ᠴᠡᠴᠡᠭ ᠬᠦᠷᠭᠡᠬᠦ᠌᠎ᠶ᠋ᠢᠨ ᠣᠴᠢᠷ
2023-06-12 10:58:25
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠤᠩᠭᠤᠷᠵᠤᠯᠠ — ᠡᠷᠡᠭ᠌ᠲᠡᠢ ᠬᠦᠮᠦᠨ᠎ᠳᠤ ᠪᠡᠯᠡᠭ᠌ᠯᠡᠬᠦ᠌᠎ᠳᠤ ᠲᠣᠬᠢᠷᠠᠮᠵᠢᠲᠠᠢ᠃

ᠠᠷᠰᠢ᠎ᠶ᠋ᠢᠨ ᠠᠯᠠᠭ᠎ᠠ — ᠬᠦᠮᠦᠨ᠎ᠳᠤ ᠪᠡᠯᠡᠭ᠌ᠯᠡᠳᠡᠭ ᠦᠭᠡᠢ᠃

ᠵᠢᠭᠠᠷ ᠡᠪᠡᠰᠦ — ᠨᠠᠢᠵᠠ ᠪᠦᠰᠡᠭᠦᠢ᠎ᠳᠡᠭᠡᠨ ᠪᠡᠯᠡᠭ᠌ᠯᠡᠬᠦ᠌᠎ᠳᠤ ᠲᠣᠬᠢᠷᠠᠮᠵᠢᠲᠠᠢ᠂ ᠠᠩᠬᠠᠨ᠎ᠤ ᠪᠣᠯᠵᠤᠭᠠᠨ᠎ᠳᠤ ᠪᠠᠷᠢᠬᠤ ᠴᠡᠴᠡᠭ᠃

ᠤᠳᠪᠠᠯᠠ — ᠬᠦᠨᠳᠦᠳᠭᠡᠯ᠎ᠢ ᠢᠯᠡᠷᠬᠡᠢᠯᠡᠳᠡᠭ᠂ ᠠᠯᠪᠠᠨ ᠵᠣᠷᠢᠭᠤᠯᠤᠯᠲᠠ᠎ᠲᠠᠢ᠃

ᠭᠤᠣᠯᠲᠤ ᠪᠣᠷᠤ᠎ᠶ᠋ᠢᠨ ᠴᠡᠴᠡᠭ — ᠠᠩᠬᠠᠨ᠎ᠤ ᠤᠴᠠᠷᠠᠯ᠎ᠳᠤ ᠪᠡᠯᠡᠭ᠌ᠯᠡᠪᠡᠯ ᠲᠤᠩ ᠲᠣᠬᠢᠷᠠᠮᠵᠢᠲᠠᠢ᠂ ᠭᠭᠢᠷ ᠦᠭᠡᠢ ᠠᠷᠢᠭᠤᠨ ᠰᠡᠳᠭᠢᠯ᠎ᠤᠨ ᠪᠡᠯᠭᠡᠳᠡᠯ ᠪᠣᠯᠳᠠᠭ᠃

ᠰᠠᠷᠠᠨᠠᠢ ᠴᠡᠴᠡᠭ — ᠬᠦᠨᠳᠦᠳᠭᠡᠯ᠎ᠤᠨ ᠴᠡᠴᠡᠭ᠂ ᠱᠠᠩᠨᠠᠯ ᠠᠪᠤᠭ᠍ᠰᠠᠨ ᠬᠦᠮᠦᠨ᠎ᠳᠤ ᠬᠠᠰ ᠬᠠᠳᠭᠤᠭᠤᠷ ᠴᠡᠴᠡᠭ᠎ᠲᠠᠢ ᠬᠠᠮᠲᠤ ᠪᠠᠭ᠍ᠯᠠᠵᠤ ᠦᠭ᠌ᠳᠡᠭ᠃

ᠱᠢᠷ᠎ᠠ ᠰᠠᠷᠭᠠᠢ — ᠤᠶᠤᠨ ᠤᠬᠠᠭᠠᠨ᠎ᠢ ᠢᠯᠡᠷᠬᠡᠢᠯᠡᠳᠡᠭ᠃ ᠪᠠᠭ᠍ᠰᠢ᠎ᠳᠠᠭᠠᠨ ᠦᠭ᠌ᠬᠦ᠎ᠳᠤ ᠬᠡᠷᠡᠭ᠌ᠯᠡᠳᠡᠭ᠂ ᠱᠢᠷ᠎ᠠ ᠰᠠᠷᠭᠠᠢ᠎ᠶ᠋ᠢ ᠬᠠᠢᠷᠠᠲᠠᠢ ᠪᠦᠰᠡᠭᠦᠢ᠎ᠳᠡᠭᠡᠨ ᠦᠭ᠌ᠳᠡᠭ ᠦᠭᠡᠢ᠂ ᠤᠴᠢᠷ᠎ᠨᠢ ᠰᠠᠯᠵᠤ ᠬᠠᠭᠠᠴᠠᠬᠤ ᠤᠴᠢᠷ᠎ᠲᠠᠢ᠃

ᠤᠯᠠᠭᠠᠨ ᠰᠠᠷᠭᠠᠢ — ᠨᠢᠭᠡ ᠱᠢᠷᠬᠡᠭ᠎ᠨᠢ ᠬᠠᠢᠷ᠎ᠠ ᠰᠡᠳᠭᠢᠯ᠎ᠤᠨ ᠪᠡᠯᠭᠡ ᠲᠡᠮᠳᠡᠭ᠂ ᠬᠠᠷᠢᠨ ᠣᠯᠠᠨ ᠱᠢᠷᠬᠡᠭ᠎ᠢ ᠪᠡᠯᠡᠭ᠌ᠯᠡᠬᠦ᠌᠎ᠨᠢ ᠬᠦᠨᠳᠦᠳᠭᠡᠯ᠎ᠤᠨ ᠢᠯᠡᠷᠡᠯ᠂ ᠭᠤᠷᠪᠠᠨ ᠤᠯᠠᠭᠠᠨ ᠰᠠᠷᠭᠠᠢ᠎ᠨᠢ ᠬᠠᠢᠷ᠎ᠠ ᠬᠦᠨᠳᠦᠳᠭᠡᠯ᠂ ᠮᠦᠩᠬᠡ᠎ᠶ᠋ᠢᠨ ᠵᠠᠯᠠᠭᠤ ᠨᠠᠰᠤ᠎ᠶ᠋ᠢ ᠪᠡᠯᠭᠡᠳᠡᠳᠡᠭ᠃

ᠴᠠᠭᠠᠨ ᠰᠠᠷᠭᠠᠢ — ᠡᠷᠡᠭᠦᠯ ᠮᠡᠨᠳᠦ᠍᠎ᠶ᠋ᠢ ᠪᠡᠯᠭᠡᠳᠡᠳᠡᠭ᠃ ᠮᠦᠨ ᠬᠤᠷᠢᠮ᠎ᠳᠤ ᠶᠠᠭᠠᠨ ᠰᠠᠷᠭᠠᠢ᠎ᠲᠠᠢ ᠬᠠᠮᠲᠤ ᠬᠡᠷᠡᠭ᠌ᠯᠡᠳᠡᠭ᠂ ᠲᠠᠩ᠎ᠢᠶᠠᠷ ᠴᠦ᠍ ᠪᠠᠢᠵᠤ ᠪᠣᠯᠣᠨ᠎ᠠ᠃

ᠬᠡᠯᠡᠭᠡᠢ ᠰᠠᠷᠠᠨ᠎ᠠ — ᠡᠶ᠎ᠡ ᠡᠪ᠎ᠲᠠᠢ᠂ ᠵᠤᠯ ᠵᠢᠷᠭᠠᠯ᠎ᠲᠠᠢ ᠭᠡᠷ ᠪᠦᠯᠢ᠎ᠶ᠋ᠢ ᠲᠦᠯᠦᠭᠡᠯᠡᠳᠡᠭ ᠤᠴᠢᠷ᠎ᠠᠴᠠ ᠬᠤᠷᠢᠮ᠎ᠤᠨ ᠱᠢᠨ᠎ᠠ ᠬᠤᠣᠰ᠎ᠲᠤ ᠬᠦᠷᠬᠡᠭᠦ᠎ᠳᠤ ᠮᠠᠰᠢ ᠲᠣᠬᠢᠷᠠᠮᠵᠢᠲᠠᠢ᠃

ᠠᠯᠲᠠᠨ ᠵᠤᠯᠠ ᠴᠡᠴᠡᠭ — ᠲᠦᠪ ᠶᠡᠬᠡᠮᠰᠦᠭ᠂ ᠦᠷᠦᠱᠢᠶᠡᠯ ᠡᠨᠡᠷᠢᠯ᠂ ᠨᠡᠷ᠎ᠡ ᠬᠦᠨᠳᠦ᠂ ᠦᠨᠢ ᠡᠭᠦᠷᠢᠳᠡ ᠵᠡᠷᠭᠡ᠎ᠶ᠋ᠢ ᠲᠦᠯᠦᠭᠡᠯᠡᠵᠦ᠍᠂ ᠠᠮᠵᠢᠯᠲᠠ᠎ᠶ᠋ᠢ ᠪᠡᠯᠭᠡᠯᠡᠵᠦ ᠬᠦᠷᠭᠡᠬᠦ᠌᠎ᠳᠤ ᠲᠣᠬᠢᠷᠠᠮᠵᠢᠲᠠᠢ᠃

ᠬᠡᠯᠲᠡᠭᠡᠢ ᠴᠡᠴᠡᠭ — ᠰᠡᠳᠭᠢᠯ᠎ᠳᠤ ᠬᠦᠱᠢᠭᠡᠯᠡᠭ᠌ᠰᠡᠨ ᠭᠤᠨᠢᠭ ᠵᠤᠪᠠᠯ᠎ᠢᠶᠠᠨ ᠮᠠᠷᠲᠠᠵᠤ᠂ ᠱᠢᠨ᠎ᠡ ᠠᠮᠢᠳᠤᠷᠠᠯ᠎ᠢᠶᠠᠨ ᠡᠬᠢᠯᠡᠭᠦᠯᠬᠦ᠌ ᠤᠳᠭ᠎ᠠ᠎ᠶ᠋ᠢ ᠢᠯᠡᠳᠭᠡᠨ᠎ᠡ᠃

ᠲᠡᠷᠢᠭᠦᠯᠡᠭ᠌ᠴᠢ ᠴᠡᠴᠡᠭ — ᠴᠡᠪᠡᠷ ᠠᠷᠢᠭᠤᠨ᠂ ᠡᠷᠡᠰ ᠵᠣᠷᠢᠭ᠎ᠢ ᠢᠯᠡᠳᠭᠡᠵᠦ᠍᠂ ᠠᠬᠠᠮᠠᠳ ᠲᠣᠮᠣᠭᠠᠲᠠᠳ᠎ᠲᠤ ᠬᠦᠷᠬᠡᠬᠦ᠌᠎ᠳᠤ ᠲᠣᠬᠢᠷᠠᠮᠵᠢᠲᠠᠢ᠃

ᠴᠠᠩᠬᠤᠢ ᠴᠡᠴᠡᠭ — ᠵᠣᠷᠢᠭ᠎ᠲᠠᠢ ᠪᠠᠢ᠂ ᠴᠢᠩᠭᠠᠯᠠᠭᠠᠷᠠᠢ ᠭᠡᠬᠦ᠌ ᠤᠳᠭ᠎ᠠ᠎ᠲᠠᠢ᠂ ᠡᠪᠡᠳᠴᠢᠲᠡᠨ᠎ᠳᠤ ᠬᠦᠷᠭᠡᠬᠦ᠌᠎ᠳᠤ ᠲᠣᠬᠢᠷᠠᠮᠵᠢᠲᠠᠢ᠃

ᠮᠠᠨᠳᠠᠷᠠᠸ᠎ᠠ ᠴᠡᠴᠡᠭ — ᠪᠠᠶᠠᠨ ᠡᠷᠬᠢᠮᠰᠦᠭ᠎ᠤᠨ ᠪᠡᠯᠭᠡᠳᠡᠯ ᠪᠣᠯᠳᠠᠭ ᠴᠦ᠍ ᠬᠦᠮᠦᠨ᠎ᠳᠤ ᠪᠡᠯᠡᠭ᠌ᠯᠡᠬᠦ᠌᠎ᠳᠤ ᠲᠣᠬᠢᠷᠠᠮᠵᠢ ᠦᠭᠡᠢ᠂ ᠬᠠᠷᠢᠨ ᠠᠵᠢᠯ ᠦᠢᠯᠡᠰ ᠡᠷᠬᠢᠯᠡᠵᠦ᠍ ᠡᠭᠦᠳᠡ ᠡᠷᠦᠬᠡ ᠰᠡᠬᠦᠭ᠌ᠰᠡᠨ ᠦᠯᠵᠡᠢᠲᠦ ᠪᠠᠶᠠᠷ᠎ᠢ ᠪᠡᠯᠭᠡᠯᠡᠬᠦ᠌᠎ᠳᠤ ᠲᠣᠬᠢᠷᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号