《ᠭᠤᠷᠪᠠᠨ ᠭᠤᠣᠯ》 ᠤ᠋ᠨ ᠵᠤᠬᠢᠰᠲᠦ ᠠᠶᠠᠯᠭᠤᠨ
2023-07-12 09:55:44
ᠵᠣᠬᠢᠶᠠᠭ᠍ᠴᠢ᠄
ᠵᠤᠤ ᠮᠢᠩ ᠯᠢᠶᠠᠩ ᠂ ᠰᠡᠷᠭᠦᠯᠡᠨᠭ᠌ᠴᠡᠴᠡᠭ ᠂ ᠬᠦᠪᠴᠢᠨ
ᠣᠩᠱᠢᠭ᠍ᠰᠠᠨ ᠣᠳᠠᠭ᠎ᠠ᠄
★★★☆☆

ᠪᠤᠯᠤᠩ ᠨᠡᠭᠡᠭᠡᠬᠦ ᠦᠭᠡ᠄

ᠶᠡᠷᠦᠨᠭᠭᠡᠢ ᠱᠦᠵᠢ ᠰᠢ ᠵᠢᠨ ᠫᠢᠨᠭ᠎ᠤᠨ ᠦᠨᠳᠦᠰᠦᠳᠡᠨ ᠎ᠤ ᠠᠵᠢᠯ᠎ᠢ ᠴᠢᠨᠭᠭᠠᠳᠬᠠᠨ ᠰᠠᠢᠵᠢᠷᠠᠭᠤᠯᠬᠤ ᠲᠤᠬᠠᠢ ᠴᠢᠬᠤᠯᠠ ᠱᠠᠭᠠᠷᠳᠠᠯᠭ᠎ᠠ ᠵᠢ ᠭᠦᠨᠵᠡᠭᠡᠢ ᠲᠤᠭᠤᠰᠢᠯᠠᠭᠤᠯᠵᠤ᠂ ᠲᠤᠮᠳᠠᠳᠤ ᠵᠢᠨ ᠦᠨᠳᠦᠰᠦᠳᠡᠨ ᠎ᠤ ᠬᠠᠮᠳᠤ ᠵᠢᠨ ᠴᠤᠬᠴᠠ ᠵᠢᠨ ᠤᠬᠠᠮᠰᠠᠷ᠎ᠢ ᠪᠠᠳᠤ ᠴᠤᠬᠴᠠᠯᠠᠬᠤ ᠪᠡᠷ ᠭᠤᠤᠯ ᠰᠢᠵᠢᠮ ᠪᠤᠯᠭᠠᠵᠤ᠂ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠳᠡᠨ᠎ᠤ ᠠᠵᠢᠯ᠎ᠤᠨ ᠴᠢᠨᠠᠷ ᠰᠠᠢᠳᠠᠢ ᠬᠦᠭᠵᠢᠯᠲᠡ ᠪᠠ《ᠵᠢᠱᠶ᠋ᠶᠡᠴᠢ ᠦᠪᠡᠷᠳᠡᠭᠡᠨ ᠵᠠᠰᠠᠬᠤ ᠤᠷᠤᠨ》 ᠤ᠋ ᠪᠦᠬᠦ ᠲᠠᠯ᠎ᠠ ᠵᠢᠨ ᠪᠦᠳᠦᠭᠡᠨ ᠪᠠᠢᠭᠤᠯᠤᠯᠳᠠ ᠵᠢ ᠠᠬᠢᠭᠤᠯᠬᠤ ᠵᠢᠨ ᠲᠦᠯᠦᠭᠡ᠂ ᠦᠪᠤᠷ ᠮᠤᠨᠭᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ《ᠠᠢᠯ ᠰᠠᠭᠠᠬᠠᠯᠳᠠ ᠵᠢᠨ ᠠᠮᠢ ᠨᠢ ᠨᠢᠭᠡ》ᠬᠠᠮ ᠵᠠᠭᠤᠴᠢᠯᠠᠭᠤᠷ ᠎ᠤᠨ ᠲᠤᠮᠤ ᠬᠡᠯᠪᠡᠷᠢ ᠵᠢᠨ ᠲᠠᠮᠵᠢᠭᠤᠯᠭ᠎ᠠ ᠵᠢᠨ ᠠᠵᠢᠯᠯᠠᠭ᠎ᠠ ᠵᠢ ᠤᠨᠴᠠ ᠤᠬᠠᠭᠠᠯᠠᠨ ᠶᠠᠪᠤᠬᠳᠠᠭᠤᠯᠵᠤ᠂ ᠦᠨᠳᠦᠰᠦᠳᠡᠨ ᠨᠤᠬᠦᠤᠨ᠎ᠤᠨ ᠤᠯᠠᠨ ᠲᠦᠮᠡᠨ᠎ᠤ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠲᠡᠮᠡᠴᠡᠭᠰᠡᠨ ᠦᠯᠢᠭᠡᠷ ᠶᠠᠪᠤᠳᠠᠯ᠎ᠢ ᠠᠭᠤᠳᠠᠯᠤᠨ ᠲᠡᠯᠭᠡᠵᠦ᠂ ᠤᠯᠠᠨ ᠬᠠᠷᠠᠭᠠᠰᠤ᠂ ᠠᠭᠤᠰᠤᠯᠴᠠᠯ ᠬᠡᠯᠪᠡᠷᠢ᠂ ᠪᠦᠷᠢᠨ ᠵᠠᠭᠤᠴᠢᠯᠠᠭᠤᠷ ᠵᠢᠡᠷ ᠦᠨᠳᠦᠰᠦᠳᠡᠨ ᠨᠤᠬᠦᠤᠨ ᠎ᠤᠨ ᠤᠯᠠᠨ ᠲᠦᠮᠡᠨ᠎ᠤ ᠨᠠᠮ ᠎ᠤᠨ ᠠᠴᠢ᠎ᠡᠨᠡᠷᠢᠯ  ᠎ᠳᠤ ᠲᠠᠯᠠᠷᠬᠠᠵᠤ᠂ ᠨᠠᠮ᠎ᠤᠨ ᠦᠭᠡ ᠵᠢ ᠰᠤᠨᠤᠰᠴᠤ᠂ ᠨᠠᠮ ᠵᠢᠡᠨ ᠲᠠᠭᠠᠨ ᠤᠷᠤᠬᠰᠢᠯᠠᠵᠤ᠂ ᠬᠠᠮᠳᠤ ᠪᠡᠷ ᠰᠠᠭᠤᠷᠢᠰᠢᠵᠤ ᠬᠠᠮᠳᠤ ᠪᠡᠷ ᠰᠤᠷᠤᠯᠴᠠᠵᠤ᠂ ᠬᠠᠮᠳᠤ ᠪᠡᠷ ᠪᠠᠢᠭᠤᠯᠵᠤ ᠬᠠᠮᠳᠤ ᠪᠡᠷ ᠡᠳ᠋ᠯᠡᠵᠦ᠂ ᠬᠠᠮᠳᠤ ᠪᠡᠷ ᠵᠢᠷᠭᠠᠵᠤ ᠪᠠᠢᠭ᠎ᠠ ᠵᠢᠷᠭᠠᠯᠳᠤ ᠠᠮᠢᠳᠤᠷᠠᠯ᠎ᠤᠨ ᠵᠢᠷᠤᠭ᠎ᠢ ᠪᠦᠬᠦ ᠲᠠᠯ᠎ᠠ ᠪᠡᠷ ᠲᠡᠯᠭᠡᠨ ᠦᠵᠡᠬᠦᠯᠬᠦ ᠪᠡᠷ ᠪᠤᠯᠤᠯ᠎ᠠ᠃ ᠲᠠᠭᠠᠯᠠᠨ ᠤᠨᠭᠰᠢᠮᠤ!


ᠬᠣᠯᠪᠦᠭᠠᠰᠤ

●ᠤᠯᠠᠭᠠᠨᠬᠤᠲᠠ ᠪᠣᠯ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠮᠡᠨᠳᠦᠯᠡᠭᠰᠡᠨ ᠭᠠᠵᠠᠷ᠂ ᠨᠠᠮ᠎ᠤᠨ ᠦᠨᠳᠦᠰᠦᠲᠡᠨ᠎ᠤ ᠣᠷᠣᠨ᠎ᠤ ᠥᠪᠡᠷᠲᠡᠭᠡᠨ ᠵᠠᠰᠠᠬᠤ ᠲᠥᠷᠥ᠎ᠶᠢᠨ ᠪᠣᠳᠣᠯᠭ᠎ᠠ᠎ᠶᠢ ᠬᠠᠮᠤᠭ ᠡᠷᠲᠡ  ᠦᠢᠯᠡᠳᠦᠯᠭᠡᠵᠢᠭᠦᠯᠦᠭᠰᠡᠨ ᠭᠠᠵᠠᠷ ᠪᠤᠯᠬᠤ ᠶᠤᠮ᠃

●ᠤᠯᠠᠭᠠᠨᠬᠤᠲᠠ 2016 ᠣᠨ᠎ᠤ 10 ᠰᠠᠷ᠎ᠠ᠎ᠳᠤ ᠤᠯᠤᠰ᠎ᠤᠨ ᠲᠠᠰ᠎ᠤᠨ 《ᠦᠨᠳᠦᠰᠦᠲᠡᠨ᠎ᠤ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ᠌ ᠬᠤᠲᠠ》 ᠵᠢᠨ ᠢᠷᠠᠭᠤ ᠠᠯᠳᠠᠷ᠎ᠢ ᠬᠦᠷᠲᠡᠵᠦ᠂ 2023 ᠣᠨ᠎ᠳᠤ 《ᠪᠥᠬᠦ᠌ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠰᠢᠯᠳᠠ᠎ᠶᠢᠨ ᠵᠢᠱ᠌ᠢᠶ᠎ᠡ ᠦᠵᠡᠭᠦᠯᠬᠦ᠌ ᠣᠷᠣᠨ᠎ᠤ ᠵᠢᠱ᠌ᠢᠶ᠎ᠡ ᠦᠵᠡᠭᠦᠯᠬᠦ᠌ ᠨᠢᠭᠡᠴᠢ》 ᠶ᠋ᠢᠨ ᠴᠣᠯᠠ᠎ᠶ᠋ᠢ ᠬᠦᠷᠲᠡᠨ᠂ ᠮᠠᠨ᠎ᠤ ᠤᠷᠤᠨ᠎ᠤ ᠡᠨᠡ ᠬᠤᠶᠠᠷ ᠢᠷᠠᠭᠤ ᠠᠯᠳᠠᠷ᠎ᠢ ᠬᠠᠮᠳᠤ᠎ᠳᠤᠨᠢ ᠬᠦᠷᠳᠡᠭᠰᠡᠨ ᠴᠤᠷ᠎ᠤᠨ ᠭᠠᠭᠴᠠ ᠬᠤᠳᠠ ᠪᠤᠯᠪᠠ᠃

●ᠦᠨᠳᠦᠰᠦᠲᠡᠨ ᠎ᠤ ᠪᠦᠯᠬᠦᠮᠳᠡᠯ ᠲᠠᠪᠰᠢᠯᠳᠠ ᠎ᠶᠢᠨ ᠨᠡᠢᠭᠡᠮ᠎ᠤᠨ ᠵᠣᠬᠢᠶᠠᠨ ᠪᠠᠢᠭᠤᠯᠤᠯᠲᠠ᠎ᠶᠢ ᠰᠢᠨ᠎ᠡ ᠪᠠᠷ ᠡᠭᠦᠳᠦᠨ ᠪᠠᠢᠭᠤᠯᠵᠤ᠂ ᠬᠤᠲᠠ᠂ ᠪᠠᠯᠭᠠᠰᠤ (ᠵᠡᠭᠡᠯᠢ)᠂ ᠭᠠᠴᠠᠭ᠎ᠠ ᠲᠣᠰᠭᠤᠨ (ᠨᠡᠢᠭᠡᠮ ᠲᠣᠭᠤᠷᠢᠭ) ᠭᠤᠷᠪᠠᠨ ᠱᠠᠲᠤ᠎ᠶᠢ ᠬᠠᠮᠤᠷᠤᠭᠰᠠᠨ 126 ᠳᠤᠮᠳᠠᠳᠤ ᠵᠢᠨ ᠦᠨᠳᠦᠰᠦᠲᠡᠨ᠎ᠤ ᠬᠠᠮᠲᠤ᠎ᠶᠢᠨ ᠴᠤᠬᠴᠠ᠎ᠶᠢᠨ ᠤᠬᠠᠮᠰᠠᠷ᠎ᠢ  ᠪᠠᠲᠤ ᠪᠠᠬᠢ ᠪᠣᠶ ᠪᠣᠯᠭᠠᠬᠤ᠎ᠶᠢ ᠠᠬᠢᠭᠤᠯᠬᠤ ᠬᠤᠷᠠᠯ᠎ᠢ ᠪᠠᠢᠭᠤᠯᠪᠠ᠃

●《ᠨᠠᠮ᠎ᠤᠨ ᠪᠠᠢᠭᠤᠯᠤᠯᠲᠠ + ᠳᠤᠮᠳᠠᠳᠤ  ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ》᠂《ᠲᠤᠮᠳᠠᠳᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ + ᠬᠥᠳᠡᠭᠡ ᠲᠣᠰᠭᠤᠨ᠎ᠢ  ᠬᠥᠭᠵᠢᠭᠦᠯᠦᠨ ᠮᠠᠨᠳᠤᠭᠤᠯᠬᠤ》 ᠰᠢᠨ᠎ᠡ  ᠵᠠᠭᠪᠤᠷ᠎ᠢ  ᠪᠦᠷᠢᠯᠳᠦᠭᠦᠯᠪᠡ᠃



ᠲᠤᠨᠤᠯᠵᠠᠨ ᠤᠷᠤᠰᠭᠤ ᠲᠤᠭᠤᠷ᠎ᠤᠨ ᠭᠤᠣᠯ ᠮᠡᠯᠳᠡᠭᠡᠨᠡᠨ ᠴᠡᠩᠭᠡᠷᠳᠤᠵᠦ᠍᠂ ᠨᠠᠯᠠᠢᠨ ᠦᠷᠭᠦᠯᠵᠢᠯᠡᠬᠦ ᠤᠰᠤᠨ ᠲᠠᠷᠢᠶ᠎ᠠ ᠨᠤᠭᠤᠭᠠᠨ  ᠲᠤᠯᠬᠢᠶ᠎ᠠ ᠬᠠᠶᠠᠯᠠᠨ᠎ᠠ  ᠁

ᠨᠢᠰᠭᠡᠯ᠎ᠡᠴᠡ ᠪᠠᠭᠤᠬᠤ᠎ᠶ᠋ᠢᠨ ᠲᠡᠷᠡ ᠭᠱᠠᠨ᠎ᠠ ᠵᠦᠭᠡᠯᠡᠨ ᠰᠠᠯᠬᠢ ᠬᠠᠴᠡᠷ ᠢᠯᠪᠢᠨ᠂ ᠴᠡᠯᠮᠡᠭ ᠠᠭᠠᠷ ᠴᠡᠭᠡᠵᠢ ᠠᠷᠢᠭᠤᠯᠠᠵᠤ᠂ ᠴᠡᠮᠴᠡᠭᠡᠷ ᠠᠰᠠᠷ ᠲᠠᠬ᠍ᠳᠤ ᠬᠠᠷᠠᠭ᠎ᠠ ᠮᠢᠯᠢᠶᠠᠨ᠂ ᠵᠤᠨ᠎ᠤ ᠡᠬᠢᠨ᠎ᠤ ᠤᠯᠠᠭᠠᠨᠬᠤᠳᠠ ᠵᠢᠷᠤᠭ ᠱᠢᠭ᠋ ᠰᠠᠢᠬᠠᠨ ᠭᠤᠶᠤᠯᠠᠯ᠎ᠢᠶᠠᠷ᠎ᠢᠶᠠᠨ ᠪᠢᠳᠡᠨ᠎ᠢ  ᠤᠬ᠍ᠳᠤᠯ᠎ᠠ᠃

ᠦᠤᠬᠡ ᠲᠡᠤᠭᠡ᠎ᠶ᠋ᠢᠨ ᠬᠡᠷᠡᠴᠢᠯᠡᠯ ᠪᠤᠯᠤᠭ᠍ᠰᠠᠨ 《5.1》 ᠬᠤᠷᠠᠯ᠎ᠤᠨ ᠭᠡᠷ᠂ ᠦᠪᠡᠷᠮᠢᠴᠡ ᠡᠷᠬᠢᠮᠰᠦᠭ  ᠦᠯᠢᠭᠡᠷ᠎ᠤᠨ ᠤᠷᠳᠤᠨ᠂ ᠦᠨᠳᠦᠰᠦᠳᠡᠨ᠎ᠤ ᠪᠦᠯᠬᠦᠮᠳᠡᠯ᠎ᠢ ᠪᠡᠯᠭᠡᠳᠡᠨ ᠬᠠᠷᠠᠭᠤᠯᠤᠬᠰᠠᠨ ᠫᠠᠢᠰᠠ ᠢᠯᠡᠷᠭᠡᠢᠯᠡᠯ ᠁ ᠦᠪᠡᠷᠳᠡᠭᠡᠨ ᠵᠠᠰᠠᠬᠤ ᠤᠷᠤᠨ᠎ᠤ ᠮᠠᠨᠢ ᠵᠠᠰᠠᠭ᠎ᠤᠨ ᠤᠷᠳᠣᠨ᠎ᠤ ᠮᠡᠨᠳᠦᠯᠡᠭ᠌ᠰᠡᠨ ᠭᠠᠵᠠᠷ᠂ ᠠᠩᠬᠠᠳᠠᠭ᠍ᠴᠢ ᠲᠥᠪ ᠬᠤᠳᠠ ᠪᠠᠢᠬ᠍ᠰᠠᠨ ᠭᠡᠵᠦ᠍ ᠪᠤᠳᠤᠬᠤᠯᠠᠷ ᠴᠠᠭᠠᠨ᠎ᠠ᠎ᠪᠠᠨ ᠨᠢᠭᠡ ᠯᠠ ᠲᠥᠪ ᠬᠢᠴᠢᠶᠡᠩᠭᠦᠢ ᠰᠠᠨᠠᠭ᠍ᠳᠠᠭᠤᠯᠵᠤ᠂ ᠬᠦᠨᠳᠦᠳᠭᠡᠯ ᠪᠢᠱᠢᠷᠡᠯ᠎ᠤᠨ ᠰᠡᠳᠭᠢᠯᠭᠡ᠎ᠶ᠋ᠢ ᠡᠷᠬᠡ ᠦᠭᠡᠢ ᠲᠦᠷᠦᠭᠦᠯᠦᠨ᠎ᠡ᠃

ᠰᠠᠨ ᠡᠾᠧ ᠲᠤᠰᠭᠤᠨ ᠤᠯᠠᠭᠠᠨᠬᠤᠳᠠ᠎ᠶ᠋ᠢᠨ ᠬᠤᠳᠠ᠎ᠶ᠋ᠢᠨ ᠲᠤᠭᠤᠷᠢᠭ᠎ᠡᠴᠡ ᠵᠡᠭᠦᠨ ᠡᠮᠦᠨᠡᠰᠢ 20 ᠺᠢᠯᠤᠮᠧᠲᠷ ᠵᠠᠢᠳᠠᠢ ᠪᠠᠢᠵᠤ᠂ ᠲᠤᠭᠤᠷ᠎ᠤᠨ ᠭᠤᠣᠯ᠂ ᠭᠦᠢᠯᠡᠷ ᠭᠤᠣᠯ᠂ ᠠᠮᠤᠭᠤᠯᠠᠩ ᠭᠤᠣᠯ ᠭᠤᠷᠪᠠᠨ ᠭᠤᠣᠯ᠎ᠤᠨ ᠠᠭᠤᠯᠵᠠᠭᠤᠷ᠎ᠲᠤ ᠪᠠᠢᠷᠢᠯᠠᠳᠠᠭ᠎ᠢᠶᠠᠷ᠎ᠢᠶᠠᠨ 《ᠰᠠᠨ ᠡᠾᠧ》 ᠭᠡᠰᠡᠨ ᠨᠡᠷᠡᠢᠳᠦᠯ᠎ᠢ ᠣᠯᠵᠠᠢ᠃ ᠶᠠᠭ ᠯᠠ ᠵᠦᠭ ᠵᠦᠭ᠎ᠡᠴᠡ ᠦᠶᠡᠯᠵᠡᠨ ᠨᠡᠢᠯᠡᠭᠡ ᠭᠤᠷᠪᠠᠨ ᠭᠤᠣᠯ᠎ᠤᠨ ᠤᠷᠤᠰᠭᠠᠯ ᠮᠡᠲᠦ᠍᠂ ᠤᠳᠠᠭᠠᠨ ᠵᠢᠯ᠎ᠤᠨ ᠲᠤᠷᠰᠢ ᠠᠳᠡ ᠬᠢᠲᠠᠳ᠂ ᠮᠤᠩᠭᠤᠯ᠂ ᠰᠤᠯᠤᠩᠭᠤᠰ᠂ ᠮᠠᠨᠵᠤ᠂ ᠲᠠᠭᠤᠷ᠂ ᠬᠤᠳᠤᠩ ᠁ ᠤᠯᠠᠨ ᠦᠨᠳᠦᠰᠦᠳᠡᠨ ᠲᠦᠷᠪᠡᠨ ᠵᠦᠭ ᠨᠠᠢ᠍ᠮᠠᠨ ᠵᠤᠪᠬᠢᠰ᠎ᠡᠴᠡ ᠬᠦᠷᠦᠯᠴᠡᠨ ᠢᠷᠡᠵᠦ᠍ ᠬᠠᠮᠳᠤ ᠰᠠᠭᠤᠷᠢᠱᠢᠨ᠂ ᠠᠢᠯ ᠰᠠᠭᠠᠬᠠᠯᠳᠠ᠎ᠶ᠋ᠢᠨ ᠬᠤᠭᠤᠷᠤᠨᠳᠤ᠎ᠪᠠᠨ ᠡᠶ᠎ᠡ ᠨᠠᠢᠷᠰᠠᠭ ᠬᠠᠷᠢᠯᠴᠠᠵᠤ᠂ ᠡᠬᠡᠯ ᠵᠢᠷ᠎ᠤᠨ ᠠᠲᠠᠯ᠎ᠠ᠎ᠪᠠᠨ ᠦᠯᠢᠭᠡᠷ ᠪᠣᠯᠵᠤ ᠶᠠᠷᠢᠬ᠍ᠳᠠᠬᠤ ᠤᠯᠠᠨ ᠰᠠᠢᠬᠠᠨ ᠶᠠᠷᠢᠶ᠎ᠠ ᠵᠢ ᠦᠯᠡᠳᠡᠭᠡᠭ᠌ᠰᠡᠨ᠎ᠢᠶᠠᠷ᠎ᠢᠶᠠᠨ 《ᠲᠤᠮᠳᠠᠳᠤ ᠤᠯᠤᠰ᠎ᠤᠨ ᠴᠦᠬᠡᠨ ᠲᠤᠭᠠᠳᠤ ᠦᠨᠳᠦᠰᠦᠳᠡᠨ᠎ᠤ ᠣᠨᠴᠠᠯᠢᠭ᠍ᠲᠤ ᠭᠠᠴᠠᠭ᠎ᠠ ᠲᠤᠰᠭᠤᠨ》 ᠬᠡᠮᠡᠬᠦ᠌ ᠰᠠᠢᠬᠠᠨ ᠴᠣᠯᠠ᠎ᠶ᠋ᠢ ᠬᠦᠷᠳᠡᠵᠡᠢ᠃

