ᠮᠠᠯ᠎ᠤᠨ ᠠᠷᠠᠰᠤᠨ᠎ᠤ ᠨᠡᠷᠡᠢᠳᠦᠯ
2023-04-24 11:05:45
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

1. ᠨᠡᠬᠡᠢ — ᠦᠰᠦ᠎ᠨᠢ ᠬᠦᠢᠴᠡᠭ᠌ᠰᠡᠨ ᠬᠤᠨᠢ᠎ᠶ᠋ᠢ ᠲᠦᠬᠦᠭᠡᠷᠡᠭᠡᠳ ᠨᠤᠮ᠎ᠤᠨ ᠶᠤᠰᠤ᠎ᠪᠠᠷ ᠦᠪᠴᠢᠵᠦ᠍ ᠠᠪᠤᠭ᠍ᠰᠠᠨ ᠪᠦᠷᠢᠨ ᠪᠦᠲᠦᠨ ᠠᠷᠠᠰᠤ᠃ ᠮᠦᠨ ᠡᠪᠦᠯ᠎ᠤᠨ ᠴᠠᠭ᠎ᠲᠤ ᠡᠰᠡᠪᠡᠯ ᠨᠠᠮᠤᠷ ᠤᠷᠤᠢ᠂ ᠬᠠᠪᠤᠷ ᠡᠷᠲᠡ ᠦᠬᠦᠭ᠌ᠰᠡᠨ ᠮᠠᠯ᠎ᠠᠴᠠ ᠦᠪᠴᠢᠵᠦ᠍ ᠠᠪᠤᠭ᠍ᠰᠠᠨ ᠰᠠᠬᠤᠯᠢᠭ ᠦᠰᠦ᠎ᠲᠠᠢ ᠠᠷᠠᠰᠤ᠃

2. ᠱᠢᠷᠢ — ᠦᠬᠡᠷ᠂ ᠠᠳᠤᠭᠤ᠂ ᠲᠡᠮᠡᠭᠡ᠂ ᠲᠤᠷᠤᠭ ᠬᠦᠷᠦᠭᠡᠰᠦᠨ᠎ᠤ ᠠᠷᠠᠰᠤ᠃

3. ᠲᠤᠷᠠᠰᠭ᠎ᠠ — ᠲᠤᠷᠠᠵᠤ ᠦᠬᠦᠭ᠌ᠰᠡᠨ ᠪᠣᠭ ᠮᠠᠯ᠎ᠤᠨ ᠬᠦᠷᠦᠰᠦ ᠮᠠᠭᠤᠲᠠᠢ ᠬᠡᠪᠡᠷᠡᠭ ᠠᠷᠠᠰᠤ᠃

4. ᠠᠳᠠᠰᠭ᠎ᠠ — ᠡᠪᠡᠳᠴᠢᠨ᠎ᠢᠶᠠᠷ ᠡᠰᠡᠭᠦᠯ᠎ᠡ ᠦᠯᠪᠡᠷᠴᠦ᠍ ᠦᠬᠦᠭ᠌ᠰᠡᠨ ᠮᠠᠯ᠎ᠤᠨ ᠠᠷᠠᠰᠤ ᠱᠢᠷᠢ᠃ ᠠᠳᠠᠰᠭ᠎ᠠ᠎ᠶ᠋ᠢ ᠨᠣᠬᠠᠢ᠎ᠳᠤ ᠳᠡᠪᠢᠰᠭᠦ᠂ ᠠᠷᠭᠠᠯ ᠬᠤᠷᠭᠤᠯ ᠪᠦᠲᠡᠭᠡᠬᠦ᠂ ᠦᠨᠡᠰᠦ ᠬᠤᠭ ᠵᠦᠭᠡᠭᠡᠬᠦ᠌᠎ᠳᠤ ᠬᠡᠷᠡᠭ᠌ᠯᠡᠳᠡᠭ᠃

5. ᠬᠦᠳᠦᠰᠦ — ᠡᠯᠳᠡᠭ᠌ᠰᠡᠨ ᠨᠡᠬᠡᠢ ᠠᠷᠠᠰᠤᠨ᠎ᠤ ᠬᠠᠭᠤᠴᠢᠷᠠᠭ᠍ᠰᠠᠨ ᠪᠠᠭᠠᠬᠠᠨ ᠬᠡᠰᠡᠭ᠃

6. ᠢᠯᠬᠢ — ᠮᠠᠯ ᠬᠦᠷᠦᠭᠡᠰᠦᠨ᠎ᠤ ᠠᠷᠠᠰᠤ᠎ᠶ᠋ᠢ ᠡᠯᠳᠡᠵᠦ᠍ ᠦᠰᠦ᠎ᠶ᠋ᠢ᠎ᠨᠢ ᠵᠤᠮᠠᠭᠠᠯᠠᠭ᠍ᠰᠠᠨ ᠨᠡᠬᠡᠢ᠎ᠶ᠋ᠢ ᠬᠡᠯᠡᠨ᠎ᠡ᠃

