● ᠰᠦᠨᠢᠳ ᠵᠡᠬᠦᠨ ᠬᠣᠰᠢᠭᠤᠨ᠎ᠳᠦ ᠪᠥᠬᠥ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ ᠨᠢᠭᠡᠴᠢ 1᠂ ᠪᠥᠬᠥ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ ᠨᠢᠭᠡᠴᠢ 2᠂ ᠪᠥᠬᠥ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠠᠮᠲᠤ ᠨᠢᠭᠡᠴᠢ 5᠂ ᠵᠢᠱ᠌ᠢᠶᠡᠴᠢ ᠬᠤᠪᠢ ᠬᠥᠮᠥᠨ 4 ᠪᠣᠶ ᠃
● 2022 ᠣᠨ᠎ᠳᠤ ᠂ᠰᠦᠨᠢᠳ ᠵᠡᠬᠦᠨ ᠬᠣᠰᠢᠭᠤ ᠨᠠᠢ᠍ᠮᠠᠳᠤᠭᠠᠷ ᠪᠦᠯᠦᠭ ᠪᠥᠬᠥ ᠣᠷᠣᠨ᠎ᠤ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ ᠬᠣᠰᠢᠭᠤ᠎ᠪᠠᠷ ᠦᠨᠡᠯᠡᠭᠳᠡᠵᠦ᠂ ᠦᠨᠳᠦᠰᠦᠲᠡᠨ᠎ᠦ ᠪᠦᠯᠬᠦᠮᠳᠡᠯ᠎ᠦᠨ ᠶᠡᠬᠡ ᠲᠠᠯ᠎ᠠ᠎ᠶᠢ ᠤᠯᠠᠮ ᠨᠢᠭᠡ ᠠᠯᠬᠤᠮ ᠪᠡᠬᠢᠵᠢᠭᠦᠯᠦᠨ ᠬᠥᠭᠵᠢᠭᠦᠯᠪᠡ᠃
● 2022 ᠣᠨ᠎ᠤ 11 ᠰᠠᠷ᠎ᠠ ᠳᠤ ᠂ ᠰᠥᠨᠢᠳ ᠵᠡᠭᠦᠨ ᠬᠣᠰᠢᠭᠤ 《ᠤᠯᠤᠰ᠎ᠤᠨ ᠬᠡᠦᠬᠡᠳ》 ᠤ᠋ᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠬᠥᠮᠦᠵᠢᠯ᠎ᠦᠨ ᠦᠵᠡᠭᠦᠯᠭᠡ᠎ᠶᠢᠨ ᠲᠢᠩᠬᠢᠮ᠎ᠢ ᠪᠠᠢᠭᠤᠯᠪᠠ᠃
20 ᠳ᠋ᠤᠭᠠᠷ ᠵᠠᠭᠤᠨ᠎ᠤ ᠲᠠᠪᠢᠭᠠᠳ ᠣᠨ᠎ᠤ ᠰᠡᠭᠦᠯᠴᠢ ᠵᠢᠷᠠᠭᠠᠳ ᠣᠨ᠎ᠤ ᠡᠬᠢ ᠭᠡᠵᠤ ᠲᠡᠤᠬᠡ᠎ᠶᠢᠨ ᠬᠤᠷᠤᠮ᠎ᠳᠤ ᠲᠤᠳᠤᠬᠠᠨ ᠦᠯᠡᠳᠡᠭᠰᠡᠨ ᠤᠷᠤᠭ᠎ᠠ ᠪᠤᠰᠬᠠᠭ᠎ᠠ ᠴᠠᠭ ᠦᠶ᠎ᠡ ᠪᠠᠢᠯ᠎ᠠ᠃

ᠵᠢᠶᠠᠩᠨᠠᠨ ᠤᠷᠤᠨ᠎ᠠᠴᠠ 《ᠡᠬᠡ᠎ᠪᠡᠨ ᠬᠠᠢᠨ》 ᠤᠶᠠᠷᠠᠨ ᠢᠷᠡᠭᠰᠡᠨ ᠨᠢᠯᠬ᠎ᠠ ᠠᠮᠢ᠎ᠶᠢ ᠤᠮᠠᠷᠠᠳᠤ ᠬᠢᠯᠢ ᠬᠠᠯᠠᠭᠤᠨ ᠡᠯᠢᠭᠡᠨ᠎ᠳᠡᠭᠡᠨ ᠪᠦᠬᠡᠴᠡᠢᠯᠡᠵᠤ᠂ ᠨᠡᠭᠡᠯ ᠬᠠᠲᠠᠭᠤ ᠤᠷᠴᠢᠯᠠᠩ᠎ᠢ ᠪᠦᠪᠡᠢ᠎ᠶᠢᠨ ᠲᠠᠭᠤ ᠪᠡᠷ ᠵᠦᠬᠡᠯᠡᠯᠡ ᠁
ᠲᠡᠢᠨ ᠬᠦ 《ᠭᠤᠷᠪᠠᠨ ᠮᠢᠩᠭᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭᠰᠡᠨ》 ᠲᠡᠦᠬᠡ᠎ᠶ᠋ᠢᠨ ᠰᠣᠳᠣᠨ ᠰᠠᠢᠬᠠᠨ ᠳᠠᠭᠤᠷᠢᠰᠬᠠᠯ᠎ᠨᠢ ᠥᠷᠥᠴᠡ ᠵᠢᠷᠦᠬᠡᠨ᠎ᠳᠤ ᠥᠨᠢᠳᠡ ᠬᠠᠳᠠᠩᠰᠢᠭ᠍ᠰᠠᠨ ᠢᠷᠠᠭᠤ ᠲᠤᠤᠯᠢᠰ᠂ ᠬᠤᠯᠤᠰᠤᠨ ᠦᠵᠦᠭ ᠬᠠᠭᠤᠳᠠᠰᠤ ᠴᠠᠭᠠᠰᠤᠨ᠎ᠳᠤ ᠡᠬᠦᠷᠢᠳᠡ ᠪᠢᠴᠢᠭᠯᠡᠭᠳᠡᠬᠦ ᠮᠦᠩᠭᠡ᠎ᠶᠢᠨ ᠰᠡᠳᠦᠪ ᠪᠤᠯᠵᠡᠢ᠂ ᠦᠨᠦᠳᠦᠷ ᠰᠦᠨᠢᠳ ᠵᠡᠬᠦᠨ ᠬᠤᠰᠢᠭᠤᠨ᠎ᠳᠤ ᠪᠤᠯᠤᠬ᠍ᠰᠠᠨ ᠶᠡᠭᠡ ᠬᠠᠢᠷ᠎ᠠ᠎ᠶᠢᠨ ᠦᠯᠢᠭᠡᠷ ᠪᠤᠳᠣᠯ ᠤᠨ ᠭᠠᠨᠳᠠᠷᠢ ᠰᠡᠳᠬᠢᠯ ᠦᠨ ᠬᠦᠪᠴᠢ ᠶᠢ ᠲᠣᠷᠬᠢᠭᠤᠯᠤᠨ᠂ ᠬᠦᠨᠳᠦᠬᠡᠨ ᠪᠠᠭᠤᠵᠤ ᠪᠠᠢᠭ᠎ᠠ ᠨᠢ ᠡᠨᠡ ᠠᠵᠢ᠃