ᠰᠠᠨ ᠾᠧ ᠲᠤᠰᠭᠤᠨ᠎ᠤ ᠰᠣᠶᠣᠯ ᠢᠷᠭᠡᠨᠱᠢᠯ᠎ᠤᠨ ᠶᠠᠪᠠᠭᠠᠨ ᠵᠡᠭᠡᠯᠢ᠎ᠳᠤ ᠬᠦᠷᠦᠭᠡᠳ ᠤᠴᠢᠪᠠᠯ᠂ ᠬᠦᠬᠡ ᠤᠷᠤᠢ ᠴᠠᠭᠠᠨ ᠬᠡᠷᠡᠮ᠎ᠲᠠᠢ ᠰᠤᠯᠤᠩᠭᠤᠰ ᠮᠠᠶᠢᠭ᠎ᠤᠨ ᠭᠡᠷ ᠪᠠᠢᠱᠢᠩ᠎ᠤᠳ ᠮᠦᠷᠦ᠍ ᠲᠠᠷᠠᠭᠠᠯᠠᠨ ᠵᠢᠭ᠌ᠳᠡᠷᠡᠵᠦ᠍᠂ ᠦᠨᠳᠤᠰᠦᠳᠡᠨ᠎ᠤ ᠬᠤᠪᠴᠠᠰᠤ᠎ᠪᠠᠷ ᠭᠤᠶᠤᠬ᠍ᠰᠠᠨ ᠵᠢᠭᠤᠯᠴᠢᠯᠠᠭ᠍ᠰᠠᠳ ᠬᠤᠶᠠᠷ ᠬᠤᠶᠠᠷ ᠭᠤᠷᠪᠠ ᠭᠤᠷᠪᠠ᠎ᠪᠠᠷ ᠦᠵᠡᠮᠵᠢ ᠬᠠᠢᠨ ᠰᠠᠭᠦᠳᠡᠷ ᠲᠠᠳᠠᠵᠤ᠂ ᠬᠠᠶᠠ ᠪᠠᠰᠠ ᠲᠠᠪᠤᠰᠤᠯᠠᠭ᠍ᠰᠠᠨ ᠨᠤᠭᠤᠭᠠᠨ᠎ᠤ ᠦᠨᠦᠷ ᠬᠠᠮᠠᠷ ᠴᠤᠷᠬᠢᠨ ᠦᠨᠦᠷᠳᠦᠨ᠎ᠡ᠃

ᠶᠠᠪᠠᠭᠠᠨ ᠵᠡᠭᠡᠯᠢ᠎ᠶ᠋ᠢᠨ ᠲᠤᠮᠳᠠᠭᠤᠷ ᠵᠡᠭᠦᠨᠰᠢ ᠣᠷᠣᠭ᠍ᠰᠠᠨ ᠵᠦᠷᠢᠭ᠎ᠢᠶᠠᠷ ᠵᠠᠭᠤᠨ ᠮᠧᠲᠷ ᠬᠢᠷᠢᠳᠠᠢ ᠠᠯᠬᠤᠪᠠᠯ᠂ ᠲᠠᠪᠤᠨ ᠵᠠᠭᠤᠨ ᠲᠡᠭ᠌ᠰᠢ ᠲᠦᠷᠪᠡᠯᠵᠢᠨ ᠮᠧᠲᠷ ᠴᠡᠪᠡᠷ ᠲᠤᠬᠢᠯᠢᠭ ᠬᠦᠷᠢᠶ᠎ᠡ ᠬᠠᠱᠢᠶᠠᠨ᠎ᠤ ᠶᠡᠬᠡᠩᠭᠢ ᠭᠡᠰᠡᠭ ᠭᠠᠵᠠᠷ᠎ᠲᠤ ᠦᠵᠦᠮ᠎ᠤᠨ ᠮᠤᠳᠤ ᠲᠠᠷᠢᠬ᠍ᠰᠠᠨ ᠪᠠᠢᠵᠤ᠂ ᠠᠷᠤ ᠬᠠᠶᠠᠭ᠎ᠠ᠎ᠶ᠋ᠢ᠎ᠨᠢ ᠲᠠᠭᠠᠭᠠᠳ ᠪᠠᠷᠠᠭᠤᠨ᠎ᠡᠴᠡ ᠵᠡᠭᠦᠨᠰᠢ᠂ ᠬᠠᠭᠤᠴᠢᠨ᠎ᠡᠴᠡ ᠱᠢᠨ᠎ᠡ ᠭᠤᠷᠪᠠᠨ ᠪᠠᠢᠱᠢᠩ ᠵᠡᠷᠭᠡᠴᠡᠨ ᠪᠤᠰᠤᠭ᠍ᠰᠠᠨ᠎ᠨᠢ ᠡᠨᠡ ᠠᠢᠯ᠎ᠤᠨ ᠵᠢᠯ᠎ᠡᠴᠡ  ᠵᠢᠯ ᠦᠭᠡᠳᠡᠯᠡᠨ ᠲᠡᠭ᠌ᠵᠢᠷᠡᠭ᠌ᠰᠡᠭᠡᠷ ᠢᠷᠡᠭ᠌ᠰᠡᠨ᠎ᠢ ᠲᠤᠳᠤᠬᠠᠨ ᠬᠠᠷᠠᠭᠤᠯᠤᠨ᠎ᠠ᠃

ᠬᠦᠷᠢᠶᠡᠨ ᠳᠤᠲᠤᠷ᠎ᠠ ᠨᠠᠮᠬᠠᠨ ᠪᠡᠶ᠎ᠡ᠎ᠲᠠᠢ᠂ ᠪᠤᠷᠤᠪᠳᠤᠷ ᠴᠢᠷᠠᠢ᠎ᠲᠠᠢ᠂ ᠵᠢᠷᠠ ᠱᠢᠬᠠᠮ  ᠨᠠᠰᠤᠨ᠎ᠤ ᠡᠷᠡᠭ᠌ᠳᠡᠢ  ᠲᠦᠩᠭᠡᠵᠢ ᠵᠢᠮᠢᠰ ᠰᠠᠭᠤᠭ᠎ᠠ ᠦᠵᠦᠮ᠎ᠡ ᠎ᠤᠨ ᠮᠣᠳᠤᠳ᠎ᠢᠶᠠᠨ ᠨᠠᠷᠢᠯᠢᠭ ᠨᠢᠮᠪᠠᠢ ᠠᠷᠴᠢᠯᠠᠵᠤ ᠪᠠᠢᠭ᠍ᠰᠠᠨ᠎ᠨᠢ ᠡᠨᠡ ᠠᠢᠯ᠎ᠤᠨ ᠭᠡᠷ᠎ᠤᠨ ᠡᠵᠡᠨ ᠵᠠᠩ ᠴᠦᠨ ᠵᠶ᠋ᠢ ᠪᠠᠢᠵᠤ᠂ ᠴᠤᠩᠬᠤᠨ᠎ᠤ ᠴᠠᠭᠠᠨ᠎ᠠ ᠬᠦᠷᠡᠩ ᠤᠯᠠᠭᠠᠨ ᠬᠦᠷᠮ᠎ᠡ᠎ᠲᠠᠢ ᠢᠨᠢᠶᠡᠳᠦ ᠠᠯᠳᠠᠭ᠍ᠰᠠᠨ ᠨᠢᠭᠡᠨ ᠪᠦᠰᠡᠭᠦᠢ ᠨᠤᠭᠤᠭ᠎ᠠ ᠲᠠᠪᠤᠰᠤᠯᠠᠨ ᠶᠠᠭᠠᠷᠠᠵᠤ ᠪᠠᠢᠭ᠍ᠰᠠᠨ᠎ᠨᠢ ᠲᠡᠭᠦᠨ᠎ᠤ ᠡᠭᠡᠨᠡᠷ ᠪᠤᠤ ᠱᠤ᠌ ᠱᠢᠶᠠ ᠪᠠᠢᠯ᠎ᠠ᠃

ᠵᠠᠩ ᠴᠦᠨ ᠵᠶ᠋ᠢ ᠰᠤᠯᠤᠩᠭᠤᠰ ᠦᠨᠳᠦᠰᠦᠳᠡᠨ᠂ ᠡᠭᠡᠨᠡᠷ ᠪᠤᠤ ᠱᠤ᠌ ᠱᠢᠶᠠ᠎ᠨᠢ ᠮᠤᠩᠭᠤᠯ ᠦᠨᠳᠦᠰᠦᠳᠡᠨ᠃ ᠭᠤᠴᠢ ᠭᠠᠷᠤᠢ ᠵᠢᠯ᠎ᠤᠨ ᠡᠮᠦᠨ᠎ᠡ ᠡᠳᠡ ᠬᠤᠶᠠᠭᠤᠯᠠ ᠠᠩᠬ᠎ᠠ ᠡᠬᠢᠯᠡᠵᠦ᠍ ᠠᠢᠯ ᠡᠷᠦᠭᠡ᠎ᠪᠠᠨ ᠪᠤᠰᠭᠠᠬᠤ ᠦᠶᠡᠰ᠂ ᠢᠳᠡᠵᠦ᠍ ᠤᠤᠭᠤᠬᠤ᠎ᠡᠴᠡ ᠡᠬᠢᠯᠡᠨ ᠠᠮᠢᠳᠤᠷᠠᠯ᠎ᠤᠨ ᠠᠯᠢ ᠤᠯᠠᠨ ᠵᠢᠵᠢᠭ ᠰᠠᠵᠢᠭ ᠤᠴᠢᠷ᠎ᠲᠤ ᠬᠦᠷᠳᠡᠯ᠎ᠡ ᠲᠠᠳᠭᠠᠯ ᠠᠷᠠᠨᠱᠢᠨ ᠪᠦᠷ ᠦᠰᠦᠳ ᠦᠭᠡᠷ᠎ᠡ ᠪᠠᠢᠵᠤ᠂ ᠬᠡᠯᠡ ᠶᠠᠷᠢᠶ᠎ᠠ ᠨᠡᠪᠳᠡᠷᠡᠯᠴᠡᠬᠦ᠌ ᠲᠠᠯ᠎ᠠ᠎ᠪᠠᠷ ᠴᠤ᠌ ᠪᠠᠭ᠎ᠠ ᠪᠤᠰᠤ ᠰᠠᠭᠠᠳ ᠲᠤᠳᠭᠠᠷ᠎ᠲᠤ ᠤᠴᠠᠷᠠᠵᠤ ᠪᠠᠢᠵᠠᠢ᠃ ᠬᠡᠬᠦ᠌᠎ᠳᠡᠭᠡᠨ ᠬᠤᠪᠢ ᠢᠷᠦᠭᠡᠯ᠎ᠪᠠᠷ ᠤᠴᠠᠷᠠᠵᠤ᠂ ᠬᠠᠢᠷ᠎ᠠ ᠰᠡᠳᠭᠢᠯ᠎ᠢᠶᠠᠷ᠎ᠢᠶᠠᠨ ᠲᠠᠰᠤᠯᠴᠠᠭ᠍ᠰᠠᠨ ᠡᠳᠡ ᠬᠤᠶᠠᠭᠤᠯᠠ ᠡᠳᠦᠷ᠎ᠤᠨ ᠤᠳᠠᠭᠠᠨ ᠬᠤᠨᠤᠭ᠎ᠤᠨ ᠵᠤᠵᠠᠭᠠᠨ᠎ᠳᠤ ᠬᠠᠷᠢᠯᠴᠠᠨ ᠤᠢᠯᠠᠭᠠᠯᠴᠠᠨ ᠬᠠᠷᠢᠯᠴᠠᠨ ᠲᠦᠱᠢᠯᠴᠡᠭ᠌ᠰᠡᠭᠡᠷ ᠦᠨᠦᠳᠤᠷ ᠪᠤᠯᠬᠤ᠎ᠳᠤ  ᠭᠡᠷ ᠪᠦᠯᠢ᠎ᠪᠠᠨ ᠡᠶ᠎ᠡ ᠨᠠᠢᠷᠳᠠᠢ ᠦᠭᠡᠳᠡ ᠡᠰᠡᠷᠡᠭ ᠠᠪᠴᠤ᠌ ᠶᠠᠪᠤᠨ᠎ᠠ᠃ ᠡᠳᠡ ᠬᠤᠶᠠᠷ᠎ᠤᠨ ᠠᠭᠤᠯᠵᠠᠵᠤ ᠤᠴᠠᠷᠠᠭᠰᠠᠨ ᠲᠤᠬᠠᠢ ᠪᠠᠰᠠ ᠨᠢᠭᠡᠨ ᠬᠠᠭᠤᠴᠢᠯᠠᠭᠤᠱᠢᠳᠠᠢ ᠦᠯᠢᠭᠡᠷ ᠪᠤᠢ᠃

33 ᠵᠢᠯ᠎ᠤᠨ ᠡᠮᠦᠨᠡᠬᠢ ᠬᠠᠪᠤᠷ᠎ᠤᠨ ᠡᠬᠢᠨ᠎ᠤ ᠨᠢᠭᠡᠨ ᠡᠳᠦᠷ ᠪᠠᠢᠵᠤ ᠪᠢᠯᠡ᠂ ᠲᠤᠰᠭᠤᠨ᠎ᠤ᠎ᠪᠠᠨ ᠬᠠᠮᠲᠦ᠍᠎ᠶ᠋ᠢᠨ ᠴᠢᠯᠠᠭᠤ᠎ᠶ᠋ᠢ ᠴᠤᠭ᠍ᠯᠠᠭᠤᠯᠬᠤ ᠠᠵᠢᠯ᠎ᠳᠤ ᠤᠷᠤᠯᠴᠠᠵᠤ ᠪᠠᠢᠭ᠍ᠰᠠᠨ ᠵᠠᠩ ᠱ᠌ᠢ ᠸᠠᠨ (ᠵᠠᠩ ᠴᠦᠨ ᠵᠶ᠋ᠢ᠎ᠶ᠋ᠢᠨ ᠠᠪᠤ) ᠵᠤᠷᠱᠢᠯ ᠶᠤᠰᠤᠭᠠᠷ ᠦᠤᠷ᠎ᠤᠨ ᠲᠦᠷᠪᠡᠨ ᠴᠠᠭ᠎ᠲᠤ ᠪᠤᠰᠤᠭᠠᠳ᠂ ᠡᠳᠦᠷ᠎ᠤᠨ ᠢᠳᠡᠬᠦ᠌ ᠲᠠᠪᠤᠰᠤᠯᠠᠭ᠍ᠰᠠᠨ ᠨᠤᠭᠤᠭ᠎ᠠ ᠪᠤᠯᠤᠨ ᠤᠮᠳᠠ ᠲᠠᠷᠤᠬᠤ ᠠᠷᠪᠠᠢ᠎ᠶ᠋ᠢᠨ ᠴᠠᠢ᠎ᠪᠠᠨ ᠬᠦᠨᠡᠰᠦᠯᠡᠵᠦ᠍ ᠠᠪᠤᠭᠠᠳ᠂ ᠭᠡᠷ᠎ᠡᠴᠡ᠎ᠪᠠᠨ ᠬᠤᠢᠰᠢ 10 ᠭᠠᠵᠠᠷ ᠵᠠᠢᠳᠠᠢ ᠪᠠᠢᠷᠢᠯᠠᠭ᠎ᠠ ᠬᠠᠳᠠᠳᠤ ᠠᠭᠤᠯᠠ᠎ᠶ᠋ᠢᠨ ᠠᠷᠤ᠎ᠳᠤ ᠬᠦᠷᠴᠦ᠍᠂ ᠴᠢᠯᠠᠭᠤ ᠮᠠᠯᠳᠠᠬᠤ ᠠᠵᠢᠯ᠎ᠢᠶᠠᠨ ᠡᠬᠢᠯᠡᠭᠦᠯᠵᠡᠢ᠃

ᠴᠠᠭ ᠪᠠᠴᠢᠮ ᠠᠵᠢᠯ ᠬᠦᠨᠳᠤ ᠪᠠᠢᠬ᠍ᠰᠠᠨ ᠪᠤᠯᠬᠤᠷ᠂ ᠡᠳᠤᠷ᠎ᠨᠢ ᠭᠡᠷ᠎ᠲᠡᠭᠡᠨ ᠬᠠᠷᠢᠬᠤ᠎ᠶ᠋ᠢ ᠪᠦᠦ ᠬᠡᠯᠡ ᠬᠤᠭᠤᠯᠨ ᠤᠮᠳᠠ᠎ᠪᠠᠨ ᠲᠤᠬᠢᠳᠠᠢ ᠢᠳᠡᠬᠦ᠌ ᠪᠣᠯᠤᠮᠵᠢ ᠴᠦ᠍ ᠬᠤᠪᠤᠷ ᠪᠠᠢᠵᠤ᠂ ᠦᠯᠦᠰᠴᠦ᠍ ᠤᠮᠳᠠᠭᠠᠰᠪᠠᠯ ᠠᠭᠤᠯᠠ᠎ᠶ᠋ᠢᠨ ᠬᠤᠩᠭᠢᠯ ᠬᠠᠳᠠᠨ᠎ᠤ ᠡᠩᠭᠡᠷ ᠬᠠᠮᠢᠭ᠎ᠠ ᠤᠯᠳᠠᠭ᠍ᠰᠠᠨ ᠨᠦᠮᠦᠷᠢ᠎ᠲᠠᠢ ᠭᠠᠵᠠᠷ᠎ᠢᠶᠠᠨ ᠬᠤᠷᠳᠤᠬᠠᠨ ᠢᠳᠡᠵᠦ᠍ ᠤᠤᠭᠤᠭᠠᠳ ᠦᠷᠭᠦᠯᠵᠢᠯᠡᠨ ᠠᠵᠢᠯᠯᠠᠳᠠᠭ ᠪᠠᠢᠪᠠ᠃

ᠲᠤᠬᠠᠢ᠎ᠶ᠋ᠢᠨ ᠡᠳᠦᠷ᠂ ᠵᠠᠩ ᠱ᠌ᠢ ᠸᠠᠨ᠎ᠤ ᠮᠠᠯᠳᠠᠭ᠍ᠰᠠᠨ ᠭᠠᠵᠠᠷ᠎ᠨᠢ ᠬᠦᠷᠦᠰᠦ ᠱᠢᠷᠦᠢ ᠵᠦᠭᠡᠯᠡᠨ᠂ ᠬᠠᠳᠠ ᠴᠢᠯᠠᠭᠤ ᠡᠯᠪᠡᠭ ᠪᠠᠢᠭ᠍ᠰᠠᠨ ᠪᠤᠯᠬᠤᠷ ᠢᠯᠡᠭᠦᠦ ᠴᠠᠭ ᠭᠠᠷᠤᠢ ᠠᠵᠢᠯᠯᠠᠭ᠍ᠰᠠᠨ᠎ᠢᠶᠠᠨ ᠦᠪᠡᠷ᠎ᠢᠶᠠᠨ ᠴᠤ᠌ ᠮᠡᠳᠡᠭᠡ ᠦᠭᠡᠢ᠂ ᠦᠳᠡ ᠲᠤᠮᠳᠠ ᠪᠤᠯᠬᠤ᠎ᠶ᠋ᠢᠨ ᠠᠯᠳᠠ᠎ᠳᠤ ᠶᠡᠭᠡᠯ᠎ᠡ ᠶᠠᠳᠠᠷᠠᠵᠤ ᠲᠤᠢᠯᠳᠠᠬᠤ᠎ᠪᠠᠷ ᠰᠠᠶᠢ ᠭᠠᠷ ᠲᠡᠬᠢ ᠬᠦᠷᠵᠡ ᠵᠡᠭᠡᠲᠦᠦ᠍᠎ᠪᠠᠨ ᠬᠠᠶᠠᠵᠤ ᠤᠷᠬᠢᠨ ᠲᠦᠷ ᠵᠠᠭᠤᠷ᠎ᠠ ᠠᠮᠠᠷᠠᠬᠤ᠎ᠪᠠᠷ ᠪᠣᠯᠵᠠᠢ᠃

ᠡᠷᠬᠢᠨ ᠲᠤᠭᠤᠷᠢᠨ᠎ᠢᠶᠠᠨ ᠬᠠᠷᠠᠭᠠᠳ ᠨᠦᠮᠦᠷᠢᠳᠠᠢ ᠭᠠᠵᠠᠷ ᠤᠯᠳᠠᠭ᠍ᠰᠠᠨ ᠦᠭᠡᠢ᠂ ᠤᠭ ᠤᠷᠤᠨ᠎ᠳᠠᠭᠠᠨ ᠴᠢᠯᠠᠭᠤ ᠵᠡᠷᠭᠡᠯᠡᠵᠦ᠍ ᠰᠠᠭᠤᠭᠠᠳ ᠠᠶᠠᠳᠠᠢᠬᠠᠨ ᠨᠢᠭᠡ ᠦᠳᠡᠯᠡᠶ᠎ᠡ ᠭᠡᠵᠤ ᠪᠠᠢᠳᠠᠯ᠎ᠠ᠂ ᠬᠠᠭᠠᠰ᠎ᠲᠠᠢ ᠬᠤᠭᠤᠰ᠎ᠲᠠᠢ ᠬᠠᠪᠤᠷ᠎ᠤᠨ ᠲᠡᠭ᠌ᠷᠢ ᠭᠡᠨᠡᠳᠲᠡ ᠴᠢᠷᠠᠢ ᠬᠤᠪᠢᠷᠠᠨ᠂ ᠠᠭᠤᠷ ᠠᠮᠢᠰᠭᠤᠯ ᠬᠦᠢᠳᠡᠷᠡᠵᠦ᠍᠂ ᠰᠠᠯᠬᠢ ᠬᠠᠤᠬᠢᠨ ᠴᠠᠰᠤ ᠱᠢᠭᠤᠷᠴᠤ᠌ ᠡᠬᠢᠯᠡᠵᠡᠢ᠃ ᠪᠠᠴᠢᠮᠳᠠᠵᠤ ᠰᠠᠨᠳᠤᠷᠤᠭ᠍ᠰᠠᠨ ᠵᠠᠩ ᠱ᠌ᠢ ᠸᠠᠨ ᠲᠡᠷᠡ ᠲᠤᠤᠷ᠎ᠠ᠎ᠨᠢ ᠬᠠᠮᠤᠭ  ᠤᠢᠷ᠎ᠠ ᠬᠠᠷᠠᠭ᠍ᠳᠠᠭ᠎ᠠ ᠠᠢᠯ ᠵᠦᠭ ᠰᠠᠯᠬᠢ ᠰᠦᠷᠦᠨ ᠭᠦᠶᠦᠯ᠎ᠡ᠃

《ᠠᠢ! ᠪᠠᠰᠠ ᠯᠡ ᠲᠡᠭ᠌ᠷᠢ ᠬᠤᠪᠢᠷᠠᠴᠢᠬᠠᠯ᠎ᠠ᠂ ᠡᠪᠦᠭᠡᠨ ᠡ᠂ ᠬᠠᠷᠤᠭᠠᠳ ᠬᠤᠨᠢᠨ ᠬᠠᠱᠢᠶᠠᠨ᠎ᠤ ᠡᠭᠦᠳᠡ᠎ᠶ᠋ᠢ ᠦᠵᠡᠭᠡᠳ ᠢᠷ᠎ᠡ᠂ ᠴᠤᠬᠤᠮ ᠰᠠᠢᠨ ᠤᠶᠠᠵᠤ ᠤᠤ ᠦᠭᠡᠢ ᠤᠤ!》 ᠭᠡᠵᠦ᠍ ᠪᠤᠤ ᠱᠤ᠌ ᠱᠢᠶᠠ᠎ᠶ᠋ᠢᠨ ᠡᠵᠢ᠂ ᠲᠠᠮᠠᠬᠢ ᠳᠠᠲᠠᠨ ᠮᠡᠯᠡᠷᠡᠵᠦ᠍ ᠰᠠᠭᠤᠭ᠎ᠠ ᠨᠦᠬᠦᠷ ᠪᠤᠤ ᠪᠤᠤ ᠵᠤ᠌᠎ᠳᠡᠭᠡᠨ ᠬᠠᠨᠳᠤᠨ ᠬᠡᠯᠡᠨ᠎ᠡ᠃

ᠪᠤᠤ ᠪᠤᠤ ᠵᠤ᠌ ᠬᠠᠭᠠᠯᠭ᠎ᠠ᠎ᠪᠠᠨ ᠨᠡᠭᠡᠭᠡᠳ ᠭᠠᠷᠬᠤ᠎ᠲᠠᠢ ᠵᠡᠷᠭᠡ ᠨᠢᠭᠡ ᠭᠠᠷ᠎ᠲᠠᠭᠠᠨ ᠪᠦᠰᠡ ᠤᠭᠤᠲᠠ ᠲᠡᠭᠦᠵᠢᠯᠡᠭᠰᠡᠨ ᠲᠠᠭᠠᠷᠠᠵᠤ ᠲᠠᠭ᠍ᠵᠢᠭ᠍ᠰᠠᠭᠠᠷ ᠨᠠᠭᠠᠰᠢ ᠴᠠᠭᠠᠰᠢ ᠡᠷᠬᠢᠴᠡᠵᠦ᠍ ᠪᠠᠢᠭ᠎ᠠ ᠵᠠᠩ ᠱ᠌ᠢ ᠸᠠᠨ᠎ᠢ ᠤᠯᠵᠦ᠍ ᠬᠠᠷᠠᠯ᠎ᠠ᠃

《ᠬᠥᠱ᠌ᠢ! ᠴᠢ ᠶᠠᠭᠤᠨ᠎ᠤ ᠬᠦᠮᠦᠨ ᠪᠤᠢ?》 ᠭᠡᠵᠤ ᠠᠰᠠᠭᠤᠳᠠᠯ᠎ᠠ᠂ ᠵᠠᠩ ᠱ᠌ᠢ ᠸᠠᠨ᠄ 《ᠠᠬ᠎ᠠ ᠠ᠂ ᠪᠢ ᠬᠠᠵᠠᠭᠤ᠎ᠶ᠋ᠢᠨ ᠠᠭᠤᠯᠠᠨ ᠲᠡᠭᠡᠷ᠎ᠡ ᠬᠠᠮᠳᠤ᠎ᠶ᠋ᠢᠨ ᠴᠢᠯᠠᠭᠤ᠎ᠶ᠋ᠢ ᠮᠠᠯᠳᠠᠵᠤ ᠪᠠᠢᠭ᠎ᠠ ᠠᠵᠢᠯᠳᠠᠨ ᠪᠠᠢᠨ᠎ᠠ᠂ ᠭᠡᠨᠡᠳᠲᠡ ᠲᠡᠭ᠌ᠷᠢ ᠬᠦᠢᠳᠡᠷᠡᠵᠦ᠍ ᠴᠠᠰᠤ ᠱᠢᠭᠤᠷᠬᠤ᠎ᠪᠠᠷ ᠰᠠᠨᠳᠤᠷᠤᠭᠠᠳ ᠲᠠᠨ᠎ᠤ᠎ᠳᠤ ᠢᠷᠡᠯ᠎ᠡ᠂ ᠭᠡᠷ᠎ᠲᠤ ᠴᠢᠨᠢ ᠤᠷᠤᠵᠤ ᠲᠦᠷ ᠪᠦᠯᠢᠶᠡᠰᠦᠭᠡᠳ ᠬᠤᠭᠤᠯᠠ᠎ᠪᠠᠨ ᠢᠳᠡᠭᠡᠳ ᠭᠠᠷᠪᠠᠯ ᠪᠤᠯᠬᠤ ᠤᠤ?》 ᠭᠡᠵᠦ᠍ ᠭᠠᠷ᠎ᠲᠠᠬᠢ ᠤᠭᠤᠲᠠ᠎ᠲᠠᠢ ᠬᠦᠨᠡᠰᠦ᠎ᠪᠠᠨ ᠡᠷᠭᠦᠪᠡᠯ᠂ ᠪᠤᠤ ᠪᠤᠤ ᠵᠤ᠌ ᠰᠠᠩᠳᠡ ᠮᠡᠩᠳᠡ ᠵᠠᠩ ᠱ᠌ᠢ ᠸᠠᠨ᠎ᠢ ᠭᠡᠷ᠎ᠲᠡᠭᠡᠨ ᠤᠭ᠍ᠳᠤᠨ ᠤᠷᠤᠭᠤᠯᠵᠤ᠂ ᠲᠤᠮᠤᠬᠠᠨ ᠭᠡᠭ᠌ᠴᠢ ᠱᠠᠭᠠᠵᠠᠩ ᠠᠶᠠᠭᠠᠨ᠎ᠳᠤ ᠬᠠᠯᠠᠭᠤᠨ ᠰᠦ᠎ᠲᠠᠢ ᠴᠠᠢ ᠠᠶᠠᠭᠠᠯᠠᠵᠤ ᠪᠠᠷᠢᠭᠤᠯᠤᠭᠠᠳ᠂ ᠬᠤᠭᠤᠯᠠ ᠪᠤᠳᠠᠭ᠎ᠠ ᠬᠠᠯᠠᠭᠠᠵᠤ ᠥᠭ᠌ᠴᠡᠢ᠃

ᠡᠭᠦᠨ᠎ᠡᠴᠡ ᠬᠤᠢᠰᠢ ᠬᠤᠶᠠᠷ ᠠᠢᠯ᠎ᠤᠨ ᠬᠠᠷᠢᠯᠴᠠᠭ᠎ᠠ ᠶᠠᠪᠤᠬᠤ ᠲᠤᠳᠤᠮ ᠤᠢᠷ᠎ᠠ  ᠲᠤᠳᠤᠨᠤ ᠪᠤᠯᠵᠤ᠂ ᠰᠠᠢᠨ ᠨᠠᠢᠵᠠ᠂ ᠰᠠᠢᠨ ᠰᠠᠭᠠᠬᠠᠯᠳᠠ᠂ ᠴᠢᠨᠠᠭ᠍ᠰᠢᠯᠠᠭᠠᠳ ᠰᠠᠢᠨ ᠬᠤᠳᠠ ᠤᠷᠤᠭ  ᠪᠤᠯᠤᠯᠴᠠᠭ᠍ᠰᠠᠨ᠎ᠨᠢ ᠡᠨᠡ ᠪᠠᠢᠵᠠᠢ᠃

— ᠮᠠᠨ᠎ᠤ ᠬᠦᠮᠦᠨ ᠠᠵᠢᠯ᠎ᠳᠤ ᠰᠠᠢᠨ᠂ ᠦᠭᠡ ᠲᠠᠭᠤ ᠴᠦᠬᠡᠨ ᠪᠤᠯᠪᠠᠴᠤ᠌ ᠬᠦᠮᠦᠨ᠎ᠢ ᠥᠷᠥ᠍ ᠡᠪᠡᠳᠬᠦ᠌᠎ᠶ᠋ᠢ ᠮᠡᠳᠡᠨ᠎ᠡ᠂ ᠲᠤᠬᠠᠢ᠎ᠶ᠋ᠢᠨ ᠵᠢᠯ ᠬᠠᠳᠠᠮ ᠠᠪᠤ᠎ᠶ᠋ᠢ ᠲᠠᠭᠠᠵᠤ ᠬᠠᠮᠤᠭ ᠠᠩᠬ᠎ᠠ ᠤᠳᠠᠭ᠎ᠠ ᠮᠠᠨ᠎ᠤ᠎ᠳᠤ ᠢᠷᠡᠬᠦ᠌᠎ᠪᠠᠷ᠎ᠨᠢ ᠨᠦᠬᠦᠷ ᠮᠠᠨᠢ ᠪᠣᠯᠬᠤ ᠬᠦᠮᠦᠨ ᠮᠦᠨ ᠪᠠᠢᠨ᠎ᠠ ᠭᠡᠵᠦ᠍ ᠲᠠᠨᠢᠬᠰᠠᠨ ᠬᠡᠮᠡᠨ ᠪᠤᠤ ᠱᠤ᠌ ᠱᠢᠶᠠ ᠢᠨᠢᠶᠡᠮᠰᠦᠭ᠌ᠯᠡᠨ ᠶᠠᠷᠢᠨ᠎ᠠ᠃

