●ᠤᠯᠠᠭᠠᠠᠬᠠᠳᠠ ᠬᠤᠳᠠ 《ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠪᠠᠳᠤ ᠴᠤᠬᠴᠠᠯᠠᠬᠤ ᠬᠦᠮᠦᠵᠢᠯ ᠪᠤᠯᠪᠠᠰᠤᠷᠠᠯ ᠤᠬᠠᠭᠤᠯᠤᠨ ᠲᠠᠢᠯᠪᠤᠷᠢᠯᠠᠯᠳᠠ ᠵᠢ ᠪᠦᠷᠬᠦᠬᠦᠯᠬᠦ》 ᠲᠤᠰᠬᠠᠢ ᠠᠵᠢᠯᠯᠠᠭ᠎ᠠ ᠦᠷᠨᠢᠬᠦᠯᠬᠦ᠂ ᠭᠤᠤᠯ ᠰᠡᠳᠦᠪᠳᠦ ᠴᠡᠴᠡᠷᠯᠢᠭ ᠪᠠᠢᠭᠤᠯᠬᠤ ᠵᠡᠷᠬᠡ ᠬᠦᠮᠦᠵᠢᠯ ᠦᠢᠯᠡᠳᠦᠯᠬᠡ ᠵᠢᠨ ᠰᠠᠭᠤᠷᠢᠨ ᠪᠠᠢᠭᠤᠯᠤᠨ ᠂ ᠤᠬᠠᠭᠤᠯᠭ᠎ᠠ ᠬᠦᠮᠦᠵᠢᠯ ᠢ᠋ ᠪᠦᠷᠬᠦᠬᠦᠯᠬᠦ ᠵᠢ ᠪᠡᠶᠡᠯᠡᠬᠦᠯᠪᠡ᠃
●《ᠤᠯᠠᠭᠠᠠᠬᠠᠳᠠ ᠵᠢᠨ ᠵᠠᠯᠠᠭᠤᠴᠤᠳ ᠪᠠᠭᠠᠴᠤᠳ ᠤ᠋ᠨ ᠶᠠᠪᠤᠯᠴᠠᠵᠤ ᠰᠤᠯᠢᠯᠴᠠᠵᠤ ᠠᠭᠤᠰᠤᠯᠴᠠᠬᠤ ᠠᠵᠢᠯᠯᠠᠭ᠎ᠠ ᠵᠢᠨ ᠬᠡᠷᠡᠭᠵᠢᠬᠦᠯᠬᠦ ᠲᠦᠰᠦᠯ 》 ᠢ᠋ ᠲᠠᠷᠤᠮᠠᠯᠯᠠᠨ ᠲᠠᠷᠬᠠᠭᠠᠵᠤ ᠂ ᠡᠯ᠎ᠡ ᠦᠨᠳᠦᠰᠦᠳᠡᠨ ᠤ᠋ ᠵᠠᠯᠠᠭᠤᠴᠤᠳ ᠪᠠᠭᠠᠴᠤᠳ ᠤ᠋ᠨ ᠦᠷᠬᠡᠨ ᠲᠡᠯᠬᠡᠷ ᠶᠠᠪᠤᠯᠴᠠᠭ᠎ᠠ ᠂ ᠬᠦᠨᠵᠡᠬᠡᠢ ᠰᠤᠯᠢᠯᠴᠠᠭ᠎ᠠ᠂ ᠪᠦᠬᠦ ᠲᠠᠯ᠎ᠠ ᠵᠢᠨ ᠠᠭᠤᠰᠤᠯᠴᠠᠯ ᠢ᠋ ᠠᠬᠢᠭᠤᠯᠪᠠ᠃
