ᠬᠠᠢᠷ᠎ᠠ ᠠᠰᠬᠠᠷᠠᠭᠰᠠᠨ ᠬᠠᠯᠠᠮᠵᠢ᠎ᠶᠢᠨ ᠪᠠᠭᠤᠴᠡ
2023-10-31 12:42:37
ᠵᠣᠬᠢᠶᠠᠭ᠍ᠴᠢ᠄
ᠨᠠᠷᠠᠨᠬᠦᠦ ᠪᠠᠶᠠᠰᠬᠤᠯᠠᠩ ᠰᠠᠷᠠᠭᠤᠯᠬᠠᠨ ᠠᠯᠤᠰ
ᠣᠩᠱᠢᠭ᠍ᠰᠠᠨ ᠣᠳᠠᠭ᠎ᠠ᠄
★★★☆☆


ᠬᠤᠯᠪᠤᠭᠠᠰᠦ ᠄

● ᠠᠪᠠᠭ᠎ᠠ ᠬᠤᠰᠢᠭᠤᠨ᠎ᠳᠤ  ᠪᠥᠬᠥ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠠᠮᠲᠤ ᠨᠢᠭᠡᠴᠢ 1᠂ ᠪᠥᠬᠥ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠤᠪᠢ ᠬᠥᠮᠥᠨ 1 ᠪᠤᠢ᠃

● ᠠᠪᠠᠭ᠎ᠠ ᠬᠤᠰᠢᠭᠤᠨ᠎ᠳᠤ ᠪᠥᠬᠥ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ ᠨᠢᠭᠡᠴᠢ 3᠂ ᠪᠥᠬᠥ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠠᠮᠲᠤ  ᠨᠢᠭᠡᠴᠢ 6᠂ ᠪᠥᠬᠥ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠤᠪᠢ ᠬᠥᠮᠥᠨ 8  ᠪᠤᠢ᠃

● ᠠᠪᠠᠭ᠎ᠠ ᠬᠤᠰᠢᠭᠤᠨ᠎ᠳᠤ ᠠᠢᠮᠠᠭ᠎ᠤᠨ ᠲᠡᠰ᠎ᠦᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ ᠨᠢᠭᠡᠴᠢ 8᠂ ᠠᠢᠮᠠᠭ᠎ᠤᠨ  ᠲᠡᠰ᠎ᠦᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠠᠮᠲᠤ  ᠨᠢᠭᠡᠴᠢ 24᠂ ᠠᠢᠮᠠᠭ᠎ᠤᠨ ᠲᠡᠰ᠎ᠦᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠤᠪᠢ ᠬᠥᠮᠥᠨ 46 ᠪᠣᠶ ᠃

● ᠠᠪᠠᠭ᠎ᠠ ᠬᠤᠰᠢᠭᠤᠨ᠎ᠳᠤ ᠬᠤᠰᠢᠭᠤᠨ ᠲᠡᠰ᠎ᠦᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ  ᠨᠢᠭᠡᠴᠢ 24᠂ ᠬᠣᠰᠢᠭᠤᠨ᠎ᠲᠡᠰ᠎ᠦᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠠᠮᠲᠤ  ᠨᠢᠭᠡᠴᠢ 69 ᠂ ᠬᠣᠰᠢᠭᠤᠨ᠎ᠲᠡᠰ᠎ᠦᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠤᠪᠢ ᠬᠥᠮᠥᠨ 105  ᠪᠤᠢ᠃

● ᠠᠪᠠᠭ᠎ᠠ ᠬᠤᠰᠢᠭᠤ ᠪᠦᠬᠦ ᠤᠷᠤᠨ  ᠤ᠋  ᠠᠩᠬᠠᠳᠠᠬ᠍ᠴᠢ  ᠮᠠᠯᠵᠢᠬᠤ  ᠤᠷᠤᠨ ᠤ᠋  ᠨᠠᠰᠤᠳᠠᠢᠴᠤᠳ ᠢ᠋  ᠠᠰᠠᠷᠠᠬᠤ  ᠦᠢᠯᠡᠴᠢᠯᠡᠭᠡᠨ ᠤ᠋  ᠲᠦᠪ ᠎ᠢ  ᠡᠬᠦᠰᠭᠡᠨ  ᠪᠠᠢᠭᠤᠯᠪᠠ


ᠦᠨᠦ  ᠵᠢᠯ  ᠪᠤᠷᠤᠭᠠᠨ ᠬᠤᠷ᠎ᠠ ᠴᠤ᠌ ᠰᠠᠢᠨ᠂   ᠨᠠᠢᠷ  ᠨᠠᠭᠠᠳᠤᠮ ᠴᠤ᠌  ᠰᠠᠢᠬᠠᠨ ᠪᠤᠯᠤᠯ᠎ᠠ  ᠁  ᠭᠡᠵᠤ  《 ᠬᠠᠯᠠᠮᠵᠢ  》 ᠶ᠋ᠢᠨ ᠡᠬᠦᠳᠡ ᠪᠡᠷ ᠮᠠᠢᠵᠢᠬᠢᠨᠠᠩᠬᠠᠨ  ᠤᠷᠤᠵᠤ  ᠢᠷᠡᠭᠰᠡᠨ  ᠬᠡᠳᠤᠨ  ᠪᠤᠭᠤᠷᠤᠯᠴᠤᠳ ᠮᠠᠨᠢ ᠠᠪᠠᠭ᠎ᠠ ᠬᠣᠰᠢᠭᠤᠨ᠎ᠤ ᠬᠠᠯᠠᠮᠵᠢ ᠨᠠᠰᠤᠲᠠᠢᠴᠤᠳ᠎ᠤᠨ ᠠᠰᠠᠷᠠᠮᠵᠢ ᠵᠢᠨ ᠦᠢᠯᠡᠴᠢᠯᠡᠭᠡᠨ ᠎ᠤ ᠲᠥᠪ  ᠢ᠋ᠶ᠋ᠠᠷ  ᠰᠤᠷᠪᠤᠯᠵᠢᠯᠠᠨ ᠬᠦᠷᠦᠭᠰᠡᠨ  ᠪᠢᠳᠡᠨ  ᠤ᠋   ᠲᠤᠷᠠᠨ ᠳ᠋ᠤ᠌  ᠰᠡᠬᠦᠳᠡᠷᠯᠡᠭᠳᠡᠵᠤ᠂  ᠰᠤᠷᠪᠤᠯᠵᠢᠯᠠᠭ᠎ᠠ ᠶ᠋ᠢᠨ  ᠦᠯᠢᠬᠡᠷ ᠤ᠋ᠨ  ᠤᠭᠤᠳᠠ  ᠨᠡᠭᠡᠭᠡᠭᠳᠡᠭᠰᠡᠨ  ᠮᠠᠨᠢ  ᠡᠨᠡ  ᠠᠵᠢ ᠃

《 ᠦᠨᠦ  ᠵᠢᠯ ᠤ᠋ᠨ  ᠬᠤᠰᠢᠭᠤ ᠨᠠᠭᠠᠳᠤᠮ ᠭᠤᠶᠤ ᠬᠡᠬᠦ ᠳ᠋ᠤ᠌  ᠮᠢᠨᠤ  ᠪᠡᠶ᠎ᠡ ᠴᠤ᠌ ᠬᠢᠩᠭ᠎ᠠ  ᠪᠠᠢᠨ᠎ᠠ  ᠰᠢᠤ ᠂  ᠭᠤᠷᠪᠠᠨ ᠡᠳᠤᠷ  ᠨᠠᠢᠷ ᠦᠵᠡᠴᠢᠭᠡᠯ᠎ᠡ ᠂  ᠬᠦᠯ ᠭᠠᠷ  ᠨᠢᠷᠤᠭᠤ ᠲᠤᠷᠤᠭᠤ  ᠭᠡᠵᠤ ᠡᠪᠡᠳᠦᠭᠰᠡᠨ  ᠵᠦᠢᠯ ᠴᠤ᠌  ᠠᠯᠠᠭ᠎ᠠ ᠂  《 ᠬᠠᠷᠢᠮ ᠬᠡᠮ ᠂  ᠲᠠᠷᠤᠯᠳᠡ  ᠡᠨᠡ   ᠲᠡᠷᠡ ᠴᠤ᠌  ᠬᠡᠪ ᠤ᠋ᠨ᠂   ᠰᠡᠳᠬᠢᠯ ᠶᠡᠬᠡ  ᠰᠡᠷᠬᠦᠯ᠎ᠡ 》᠂  《 ᠨᠦᠭᠦᠭᠡ  ᠲᠦᠯᠦᠪᠦᠷᠢ ᠦᠬᠡᠢ ᠨᠡᠢᠳᠡ ᠶ᠋ᠢᠨ  ᠮᠠᠰᠢᠨ  ᠨᠢ  ᠪᠢᠳᠡᠨ ᠢ᠋  ᠬᠠᠯᠠᠮᠵᠢ  ᠶ᠋ᠢᠨ  ᠡᠬᠦᠳᠡᠨ ᠠ᠋ᠴᠠ ᠰᠢᠭᠤᠳ ᠯᠡ ᠲᠡᠷᠢᠬᠦᠯᠡᠭᠴᠢ ᠶ᠋ᠢᠨ  ᠲᠠᠢᠰᠠᠨ  ᠤ᠋  ᠬᠠᠵᠠᠭᠤᠳᠠ ᠬᠦᠷᠭᠡᠵᠤ ᠦᠭᠬᠦᠨ᠎ᠡ᠂  ᠤᠴᠢᠵᠤ ᠦᠵᠡᠯ ᠦᠬᠡᠢ  ᠶᠠᠭᠠᠬᠢᠬᠤ ᠪᠤᠢ   》 ᠁