20 ᠳ᠋ᠤᠭᠠᠷ ᠵᠠᠭᠤᠨ᠎ᠤ ᠡᠬᠢᠨ᠎ᠳᠤ᠂ ᠶᠠᠫᠤᠨ ᠡᠵᠡᠷᠬᠡᠭ ᠲᠦᠷᠢᠮᠡᠭᠡᠢᠳᠡᠨ ᠰᠣᠯᠣᠩᠭᠤᠰ᠎ᠢ ᠲᠦᠷᠢᠮᠡᠬᠡᠢᠯᠡᠨ ᠡᠵᠡᠯᠡᠭ᠌ᠰᠡᠨ᠎ᠢᠶᠠᠷ ᠲᠡᠨᠳᠡᠬᠢ ᠶᠠᠳᠠᠭᠤ ᠵᠦᠳᠡᠭᠦᠦ ᠲᠠᠷᠢᠶᠠᠴᠢᠳ ᠭᠡᠳᠡᠰᠦ ᠴᠠᠳᠭᠤᠯᠠᠩ ᠠᠮᠢᠳᠤᠷᠠᠬᠤ᠎ᠶ᠋ᠢᠨ ᠲᠤᠯᠠᠳᠠ ᠡᠬᠡ ᠤᠯᠤᠰ᠎ᠡᠴᠡ᠎ᠪᠠᠨ ᠰᠠᠯᠵᠤ᠂ ᠦᠳᠡᠭᠦᠰ ᠨᠢᠯᠬᠠᠰ᠎ᠢᠶᠠᠨ ᠴᠢᠷᠦᠭ᠌ᠰᠡᠭᠡᠷ᠂ ᠶᠠᠯᠤ ᠮᠦᠷᠡᠨ᠎ᠢ ᠭᠡᠲᠦᠯᠦᠨ ᠮᠠᠨ᠎ᠤ ᠤᠯᠤᠰ᠎ᠤᠨ ᠵᠡᠭᠦᠨ ᠬᠤᠢᠲᠤ ᠣᠷᠣᠨ ᠪᠣᠯᠤᠨ ᠣᠳᠤ᠎ᠶ᠋ᠢᠨ ᠥᠪᠥᠷ ᠮᠣᠩᠭᠤᠯ᠎ᠤᠨ ᠨᠤᠳᠤᠭ᠎ᠲᠤ ᠢᠷᠡᠵᠦ᠂ ᠰᠡᠭᠦᠯᠡᠷ᠎ᠨᠢ 1937 ᠣᠨ᠎ᠤ ᠦᠶ᠎ᠡ ᠪᠡᠷ 100 ᠭᠠᠷᠤᠢ ᠡᠷᠤᠬᠡ ᠰᠤᠯᠤᠩᠭᠤᠰ ᠲᠠᠷᠢᠶᠠᠴᠢᠨ ᠨᠡᠢᠯᠡᠵᠦ᠂ ᠰᠠᠨ ᠾᠧ ᠳᠠᠷᠢᠶᠠᠯᠠᠩ᠎ᠤᠨ ᠳᠠᠯᠠᠪᠠᠢ᠎ᠶ᠋ᠢ ᠨᠡᠭᠡᠭᠡᠪᠡ᠃ ᠡᠨᠡ ᠬᠦ᠌ 100 ᠭᠠᠷᠤᠢ ᠡᠷᠦᠭᠡ᠎ᠶ᠋ᠢᠨ ᠨᠢᠭᠡ᠎ᠨᠢ ᠵᠠᠩ ᠴᠦᠨ ᠵᠶ᠋ᠢ᠎ᠶ᠋ᠢᠨ᠎ᠬᠢ ᠪᠠᠢᠬ᠍ᠰᠠᠨ ᠶᠤᠮ᠃

ᠦᠭᠡᠷᠡᠴᠢᠯᠡᠯᠳᠡ ᠬᠢᠵᠦ᠍ ᠴᠢᠯᠦᠭᠡᠳᠠᠢ ᠶᠠᠪᠤᠯᠴᠠᠭ᠍ᠰᠠᠨ᠎ᠡᠴᠡ ᠬᠤᠢᠰᠢ᠂ ᠠᠳᠡᠬᠢ ᠤᠯᠠᠨ ᠬᠦᠮᠦᠰ ᠦᠭᠡ ᠬᠡᠯᠡᠨ᠎ᠤ ᠲᠠᠪᠠᠭᠤᠯᠢᠭ᠎ᠢᠶᠠᠨ ᠠᠱᠢᠬ᠍ᠯᠠᠨ᠂ ᠺᠤᠷᠢᠶᠠ ᠤᠯᠤᠰ᠎ᠲᠤ ᠬᠦᠷᠴᠦ᠍ ᠠᠵᠢᠯᠯᠠᠵᠤ ᠰᠤᠷᠤᠯᠴᠠᠵᠤ ᠡᠬᠢᠯᠡᠪᠡ᠃ 1997 ᠣᠨ᠎ᠳᠤ᠂ ᠵᠠᠩ ᠴᠦᠨ ᠵᠶ᠋ᠢ ᠴᠤ᠌ ᠠᠵᠢᠯ ᠠᠮᠢᠳᠤᠷᠠᠯ᠎ᠤᠨ ᠡᠷᠬᠡ᠎ᠪᠠᠷ ᠡᠨᠡ ᠬᠦ᠌ ᠦᠷᠨᠢᠯᠲᠡ᠎ᠶ᠋ᠢ᠎ᠲᠠᠭᠠᠨ ᠬᠦᠯᠦᠰᠦᠨ ᠠᠵᠢᠯ ᠬᠢᠬᠦ᠌᠎ᠪᠠᠷ ᠺᠤᠷᠢᠶᠠ᠎ᠶ᠋ᠢ ᠵᠤᠷᠢᠵᠠᠢ᠃

ᠢᠯᠡᠭᠦᠭᠡᠨ ᠮᠦᠩᠭᠦ᠌ ᠵᠤᠭᠤᠰ ᠬᠠᠳᠠᠭᠠᠯᠠᠵᠤ᠂ ᠡᠷᠳᠡᠭᠡᠨ ᠨᠢᠭᠡ ᠡᠳᠦᠷ ᠭᠡᠷ᠎ᠲᠡᠭᠡᠨ ᠪᠤᠴᠠᠶ᠎ᠠ ᠭᠡᠰᠡᠨ ᠪᠤᠳᠤᠯ᠎ᠢ ᠡᠪᠦᠷᠯᠡᠭ᠌ᠰᠡᠭᠡᠷ ᠲᠡᠷᠡ ᠵᠤᠨ᠎ᠤ ᠠᠭᠠᠭᠢᠮ᠎ᠠ ᠬᠠᠯᠠᠭᠤᠨ᠂ ᠡᠪᠦᠯ᠎ᠤᠨ ᠬᠠᠬᠢᠷ ᠬᠦᠢᠳᠡᠨ᠎ᠢ ᠢᠯᠭᠠᠯ ᠦᠭᠡᠢ ᠰᠸᠦ᠋ᠯ ᠬᠤᠲᠠ᠎ᠶ᠋ᠢᠨ ᠪᠠᠷᠢᠯᠭ᠎ᠠ᠎ᠶ᠋ᠢᠨ ᠠᠵᠢᠯ᠎ᠳᠤ ᠤᠯᠳᠠᠭ᠍ᠰᠠᠨ᠎ᠤ ᠬᠢᠨᠢ ᠬᠢᠷᠢ᠎ᠪᠠᠷ ᠬᠦᠴᠦ᠍ ᠶᠠᠪᠤᠭ᠍ᠰᠠᠭᠠᠷ ᠨᠢᠭᠡ ᠮᠡᠳᠡᠬᠦ᠌᠎ᠳᠤ 3 ᠵᠢᠯ᠎ᠢ ᠠᠷᠤ᠎ᠳᠠᠭᠠᠨ ᠤᠷᠬᠢᠵᠠᠢ᠃

— ᠬᠠᠷᠢ ᠭᠠᠳᠠᠨ᠎ᠠ ᠬᠦᠴᠦᠨ᠎ᠤ ᠠᠵᠢᠯ᠎ᠳᠤ ᠶᠠᠪᠤᠵᠤ ᠪᠠᠢᠭ᠎ᠠ ᠬᠦᠮᠦᠨ ᠭᠡᠷ᠎ᠢᠶᠠᠨ ᠰᠠᠨᠠᠬᠤ᠎ᠶ᠋ᠢ ᠶᠠᠷᠢᠨ᠎ᠠ ᠤᠤ᠂ ᠲᠤᠬᠠᠢ᠎ᠶ᠋ᠢᠨ ᠦᠶᠡᠰ ᠬᠡᠳᠤᠢᠪᠡᠷ ᠡᠳᠦᠷᠵᠢᠨ ᠰᠤᠯᠤᠩᠭᠤᠰ ᠬᠤᠭᠤᠯᠠ ᠤᠯᠵᠤ ᠢᠳᠡᠬᠦ᠌ ᠪᠤᠯᠪᠠᠴᠤ᠌ ᠠᠮᠲᠠ ᠱᠢᠮᠲᠡ᠎ᠨᠢ ᠮᠢᠨᠤ ᠡᠭᠡᠨᠡᠷ᠎ᠤᠨ ᠬᠢᠭ᠌ᠰᠡᠨ᠎ᠢ ᠬᠤᠯᠠ ᠬᠦᠷᠬᠦ᠌ ᠦᠭᠡᠢ ᠯᠠ ᠰᠠᠨᠠᠭᠳᠠᠳᠠᠭ ᠪᠠᠢᠬᠰᠠᠨ ᠃ 2000 ᠣᠨ ᠭᠠᠷᠤᠭᠠᠳ ᠤᠯᠤᠰ᠎ᠤᠨ ᠲᠤᠳᠤᠭᠠᠳᠤ᠎ᠶ᠋ᠢᠨ ᠠᠵᠤ ᠠᠬᠤᠢ ᠴᠤ᠌ ᠶᠡᠭᠡᠪᠡᠷ ᠰᠠᠢᠵᠢᠷᠠᠵᠤ᠂ ᠤᠯᠠᠭᠠᠨᠬᠤᠳᠠ᠎ᠶ᠋ᠢᠨ ᠤᠢᠷ᠎ᠠ ᠤᠷᠴᠢᠮ᠎ᠢᠶᠠᠷ ᠠᠷ ᠰᠠᠷ ᠠᠵᠢᠯ ᠠᠮᠠᠷᠬᠠᠨ ᠤᠯᠳᠠᠬᠤ ᠪᠤᠯᠤᠭ᠍ᠰᠠᠨ᠂ ᠲᠡᠭᠡᠭᠦᠯᠡᠷ ᠬᠦᠴᠦ᠍ ᠶᠠᠪᠤᠵᠤ ᠤᠯᠤᠭ᠍ᠰᠠᠨ 10 ᠲᠦᠮᠡᠨ ᠲᠦᠭᠦᠷᠢᠭ᠎ᠢᠶᠠᠨ ᠡᠪᠤᠷᠯᠡᠭᠡᠳ ᠭᠡᠷ᠎ᠲᠡᠭᠡᠨ ᠪᠤᠴᠠᠭᠠᠳ ᠢᠷᠡᠭ᠌ᠰᠡᠨ ᠭᠡᠵᠤ ᠵᠠᠩ ᠴᠦᠨ ᠵᠶ᠋ᠢ ᠡᠷᠬᠢᠴᠡᠭᠦᠯᠦᠨ᠎ᠡ᠃

