《ᠬᠠᠭᠤᠴᠢᠨ ᠶᠠᠭᠤᠮ᠎ᠠ ᠤᠯᠠ ᠪᠤᠯᠵᠤ ᠰᠢᠨ᠎ᠡ ᠶᠠᠭᠤᠮ᠎ᠠ ᠵᠤᠯᠠ ᠪᠤᠯᠤᠨ᠎ᠠ》ᠭᠡᠳᠡᠭᠴᠢᠯᠡᠨ ᠤᠨ ᠴᠠᠭ ᠤᠯᠠᠷᠢᠨ ᠬᠤᠪᠢᠷᠠᠵᠤ᠂ ᠡᠳᠦᠷ ᠰᠠᠷ᠎ᠠ ᠥᠩᠬᠡᠷᠡᠨ ᠥᠩᠬᠡᠷᠡᠭᠰᠡᠭᠡᠷ ᠨᠢᠭᠡ ᠯᠠ ᠮᠡᠳᠡᠬᠦᠳᠦ 2023 ᠤᠨ ᠵᠢᠨᠨ ᠦᠳᠡᠨ ᠮᠤᠷᠳᠠᠭᠤᠯᠵᠤ᠂ 2024 ᠤᠨ ᠵᠢᠨᠨ ᠤᠬᠳᠤᠨ ᠠᠪᠬᠤ ᠪᠤᠯᠴᠢᠬᠠᠯ᠎ᠠ᠃ 《ᠠᠮᠢᠳᠤᠷᠠᠯ ᠦᠷᠳᠡᠬᠡ》 ᠳᠤᠰᠬᠠᠢ ᠬᠡᠪᠯᠡᠯ ᠮᠠᠨᠢ ᠤᠩᠰᠢᠬᠴᠢ ᠲᠦᠮᠡᠨ ᠲᠠᠢ ᠪᠡᠨ ᠪᠠᠰᠠ ᠨᠢᠬᠡᠨ ᠰᠢᠨ᠎ᠡ ᠤᠨ ᠵᠢᠨᠨ ᠤᠬᠳᠤᠨ ᠠᠪᠬᠤ ᠪᠤᠯᠤᠬᠰᠠᠨ ᠳ᠋ᠠᠭᠠᠨ ᠮᠠᠰᠢ ᠪᠠᠶᠠᠷ ᠲᠠᠢ ᠪᠠᠢᠨ᠎ᠠ᠃ 2023 ᠤᠨᠳᠦ 《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ ᠨᠠᠮᠤᠨ ᠱᠤᠭᠤᠮ ᠴᠢᠭᠯᠡᠯᠳᠡ᠂ ᠲᠦᠷᠦ ᠵᠢᠨ ᠪᠤᠳᠤᠯᠭᠠᠶᠢ ᠲᠠᠭᠠᠨ ᠴᠤᠤᠷᠢᠶᠠᠳᠤᠵᠤ᠂ ᠤᠩᠰᠢᠬᠴᠢ ᠲᠦᠮᠡᠨ ᠵᠢᠨᠨ ᠬᠦᠨᠳᠦᠯᠡᠨ ᠲᠡᠭᠡᠳᠦᠯᠡᠵᠦ᠂ ᠤᠩᠰᠢᠬᠴᠢᠳ ᠲᠠᠭᠠᠨ ᠬᠡᠷᠡᠭᠴᠡᠭᠡ ᠪᠦᠬᠦᠢ ᠠᠭᠤᠯᠭᠠᠶᠢ ᠨᠡᠢᠳᠡᠯᠡᠬᠦ ᠵᠢᠨ ᠲᠦᠯᠦᠬᠡ ᠬᠢᠴᠢᠶᠡᠩᠬᠦᠢᠯᠡᠨ ᠠᠵᠢᠯᠯᠠᠬᠰᠠᠨ ᠪᠢᠯᠡ᠃ ᠢᠯᠠᠩᠭᠤᠶ᠎ᠠ ᠤᠩᠰᠢᠬᠴᠢ ᠤᠯᠠᠨ ᠳ᠋ᠠᠭᠠᠨ ᠦᠢᠯᠡᠴᠢᠯᠡᠬᠦᠶᠢ ᠴᠠᠬ ᠢᠮᠠᠬᠳᠠ ᠪᠠᠷᠢᠮᠳᠠᠯᠠᠵᠤ᠂ 《ᠦᠢᠯᠡᠴᠢᠯᠡᠬᠡ》 ᠂ 《ᠠᠩᠬᠠᠷᠤᠯ》᠂ 《ᠬᠡᠷᠡᠭᠯᠡᠬᠡ》 ᠪᠤᠯᠤᠩ ᠵᠢᠨᠷ ᠳᠤᠰᠬᠠᠢ ᠬᠡᠪᠯᠡᠯ ᠵᠢᠨᠨ ᠡᠷᠬᠢᠯᠡᠬᠦ ᠴᠢᠭᠯᠡᠯᠳᠡ ᠪᠤᠯᠭᠠᠵᠤ᠂ ᠠᠮᠢᠳᠤᠷᠠᠯᠤᠨ ᠶᠡᠷᠦ ᠵᠢᠨ ᠮᠡᠳᠡᠯᠬᠡ᠂ ᠪᠡᠶ᠎ᠡ ᠰᠤᠪᠢᠯᠠᠯᠳᠠ ᠵᠢᠨ ᠠᠩᠬᠠᠷᠬᠤ ᠵᠦᠢᠯ᠂ ᠨᠡᠢᠬᠡᠮᠤᠨ ᠬᠠᠯᠠᠮᠰᠢᠯ ᠪᠤᠯᠵᠤ ᠪᠠᠢᠭ᠎ᠠ ᠠᠰᠠᠭᠤᠳᠠᠯᠢ ᠵᠠᠳᠠᠯᠤᠨ ᠰᠢᠨᠵᠢᠯᠡᠬᠦ ᠵᠡᠷᠭᠡ ᠠᠭᠤᠯᠭ᠎ᠠ ᠪᠦᠬᠦᠢ ᠮᠡᠳᠡᠬᠡᠯᠡᠯ ᠵᠢᠨᠷ ᠭᠤᠤᠯᠳᠠᠭᠤᠯᠤᠬᠰᠠᠨ ᠶᠤᠮ᠃ 《ᠦᠯᠢᠬᠡᠷ》᠂ 《ᠵᠤᠭᠤᠭ》᠂ 《ᠰᠢᠪᠡᠨᠡᠭᠡ》 ᠵᠡᠷᠭᠡ ᠪᠤᠯᠤᠩ ᠵᠢᠨᠷ ᠦᠯᠢᠬᠡᠷ ᠦᠢᠯᠡ ᠶᠠᠪᠤᠳᠠᠯ ᠲᠠᠢ ᠤᠷᠠᠨ ᠭᠤᠢᠳᠠ ᠵᠤᠬᠢᠶᠠᠯ ᠪᠦᠳᠦᠭᠡᠯ᠂ ᠬᠦᠮᠦᠰᠲᠦ ᠶᠠᠭᠤ ᠨᠢᠬᠡᠶᠢ ᠪᠤᠳᠤᠬᠳᠠᠭᠤᠯᠬᠤ᠂ ᠠᠵᠢᠯᠤᠨ ᠶᠠᠳᠠᠷᠠᠭ᠎ᠠ ᠰᠡᠳᠬᠢᠯᠤᠨ ᠳᠠᠷᠤᠮᠳᠠᠡᠴᠡ ᠨᠢ ᠴᠢᠯᠦᠭᠡᠯᠡᠬᠦ ᠤᠬᠤᠷ ᠵᠤᠬᠢᠶᠠᠯ ᠰᠢᠬᠦᠮᠵᠢ ᠨᠡᠢᠳᠡᠯᠡᠵᠦ᠂ ᠰᠤᠯᠠ ᠰᠡᠯᠡᠬᠦᠦ᠂ ᠲᠡᠨᠢᠬᠦᠨ ᠳᠠᠪᠠᠳᠠᠢ ᠪᠠᠢᠳᠠᠯᠢ ᠡᠬᠦᠳᠬᠦ ᠵᠢᠨ ᠲᠦᠯᠦᠭᠡ ᠴᠢᠷᠮᠠᠢᠬᠰᠠᠭᠠᠷ ᠢᠷᠡᠪᠡ᠃