ᠡᠭᠡᠯ ᠴᠡᠪᠡᠷᠭᠡᠨ ᠭᠣᠷᠪᠠᠨ᠌ ᠡᠮᠵᠢᠶᠡᠷᠢ ᠲᠠᠢ ᠲᠡᠪᠡᠯ  ᠢ᠋ᠶ᠋ᠠᠷ ᠢ᠋ᠶ᠋ᠠᠨ  ᠭᠤᠶᠤᠬ᠍ᠰᠠᠨ  ᠬᠠᠯᠠᠮᠵᠢ ᠶ᠋ᠢᠨ  ᠨᠠᠢᠷ ᠦᠵᠡᠭᠰᠡᠨ  ᠨᠠᠰᠤᠳᠠᠢᠴᠤᠳ  ᠪᠢᠳᠡᠨ ᠤ᠋  ᠰᠤᠷᠪᠤᠯᠵᠢᠯᠠᠭ᠎ᠠ ᠶ᠋ᠢ  ᠪᠠᠶᠠᠷᠳᠠᠢ ᠬᠦᠯᠢᠶᠡᠨ᠂  ᠬᠠᠯᠠᠮᠵᠢ ᠶ᠋ᠢᠨ  ᠦᠯᠢᠬᠡᠷ᠂   ᠲᠦᠷᠦ ᠶ᠋ᠢᠨ  ᠰᠠᠢᠬᠠᠨ᠂  ᠨᠠᠮ ᠤ᠋ᠨ  ᠬᠠᠢᠷ᠎ᠠ᠂  ᠠᠷᠠᠳ ᠤ᠋ᠨ  ᠵᠢᠷᠭᠠᠯ  ᠡᠢᠨ᠎ᠬᠦ  ᠲᠡᠮᠳᠡᠭᠯᠡᠭᠳᠡᠯ᠎ᠡ ᠃

ᠡᠪ ᠢ᠋ᠶ᠋ᠠᠷ ᠲᠦᠰᠢᠯᠴᠡᠳᠡᠭ ᠬᠣᠷᠸ᠎ᠠ ᠳ᠋ᠥ ᠬᠠᠢᠷ᠎ᠠ ᠶ᠋ᠢᠨ ᠳᠠᠭᠣᠣ ᠣᠶᠠᠩᠭᠠᠷᠠᠵᠣ᠌᠂ ᠬᠠᠢᠷ᠎ᠠ ᠪᠠᠷ ᠬᠡᠯᠬᠢᠭᠰᠡᠨ  《 ᠬᠠᠯᠠᠮᠵᠢ 》 ᠳ᠋ᠤ᠌᠂  ᠵᠢᠷᠭᠠᠯ ᠤ᠋ᠨ  ᠲᠤᠤᠯᠢ   ᠬᠠᠢᠯᠤᠬ᠍ᠳᠠᠨ᠎ᠠ  ᠁ ᠰᠠᠢᠬᠠᠨ ᠳᠠ᠂ ᠰᠠᠢᠬᠠᠨ !


4793223_sanban_1695197416292_m.jpg


ᠨᠠᠢᠷ ᠲᠠᠢ  ᠡᠨᠡ ᠣᠷᠴᠢᠯᠠᠩ  ᠳ᠋ᠥ  ᠨᠠᠷᠭᠢᠵᠦ  ᠢᠨᠢᠶᠡᠵᠦ  ᠠᠮᠢᠳᠣᠷᠠᠬᠣ᠌  ᠰᠠᠢᠬᠠᠨ

《 ᠡᠭᠦᠳᠡ ᠪᠡᠨ ᠬᠠᠭᠠᠵᠤ ᠪᠢ  ᠠᠮᠢᠳᠤᠷᠠᠯ  ᠪᠤᠴᠠᠯᠭᠠᠳᠠᠭ᠂  ᠡᠭᠦᠳᠡ ᠪᠡᠨ ᠨᠡᠭᠡᠭᠡᠵᠤ ᠪᠢ  ᠵᠢᠷᠭᠠᠯ ᠳ᠋ᠤ᠌ ᠴᠡᠡᠭᠭᠡᠳᠡᠭ 》᠂  《 ᠠᠢᠯ ᠡᠷᠦᠬᠡ ᠲᠤᠰ ᠲᠤᠰ ᠲᠠᠭᠠᠨ ᠲᠤᠭᠤᠭᠠᠯᠠᠵᠤ᠂ ᠠᠮᠢᠳᠤᠷᠠᠯ  ᠦᠷᠬᠦᠯᠵᠢᠯᠡᠨ᠎ᠡ᠂  ᠠᠢᠯ ᠰᠠᠭᠠᠬᠠᠯᠲᠠ ᠪᠡᠷ ᠢ᠋ᠶ᠋ᠠᠨ ᠡᠭᠦᠳᠡ ᠪᠠᠨ ᠨᠡᠭᠡᠭᠡᠵᠦ᠂  ᠢᠨᠢᠶᠡᠳᠤ  ᠵᠢᠷᠭᠠᠯ  ᠦᠷᠬᠦᠯᠵᠢᠯᠡᠨ᠎ᠡ 》  ᠁ ᠡᠨᠡ ᠪᠣᠯ ᠠᠪᠠᠭ᠎ᠠ ᠬᠣᠰᠢᠭᠤᠨ᠎ᠤ 《ᠬᠠᠯᠠᠮᠵᠢ》 ᠨᠠᠰᠤᠲᠠᠢᠴᠤᠳ᠎ᠤᠨ ᠠᠰᠠᠷᠠᠮᠵᠢ ᠵᠢᠨ ᠦᠢᠯᠡᠴᠢᠯᠡᠭᠡᠨ᠎ᠤ ᠲᠥᠪ ᠤ᠋ᠨ  ᠤᠳᠤ ᠶ᠋ᠢᠨ  ᠪᠠᠢᠳᠠᠯ᠂  ᠠᠪᠠᠭ᠎ᠠ  ᠪᠤᠭᠤᠷᠤᠯᠴᠤᠳ ᠤ᠋ᠨ  ᠦᠳᠡᠯᠦᠬᠡ  ᠨᠠᠰᠤᠨ  ᠤ᠋   ᠠᠮᠢᠳᠤᠷᠠᠯ ᠃

