠠ 》 ᠂  ᠰᠢᠯᠢ᠎ᠶᠢᠨ ᠭᠣᠣᠯ ᠠᠢᠮᠠᠭ᠎ᠤᠨ 《ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢ ᠡᠭᠦᠳᠦᠨ ᠪᠠᠶ᠋ᠢᠭᠤᠯᠬᠤ ᠵᠢᠱ᠌ᠢᠶ᠎ᠡ ᠦᠵᠡᠭᠦᠯᠬᠦ  ᠨᠢᠭᠡᠴᠢ 》 ᠂  ᠡᠷᠢᠶᠡᠨ ᠬᠣᠲᠠ᠎ᠶᠢᠨ 《 ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠬᠥᠮᠦᠵᠢᠯ᠎ᠦᠨ ᠰᠠᠭᠤᠷᠢᠨ 》ᠵᠡᠷᠭᠡ ᠢᠷᠠᠭᠤ ᠠᠯᠳᠠᠷ᠎ᠢ ᠬᠦᠷᠲᠡᠵᠤ᠂1ᠬᠤᠪᠢ ᠬᠥᠮᠥᠨ 《ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠤᠪᠢ ᠬᠥᠮᠥᠨ 》 ᠎ᠵᠢᠠᠷ  ᠲᠤᠳᠤᠷᠠᠪᠠ᠃

ᠡᠷᠢᠶᠡᠨ ᠬᠤᠲᠠ᠎ᠨᠢ ᠦᠪᠣᠷ ᠮᠣᠩᠭᠤᠯ᠎ᠤᠨ ᠣᠮᠠᠷᠠᠳᠦ ᠬᠡᠰᠡᠭ᠎ᠲᠤ ᠪᠠᠶ᠋ᠢᠷᠢᠯᠡᠵᠦ᠂ ᠮᠣᠩᠭᠤᠯ ᠣᠯᠣᠰ᠎ᠤᠨ ᠵᠠᠮ᠎ᠤᠨ ᠡᠬᠦᠳᠠ᠎ᠲᠠᠢ ᠬᠢᠯᠢ ᠵᠠᠯᠭᠠᠯᠳᠣᠨ ᠂ ᠬᠢᠯᠢ᠎ᠶᠢᠨ ᠱᠤᠭᠤᠮ ᠨᠢ 72.333  ᠺᠢᠯᠣᠮᠧᠲᠷ ᠤᠷᠲᠤ ᠪᠠᠢᠳᠠᠭ ᠃

ᠡᠨᠡ ᠬᠦ᠌ ᠥᠷᠭᠡᠨ ᠠᠭᠤᠳᠠᠮ ᠬᠢᠯᠢ ᠨᠤᠲᠤᠭ᠎ᠤᠨ ᠬᠦᠮᠦᠨ ᠠᠷᠠᠳ ᠨᠢ ᠠᠮᠢᠨ ᠨᠤᠲᠤᠭ ᠎ᠦᠨ  ᠡᠩᠬᠡ᠎ᠶᠢᠨ  ᠮᠠᠨᠠᠭᠠᠨ᠎ᠳᠤ  ᠭᠠᠪᠰᠢᠭᠠᠢᠯᠠᠵᠤ ᠂ ᠤᠮᠠᠷᠠᠳᠤ ᠬᠢᠯᠢ᠎ᠪᠡᠨ ᠦᠶ᠎ᠡ᠎ᠶᠢᠨ ᠦᠶ᠎ᠡ ᠰᠠᠬᠢᠨ ᠬᠠᠮᠠᠭᠠᠯᠠᠵᠤ ᠂ ᠡᠬᠡ ᠤᠯᠤᠰ᠎ᠤᠨ ᠵᠢᠠᠨ ᠠᠯᠳᠠᠨ ᠬᠢᠯᠢ ᠶ᠋ᠢ ᠪᠡᠬᠢᠵᠢᠭᠦᠯᠦᠨ ᠂  ᠴᠠᠰᠤᠨ ᠲᠡᠭᠡᠷ᠎ᠡ  ᠮᠦᠷ᠎ᠢᠶᠡᠨ  ᠦᠯᠡᠳᠡᠭᠡᠨ ᠂  ᠴᠠᠭᠠᠰᠤᠨ ᠲᠡᠭᠡᠷ᠎ᠡ  ᠨᠡᠷ᠎ᠡ᠎ᠪᠠᠨ  ᠪᠢᠴᠢᠭᠯᠡᠭᠰᠡᠭᠡᠷ ᠁

ᠲᠠᠩᠭᠠᠷᠢᠭ᠋᠄ ᠳᠦᠷᠤ᠎ᠶᠢᠨ ᠰᠦᠯᠲᠡᠨ᠎ᠳᠤ 

ᠦᠭᠬᠦᠭᠰᠡᠨ  ᠴᠢᠩ ᠵᠤᠷᠢᠭ᠋

ᠬᠢᠯᠢ᠎ᠪᠠᠨ ᠴᠤᠭᠴᠠᠯᠠᠵᠤ ᠂  ᠬᠢᠯᠢ᠎ᠪᠠᠨ ᠪᠡᠬᠢᠵᠢᠭᠦᠯᠵᠦ ᠂  ᠬᠢᠯᠢ᠎ᠪᠠᠨ ᠬᠦᠭᠵᠢᠭᠦᠯᠵᠦ ᠂  ᠡᠭᠡ ᠤᠯᠤᠰ᠎ᠤᠨ ᠤᠮᠠᠷᠠᠲᠤ᠎ᠶᠢᠨ ᠠᠮᠤᠷ ᠲᠤᠭᠲᠠᠭᠤᠨ᠎ᠢ ᠰᠠᠬᠢᠨ ᠬᠠᠮᠠᠭᠠᠯᠠᠵᠦ ᠂ ᠠᠷᠠᠳ ᠲᠦᠮᠡᠨ᠎ᠳᠡᠭᠡᠨ  ᠦᠢᠯᠡᠴᠢᠯᠡᠬᠦ  ᠪᠣᠯ ᠴᠠᠬ᠍ᠳᠠᠭ᠎ᠠ ᠪᠤᠶᠠᠨ᠎ᠤ  ᠲᠠᠩᠭᠠᠷᠢᠭ᠋ ᠃  ᠲᠡᠷᠡ ᠪᠡᠷ  ᠡᠷᠢᠶᠡᠨ ᠬᠤᠲᠡ᠎ᠶᠢᠨ ᠭᠡᠷᠡᠯᠲᠦᠣ᠋ᠳᠤ ᠬᠢᠯᠢ ᠵᠢᠨ ᠲᠣᠮᠢᠯᠠᠭᠰᠠᠨ ᠰᠠᠯᠪᠤᠷᠢ ᠵᠢᠨ ᠳᠠᠷᠤᠭ᠎ᠠ ᠃

ᠨᠠᠰᠤᠲᠠᠨ ᠲᠡᠯᠭᠡᠷ᠎ᠦᠨ 300 ᠬᠣᠨᠢ᠎ᠶᠢ ᠬᠠᠮᠵᠢᠵᠤ ᠬᠠᠢᠴᠢᠯᠠᠵᠤ ᠦᠭᠬᠦᠭᠰᠡᠨ ᠂  ᠲᠢᠶᠠᠨ ᠪᠦᠦ ᠬᠤᠸᠠ᠎ᠶᠢᠨ ᠭᠡᠭᠡᠭᠰᠡᠨ 26 ᠬᠣᠨᠢ᠎ᠶᠢ ᠡᠷᠢᠵᠤ ᠤᠯᠤᠬ᠍ᠰᠠᠨ᠂ ᠬᠢᠵᠢᠭ ᠡᠴᠡ ᠪᠣᠯᠵᠤ ᠬᠥᠳᠡᠭᠡ ᠭᠡᠷ ᠲᠡᠭᠡᠨ ᠲᠤᠰᠠᠭᠠᠷᠯᠠᠭᠳᠠᠵᠤ ᠪᠠᠢᠭᠰᠠᠨ ᠮᠠᠯᠴᠢᠨ ᠠᠯᠲᠠᠨᠭᠡᠷᠡᠯ ᠎ᠳᠦ ᠨᠡᠬᠦᠷᠡᠰᠤ  ᠬᠦᠷᠭᠡᠵᠤ ᠦᠭᠬᠦᠭᠰᠡᠨ ᠁ ᠭᠡᠳ ᠴᠠᠬ᠍ᠳᠠᠭ᠎ᠠ ᠪᠤᠶᠠᠨ᠎ᠤ ᠦᠢᠯᠡ ᠠᠵᠢᠯᠯᠠᠭ᠎ᠠ᠎ᠶᠢ ᠶᠠᠷᠢᠭᠠᠳ ᠪᠠᠷᠠᠬᠤ ᠦᠬᠡᠢ ᠃