2024 ᠤᠨᠳᠦ 《ᠠᠮᠢᠳᠤᠷᠠᠯ ᠦᠷᠳᠡᠬᠡ》 ᠳᠤᠰᠬᠠᠢ ᠬᠡᠪᠯᠡᠯ ᠮᠠᠨᠢ ᠮᠦᠨᠴᠦ ᠤᠩᠰᠢᠬᠴᠢ ᠤᠯᠠᠨ ᠳ᠋ᠠᠭᠠᠨ ᠦᠢᠯᠡᠴᠢᠯᠡᠬᠦ ᠡᠬᠦᠷᠬᠡ ᠬᠠᠷᠢᠭᠤᠴᠠᠯᠭ᠎ᠠ ᠪᠡᠨ ᠤᠰᠤᠯᠳᠠᠯ ᠦᠭᠡᠢ ᠬᠦᠢᠴᠡᠳᠬᠡᠵᠦ᠂ ᠤᠩᠰᠢᠬᠴᠢ ᠤᠯᠠᠨᠤ ᠪᠡᠨ ᠰᠠᠨᠠᠯ ᠰᠠᠨᠠᠭᠤᠯᠭᠠᠶᠢ ᠬᠦᠯᠢᠶᠡᠨ ᠠᠪᠴᠤ᠂ ᠳᠤᠰᠬᠠᠢ ᠬᠡᠪᠯᠡᠯ ᠵᠢᠨᠨ ᠨᠡᠩ ᠴᠢᠨᠠᠷᠵᠢᠭᠤᠨ ᠡᠷᠬᠢᠯᠡᠬᠦ ᠵᠢᠨ ᠲᠦᠯᠦᠬᠡ ᠴᠢᠷᠮᠠᠢᠬᠤ ᠪᠤᠯᠤᠨ᠎ᠠ᠃ ᠲᠠ ᠪᠦᠬᠦᠨᠤ ᠤᠷᠮᠠᠰᠢᠭᠤᠯᠤᠯ ᠵᠤᠷᠢᠬᠵᠢᠭᠤᠯᠤᠯ ᠪᠤᠯ ᠪᠢᠳᠡᠨᠤ ᠤᠶᠤᠨ ᠤᠬᠠᠭᠠᠨᠤ ᠤᠨᠳᠤᠷᠤᠭ᠎ᠠ ᠪᠤᠯᠬᠤ ᠶᠤᠮ᠃ 《ᠠᠮᠢᠳᠤᠷᠠᠯ ᠦᠷᠳᠡᠬᠡ》 ᠪᠡᠨ ᠦᠷᠬᠦᠯᠵᠢ ᠤᠩᠰᠢᠵᠤ ᠪᠢᠳᠡᠨ ᠳ᠋ᠡᠭᠡᠨ ᠤᠷᠮ᠎ᠠ ᠬᠠᠢᠷᠠᠯᠠᠭᠠᠷᠠᠢ!
ᠠᠮᠢᠳᠤᠷᠠᠯᠤᠨ ᠠᠶᠠᠨ ᠦᠷᠬᠦᠯᠵᠢᠯᠡᠭᠰᠡᠭᠡᠷ ᠁ 《ᠠᠮᠢᠳᠤᠷᠠᠯ ᠦᠷᠳᠡᠭᠡ》 ᠦᠢᠯᠡᠴᠢᠯᠡᠭᠰᠡᠭᠡᠷ ᠁

ᠤᠩᠰᠢᠬᠴᠢ ᠤᠯᠠᠨ ᠳ᠋ᠠᠭᠠᠨ ᠦᠢᠯᠡᠴᠢᠯᠡᠬᠦ ᠪᠤᠯ ᠪᠢᠳᠡᠨᠤ ᠡᠬᠦᠷᠢᠳᠡ ᠵᠢᠨ ᠪᠠᠷᠢᠮᠳᠠᠯᠠᠯ
《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ ᠤᠩᠰᠢᠬᠴᠢ ᠤᠯᠠᠨ ᠳ᠋ᠠᠭᠠᠨ ᠦᠢᠯᠡᠴᠢᠯᠡᠬᠦ ᠪᠡᠷ ᠭᠤᠤᠯ ᠵᠤᠷᠢᠯᠳᠠ ᠴᠢᠭᠯᠡᠯᠳᠡ ᠪᠡᠨ ᠪᠤᠯᠭᠠᠬᠰᠠᠨᠤ ᠬᠠᠮᠤᠭᠤᠨ ᠢᠯᠡ ᠳᠤᠳᠤ ᠤᠨᠴᠠᠯᠢᠬ ᠨᠢ 《ᠦᠢᠯᠡᠴᠢᠯᠡᠬᠡ》 ᠪᠤᠯᠤᠩ ᠪᠠᠢᠭᠠᠳᠦ ᠶᠤᠮ᠃ 《ᠠᠮᠢᠳᠤᠷᠠᠯ ᠦᠷᠳᠡᠬᠡ》ᠳᠤᠰᠬᠠᠢ ᠬᠡᠪᠯᠡᠯ ᠨᠢ ᠪᠠᠷᠤᠭ ᠬᠤᠭᠤᠴᠠᠭ᠎ᠠ ᠪᠤᠯᠭᠠᠨ 《ᠦᠢᠯᠡᠴᠢᠯᠡᠬᠡ》 ᠪᠤᠯᠤᠩ ᠳᠤᠬᠢᠷᠠᠭᠤᠯᠵᠤ᠂ 《ᠨᠡᠢᠰᠯᠡᠯᠤᠨ ᠨᠡᠷᠡᠳᠦ ᠡᠮᠴᠢ ᠳᠠᠯ᠎ᠠ ᠨᠤᠳᠤᠭᠲᠦ ᠢᠷᠡᠵᠦ ᠦᠢᠯᠡᠴᠢᠯᠡᠬᠦ ᠪᠤᠯᠤᠯ᠎ᠠ》 ᠂ 《 〈5•1〉 ᠲᠠ ᠬᠠᠮᠢᠭ᠎ᠠ ᠵᠤᠭᠠᠴᠠᠬᠤ ᠪᠡᠷ ᠲᠦᠯᠦᠪᠯᠡᠵᠦ ᠪᠠᠢᠭ᠎ᠠ ᠪᠤᠢ⁈》᠂ 《ᠬᠦᠳᠡᠬᠡᠳᠦ ᠶᠡᠬᠡ ᠮᠦᠩᠬᠦ ᠤᠯᠵᠤ ᠪᠤᠯᠬᠤ 7 ᠠᠵᠢᠯ ᠲᠦᠷᠦᠯ》 ᠁ ᠵᠡᠷᠭᠡ ᠮᠡᠳᠡᠭᠡᠯᠡᠯᠢ ᠤᠩᠰᠢᠬᠴᠢ ᠤᠯᠠᠨ ᠳ᠋ᠠᠭᠠᠨ ᠬᠦᠷᠬᠡᠵᠦ᠂ ᠵᠤᠬᠢᠬᠤ ᠦᠢᠯᠡᠴᠢᠯᠡᠬᠡ ᠬᠠᠩᠭᠠᠬᠰᠠᠨ ᠬᠡᠳᠡᠭ ᠨᠢ ᠡᠷᠡᠭᠡᠯᠵᠡᠭᠡ ᠦᠭᠡᠢ᠃ ᠡᠬᠦᠨ ᠡᠴᠡ ᠰᠡᠬᠦᠯᠡᠷ 《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ ᠮᠦᠨᠴᠦ ᠦᠢᠯᠡᠴᠢᠯᠡᠬᠡ ᠪᠡᠷ ᠭᠤᠤᠯᠳᠠᠭᠤᠯᠵᠤ᠂ ᠤᠩᠰᠢᠬᠴᠢ ᠤᠯᠠᠨ ᠳ᠋ᠠᠭᠠᠨ ᠦᠨᠡᠨᠬᠦ ᠦᠢᠯᠡᠴᠢᠯᠡᠬᠡ ᠬᠠᠩᠭᠠᠬᠤ ᠪᠡᠷ ᠴᠢᠷᠮᠠᠢᠬᠤ ᠪᠤᠯᠤᠨ᠎ᠠ᠃
《ᠠᠩᠬᠠᠷᠤᠯ》 ᠂ 《ᠬᠡᠷᠡᠭᠯᠡᠬᠡ》 ᠪᠤᠯᠤᠩ ᠪᠤᠯ ᠮᠦᠨᠴᠦ ᠤᠩᠰᠢᠬᠴᠢ ᠤᠯᠠᠨ ᠳ᠋ᠠᠭᠠᠨ ᠦᠢᠯᠡᠴᠢᠯᠡᠬᠦ ᠪᠡᠷ ᠭᠤᠤᠯ ᠪᠤᠯᠭᠠᠬᠰᠠᠨ ᠪᠢᠯᠡ᠃ 2023 ᠤᠨᠳᠦ ᠳᠤᠰ ᠬᠤᠶᠠᠷ ᠪᠤᠯᠤᠩᠳᠦ᠂ 《ᠡᠨᠡ ᠵᠢᠯ ᠬᠡᠷ ᠬᠤᠳᠠᠯᠳᠤᠨ ᠠᠪᠤᠪᠠᠯ ᠵᠤᠬᠢᠨ᠎ᠠ ᠤᠤ?》 ᠂ 《ᠤᠳᠤᠬᠠᠨᠳᠦ 〈ᠳᠤᠮᠤ ᠠᠯᠳᠠᠨ ᠪᠠᠭᠤᠪᠴᠢ〉 ᠬᠤᠳᠠᠯᠳᠤᠨ ᠠᠪᠴᠤ ᠪᠤᠯᠬᠤ ᠤᠤ⁈》᠂ 《ᠬᠠᠮᠳᠤ ᠪᠡᠷ ᠬᠦᠳᠡᠯᠦᠯᠴᠡᠨ ᠬᠡᠤᠬᠡᠳᠤᠨ ᠨᠢᠳᠦᠶᠢ ᠬᠠᠮᠠᠭᠠᠯᠠᠶ᠎ᠠ》᠂ 《ᠭᠡᠷ ᠪᠦᠯᠢ ᠵᠢᠨ ᠡᠳ᠋ᠤᠨ ᠶᠠᠪᠤᠳᠠᠯᠤᠨ ᠬᠠᠮᠢᠶᠠᠷᠤᠯᠳᠠ ᠵᠢᠨ ᠳᠤᠬᠠᠢ ᠳᠤᠯᠤᠭᠠᠨ ᠵᠦᠢᠯᠤᠨ ᠰᠠᠨᠠᠭᠤᠯᠭ᠎ᠠ》 ᠁ ᠵᠡᠷᠭᠡ ᠮᠡᠳᠡᠬᠡᠯᠡᠯ ᠨᠡᠢᠳᠡᠯᠡᠭᠳᠡᠵᠦ᠂ ᠤᠩᠰᠢᠬᠴᠢᠳᠤᠨ ᠲᠠᠭᠠᠰᠢᠶᠠᠯᠢ ᠬᠦᠷᠳᠡᠭᠰᠡᠨ ᠪᠠᠢᠨ᠎ᠠ᠃
ᠦᠯᠢᠬᠡᠷ ᠦᠢᠯᠡ ᠪᠡᠷ ᠬᠦᠮᠦᠰᠢ ᠰᠡᠩᠬᠡᠷᠡᠬᠦᠯᠬᠦ ᠪᠤᠯ ᠪᠢᠳᠡᠨᠤ ᠬᠦᠬᠡᠬᠡᠴᠡᠯᠳᠦᠯ
2023 ᠤᠨᠳᠦ 《ᠦᠯᠢᠬᠡᠷ》 ᠪᠤᠯᠤᠩ ᠵᠢᠨᠷ 《ᠠᠪᠤ ᠵᠢᠨ ᠦᠬᠢᠨ 〈ᠤᠳᠤ〉 ᠪᠤᠯᠤᠯ᠎ᠠ》᠂ 《ᠨᠠᠰᠤᠳᠠᠢ ᠡᠵᠢ ᠵᠢᠨ ᠥᠩᠬᠡᠷᠡᠬᠦᠯᠵᠦ ᠢᠷᠡᠭᠰᠡᠨ ᠠᠮᠢᠳᠤᠷᠠᠯ》᠂ 《24 ᠲᠡᠪᠳᠡᠷ ᠠᠮᠢᠳᠤᠷᠠᠯᠤᠨ ᠵᠢᠵᠢᠭ 〈ᠳᠠᠩᠰᠠ᠌〉》 ᠁ ᠵᠡᠷᠭᠡ ᠦᠯᠢᠭᠡᠷ ᠦᠢᠯᠡ ᠶᠠᠪᠤᠳᠠᠯ ᠲᠠᠢ ᠮᠡᠳᠡᠭᠡᠯᠡᠯᠤᠳ ᠨᠡᠢᠳᠡᠯᠡᠭᠳᠡᠵᠦ᠂ ᠤᠩᠰᠢᠬᠴᠢ ᠤᠯᠠᠨ ᠦᠯᠢᠭᠡᠷ ᠲᠤᠨᠢ ᠳᠠᠳᠠᠬᠳᠠᠵᠤ᠂ ᠦᠢᠯᠡ ᠶᠠᠪᠤᠳᠠᠯᠳᠤᠨᠢ ᠰᠡᠳᠬᠢᠯ ᠬᠦᠳᠡᠯᠦᠭᠰᠡᠨ ᠪᠠᠢᠬᠤ ᠡ! ᠡᠭᠦᠪᠡᠷ ᠪᠠᠷᠠᠬᠤ ᠦᠭᠡᠢ ᠡᠳᠡᠭᠡᠷ ᠰᠠᠢᠬᠠᠨ ᠨᠡᠢᠳᠡᠯᠡᠯᠤᠳ ᠨᠢ ᠤᠩᠰᠢᠬᠴᠢᠳᠲᠦ ᠠᠮᠢᠳᠤᠷᠠᠯᠤᠨ ᠤᠬᠠᠭᠠᠨᠢ ᠵᠢᠭᠠᠨ ᠦᠭᠴᠦ᠂ ᠠᠮᠢᠳᠤᠷᠠᠬᠤ ᠵᠢᠨ ᠦᠨ᠎ᠡ ᠴᠠᠨᠠᠶᠢ ᠮᠡᠳᠡᠷᠡᠬᠦᠯᠦᠭᠰᠡᠨ ᠪᠠᠢᠳᠠᠬ᠃
ᠤᠩᠰᠢᠬᠴᠢ ᠲᠦᠮᠡᠨ ᠳ᠋ᠡᠭᠡᠨ ᠡᠷᠴᠢ ᠬᠦᠴᠦ ᠤᠯᠭᠤᠬᠤ ᠪᠤᠯ ᠪᠢᠳᠡᠨᠤ ᠮᠦᠷᠦᠭᠡᠳᠦᠯ
《ᠠᠮᠢᠳᠤᠷᠠᠯ ᠦᠷᠳᠡᠬᠡ》 ᠳᠤᠰᠬᠠᠢ ᠬᠡᠪᠯᠡᠯ ᠨᠢ 2023 ᠤᠨᠳᠦ 《ᠵᠤᠭᠤᠭ》 ᠂ 《ᠰᠢᠪᠡᠨᠡᠭᠡ》 ᠪᠤᠯᠤᠩ ᠵᠢᠨᠷ 《ᠪᠠᠭ᠎ᠠ ᠨᠠᠰᠤᠨᠤ ᠪᠠᠯᠳᠤ ᠴᠠᠭᠠᠨ ᠰᠠᠷ᠎ᠠ》 ᠂ 《ᠤᠬᠠᠭᠠᠨ ᠰᠡᠢᠯᠵᠦ ᠠᠮᠢᠳᠤᠷᠠᠬᠤ ᠵᠢᠨ ᠤᠴᠢᠷ》 ᠂ 《ᠡᠷᠬᠢᠵᠦ ᠤᠴᠢᠬᠤ ᠵᠢᠨ ᠨᠢᠬᠡ ᠰᠢᠯᠳᠠᠭᠠᠨ ᠨᠢ ᠢᠨᠢᠶᠡᠮᠰᠦᠭᠯᠡᠯ》 ᠂ 《ᠬᠠᠢᠷ᠎ᠠ ᠵᠢᠨ ᠰᠤᠩᠭᠤᠯᠳᠠ》᠂ 《ᠪᠤᠳᠤᠯᠢᠶᠠᠨᠳᠠᠢ ᠠᠮᠢᠳᠤᠷᠠᠯ ᠵᠢᠨᠨ ᠪᠤᠷᠤᠬᠠᠨ ᠥᠩᠬᠡᠷᠡᠬᠦᠯᠦᠶᠡ》᠁ ᠵᠡᠷᠭᠡ ᠰᠢᠬᠦᠮᠵᠢ ᠵᠤᠬᠢᠶᠠᠯᠤᠳᠢ ᠨᠡᠢᠳᠡᠯᠡᠵᠦ᠂ ᠤᠩᠰᠢᠬᠴᠢᠳᠲᠦ ᠰᠡᠳᠬᠢᠯᠤᠨ ᠲᠡᠩᠬᠡᠬᠡ ᠲᠠᠮᠢᠷ ᠦᠭᠬᠦ ᠵᠢᠨ ᠲᠦᠯᠦᠬᠡ ᠴᠢᠷᠮᠠᠢᠬᠰᠠᠨ ᠶᠤᠮᠰᠠᠨ᠃