ᠡᠨᠡ᠎ᠬᠦ ᠲᠥᠪ ᠨᠢ ᠠᠪᠠᠭ᠎ᠠ ᠬᠤᠰᠢᠭᠤᠨ᠎ᠤ ᠭᠣᠣᠯᠳᠠᠯᠭ᠎ᠠ᠎ᠲᠠᠢ ᠪᠦᠲᠦᠭᠡᠨ ᠪᠠᠢᠭᠤᠯᠤᠭᠰᠠᠨ 《 ᠠᠷᠠᠳ᠎ᠠᠴᠠ ᠡᠷᠬᠢᠯᠡᠵᠦ ᠠᠯᠪᠠᠨ᠎ᠠᠴᠠ ᠲᠡᠮᠵᠢᠬᠦ 》 ᠰᠢᠨᠵᠢ ᠴᠢᠨᠠᠷ᠎ᠲᠠᠢ  ᠨᠠᠰᠤᠳᠠᠨ ᠤ᠋ ᠠᠰᠠᠷᠠᠮᠵᠢ᠎ᠶᠢᠨ ᠪᠠᠢᠭᠤᠯᠤᠮᠵᠢ ᠪᠣᠯᠣᠨ᠎ᠠ ᠃ 2014  ᠤᠨ ᠳ᠋ᠤ᠌᠂ ᠠᠪᠠᠭ᠎ᠠ ᠬᠤᠰᠢᠭᠤᠨ᠎ᠤ  ᠶᠡᠷᠡᠭᠡᠳ  ᠣᠨ᠎ᠤ  ᠦᠶ᠎ᠡ᠎ᠶᠢᠨ  ᠨᠠᠮ ᠵᠠᠰᠠᠭ᠎ᠤᠨ  ᠠᠯᠪᠠᠨ ᠠᠰᠠᠷ  ᠵᠢᠴᠢ  ᠤᠢᠷ᠎ᠠ ᠬᠠᠪᠢ ᠎ᠶᠢᠨ ᠰᠤᠯᠠ  ᠰᠡᠯᠡᠬᠦᠦ 12  ᠠᠰᠠᠷ ᠎ᠢ  ᠵᠠᠰᠠᠨ ᠦᠬᠡᠷᠡᠴᠢᠯᠡᠵᠤ᠂  ᠨᠠᠰᠤᠳᠠᠢᠴᠤᠳ ᠤ᠋ᠨ  ᠠᠳᠠᠯᠢ  ᠪᠤᠰᠤ ᠶ᠋ᠢᠨ  ᠱᠠᠭᠠᠷᠳᠠᠯᠭ᠎ᠠ ᠳ᠋ᠤ᠌  ᠵᠤᠬᠢᠴᠠᠭᠤᠯᠤᠨ᠂  ᠪᠠᠢᠷᠢ ᠶ᠋ᠢᠨ  ᠭᠡᠷ ᠢ᠋ 30 — 60   ᠲᠡᠭᠰᠢ  ᠲᠦᠷᠪᠡᠯᠵᠢᠨ  ᠮᠸᠲᠷ ᠤ᠋ᠨ  ᠬᠡᠮᠵᠢᠶ᠎ᠡ  ᠪᠡᠷ ᠠᠳᠠᠯᠢ ᠪᠤᠰᠤ ᠪᠠᠢᠭᠤᠯᠪᠠ ᠃ ᠪᠠᠷᠢᠯᠭ᠎ᠠ  ᠶ᠋ᠢᠨ ᠶᠡᠷᠦᠩᠬᠡᠢ ᠲᠠᠯᠠᠪᠠᠶ ᠨᠢ 1.9 ᠲᠦᠮᠡᠨ ᠲᠡᠭᠰᠢ ᠳᠥᠷᠪᠡᠯᠵᠢᠨ ᠮᠧᠲᠷ ᠪᠠᠢᠵᠤ᠂ 1.48 ᠳ᠋ᠦᠩᠰᠢᠭᠤᠷ ᠲᠥᠭᠥᠷᠢᠭ᠎ᠦᠨ ᠪᠡᠯᠡ ᠣᠷᠣᠭᠤᠯᠵᠤ ᠂ ᠨᠡᠶ᠋ᠢᠲᠡ 646 ᠣᠷᠣ᠌᠎ᠲᠠᠢ᠂ ᠣᠳᠣ᠌  ᠪᠡᠷ 150 ᠭᠠᠷᠤᠢ ᠡᠷᠤᠬᠡ  ᠤᠷᠤᠵᠤ  ᠪᠠᠭᠤᠳᠠᠯᠯᠠᠵᠤ᠂ 270  ᠭᠠᠷᠤᠢ ᠬᠦᠮᠦᠨ  ᠠᠮᠠ  ᠲᠠᠢ  ᠶᠡᠬᠡ ᠬᠡᠷ ᠪᠦᠯᠢ ᠠᠮᠢᠳᠤᠷᠠᠵᠤ ᠪᠠᠢᠨ᠎ᠠ ᠃

ᠰᠤᠷᠭᠠᠭᠤᠯᠢ ᠨᠤᠭᠤᠳ ᠢ᠋ ᠴᠤᠮᠬᠠᠳᠬᠠᠭᠰᠠᠨ ᠲᠡᠷᠡ ᠴᠠᠭ ᠡᠴᠡ ᠯᠡ ᠪᠠᠢᠬ᠎ᠠ᠂ ᠬᠦᠳᠡᠭᠡ ᠶ᠋ᠢᠨ ᠤᠯᠠᠨ ᠪᠤᠭᠤᠷᠤᠯᠴᠤᠳ ᠤᠮᠪᠤᠯᠤ ᠪᠡᠨ ᠰᠤᠷᠭᠠᠭᠤᠯᠢ ᠳ᠋ᠤ᠌  ᠰᠠᠭᠤᠯᠭᠠᠬᠤ ᠭᠡᠮᠡᠨ ᠬᠤᠰᠢᠭᠤᠨ ᠲᠦᠪ  ᠢ᠋ᠶ᠋ᠠᠷ ᠭᠡᠷ ᠪᠠᠢᠰᠢᠩ ᠲᠦᠷᠢᠶᠡᠰᠦᠯᠡᠨ ᠰᠠᠭᠤᠬᠤ ᠪᠤᠯᠤᠭᠰᠠᠨ  ᠪᠢᠯᠡ ᠃ ᠢᠩᠬᠢᠵᠦ ᠬᠦᠳᠡᠭᠡ ᠶ᠋ᠢᠨ ᠪᠤᠭᠤᠷᠤᠯᠴᠤᠳ ᠤ᠋ᠨ ᠨᠡᠬᠦᠳᠡᠯ ᠤ᠋ᠨ ᠴᠦᠷᠬᠦᠯᠡᠭᠡ ᠴᠦᠷᠬᠦᠯᠡᠨ ᠪᠠᠢᠬ᠍ᠰᠠᠨ ᠪᠣᠯ 2014  ᠣᠨ ᠠ᠋ᠴᠠ ᠡᠨᠳᠡ ᠤᠯᠠᠨ ᠪᠤᠭᠤᠷᠤᠯᠴᠤᠳ ᠬᠠᠶᠠᠭ᠎ᠠ ᠲᠠᠷᠤᠨ ᠪᠠᠭᠤᠴᠠᠯᠠᠵᠦ ᠬᠠᠮᠤᠭ ᠤᠯᠠᠨ ᠢ᠋ᠶ᠋ᠠᠷ ᠢ᠋ᠶ᠋ᠠᠨ  ᠬᠤᠷᠠᠨ  ᠴᠤᠬ᠍ᠯᠠᠷᠠᠨ  《 ᠰᠢᠨ᠎ᠡ ᠠᠮᠢᠳᠤᠷᠠᠯ 》 ᠎ᠢᠶᠠᠨ  ᠡᠬᠢᠯᠡᠬᠦᠯᠦᠭᠰᠡᠨ  ᠪᠢᠯᠡ᠃

《 ᠮᠠᠨ ᠤ᠋  ᠲᠦᠪ ᠪᠤᠯ ᠪᠦᠬᠦ ᠤᠷᠤᠨ ᠤ᠋ ᠠᠩᠬᠠᠳᠠᠬ᠍ᠴᠢ ᠮᠠᠯᠵᠢᠬᠤ ᠤᠷᠤᠨ ᠤ᠋  ᠨᠠᠰᠤᠳᠠᠢᠴᠤᠳ ᠢ᠋ ᠠᠰᠠᠷᠠᠬᠤ  ᠲᠤᠷᠰᠢᠯᠳᠡ ᠶ᠋ᠢᠨ  ᠴᠡᠭ᠂  ᠮᠠᠯᠵᠢᠬᠤ ᠤᠷᠤᠨ ᠤ᠋  ᠲᠤᠳᠠᠬ᠍ᠳᠠᠯ ᠢ᠋ ᠨᠦᠬᠦᠪᠦᠷᠢᠯᠡᠭᠰᠡᠨ ᠰᠢᠨ᠎ᠡ ᠵᠠᠬ᠍ᠪᠤᠷ ᠃ ᠪᠢᠳᠡ  ᠵᠦᠪᠭᠡᠨ ᠨᠠᠰᠤᠳᠠᠢᠴᠤᠳ ᠤ᠋ᠨ ᠦᠳᠡᠯᠦᠬᠡ  ᠨᠠᠰᠤᠨ ᠤ᠋  ᠠᠮᠢᠳᠤᠷᠠᠯ ᠢ᠋ ᠰᠢᠢᠳᠪᠤᠷᠢᠯᠡᠭᠰᠡᠨ  ᠪᠢᠰᠢ  ᠬᠠᠷᠢᠨ ᠭᠤᠷᠪᠠᠨ ᠦᠶ᠎ᠡ ᠶ᠋ᠢᠨ  ᠬᠦᠮᠦᠰ ᠲᠤ᠌   ᠠᠰᠢᠭ᠋ ᠬᠦᠷᠳᠡᠭᠡᠵᠤ ᠪᠤᠢ᠂  ᠨᠠᠰᠤᠳᠠᠢᠴᠤᠳ  ᠦᠳᠡᠯᠦᠭᠡ ᠨᠠᠰᠤ ᠪᠠᠨ  ᠵᠢᠷᠭᠠᠯ ᠲᠠᠢ ᠦᠩᠭᠡᠷᠡᠬᠦᠯᠦᠨ᠎ᠡ᠂  ᠤᠮᠪᠤᠯᠤ  ᠲᠤᠮᠪᠤᠯᠤ  ᠪᠢᠴᠢᠭ ᠰᠤᠶᠤᠯ ᠤ᠋ᠨ  ᠮᠦᠷ ᠬᠦᠬᠡᠬᠡᠨ᠎ᠡ ᠂  ᠠᠪᠤ  ᠡᠵᠢ  ᠨᠢ  ᠰᠠᠨᠠᠭ᠎ᠠ  ᠠᠮᠤᠷ  ᠠᠵᠤ  ᠠᠮᠢᠳᠤᠷᠠᠯ  ᠳ᠋ᠠᠭᠠᠨ  ᠰᠢᠭᠤᠷᠬᠠᠢᠯᠠᠨ᠎ᠠ 》 ᠭᠡᠵᠤ ᠠᠪᠠᠭ᠎ᠠ ᠬᠣᠰᠢᠭᠤᠨ ᠎ᠤ 《ᠬᠠᠯᠠᠮᠵᠢ 》 ᠨᠠᠰᠤᠲᠠᠢᠴᠤᠳ᠎ᠤᠨ ᠠᠰᠠᠷᠠᠮᠵᠢ ᠵᠢᠨ ᠦᠢᠯᠡᠴᠢᠯᠡᠭᠡᠨ ᠎ᠤ ᠲᠥᠪ᠎ᠤᠨ  ᠬᠠᠷᠢᠭᠤᠴᠠᠯᠭᠠᠳᠠᠨ ᠽᠧᠦ ᠶᠠᠨ ᠸᠸᠨ  ᠰᠤᠷᠪᠤᠯᠵᠢᠯᠠᠭ᠎ᠠ  ᠬᠦᠯᠢᠶᠡᠬᠦ ᠳ᠋ᠡᠭᠡᠨ  ᠶᠠᠷᠢᠵᠤ ᠪᠠᠢᠯ᠎ᠠ ᠃