QQ截图20231027175418.png


ᠬᠢᠯᠢ ᠬᠢᠵᠠᠭᠠᠷ᠎ᠤᠨ ᠠᠰᠠᠭᠤᠳᠠᠯ᠂ᠨᠤᠲᠤᠭ ᠪᠡᠯᠴᠢᠭᠡᠷ᠎ᠦᠨ ᠵᠠᠭᠤᠷᠠᠯᠳᠤᠭᠠᠨ᠂ ᠬᠥᠷᠰᠢ ᠵᠡᠷᠭᠡᠯᠡᠳᠡᠭᠡ ᠶ᠋ᠢᠨ ᠮᠠᠷᠭᠤᠭᠠᠨ᠂  ᠠᠬ᠎ᠠ ᠲᠡᠬᠦᠦ ᠬᠤᠶᠡᠷ᠎ᠤᠨ ᠬᠡᠯᠡ ᠠᠮᠠ᠁ᠤᠴᠢᠷ ᠪᠠᠢᠪᠠᠯ ᠴᠠᠭᠳᠠᠭ᠎ᠠ ᠪᠤᠶᠠᠨ᠎ᠢ ᠰᠠᠨᠠᠭᠠᠨ᠎ᠳᠤ ᠤᠷᠤᠨ᠎ᠠ᠂ ᠲᠡᠬᠦᠨ᠎ᠳᠦ ᠨᠠᠢᠳᠠᠨ᠎ᠠ ᠁

ᠬᠡᠯᠡᠪᠡᠯ ᠦᠭᠡ ᠭᠢᠰᠬᠢᠪᠡᠯ ᠭᠠᠵᠠᠷ᠃  ᠣᠷᠲᠤᠰ ᠨᠣᠲᠤᠭ ᠲᠠᠢ ᠪᠤᠶᠠᠨ  ᠡᠷᠢᠶᠡᠨ ᠬᠤᠲᠡ᠎ᠳᠤ ᠢᠷᠡᠵᠤ ᠠᠵᠢᠯᠯᠠᠵᠤ ᠠᠯᠪᠠᠯᠠᠭᠠᠳ ᠬᠤᠷᠢᠭᠠᠳ ᠵᠢᠯ ᠪᠣᠯᠵᠡᠢ ᠂  ᠡᠷ᠎ᠡ ᠴᠡᠷᠢᠭ ᠪᠤᠯᠤᠨ ᠲᠥᠷᠥ᠎ᠶᠢᠨ ᠰᠦᠯᠲᠡᠨ᠎ᠳᠦ ᠠᠨᠳᠠᠭᠠᠢ ᠲᠠᠩᠭᠠᠷᠢᠭ᠋᠎ᠢᠶᠡᠨ ᠦᠭᠬᠦᠭᠰᠡᠨ ᠴᠠᠭ᠎ᠠᠴᠠ ᠡᠬᠢᠯᠡᠨ ᠂ ᠦᠨᠳᠦᠰᠦᠨ ᠱᠠᠲᠤᠨ᠎ᠳᠤ ᠦᠨᠳᠦᠰᠦᠯᠡᠵᠦ ᠂ ᠤᠯᠠᠨ ᠲᠦᠮᠡᠨ᠎ᠦ ᠠᠮᠢ ᠨᠠᠰᠤ ᠡᠳ᠋ ᠬᠥᠷᠥᠩᠭᠡ᠎ᠶᠢᠨ ᠠᠮᠤᠷ ᠲᠦᠪᠰᠢᠨ᠎ᠢ ᠬᠠᠮᠠᠭᠠᠯᠠᠬᠤ ᠨᠢ ᠲᠡᠬᠦᠨ ᠪ ᠲᠠᠷᠬᠠᠨ ᠬᠠᠷᠢᠭᠤᠴᠠᠯᠭ᠎ᠠ᠃ 《 ᠪᠢᠳᠡᠨ᠎ᠦ ᠡᠬᠦᠷᠭᠡ ᠪᠣᠯ ᠬᠢᠯᠢ ᠨᠤᠳᠤᠭ᠎ᠢᠶᠠᠨ  ᠬᠠᠮᠠᠭᠠᠯᠠᠨ᠎ᠠ ᠂ ᠠᠷᠠᠳ ᠲᠦᠮᠡᠨ᠎ᠢᠶᠡᠨ ᠬᠠᠮᠠᠭᠠᠯᠠᠨ᠎ᠠ᠂ ᠡᠨᠡ  ᠨᠤᠲᠤᠭ᠎ᠤᠨ ᠬᠦᠮᠦᠨ ᠠᠷᠠᠳ ᠪᠢᠲᠡᠨ᠎ᠢ ᠦᠪᠡᠷ᠎ᠦᠨ ᠦᠷ᠎ᠡ ᠬᠡᠤᠬᠡᠳ᠎ᠢᠶᠠᠨ  ᠰᠢᠭ ᠰᠠᠨᠠᠳᠠᠭ᠂ ᠪᠢᠳᠡ ᠴᠤ᠌ ᠠᠪᠤ ᠡᠵᠢ ᠎ᠪᠠᠨ ᠰᠢᠭ ᠬᠦᠨᠳᠦᠯᠡᠳᠡᠭ᠂ ᠬᠡᠨ ᠨᠢᠭᠡ ᠠᠢᠯ ᠎ᠳᠦᠨᠢ ᠬᠦᠲᠡᠯᠮᠤᠷᠢ ᠬᠦᠴᠦ ᠲᠤᠳᠠᠬ᠍ᠳᠠᠪᠠᠯ ᠡᠪᠡᠰᠦ ᠪᠤᠷᠳᠤᠭ᠎ᠠ᠎ᠶᠢ ᠨᠢ ᠤᠷᠤᠭᠤᠯᠵᠤ  ᠦᠭᠬᠦᠨ᠎ᠡ᠂ ᠨᠡᠬᠦᠷᠡᠰᠤ᠎ᠶᠢ ᠨᠢ ᠪᠠᠭᠤᠯᠭᠠᠵᠤ ᠦᠭᠬᠦᠨ᠎ᠡ᠂  ᠮᠠᠯ᠎ᠤᠨ ᠬᠠᠰᠢᠶ᠎ᠠ ᠰᠠᠷᠠᠪᠴᠢ᠎ᠶᠢ ᠨᠢ ᠴᠡᠪᠡᠷᠯᠡᠵᠤ ᠦᠭᠬᠦᠨ᠎ᠡ᠂  ᠬᠣᠨᠢ ᠬᠠᠢᠴᠢᠯᠠᠬᠤ᠂ ᠡᠯᠡᠰᠤᠨ ᠰᠢᠭᠤᠷᠭ᠎ᠠ᠂ ᠴᠠᠰᠤᠨ ᠰᠢᠭᠤᠷᠭ᠎ᠠ ᠭᠡᠳ ᠲᠠᠭᠤᠳᠠᠬ᠍ᠰᠠᠨ ᠭᠠᠵᠡᠷ ᠪᠤᠯᠭᠠᠨ᠎ᠳᠤ  ᠤᠴᠢᠨ᠎ᠠ》  ᠭᠡᠵᠤ ᠪᠤᠶᠠᠨ ᠰᠤᠷᠪᠤᠯᠵᠢᠯᠠᠭ᠎ᠠ ᠬᠦᠯᠢᠶᠡᠬᠦ᠎ᠳᠡᠭᠡᠨ ᠶᠠᠷᠢᠵᠤ ᠪᠠᠢᠯ᠎ᠠ ᠃