ᠡᠯᠢᠭᠡ ᠪᠦᠳᠦᠨ ᠵᠠᠶᠠᠭ᠎ᠠ
ᠬᠠᠢᠷ᠎ᠠ ᠶ᠋ᠢᠨ ᠬᠠᠯᠠᠭᠤᠨ ᠬᠠᠯᠬᠢᠶ᠎ᠠ ᠵᠢᠷᠦᠬᠡᠨ᠎ᠤ ᠭᠤᠤᠯ ᠢ᠋ᠶ᠋ᠠᠷ ᠲᠠᠳᠠᠷᠠᠰᠢ ᠦᠬᠡᠢ
ᠰᠥᠨᠢᠳ ᠵᠡᠭᠦᠨ ᠬᠣᠰᠢᠭᠤᠨ᠎ᠤ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠵᠢᠨ ᠬᠥᠮᠦᠵᠢᠯ᠎ᠤᠨ ᠰᠠᠭᠤᠷᠢᠨ᠎ᠢᠶᠠᠷ ᠰᠤᠷᠪᠤᠯᠵᠢᠯᠠᠬᠤ᠎ᠳᠤ ᠬᠠᠳᠬᠤᠮᠠᠯ ᠬᠤᠸᠠᠷ᠎ᠲᠠᠢ ᠪᠥᠰ ᠱᠠᠬᠠᠢ ᠡᠷᠭᠡ ᠦᠬᠡᠢ ᠠᠩᠬᠠᠷᠤᠯ᠎ᠢ ᠲᠠᠳᠠᠬ᠍ᠰᠠᠨ ᠪᠣᠯ ᠲᠤᠩᠭᠠᠯᠠᠭ ᠡᠵᠢ᠎ᠶᠢᠨ ᠲᠠᠢᠯᠪᠤᠷᠢ ᠴᠤ᠌ ᠨᠢᠯᠪᠤᠰᠤᠨ ᠬᠦᠮᠦᠨ ᠪᠤᠯᠭᠠᠵᠡᠢ ᠪᠢᠳᠡᠨ᠎ᠢ᠃
《ᠡᠨᠡ ᠱᠠᠬᠠᠢ ᠪᠣᠯ ᠮᠢᠨᠤ ᠲᠦᠷᠦᠭᠰᠡᠨ ᠡᠵᠢ᠎ᠶᠢᠨ ᠨᠠᠳᠠ᠎ᠳᠤ ᠦᠯᠡᠳᠡᠭᠡᠵᠦ ᠥᠭᠭᠦᠭᠰᠡᠨ ᠴᠤᠷ᠎ᠤᠨ ᠭᠠᠭᠴᠠ ᠡᠳ᠋ ᠪᠣᠳᠠᠰ ᠶᠤᠮ᠂ ᠪᠢ ᠡᠬᠦᠨ᠎ᠢ ᠡᠮᠦᠰᠦᠭᠡᠳ ᠲᠠᠮᠤᠴᠢ᠎ᠶᠢᠨ ᠲᠠᠯ᠎ᠠ᠎ᠳᠤ ᠢᠷᠡᠵᠠᠢ᠂ ᠤᠯᠠ ᠨᠢ ᠡᠯᠡᠭᠳᠡᠭᠡᠳ ᠴᠤᠭᠤᠷᠠᠬᠤ᠎ᠳᠤ ᠡᠷᠬᠦᠭᠰᠡᠨ ᠡᠵᠢ ᠮᠢᠨᠢ ᠠᠷᠠᠰᠤ ᠪᠡᠷ ᠤᠯᠠᠯᠠᠵᠤ ᠥᠭᠭᠦᠭᠰᠡᠨ ᠠ᠋᠃ ᠡᠨᠡ ᠱᠠᠬᠠᠢ ᠨᠠᠳᠠ᠎ᠳᠤ ᠠᠪᠴᠤ ᠬᠡᠯᠡᠪᠡᠯ ᠬᠣᠶᠠᠷ ᠡᠵᠢ ᠵᠢᠨ ᠠᠴᠢ ᠬᠠᠢᠷ᠎ᠠ ᠰᠢᠩᠭᠡᠭᠰᠡᠨ ᠶᠡᠬᠡ ᠳᠤᠷᠠᠰᠬᠠᠯ ᠳᠠᠢ ᠡᠳ᠋ ᠰᠢᠤ᠂ ᠡᠨᠡ ᠪᠡᠶ᠎ᠡ᠎ᠶᠢ ᠮᠢᠨᠢ ᠡᠵᠢ ᠮᠢᠨᠢ ᠵᠠᠶᠠᠭᠠᠬ᠍ᠰᠠᠨ ᠭᠡᠬᠦ᠎ᠳᠦ ᠠᠮᠢᠳᠤ ᠶᠠᠪᠤᠬᠤ ᠵᠠᠶᠠᠭ᠎ᠠ᠎ᠶᠢ ᠮᠢᠨᠢ ᠲᠠᠯ᠎ᠠ ᠨᠤᠳᠤᠭ᠂ ᠮᠤᠩᠭᠤᠯ ᠡᠵᠢ ᠤᠯᠭᠤᠬ᠍ᠰᠠᠨ》 ᠃
ᠲᠤᠩᠭᠠᠯᠠᠭ ᠡᠵᠢ ᠪᠣᠯ ᠰᠦᠨᠢᠳ ᠵᠡᠬᠦᠨ ᠬᠤᠰᠢᠭᠤᠨ᠎ᠤ ᠦᠷᠡᠴᠢᠯᠡᠨ ᠲᠡᠵᠢᠭᠡᠭᠳᠡᠭᠰᠡᠨ170 ᠭᠠᠷᠤᠢ ᠤᠯᠤᠰ᠎ᠤᠨ ᠬᠡᠤᠬᠡᠳ᠎ᠤᠨ ᠨᠢᠭᠡ᠃ ᠲᠤᠩᠭᠠᠯᠠᠭ ᠡᠵᠢ᠎ᠶᠢᠨ ᠡᠷᠬᠢᠴᠡᠬᠦᠯᠬᠦ ᠪᠡᠷ ᠲᠤᠬᠠᠢ᠎ᠶᠢᠨ ᠦᠶ᠎ᠡ᠎ᠳᠦ ᠡᠷᠬᠦᠭᠰᠡᠨ ᠠᠪᠤ ᠨᠢ ᠬᠠᠩᠭᠠᠨ ᠪᠤᠷᠤᠯᠠᠭᠤᠯᠬᠤ ᠬᠤᠷᠰᠢᠶ᠎ᠡ᠎ᠳᠤ ᠠᠵᠢᠯᠯᠠᠵᠤ᠂ ᠡᠵᠢ ᠨᠢ ᠪᠠᠭ᠍ᠰᠢ ᠪᠠᠢᠬ᠍ᠰᠠᠨ᠎ᠢᠶᠠᠷ ᠲᠡᠬᠦᠨ᠎ᠢ ᠬᠠᠷᠠᠵᠤ ᠬᠠᠷᠠᠭᠠᠯᠵᠠᠬᠤ ᠬᠦᠮᠦᠨ ᠪᠠᠢᠬᠤ ᠦᠬᠡᠢ᠂ ᠤᠯᠤᠰ᠎ᠤᠨ ᠬᠡᠤᠬᠡᠳ ᠤᠴᠢᠷ᠎ᠠᠴᠠ ᠬᠠᠷᠢᠭᠤᠴᠠᠯᠭ᠎ᠠ᠎ᠠᠴᠠ ᠠᠶᠤᠵᠤ ᠬᠡᠤᠬᠡᠳ ᠬᠠᠷᠠᠬᠤ ᠬᠦᠮᠦᠨ ᠴᠤ᠌ ᠤᠯᠳᠠᠳᠠᠭ ᠦᠬᠡᠢ ᠪᠠᠢᠬ᠍ᠰᠠᠨ ᠭᠡᠨ᠎ᠡ᠃ ᠨᠢᠬᠡ ᠤᠳᠠᠭ᠎ᠠ ᠲᠦᠩᠭᠡᠵᠢ ᠬᠥᠯ᠎ᠳᠦ ᠤᠷᠤᠨ᠂ ᠶᠠᠭᠤᠮ᠎ᠠ ᠲᠦᠰᠢᠭᠡᠳ ᠠᠯᠬᠤᠵᠤ ᠪᠠᠢᠬᠤ᠎ᠳᠠᠭᠠᠨ ᠡᠵᠢ᠎ᠶᠢᠨ ᠢ᠋ᠶ᠋ᠡᠨ ᠠᠭᠤᠰᠬᠢᠨ ᠡᠪᠡᠳᠴᠢᠨ᠎ᠦ ᠡᠮ᠎ᠢ ᠨᠢ ᠵᠠᠯᠬᠢᠵᠤ ᠰᠦᠢᠳ ᠪᠤᠯᠤᠯ᠎ᠠ ᠬᠡᠳᠡᠭ᠃ ᠰᠠᠨᠳᠤᠷᠤᠬ᠍ᠰᠠᠨ ᠡᠵᠢ ᠨᠢ ᠡᠮᠨᠡᠯᠭᠡ᠎ᠳᠦ ᠬᠦᠷᠭᠡᠵᠤ᠂ ᠪᠤᠷᠤᠭᠤ ᠡᠮ ᠢᠳᠡᠭᠰᠡᠨᠢ ᠨᠢ ᠲᠤᠤᠷᠠᠬᠠᠨ᠎ᠢᠶᠠᠨ ᠬᠡᠯᠡᠭᠰᠡᠨ᠎ᠢᠶᠡᠷ ᠡᠮᠴᠢ ᠴᠤ᠌ ᠵᠥᠪ ᠤᠨᠤᠰᠢᠯᠳᠡ ᠦᠭᠴᠦ ᠠᠪᠤᠷᠠᠬ᠍ᠰᠠᠨ ᠪᠠᠢᠵᠡᠢ᠃
《 ᠬᠡᠷᠪᠡ ᠡᠵᠢ ᠮᠢᠨᠢ ᠬᠠᠷᠢᠭᠤᠴᠠᠯᠭ᠎ᠠ᠎ᠠᠴᠠ ᠠᠶᠤᠵᠤ ᠶᠠᠷᠢᠭ᠎ᠠ ᠦᠭᠡᠢ ᠪᠣᠯ ᠪᠢ ᠶᠠᠭᠤ ᠪᠤᠯᠬᠤ᠎ᠶᠢ ᠪᠣᠤ ᠮᠡᠳᠡ᠂ ᠲᠡᠷᠡ ᠯᠡ ᠦᠶ᠎ᠡ᠎ᠡᠴᠡ ᠡᠵᠢ ᠮᠢᠨᠢ ᠪᠠᠭ᠍ᠰᠢ᠎ᠶᠢᠨ ᠠᠵᠢᠯ᠎ᠢᠶᠠᠨ ᠰᠤᠯᠠᠯᠠᠵᠤ᠂ ᠠᠯᠢᠪᠠ᠎ᠪᠠᠨ ᠨᠠᠳᠠ᠎ᠳᠤ᠎ᠪᠠᠨ ᠵᠤᠷᠢᠭᠤᠯᠤᠬ᠍ᠰᠠᠨ》 ᠭᠡᠵᠤ ᠬᠡᠯᠡᠭᠰᠡᠨ᠎ᠢᠶᠠᠨ 《 ᠨᠠᠮ᠎ᠤᠨ ᠮᠢᠨᠢ ᠰᠠᠢᠬᠠᠨ᠂ ᠮᠠᠯᠴᠢᠨ ᠡᠵᠢ᠎ᠶᠢᠨ ᠮᠢᠨᠢ ᠰᠠᠢᠬᠠᠨ᠂ ᠦᠬᠡᠢ ᠪᠣᠯ ᠪᠢᠳᠡ ᠤᠳᠤ ᠠᠮᠢᠳᠤ ᠪᠠᠢᠨ᠎ᠠ ᠤᠤ ᠦᠬᠡᠢ ᠤᠤ ᠪᠤᠤ ᠮᠡᠳᠡ᠂ ᠡᠨᠡ ᠯᠡ ᠪᠤᠶᠠᠨ᠎ᠢᠶᠠᠷ ᠨᠡᠢᠭᠡᠮ᠎ᠤᠨ ᠰᠠᠢᠬᠠᠨ᠎ᠢ ᠦᠵᠡᠵᠤ᠂ ᠤᠯᠤᠰ ᠲᠥᠷᠥ᠎ᠶᠢᠨ ᠵᠦᠪᠯᠡᠯᠭᠡᠨᠦ ᠬᠡᠰᠢᠬᠦᠨ ᠴᠤ᠌ ᠶᠠᠪᠤᠯ᠎ᠠ᠂ ᠦᠷ᠎ᠡ ᠠᠴᠢᠨᠡᠷ ᠲᠠᠢ ᠴᠤ᠌ ᠪᠤᠯᠤᠯ᠎ᠠ!》 ᠭᠡᠵᠤ ᠲᠤᠩᠭᠠᠯᠠᠭ ᠡᠵᠢ ᠠᠮᠢᠳᠤᠷᠠᠯ᠎ᠤᠨ ᠰᠠᠢᠬᠠᠨ᠎ᠢᠶᠠᠨ ᠱᠠᠬ᠍ᠰᠢᠬᠤᠳᠤ ᠲᠤ · ᠮᠠᠨᠳᠠᠷᠤᠡ ᠡᠵᠢ ᠪᠦᠷ ᠲᠠᠭᠤᠤ ᠪᠤᠯᠭᠠᠨ ᠲᠠᠭᠤᠯᠠᠵᠤ ᠭᠠᠷᠤᠯ᠎ᠠ᠃
ᠬᠦᠨᠡᠢᠷᠬᠡᠵᠦ ᠶᠡᠷᠦ᠎ᠳᠡᠭᠡᠨ ᠴᠢᠳᠠᠭ᠎ᠠ ᠦᠭᠡᠢ
ᠬᠥᠬᠥ ᠵᠢᠨ ᠰᠦ ᠪᠡᠨ ᠰᠢᠮᠡᠭᠦᠯᠦᠭᠰᠡᠨ
ᠬᠥᠭᠰᠢᠨ ᠪᠤᠭᠤᠷᠤᠯ ᠡᠵᠢ ᠲᠠᠢ ᠪᠣᠯᠤᠭᠰᠠᠨ ᠳ᠋ᠠᠭᠠᠨ
ᠰᠡᠳᠬᠢᠯ ᠪᠠᠶᠠᠨ ᠶᠠᠪᠤᠭᠰᠠᠨ ᠶᠤᠮ ᠠ᠋
ᠠᠢ ᠭᠦ ᠂ ᠡᠵᠢ ᠵᠢᠨ ᠪᠦᠪᠡᠢ ᠲᠠᠢ ᠵᠠᠶᠠᠭ᠎ᠠ
ᠡᠷᠭᠢᠭᠡᠳ ᠣᠯᠳᠠᠰᠢ ᠦᠭᠡᠢ ᠵᠠᠶᠠᠭ᠎ᠠ ᠭᠦ ᠁