ᠬᠦᠮᠦᠰ《 ᠬᠠᠯᠠᠮᠵᠢ 》᠎ᠪᠠᠨ ᠦᠳᠡᠯᠦᠭᠡ  ᠪᠤᠭᠤᠷᠤᠯᠴᠤᠳ ᠤ᠋ᠨ  ᠵᠢᠷᠭᠠᠯ ᠤ᠋ᠨ ᠤᠷᠤᠨ᠂ ᠦᠰᠪᠤᠷᠢ ᠶ᠋ᠢᠨ  ᠬᠡᠤᠬᠡᠳ ᠤ᠋ᠨ  ᠴᠡᠩᠬᠡᠯ ᠤ᠋ᠨ ᠤᠷᠳᠤᠨ᠂ ᠢᠳᠡᠷ ᠵᠠᠯᠠᠭᠤᠴᠤᠳ ᠤ᠋ᠨ  ᠠᠮᠠᠷᠠᠯᠳᠡ ᠶ᠋ᠢᠨ  ᠦᠷᠳᠡᠭᠡ  ᠭᠡᠮᠡᠨ ᠲᠤᠳᠤᠨᠤᠴᠢᠯᠠᠨ ᠲᠠᠭᠤᠳᠠᠨ᠎ᠠ ᠃

— ᠦᠨᠳᠦᠷ ᠠᠪᠤ ᠡ᠂   ᠮᠠᠨ ᠎ᠤ  ᠬᠤᠶᠡᠷ ᠨᠠᠰᠤᠳᠠᠨ ᠢ᠋  ᠬᠠᠷᠠᠵᠤ ᠪᠠᠢ  ᠬᠡᠵᠤ ᠬᠡᠯᠡᠭᠡᠳ  ᠰᠠᠨᠠᠭ᠎ᠠ ᠠᠮᠤᠷ  ᠬᠦᠳᠡᠭᠡ ᠪᠠᠨ  ᠪᠤᠴᠠᠨ ᠠᠵᠢᠯ ᠠᠮᠢᠳᠤᠷᠠᠯ ᠎ᠳᠠᠭᠠᠨ ᠶᠠᠭᠠᠷᠠᠭᠠᠳ  ᠭᠤᠴᠢ   ᠲᠦᠴᠢᠨ ᠬᠤᠨᠤᠭ  ᠪᠤᠯᠤᠭᠠᠳ ᠰᠠᠶᠢ  ᠨᠠᠰᠤᠳᠠᠳ᠎ᠢᠶᠠᠨ  ᠡᠷᠬᠢᠵᠦ ᠦᠵᠡᠬᠦ  ᠶᠤᠮ᠂  ᠪᠦᠷ ᠰᠠᠨᠠᠭ᠎ᠠ  ᠠᠮᠤᠷ》 ᠭᠡᠵᠤ ᠠᠪᠠᠭ᠎ᠠ ᠬᠣᠰᠢᠭᠤᠨ᠎ᠤ 《ᠬᠠᠯᠠᠮᠵᠢ》 ᠨᠠᠰᠤᠲᠠᠢᠴᠤᠳ᠎ᠤᠨ ᠠᠰᠠᠷᠠᠮᠵᠢ  ᠵᠢᠨ ᠦᠢᠯᠡᠴᠢᠯᠡᠭᠡᠨ᠎ᠤ ᠲᠥᠪ᠎ᠤᠨ  ᠠᠵᠢᠯᠳᠠᠨ ᠠᠶᠤᠰᠢ ᠭᠤᠸᠠᠢ  ᠬᠡᠯᠡᠨ᠎ᠡ ᠃

ᠠᠶᠤᠰᠢ ᠭᠤᠸᠠᠢ  ᠦᠪᠡᠷ ᠵᠢᠨᠨ  ᠴᠤ᠌  ᠭᠡᠰᠡᠨ ᠬᠤᠰᠢᠭᠤᠨ᠎ᠳᠤ  ᠭᠡᠷ ᠲᠦᠷᠢᠶᠡᠰᠦᠯᠡᠨ᠂  ᠤᠮᠪᠤᠯᠤ᠎ᠪᠠᠨ ᠪᠢᠴᠢᠭ  ᠦᠵᠡᠬᠦᠯᠵᠦ ᠪᠠᠢᠬ᠍ᠰᠠᠨ  ᠪᠣᠯ 2017  ᠤᠨ  ᠤ᠋ 9 ᠰᠠᠷ᠎ᠠ ᠳ᠋ᠤ᠌ ᠬᠠᠯᠠᠮᠵᠢ ᠎ᠳᠤ  ᠪᠠᠭᠤᠴᠠᠯᠠᠵᠤ᠂  ᠬᠠᠯᠠᠮᠵᠢ᠎ᠶᠢᠨ ᠨᠢᠭᠡ ᠬᠡᠰᠢᠬᠦᠨ ᠪᠤᠯᠤᠬ᠍ᠰᠠᠨ᠎ᠢᠶᠠᠷ  ᠪᠠᠷᠠᠬᠤ ᠦᠬᠡᠢ  ᠲᠥᠪ  ᠪᠤᠯᠤᠨ  ᠨᠠᠰᠤᠳᠠᠢᠴᠤᠳ᠎ᠤᠨ  ᠬᠤᠭᠤᠷᠤᠨᠳᠤ 《ᠬᠡᠯᠡ  ᠪᠤᠯᠳᠠᠭ᠂  ᠬᠥᠯ ᠪᠤᠯᠳᠠᠭ 》   ᠠᠵᠢᠯᠲᠠᠨ ᠪᠤᠯᠵᠤ᠂   《 ᠦᠨᠳᠥᠷ  ᠠᠬ᠎ᠠ 》  ᠨᠡᠷ᠎ᠡ  ᠬᠠᠳᠠᠩᠰᠢᠵᠡᠢ ᠃

— ᠪᠢᠳᠡ ᠤᠤᠯ ᠨᠢ ᠤᠮᠪᠤᠯᠤ᠎ᠪᠠᠨ  ᠪᠢᠴᠢᠭ ᠦᠵᠡᠬᠦᠯᠬᠦ ᠭᠡᠳ ᠡᠬᠦᠳᠡᠨ ᠭᠡᠷ ᠲᠦᠷᠢᠶᠡᠰᠦᠯᠡᠭᠡᠳ ᠵᠢᠯ᠎ᠦᠨ 7000 ᠊᠊ 8000 ᠲᠦᠬᠦᠷᠢᠭ᠂ ᠲᠡᠭᠡᠭᠡᠳ 9 ᠰᠠᠷ᠎ᠠ᠎ᠶᠢᠨ  ᠰᠡᠬᠦᠯᠴᠢ  ᠪᠡᠷ  ᠡᠬᠢᠯᠡᠵᠤ ᠲᠠᠷᠠᠭ᠎ᠠ  ᠵᠢᠯ᠎ᠦᠨ  ᠬᠢᠨᠢ  5 ᠰᠠᠷ᠎ᠠ   ᠪᠤᠯᠳᠠᠯ᠎ᠠ ᠵᠤᠤᠬᠠᠨ᠎ᠳᠤ  ᠨᠡᠬᠦᠷᠡᠰᠤ ᠲᠠᠰᠤᠷᠠᠬᠤ ᠦᠬᠡᠢ᠂ ᠨᠡᠬᠦᠷᠡᠰᠤᠨ᠎ᠳᠡᠭᠡᠨ 《 ᠱᠦᠬᠦᠭᠳᠡᠴᠢᠭᠡᠨ᠎ᠡ 》᠂  ᠡᠨᠳᠡ ᠴᠢᠨᠢ  ᠲᠤᠯᠠᠭᠠᠯᠠᠭ᠎ᠠ ᠭᠡᠵᠤ ᠵᠤᠪᠠᠬᠤ ᠦᠬᠡᠢ᠂ ᠪᠦᠬᠦ ᠶᠠᠭᠤᠮ᠎ᠠ ᠴᠠᠬᠢᠯᠭᠠᠨᠵᠢᠬ᠍ᠰᠠᠨ᠂ ᠤᠳᠤᠭ᠎ᠠ  ᠲᠤᠭᠤᠰᠤ  ᠭᠡᠵᠤ  ᠪᠠᠢᠳᠠᠭ  ᠦᠭᠡᠢ᠃  ᠡᠬᠦᠳᠡᠨ᠎ᠡᠴᠡ ᠰᠤᠷᠭᠠᠭᠤᠯᠢ ᠶ᠋ᠢᠨ  ᠲᠡᠷᠭᠡ ᠲᠠᠢ᠂  ᠨᠢᠬᠡ ᠤᠳᠠᠭ᠎ᠠ  ᠨᠢᠭᠡ ᠯᠡ  ᠲᠦᠬᠦᠷᠢᠭ᠃  ᠪᠠᠰᠠ ᠨᠠᠰᠤᠳᠠᠢᠴᠤᠳ ᠤ᠋ᠨ  ᠨᠡᠢᠬᠡᠮᠯᠢᠭ ᠲᠤ᠌ 5000  ᠲᠦᠬᠦᠷᠢᠭ ᠤ᠋ᠨ  ᠪᠡᠯᠡᠳᠭᠡᠯ  ᠮᠦᠩᠬᠦ ᠲᠠᠯᠪᠢᠵᠤ᠂  ᠪᠠᠴᠢᠮ ᠪᠠᠢᠳᠠᠯ ᠢ᠋  ᠠᠷᠭᠠᠴᠠᠭᠠᠳᠠᠭ᠂  ᠬᠡᠷᠪᠡ ᠰᠦᠨᠢ ᠤᠷᠤᠢ᠎ᠪᠡᠷ  ᠡᠪᠡᠳᠪᠡᠯ ᠡᠨᠡ  ᠵᠤᠭᠤᠰ ᠢ᠋ᠶ᠋ᠠᠷ ᠤᠷᠢᠳ ᠎ᠢᠶᠡᠷ ᠡᠮᠨᠡᠯᠬᠡ ᠳ᠋ᠤ᠌  ᠰᠠᠭᠤᠯᠭᠠᠵᠤ ᠦᠷ᠎ᠡ ᠬᠡᠤᠬᠡᠳ ᠨᠢ ᠢᠷᠡᠪᠡᠯ  ᠲᠠᠬᠢᠨ ᠪᠤᠴᠠᠭᠠᠭᠠᠳ ᠦᠭᠪᠡᠯ ᠪᠤᠯᠴᠢᠬᠠᠨ᠎ᠠ  ᠭᠡᠵᠤ  ᠠᠶᠤᠰᠢ  ᠭᠤᠸᠠᠢ  ᠲᠠᠩᠰᠡ  ᠪᠤᠳᠤᠵᠤ ᠦᠭᠬᠦᠨ᠎ᠡ᠃

ᠨᠠᠰᠤᠳᠠᠢᠴᠤᠳ ᠨᠢ ᠠᠰᠠᠷ ᠲᠤ᠌ ᠰᠠᠭᠤᠭᠠᠳᠬᠡᠤᠬᠡᠳ ᠢ᠋ᠶ᠋ᠠᠨ  ᠡᠷᠬᠢᠴᠡᠬᠦᠯᠴᠢᠭᠡᠭᠰᠡᠨ᠂  ᠵᠠᠯᠠᠭᠤᠰ  ᠢᠳᠡᠷᠴᠣᠤᠯ  ᠨᠢ ᠠᠵᠢᠯ  ᠠᠮᠢᠳᠤᠷᠠᠯ ᠭᠡᠳ ᠮᠦᠩᠬᠦ ᠵᠤᠭᠤᠰ ᠤᠯᠴᠢᠬᠠᠬ᠍ᠰᠠᠨ ᠂  ᠬᠡᠨ ᠠᠯᠢ ᠨᠢ  ᠴᠤ᠌ ᠵᠤᠪᠠᠬᠤ  ᠤᠴᠢᠷ ᠦᠬᠡᠢ᠂ ᠵᠤᠪᠠᠬ᠍ᠰᠠᠨ ᠤᠴᠢᠷ  ᠪᠠᠢᠪᠠᠯ ᠵᠠᠷᠤᠬ᠍ᠳᠠᠬᠤ ᠬᠦᠮᠦᠨ ᠲᠠᠢ᠂  ᠭᠠᠴᠢᠬ᠍ᠳᠠᠬ᠍ᠰᠠᠨ ᠦᠶ᠎ᠡ ᠳ᠋ᠤᠨᠢ  ᠲᠤᠰᠠᠯᠠᠬᠤ   ᠮᠦᠩᠬᠦ   ᠲᠠᠢ  ᠪᠤᠯᠬᠤᠷ  ᠡᠨᠳᠡᠬᠢ   ᠨᠠᠰᠤᠳᠠᠢᠴᠤᠳ  ᠶᠤᠰᠤᠳᠠᠢ  ᠴᠠᠭ᠎ᠤᠨ ᠰᠠᠢᠨ ᠢ᠋  ᠦᠵᠡᠵᠤ᠂  ᠴᠠᠭ ᠤ᠋ᠨ  ᠰᠠᠢᠨ ᠢ᠋  ᠡᠳ᠋ᠯᠡᠵᠤ᠂   ᠨᠠᠰᠤᠯᠠᠨ ᠵᠢᠷᠭᠠᠬᠤ ᠶ᠋ᠢᠨ  ᠪᠤᠶᠠᠨ ᠢ᠋ᠶ᠋ᠠᠨ ᠦᠵᠡᠨ᠎ᠡ᠃ ᠠᠪᠠᠭ᠎ᠠ   ᠬᠤᠰᠢᠭᠤᠨ ᠤ᠋   ᠵᠢᠷᠭᠠᠯᠠᠩ   ᠰᠤᠮᠤ ᠶ᠋ᠢᠨ ᠰᠢᠨᠡᠪᠤᠯᠠᠭ ᠭᠠᠴᠠᠭ᠎ᠠ  ᠶ᠋ᠢᠨ  ᠮᠠᠯᠴᠢᠨ  ᠨᠠᠰᠤᠨᠪᠠᠳᠤ ᠭᠤᠸᠠᠢ  ᠴᠤ᠌  《 ᠬᠠᠯᠠᠮᠵᠢ 》 ᠶ᠋ᠢᠨ  ᠬᠠᠯᠠᠮᠵᠢ᠎ᠳᠤ ᠰᠡᠳᠬᠢᠯ ᠬᠤᠷᠭᠤᠳᠠᠭᠠᠳ᠂  ᠦᠷ᠎ᠡ ᠬᠡᠤᠬᠡᠳ ᠨᠢ ᠠᠰᠠᠷ᠎ᠲᠠᠭᠠᠨ  ᠬᠡᠳᠤᠨᠳᠡ ᠵᠠᠯᠠᠬ᠍ᠰᠠᠨ ᠴᠤ᠌ ᠨᠡᠬᠦᠬᠦ  ᠦᠭᠡᠢ ᠠᠷᠪᠠᠨ ᠨᠢᠬᠡᠨ ᠵᠢᠯ᠎ᠦᠨ  ᠨᠢᠭᠤᠷ ᠦᠵᠡᠵᠡᠢ᠃  《  ᠪᠦᠷ ᠲᠠᠰᠴᠢᠬᠠᠬ᠍ᠰᠠᠨ᠂  ᠡᠨᠳᠡ  ᠴᠢᠨᠢ ᠦᠶ᠎ᠡ ᠬᠤᠷᠠᠭ ᠤ᠋ᠨ  ᠬᠦᠮᠦᠰ ᠲᠠᠢ ᠪᠠᠨ  ᠵᠤᠭᠤᠬ᠍ᠳᠠᠨ᠎ᠠ᠂  ᠨᠠᠭᠠᠳᠤᠨ᠎ᠠ᠂   ᠡᠳᠣᠷ ᠪᠤᠯᠭᠠᠨ  ᠵᠤᠭ᠎ᠠ ᠲᠠᠢ᠂ ᠮᠠᠨ ᠎ᠤ ᠬᠠᠯᠠᠮᠵᠢ  ᠪᠦᠷ ᠭᠤᠶᠤ  ᠡ᠂ ᠶᠠᠭᠤᠮ᠎ᠠ  ᠲᠤᠳᠠᠪᠠᠯ  ᠠᠪᠴᠢᠷᠠᠭᠠᠳ ᠦᠭᠬᠦᠨ᠎ᠡ᠂  ᠡᠪᠳᠡᠷᠡᠪᠡᠯ   ᠵᠠᠰᠠᠭᠠᠳ ᠦᠭᠬᠦᠨ᠎ᠡ 》  ᠭᠡᠵᠤ  75  ᠨᠠᠰᠤᠳᠠᠢ ᠨᠠᠰᠤᠨᠪᠠᠳᠤ  ᠭᠤᠸᠠᠢ  ᠴᠤ᠌  ᠬᠠᠯᠠᠮᠵᠢ᠎ᠳᠤ  ᠰᠡᠳᠬᠢᠯ ᠬᠠᠩᠬᠤᠯᠤᠭᠤᠨ  ᠶᠠᠷᠢᠨ᠎ᠠ ᠃