ᠠᠭᠤᠯᠠ ᠤᠰᠤ ᠠᠮᠤᠷ ᠲᠠᠢᠪᠤᠩ ᠪᠠᠢᠪᠠᠯ ᠲᠦᠷᠦ ᠭᠦᠷᠤᠨ ᠲᠦᠪᠰᠢᠨ ᠠᠮᠤᠭᠤᠯᠠᠩ᠃ ᠲᠡᠷᠡ᠎ᠪᠡᠷ᠂ ᠡᠩᠨᠡᠭᠡ᠎ᠶᠢᠨ ᠬᠠᠮᠢᠶᠠᠷᠤᠯᠲᠠ᠎ᠶᠢᠨ ᠲᠠᠯ᠎ᠠ᠎ᠪᠠᠷ ᠴᠤ᠌ ᠲᠡᠷᠡ᠂ ᠬᠢᠯᠢ᠎ᠶᠢᠨ ᠬᠠᠷᠢᠶ᠎ᠠ ᠣᠷᠣᠨ᠎ᠤ ᠲᠣᠭᠲᠠᠭᠤᠨ᠎ᠢ ᠬᠠᠮᠠᠭᠠᠯᠠᠵᠤ ᠬᠠᠮᠢᠶᠠᠷᠤᠨ ᠡᠵᠡᠮᠳᠡᠬᠦ ᠪᠣᠳᠠᠲᠠᠢ ᠠᠵᠢᠯ᠎ᠤᠨ ᠳᠤᠮᠳᠠ ᠴᠤ᠌ ᠲᠡᠷᠡ᠂ ᠴᠥᠮ ᠠᠵᠢᠯ᠎ᠤᠨ ᠬᠠᠷᠢᠭᠤᠴᠠᠯᠭ᠎ᠠ᠎ᠪᠠᠨ ᠰᠠᠬᠢᠵᠤ᠂ ᠠᠵᠢᠯ᠎ᠤᠨ ᠬᠠᠷᠢᠭᠤᠴᠠᠯᠭ᠎ᠠ᠎ᠪᠠᠨ ᠡᠭᠦᠷᠭᠡᠯᠡᠵᠦ᠂ ᠠᠵᠢᠯ᠎ᠤᠨ ᠬᠠᠷᠢᠭᠤᠴᠠᠯᠭ᠎ᠠ᠎ᠪᠠᠨ ᠬᠦᠢᠴᠡᠳᠭᠡᠭᠰᠡᠭᠡᠷ ᠢᠷᠡᠪᠡ ᠃

ᠪᠤᠶᠠᠨ ᠤᠷᠢᠳ ᠬᠣᠵᠢᠳ 160 ᠭᠠᠷᠤᠢ ᠤᠳᠠᠭ᠎ᠠ᠎ᠶᠢᠨ ᠵᠥᠷᠢᠴᠡᠯ ᠵᠠᠭᠤᠷᠠᠯᠳᠤᠭᠠᠨ᠎ᠢ ᠡᠶᠡᠳᠡᠭᠦᠯᠬᠦ᠎ᠳᠦ ᠣᠷᠣᠯᠴᠠᠵᠤ ᠂ 330 ᠭᠠᠷᠤᠢ ᠤᠳᠠᠭ᠎ᠠ᠎ᠶᠢᠨ ᠴᠠᠭᠳᠠᠭ᠎ᠠ᠎ᠶᠢᠨ ᠲᠠᠯ᠎ᠠ᠎ᠠᠴᠠ ᠬᠦᠯᠢᠶᠡᠨ ᠠᠪᠴᠤ ᠰᠢᠢᠳᠪᠦᠷᠢᠯᠡᠬᠦ᠎ᠳᠦ ᠣᠷᠣᠯᠴᠠᠵᠤ᠂100 ᠭᠠᠷᠤᠢ ᠠᠮᠤᠷ᠎ᠢ ᠬᠠᠮᠠᠭᠠᠯᠠᠬᠤ ᠬᠡᠷᠡᠭ᠎ᠢ ᠰᠢᠢᠳᠪᠦᠷᠢᠯᠡᠵᠦ᠂ ᠤᠯᠠᠨ ᠲᠦᠮᠡᠨ᠎ᠳᠦ ᠦᠢᠯᠡᠴᠢᠯᠡᠬᠦ ᠠᠵᠢᠯᠯᠠᠭ᠎ᠠ᠎ᠶᠢ 40 ᠭᠠᠷᠤᠢ ᠤᠳᠠᠭ᠎ᠠ ᠥᠷᠨᠢᠭᠦᠯᠵᠦ ᠂  ᠮᠠᠯᠴᠢᠳ᠎ᠤᠨ ᠠᠯᠳᠠᠬ᠍ᠰᠠᠨ 20 ᠭᠠᠷᠤᠢ ᠮᠣᠷᠢ᠎ᠶᠢ ᠡᠷᠢᠵᠤ ᠤᠯᠤᠨ᠂ 20 ᠭᠠᠷᠤᠢ ᠲᠦᠮᠡᠨ ᠲᠥᠭᠥᠷᠢᠭ᠎ᠦᠨ ᠠᠵᠤ ᠠᠬᠤᠢ᠎ᠶᠢᠨ ᠬᠣᠬᠢᠷᠠᠯ᠎ᠢ ᠡᠭᠡᠭᠦᠯᠦᠨ ᠠᠪᠴᠢᠷᠠᠵᠠᠢ ᠃

《ᠬᠠᠯᠠᠭᠤᠨ ᠰᠡᠳᠬᠢᠯ ᠢ᠋ᠶ᠋ᠡᠷ ᠠᠷᠠᠳ᠎ᠲᠦᠢᠮᠡᠨ᠎ᠦ ᠲᠦᠯᠦᠭᠡ ᠵᠢᠳᠬᠦᠵᠦ᠂ ᠨᠢᠭᠡ ᠰᠡᠳᠬᠢᠯ ᠢ᠋ᠶ᠋ᠡᠷ ᠲᠦᠮᠡᠨ ᠤᠯᠠᠨ᠎ᠤ ᠲᠥᠯᠥᠭᠡ ᠵᠢᠳᠬᠦᠵᠦ᠂ ᠲᠥᠷᠥ ᠬᠦᠷᠦᠨ ᠲᠦᠮᠡᠨ ᠤᠯᠠᠨ᠎ᠤ ᠰᠢᠳᠤᠷᠭᠤ ᠠᠯᠪᠠᠨ ᠵᠠᠷᠤᠴᠠ》᠃  ᠪᠤᠶᠠᠨ᠎ᠤ ᠠᠯᠪᠠᠨ ᠭᠡᠷ᠎ᠲᠦ ᠣᠷᠣᠬᠤ᠎ᠳᠤ᠂40 ᠭᠠᠷᠤᠢ  ᠮᠠᠯᠴᠢᠨ ᠡᠷᠤᠭᠡ᠎ᠶᠢᠨ ᠨᠡᠷ᠎ᠡ ᠬᠤᠯᠪᠤᠭᠠᠯᠠᠨ ᠬᠦᠷᠭᠡᠵᠦ ᠢᠷᠡᠭᠰᠡᠨ ᠬᠡᠮᠡᠷᠯᠢᠭ ᠲᠤᠭ ᠬᠠᠮᠤᠭ᠎ᠤᠨ ᠲᠦᠷᠦᠭᠦᠨ᠎ᠳᠦ  ᠲᠤᠳᠤᠬᠠᠨ ᠬᠠᠷᠠᠬ᠍ᠳᠠᠨ᠎ᠠ᠃ ᠡᠨᠡ  ᠪᠣᠯ  ᠠᠷᠠᠳ ᠲᠦᠮᠡᠨ᠎ᠡᠴᠡ ᠬᠦᠷᠭᠡᠭᠰᠡᠨ ᠢᠷᠠᠭᠤ ᠠᠯᠳᠠᠷ ᠃

ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠤᠪᠢ ᠬᠦᠮᠦᠨ᠂ ᠳᠣᠲᠣᠭᠠᠳᠤ᠎ᠶᠢ ᠬᠠᠮᠠᠭᠠᠯᠠᠬᠤ ᠶᠠᠮᠤᠨ᠎ᠤ ᠬᠢᠯᠢ᠎ᠶᠢᠨ ᠬᠠᠮᠠᠭᠠᠯᠠᠯᠲᠠ᠎ᠶᠢᠨ ᠬᠠᠮᠢᠶᠠᠷᠤᠯᠲᠠ᠎ᠶᠢᠨ ᠲᠣᠪᠴᠢᠶ᠎ᠠ᠎ᠶᠢᠨ ᠲᠡᠷᠢᠭᠦᠨ᠎ᠦ ᠬᠤᠪᠢ ᠬᠥᠮᠥᠨ ᠂  ᠪᠥᠬᠥ ᠤᠯᠤᠰ᠎ᠤᠨ ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠰᠢᠰᠲᠧᠮ᠎ᠦᠨ ᠰᠢᠨ᠎ᠡ  ᠲᠢᠳᠢᠮᠯᠢᠭ ᠠᠭᠤᠰᠬᠢᠨ ᠦᠷᠪᠢᠰᠦᠯ᠎ᠢ ᠠᠷᠭᠠᠴᠠᠭᠠᠬᠤ ᠠᠵᠢᠯ᠎ᠳᠤ ᠠᠮᠵᠢᠯᠲᠠ ᠪᠦᠲᠦᠮᠵᠢ᠎ᠪᠡᠷ ᠲᠣᠪᠣᠢᠮ᠎ᠠ ᠬᠤᠪᠢ ᠬᠥᠮᠥᠨ᠂ ᠥᠪᠥᠷ ᠮᠣᠩᠭᠣᠯ᠎ᠤᠨ ᠬᠢᠯᠢ᠎ᠪᠡᠷ ᠣᠷᠣᠵᠤ ᠭᠠᠷᠬᠤ ᠬᠢᠯᠢ᠎ᠶᠢᠨ ᠬᠠᠮᠠᠭᠠᠯᠠᠯᠲᠠ᠎ᠶᠢᠨ ᠪᠠᠢᠴᠠᠭᠠᠯᠲᠠ᠎ᠶᠢᠨ ᠶᠡᠷᠦᠩᠬᠡᠢ ᠥᠷᠲᠡᠭᠡ᠎ᠶᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ ᠲᠡᠷᠢᠭᠦᠨ᠎ᠦ ᠬᠤᠪᠢ ᠬᠥᠮᠥᠨ ᠂ ᠥᠪᠥᠷ ᠮᠣᠩᠭᠣᠯ᠎ᠤᠨ ᠬᠢᠯᠢ᠎ᠶᠢᠨ ᠬᠠᠮᠠᠭᠠᠯᠠᠯᠲᠠ᠎ᠶᠢᠨ ᠶᠡᠷᠦᠩᠬᠡᠢ ᠠᠩᠭᠢ᠎ᠶᠢᠨ ᠰᠢᠯᠢᠳᠡᠭ ᠡᠪ ᠬᠠᠮᠲᠤ ᠨᠠᠮ᠎ᠤᠨ ᠭᠡᠰᠢᠭᠦᠨ᠎ᠪᠦᠭᠡᠳ ᠬᠤᠪᠢ ᠬᠥᠮᠥᠨ᠎ᠦ ᠭᠤᠷᠪᠠᠳᠤᠭᠠᠷ ᠳᠡᠰ᠎ᠤᠨ ᠭᠠᠪᠢᠶ᠎ᠠ᠎ᠶᠢ 3 ᠤᠳᠠᠭ᠎ᠠ ᠪᠠᠢᠭᠤᠯᠵᠤ᠂ ᠬᠠᠮᠲᠤ ᠤᠯᠠᠨ᠎ᠢᠶᠠᠨ ᠳᠠᠭᠠᠭᠤᠯᠤᠨ ᠬᠠᠮᠲᠤ᠎ᠶᠢᠨ ᠭᠤᠷᠪᠠᠳᠤᠭᠠᠷ ᠳᠡᠰ᠎ᠤᠨ ᠭᠠᠪᠢᠶ᠎ᠠ᠎ᠶᠢ 2 ᠤᠳᠠᠭ᠎ᠠ ᠪᠠᠢᠭᠤᠯᠪᠠ᠃ ᠡᠨᠡ ᠪᠣᠯ  ᠲᠥᠷᠥ ᠬᠦᠷᠦᠨ᠎ᠠᠴᠠ  ᠲᠡᠬᠦᠨ᠎ᠳᠦ  ᠦᠭᠭᠦᠭᠰᠡᠨ ᠠᠯᠳᠠᠷ᠎ᠤᠨ  ᠲᠢᠳᠢᠮ᠃

ᠡᠪᠦᠯ᠎ᠢ ᠬᠦᠢᠳᠡᠨ ᠭᠡᠵᠦ ᠬᠠᠯᠠᠰᠢᠷᠠᠬᠤ ᠦᠭᠡᠢ᠂ ᠬᠠᠪᠤᠷ᠎ᠢ ᠰᠢᠭᠤᠷᠭᠠᠨ ᠲᠠᠢ  ᠭᠡᠳ ᠠᠮᠠᠷᠠᠬᠤ ᠦᠭᠡᠢ᠃ ᠵᠣᠨ᠎ᠤ ᠪᠤᠷᠤᠭᠠᠨ᠎ᠳᠤ ᠨᠤᠷᠤᠭᠳᠠᠨ ᠂ ᠨᠠᠮᠤᠷ᠎ᠤᠨ ᠨᠠᠷᠠᠨ᠎ᠳᠤ ᠬᠦᠯᠦᠷᠡᠵᠦ᠂ ᠬᠢᠯᠢ᠎ᠶᠢᠨ ᠲᠡᠭᠷᠢ᠎ᠶᠢᠨ᠎ᠢᠶᠠᠨ ᠲᠤᠤᠷ᠎ᠠ ᠦᠨᠢᠳᠡ ᠢᠯᠠᠭᠳᠠᠰᠢ ᠦᠭᠡᠢ ᠢᠯᠠᠭᠤᠭᠰᠠᠨ ᠪᠠᠭᠠᠳᠤᠳ ᠰᠢᠬ  ᠨᠤᠲᠤᠭ  ᠲᠡᠪᠢᠰᠭᠡᠷ᠎ᠢᠶᠠᠨ ᠬᠠᠮᠠᠭᠠᠯᠠᠭᠰᠠᠭᠠᠷ ᠶᠠᠪᠤᠨ᠎ᠠ᠃ ᠪᠤᠶᠠᠨ ᠮᠡᠲᠦ᠎ᠶᠢᠨ ᠲᠠᠭᠤᠷᠢᠶᠠᠯ ᠤᠮᠠᠷᠠᠳᠤ ᠬᠢᠯᠢ᠎ᠶᠢᠨ ᠪᠠᠳᠤ ᠰᠠᠬᠢᠶ᠎ᠠ ᠪᠤᠯᠤᠨ ᠰᠦᠨᠳᠡᠷᠯᠡᠪᠡ᠃

ᠠᠨᠳᠠᠭᠠᠢ᠄ ᠲᠦᠷᠦᠭᠰᠡᠨ  ᠨᠣᠲᠣᠭ᠎ᠲᠠᠭᠠᠨ  

ᠦᠭᠬᠦᠭᠰᠡᠨ  ᠦᠨᠡᠨᠴᠢ ᠬᠠᠢᠷ᠎ᠠ

ᠡᠷᠢᠶᠡᠨ ᠬᠤᠲᠡ᠎ᠶᠢᠨ ᠭᠡᠷᠡᠯᠲᠦᠣ᠋ᠳᠤ ᠬᠢᠯᠢ ᠵᠢᠨ ᠲᠣᠮᠢᠯᠠᠭᠰᠠᠨ ᠰᠠᠯᠪᠤᠷᠢ ᠡᠴᠡ ᠳᠠᠭᠠᠭᠠᠴᠢᠯᠠᠨ ᠡᠷᠭᠢᠯᠡᠭᠰᠡᠨ ᠠᠩᠬᠠᠳᠤᠭᠠᠷ ᠬᠤᠭᠤᠴᠠᠭᠠᠨ᠎ᠤ ᠬᠢᠯᠢᠴᠢᠳ᠎ᠤᠨ ᠨᠠᠭᠠᠳᠤᠮ ᠥᠨᠥ ᠵᠢᠯ ᠡᠷᠢᠶᠡᠨ ᠬᠤᠳᠠ ᠵᠢᠨ ᠬᠥᠭ᠌ᠵᠢᠯᠲᠤᠶᠠᠭ᠎ᠠ ᠭᠠᠴᠠᠭᠠᠨ᠎ᠳᠤ ᠨᠢᠵᠢᠭᠢᠷ ᠰᠠᠢᠬᠠᠨ  ᠪᠤᠯᠵᠤ᠂ ᠬᠦᠮᠦᠨ ᠠᠷᠠᠳ᠎ᠤᠨ ᠰᠠᠢᠬᠠᠨ ᠵᠤᠭᠤᠭ ᠪᠤᠯᠵᠤ ᠶᠠᠷᠢᠬ᠍ᠳᠠᠨ᠂ ᠠᠷᠠᠳ ᠮᠠᠯᠴᠢᠳ ᠬᠢᠯᠢ ᠵᠢᠨ ᠴᠠᠭᠳᠠᠭ᠎ᠠ ᠨᠠᠷ᠎ᠤᠨ ᠨᠢᠭᠡᠨ ᠰᠡᠳᠬᠢᠯ᠎ᠢᠶᠡᠷ ᠡᠬᠡ ᠤᠯᠤᠰ᠎ᠤᠨ ᠵᠢᠠᠨ ᠲᠤᠷᠭᠠᠨ ᠬᠢᠯᠢ ᠶ᠋ᠢ ᠥᠨᠢᠳᠡ ᠰᠠᠬᠢᠬᠤ ᠠᠯᠮᠠᠰ ᠬᠠᠲᠠᠭᠤ ᠵᠣᠷᠢᠭ᠋᠎ᠢ  ᠬᠠᠷᠠᠭᠤᠯᠤᠯ᠎ᠠ ᠃ ᠡᠨᠡ ᠨᠠᠭᠠᠳᠤᠮ᠎ᠢᠶᠠᠷ ᠪᠠᠰᠠ ᠨᠢᠭᠡᠨ ᠦᠯᠢᠬᠡᠷ᠎ᠦᠨ ᠡᠵᠡᠨ ᠥᠨᠢᠮᠥ᠋ᠩᠬᠡ ᠰᠢᠯᠢᠳᠡᠭ ᠬᠢᠯᠢᠴᠢᠨ᠎ᠢᠶᠡᠷ ᠡᠩᠭᠡᠷ᠎ᠢᠶᠡᠨ ᠮᠢᠯᠢᠶᠠᠯᠭᠠᠵᠡᠢ ᠃

