ᠲᠦᠬᠦᠬᠡ ᠤᠷᠤᠬ᠍ᠰᠠᠨ ᠴᠠᠬ ᠡᠴᠡ ᠪᠠᠨ ᠡᠬᠢᠯᠡᠨ ᠪᠢ ᠴᠠᠭᠠᠨ ᠰᠠᠷᠠ ᠪᠤᠯᠬᠤ ᠬᠡᠭ᠌ᠴᠢ ᠬᠠᠮᠤᠭᠤᠨ ᠰᠠᠢᠬᠠᠨ ᠶᠠᠪᠤᠳᠠᠯ ᠬᠡᠮᠡᠨ ᠪᠤᠳᠤᠳᠠᠬ ᠪᠠᠢᠵᠠᠢ᠃ ᠲᠡᠬᠡᠬᠡᠳ ᠰᠢᠨᠡᠯᠡᠬᠦ ᠡᠴᠡ ᠪᠠᠷᠤᠬ ᠵᠠᠭᠤᠨ ᠬᠤᠨᠤᠭᠤᠨ ᠡᠮᠦᠨᠠ ᠡᠴᠡ ᠡᠳᠦᠷ ᠤᠬᠤᠷᠢᠭᠤᠯᠤᠨ ᠲᠤᠭᠠᠯᠠᠵᠤ᠂ ᠠᠷᠭᠠᠶᠢᠨ ᠤᠯᠠᠷᠢᠯ ᠪᠢᠯᠢᠭᠤᠨ ᠲᠤᠭᠠᠯᠠᠯ ᠬᠡᠵᠤ ᠰᠤᠷᠤᠬ᠍ᠰᠠᠨ ᠲᠤᠭᠠ ᠵᠢᠨ ᠬᠢᠷᠢ ᠪᠡᠷ ᠵᠢᠡᠨ ᠬᠤᠷᠤᠭᠤ ᠲᠠᠷᠤᠨ ᠬᠢᠮᠦᠰᠦ ᠨᠢᠰᠠᠯᠤᠨ ᠬᠠᠵᠠᠭᠠᠢ ᠬᠠᠯᠠᠭᠤ ᠪᠤᠯᠴᠢᠬᠠᠬᠤ ᠡᠴᠡ ᠠᠶᠤᠵᠤ᠂ ᠲᠠᠬᠢᠨ ᠲᠠᠪᠳᠠᠨ ᠯᠠᠪᠳᠠᠭᠤᠯᠵᠤ ᠨᠠᠷᠢᠪᠴᠢᠯᠠᠵᠤ ᠪᠠᠢᠭᠰᠠᠨ ᠮᠠᠨᠢ ᠶᠠᠮᠠᠷᠬᠠᠨ ᠲᠠᠪᠴᠢᠭᠤ ᠬᠦᠰᠡᠯ ᠬᠦᠯᠢᠶᠡᠯᠳᠡ ᠠᠵᠢ᠃
ᠪᠠᠭᠠ ᠵᠢᠨ ᠴᠠᠭᠠᠨ ᠰᠠᠷᠠ ᠶᠡᠷᠦ ᠨᠢ ᠪᠠᠯ ᠪᠤᠷᠠᠮᠤᠨ ᠪᠡᠯᠡᠭ ᠳᠠᠢ ᠰᠠᠭᠠᠳᠠᠳᠠᠭ ᠪᠠᠢᠵᠠᠢ᠃ ᠡᠪᠦᠯ ᠤᠷᠤᠵᠤ ᠡᠳᠦᠷ ᠬᠦᠢᠳᠡᠷᠡᠭ᠌ᠰᠡᠬᠡᠷ ᠯᠡ ᠡᠵᠢ ᠮᠢᠨᠢ ᠪᠢᠳᠡᠨᠳᠤ ᠰᠢᠨᠡᠯᠡᠬᠦ ᠬᠤᠪᠴᠠᠰᠤ ᠤᠶᠤᠭᠠᠳ ᠶᠠᠭᠠᠷᠠᠨᠠ᠃ ᠡᠬᠡᠴᠢ ᠲᠡᠬᠦᠦ ᠪᠢᠳᠡ ᠲᠠᠪᠤᠭᠤᠯᠠ ᠡᠡᠭᠤᠨ ᠦᠶᠠᠳᠡᠭᠡᠨ ᠦᠬᠡᠯᠡᠢ ᠨᠢ ᠡᠮᠦᠰᠦᠬᠡᠳ ᠪᠠᠭᠠᠳᠠᠪᠠᠯ ᠪᠢᠴᠢᠬᠠᠨ ᠨᠢ ᠡᠮᠦᠰᠳᠡᠭ ᠪᠤᠯᠪᠠᠴᠤ᠌᠂ ᠵᠢᠯ ᠴᠠᠭᠠᠨ ᠰᠠᠷᠠ ᠪᠤᠯᠬᠤᠳᠤ ᠡᠵᠢ ᠵᠠᠪᠠᠯ ᠪᠢᠳᠡᠨᠳᠤ ᠰᠢᠨᠡ ᠬᠠᠨᠳᠠᠭᠠᠰᠤ ᠦᠮᠦᠳᠦ ᠱᠠᠬᠠᠢ ᠭᠤᠳᠤᠯ ᠤᠶᠤᠵᠤ ᠦᠭ᠌ᠳᠡᠭ ᠪᠠᠢᠯᠠ᠃ ᠲᠡᠬᠡᠬᠡᠳ ᠪᠤᠳᠠᠭᠠ ᠲᠡᠬᠡᠷᠮᠡᠳᠡᠬᠦ᠂ ᠬᠡᠷ ᠲᠡᠷᠬᠡ ᠴᠡᠪᠡᠷᠯᠡᠵᠤ ᠬᠤᠬ ᠲᠤᠭᠤᠰᠤ ᠬᠦᠪᠢᠬᠦ᠌ ᠬᠡᠬᠦ᠌ ᠮᠡᠳᠦ ᠵᠢᠨ ᠪᠠᠢᠭᠰᠠᠨ ᠠᠵᠢᠯᠤᠨ ᠲᠠᠯᠢᠮᠳ᠋ᠠᠭᠠᠨ ᠡᠵᠢ ᠰᠦᠨᠢ ᠵᠢᠨ ᠲᠤᠰᠤᠨ ᠳ᠋ᠸᠡᠭᠤᠨ ᠲᠤᠤᠷᠠ ᠰᠠᠭᠤᠵᠤ ᠤᠶᠤᠳᠠᠯ ᠤᠶᠤᠬᠤᠳᠤ ᠪᠢᠳᠡ ᠲᠠᠪᠤᠭᠤᠯᠠ ᠬᠦᠨᠵᠢᠯᠡ ᠲᠤᠳᠤᠷᠠ ᠡᠴᠡ ᠲᠤᠯᠤᠭᠠᠢ ᠪᠠᠨ ᠪᠤᠯᠳᠠᠢᠯᠭᠠᠨ ᠮᠢᠨᠦ᠍ ᠶᠠᠮᠠᠷ ᠬᠤᠸᠡᠷ ᠳᠠᠢ᠂ ᠴᠢᠨᠦ᠍ ᠶᠠᠮᠠᠷ ᠦᠡᠭ᠌ᠭᠡ ᠳᠠᠢ ᠬᠡᠵᠤ ᠪᠤᠯᠢᠶᠠᠯᠳᠤᠭᠠᠨ ᠪᠤᠯᠵᠠᠭᠠᠨᠠ᠃《ᠮᠢᠨᠦ᠍ ᠬᠡᠦᠬᠡᠳᠤᠨ ᠬᠤᠪᠴᠠᠰᠤ ᠪᠦᠷ ᠰᠠᠢᠬᠠᠨ ᠰᠢᠦ᠂ ᠡᠮᠦᠰᠦᠬᠡᠳ ᠭᠠᠷᠪᠠᠯ ᠠᠢᠯᠤᠨ ᠬᠦᠮᠦᠰ ᠮᠠᠭᠳᠠᠬᠤ ᠦᠬᠡᠢᠤᠤ᠂ ᠦᠵᠡᠵᠤ ᠪᠠᠢ》 ᠬᠡᠵᠤ ᠡᠵᠢ ᠪᠢᠲᠡᠨ ᠢ ᠪᠠᠨ ᠠᠷᠭᠠᠳᠠᠳᠠᠭ᠃ ᠪᠢᠳᠡ ᠬᠤᠪᠢ ᠬᠤᠪᠢᠨᠤ ᠬᠤᠪᠴᠠᠰᠤ ᠱᠠᠬᠠᠢ ᠪᠠᠨ ᠡᠮᠡᠬᠡ ᠵᠢᠨ ᠪᠤᠰᠤᠭᠠ ᠬᠤᠷᠭᠤᠳᠤ ᠡᠪᠳᠡᠢ ᠡᠪᠬᠡᠵᠤ ᠬᠤᠷᠢᠶᠠᠭᠠᠳ ᠬᠡᠵᠢᠶᠠ ᠴᠤ᠌ ᠰᠢᠨᠡᠯᠡᠬᠦ ᠪᠢᠯᠡᠳᠡ᠂ ᠰᠢᠨᠡ ᠬᠤᠪᠴᠠᠰᠤ ᠪᠠᠨ ᠡᠮᠦᠰᠦᠨᠠ ᠰᠢᠦ ᠬᠡᠵᠤ ᠶᠠᠭᠠᠷᠠᠬᠤᠳᠤ ᠡᠨᠡ ᠰᠢᠨᠡ ᠵᠢᠯ ᠴᠠᠭᠠᠨ ᠰᠠᠷᠠ ᠨᠢ ᠴᠠᠭᠠᠨᠠ ᠪᠠᠨ ᠨᠢᠬᠡᠯᠡ ᠰᠢᠪᠠᠷᠳᠠᠴᠢᠬᠠᠬ᠍ᠰᠠᠨ ᠶᠤᠮᠰᠢᠭ ᠬᠦᠷᠦᠬᠡᠳ ᠢᠷᠡᠬᠦ᠌ ᠦᠬᠡᠢ ᠨᠢ ᠬᠡᠴᠡᠬᠦᠦ ᠶᠤᠮ᠃
ᠰᠢᠨᠡᠯᠡᠬᠦ ᠬᠡᠭ᠌ᠴᠢ ᠵᠢᠨ ᠰᠠᠢᠬᠠᠨᠨᠢ ᠰᠢᠨᠡ ᠬᠤᠪᠴᠠᠰᠤ ᠡᠮᠦᠰᠴᠤ᠌ ᠠᠮᠳᠠᠳᠠᠨᠢ ᠢᠳᠡᠬᠦ᠌ ᠵᠢᠨ ᠲᠦᠯᠦᠬᠡ ᠯᠡ ᠪᠤᠰᠤ᠃ ᠲᠡᠷᠡ ᠦᠶᠡᠰ ᠠᠢᠯ ᠤᠯᠠᠨ ᠵᠢᠡᠷ ᠵᠢᠡᠨ ᠴᠤᠬ᠍ᠯᠠᠷᠠᠨ ᠠᠮᠤᠷ ᠮᠡᠨᠳᠤ ᠪᠠᠨ ᠡᠷᠢᠯᠴᠡᠨ᠂ ᠨᠢᠬᠡᠨ ᠨᠢᠬᠡᠨᠤ ᠳ᠋ᠡᠭᠡᠨ ᠠᠢᠯᠴᠢᠯᠠᠨ ᠴᠠᠢ ᠤᠤᠭᠤᠵᠤ ᠪᠤᠳᠠᠭᠠ ᠢᠳᠡᠳᠡᠭ᠃ ᠮᠢᠨᠦ᠍ ᠡᠪᠦᠬᠡ ᠡᠮᠡᠬᠡ ᠠᠢᠯ ᠠᠢᠮᠠᠭ ᠲᠠᠭᠠᠨ ᠨᠠᠰᠤ ᠪᠡᠷ ᠬᠠᠮᠤᠭ ᠦᠨᠳᠤᠷ ᠪᠤᠯᠬᠤᠷ ᠰᠢᠨᠡ ᠵᠢᠨ ᠨᠢᠬᠡᠨᠤ ᠲᠦᠷᠦᠬᠦᠦ ᠲᠠᠬᠢᠶᠠᠨ ᠲᠠᠭᠤᠨ ᠵᠢᠡᠷ ᠪᠢᠳᠡ ᠬᠡᠳᠦᠬᠦᠯᠡ ᠶᠠᠭᠠᠷᠠᠨ ᠪᠤᠰᠴᠠᠭᠠᠵᠤ᠂ ᠡᠪᠦᠬᠡ ᠡᠮᠡᠬᠡ ᠪᠠᠨ ᠰᠢᠷᠡᠭᠡᠨ ᠲᠡᠬᠡᠳᠡᠢ ᠵᠠᠯᠠᠵᠤ ᠰᠠᠭᠤᠯᠭᠠᠨ ᠠᠷᠢᠬᠢ ᠬᠡᠮᠨᠡᠨ ᠭᠠᠵᠠᠷᠲᠦ ᠰᠦᠬᠦᠳᠦᠨ ᠮᠦᠷᠬᠦᠬᠡᠳ ᠲᠦᠡᠭ᠌ᠬᠡᠵᠢ ᠪᠤᠰᠳᠠᠯᠠ ᠵᠡᠬᠦᠨ ᠪᠠᠷᠠᠭᠤᠨ ᠬᠡᠷᠤᠨ ᠬᠢᠨ ᠠᠢᠯᠴᠢᠯᠠᠬᠤ ᠪᠡᠷ ᠢᠷᠡᠵᠡᠬᠡᠵᠤ᠂ ᠡᠪᠦᠬᠡ ᠡᠮᠡᠬᠡᠳᠤ ᠠᠷᠢᠬᠢ ᠨᠡᠷᠡᠵᠤ《ᠰᠠᠢᠨᠠᠤ᠂ ᠰᠠᠢᠨᠠᠤ》ᠬᠡᠵᠤ ᠡᠪᠦᠳᠦᠭ ᠨᠤᠭᠤᠯᠤᠨ ᠰᠦᠬᠦᠳᠬᠦ᠌ᠳᠤ ᠡᠬᠡᠨᠡᠷ ᠬᠡᠦᠬᠡᠳ ᠨᠢ ᠴᠤ᠌ ᠲᠠᠭᠠᠯᠳᠤᠨ ᠬᠤᠶᠠᠷ ᠵᠠᠡᠭ ᠬᠡᠷᠤᠨ ᠬᠦᠰᠡᠷ ᠲᠦᠬᠦᠷᠡᠡᠭ ᠰᠦᠬᠦᠳᠴᠡᠭᠡᠨ᠂ ᠭᠠᠳᠠᠭᠠ ᠲᠠᠰᠤᠯᠭᠠᠨᠤ ᠡᠬᠦᠳᠡ ᠭᠠᠷᠳᠠᠯᠠ ᠦᠷᠬᠦᠯᠵᠢᠯᠡᠳᠡᠭ ᠪᠠᠢᠯᠠ᠃ ᠦᠨᠳᠤᠷ ᠨᠠᠰᠤᠳᠠᠨ ᠡᠴᠡ ᠢᠷᠦᠬᠡᠯ ᠠᠪᠬᠤ ᠨᠢ ᠦᠬᠡᠳᠡ ᠡᠰᠡᠷᠡᠭᠤᠨ ᠪᠡᠯᠬᠡᠳᠡᠯ ᠬᠡᠵᠤ ᠤᠷᠢᠳ ᠵᠢᠨᠷ ᠢᠷᠡᠭ᠌ᠰᠡᠨᠢ ᠨᠢ ᠦᠳᠡᠵᠤ ᠠᠮᠵᠢᠬᠤ ᠡᠴᠡ ᠡᠮᠦᠨᠠ ᠤᠷᠢᠳᠤ ᠬᠤᠢᠳᠤ ᠠᠢᠯᠤᠨ ᠬᠡᠢᠴᠢᠨ ᠴᠤ᠌ ᠵᠠᠯᠭᠠᠭᠠ ᠪᠠᠷ ᠴᠤᠪᠤᠷᠠᠨ ᠡᠪᠦᠬᠡ ᠡᠮᠡᠬᠡ ᠬᠤᠶᠠᠭᠤᠯᠠ ᠦᠳᠡ ᠬᠠᠵᠠᠢᠳᠠᠯᠠ ᠬᠤᠯᠠ ᠤᠢᠷᠠᠶᠢᠨ ᠬᠡᠢᠴᠢᠨ ᠵᠤᠴᠢᠨᠳᠤ ᠢᠷᠦᠬᠡᠯ ᠬᠠᠢᠷᠠᠯᠠᠭᠠᠳ ᠲᠠᠭᠠᠷᠠᠴᠢᠬᠠᠳᠠᠬ᠃ ᠡᠵᠢ ᠢᠷᠡᠭ᠌ᠰᠡᠨ ᠬᠡᠢᠴᠢᠨᠳᠤ ᠴᠠᠢ ᠤᠰᠤ ᠠᠶᠠᠭᠠᠯᠠᠬᠤ ᠵᠠᠭᠤᠷᠠ ᠮᠠᠨᠤ ᠬᠡᠳᠦᠬᠦᠯᠡ ᠠᠪᠤ ᠵᠢ ᠲᠠᠭᠠᠵᠤ ᠵᠡᠬᠦᠨ ᠬᠡᠷᠤᠨ ᠬᠤᠶᠠᠳᠤᠭᠠᠷ ᠡᠪᠦᠬᠡ ᠡᠮᠡᠬᠡᠳᠤ ᠵᠤᠯᠭᠠᠬᠤ ᠪᠡᠷ ᠤᠷᠤᠵᠤ《ᠰᠠᠢᠨᠠᠤ》 ᠬᠡᠵᠤ ᠡᠪᠦᠳᠦᠭ ᠨᠤᠭᠤᠯᠤᠨ ᠠᠮᠤᠷ ᠠᠰᠠᠭᠤᠵᠤ ᠰᠢᠨᠡ ᠵᠢᠨ ᠢᠷᠦᠬᠡᠯᠢ ᠨᠢ ᠬᠦᠷᠳᠡᠨ᠂ ᠰᠢᠷᠠ ᠲᠤᠰᠤ᠂ ᠬᠠᠭᠤᠷᠠᠢ ᠪᠤᠳᠠᠭᠠ᠂ ᠬᠤᠷᠤᠳᠢ ᠨᠢ ᠢᠳᠡᠵᠤ᠂ ᠲᠠᠷᠠᠭᠠᠴᠢ ᠵᠢᠨ ᠬᠡᠷ ᠲᠦ ᠲᠠᠬᠢᠭᠠᠳ ᠲᠠᠪᠤᠭᠤᠯᠠ ᠵᠠᠬᠠ ᠲᠠᠷᠠᠭᠠᠯᠠᠨ ᠰᠢᠨᠡ ᠵᠢᠨ ᠵᠤᠯᠭᠠᠯᠳᠠ ᠬᠢᠵᠤ ᠤᠷᠤᠬ᠍ᠰᠠᠨ ᠬᠡᠷ ᠪᠤᠯᠭᠠᠨᠳᠤ ᠬᠠᠭᠤᠷᠠᠢ ᠪᠤᠳᠠᠭᠠ᠂ ᠬᠤᠷᠤᠳ ᠡᠨᠡ ᠲᠡᠷᠡ ᠬᠡᠵᠤ ᠢᠳᠡᠭ᠌ᠰᠡᠬᠡᠷ ᠪᠠᠢᠭᠠᠳ ᠠᠷᠪᠠᠭᠠᠳ ᠬᠡᠷᠲᠦ ᠠᠢᠯᠴᠢᠯᠠᠭᠠᠳ ᠪᠠᠷᠠᠳᠠᠯᠠ ᠬᠤᠳᠤᠭᠤᠳᠤ ᠬᠡᠳᠡᠰᠦ ᠪᠠᠨ ᠵᠡᠬᠡᠳᠡᠯᠠ ᠠᠬ᠍ᠰᠠᠠᠢ᠍ᠯᠭᠠᠵᠤ ᠠᠪᠤᠭᠠᠳ ᠠᠬᠢᠭᠠᠳ ᠬᠡᠳᠦᠨ ᠡᠳᠦᠷ ᠬᠠᠭᠤᠷᠠᠢ ᠪᠤᠳᠠᠭᠠ ᠵᠢ ᠪᠤᠳᠤᠬᠤ ᠡᠴᠡ ᠵᠤᠷᠢᠬ ᠠᠯᠳᠠᠷᠠᠳᠠᠬ ᠰᠠᠨ᠃
ᠡᠳᠦᠷ ᠬᠤᠨᠤᠬ ᠬᠡᠵᠤ ᠬᠦᠰᠡᠵᠤ ᠪᠠᠷᠠᠯᠠᠬᠤᠳᠤ ᠤᠳᠠᠭᠠᠨ ᠪᠠᠢᠳᠠᠯᠠ ᠬᠦᠷᠦᠬᠡᠳ ᠢᠷᠡᠪᠡᠯ ᠬᠤᠷᠳᠤᠨ ᠨᠢ ᠠᠷᠭᠠ ᠦᠬᠡᠢ ᠶᠤᠮᠳᠠᠬ᠃ ᠪᠤᠯᠳᠠᠬ ᠰᠠᠨ ᠪᠤᠯ ᠪᠢᠳᠡᠬᠦᠨ ᠰᠢᠨᠡ ᠵᠢᠨ ᠨᠢᠬᠡᠨᠤ ᠨᠠᠷᠠ ᠵᠢ ᠲᠤᠯᠵᠤ ᠲᠠᠯᠪᠢᠭᠠᠳ ᠡᠢᠮᠦ ᠰᠠᠢᠬᠠᠨ ᠡᠳᠦᠷᠢ ᠢᠯᠡᠬᠦᠦ ᠵᠢᠭᠠᠬᠠᠨ ᠤᠷᠳᠤᠳᠭᠠᠬᠤ ᠰᠠᠨᠠᠭᠠ ᠴᠤ᠌ ᠤᠷᠤᠳᠠᠬ ᠪᠢᠯᠡ᠃ ᠲᠡᠷᠡ ᠦᠶᠡᠰ ᠬᠡᠨᠤ ᠬᠡᠵᠢᠬᠡᠨᠳᠡᠭᠡᠨ ᠶᠠᠮᠠᠷ ᠦᠡᠭ᠌ᠭᠡ ᠵᠢᠨ ᠤᠷᠢᠶᠠᠯᠳᠠ ᠵᠡᠬᠦᠭ᠌ᠰᠡᠨ᠂ ᠬᠡᠨᠤ ᠬᠡᠷᠤᠨ ᠬᠠᠨᠠᠳᠠᠭᠠᠨ ᠶᠠᠮᠠᠷ ᠵᠢᠷᠤᠬ ᠳᠠᠢ ᠴᠠᠭᠠᠰᠤᠨ ᠬᠤᠸᠠᠷ ᠨᠠᠭᠠᠬ᠍ᠰᠠᠨ᠂ ᠬᠡᠨ ᠨᠢ ᠶᠠᠮᠠᠷ ᠬᠤᠪᠴᠠᠰᠤ ᠡᠮᠦᠰᠦᠭ᠌ᠰᠡᠨ᠂ ᠬᠡᠨᠤ ᠱᠠᠬᠠᠢ ᠨᠢ ᠨᠡᠡᠭ ᠵᠤᠬᠢᠷᠠᠬ᠍ᠰᠠᠨ᠂ ᠬᠡᠨᠤ ᠬᠡᠷ ᠲᠤᠨᠢ ᠶᠠᠮᠠᠷ ᠵᠤᠴᠢᠨ ᠢᠷᠡᠭ᠌ᠰᠡᠨ ᠬᠡᠬᠦ᠌ ᠮᠡᠳᠦ ᠪᠡᠷ ᠬᠡᠦᠬᠡᠨᠴᠤᠤᠯ ᠬᠦᠦᠴᠤᠤᠯ ᠬᠡᠳᠦᠨ ᠪᠦᠯᠦᠭ ᠪᠤᠯᠵᠤ ᠱᠤᠤᠬᠢᠯᠳᠤᠵᠠᠭᠠᠬᠤᠪᠦᠬᠡᠳ ᠮᠠᠨᠤ ᠡᠬᠡᠴᠢ ᠲᠡᠬᠦᠦ ᠬᠡᠳᠦᠬᠦᠯᠡ ᠵᠢᠨ ᠡᠮᠦᠰᠭᠡᠯ ᠵᠠᠬᠦᠰᠭᠡᠯ ᠪᠠᠷᠤᠬ ᠤᠳᠠᠭᠠ ᠪᠤᠯᠭᠠᠨ ᠦᠶᠠ ᠬᠤᠷᠠᠬ᠍ᠴᠤᠤᠯᠤᠨ ᠵᠢᠠᠨ ᠦᠨᠳᠤᠷ ᠦᠨᠡᠯᠡᠯᠳᠡ ᠵᠢ ᠤᠯᠳᠠᠬ ᠪᠠᠢᠵᠠᠢ᠃ ᠤᠴᠢᠷ ᠨᠢ ᠮᠢᠨᠦ᠍ ᠡᠮᠡᠬᠡ ᠪᠤᠯᠤᠨ ᠡᠵᠢ ᠪᠦᠷ ᠠᠢᠯᠳᠠᠭᠠᠨ ᠨᠡᠷᠡᠳᠡᠢ ᠤᠷᠠᠨ ᠤᠶᠤᠳᠠᠯᠴᠢᠨ ᠶᠤᠮ ᠴᠢᠨᠢ᠃ ᠪᠢᠳᠡ ᠪᠠᠰᠠ ᠦᠶᠠ ᠬᠤᠷᠠᠬ᠍ᠴᠤᠤᠯ ᠴᠤᠬ᠍ᠯᠠᠨ ᠫᠤᠤᠵᠢᠡᠭ ᠲᠠᠯᠪᠢᠬᠤ᠂ ᠬᠦᠵᠦᠷ ᠲᠤᠬ᠍ᠯᠠᠬᠤ᠂ ᠮᠦᠰᠦᠨᠳᠤ ᠭᠤᠯᠭᠤᠬᠤ᠂ ᠡᠯᠢᠶᠠ ᠲᠠᠬᠢᠶᠠ ᠬᠦᠬᠡᠬᠡᠯᠴᠡᠬᠦ᠂ ᠨᠢᠭᠤᠯᠴᠠᠭᠠ ᠨᠠᠭᠠᠳᠭᠤ ᠬᠡᠵᠤ ᠡᠳᠦᠷᠤᠨ ᠵᠤᠷᠢᠬ ᠵᠢᠡᠷ ᠬᠡᠷᠤᠨ ᠪᠠᠷᠠ ᠦᠵᠡᠳᠡᠭ ᠦᠬᠡᠢ ᠪᠦᠬᠡᠳ ᠤᠷᠤᠢ ᠪᠤᠯᠬᠤᠳᠤ ᠠᠢᠯᠤᠨ ᠠᠪᠤ᠂ ᠠᠪᠠᠭᠠ ᠨᠠᠷᠤᠨ ᠬᠦᠵᠦᠷ ᠨᠠᠭᠠᠳᠭᠤ ᠵᠢ ᠬᠠᠵᠠᠭᠤ ᠳ᠋ᠤᠨᠢ ᠦᠵᠡᠵᠤ ᠰᠠᠭᠤᠬ᠍ᠰᠠᠭᠠᠷ ᠪᠠᠢᠵᠦ ᠬᠡᠵᠢᠶᠠ ᠨᠤᠢᠷ ᠬᠦᠷᠦᠬᠡᠳ ᠲᠡᠰᠭᠦ᠌ ᠠᠯᠳᠠᠷᠠᠬᠤᠳᠠᠭᠠᠨ ᠤᠡᠭ᠌ᠬᠤᠯᠢᠵᠤ ᠤᠨᠠᠬ᠍ᠰᠠᠨ ᠤᠷᠤᠨᠳᠠᠭᠠᠨ ᠮᠠᠡᠭ᠌ᠰᠢᠭᠤᠷᠠᠨ ᠤᠨᠳᠠᠭᠠᠳ ᠮᠠᠷᠭᠠᠰᠢ ᠵᠢᠨ ᠨᠠᠷᠠᠨᠢ ᠤᠬ᠍ᠳᠤᠳᠠᠬ ᠪᠢᠯᠡ᠃
ᠵᠢᠯᠳᠡᠭᠡᠨ ᠤᠨᠳᠠᠭᠠᠨ ᠲᠤᠷᠠᠯᠠᠭᠠᠳ ᠢᠷᠡᠭ᠌ᠰᠡᠨ ᠠᠮᠳᠠᠳᠤ ᠢᠳᠡᠭᠡᠨᠢ ᠢᠳᠡᠵᠤ᠂ ᠵᠢᠷᠦᠬᠡᠨ ᠭᠤᠤᠯ ᠡᠴᠡ ᠪᠠᠨ ᠬᠢᠮᠠᠭᠠᠳᠠᠨ ᠬᠠᠳᠠᠭᠠᠯᠠᠬ᠍ᠰᠠᠨ ᠰᠢᠨᠡ ᠬᠤᠪᠴᠠᠰᠤ ᠪᠠᠨ ᠡᠮᠦᠰᠦᠨ᠂ ᠤᠷᠤᠬ᠍ᠰᠠᠨ ᠬᠡᠷ ᠪᠤᠯᠭᠠᠨ ᠡᠴᠡ ᠬᠡᠳᠦᠨ ᠬᠡᠰᠡᠭ ᠰᠢᠬᠢᠷ᠂ ᠬᠤᠶᠠᠷ ᠠᠳᠭᠤ ᠬᠠᠭᠤᠷᠤᠬ᠍ᠰᠠᠨ ᠨᠠᠷᠠᠨ ᠬᠤᠸᠠᠷᠤᠨ ᠦᠷᠠ ᠪᠤᠶᠤ ᠯᠤᠬᠠᠱᠸᠡᠭ ᠡᠨᠡ ᠲᠡᠷᠡ ᠤᠯᠤᠭᠠᠳ ᠢᠳᠡᠴᠢᠬᠡᠬᠦ᠌ ᠪᠡᠷ ᠡᠨᠡ 《ᠶᠢᠷᠳᠢᠨᠴᠤ᠌ ᠵᠢᠨ ᠵᠢᠷᠭᠠᠯ》 ᠬᠡᠭ᠌ᠴᠢ ᠨᠢ ᠪᠤᠳᠠ ᠪᠠᠶᠠ ᠪᠠᠷ ᠵᠢᠡᠨ ᠮᠢᠨᠦᠬᠢ ᠪᠤᠯᠵᠤ᠂ ᠬᠤᠶᠠᠷ ᠭᠤᠷᠪᠠᠨ ᠡᠳᠦᠷ ᠴᠢᠨᠢ ᠬᠤᠷᠤᠭᠤ ᠢᠨᠴᠢᠳᠬᠦ᠌ ᠵᠢᠨ ᠬᠤᠭᠤᠷᠤᠨᠳᠤ ᠦᠡᠭ᠌ᠭᠡᠷᠡᠬᠡᠳ ᠦᠭ᠌ᠬᠦ᠌ ᠨᠢ ᠲᠡᠷᠡ᠃ ᠮᠠᠨᠠᠢᠬᠢᠨᠤ ᠳ᠋ᠤ ᠰᠢᠨᠡ ᠵᠢᠨ ᠲᠦᠷᠪᠡᠨ ᠡᠴᠡ ᠡᠬᠢᠯᠡᠨ ᠬᠤᠯᠠ ᠵᠢᠨ ᠵᠤᠴᠢᠨ ᠡᠯᠵᠢᠬᠡᠨ ᠲᠡᠷᠬᠡ ᠪᠤᠶᠤ ᠤᠨᠤᠭᠠ ᠬᠦᠯᠦᠭ ᠳᠠᠢ ᠬᠤᠨᠤᠭᠤᠳᠠ ᠦᠨᠵᠢᠬᠦᠳᠡ ᠪᠠᠷ ᠢᠷᠡᠵᠡᠬᠡᠳᠡᠭ᠃ ᠡᠵᠢ ᠬᠡᠷ ᠲᠦ ᠵᠤᠴᠢᠨᠳᠤ ᠪᠤᠳᠠᠭᠠ ᠵᠠᠭᠤᠰᠢ ᠪᠡᠯᠡᠳᠦᠬᠡᠳ ᠶᠠᠭᠠᠷᠠᠬᠤᠳᠤ ᠪᠢᠳᠡ ᠴᠤ᠌ ᠡᠯᠵᠢᠬᠡ ᠮᠤᠷᠢ ᠵᠢ ᠨᠢ ᠡᠪᠡᠰᠦᠯᠡᠨᠠ ᠤᠰᠤᠯᠠᠨᠠ ᠬᠡᠵᠤ ᠭᠠᠳᠠᠭᠠ ᠲᠡᠪᠵᠢᠶᠡᠷᠡᠨ ᠭᠠᠷ ᠬᠦᠯ ᠪᠡᠬᠡᠷᠡᠵᠤ ᠪᠠᠢᠪᠠᠴᠦ ᠪᠠᠶᠠᠷ ᠳᠠᠢ ᠨᠢ ᠠᠷᠭᠠ ᠦᠬᠡᠢ ᠬᠦᠶᠦᠯᠳᠦᠨᠠ᠃ ᠪᠢᠳᠡ ᠶᠡᠷᠦᠳᠡᠭᠡᠨ ᠰᠢᠨᠡ ᠵᠢᠨ ᠬᠡᠳᠦᠨᠳᠤ ᠵᠤᠴᠢᠨ ᠲᠠᠢᠯᠠᠵᠦ᠂ ᠠᠷᠪᠠᠳ ᠪᠤᠯᠵᠤ ᠵᠤᠴᠢᠨ ᠬᠡᠢᠴᠢᠨ ᠴᠦᠬᠡᠷᠡᠭ᠌ᠰᠡᠨᠤ ᠲᠠᠷᠠᠭᠠ ᠰᠠᠶᠢ ᠠᠪᠤ ᠡᠵᠢ ᠪᠢᠳᠡ ᠡᠬᠡᠴᠢ ᠲᠡᠬᠦᠦ ᠲᠠᠪᠤᠭᠤᠯᠠ ᠵᠢ ᠬᠤᠶᠠᠷ ᠵᠠᠮ ᠬᠤᠪᠢᠶᠠᠨ᠂ ᠦᠬᠡᠳᠡᠰᠦ ᠪᠡᠷ ᠵᠦᠢᠵᠤ ᠤᠶᠤᠬ᠍ᠰᠠᠨ ᠪᠦᠰ ᠪᠤᠬ᠍ᠴᠤᠨᠳ᠋ᠠᠭᠠᠨ ᠯᠤᠡᠭ᠌ᠬᠤ ᠳᠠᠢ ᠰᠤᠯᠠ ᠠᠷᠢᠬᠢ᠂ ᠠᠷᠵᠠᠭᠠᠷ ᠴᠠᠭᠠᠰᠤᠨ ᠪᠠᠬ᠍ᠯᠠᠭᠠ ᠳᠠᠢ ᠲᠦᠷᠪᠡᠯᠵᠢᠨ ᠪᠤᠤᠪᠤ ᠰᠠᠪᠠᠯᠠᠵᠤ ᠲᠡᠬᠦᠵᠢᠯᠡᠬᠦᠯᠦᠨ ᠶᠠᠡᠭ᠌ᠰᠢᠪᠤᠨ ᠠᠢᠯᠤᠨ ᠮᠦᠳᠡᠨ ᠡᠮᠡᠬᠡ ᠵᠢᠨᠳᠤ ᠶᠠᠪᠤᠭᠤᠯᠬᠤ ᠪᠤᠶᠤ ᠳ᠋ᠦᠡᠭ᠌ᠰᠢᠭᠤᠷ ᠪᠠᠷᠢᠭᠠᠳᠠ ᠵᠢᠨ ᠦᠷᠦᠮᠠ ᠨᠠᠭᠠᠴᠤ᠌ ᠠᠪᠤ ᠵᠢᠨᠳᠤ ᠠᠢᠯᠴᠢᠯᠠᠭᠤᠯᠬᠤ ᠳ᠋ᠤᠨᠢ ᠭᠤᠴᠢᠨ ᠭᠠᠵᠠᠷᠤᠨ ᠵᠠᠮᠢ ᠬᠦᠶᠦᠬᠡ ᠪᠠᠷ ᠶᠠᠪᠤᠬᠤᠳᠠᠭᠠᠨ ᠪᠢᠳᠡ ᠰᠤᠷᠤᠬ᠍ᠰᠠᠨ ᠮᠡᠳᠡᠭ᠌ᠰᠡᠨ ᠬᠡᠳᠦᠨ ᠲᠠᠭᠤᠤ ᠪᠠᠨ ᠰᠤᠯᠤᠭᠠᠢ ᠬᠠᠵᠠᠭᠠᠢ ᠠᠶᠠᠯᠠᠭᠤᠯᠵᠦ᠂ ᠬᠦᠷ ᠬᠦᠭ᠌ᠵᠢᠶᠡᠨ ᠳᠠᠢ ᠴᠠᠭᠠᠨ ᠰᠠᠷᠠ ᠵᠢᠨ ᠪᠠᠶᠠᠷ ᠵᠢᠡᠨ ᠬᠦᠳᠡᠬᠡ ᠬᠡᠬᠡᠷᠠ ᠵᠢᠨ ᠬᠦᠷᠦᠰᠦ ᠰᠢᠷᠤᠢ᠂ ᠬᠦᠳᠦᠯ ᠲᠤᠪᠤᠴᠠᠬ᠂ ᠬᠦᠨᠳᠡᠢ ᠵᠢᠯᠠᠭᠠ ᠳᠠᠢ ᠪᠠᠨ ᠬᠤᠪᠢᠶᠠᠯᠴᠠᠳᠠᠬ ᠪᠠᠢᠭᠰᠠᠨ᠃ ᠵᠠ ᠢᠡᠭ᠌ᠬᠢᠵᠤ ᠬᠦᠰᠡᠵᠤ ᠬᠦᠯᠢᠶᠡᠵᠤ ᠪᠠᠢᠭᠰᠠᠨ ᠰᠢᠨᠡ ᠵᠢᠯ ᠴᠠᠭᠠᠨ ᠰᠠᠷᠠ ᠵᠢᠨ ᠠᠷᠪᠠᠨ ᠲᠠᠪᠤᠨ ᠬᠦᠷᠦᠬᠡᠳ ᠦᠨᠳᠤᠷᠯᠡᠬᠦ᠌ ᠲᠦᠬᠦᠬᠦ᠌ᠳᠤ ᠶᠠᠮᠠᠷ ᠶᠠᠭᠤᠮᠠ ᠪᠠᠨ ᠬᠡᠬᠡᠴᠢᠬᠡᠭ᠌ᠰᠡᠨ ᠰᠢᠭ ᠲᠤᠳᠤᠷᠠ ᠨᠢᠬᠡᠯᠡ ᠬᠤᠭᠤᠰᠤᠷᠠᠵᠤ ᠤᠴᠢᠬᠤ ᠪᠤᠯᠪᠠᠴᠤ᠌᠂ ᠤᠳᠠᠯ ᠦᠬᠡᠢ ᠰᠤᠷᠭᠠᠭᠤᠯᠢ ᠡᠬᠢᠯᠡᠬᠦ᠌ ᠵᠢᠴᠢ ᠠᠢᠯ ᠠᠢᠮᠠᠭᠤᠨ ᠬᠢᠨ ᠬᠠᠪᠤᠷᠤᠨ ᠲᠠᠷᠢᠶᠠᠯᠠᠭᠠ ᠵᠢᠨ ᠪᠡᠯᠡᠳᠭᠡᠯ ᠠᠵᠢᠯ ᠵᠢᠠᠨ ᠭᠠᠷᠳᠠᠳᠠᠬ ᠪᠤᠯᠬᠤᠷ ᠠᠮᠢᠳᠤᠷᠠᠯ ᠰᠤᠷᠤᠯᠭᠠ ᠮᠦᠨ ᠯᠡ ᠤᠤᠯ ᠬᠡᠪ ᠲᠡᠬᠡᠨ ᠤᠷᠤᠬᠤ ᠪᠡᠷ ᠪᠡᠯᠡᠬᠡᠨ ᠪᠤᠯᠵᠤ᠂ ᠠᠯᠢ ᠪᠦᠬᠦᠢ ᠬᠦᠰᠡᠯ ᠬᠦᠯᠢᠶᠡᠯᠳᠡ ᠪᠠᠨ ᠲᠠᠷᠠᠭᠠᠴᠢ ᠵᠢᠨ ᠴᠠᠭᠠᠨ ᠰᠠᠷᠠᠳᠠᠭᠠᠨ ᠨᠠᠢᠳᠠᠳᠠᠭ ᠪᠢᠯᠡ᠃
ᠨᠢᠬᠡ ᠨᠢᠬᠡ ᠴᠠᠭᠠᠨ ᠰᠠᠷᠠ ᠢᠡᠭ᠌ᠬᠢᠵᠤ ᠬᠦᠰᠡᠯ ᠬᠦᠯᠢᠶᠡᠯᠳᠡ ᠪᠠ ᠪᠠᠶᠠᠷ ᠲᠤᠬ᠍ᠳᠤᠯᠤᠯᠤᠨ ᠲᠤᠮᠳᠠ ᠢᠷᠡᠵᠤ ᠪᠤᠴᠠᠬᠤᠳᠤ ᠤᠨ ᠰᠠᠷᠠ ᠤᠷᠴᠢᠵᠤ ᠨᠠᠰᠤ ᠵᠢᠯᠴᠤ᠌ ᠨᠡᠮᠡᠭ᠌ᠳᠡᠬᠡᠳ ᠤᠳᠤ ᠨᠡᠡᠭ ᠴᠤ᠌ ᠡᠳᠦᠷ ᠪᠤᠯᠭᠠᠨ ᠰᠢᠨᠡᠯᠡᠵᠦ ᠴᠠᠭᠠᠯᠠᠵᠤ᠂ ᠪᠤᠳᠤᠵᠤ ᠰᠡᠳᠭᠢᠭ᠌ᠰᠡᠨ ᠡᠴᠡ ᠪᠠᠷᠠ ᠦᠬᠡᠢ ᠲᠡᠬᠡᠬᠦᠷ ᠠᠮᠢᠳᠤᠷᠠᠯᠢ ᠡᠳ᠋ᠯᠡᠬᠦ᠌ ᠪᠤᠯᠤᠬ᠍ᠰᠠᠨ ᠵᠢᠡᠷ ᠬᠦᠮᠦᠰᠤᠨ ᠰᠢᠨᠡᠯᠡᠬᠦ ᠲᠤᠬᠠᠢ ᠤᠢᠯᠠᠭᠠᠯᠳᠠ ᠲᠦᠷᠦᠭ᠌ᠳᠡᠯ ᠴᠤ᠌ ᠤᠯᠠᠮ ᠵᠢᠡᠷ ᠨᠢᠮᠬᠡᠷᠡᠵᠤ᠂ ᠨᠡᠡᠭ ᠴᠤ᠌ ᠬᠤᠳᠠ ᠭᠠᠵᠠᠷ ᠡᠬᠦᠳᠡ ᠬᠠᠭᠠᠯᠭᠠ ᠪᠠᠨ ᠲᠠᠬ ᠲᠦᠭ᠌ᠵᠢᠬᠡᠳ ᠤᠷᠤᠵᠤ ᠭᠠᠷᠬᠤ ᠬᠦᠮᠦᠨ ᠴᠤ᠌ ᠴᠦᠬᠡᠷᠡᠪᠡ᠃ ᠴᠠᠬ ᠬᠦᠭ᠌ᠵᠢᠵᠤ ᠨᠡᠢᠭᠡᠮ ᠤᠷᠤᠭᠰᠢᠯᠠᠵᠦ ᠠᠮᠢᠳᠤᠷᠠᠯ ᠰᠠᠢᠵᠢᠷᠠᠨ᠂ ᠠᠯᠠᠭᠠᠨ ᠲᠡᠬᠡᠷᠡᠬᠢ ᠭᠠᠷ ᠤᠳᠠᠰᠤ ᠪᠠᠷ ᠵᠢᠡᠨ ᠠᠯᠢ ᠪᠦᠬᠦᠢ ᠵᠢ ᠪᠡᠶᠡᠯᠡᠬᠦᠯᠬᠦ᠌ ᠪᠤᠯᠤᠬ᠍ᠰᠠᠨ ᠶᠤᠮ ᠴᠢᠨᠢ ᠶᠠᠭᠠᠬᠢᠨᠠᠳᠠ᠃ ᠬᠡᠪᠡᠴᠤ᠌ ᠪᠠᠭᠠ ᠵᠢᠨ ᠦᠶᠠ ᠵᠢᠨ ᠲᠡᠢᠮᠦᠷᠬᠥᠤ ᠴᠠᠭᠠᠨ ᠰᠠᠷᠠ ᠵᠢᠨ ᠡᠶᠡᠯᠰᠡᠭ ᠲᠤᠳᠤᠨᠤ ᠠᠭᠤᠷ ᠠᠮᠢᠰᠭᠤᠯ᠂ ᠡᠯᠢᠬᠡᠨ ᠰᠠᠳᠤᠨᠤ ᠬᠠᠢᠷᠠ᠂ ᠦᠶᠠ ᠵᠢᠨ ᠨᠦᠬᠦᠳᠤᠨ ᠲᠠᠰᠤᠯᠴᠠᠯ᠂ ᠠᠢᠯ ᠤᠯᠠᠨᠤ ᠶᠠᠪᠤᠯᠴᠠᠭᠠ᠂ ᠬᠦᠨ ᠵᠤᠵᠠᠭᠠᠨ ᠪᠦᠬᠡᠳ ᠬᠡᠨ ᠠᠯᠢᠨᠢ ᠴᠤ᠌ ᠨᠦᠯᠦᠬᠡᠯᠡᠵᠤ ᠪᠠᠶᠠᠷᠯᠠᠭᠤᠯᠳᠠᠬ ᠨᠤᠳᠤᠬ ᠤᠰᠤᠨ ᠬᠦᠷᠰᠢ ᠰᠠᠭᠠᠬᠠᠯᠳᠠ ᠵᠢᠨ ᠴᠡᠪᠡᠷ ᠠᠷᠢᠭᠤᠨ ᠨᠠᠢᠷ ᠰᠡᠳᠭᠢᠯᠬᠡ ᠪᠤᠯᠤᠨ ᠤᠯᠠᠮᠵᠢᠯᠠᠯᠳᠤ ᠰᠤᠶᠤᠯᠤᠨ ᠦᠵᠡᠭ᠌ᠳᠡᠯ ᠠᠬᠤᠢ ᠨᠢ ᠤᠭᠤᠷᠠᠬ ᠲᠡᠷᠢᠬᠢᠨᠳᠤ ᠬᠠᠳᠠᠩᠰᠢᠵᠦ᠂ ᠤᠯᠠᠭᠠᠨ ᠴᠢᠰᠦᠨᠳᠤ ᠯᠤᠭᠰᠢᠭᠠᠳ ᠬᠡᠵᠢᠶᠡᠳᠡ ᠵᠢᠨ ᠰᠠᠢᠬᠠᠨ ᠲᠤᠷᠠᠳᠭᠠᠯ ᠪᠤᠯᠵᠤ᠂ ᠪᠤᠯᠳᠠᠬ ᠰᠠᠨ ᠪᠤᠯ ᠪᠠᠭᠠ ᠨᠠᠰᠤᠨᠤ ᠴᠠᠭᠠᠨ ᠰᠠᠷᠠᠳᠠᠭᠠᠨ ᠪᠤᠴᠠᠵᠤ ᠬᠠᠷᠢᠬᠤ ᠶᠤᠮ ᠰᠠᠨ ᠬᠡᠵᠤ ᠨᠠᠳᠠᠳᠤ ᠪᠤᠳᠤᠬ᠍ᠳᠠᠭᠠᠳ ᠯᠠ ᠪᠠᠢᠨᠠ᠃