  《 ᠣᠢᠷ᠎ᠡ ᠵᠢᠨ ᠬᠦᠷᠰᠢ ᠬᠣᠯᠠ ᠵᠢᠨ ᠰᠠᠳᠣᠨ ᠡᠴᠡ ᠲᠡᠭᠡᠷ᠎ᠡ 》  ᠬᠡᠳᠡᠭ ᠴᠤ᠌ ᠪᠢᠯᠡ  ᠤᠤ ᠃ ᠦᠲᠡᠯᠬᠦ᠎ᠶᠢᠨ ᠦᠵᠦᠬᠦᠷ ᠬᠠᠯᠠᠮᠵᠢ᠎ᠳᠤ ᠴᠤᠬ᠍ᠯᠠᠵᠤ ᠬᠠᠮᠲᠤ᠎ᠶᠢᠨ  ᠠᠮᠢᠳᠤᠷᠠᠯ᠎ᠢ  ᠦᠩᠭᠡᠷᠡᠬᠦᠯᠬᠦ  ᠨᠢ  ᠠᠪᠠᠭ᠎ᠠ ᠪᠤᠭᠤᠷᠤᠯᠴᠤᠳ ᠤ᠋ᠨ  ᠮᠦᠷᠦᠭᠡᠳᠤᠯ  ᠪᠤᠯᠤᠬ᠍ᠰᠠᠨ  ᠰᠠᠨ ᠃

    ᠨᠠᠯᠠᠢᠵᠤ  ᠰᠠᠭᠤᠬ᠍ᠰᠠᠨ ᠨᠠᠰᠤᠳᠠᠳ ᠮᠢᠨᠢ

    ᠨᠠᠷᠠᠨ ᠤ᠋  ᠬᠡᠷᠡᠯ  ᠢ᠋ᠶ᠋ᠠᠷ  ᠢᠪᠡᠭᠡᠭᠳᠡᠨ ᠪᠠᠢᠨ᠎ᠠ

    ᠨᠠᠢᠷ ᠲᠠᠢ  ᠲᠠᠭᠤᠤ ᠲᠠᠢ ᠬᠤᠷᠸ᠎ᠠ  ᠳ᠋ᠠᠭᠠᠨ

    ᠨᠠᠰᠤᠨ ᠤ᠋  ᠪᠤᠶᠠᠨ ᠢ᠋ᠶ᠋ᠠᠨ  ᠡᠳ᠋ᠯᠡᠩᠭᠡᠨ  ᠪᠠᠢᠨ᠎ᠠ ᠁

    ᠡᠨᠡ  ᠪᠤᠯ  ᠬᠠᠯᠠᠮᠵᠢ  ᠪᠤᠭᠤᠷᠤᠯᠴᠤᠳ ᠤ᠋ᠨ  ᠰᠡᠳᠬᠢᠯ  ᠤ᠋ᠨ  ᠴᠤᠤᠷᠢᠶ᠎ᠠ ᠃

 ᠬᠠᠢᠷ᠎ᠠ ᠲᠠᠢ ᠡᠨᠡ ᠬᠣᠷᠸ᠎ᠠ ᠳ᠋ᠥ  ᠰᠠᠨᠠᠵᠤ ᠳᠣᠷᠠᠰᠴᠣ᠌ ᠵᠢᠷᠭᠠᠬᠣ᠌ ᠴᠦ᠍ ᠰᠠᠢᠬᠠᠨ

ᠬᠠᠯᠠᠮᠵᠢ ᠳ᠋ᠤ᠌  ᠶᠡᠷᠡᠨ ᠨᠠᠰᠤ ᠶ᠋ᠢ  ᠵᠤᠭᠤᠬ᠍ᠯᠠᠬ᠍ᠰᠠᠨ  ᠪᠤᠶᠠᠨᠳᠤ ᠪᠤᠭᠤᠷᠤᠯ ᠵᠦᠩᠳᠡᠭᠡᠨ᠂   ᠪᠠᠢᠯᠳᠤᠵᠤ  ᠶᠠᠪᠤᠬ᠍ᠰᠠᠨ ᠴᠡᠷᠢᠭ ᠴᠤ᠌ ᠪᠤᠢ᠂  ᠨᠠᠮ ᠤ᠋ᠨ ᠨᠠᠰᠤ  ᠨᠢ 72  ᠵᠢᠯ ᠢ᠋  ᠦᠵᠡᠭᠰᠡᠨ  ᠰᠢᠯᠢᠳᠡᠭ ᠨᠠᠮ ᠤ᠋ᠨ  ᠬᠡᠰᠢᠬᠦᠨ  ᠴᠤ᠌  ᠪᠤᠢ᠂  ᠡᠨᠳᠡ  ᠮᠤᠩᠭᠤᠯ ᠂ ᠬᠢᠳᠠᠳ᠂ ᠬᠤᠳᠤᠩ ᠂   ᠮᠠᠨᠵᠤ  ᠦᠨᠳᠦᠰᠦᠳᠡᠨ ᠵᠦᠩ᠎ᠢᠶᠡᠷ᠎ᠢᠶᠡᠷ  ᠤᠴᠠᠷᠠᠵᠤ᠂  ᠵᠢᠷᠤᠬᠡ ᠪᠠᠷ  ᠢ᠋ᠶ᠋ᠠᠨ  ᠲᠦᠰᠢᠯᠴᠡᠵᠤ᠂  《 ᠬᠠᠯᠠᠮᠵᠢ  》 ᠶ᠋ᠢᠨ  ᠦᠯᠢᠬᠡᠷ  ᠢ᠋  《 ᠰᠡᠢᠯᠦᠨ᠎ᠡ  》᠃

ᠭᠡᠷ ᠭᠡᠳᠡᠭ ᠴᠢᠨᠢ  ᠬᠦᠴᠦ ᠬᠦᠳᠡᠯᠮᠦᠷᠢ ᠪᠠᠷ ᠳᠡᠭᠵᠢᠷᠡᠳᠡᠭ ᠂ ᠬᠠᠢᠷ᠎ᠠ  ᠢᠲᠡᠭᠡᠯ ᠢ᠋ᠶ᠋ᠡᠷ ᠳᠣᠳᠣᠮᠳᠠᠳᠠᠭ᠂ ᠣᠬᠠᠭᠠᠨ ᠰᠠᠨᠠᠭ᠎ᠠ ᠪᠠᠷ ᠡᠪᠯᠡᠭᠦᠯᠳᠡᠭ᠂ ᠡᠶ᠎ᠡ ᠨᠠᠢᠷᠠᠮᠳᠠᠯ ᠢ᠋ᠶ᠋ᠡᠷ  ᠦᠭᠡᠳᠡᠯᠡᠭᠦᠯᠳᠡᠭ᠃

ᠥᠨᠥ ᠵᠢᠯ᠎ᠦᠨ 7 ᠰᠠᠷ᠎ᠠ᠎ᠶᠢᠨ  1᠎ᠦ  ᠨᠠᠮ ᠪᠠᠢᠭᠤᠯᠤᠬ᠍ᠳᠠᠬ᠍ᠰᠠᠨ 102  ᠵᠢᠯ᠎ᠦᠨ  ᠤᠢ᠎ᠶᠢ  ᠲᠤᠬᠢᠶᠠᠯᠳᠣᠭᠤᠯᠤᠨ᠂ ᠠᠪᠠᠭ᠎ᠠ ᠬᠣᠰᠢᠭᠤᠨ᠎ᠤ ᠬᠠᠯᠠᠮᠵᠢ ᠨᠠᠰᠤᠲᠠᠢᠴᠤᠳ᠎ᠤᠨ ᠠᠰᠠᠷᠠᠮᠵᠢ ᠵᠢᠨ ᠦᠢᠯᠡᠴᠢᠯᠡᠭᠡᠨ᠎ᠤ ᠲᠥᠪ ᠎ᠤᠨ  ᠬᠢᠨ  ᠠᠮᠸᠷᠢᠺᠡ ᠶ᠋ᠢ  ᠡᠰᠡᠷᠬᠦᠴᠡᠨ  ᠰᠤᠯᠤᠩᠭᠤᠰ ᠢ᠋ ᠲᠤᠰᠠᠯᠠᠬᠤ ᠲᠠᠢᠨ᠎ᠳᠤ  ᠶᠠᠪᠤᠵᠤ ᠪᠠᠢᠬ᠍ᠰᠠᠨ 97  ᠨᠠᠰᠤᠨ ᠬᠤᠳᠤᠭ᠎ᠢ  ᠦᠵᠡᠭᠰᠡᠨ ᠠᠬᠠᠮᠠᠳ  ᠨᠠᠮ᠎ᠤᠨ  ᠬᠡᠰᠢᠬᠦᠨ  ᠶᠠᠩ  ᠵᠸᠨ  ᠡᠸᠨ᠂  ᠨᠠᠮ ᠤ᠋ᠨ  ᠨᠠᠰᠤ  ᠨᠢ 72  ᠵᠢᠯ  ᠪᠤᠯᠤᠬ᠍ᠰᠠᠨ  ᠵᠢᠷᠠᠨᠳᠠᠢ  ᠪᠤᠭᠤᠷᠤᠯ᠎ᠢᠶᠠᠷ  ᠦᠩᠭᠡᠷᠡᠬᠦᠯᠵᠦ ᠢᠷᠡᠭᠰᠡᠨ ᠦᠯᠢᠬᠡᠷ ᠲᠡᠤᠬᠡ᠎ᠶᠢ  ᠨᠢ ᠶᠠᠷᠢᠭᠤᠯᠵᠤ᠂   ᠦᠨᠳᠦᠰᠦᠳᠡᠨ᠎ᠦ  ᠪᠦᠯᠬᠦᠮᠳᠡᠯ᠎ᠤᠨ  ᠨᠢᠵᠢᠭᠢᠷ  ᠨᠠᠢᠷ   ᠪᠤᠯᠵᠤ  ᠲᠡᠮᠳᠡᠭᠯᠡᠭᠳᠡᠭᠰᠡᠨ  ᠪᠢᠯᠡ ᠃