《 ᠡᠯᠢᠭᠡ ᠪᠦᠲᠦᠨ ᠵᠠᠶᠠᠭ᠎ᠠ 》 ᠭᠡᠬᠦ ᠠᠷᠠᠳ᠎ᠤᠨ ᠳᠠᠭᠤᠤ ᠭᠡᠮᠡᠷ ᠪᠣᠯᠤᠭᠰᠠᠨ ᠡᠨᠡ ᠬᠦ᠌ ᠳᠠᠭᠤᠤ ᠵᠢᠨ ᠦᠭᠡ ᠵᠢᠨ ᠵᠣᠬᠢᠶᠠᠭ᠍ᠴᠢ᠂ ᠲᠤ·ᠮᠠᠨᠳᠠᠷᠤᠡ ᠨᠠᠰᠤᠲᠠᠨ ᠪᠣᠯ ᠰᠦᠨᠢᠳ ᠵᠡᠬᠦᠨ ᠬᠤᠰᠢᠭᠤᠨ᠎ᠳᠤ ᠦᠷᠡᠴᠢᠯᠡᠭᠳᠡᠨ ᠲᠡᠵᠢᠭᠡᠭᠳᠡᠭᠰᠡᠨ 《ᠤᠯᠤᠰ᠎ᠤᠨ ᠬᠡᠦᠬᠡᠳ》 ᠤᠨ ᠨᠢᠭᠡ᠃
《ᠡᠬᠢᠨ᠎ᠤ ᠪᠠᠳᠠᠭ᠎ᠢ ᠪᠢᠴᠢᠬᠦ ᠦᠶ᠎ᠡ᠎ᠳᠤ ᠪᠢ ᠨᠢᠭᠡᠨᠲᠡ ᠨᠢᠯᠪᠤᠰᠤᠨ ᠬᠥᠮᠥᠨ ᠪᠣᠯᠴᠢᠬᠠᠭᠰᠠᠨ ᠪᠠᠢᠯ᠎ᠠ》 ᠭᠡᠵᠤ ᠶᠠᠷᠢᠶ᠎ᠠ ᠬᠦᠬᠡᠷᠤᠬᠡ ᠡᠬᠢᠯᠡᠬᠦᠯᠦᠭᠰᠡᠨ᠎ᠢᠶᠡᠨ ᠨᠢᠳᠦᠨ ᠳ᠋ᠤᠨᠢ ᠵᠠᠢᠷ ᠭᠦᠶᠦᠵᠦ ᠪᠠᠢᠯ᠎ᠠ ᠃
ᠠᠯᠳᠠᠷᠲᠤ ᠳᠠᠭᠤᠴᠢᠨ ᠣᠶᠤᠨᠪᠢᠯᠢᠭ᠌᠎ᠤᠨ ᠬᠤᠭᠤᠯᠠᠢ᠎ᠪᠠᠷ ᠠᠮᠢᠯᠠᠬ᠍ᠰᠠᠨ ᠡᠨᠡ ᠯᠡ ᠲᠠᠭᠤᠤ ᠠᠭᠤᠤ ᠶᠡᠬᠡ ᠲᠠᠯ᠎ᠠ ᠨᠣᠳᠤᠭ᠎ᠤᠨ ᠡᠵᠢ ᠵᠢᠨ ᠵᠢᠠᠨ ᠡᠨᠡᠷᠢᠯ ᠬᠠᠢᠷ᠎ᠠ ᠳ᠋ᠤ᠌ ᠲᠠᠯᠠᠷᠬᠠᠵᠤ᠂ ᠬᠣᠶᠠᠷ ᠦᠭᠡᠢ ᠰᠡᠳᠬᠢᠯ ᠵᠢᠠᠷ ᠪᠦᠪᠡᠢᠯᠡᠨ ᠥᠰᠬᠡᠭᠰᠡᠨ ᠰᠦᠨ ᠲᠠᠯᠠᠢ ᠶᠡᠭᠡ ᠬᠠᠢᠷ᠎ᠠ᠎ᠶᠢ ᠪᠠᠬᠠᠳᠤᠭᠰᠠᠨᠢ ᠶᠠᠭᠤᠨ ᠠᠨᠳᠠᠬᠤ ᠪᠢᠯᠡ᠃ 《ᠲᠤᠬᠠᠢ ᠵᠢᠨ ᠦᠶ᠎ᠡ ᠵᠢᠨ ᠪᠠᠢᠳᠠᠯ ᠦᠨᠡᠬᠡᠷ ᠬᠦᠴᠢᠷ ᠪᠠᠢᠭᠰᠠᠨ ᠠ᠋᠂ ᠭᠡᠪᠡᠴᠦ ᠮᠠᠯᠴᠢᠨ ᠡᠵᠢ ᠯᠡ ᠦᠪᠡᠷ᠎ᠤᠨ ᠤᠭᠤᠷᠠᠬ ᠰᠦ᠎ᠪᠠᠷ᠎ᠢᠶᠠᠨ ᠵᠤᠯ ᠪᠤᠰᠤ ᠬᠡᠦᠬᠡᠳ᠎ᠢ ᠠᠵᠠ ᠵᠢᠷᠭᠠᠯᠳᠠᠢ ᠬᠡᠦᠬᠡᠳ ᠪᠤᠯᠭᠠᠵᠤ ᠦᠰᠬᠡᠨ᠂ ᠬᠥᠯ᠎ᠢ ᠮᠢᠨᠢ ᠲᠦᠷᠦᠭᠡᠨ᠎ᠳᠦ᠂ ᠭᠠᠷ᠎ᠢ ᠮᠢᠨᠢ ᠭᠠᠨᠵᠤᠭᠠᠨ᠎ᠳᠤ ᠬᠦᠷᠭᠡᠭᠰᠡᠨ》 ᠭᠡᠵᠤ ᠲᠤ·ᠮᠠᠨᠳᠠᠷᠤᠡ ᠡᠵᠢ ᠶᠠᠷᠢᠨ᠎ᠠ ᠃
ᠦᠷᠦᠭᠡᠯ ᠤ᠋ᠨ ᠦᠷ᠎ᠠ ᠶ᠋ᠢ ᠪᠢᠲᠡᠬᠡᠢ ᠬᠡᠯᠡ᠂ ᠦᠪᠡᠷ ᠤ᠋ᠨ ᠬᠡᠥᠬᠡᠥᠨ ᠢᠶᠡᠨ ᠴᠦ᠍ ᠦᠰᠭᠡᠬᠥ ᠳ᠋ᠥ ᠬᠦᠴᠢᠷ᠎ᠲᠠᠢ ᠪᠠᠢᠭᠰᠠᠨ ᠲᠡᠷᠡ ᠠᠮᠢᠳᠤᠷᠠᠯ ᠤ᠋ᠨ ᠤᠷᠴᠢᠨ ᠠᠬᠤᠢ ᠳ᠋ᠥ ᠦᠨᠦᠴᠢᠨ ᠨᠢᠯᠬ᠎ᠠ ᠬᠡᠥᠬᠡᠥᠨ ᠢ᠋ ᠡᠷᠭᠦᠨ ᠲᠡᠵᠢᠭᠡᠵᠤ ᠬᠦᠮᠥᠨ ᠪᠤᠯᠭᠠᠨ᠎ᠠ ᠭᠡᠳᠡᠭ ᠪᠤᠯ ᠨᠡᠭᠡᠷᠡᠨ ᠠᠭᠤᠤ ᠶᠡᠬᠡ ᠬᠠᠢᠷ᠎ᠠ ! ᠠ᠋ᠨᠡ ᠪᠤᠯ ᠠᠮᠢ ᠨᠠᠰᠤᠨ᠎ᠤ ᠢᠷᠠᠭᠤ ᠲᠠᠭᠤᠯᠠᠯ᠂ ᠡᠨᠡ ᠪᠤᠯ ᠲᠠᠯ᠎ᠠ ᠨᠤᠳᠤᠭ᠎ᠤᠨ ᠡᠵᠢ᠎ᠶᠢᠨ ᠬᠠᠢᠷ᠎ᠠ ᠪᠤᠶᠤ ᠦᠨᠳᠦᠰᠦᠲᠡᠨ᠎ᠦ ᠪᠦᠯᠬᠦᠮᠳᠡᠯ᠎ᠢ ᠪᠢᠴᠢᠭᠯᠡᠭ᠌ᠰᠠᠨ ᠮᠦᠩᠭᠡ ᠶ᠋ᠢᠨ ᠬᠠᠢᠷ᠎ᠠ !
ᠰᠦᠨ ᠴᠠᠭᠠᠨ 《ᠰᠠᠴᠤᠯᠢ》
ᠬᠠᠢᠷ᠎ᠠ᠎ᠶᠢᠨ ᠬᠠᠯᠠᠭᠤᠨ ᠪᠤᠤᠬᠢᠶ᠎ᠡ ᠦᠶ᠎ᠡ᠎ᠶᠢᠨ ᠦᠶ᠎ᠡ ᠲᠠᠰᠤᠷᠠᠰᠢ ᠦᠬᠡᠢ
ᠰᠤᠷᠪᠤᠯᠵᠢᠯᠠᠬᠤ ᠤᠷᠢᠯᠭ᠎ᠠ᠎ᠶᠢ ᠬᠦᠯᠢᠶᠡᠵᠤ᠂ ᠲᠠᠪᠤᠨ ᠡᠵᠢ ᠰᠥᠨᠢᠳ ᠵᠡᠭᠦᠨ ᠬᠣᠰᠢᠭᠤᠨ᠎ᠤ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠵᠢᠨ ᠬᠥᠮᠦᠵᠢᠯ᠎ᠤᠨ ᠰᠠᠭᠤᠷᠢᠨ᠎ᠳᠦ ᠴᠤᠬ᠍ᠯᠠᠬ᠍ᠰᠠᠨ ᠪᠢᠯᠡ᠃ ᠲᠡᠳᠡᠨ᠎ᠳᠦ ᠢᠵᠢᠯᠭᠡᠨ ᠨᠡᠷ᠎ᠡ ᠲᠠᠢ᠄ 《 ᠤᠯᠤᠰ᠎ᠤᠨ ᠬᠡᠤᠬᠡᠳ》᠃ ᠡᠷᠬᠦᠭᠰᠡᠨ ᠠᠪᠤ ᠡᠵᠢ᠎ᠶᠢᠨ ᠬᠢᠨᠢ ᠬᠠᠢᠷᠠᠯᠠᠬ᠍ᠰᠠᠨ ᠨᠡᠷ᠎ᠡ ᠨᠢ ᠤᠷᠠᠩᠭᠤᠸ᠎ᠠ᠂ ᠲᠣᠭᠣᠰ᠂ ᠤᠳᠠᠪᠠᠯ᠎ᠠ ᠲᠤᠩᠭᠠᠯᠠᠭ᠂ ᠲᠤ·ᠮᠠᠨᠳᠠᠷᠤᠡ᠃ ᠮᠣᠩᠭᠣᠯ ᠬᠡᠯᠡ ᠪᠡᠷ ᠤᠷᠤᠰᠤᠮ᠎ᠠ ᠰᠠᠢᠬᠠᠨ ᠶᠠᠷᠢᠴᠢᠬᠠᠬ᠍ᠰᠠᠨ ᠲᠡᠪᠡᠯ ᠲᠡᠷᠯᠢᠭᠢᠶᠡᠷᠢᠶᠡᠨ ᠭᠤᠶᠤᠬ᠍ᠰᠠᠨ ᠡᠵᠢ ᠨᠡᠷ᠎ᠤᠨ ᠪᠠᠢᠳᠠᠯ ᠲᠥᠷᠬᠦ ᠨᠢᠭᠡᠨᠲᠡ ᠲᠠᠯ᠎ᠠ ᠨᠤᠲᠤᠭ᠎ᠲᠤ ᠶᠠᠭᠠᠬᠢᠬᠤ᠎ᠶᠢᠨ ᠠᠷᠭ᠎ᠠ ᠦᠭᠡᠢ ᠠᠭᠤᠰᠤᠨ ᠰᠢᠩᠭᠡᠵᠡᠢ᠃ ᠠᠷᠭ᠎ᠠ ᠦᠬᠡᠢ ᠳᠠ᠂ ᠤᠤᠭᠤᠬ᠍ᠰᠠᠨ ᠤᠰᠤ ᠢᠳᠡᠭᠡᠰᠢᠭᠰᠡᠨ ᠨᠤᠳᠤᠭ ᠨᠢ ᠶᠤᠮ ᠴᠢᠨᠢ᠃ ᠲᠠᠯ᠎ᠠ ᠰᠢᠬᠠᠭᠰᠠᠨ ᠲᠡᠳᠡ ᠨᠡᠷ ᠴᠤᠭ ᠵᠤᠯᠪᠤᠭ᠎ᠠ ᠪᠠᠳᠠᠷᠠᠩᠭᠤᠢ ᠪᠥᠭᠡᠳ ᠴᠢᠷᠠᠢ ᠨᠢᠭᠤᠷ ᠲᠤᠨᠢ ᠠᠵᠠ ᠵᠢᠷᠭᠠᠯ᠎ᠤᠨ ᠢᠨᠢᠶᠡᠳᠦ ᠪᠢᠯᠬᠠᠮ᠎ᠠ ᠪᠠᠢᠯ᠎ᠠ᠃
《ᠪᠢ ᠲᠡᠷᠡ ᠡᠮᠤᠨ᠎ᠠ ᠭᠠᠵᠡᠷ ᠣᠴᠢᠶ᠎ᠠ ᠭᠡᠵᠤ ᠨᠢᠭᠡ ᠴᠤ᠌ ᠤᠳᠠᠭ᠎ᠠ ᠪᠤᠳᠤᠵᠤ ᠦᠩᠭᠡᠷᠡᠭᠡ ᠦᠭᠡᠢ᠂ ᠡᠷᠬᠦᠭᠰᠡᠨ ᠠᠪᠤ ᠡᠵᠢ ᠮᠢᠨᠢ ᠮᠢᠨᠤ ᠲᠦᠯᠦᠭᠡ ᠵᠦᠳᠡᠭᠰᠡᠨ᠂ ᠨᠠᠮᠠᠶ᠋ᠢᠰᠤᠶᠤᠨ ᠰᠤᠷᠭᠠᠨ ᠬᠦᠮᠦᠵᠢᠬᠦᠯᠵᠦ᠂ ᠪᠠᠭ᠍ᠰᠢ᠎ᠶᠢᠨ ᠠᠵᠢᠯ ᠠᠯᠪᠠ ᠲᠠᠢ ᠪᠤᠯᠭᠠᠬ᠍ᠰᠠᠨ》 ᠭᠡᠵᠤ ᠲᠣᠭᠣᠰ ᠡᠵᠢ ᠪᠢᠳᠡᠨ ᠲᠠᠢ ᠲᠡᠤᠬᠡ ᠬᠦᠤᠷᠨᠢᠵᠤ ᠰᠠᠭᠤᠨ᠎ᠠ᠃