ᠵᠠᠩ ᠴᠦᠨ ᠵᠶ᠋ᠢ᠎ᠶ᠋ᠢ ᠺᠤᠷᠢᠶᠠ᠎ᠳᠤ ᠪᠠᠢᠬᠤ ᠬᠤᠭᠤᠴᠠᠭᠠᠨ᠎ᠳᠤ᠂ ᠪᠤᠤ ᠱᠤ᠌ ᠱᠢᠶᠠ ᠭᠠᠵᠠᠷ ᠬᠠᠭᠠᠯᠤᠨ ᠲᠠᠷᠢᠶ᠎ᠠ ᠲᠠᠷᠢᠵᠤ᠂ ᠬᠠᠳᠠᠮ ᠡᠮᠡᠭᠡ᠂ ᠬᠠᠳᠠᠮ ᠡᠴᠢᠭᠡ ᠡᠬᠡ᠎ᠪᠠᠨ ᠠᠰᠠᠷᠠᠨ ᠬᠠᠷᠠᠭᠠᠯᠵᠠᠵᠤ᠂ ᠦᠰᠪᠦᠷᠢ᠎ᠶ᠋ᠢᠨ ᠨᠠᠰᠤᠨ᠎ᠤ ᠬᠦᠦ ᠦᠬᠢᠨ᠎ᠢᠶᠠᠨ ᠲᠤᠳᠤᠮᠳᠠᠨ ᠬᠦᠮᠦᠵᠢᠭᠦᠯᠵᠦ᠍᠂ ᠠᠷᠤ ᠭᠡᠷ᠎ᠤᠨ ᠠᠯᠢᠪᠠ ᠠᠵᠢᠯ᠎ᠢᠶᠠᠨ ᠭᠠᠭ᠍ᠴᠠᠭᠠᠷ᠎ᠢᠶᠠᠨ ᠲᠦᠪᠬᠢᠨᠡᠬᠦᠯᠤᠭ᠌ᠰᠡᠭᠡᠷ ᠢᠷᠡᠵᠡᠢ᠃ ᠨᠦᠬᠦᠷ᠎ᠤᠨ᠎ᠢᠶᠠᠨ ᠬᠠᠷᠢ ᠭᠠᠵᠠᠷ ᠬᠦᠮᠦᠨ᠎ᠤ ᠨᠤᠳᠤᠭ᠎ᠲᠤ ᠭᠤᠨᠢ ᠭᠠᠭ᠍ᠴᠠᠭᠠᠷ ᠵᠦᠳᠡᠷᠡᠵᠦ᠍ ᠶᠠᠪᠤᠭ᠎ᠠ᠎ᠨᠢ ᠪᠦᠷ ᠯᠡ ᠭᠡᠷ᠎ᠤᠨ᠎ᠢᠶᠠᠨ ᠲᠦᠯᠦᠭᠡ ᠭᠡᠵᠦ᠍ ᠤᠢᠯᠠᠭᠠᠳᠠᠭ ᠪᠤᠯᠬᠤᠷ᠂ 《ᠠᠷᠤ ᠭᠡᠷ᠎ᠢᠶᠠᠨ ᠭᠠᠭ᠍ᠴᠠᠭᠠᠷ ᠲᠤᠳᠤᠮᠳᠠᠵᠤ ᠵᠦᠳᠡᠷᠡᠯ᠎ᠠ》 ᠭᠡᠬᠦ᠌ ᠦᠭᠡ᠎ᠶ᠋ᠢ ᠪᠤᠤ ᠱᠤ᠌ ᠱᠢᠶᠠ ᠨᠢᠭᠡ ᠴᠤ᠌ ᠤᠳᠠᠭ᠎ᠠ ᠠᠮᠠᠨ᠎ᠡᠴᠡ᠎ᠪᠠᠨ ᠴᠤᠬᠤᠢᠯᠭᠠᠳᠤᠢ ᠂ ᠬᠠᠷᠢᠨ ᠨᠦᠬᠦᠷ᠎ᠢᠶᠠᠨ ᠬᠠᠷᠢᠵᠤ ᠢᠷᠡᠭ᠌ᠰᠡᠨ᠎ᠡᠴᠡ ᠰᠡᠭᠦᠯᠡᠷ ᠳᠠᠪᠤᠰᠤᠯᠠᠭ᠍ᠰᠠᠨ ᠨᠤᠭᠤᠭ᠎ᠠ᠂ ᠵᠢᠶᠠᠩ᠎ᠲᠠᠢ ᠱᠥᠯᠥ᠍ ᠵᠡᠷᠭᠡ ᠰᠤᠯᠤᠩᠭᠤᠰ ᠮᠠᠶᠢᠭ᠎ᠤᠨ ᠬᠤᠭᠤᠯᠠ ᠤᠮᠳᠠ᠎ᠶ᠋ᠢ ᠤᠯᠠᠮ ᠴᠤ᠌ ᠰᠠᠢᠨ ᠰᠤᠷᠴᠤ᠌ ᠠᠮᠳᠠᠳᠠᠢ ᠰᠠᠢᠬᠠᠨ ᠬᠢᠬᠦ᠌ ᠪᠤᠯᠵᠠᠢ᠃

— ᠤᠳᠠᠯ ᠦᠭᠡᠢ ᠵᠢᠭᠤᠯᠴᠢᠯᠠᠯ᠎ᠤᠨ ᠬᠦᠭ᠌ᠵᠢᠶᠡᠩᠳᠦ ᠤᠯᠠᠷᠢᠯ ᠪᠣᠯᠣᠨ᠎ᠠ᠂ ᠲᠡᠷᠡ ᠦᠶᠡᠰ ᠬᠦᠮᠦᠰ ᠮᠠᠨ᠎ᠤ ᠬᠦᠷᠢᠶᠡᠨ᠎ᠳᠤ ᠢᠷᠡᠵᠦ᠍ ᠦᠵᠦᠮ ᠬᠤᠳᠠᠯᠳᠤᠨ ᠠᠪᠴᠤ᠌ ᠪᠤᠯᠤᠨ᠎ᠠ᠃

— ᠲᠡᠢᠮᠦ᠍ ᠱᠢᠤ᠂ ᠡᠳᠡᠭᠡᠷ ᠴᠢᠨᠢ ᠭᠡᠳ ᠪᠦᠷ ᠲᠤᠰᠭᠤᠨ᠎ᠤ ᠬᠤᠭᠤᠯᠠᠨ ᠭᠡᠷ᠎ᠤᠳ᠎ᠡᠴᠡ ᠤᠷᠢᠳᠴᠢᠯᠠᠨ ᠵᠠᠬᠢᠶᠠᠯᠠᠭ᠍ᠰᠠᠨ ᠲᠠᠪᠤᠰᠤᠯᠠᠭ᠍ᠰᠠᠨ ᠨᠤᠭᠤᠭ᠎ᠠ᠎ᠨᠤᠭᠤᠳ᠂ ᠡᠷᠳᠡᠭᠡᠨ ᠪᠡᠯᠡᠳᠭᠡᠵᠦ᠍ ᠲᠠᠯᠪᠢᠬᠤ ᠦᠭᠡᠢ ᠪᠣᠯ ᠴᠠᠭ᠎ᠨᠢ ᠲᠤᠯᠤᠭᠠᠳ ᠬᠢᠵᠦ᠍ ᠵᠠᠪᠳᠤᠬᠤ ᠦᠭᠡᠢ ᠪᠣᠯᠤᠨ᠎ᠠ ᠭᠡᠵᠦ᠍ ᠲᠡᠷᠡ ᠬᠤᠶᠠᠭᠤᠯᠠ ᠪᠠᠶᠠᠷᠳᠠᠢᠬᠠᠨ ᠶᠠᠷᠢᠨ᠎ᠠ᠃

— ᠡᠭᠡᠴᠢ ᠬᠡᠳᠤᠢᠪᠡᠷ ᠮᠤᠩᠭᠤᠯ ᠬᠦᠮᠦᠨ ᠪᠤᠯᠪᠠᠴᠤ᠌ ᠲᠠᠪᠤᠰᠤᠯᠠᠭ᠍ᠰᠠᠨ ᠨᠤᠭᠤᠭ᠎ᠠ᠎ᠶ᠋ᠢ ᠰᠤᠯᠤᠩᠭᠤᠰ ᠬᠦᠮᠦᠨ᠎ᠡᠴᠡ ᠴᠤ᠌ ᠢᠯᠡᠭᠦᠦ ᠠᠮᠳᠠᠳᠠᠢ ᠬᠢᠳᠡᠭ᠂ ᠤᠳᠤ ᠴᠤ᠌ ᠭᠡᠰᠡᠨ ᠮᠠᠨ᠎ᠤ ᠬᠤᠭᠤᠯᠠᠨ ᠭᠡᠷ᠎ᠤᠨ ᠨᠢᠭᠡ ᠭᠡᠰᠡᠭ ᠲᠠᠪᠤᠰᠤᠯᠠᠭ᠍ᠰᠠᠨ ᠨᠤᠭᠤᠭ᠎ᠠ᠎ᠶ᠋ᠢ ᠬᠠᠩᠭᠠᠵᠤ ᠪᠠᠢᠭ᠎ᠠ ᠱᠢᠤ᠂ ᠪᠢ ᠦᠪᠡᠷ᠎ᠢᠶᠠᠨ ᠮᠠᠨᠵᠤ ᠦᠨᠳᠦᠰᠦᠳᠡᠨ᠂ ᠮᠢᠨᠤ ᠨᠦᠬᠦᠷ ᠬᠢᠲᠠᠳ ᠦᠨᠳᠦᠰᠦᠳᠡᠨ᠂ ᠮᠠᠨ᠎ᠤ ᠲᠤᠰᠭᠤᠨ᠎ᠡᠴᠡ ᠰᠤᠯᠤᠩᠭᠤᠰ ᠤᠨᠴᠠᠯᠢᠬ᠍ᠳᠤ ᠰᠤᠶᠤᠯ ᠵᠢᠭᠤᠯᠴᠢᠯᠠᠯ᠎ᠢ ᠭᠤᠣᠯᠴᠢᠯᠠᠨ ᠡᠭᠦᠳᠴᠦ᠍ ᠪᠠᠢᠭ᠎ᠠ ᠪᠤᠯᠬᠤᠷ ᠮᠠᠨ᠎ᠤ᠎ᠬᠢ ᠰᠤᠯᠤᠩᠭᠤᠰ ᠦᠨᠦᠷ ᠠᠮᠳᠠᠳᠠᠢ ᠬᠤᠭᠤᠯᠠᠨ ᠭᠡᠷ ᠨᠡᠭᠡᠭᠡᠭ᠌ᠰᠡᠨ ᠭᠡᠵᠦ᠍ ᠪᠤᠤ ᠱᠤ᠌ ᠱᠢᠶᠠ᠎ᠶ᠋ᠢᠨ ᠰᠠᠭᠠᠬᠠᠯᠳᠠ ᠵᠣᠣ ᠹᠠᠨ ᠶᠠᠷᠢᠨ᠎ᠠ᠃