2014  ᠣᠨ ᠳ᠋ᠤ᠌  ᠦᠳᠡᠯᠬᠦ ᠶ᠋ᠢᠨ  ᠦᠵᠦᠭᠦᠷ ᠪᠡᠶ᠎ᠡ ᠰᠡᠳᠬᠢᠯ ᠤ᠋ᠨ  ᠠᠮᠤᠷ ᠢ᠋  ᠪᠤᠳᠤᠵᠤ ᠂  ᠬᠠᠯᠠᠮᠵᠢ ᠳ᠋ᠤ᠌  ᠰᠠᠭᠤᠬ᠍ᠰᠠᠨ  ᠠᠪᠠᠭ᠎ᠠ ᠬᠤᠰᠢᠭᠤᠨ ᠤ᠋  ᠪᠠᠶᠠᠨᠴᠠᠭᠠᠨ  ᠰᠤᠮᠤ ᠶ᠋ᠢᠨ  ᠮᠠᠯᠴᠢᠨ ᠵᠢᠷᠠᠨᠳᠠᠢ  ᠨᠠᠰᠤᠳᠠᠨ ᠦᠨᠦ ᠵᠢᠯ 92  ᠨᠠᠰᠤ ᠶ᠋ᠢ  ᠵᠤᠭᠤᠬ᠍ᠯᠠᠵᠡᠢ ᠃ ᠵᠢᠷᠠᠨᠲᠠᠢ ᠨᠠᠰᠤᠲᠠᠨ᠄ 《 ᠪᠢ ᠲᠤᠮᠳᠠᠳᠤ ᠤᠯᠤᠰ᠎ᠤᠨ ᠡᠪ ᠬᠠᠮᠲᠤ ᠨᠠᠮ ᠳ᠋ᠤ᠌ ᠡᠯᠰᠡᠭᠳᠡᠭᠡᠳ 72 ᠵᠢᠯ ᠪᠣᠯᠵᠤ ᠪᠠᠢᠨ᠎ᠠ᠃ ᠮᠢᠨᠤ ᠨᠢᠳᠦ ᠪᠡᠷ᠎ᠢᠶᠡᠨ ᠦᠵᠡᠵᠦ ᠪᠡᠶ᠎ᠡ ᠪᠡᠷ᠎ᠢᠶᠡᠨ ᠥᠩᠭᠡᠷᠡᠭᠦᠯᠦᠭᠰᠡᠨ ᠡᠨᠡ ᠵᠢᠷᠭᠠᠯᠲᠤ ᠠᠮᠢᠳᠤᠷᠠᠯ ᠪᠣᠯ ᠴᠥᠮ ᠨᠠᠮ᠎ᠤᠨ ᠮᠢᠨᠢ ᠠᠴᠢ ᠬᠦᠷᠲᠡᠭᠡᠯ ᠶᠤᠮ᠂ ᠲᠡᠢᠮᠤ ᠪᠣᠯᠬᠣᠷ ᠴᠠᠭ᠎ᠤᠨ ᠰᠠᠢᠬᠠᠨ ᠡᠨᠡ ᠠᠮᠢᠳᠤᠷᠠᠯ ᠵᠢᠠᠨ ᠪᠢᠳᠡ ᠤᠯᠠᠮ ᠨᠠᠨᠳᠢᠩᠨᠠᠨ ᠬᠠᠢᠷᠠᠯᠠᠵᠤ ᠥᠭᠡᠳᠡ ᠨᠢ ᠲᠠᠲᠠᠬᠤ ᠤᠴᠢᠷᠲᠠᠢ ᠶᠤᠮ ᠳᠠ》 ᠭᠡᠵᠤ  ᠵᠢᠷᠭᠠᠯᠳᠤ  ᠠᠮᠢᠳᠤᠷᠠᠯ᠎ᠢᠶᠠᠨ  ᠮᠠᠬ᠍ᠳᠠᠨ᠎ᠠ ᠃

ᠡᠪ ᠨᠠᠢ᠍ᠢᠷᠰᠠᠬ ᠪᠤᠯ ᠬᠡᠷ ᠤ᠋ᠨ ᠡᠷᠳᠡᠨᠢ ᠭᠡᠳᠡᠭ ᠃  《ᠬᠠᠯᠠᠮᠵᠢ》 ᠨᠠᠰᠤᠲᠠᠢᠴᠤᠳ᠎ᠤᠨ ᠠᠰᠠᠷᠠᠮᠵᠢ ᠵᠢᠨ ᠦᠢᠯᠡᠴᠢᠯᠡᠭᠡ ᠵᠢᠨ ᠲᠥᠪ ᠪᠠᠢᠭᠤᠯᠤᠭᠳᠠᠭᠰᠠᠨ ᠴᠠᠭ ᠡᠴᠡ ᠪᠡᠨ ᠠᠪᠤᠭᠠᠳ ᠪᠠᠶᠠᠷ ᠳᠤᠷᠠᠰᠬᠠᠯ᠎ᠤᠨ ᠡᠳᠦᠷ ᠪᠣᠯᠭᠠᠨ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠶ᠋ᠢ ᠠᠬᠢᠭᠤᠯᠬᠤ ᠠᠯᠢ  ᠤᠯᠠᠨ ᠭᠣᠣᠯ  ᠰᠡᠳᠦᠪᠲᠦ ᠠᠵᠢᠯᠯᠠᠭ᠎ᠠ ᠶ᠋ᠢ  ᠥᠷᠨᠢᠭᠦᠯᠦᠭᠰᠡᠭᠡᠷ  ᠢᠷᠡᠭᠰᠡᠨ ᠪᠥᠭᠡᠳ ᠤᠳᠠᠭ᠎ᠠ ᠪᠦᠷᠢ ᠨᠠᠮ ᠵᠠᠰᠠᠭ᠎ᠤᠨ ᠲᠦᠷᠦ ᠵᠢᠨ ᠪᠣᠳᠣᠯᠭ᠎ᠠ ᠬᠠᠢᠷ᠎ᠠ ᠬᠠᠯᠠᠮᠵᠢ ᠶ᠋ᠢ ᠨᠠᠰᠤᠲᠠᠢᠴᠤᠳ ᠲᠠᠭᠠᠨ ᠳᠠᠮᠵᠢᠭᠤᠯᠵᠤ᠂ ᠲᠡᠳᠡ ᠨᠠᠷ᠎ᠤᠨ ᠦᠳᠡᠯᠦᠭᠡ ᠨᠠᠰᠤ ᠪᠡᠨ ᠠᠮᠤᠷ ᠵᠢᠷᠭᠠᠯᠲᠠᠢ ᠪᠡᠷ ᠥᠩᠭᠡᠷᠡᠭᠦᠯᠬᠦ ᠳ᠋ᠤ᠌ ᠲᠠᠪᠠᠲᠠᠢ ᠰᠠᠢᠬᠠᠨ ᠨᠥᠬᠥᠴᠡᠯ ᠪᠣᠯᠣᠮᠵᠢ ᠶ᠋ᠢ ᠪᠦᠷᠢᠯᠳᠦᠭᠦᠯᠵᠦ ᠥᠭᠬᠦ ᠪᠡᠷ ᠵᠣᠷᠢᠯᠲᠠ ᠪᠡᠨ ᠪᠣᠯᠭᠠᠵᠠᠢ᠃ ᠡᠭᠦᠨ ᠳ᠋ᠤ᠌᠂ ᠲᠤᠰ ᠦᠢᠯᠡᠴᠢᠯᠡᠭᠡᠨ᠎ᠤ ᠲᠥᠪ᠎ᠤᠨ ᠨᠠᠰᠤᠲᠠᠢᠴᠤᠳ ᠴᠥᠮ ᠢᠳᠡᠪᠬᠢᠯᠡᠨ ᠣᠷᠣᠯᠴᠠᠳᠠᠭ ᠪᠣᠯᠬᠣᠷ 《ᠬᠠᠯᠠᠮᠵᠢ》 ᠵᠢᠨ ᠬᠦᠷᠢᠶᠡᠯᠡᠩ ᠨᠡᠡᠭ  ᠠᠵᠠ ᠵᠢᠷᠭᠠᠯ ᠵᠢᠠᠷ  ᠪᠢᠯᠬᠠᠵᠤ᠂  ᠪᠠᠶᠠᠷ ᠪᠠᠶᠠᠰᠤᠯ ᠲᠠᠢ ᠵᠢᠷᠭᠠᠯ᠎ᠤᠨ ᠲᠣᠷᠭᠠᠨ ᠪᠠᠭᠤᠴᠠ ᠪᠣᠯᠵᠠᠢ ᠃