ᠥᠨᠢᠮᠥ᠋ᠩᠬᠡ᠎ᠪᠣᠯ ᠮᠠᠯᠴᠢᠨ ᠬᠢᠯᠢᠴᠢᠳ᠎ᠦᠨ ᠨᠢᠭᠡᠨ ᠲᠦᠯᠦᠭᠡᠯᠡᠯ᠂ ᠭᠤᠷᠪᠠᠨ ᠦᠶ᠎ᠡ ᠪᠡᠷ ᠵᠢᠠᠨ ᠬᠢᠯᠢ᠎ᠳᠦ ᠨᠤᠲᠤᠭᠰᠢᠵᠤ᠂ ᠡᠬᠡ ᠤᠯᠤᠰ᠎ᠤᠨ ᠵᠢᠠᠨ ᠲᠠᠷᠬᠠᠨ ᠬᠢᠯᠢ ᠶ᠋ᠢ ᠰᠠᠬᠢᠬ᠍ᠰᠠᠭᠠᠷ ᠢᠷᠡᠭᠰᠡᠨ ᠬᠢᠯᠢ ᠬᠠᠮᠠᠭᠠᠯᠠᠭ᠍ᠴᠢ᠃ ᠲᠡᠳᠡᠨᠡᠢᠭᠢᠨ ᠲᠤᠮᠳᠠᠳᠤ  ᠮᠣᠩᠭᠣᠯ᠎ᠤᠨ ᠬᠢᠯᠢ ᠵᠢᠨ ᠱᠤᠭᠤᠮ ᠡᠴᠡ 5 ᠺᠢᠯᠣᠮᠧᠲᠷ ᠵᠠᠢᠲᠠᠢ ᠪᠠᠢᠷᠢᠯᠠᠵᠤ ᠪᠠᠢᠳᠠᠭ ᠃

ᠥᠨᠢᠮᠥ᠋ᠩᠬᠡ ᠵᠢᠨ ᠨᠠᠭᠠᠴᠤ ᠡᠪᠦᠭᠡ ᠥᠯᠵᠡᠢᠰᠦ᠋ᠷᠦᠩ 1948 ᠣᠨ᠎ᠳᠤ ᠢᠷᠠᠭᠤ ᠠᠯᠳᠠᠷᠲᠠᠢ ᠪᠡᠷ ᠴᠡᠷᠢᠭ᠎ᠲᠦ ᠡᠯᠰᠡᠭᠳᠡᠵᠦ᠂ ᠮᠣᠷᠢᠲᠤ ᠴᠡᠷᠢᠭ᠎ᠤᠨ ᠪᠠᠢᠯᠳᠤᠭ᠍ᠴᠢ ᠪᠣᠯᠵᠠᠢ᠃ ᠲᠡᠷᠡ ᠪᠠᠢᠯᠳᠤᠭ᠍ᠴᠢ ᠶᠠᠪᠤᠬᠤ ᠳ᠋ᠠᠭᠠᠨ ᠠᠷᠠᠳ᠎ᠤᠨ ᠴᠢᠯᠦᠭᠡᠯᠡᠬᠦ ᠲᠠᠢᠨ᠎ᠳᠤ ᠤᠷᠤᠯᠴᠠᠵᠦ ᠥᠩᠭᠡᠷᠡᠭᠰᠡᠨ ᠪᠥᠭᠡᠳ ᠪᠠᠰᠠ ᠬᠤᠪᠢᠰᠬᠠᠯ᠎ᠤᠨ ᠡᠰᠡᠷᠭᠦᠴᠦᠳ ᠪᠠ ᠳᠡᠭᠡᠷᠡᠮ᠎ᠢ ᠤᠰᠠᠳᠬᠠᠬᠤ ᠲᠤᠯᠤᠯᠳᠤᠭᠠᠨ᠎ᠳᠤ ᠴᠦ᠍ ᠤᠷᠤᠯᠴᠠᠨ᠂ ᠤᠷᠢᠳ ᠬᠣᠵᠢᠳ ᠭᠤᠷᠪᠠᠳᠤᠭᠠᠷ ᠲᠡᠰ᠎ᠤᠨ ᠭᠠᠪᠢᠶ᠎ᠠ ᠨᠢᠭᠡ ᠤᠳᠠᠭ᠎ᠠ᠂ ᠬᠣᠶᠠᠳᠤᠭᠠᠷ ᠲᠡᠰ᠎ᠤᠨ ᠭᠠᠪᠢᠶ᠎ᠠ ᠨᠢᠭᠡ ᠤᠳᠠᠭ᠎ᠠ ᠪᠠᠢᠭᠤᠯᠵᠤ᠂ ᠬᠤᠸᠠᠪᠧᠢ ᠣᠷᠣᠨ᠎ᠢ ᠴᠢᠯᠦᠭᠡᠯᠡᠬᠦ ᠳᠠᠢᠯᠠᠯᠳᠤᠭᠠᠨ᠎ᠤ ᠳᠤᠷᠠᠰᠬᠠᠯ᠎ᠤᠨ ᠲᠡᠮᠳᠡᠭ᠎ᠢ ᠬᠦᠷᠲᠡᠵᠦ  ᠶᠠᠪᠤᠬ᠍ᠰᠠᠨ  ᠥᠩᠭᠡ  ᠭᠡᠷᠡᠯᠳᠥ  ᠲᠡᠤᠬᠡ ᠲᠠᠢ ᠃