ᠤᠢᠷ᠎ᠠ᠎ᠶ᠋ᠢᠨ ᠵᠢᠯ᠎ᠡᠴᠡ ᠰᠠᠨ ᠡᠾᠧ ᠲᠤᠰᠭᠤᠨ᠎ᠨᠢ ᠦᠪᠡᠷᠮᠢᠴᠡ ᠤᠨᠴᠠᠯᠢᠬ᠍ᠳᠤ ᠰᠤᠶᠤᠯ᠎ᠤᠨ ᠠᠭᠤᠯᠬᠤᠨ ᠪᠠ ᠡᠶᠡᠪᠡᠷᠭᠦᠦ ᠲᠤᠯᠠᠭᠠᠨ ᠠᠭᠤᠷ ᠠᠮᠢᠰᠭᠤᠯ᠂ ᠥᠩ ᠱᠢᠮᠡᠯᠢᠭ ᠬᠦᠷᠦᠰᠦ ᠱᠢᠷᠤᠢ᠂ ᠡᠯᠪᠡᠭ ᠪᠠᠶᠠᠯᠢᠭ ᠤᠰᠤᠨ᠎ᠤ ᠡᠬᠢ ᠰᠤᠷᠪᠤᠯᠵᠢ ᠵᠡᠷᠭᠡ ᠪᠠᠢᠭᠠᠯᠢ᠎ᠶ᠋ᠢᠨ ᠲᠠᠪᠠᠭᠤᠯᠢᠭ᠎ᠲᠠᠭᠠᠨ ᠲᠦᠱᠢᠭ᠌ᠯᠡᠨ ᠵᠢᠭᠤᠯᠴᠢᠯᠠᠯ᠎ᠤᠨ ᠦᠢᠯᠡᠰ᠎ᠢ ᠶᠡᠬᠡᠪᠡᠷ ᠬᠦᠭ᠌ᠵᠢᠭᠦᠯᠵᠦ᠍ ᠡᠬᠢᠯᠡᠭ᠌ᠰᠡᠨ᠎ᠢᠶᠠᠷ ᠲᠤᠰᠭᠤᠨ᠎ᠤ ᠠᠢᠯ᠎ᠤᠳ ᠵᠢᠭᠤᠯᠴᠢᠯᠠᠯ᠎ᠤᠨ ᠠᠱᠢᠭ ᠲᠤᠰᠠ᠎ᠶᠢ ᠪᠦᠷ ᠬᠦᠷᠳᠡᠵᠦ᠍ ᠲᠡᠢᠯᠬᠦ᠌ ᠪᠤᠯᠵᠠᠢ᠃

ᠰᠤᠷᠪᠤᠯᠵᠢᠯᠠᠭ᠎ᠠ ᠲᠠᠭᠤᠰᠤᠭᠠᠳ ᠪᠤᠴᠠᠬᠤ᠎ᠳᠤ ᠨᠢᠭᠡᠨᠲᠡ ᠤᠷᠤᠢ ᠵᠢᠨ 7 ᠴᠠᠭ ᠠᠶᠠᠳᠠᠭᠠᠳ ᠪᠠᠢᠪᠠ᠃ ᠵᠢᠷᠭᠠᠬᠤ ᠨᠠᠷᠠᠨ᠎ᠤ ᠤᠯᠠᠪᠢᠷ ᠲᠤᠶᠠᠭᠠᠨ᠎ᠳᠤ ᠰᠤᠯᠤᠩᠭᠤᠰ ᠬᠤᠪᠴᠠᠰᠤ ᠪᠠᠷ ᠭᠤᠶᠤᠬ᠍ᠰᠠᠨ ᠬᠤᠷᠢᠮ᠎ᠤᠨ ᠰᠡᠭᠦᠳᠡᠷ ᠲᠠᠳᠠᠭᠤᠯᠵᠦ᠍ ᠪᠠᠢᠭ᠎ᠠ ᠵᠠᠯᠠᠭᠤ ᠬᠤᠤᠰ᠂ ᠭᠡᠤᠭᠡᠳ ᠤᠮᠪᠤᠯᠤ᠎ᠪᠠᠨ ᠲᠠᠭᠠᠭᠤᠯᠤᠭ᠍ᠰᠠᠨ ᠢᠳᠡᠷ ᠦᠳᠡᠭᠦᠰ ᠶᠠᠪᠠᠭᠠᠨ ᠵᠡᠭᠡᠯᠢ᠎ᠶ᠋ᠢᠨ ᠠᠭᠤᠷ ᠠᠮᠢᠰᠭᠤᠯ᠎ᠢ ᠤᠯᠠᠮ ᠴᠤ᠌ ᠪᠦᠷ ᠬᠠᠯᠠᠭᠤᠬᠠᠨ ᠰᠠᠨᠠᠭ᠍ᠳᠠᠭᠤᠯᠵᠤ᠂ ᠵᠡᠭᠡᠯᠢ᠎ᠶ᠋ᠢᠨ ᠬᠤᠶᠠᠷ ᠲᠠᠯ᠎ᠠ᠎ᠪᠠᠷ ᠠᠵᠢᠯ ᠪᠠᠭᠤᠭᠠᠳ ᠢᠷᠡᠭ᠌ᠰᠡᠨ ᠬᠦᠮᠦᠰ ᠱᠣᠷᠤᠯᠢᠭ ᠢᠳᠡᠨ ᠫᠢᠸᠣ᠋ ᠤᠤᠭᠤᠵᠤ᠂ ᠵᠠᠷᠢᠮ᠎ᠨᠢ ᠮᠤᠩᠭᠤᠯ᠎ᠢᠶᠠᠷ᠂ ᠵᠠᠷᠢᠮ᠎ᠨᠢ ᠰᠤᠯᠤᠩᠭᠤᠰ᠎ᠢᠶᠠᠷ᠂ ᠵᠠᠷᠢᠮ᠎ᠨᠢ ᠬᠢᠲᠠᠳ᠎ᠢᠶᠠᠷ ᠶᠠᠷᠢᠵᠠᠭᠠᠨ ᠮᠠᠰᠢ ᠬᠦᠷ ᠬᠦᠭ᠌ᠵᠢᠶᠡᠨ᠎ᠲᠠᠢ ᠪᠠᠢᠵᠠᠭᠠᠯ᠎ᠠ᠃

ᠰᠠᠨ ᠾᠧ ᠲᠤᠰᠭᠤᠨ᠎ᠳᠤ ᠵᠠᠩ ᠴᠦᠨ ᠵᠶ᠋ᠢ᠂ ᠵᠤᠤ ᠹᠠᠨ᠎ᠤ᠎ᠬᠢ᠎ᠲᠠᠢ ᠠᠳᠠᠯᠢ᠎ᠪᠠᠷ ᠤᠯᠠᠨ ᠦᠨᠳᠦᠰᠦᠳᠡᠨ᠎ᠢᠶᠠᠷ ᠪᠦᠷᠢᠯᠳᠦᠭ᠌ᠰᠡᠨ ᠭᠡᠷ ᠪᠦᠯᠢ᠎ᠨᠦᠭᠦᠳ ᠤᠯᠠᠨ ᠪᠤᠢ᠃ ᠲᠡᠳᠡᠨᠡᠷ ᠠᠢᠯ ᠰᠠᠭᠠᠬᠠᠯᠳᠠ ᠪᠣᠯᠣᠯᠴᠠᠨ ᠤᠳᠠᠭᠠᠨ ᠵᠢᠯ ᠬᠠᠮᠳᠤᠷᠠᠨ ᠠᠮᠢᠳᠤᠷᠠᠬᠤ᠎ᠳᠠᠭᠠᠨ ᠬᠠᠷᠢᠯᠴᠠᠨ ᠲᠦᠱᠢᠯᠴᠡᠨ ᠬᠠᠷᠢᠯᠴᠠᠨ ᠬᠠᠪᠰᠤᠷᠤᠯᠴᠠᠵᠤ ᠭᠦᠨ ᠵᠤᠵᠠᠭᠠᠨ ᠨᠦᠬᠦᠷᠯᠡᠯ᠎ᠢ ᠪᠠᠢᠭᠤᠯᠤᠭ᠍ᠰᠠᠨ᠎ᠢᠶᠠᠷ ᠪᠠᠷᠠᠬᠤ ᠦᠭᠡᠢ᠂ ᠤᠯᠠᠮᠵᠢᠯᠠᠯ ᠵᠠᠩ ᠲᠠᠳᠭᠠᠯ᠎ᠤᠨ ᠲᠠᠯ᠎ᠠ᠎ᠪᠠᠷ ᠠᠭᠤᠰᠤᠯᠴᠠᠨ ᠤᠶᠠᠯᠳᠤᠬ᠍ᠰᠠᠭᠠᠷ ᠦᠪᠡᠷᠮᠢᠴᠡ ᠤᠨᠴᠠᠭᠠᠢ ᠰᠤᠶᠤᠯ ᠢᠷᠭᠡᠨᠭ᠌ᠰᠢᠯ᠎ᠤᠨ  ᠤᠷᠤᠨ ᠵᠠᠢ᠎ᠶ᠋ᠢ ᠪᠦᠳᠦᠭᠡᠭ᠌ᠰᠡᠭᠡᠷ ᠁ ᠦᠵᠡᠰᠭᠦᠯᠡᠩᠲᠦ ᠰᠠᠢᠬᠠᠨ ᠭᠡᠷ ᠤᠷᠤᠨ᠎ᠢᠶᠠᠨ ᠬᠠᠮᠲᠤ᠎ᠪᠠᠷ ᠪᠠᠢᠭᠤᠯᠤᠭ᠍ᠰᠠᠭᠠᠷ ᠁

ᠶᠠᠭ ᠯᠡ ᠵᠠᠭᠤᠨ ᠮᠢᠩᠭᠠᠨ ᠵᠢᠯ᠎ᠢᠶᠠᠷ ᠶᠡᠭᠡ ᠬᠢᠩᠭᠠᠨ᠎ᠤ᠎ᠪᠠᠨ ᠬᠠᠯᠠᠭᠤᠨ ᠡᠯᠢᠭᠡᠨ᠎ᠳᠤ ᠬᠦᠷᠦᠰᠦ ᠱᠢᠷᠤᠢ᠂ ᠬᠦᠮᠦᠨ ᠠᠷᠠᠳ᠎ᠢᠶᠠᠨ ᠤᠮᠳᠠᠯᠠᠨ ᠦᠶᠡᠯᠵᠡᠭᠡ ᠲᠤᠭᠤᠷ᠂ ᠬᠦᠢᠯᠡᠷ᠂ ᠠᠮᠤᠭᠤᠯᠠᠩ ᠭᠤᠷᠪᠠᠨ ᠭᠤᠣᠯ᠎ᠤᠨ ᠤᠰᠤᠨ ᠮᠡᠲᠦ᠂ ᠶᠡᠭᠡ ᠴᠢᠳᠭᠤᠯᠠᠩ᠎ᠳᠤ ᠤᠷᠤᠰᠭᠠᠯ ᠨᠠᠢᠯᠠᠨ ᠠᠯᠤᠰ᠎ᠢ ᠵᠤᠷᠢᠨ ᠱᠤᠤᠬᠢᠨ ᠤᠷᠤᠰᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号