7. ᠰᠡᠪᠬᠢ — ᠦᠢᠯᠡᠳᠪᠦᠷᠢ᠎ᠶ᠋ᠢᠨ ᠠᠷᠭ᠎ᠠ᠎ᠪᠠᠷ ᠵᠤᠮᠠᠭᠠᠯᠠᠵᠤ᠂ ᠪᠣᠳᠤᠭ᠍ᠰᠠᠨ ᠢᠯᠬᠢ᠎ᠶ᠋ᠢ ᠬᠡᠯᠡᠨ᠎ᠡ᠃

8. ᠬᠦᠮ — ᠲᠦᠯ᠎ᠠᠴᠠ ᠳᠡᠭᠡᠭ᠌ᠰᠢ ᠨᠠᠰᠤᠨ᠎ᠤ ᠪᠣᠳᠠ ᠮᠠᠯ᠎ᠤᠨ ᠡᠯᠳᠡᠵᠦ᠍ ᠵᠦᠭᠡᠯᠡᠷᠡᠭᠦᠯᠦᠭ᠌ᠰᠡᠨ ᠠᠷᠠᠰᠤ᠃  

9. ᠰᠣᠷᠰᠣᠨ — ᠵᠦᠷ᠎ᠤᠨ ᠠᠷᠠᠰᠤ᠃ ᠪᠣᠷᠣ ᠬᠦᠷᠦᠭᠡᠰᠦᠨ᠎ᠤ ᠡᠮᠡᠭ᠌ᠴᠢᠨ᠎ᠢ᠎ᠨᠢ ᠵᠦᠷ ᠭᠡᠨ᠎ᠡ᠃

10. ᠰᠠᠭᠠᠷᠢ — ᠠᠳᠤᠭᠤ ᠵᠡᠷᠭᠡ ᠮᠠᠯ᠎ᠤᠨ ᠵᠤ᠂ ᠬᠤᠨᠳᠤᠯᠠᠢ᠎ᠶ᠋ᠢᠨ ᠠᠷᠠᠰᠤ᠎ᠶ᠋ᠢ ᠪᠣᠯᠪᠠᠰᠤᠷᠠᠭᠤᠯᠵᠤ ᠠᠪᠤᠭ᠍ᠰᠠᠨ᠎ᠢ ᠬᠡᠯᠡᠨ᠎ᠡ᠃ ᠠᠳᠣᠭᠤᠰᠣᠨ᠎ᠤ ᠴᠤᠯᠭᠤᠢ ᠠᠷᠠᠰᠤ᠎ᠶ᠋ᠢ ᠪᠠᠰᠠ ᠰᠠᠭᠠᠷᠢ ᠭᠡᠳᠡᠭ ᠴᠦ᠍ ᠪᠤᠢ᠃

11. ᠦᠳᠡᠭᠡᠷᠢ — ᠶᠠᠭᠤᠮ᠎ᠠ᠎ᠶ᠋ᠢ ᠦᠳᠡᠬᠦ᠌᠎ᠳᠤ ᠬᠡᠷᠡᠭ᠌ᠯᠡᠬᠦ᠌ ᠨᠠᠷᠢᠨ ᠵᠦᠰᠦᠭ᠌ᠰᠡᠨ ᠱᠢᠷᠢ᠃

12. ᠰᠠᠷᠢᠰᠤ — ᠬᠤᠨᠢ ᠢᠮᠠᠭᠠᠨ᠎ᠤ ᠠᠷᠠᠰᠤ᠎ᠶ᠋ᠢ ᠪᠣᠯᠪᠠᠰᠤᠷᠠᠭᠤᠯᠵᠤ ᠬᠢᠭ᠌ᠰᠡᠨ ᠨᠢᠮᠭᠡᠨ ᠢᠯᠬᠢ᠃

13. ᠰᠠᠷᠮᠠᠢ — ᠦᠰᠦ᠎ᠨᠢ ᠵᠢᠭ᠌ᠳᠡ ᠪᠣᠰᠣ ᠲᠠᠴᠢᠷ᠂ ᠵᠠᠷᠢᠮ ᠬᠡᠰᠡᠭ᠎ᠲᠡᠬᠡᠨ ᠬᠠᠯᠴᠠᠭᠠᠢ ᠠᠷᠠᠰᠤ᠎ᠶ᠋ᠢ ᠬᠡᠯᠡᠨ᠎ᠡ

14. ᠲᠠᠷᠵᠠ — ᠲᠠᠴᠢᠷ ᠦᠰᠦ᠎ᠲᠠᠢ ᠬᠤᠨᠢ ᠢᠮᠠᠭᠠᠨ᠎ᠤ ᠠᠷᠠᠰᠤ᠃

15. ᠰᠡᠭ᠌ᠰᠡᠭᠦᠷᠭᠡ — ᠬᠦᠷᠦᠪᠡᠵᠢᠭ᠌ᠰᠡᠨ᠂ ᠰᠡᠭ᠌ᠰᠡᠯᠵᠡᠭ᠌ᠰᠡᠨ ᠶᠡᠭᠡ ᠦᠰᠦ᠎ᠲᠠᠢ ᠬᠤᠷᠠᠭᠠᠨ᠎ᠤ ᠠᠷᠠᠰᠤ᠃

16. ᠦᠵᠦᠬᠦᠷᠰᠡᠭ — ᠬᠠᠪᠤᠷ ᠤᠷᠲᠤ᠎ᠶ᠋ᠢᠨ ᠦᠰᠦ᠎ᠶ᠋ᠢ ᠬᠢᠷᠭᠠᠭ᠍ᠰᠠᠨ᠎ᠠᠴᠠ ᠬᠤᠢᠰᠢ ᠤᠷᠭᠤᠵᠤ ᠠᠬᠤᠷ᠎ᠲᠠᠢ ᠪᠣᠯᠣᠭ᠍ᠰᠠᠨ ᠬᠤᠨᠢᠨ᠎ᠤ ᠠᠷᠠᠰᠤ᠎ᠶ᠋ᠢ ᠬᠡᠯᠡᠨ᠎ᠡ᠃


QQ截图20230424110213.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号