ᠬᠠᠭᠤᠴᠢᠷᠠᠰᠢ ᠦᠬᠡᠢ  ᠢᠷᠠᠭᠤ ᠠᠯᠳᠠᠷ ᠨᠢ  ᠦᠷ᠎ᠡ ᠬᠡᠤᠬᠡᠳ  ᠲᠤᠨᠢ ᠰᠢᠯᠢᠳᠡᠭ ᠬᠦᠮᠦᠵᠢᠯ ᠪᠤᠯᠤᠨ ᠤᠯᠠᠮᠵᠢᠯᠠᠬ᠍ᠳᠠᠨ᠎ᠠ ᠃ ᠥᠨᠢᠮᠥ᠋ᠩᠬᠡ ᠵᠢᠨ ᠡᠵᠢ ᠲᠠᠷᠮ᠎ᠠ ᠨᠠᠰᠤᠲᠠᠨ ᠱᠠᠩᠬᠠᠢ ᠵᠢᠨ ᠭᠤᠷᠪᠠᠨ ᠮᠢᠩᠭᠠᠨ ᠥᠨᠥᠴᠢᠨ ᠬᠡᠦᠬᠡᠳ᠎ᠤᠨ  ᠨᠢᠭᠡ ᠃  ᠤᠨᠠᠭᠠᠨ ᠨᠠᠰᠤᠨ᠎ᠠᠴᠠ᠎ᠪᠠᠨ ᠪᠢᠴᠢᠬᠠᠨ ᠲᠠᠷᠮ᠎ᠠ ᠠᠪᠤ ᠥᠯᠵᠡᠢᠰᠦ᠋ᠷᠦᠩ᠎ᠦᠨ ᠴᠡᠷᠢᠭ ᠬᠦᠮᠦᠨ᠎ᠦ ᠵᠠᠩ ᠠᠷᠠᠨᠰᠢᠨ᠎ᠳᠦ ᠭᠦᠨ ᠨᠦᠯᠦᠭᠡᠯᠡᠭᠳᠡᠵᠡᠢ᠃ 13 ᠨᠠᠰᠤᠲᠠᠢ ᠲᠠᠷᠮ᠎ᠠ ᠠᠪᠤ ᠡᠵᠢ ᠵᠢᠨ ᠵᠢᠠᠨ ᠵᠥᠪᠰᠢᠶᠡᠷᠡᠯ ᠳᠡᠮᠵᠢᠯᠭᠡ ᠳᠣᠣᠷ᠎ᠠ ᠡᠷᠦᠭᠡ ᠵᠢᠨ ᠴᠡᠷᠢᠭ᠎ᠲᠦ  ᠤᠷᠤᠪᠠ᠃ ᠬᠣᠵᠢᠮ ᠨᠢ ᠪᠠᠰᠠ ᠬᠥᠭ᠌ᠵᠢᠯᠲᠤᠶᠠᠭ᠎ᠠ ᠭᠠᠴᠠᠭᠠᠨ᠎ᠳᠠᠭᠠᠨ ᠡᠮᠡᠭᠲᠡᠢᠴᠦᠳ᠎ᠤᠨ ᠬᠤᠯᠪᠤᠭ᠎ᠠ ᠵᠢᠨ ᠡᠷᠭᠢᠯᠡᠭᠴᠢ ᠵᠢᠨ ᠠᠵᠢᠯ᠎ᠢ ᠬᠠᠷᠢᠭᠤᠴᠠᠨ ᠬᠢᠵᠦ ᠪᠠᠢᠭᠰᠠᠨ ᠪᠥᠭᠡᠳ ᠠᠵᠢᠯ ᠦᠢᠯᠡᠰ ᠲᠡᠭᠡᠨ ᠰᠢᠭᠤᠷᠬᠠᠢ    ᠪᠣᠯᠬᠣᠷ ᠭᠦᠳᠡᠯᠮᠦᠷᠢ ᠵᠢᠨ ᠵᠢᠱ᠌ᠢᠶᠡᠴᠢ ᠪᠠ 《3·8 ᠵᠢᠨ ᠤᠯᠠᠭᠠᠨ ᠲᠤᠭ᠍ᠴᠢ 》 ᠵᠡᠷᠭᠡ ᠢᠷᠠᠭᠤ ᠠᠯᠳᠠᠷ᠎ᠢ ᠬᠦᠷᠲᠡᠵᠦ ᠥᠩᠭᠡᠷᠡᠭᠰᠡᠨ ᠶᠤᠮ᠃ 1978 ᠣᠨ᠎ᠳᠤ᠂ ᠲᠠᠷᠮ᠎ᠠ ᠡᠷᠦᠭᠡ ᠵᠢᠨ ᠴᠡᠷᠢᠭ᠎ᠲᠦ ᠬᠠᠮᠲᠤ ᠶᠠᠪᠤᠵᠤ ᠪᠠᠢᠭᠰᠠᠨ ᠬᠡᠰᠢᠭᠲᠦ ᠲᠠᠢ ᠠᠢᠯ ᠭᠡᠷ  ᠪᠤᠯᠵᠤ᠂  ᠬᠤᠪᠢᠰᠬᠠᠯ᠎ᠤᠨ  ᠵᠠᠯᠭᠠᠮᠵᠢᠯᠠᠬ᠍ᠴᠢ᠂ ᠰᠢᠯᠢᠳᠡᠭ ᠬᠢᠯᠢᠴᠢᠨ ᠥᠨᠢᠮᠥ᠋ᠩᠬᠡ ᠵᠢ ᠦᠯᠦᠬᠡᠢᠳᠡᠨ ᠠᠪᠴᠡᠢ ᠃

ᠭᠤᠷᠪᠠᠨ ᠦᠶ᠎ᠡ᠎ᠶᠢᠨ ᠭᠢᠨ᠎ᠤ ᠤᠯᠠᠮᠵᠢᠯᠠᠯ ᠪᠠ ᠪᠠᠲᠤ ᠪᠠᠷᠢᠮᠲᠠᠯᠠᠯ᠂ ᠡᠭᠦᠷᠭᠡᠯᠡᠯ ᠪᠠ ᠬᠠᠷᠢᠭᠤᠴᠠᠯᠭ᠎ᠠ ᠠᠯᠢ ᠡᠷᠲᠡ ᠡᠨᠡ ᠬᠦ᠌ ᠭᠡᠷ ᠪᠦᠯᠢ᠎ᠶᠢᠨ ᠪᠦᠷᠢᠯᠳᠦᠭᠦᠨ ᠨᠢᠭᠡᠪᠦᠷᠢ᠎ᠶᠢᠨ ᠴᠢᠰᠤ ᠮᠢᠬᠠᠨ᠎ᠳᠤ ᠰᠢᠩᠭᠡᠵᠡᠢ ᠃ ᠤᠳᠤ ᠪᠤᠯᠬᠤ᠎ᠳᠤ ᠥᠨᠢᠮᠥ᠋ᠩᠬᠡ ᠤᠯᠤᠰ ᠭᠡᠷ᠎ᠦᠨ ᠰᠢᠯᠢᠳᠡᠭ ᠬᠢᠯᠢ ᠬᠠᠮᠠᠭᠠᠯᠠᠭ᠍ᠴᠢ᠂ ᠡᠷᠢᠶᠡᠨ ᠬᠤᠳᠠ ᠵᠢᠨ ᠨᠠᠮ᠎ᠤᠨ ᠭᠡᠰᠢᠭᠦᠨ᠎ᠤ ᠭᠣᠣᠯᠳᠠᠯᠭᠠᠲᠤ ᠡᠷᠦᠭᠡ᠂ ᠬᠢᠯᠢ ᠵᠢᠨ ᠬᠠᠮᠠᠭᠠᠯᠠᠯᠲᠠ ᠵᠢᠨ ᠡᠷᠦᠭᠡ᠂ ᠲᠠᠯ᠎ᠠ ᠨᠤᠲᠤᠭ᠎ᠤᠨ 110《ᠭᠤᠷᠪᠠ ᠬᠠᠮᠲᠤᠷᠠᠭᠰᠠᠨ ᠡᠷᠦᠭᠡ》 ᠵᠢᠨ ᠰᠢᠯᠢᠳᠡᠭ ᠲᠥᠯᠥᠭᠡᠯᠡᠭᠴᠢ  ᠪᠤᠯᠤᠬ᠍ᠰᠠᠨ ᠪᠢᠯᠡ ᠃