ᠬᠠᠯᠠᠮᠵᠢ ᠨᠢ ᠨᠠᠰᠤᠲᠠᠢᠴᠤᠳ᠎ᠤᠨ ᠬᠥᠳᠡᠯᠭᠡᠭᠡᠨ ᠎ᠦ ᠦᠷᠦᠭᠡ᠂ ᠰᠢᠲᠠᠷ᠎ᠠ᠎ᠶᠢᠨ ᠦᠷᠦᠭᠡ᠂ ᠨᠠᠮ᠎ᠤᠨ ᠭᠡᠰᠢᠭᠦᠨ᠎ᠦ ᠬᠥᠳᠡᠯᠭᠡᠭᠡᠨ᠎ᠦ ᠦᠷᠦᠭᠡ  ᠵᠡᠷᠭᠡ  ᠴᠢᠳᠠᠪᠬᠢ᠎ᠶᠢᠨ ᠦᠷᠦᠭᠡ᠎ᠶᠢ ᠪᠠᠢᠭᠤᠯᠵᠤ᠂ ᠨᠠᠰᠤᠲᠠᠢᠴᠤᠳ᠎ᠲᠤ ᠬᠥᠮᠥᠨᠴᠢᠯᠡᠭᠰᠡᠨ᠂ ᠥᠪᠡᠷᠮᠢᠴᠡᠵᠢᠭᠰᠡᠨ᠂ ᠳᠥᠭᠥᠮ ᠳᠥᠲᠡ ᠦᠢᠯᠡᠴᠢᠯᠡᠭᠡ ᠬᠠᠩᠭᠠᠨ᠎ᠠ ᠃  ᠬᠠᠯᠠᠮᠵᠢ ᠦᠢᠯᠡᠴᠢᠯᠡᠭᠡᠨ᠎ᠦ ᠲᠥᠪ ᠪᠣᠯᠣᠨ  ᠪᠢᠯᠡᠬᠦᠳᠡᠢ ᠨᠡᠢᠭᠡᠮ ᠲᠣᠭᠣᠷᠢᠭ᠋᠎ᠤᠨ ᠡᠮᠨᠡᠯᠭᠡ᠎ᠶᠢᠨ ᠬᠣᠷᠢᠶ᠎ᠠ ᠦᠢᠯᠡᠴᠢᠯᠡᠭᠡᠨ᠎ᠦ ᠬᠡᠯᠡᠯᠴᠡᠭᠡᠷ ᠲᠣᠭᠲᠠᠵᠤ᠂ ᠮᠣᠩᠭᠣᠯ ᠡᠮᠨᠡᠯᠭᠡ᠎ᠶᠢᠨ ᠬᠣᠷᠢᠶ᠎ᠠ ᠳ᠋ᠤ᠌ ᠬᠠᠭᠠᠰ ᠵᠢᠯ᠎ᠳᠦ ᠨᠢᠭᠡ ᠤᠳᠠᠭ᠎ᠠ ᠰᠦᠢᠳᠬᠡᠯ ᠬᠤᠷᠢᠶᠠᠬᠤ ᠦᠭᠡᠢ᠎ᠪᠡᠷ ᠪᠡᠶ᠎ᠡ᠎ᠶᠢᠨ ᠪᠠᠢᠴᠠᠭᠠᠯᠲᠠ  ᠬᠢᠯᠭᠡᠨ᠂ ᠵᠡᠮᠳᠡᠭ ᠂ ᠤᠳᠠᠭᠠᠨ ᠴᠢᠨᠠᠷᠲᠠᠢ ᠡᠪᠡᠳᠴᠢᠨ᠎ᠲᠠᠢ᠂ ᠰᠠ ᠡᠪᠡᠳᠴᠢᠨ᠎ᠳᠦ ᠨᠡᠷᠪᠡᠭᠳᠡᠭᠰᠡᠨ ᠨᠠᠰᠤᠲᠠᠢᠴᠤᠳ᠎ᠲᠤ ᠡᠮᠴᠢᠯᠡᠭᠡ ᠂ ᠡᠷᠡᠭᠦᠯᠵᠢᠯ ᠰᠤᠪᠢᠯᠠᠯᠲᠠ᠂  ᠪᠠᠢᠴᠠᠭᠠᠯᠲᠠ  ᠰᠢᠨᠵᠢᠯᠡᠭᠡ  ᠵᠡᠷᠭᠡ ᠦᠢᠯᠡᠴᠢᠯᠡᠭᠡ  ᠬᠠᠩᠭᠠᠵᠤ ᠪᠠᠢᠨ᠎ᠠ᠃ ᠰᠤᠷᠭᠠᠭᠤᠯᠢ ᠵᠢᠨ ᠨᠠᠰᠤᠨ᠎ᠤ ᠬᠡᠦᠬᠡᠳ  ᠲᠤ᠌ ᠪᠠᠰᠠ ᠲᠤᠰᠬᠠᠢ ᠰᠤᠷᠤᠯᠴᠠᠬᠤ ᠪᠠ ᠲᠣᠭᠯᠠᠭᠠᠮ᠎ᠤᠨ ᠭᠠᠵᠠᠷ᠎ᠲᠠᠢ ᠪᠠᠢᠵᠤ᠂ ᠭᠡᠷ᠎ᠦᠨ ᠠᠬᠠᠮᠠᠳ᠎ᠤᠨ ᠰᠠᠨᠠᠭᠠᠰᠢᠷᠠᠯ ᠢ᠋ ᠠᠷᠢᠯᠭᠠᠵᠤ᠂ ᠲᠡᠳᠡᠨ ᠢ᠋ ᠰᠠᠨᠠᠭ᠎ᠠ ᠠᠮᠤᠷ ᠦᠢᠯᠡᠳᠪᠤᠷᠢᠯᠡᠯ ᠠᠮᠢᠳᠤᠷᠠᠯ᠎ᠳᠠᠭᠠᠨ  ᠭᠠᠪᠰᠢᠭᠠᠢᠯᠠᠬᠤ᠎ᠳᠤ  ᠬᠦᠴᠦᠳᠡᠢ  ᠪᠠᠳᠤᠯᠠᠭ᠎ᠠ ᠬᠠᠩᠭᠠᠵᠤ ᠪᠠᠢᠳᠠᠭ ᠃

ᠦᠯᠦᠭᠡᠢ  ᠨᠤᠲᠤᠭ  ᠲᠠᠭᠠᠨ  ᠴᠠᠭ ᠤ᠋ᠨ  ᠰᠠᠢᠬᠠᠨ ᠢ᠋ᠶ᠋ᠠᠷ  ᠵᠢᠷᠭᠠᠬᠤ ᠰᠠᠢᠬᠠᠨ᠃ ᠬᠠᠯᠠᠮᠵᠢ  ᠪᠤᠭᠤᠷᠤᠯᠴᠤᠳ ᠢᠯᠴᠢᠳᠦ ᠤᠯᠠᠭᠠᠨ ᠨᠠᠷᠠ ᠪᠠᠨ ᠲᠡᠪᠡᠷᠢᠵᠤ᠂  ᠦᠳᠡᠯᠦᠬᠡ ᠨᠠᠰᠤ ᠪᠠᠨ ᠡᠩᠬᠡ  ᠲᠤᠩᠬ᠎ᠠ᠂  ᠪᠡᠶᠡᠷ  ᠵᠢᠷᠭᠠᠯ ᠢ᠋ᠶ᠋ᠠᠷ  ᠲᠦᠬᠦᠷᠡᠩ  ᠦᠩᠭᠡᠷᠡᠬᠦᠯᠦᠨ᠎ᠡ ᠃

    ᠤᠯᠠᠨ ᠨᠠᠰᠤᠳᠠᠨ ᠤ᠋  ᠢᠷᠤᠭᠡᠯ ᠰᠢᠩᠭᠡᠨ

    ᠦᠯᠡᠮᠵᠢ ᠲᠠᠭᠠᠳᠠᠢ  ᠮᠢᠨᠤ ᠬᠠᠯᠠᠮᠵᠢ

    ᠠᠬ᠍ᠰᠢᠷᠠᠭ᠎ᠠ ᠪᠢᠳᠡᠨ ᠤ᠋  ᠦᠷᠬᠦᠯᠵᠢ ᠵᠢᠷᠭᠠᠬᠤ

    ᠠᠮᠢᠳᠤ ᠶ᠋ᠢᠨ  ᠳ᠋ᠸᠪᠡᠵᠡᠨ ᠮᠢᠨᠤ ᠬᠠᠯᠠᠮᠵᠢ  ᠁

    ᠡᠨᠡ  ᠪᠤᠯ  ᠬᠠᠯᠠᠮᠵᠢ  ᠪᠤᠭᠤᠷᠤᠯᠴᠤᠳ ᠤ᠋ᠨ  ᠵᠢᠷᠤᠭᠡᠨ᠎ᠤ  ᠦᠭᠡ ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号