ᠲᠡᠷᠡ ᠪᠡᠷ ᠪᠠᠬ᠍ᠰᠢᠯᠠᠬ᠍ᠰᠠᠨᠤ ᠪᠠᠨ ᠲᠠᠷᠠᠭ᠎ᠠ᠂ ᠬᠠᠰᠠᠭ᠎ᠤᠨ ᠬᠤᠶᠠᠷ ᠬᠦᠷᠳᠦ ᠬᠡᠮᠡᠷ ᠬᠠᠢᠷ᠎ᠠ ᠬᠠᠷᠢᠭᠤᠴᠠᠯᠭ᠎ᠠ᠎ᠶᠢ ᠤᠯᠠᠮ ᠮᠡᠳᠡᠷᠡᠵᠤ᠂ ᠭᠣᠶᠠᠴᠢ ᠦᠭᠡᠢ ᠵᠢᠳᠬᠦᠨ ᠤᠯᠠᠨ ᠱᠠᠪᠢ ᠬᠦᠮᠦᠵᠢᠬᠦᠯᠦᠭᠰᠡᠨ᠎ᠢᠶᠡᠷ ᠪᠠᠷᠠᠬᠤ ᠦᠬᠡᠢ ᠤᠷᠢᠳ ᠬᠣᠵᠢᠳ 《ᠰᠢᠯᠢᠳᠡᠭ ᠠᠩᠭᠢ᠎ᠶᠢᠨ ᠡᠷᠬᠢᠯᠡᠭᠴᠢ》᠂ 《ᠰᠢᠯᠢᠳᠡᠭ ᠡᠪ ᠬᠠᠮᠲᠤ ᠨᠠᠮ᠎ᠤᠨ ᠭᠡᠰᠢᠭᠦᠨ》᠂ 《ᠬᠥᠳᠡᠯᠮᠦᠷᠢ᠎ᠶᠢᠨ ᠵᠢᠱ᠌ᠢᠶᠡᠴᠢ》 ᠵᠡᠷᠭᠡ ᠢᠷᠠᠭᠤ ᠠᠯᠳᠠᠷ᠎ᠢ ᠭᠥᠷᠳᠡᠪᠡ᠃ ᠲᠡᠷᠡ ᠪᠡᠷ ᠡᠨᠡ ᠯᠡ ᠠᠯᠳᠠᠷ᠎ᠤᠨ ᠲᠢᠳᠢᠮ᠂ ᠡᠩᠭᠡᠷ᠎ᠦᠨ ᠲᠡᠮᠳᠡᠭ᠎ᠢ ᠬᠦᠬᠡᠭᠡᠴᠡᠯᠳᠦᠭᠡ ᠦᠬᠡᠢ᠂ ᠬᠠᠷᠢᠨ ᠠᠴᠢ ᠬᠠᠷᠢᠭᠤᠯᠬᠤ᠎ᠶᠢᠨ ᠲᠦᠯᠦᠭᠡ ᠡᠨᠡ ᠶᠠᠪᠤᠭ᠎ᠠ ᠨᠠᠰᠤᠨ᠎ᠳᠠᠭᠠᠨ ᠬᠤᠶᠡᠷ ᠦᠬᠡᠢ ᠵᠢᠳᠬᠦᠵᠡᠢ᠃
2010 ᠣᠨ᠎ᠤ 8 ᠰᠠᠷ᠎ᠠ᠎ᠳᠤ ᠲᠤ·ᠮᠠᠨᠳᠠᠷᠤᠡᠶᠢᠨ ᠰᠠᠨᠠᠭᠠᠴᠢᠯᠠᠭ᠎ᠠ᠎ᠪᠠᠷ᠂ ᠲᠣᠭᠣᠰ᠂ ᠲᠤᠩᠭᠠᠯᠠᠭ ᠵᠡᠷᠭᠡ ᠤᠯᠤᠰ᠎ᠤᠨ ᠬᠡᠤᠬᠡᠳ᠎ᠤᠨ ᠤᠷᠤᠯᠴᠠᠯᠭ᠎ᠠ ᠪᠡᠷ 《ᠤᠯᠤᠰ᠎ᠤᠨ ᠬᠡᠦᠬᠡᠳ》 ᠦᠳ ᠬᠠᠢᠷ᠎ᠠ ᠬᠠᠯᠠᠮᠵᠢ ᠵᠢᠨ ᠨᠡᠢᠭᠡᠮᠯᠢᠭ᠎ᠢ ᠡᠭᠦᠰᠬᠡᠨ ᠪᠠᠢᠭᠤᠯᠵᠤ᠂ ᠠᠩᠬᠠᠯᠠᠨ 70 ᠭᠠᠷᠤᠢᠬᠠᠨ ᠭᠡᠰᠢᠭᠦᠨ ᠲᠠᠢ ᠪᠠᠢᠭᠰᠠᠨ ᠡᠴᠡ ᠪᠡᠨ ᠤᠳᠤ ᠪᠤᠯᠬᠤ᠎ᠳᠤ 270 ᠭᠠᠷᠤᠢ ᠬᠥᠮᠥᠨ ᠲᠠᠢ ᠪᠣᠯᠣᠨ ᠥᠷᠭᠡᠵᠢᠵᠦ᠂ ᠰᠥᠨᠢᠳ ᠵᠡᠭᠦᠨ ᠬᠣᠰᠢᠭᠤᠨ᠎ᠤ ᠬᠡᠪᠴᠢᠶᠡᠨ ᠡᠴᠡ ᠥᠷᠭᠡᠵᠢᠨ ᠲᠡᠯᠡᠭᠡᠳ ᠪᠤᠰᠤᠳ ᠠᠢᠮᠠᠭ ᠬᠤᠳᠠ ᠪᠠ ᠬᠣᠰᠢᠭᠤ ᠰᠢᠶᠠᠨ᠎ᠢ ᠬᠠᠮᠤᠷᠴᠤ᠂ ᠡᠭᠦᠨ᠎ᠦ ᠳᠣᠲᠣᠷ᠎ᠠ ᠮᠠᠯᠴᠢᠨ᠂ ᠠᠵᠢᠯ᠎ᠠᠴᠠ᠎ᠪᠠᠨ ᠠᠮᠠᠷᠠᠭᠰᠠᠨ ᠠᠬᠠᠮᠠᠳ ᠺᠠᠳ᠋ᠷ᠂ ᠪᠡᠭᠡᠵᠢᠩ ᠰᠡᠬᠡᠬᠡᠳᠡᠳ ᠪᠠᠰᠠ ᠰᠢᠨ᠎ᠡ ᠨᠢᠭᠡ ᠦᠶ᠎ᠡ᠎ᠶᠢᠨ ᠵᠠᠯᠠᠭᠤᠴᠤᠳ ᠪᠠᠭᠲᠠᠯᠴᠠᠪᠠ᠃ ᠨᠡᠢᠭᠡᠮᠯᠢᠭ ᠪᠠᠢᠭᠤᠯᠤᠭᠳᠠᠭᠰᠠᠨ ᠠ᠋ᠴᠠ ᠨᠠᠭᠠᠰᠢ᠂ ᠨᠡᠶ᠋ᠢᠲᠡ 78000 ᠭᠠᠷᠤᠢ ᠲᠥᠭᠥᠷᠢᠭ᠎ᠦᠨ ᠬᠠᠨᠳᠢᠪ ᠡᠷᠬᠦᠵᠦ᠂ ᠶᠡᠬᠡ ᠳᠤᠮᠳᠠᠳᠤ ᠪᠠᠭ᠎ᠠ ᠰᠤᠷᠭᠠᠭᠤᠯᠢ ᠶ᠋ᠢᠨ ᠰᠤᠷᠤᠭ᠍ᠴᠢᠳ ᠪᠣᠯᠣᠨ ᠨᠡᠢᠭᠡᠮ᠎ᠦᠨ ᠡᠯ᠎ᠡ ᠡᠲᠡᠭᠡᠳ᠎ᠦᠨ ᠬᠥᠭᠰᠢᠨ ᠪᠠᠭᠤᠷᠠᠢ ᠡᠪᠡᠳᠴᠢᠨ᠎ᠲᠠᠢ ᠵᠡᠮᠳᠡᠭ ᠬᠥᠮᠥᠰ᠎ᠢ ᠲᠤᠰᠠᠯᠠᠬ᠍ᠰᠠᠭᠠᠷ ᠢᠷᠡᠪᠡ᠃ 《ᠡᠵᠢ ᠵᠢᠨ ᠬᠠᠢᠷ᠎ᠠ ᠶᠠᠭ ᠲᠠᠯ᠎ᠠ ᠨᠤᠲᠤᠭ ᠰᠢᠭ᠋ ᠠᠭᠤᠳᠠᠮ ᠡᠨᠡᠷᠢᠩᠭᠦᠢ᠂ ᠪᠢᠳᠡ ᠡᠢᠮᠦ ᠶᠡᠬᠡ ᠬᠠᠢᠷ᠎ᠠ᠎ᠪᠡᠷ ᠡᠷᠬᠡ ᠵᠢᠷᠭᠠᠯ᠎ᠲᠠᠢ ᠲᠣᠷᠨᠢᠵᠤ ᠥᠰᠦᠭᠰᠡᠨ ᠪᠣᠯᠬᠣᠷ ᠦᠶ᠎ᠡ ᠵᠢᠨ ᠦᠶ᠎ᠡ᠎ᠳᠤ ᠦᠷ᠎ᠡ ᠵᠢᠨ ᠦᠷ᠎ᠡ ᠳ᠋ᠡᠭᠡᠨ ᠡᠨᠡ ᠬᠠᠢᠷ᠎ᠠ᠎ᠶᠢ ᠤᠯᠠᠮᠵᠢᠯᠠᠵᠤ᠂ ᠨᠡᠡᠭ ᠤᠯᠠᠨ ᠬᠥᠮᠥᠰ᠎ᠲᠦ ᠡᠨᠡ ᠬᠠᠢᠷ᠎ᠠ ᠶ᠋ᠢ ᠮᠡᠳᠡᠷᠡᠭᠦᠯᠬᠦ ᠪᠡᠷ ᠴᠢᠷᠮᠠᠢᠨ᠎ᠠ》 ᠭᠡᠵᠤ ᠤᠷᠠᠩᠭᠤᠸ᠎ᠠ ᠡᠵᠢ ᠶᠠᠷᠢᠵᠤ ᠪᠠᠢᠯ᠎ᠠ᠃
ᠨᠢᠭᠡᠨ ᠵᠢᠷᠠᠨ᠎ᠤ ᠬᠤᠭᠤᠴᠠᠭᠠᠨ᠎ᠳᠤ ᠲᠡᠳᠡ ᠠᠯᠢ ᠬᠡᠳᠦᠢᠨ ᠲᠠᠯ᠎ᠠ ᠨᠤᠲᠤᠭ᠎ᠤᠨ ᠠᠮᠢᠳᠤᠷᠠᠯ ᠢᠷᠭᠡᠨᠰᠢᠯ᠎ᠳᠤ ᠠᠭᠤᠰᠤᠨ ᠢᠳᠡᠭᠡᠰᠢᠵᠦ᠂ ᠵᠢᠶᠠᠩᠨᠠᠨ ᠣᠷᠣᠨ᠎ᠳᠤ ᠵᠠᠶᠠᠭᠠᠭᠰᠠᠨ ᠪᠤᠯᠪᠠᠴᠤ ᠠᠷᠤ ᠭᠠᠵᠠᠷ᠎ᠤᠨ ᠲᠠᠯ᠎ᠠ ᠨᠤᠲᠤᠭ ᠲᠠᠢ ᠠᠮᠢ ᠵᠠᠶᠠᠭ᠎ᠠ ᠪᠠᠨ ᠬᠤᠯᠪᠤᠵᠡᠢ᠃
ᠬᠠᠷᠢᠵᠤ ᠪᠠᠢᠭ᠎ᠠ ᠤᠯᠠᠷᠢᠯ᠎ᠤᠨ ᠦᠩᠭᠡᠨ᠎ᠳᠦ ᠪᠤᠭᠤᠷᠤᠯᠳᠤᠬ᠍ᠰᠠᠭᠠᠷ ᠂ ᠬᠠᠢᠷᠠᠳᠠᠢ ᠡᠵᠢ ᠮᠢᠨᠢ ᠬᠤᠯᠠᠳᠠᠭᠠᠳ ᠪᠠᠢᠬᠤ ᠰᠢᠭ᠋ ᠰᠠᠨᠠᠬ᠍ᠳᠠᠨᠠ ᠁ ᠲᠤᠬᠠᠢ᠎ᠶᠢᠨ ᠵᠢᠯ᠎ᠤᠨ 《ᠤᠯᠤᠰ᠎ᠤᠨ ᠬᠡᠤᠬᠡᠳ》ᠤᠳ ᠤᠳᠤ ᠨᠢᠭᠡᠨᠲᠡ ᠪᠤᠭᠤᠷᠤᠯ ᠪᠣᠯᠵᠤ᠂ ᠲᠤᠬᠠᠢ᠎ᠶᠢᠨ ᠵᠢᠯ᠎ᠳᠤ ᠡᠲᠡᠭᠡᠷ ᠬᠡᠦᠬᠡᠳ᠎ᠢ ᠡᠯᠢᠭᠡᠨ᠎ᠳᠡᠭᠡᠨ ᠪᠦᠪᠡᠢᠯᠡᠨ ᠠᠪᠤᠭᠰᠠᠨ ᠠᠪᠤ ᠡᠵᠢ ᠨᠢ ᠴᠦ᠍ ᠨᠠᠰᠤ ᠠᠬᠢᠬ᠍ᠰᠠᠨ ᠲᠡᠳᠤᠢ ᠦᠭᠡᠢ ᠪᠦᠷ ᠵᠠᠷᠢᠮ ᠨᠢ ᠪᠤᠷᠬᠠᠨ᠎ᠤ ᠤᠷᠤᠨ᠎ᠢ ᠵᠤᠷᠢᠵᠡᠢ᠃ ᠬᠡᠪᠡᠴᠤ ᠡᠨᠡ ᠬᠦ᠌ ᠴᠢᠰᠤᠨ ᠲᠥᠷᠥᠯ᠂ ᠭᠠᠵᠠᠷ ᠣᠷᠣᠨ᠂ ᠦᠭᠡ ᠬᠡᠯᠡ᠂ ᠴᠠᠭ᠎ᠤᠨ ᠬᠢᠵᠠᠭᠠᠷ᠎ᠢ ᠳᠠᠪᠠᠭᠰᠠᠨ ᠬᠠᠢᠷ᠎ᠠ ᠨᠢ ᠲᠠᠰᠤᠷᠠᠰᠢ ᠦᠭᠡᠢ ᠦᠷᠭᠦᠯᠵᠢᠯᠡᠬᠦ ᠲᠡᠦᠬᠡ ᠵᠢᠨ ᠴᠤᠪᠤᠭ᠎ᠠ ᠲᠤᠮᠳᠡ ᠮᠦᠩᠭᠡ᠎ᠶᠢᠨ ᠬᠦᠰᠢᠭᠡ ᠪᠤᠯᠤᠨ ᠰᠦᠨᠳᠡᠷᠯᠡᠵᠤ᠂ ᠵᠠᠭᠣᠨ ᠵᠠᠭᠣᠨ᠎ᠢᠶᠠᠷ ᠳᠣᠮᠳᠠᠷᠠᠰᠢ ᠦᠬᠡᠢ ᠬᠠᠢᠷ᠎ᠠ᠎ᠶᠢᠨ ᠳᠠᠪᠠᠯᠭᠠᠨ ᠤᠢᠯᠰᠤᠯᠠᠨᠠ᠃
2022 ᠣᠨ᠎ᠤ 11 ᠰᠠᠷ᠎ᠠ᠎ᠳᠤ᠂ ᠰᠥᠨᠢᠳ ᠵᠡᠭᠦᠨ ᠬᠣᠰᠢᠭᠤ 《ᠤᠯᠤᠰ᠎ᠤᠨ ᠬᠡᠦᠬᠡᠳ》᠎ᠤᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠬᠥᠮᠦᠵᠢᠯ᠎ᠦᠨ ᠦᠵᠡᠭᠦᠯᠭᠡ᠎ᠶᠢᠨ ᠲᠢᠩᠬᠢᠮ᠎ᠢ ᠪᠠᠢᠭᠤᠯᠪᠠ᠃ ᠦᠵᠡᠭᠦᠯᠭᠡ ᠶ᠋ᠢᠨ ᠲᠢᠩᠬᠢᠮ᠎ᠦᠨ ᠪᠠᠷᠢᠯᠭ᠎ᠠ ᠶ᠋ᠢᠨ ᠲᠠᠯᠠᠪᠠᠶ ᠨᠢ 300 ᠲᠡᠭᠰᠢ ᠳᠥᠷᠪᠡᠯᠵᠢᠨ ᠮᠧᠲᠷ ᠬᠦᠷᠴᠤ ᠂ ᠣᠷᠣᠰᠢᠯ ᠬᠡᠰᠡᠭ᠂ ᠵᠡᠭᠦᠨ ᠪᠠᠷᠠᠭᠤᠨ ᠬᠣᠶᠠᠷ ᠦᠵᠡᠭᠦᠯᠭᠡ ᠵᠢᠨ ᠲᠠᠩᠬᠢᠮ ᠪᠣᠯᠣᠨ ᠪᠠᠰᠠ ᠨᠢᠭᠡ ᠪᠡᠶᠡᠴᠢᠯᠡᠨ ᠣᠢᠯᠠᠭᠠᠬᠤ ᠲᠠᠩᠬᠢᠮ ᠵᠢᠠᠷ ᠪᠦᠷᠢᠯᠳᠦᠪᠡ᠃ ᠤᠳᠤᠬᠠᠨ᠎ᠳᠤ 191 ᠬᠤᠪᠢ ᠬᠠᠭᠤᠴᠢᠨ᠎ᠤ ᠡᠳ᠋ ᠪᠣᠳᠠᠰ᠂ 80 ᠭᠠᠷᠤᠢ ᠬᠤᠪᠢ 《ᠤᠯᠤᠰ᠎ᠤᠨ ᠬᠡᠦᠬᠡᠳ》᠎ᠤᠨ ᠵᠢᠷᠤᠭ ᠰᠡᠭᠦᠳᠡᠷ ᠪᠠ 4 ᠳᠦᠷᠰᠦ ᠰᠢᠩᠭᠡᠭᠡᠯᠲᠡ ᠶ᠋ᠢ ᠳᠡᠯᠭᠡᠨ ᠦᠵᠡᠬᠦᠯᠵᠦ ᠪᠠᠢᠨ᠎ᠠ᠃ ᠡᠨᠡ ᠨᠢ 1958 ᠣᠨ᠎ᠳᠤ 170 ᠭᠠᠷᠤᠢ ᠥᠨᠥᠴᠢᠨ ᠬᠡᠦᠬᠡᠳ ᠰᠥᠨᠢᠳ᠎ᠦᠨ ᠲᠠᠯ᠎ᠠ ᠨᠤᠲᠤᠭ᠎ᠲᠤ ᠢᠷᠡᠵᠦ᠂ ᠲᠠᠯ᠎ᠠ ᠨᠤᠲᠤᠭ᠎ᠤᠨ 《ᠡᠵᠢ》 ᠶ᠋ᠢᠨ ᠬᠠᠢᠷ᠎ᠠ ᠬᠠᠯᠠᠮᠵᠢ ᠳᠣᠣᠷ᠎ᠠ ᠢᠳᠡᠷᠡᠭᠦᠨ ᠢ᠋ᠶ᠋ᠡᠷ ᠦᠰᠦᠨ ᠪᠣᠢᠵᠢᠭ᠍ᠰᠠᠨ ᠰᠡᠳᠬᠢᠯ ᠬᠥᠳᠡᠯᠭᠡᠮ᠎ᠡ ᠦᠯᠢᠭᠡᠷ᠎ᠢ ᠮᠦᠩᠭᠡᠯᠡᠨ ᠬᠠᠳᠠᠭᠠᠯᠠᠵᠤ᠂ ᠡᠨᠡᠬᠦ ᠠᠭᠤᠤ ᠬᠠᠢᠷ᠎ᠠ᠎ᠶᠢ ᠤᠯᠠᠮᠵᠢᠯᠠᠨ ᠲᠡᠯᠭᠡᠷᠡᠬᠦᠯᠬᠦ᠎ᠪᠡᠷ ᠤᠴᠢᠷ ᠵᠣᠷᠢᠯᠭ᠎ᠠ᠎ᠪᠠᠨ ᠪᠤᠯᠭᠠᠪᠠ᠃
ᠠᠭᠤᠳᠠᠮ ᠲᠠᠮᠤᠴᠢ ᠮᠠᠨᠢ ᠬᠠᠢᠷ᠎ᠠ ᠢᠪᠡᠭᠡᠯ᠂ ᠠᠴᠢᠯᠠᠯ ᠡᠨᠡᠷᠢᠯ᠎ᠦᠨ ᠠᠶᠠᠯᠭᠤᠨ ᠲᠣᠮᠳᠠ ᠡᠶ᠎ᠡ ᠵᠣᠬᠢᠴᠠᠯ᠎ᠤᠨ ᠬᠦᠭᠵᠢᠮ ᠴᠢᠪᠬᠠᠳᠠᠵᠤ᠂ ᠬᠠᠢᠷ᠎ᠠ ᠪᠡᠷ ᠴᠠᠯᠬᠢᠯᠠᠵᠤ ᠨᠠᠯᠠᠢᠬ᠍ᠰᠠᠭᠠᠷ ᠁