《ᠣᠢᠷ᠎ᠠ ᠵᠢᠨ ᠵᠢᠯ᠎ᠤᠳ᠎ᠲᠦ ᠨᠠᠭᠠᠰᠢ ᠴᠠᠭᠠᠰᠢ ᠵᠣᠷᠴᠢᠬᠤ ᠲᠡᠷᠭᠡ ᠬᠥᠰᠬᠡ ᠬᠥᠮᠥᠨ ᠬᠠᠷ᠎ᠠ ᠣᠯᠠᠰᠢᠷᠠᠭᠰᠠᠨ ᠪᠠᠢᠳᠠᠯ᠎ᠳᠤ ᠵᠣᠷᠢᠭᠤᠯᠤᠨ ᠥᠪᠡᠷ᠎ᠤᠨ ᠲᠣᠣᠷ ᠬᠦᠷᠢᠶᠡᠨ᠎ᠤ ᠪᠡᠨ ᠵᠠᠬ᠎ᠠ᠎ᠳᠦ ᠬᠢᠨᠠᠭᠤᠷ ᠲᠤᠷᠠᠨ ᠤᠭᠰᠠᠷᠠᠭᠰᠠᠨ ᠶᠤᠮ 》 ᠭᠡᠵᠤ ᠥᠨᠢᠮᠥ᠋ᠩᠬᠡ ᠰᠤᠷᠪᠤᠯᠵᠢᠯᠠᠭ᠎ᠠ ᠬᠦᠯᠢᠶᠡᠬᠦ᠎ᠳᠡᠭᠡᠨ ᠶᠠᠷᠢᠵᠤ ᠪᠠᠢᠯ᠎ᠠ᠃ ᠬᠡᠳᠦᠨ ᠵᠢᠯ᠎ᠤᠨ ᠳᠣᠲᠣᠷ᠎ᠠ ᠲᠡᠷᠡ 2000 ᠭᠠᠷᠤᠢ ᠤᠳᠠᠭ᠎ᠠ ᠪᠠᠢᠳᠠᠯ᠎ᠢ ᠮᠡᠳᠡᠭᠦᠯᠵᠦ ᠂ ᠲᠤᠬᠠᠢ ᠵᠢᠨ ᠭᠠᠵᠠᠷ᠎ᠲᠦ ᠰᠠᠭᠤᠭ᠎ᠠ ᠴᠡᠷᠢᠭ ᠴᠠᠭᠳᠠᠭ᠎ᠠ ᠨᠠᠷ᠎ᠤᠨ ᠬᠠᠮᠲᠤᠷᠠᠭᠰᠠᠨ ᠰᠡᠷᠭᠡᠢᠯᠡᠯᠲᠡ ᠪᠠ ᠲᠣᠭᠣᠷᠢᠨ ᠴᠠᠭᠳᠠᠬᠤ ᠠᠵᠢᠯᠯᠠᠭ᠎ᠠ᠎ᠳᠦ 80 ᠭᠠᠷᠤᠢ ᠤᠳᠠᠭ᠎ᠠ ᠤᠷᠤᠯᠴᠠᠵᠦ ᠂ 60 ᠭᠠᠷᠤᠢ ᠤᠳᠠᠭ᠎ᠠ ᠰᠦᠪᠡᠭᠴᠢ ᠬᠠᠩᠭᠠᠵᠤ ᠂ ᠪᠠᠰᠠ ᠬᠠᠤᠯᠢ ᠪᠤᠰᠤ ᠪᠡᠷ ᠡᠪᠡᠰᠦᠨ ᠦᠨᠳᠦᠰᠦ ᠡᠮ᠎ᠤᠨ ᠤᠷᠭᠤᠮᠠᠯ ᠮᠠᠯᠲᠠᠭ᠍ᠴᠢᠳ᠎ᠢ 80 ᠭᠠᠷᠤᠢ ᠬᠥᠮᠥᠨ ᠤᠳᠠᠭ᠎ᠠ ᠬᠣᠷᠢᠭ᠍ᠯᠠᠨ ᠪᠤᠴᠠᠭᠠᠪᠠ ᠃

《 ᠬᠢᠯᠢᠴᠢᠳ ᠪᠣᠯ ᠰᠠᠢᠨ ᠲᠣᠷ᠎ᠠ᠎ᠠᠴᠠ᠎ᠪᠠᠨ  ᠤᠷᠤᠯᠴᠠᠳᠠᠭ ᠂  ᠬᠢᠯᠢ᠎ᠶᠢᠨ  ᠱᠤᠭᠤᠮ ᠤᠷᠳᠤ ᠂ ᠴᠡᠷᠢᠭ ᠴᠠᠭᠳᠠᠭ᠎ᠠ ᠡᠳᠤᠷ ᠡᠳᠤᠷ ᠴᠠᠬ᠍ᠲᠠᠬᠤ᠎ᠳᠤ  ᠬᠦᠴᠢᠷ ᠂  ᠲᠡᠭᠡᠬᠦ᠎ᠪᠡᠷ ᠥᠨᠢᠮᠥ᠋ᠩᠬᠡ  ᠰᠢᠭ  ᠰᠢᠯᠢᠳᠡᠭ ᠬᠢᠯᠢᠴᠢᠳ ᠱᠠᠭᠠᠷᠳᠠᠬ᠍ᠳᠠᠨ᠎ᠠ ᠂  ᠪᠢᠳᠡ ᠬᠢᠯᠢ᠎ᠶᠢᠨ ᠱᠤᠭᠤᠮ ᠲᠠᠭᠠᠤ 〈 ᠨᠠᠮ ᠵᠠᠰᠠᠭ ᠴᠡᠷᠢᠭ ᠴᠠᠭᠳᠠᠭ᠎ᠠ ᠠᠷᠠᠳ〉 ᠲᠠᠪᠤ᠎ᠶᠢ ᠬᠠᠮᠳᠤᠷᠠᠭᠤᠯᠤᠬ᠍ᠰᠠᠨ ᠨᠢᠬ᠍ᠳᠠᠷᠠᠯ ᠬᠦᠴᠦᠨ᠎ᠢ  ᠪᠠᠢᠭᠤᠯᠵᠤ ᠂ ᠬᠢᠯᠢ ᠤᠷᠤᠨ᠎ᠢᠶᠠᠨ ᠬᠠᠮᠠᠭᠠᠯᠠᠳᠠᠭ ᠂ ᠰᠠᠯᠪᠤᠷᠢ ᠠᠩᠭᠢ ᠨᠢ ᠪᠠᠰᠠ ᠮᠠᠯᠴᠢᠨ ᠬᠢᠯᠢᠴᠢᠳ᠎ᠢ ᠲᠠᠢᠴᠢᠯᠠᠨ ᠂ ᠬᠢᠯᠢ᠎ᠪᠡᠨ ᠬᠠᠮᠠᠭᠠᠯᠠᠬᠤ ᠡᠬᠦᠷᠭᠡ ᠬᠠᠷᠢᠭᠤᠴᠠᠯᠭ᠎ᠠ᠎ᠶᠢ  ᠬᠦᠢᠴᠡᠳᠭᠡᠵᠤ ᠪᠠᠢᠨ᠎ᠠ ᠂ ᠨᠠᠮ ᠵᠠᠰᠠᠭ ᠴᠡᠷᠢᠭ ᠴᠠᠭᠳᠠᠭ᠎ᠠ ᠠᠷᠠᠳ ᠲᠠᠪᠤᠨ ᠲᠠᠯ᠎ᠠ᠎ᠶᠢᠨ  ᠬᠦᠴᠦᠨ  ᠬᠠᠮᠵᠢᠯᠴᠠᠨ ᠂ ᠡᠭᠡ ᠤᠯᠤᠰ᠎ᠤᠨ ᠤᠮᠠᠷᠠᠲᠤ  ᠎ᠶᠢᠨ ᠠᠮᠤᠷ ᠲᠦᠪᠰᠢᠨ ᠲᠤᠭᠲᠠᠭᠤᠨ᠎ᠤ  ᠬᠠᠯᠬᠠᠪᠴᠢ᠎ᠶᠢ ᠪᠠᠳᠤ ᠴᠣᠭᠴᠠᠯᠠᠬᠤ᠎ᠳᠤ ᠬᠦᠴᠤᠨ ᠨᠠᠮᠠᠷᠢᠯᠡᠨ᠎ᠠ 》  ᠭᠡᠵᠤ  ᠪᠢᠳᠡᠨ᠎ᠳᠦ ᠵᠠᠮᠴᠢᠯᠠᠨ  ᠶᠠᠪᠤᠬ᠍ᠰᠠᠨ ᠰᠢᠯᠢ᠎ᠶᠢᠨ  ᠭᠣᠣᠯ  ᠬᠢᠯᠢ᠎ᠶᠢᠨ  ᠬᠠᠮᠢᠶᠠᠷᠤᠯᠳᠡ᠎ᠶᠢᠨ  ᠰᠠᠯᠪᠤᠷᠢ  ᠠᠩᠭᠢ᠎ᠶᠢᠨ ᠤᠯᠤᠰ  ᠲᠥᠷᠥ᠎ᠶᠢᠨ  ᠭᠡᠯᠲᠡᠰ᠎ᠦᠨ  ᠲᠡᠳ᠋  ᠡᠷᠬᠢᠯᠡᠭᠴᠢ  ᠭᠡᠷᠡᠯᠴᠤᠭᠳᠤ  ᠶᠠᠷᠢᠵᠤ  ᠪᠠᠢᠯ᠎ᠠ ᠃

ᠥᠨᠢᠮᠥ᠋ᠩᠬᠡ ᠰᠢᠭ ᠤᠯᠠᠨ ᠬᠢᠯᠢᠴᠢᠳ ᠬᠢᠯᠢ ᠨᠤᠳᠤᠭ᠎ᠢᠶᠠᠨ  ᠬᠠᠮᠠᠭᠠᠯᠠᠬᠤ᠎ᠳᠤ ᠵᠢᠷᠤᠭᠡᠨ ᠲᠠᠩᠭᠠᠷᠢᠭ᠋ ᠢ᠋ᠶ᠋ᠠᠨ  ᠦᠭᠴᠡᠢ ᠂ ᠡᠨᠡ ᠬᠦ᠌ ᠰᠡᠳᠬᠢᠯ ᠢᠳᠡᠭᠡᠯ᠎ᠤᠨ ᠬᠠᠮᠳᠤ᠎ᠶᠢᠨ ᠬᠠᠳᠠᠭᠤ ᠲᠠᠩᠭᠠᠷᠢᠭ᠋᠎ᠲᠠᠢ ᠪᠤᠯᠬᠤᠷ ᠡᠬᠡ ᠤᠯᠤᠰ᠎ᠤᠨ ᠤᠮᠠᠷᠠᠳᠤ ᠬᠢᠯᠢ᠎ᠳᠦ ᠭᠠᠯ ᠤᠯᠠᠭᠠᠨ ᠤᠯᠤᠰ᠎ᠤᠨ ᠲᠤᠭ ᠮᠦᠩᠭᠡᠳᠡ ᠨᠠᠮᠢᠷᠠᠨ᠎ᠠ ᠃

ᠤᠢᠷ᠎ᠠ᠎ᠶᠢᠨ ᠵᠢᠯ᠎ᠳᠦ ᠂  ᠡᠷᠢᠶᠡᠨ ᠬᠣᠲᠠ ᠨᠢ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠣᠢᠯᠠᠭᠠᠭᠳᠠᠬᠤᠨ᠎ᠢ ᠦᠢᠯᠡᠳᠦᠯᠭᠡᠵᠢᠬᠦᠯᠵᠦ᠂ ᠲᠤᠮᠳᠠᠳᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠪᠡᠬᠢ ᠪᠤᠶ ᠪᠤᠯᠭᠠᠵᠤ ᠂ ᠦᠨᠳᠦᠰᠦᠲᠡᠨ᠎ᠤ ᠪᠦᠯᠬᠦᠮᠳᠡᠯ᠎ᠤᠨ ᠴᠡᠴᠡᠭ᠎ᠢ ᠬᠢᠯᠢ ᠬᠢᠵᠠᠭᠠᠷ᠎ᠤᠨ ᠠᠮᠤᠷ ᠲᠣᠭᠲᠠᠭᠤᠨ ᠂ ᠠᠵᠤ ᠠᠬᠤᠢ᠎ᠶᠢᠨ ᠬᠥᠭᠵᠢᠯᠲᠡ ᠪᠠ ᠠᠷᠠᠳ ᠤᠯᠠᠨ᠎ᠤ ᠰᠠᠢᠨ ᠰᠠᠢᠬᠠᠨ ᠠᠮᠢᠳᠤᠷᠠᠯ᠎ᠤᠨ ᠬᠥᠷᠥᠰᠥᠨ᠎ᠳᠤ ᠴᠡᠴᠡᠭᠯᠡᠭᠦᠯᠵᠦ ᠂ ᠤᠮᠠᠷᠠᠲᠤ ᠬᠢᠯᠢ᠎ᠶᠢᠨ  ᠤᠨᠴᠠᠯᠢᠭ᠋ ᠲᠠᠢ 《 1+3 》 ( 《 ᠨᠠᠮ᠎ᠤᠨ ᠡᠭᠦᠷ + ᠨᠠᠮ᠎ᠤᠨ ᠭᠡᠰᠢᠭᠦᠨ᠎ᠭᠤᠤᠯᠯᠠᠬ᠍ᠴᠢ ᠡᠷᠦᠬᠡ + ᠬᠢᠯᠢ᠎ᠶᠢᠨ ᠪᠡᠬᠢᠯᠡᠯᠲᠡ᠎ᠶᠢᠨ ᠡᠷᠦᠬᠡ + ᠬᠢᠯᠢ᠎ᠶᠢᠨ ᠬᠠᠮᠠᠭᠠᠯᠠᠭ᠍ᠴᠢ 》 ) ᠠᠵᠢᠯ᠎ᠤᠨ ᠵᠠᠭᠪᠤᠷ᠎ᠤᠨ  ᠲᠥᠷᠥᠯ  ᠲᠡᠮᠳᠡᠭ᠎ᠢ ᠰᠦᠪᠡᠭᠴᠢᠯᠡᠨ ᠂ ᠨᠠᠮ᠎ᠤᠨ ᠭᠡᠰᠢᠭᠦᠨ᠎ᠦ ᠭᠤᠤᠯᠯᠠᠬ᠍ᠴᠢ ᠡᠷᠦᠬᠡ᠂ ᠬᠢᠯᠢ᠎ᠶᠢᠨ ᠪᠡᠬᠢᠯᠡᠯᠲᠡ᠎ᠶᠢᠨ ᠡᠷᠦᠬᠡ᠂ ᠬᠢᠯᠢ᠎ᠶᠢᠨ ᠬᠠᠮᠠᠭᠠᠯᠠᠭ᠍ᠴᠢ ᠶ᠋ᠢᠨ ᠦᠢᠯᠡᠳᠦᠯ᠎ᠢ ᠭᠦᠢᠴᠡᠳ ᠪᠠᠳᠠᠷᠠᠭᠤᠯᠵᠤ ᠂  ᠮᠠᠯᠴᠢᠳ᠎ᠢ  ᠳᠠᠢᠴᠢᠯᠠᠵᠤ ᠬᠢᠯᠢ᠎ᠶᠢᠨ ᠱᠤᠭᠤᠮ ᠳᠡᠭᠡᠷᠡᠬᠢ 《ᠬᠢᠯᠢ ᠬᠠᠮᠠᠭᠠᠯᠠᠭ᠍ᠴᠢ》 ᠪᠤᠯᠭᠠᠵᠤ ᠂  ᠴᠡᠷᠭ ᠴᠠᠭᠳᠠᠭ᠎ᠠ ᠠᠷᠠᠳ ᠰᠡᠳᠬᠢᠯ ᠨᠢᠭᠡᠳᠦᠨ ᠬᠦᠴᠦ᠎ᠪᠠᠨ ᠬᠠᠮᠲᠤᠳᠬᠠᠵᠤ᠂ ᠬᠢᠯᠢ᠎ᠶᠢᠨ ᠬᠠᠮᠠᠭᠠᠯᠠᠯᠲᠠ᠎ᠶᠢᠨ ᠱᠤᠭᠤᠮ ᠎ᠢ ᠰᠠᠬᠢᠨ ᠬᠠᠮᠠᠭᠠᠯᠠᠬ᠍ᠰᠠᠭᠠᠷ ᠃

ᠪᠢᠳᠡᠨ᠎ᠦ ᠡᠷᠢᠶᠡᠨ ᠬᠤᠲᠡ᠎ᠶᠢᠨ ᠬᠢᠯᠢ᠎ᠶᠢᠨ ᠱᠤᠭᠤᠮ ᠲᠠᠭᠠᠬ᠍ᠰᠠᠨ ᠰᠤᠷᠪᠤᠯᠵᠢᠯᠠᠭ᠎ᠠ  ᠲᠠᠭᠤᠰᠤᠯ᠎ᠠ᠃ ᠵᠢᠷᠭᠠᠬᠤ ᠨᠠᠷᠠᠨ᠎ᠤ ᠤᠯᠠᠪᠤᠷ ᠰᠢᠷ᠎ᠠ ᠲᠤᠶᠠᠭᠠᠨ᠎ᠳᠤ ᠂  ᠬᠢᠯᠢ᠎ᠶᠢᠨ  ᠲᠡᠬᠡᠰᠤ ᠂ ᠥᠨᠳᠥᠷ ᠣᠷᠣᠢ ᠥᠷᠭᠡᠨ ᠲᠠᠯ᠎ᠠ ᠥᠪᠴᠢ ᠪᠤᠳᠤᠬ᠍ᠳᠠᠨ ᠬᠤᠪᠢ᠎ᠶᠢᠨ  ᠭᠠᠳᠠᠨ᠎ᠠ ᠦᠵᠡᠰᠬᠦᠯᠡᠩ ᠠᠳᠠᠯ᠎ᠠ ᠰᠦᠷᠯᠢᠭ᠃  《 ᠬᠢᠯᠢᠴᠢᠳ》  ᠪᠠᠢᠬ᠍ᠰᠠᠨ  ᠭᠠᠵᠡᠷ ᠨᠠᠭᠤᠷ ᠠᠮᠤᠭᠤᠯᠠᠩ᠂ ᠨᠤᠭᠤᠰᠤ ᠠᠮᠤᠭᠤᠯᠠᠩ᠂ ᠨᠣᠲᠣᠭ ᠠᠮᠤᠭᠤᠯᠠᠩ ᠂  ᠬᠢᠯᠢ ᠠᠮᠤᠭᠤᠯᠠᠩ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号