● ᠪᠦᠬᠦ ᠬᠤᠳᠠ ᠳ᠋ᠤ ᠤᠯᠤᠰ ᠤ᠋ᠨ ᠲᠡᠰ ᠤ᠋ᠨ ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢᠨ ᠵᠢᠱ᠌ᠢᠶ᠎ᠡ ᠦᠵᠡᠬᠦᠯᠬᠦ ᠲᠤᠭᠤᠷᠢᠬ ᠨᠢᠬᠡᠴᠢ ᠵᠢ 9 ᠡᠬᠦᠳᠦᠨ ᠪᠠᠢᠭᠤᠯᠵᠤ ᠂ 《ᠪᠦᠬᠦ ᠤᠯᠤᠰ ᠤ᠋ᠨ ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢᠨ ᠵᠢᠱ᠌ᠢᠶᠡᠴᠢ ᠬᠠᠮᠳᠤ 》 ᠵᠢ 20 ᠪᠤᠢᠵᠢᠭᠤᠯᠪᠠ᠃
● ᠪᠠᠭᠠᠷᠢᠨ ᠪᠠᠷᠠᠭᠤᠨ ᠬᠤᠰᠢᠭᠤ ᠬᠢᠭᠡᠳ ᠯᠢᠨᠰᠢ ᠰᠢᠶᠡᠨ ᠴᠠᠭᠠᠠᠮᠦ᠋ᠷᠡᠨ ᠲᠠᠭᠠᠤ ᠰᠤᠮᠤ ᠪᠠᠯᠭᠠᠰᠤᠨᠤ 《 〈ᠵᠢᠱ᠌ᠢᠶᠡᠴᠢ ᠦᠪᠡᠷᠳᠡᠬᠡᠨ ᠵᠠᠰᠠᠬᠤ ᠤᠷᠤᠨ〉 ᠢ᠋ ᠪᠦᠬᠦ ᠲᠠᠯ᠎ᠠ ᠪᠡᠷ ᠪᠦᠳᠦᠬᠡᠨ ᠪᠠᠢᠭᠤᠯᠬᠤ ᠵᠢᠴᠢ ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠪᠠᠳᠤ ᠴᠤᠬᠴᠠᠯᠠᠵᠤ ᠬᠠᠮᠳᠤ ᠪᠡᠷ ᠪᠠᠢᠭᠤᠯᠤᠨ ᠬᠤᠯᠪᠤᠭᠠᠯᠠᠨ ᠡᠬᠦᠳᠬᠦ ᠠᠵᠢᠯᠯᠠᠭ᠎ᠠ》 ᠵᠢ ᠡᠷᠬᠢᠯᠡᠨ ᠶᠠᠪᠤᠬᠳᠠᠭᠤᠯᠵᠦ ᠪᠠᠢᠨ᠎ᠠ᠃

ᠦᠵᠠᠮᠵᠢ ᠲᠡᠬᠦᠰ ᠰᠠᠢᠬᠠᠨ ᠬᠠᠨ ᠡᠴᠨ ᠡᠬᠢ ᠲᠠᠢ ᠤᠶᠠᠬᠠᠨ ᠲᠤᠩᠭᠠᠯᠠᠬ ᠴᠠᠭᠠᠠᠮᠦ᠋ᠷᠡᠨ ᠵᠠᠭᠤ ᠮᠢᠡᠭᠭᠠᠨ ᠵᠢᠯᠤᠨ ᠲᠤᠷᠰᠢ ᠮᠠᠯ ᠰᠦᠷᠦᠭ ᠤ᠋ᠨ ᠦᠨᠢᠷ ᠦᠰᠦᠯᠳᠡ ᠂ ᠲᠠᠪᠤᠨ ᠲᠠᠷᠢᠶᠠᠨ ᠤ᠋ ᠡᠯᠪᠡᠭ ᠬᠤᠷᠢᠶᠠᠯᠳᠠ ᠂ ᠮᠠᠯᠴᠢᠳ ᠲᠠᠷᠢᠶᠠᠴᠢᠳ ᠤ᠋ᠨ ᠵᠢᠷᠭᠠᠯᠳᠤ ᠠᠮᠢᠳᠤᠷᠠᠯᠢ ᠤᠮᠳᠠᠯᠠᠵᠤ᠂ ᠨᠤᠮᠢᠨ ᠨᠤᠭᠤᠭᠠᠨ ᠲᠠᠯ᠎ᠠ ᠵᠢᠨ ᠲᠤᠮᠳᠠᠭᠤᠷ ᠬᠦᠮᠦᠨ ᠵᠤᠨᠤ ᠬᠦᠭᠵᠢᠬᠦᠨ ᠠᠮᠢᠳᠤᠷᠡᠯ᠂ ᠡᠪᠤᠨ ᠲᠠᠭᠤᠨᠢ᠋ ᠴᠢᠪᠬᠠᠳᠠᠨ ᠠᠯᠤᠰ ᠢ᠋ ᠵᠤᠷᠢᠨ ᠮᠢᠷᠠᠯᠵᠠᠨ ᠤᠷᠤᠰᠤᠨ᠎ᠠ᠃
ᠡᠰᠡᠨᠢᠯ ᠬᠦᠭᠵᠢᠯᠢ ᠬᠤᠷᠤᠢᠯᠠᠬᠰᠡᠨ ᠡᠭᠡ ᠭᠤᠤᠯᠤᠨᠢ᠋ᠢᠡᠨ ᠲᠠᠨᠵᠢᠨᠳᠦ᠂ ᠵᠤᠨᠤ ᠡᠬᠢᠨᠤ ᠨᠢᠭᠡᠨ ᠡᠳᠦᠷ ᠤᠴᠢᠷᠳᠠᠢ ᠰᠠᠢᠬᠠᠨ ᠪᠤᠯᠵᠤᠭ᠎ᠠ ᠪᠤᠯᠵᠤ ᠠᠭᠤᠵᠢᠷᠠᠳᠠᠯ᠎ᠠ ᠶᠠᠷᠢᠯᠴᠠᠬᠰᠠᠨ ᠬᠤᠶᠠᠷ ᠬᠦᠮᠦᠨ ᠪᠤᠯ ᠪᠤᠤ ᠭᠸ ᠮᠸᠢ ᠪᠤᠯᠤᠨ ᠸᠠᠩ ᠵᠢᠶᠠᠨ ᠵᠢᠶᠦ᠋ᠨ ᠪᠠᠢᠯ᠎ᠠ᠃ ᠤᠤᠯ ᠨᠢ 5 ᠰᠠᠷ᠎ᠠ ᠵᠢᠨ17ᠤ ᠡᠳᠦᠷ᠂ ᠸᠠᠩ ᠵᠢᠶᠠᠨ ᠵᠢᠶᠦ᠋ᠨᠤ ᠤᠷᠢᠯᠭ᠎ᠠ ᠪᠡᠷ ᠪᠤᠤ ᠭᠸ ᠮᠸᠢ ᠲᠤᠰᠬᠤᠨᠤ ᠨᠠᠮᠤᠨ ᠶᠡᠷᠦᠡᠭᠬᠡᠢ ᠡᠭᠦᠷᠤᠨ ᠭᠡᠰᠭᠦᠳ ᠵᠢᠡᠨ ᠲᠠᠭᠠᠭᠤᠯᠤᠨ᠂ ᠸᠠᠩ ᠵᠢᠶᠠᠨ ᠵᠢᠶᠦ᠋ᠨᠤ ᠪᠠᠢᠭ᠎ᠠ ᠴᠠᠭᠠᠨᠮᠦ᠋ᠷᠡᠨ ᠭᠠᠴᠠᠭᠠᠳᠦ ᠬᠦᠷᠴᠦ᠂ ᠪᠠᠢᠴᠠᠭᠠᠨ ᠰᠤᠳᠤᠯᠤᠯᠳᠠ ᠬᠢᠵᠤ᠂ ᠬᠤᠶᠠᠷ ᠲᠠᠯ᠎ᠠ ᠵᠢᠨ ᠬᠠᠮᠳᠤᠷᠠᠯᠴᠠᠭ᠎ᠠ ᠪᠠᠨ ᠴᠢᠩᠭᠠᠳᠬᠠᠬᠤ᠂ ᠲᠤᠳᠠᠭᠤᠳᠠᠯ ᠵᠢᠡᠨ ᠨᠦᠬᠦᠪᠦᠷᠢᠯᠡᠬᠦ᠂ ᠬᠠᠮᠳᠤ ᠵᠢᠨ ᠠᠵᠤ ᠠᠬᠤᠢ ᠵᠢ ᠬᠦᠭᠵᠢᠭᠦᠯᠬᠦ ᠵᠡᠷᠭᠡ ᠲᠠᠯ᠎ᠠ ᠪᠡᠷ ᠶᠠᠷᠢᠯᠴᠠᠵᠤ᠂ ᠬᠦᠨᠵᠡᠭᠡᠢ ᠲᠠᠨᠢᠯᠳᠠ ᠲᠠᠢ ᠪᠤᠯᠵᠠᠢ᠃ ᠲᠡᠳᠡ ᠦᠩᠬᠡᠷᠡᠭᠰᠡᠨ ᠵᠢᠡᠨ ᠡᠷᠬᠢᠴᠡᠬᠦᠯᠦᠨ ᠢᠷᠡᠬᠡᠳᠦᠢ ᠪᠡᠨ ᠵᠢᠷᠤᠬᠯᠠᠨ ᠂ ᠭᠠᠴᠠᠭ᠎ᠠ ᠲᠤᠰᠬᠤᠨᠤ ᠪᠠᠨ ᠦᠨᠳᠦᠰᠦᠳᠡᠨ ᠨᠤᠭᠦᠳᠤᠨ ᠠᠷᠠᠳ ᠲᠦᠮᠡᠨ ᠵᠢᠡᠨ ᠡᠶ᠎ᠡ ᠵᠤᠬᠢᠴᠠᠩᠭᠤᠢ ᠠᠮᠢᠳᠤᠷᠠᠭᠤᠯᠤᠨ᠂ ᠬᠦᠭᠵᠢᠯᠳᠡ ᠵᠢᠨ ᠪᠤᠶᠠᠨ ᠵᠢᠷᠭᠠᠯ ᠢ᠋ ᠬᠠᠮᠳᠤ ᠪᠡᠷ ᠡᠳ᠋ᠯᠡᠬᠦᠯᠬᠦ ᠳ᠋ᠤ ᠢᠳᠡᠬᠡᠯ ᠲᠡᠬᠦᠯᠳᠡᠷ ᠪᠤᠯᠤᠯ᠎ᠠ᠃
ᠪᠤᠤ ᠭᠸ ᠮᠸᠢ ᠪᠤᠯ ᠯᠢᠨᠰᠢ ᠰᠢᠶᠠᠨ ᠤ᠋ ᠲᠠᠪᠢᠨᠬᠡᠷ ᠪᠠᠯᠭᠠᠰᠤᠨ ᠤ᠋ ᠵᠢᠶᠤᠤ ᠳ᠋ᠢᠩ ᠱᠠᠨ ᠲᠤᠰᠬᠤᠨ ᠤ᠋ ᠨᠠᠮ ᠤ᠋ᠨ ᠶᠡᠷᠦᠩᠬᠡᠢ ᠡᠬᠦᠷ ᠤ᠋ᠨ ᠱᠦᠵᠢ᠂ ᠸᠠᠩ ᠵᠢᠶᠠᠨ ᠵᠢᠶᠦ᠋ᠨ ᠪᠤᠯ ᠲᠡᠬᠦᠨ ᠲᠠᠢ ᠭᠤᠤᠯ ᠠᠯᠤᠰᠯᠠᠨ ᠵᠡᠷᠬᠡᠯᠡᠳᠡᠬᠡ ᠰᠠᠭᠤᠭ᠎ᠠ ᠪᠠᠭᠠᠷᠢᠨ ᠪᠠᠷᠠᠭᠤᠨ ᠬᠤᠰᠢᠭᠤᠨ ᠤ᠋ ᠴᠠᠭᠠᠠᠮᠦ᠋ᠷᠡᠨ ᠰᠤᠮᠤᠨ ᠤ᠋ ᠴᠠᠭᠠᠠᠮᠦ᠋ᠷᠡᠨ ᠭᠠᠴᠠᠭ᠎ᠠ ᠵᠢᠨ ᠨᠠᠮ ᠤ᠋ᠨ ᠡᠬᠦᠷ ᠤ᠋ᠨ ᠱᠦᠵᠢ ᠪᠤᠯᠤᠨ᠎ᠠ᠃ ᠴᠠᠭᠠᠠᠮᠦ᠋ᠷᠡᠨ ᠤ᠋ ᠬᠤᠶᠠᠷ ᠬᠦᠪᠡᠬᠡᠨ ᠳ᠋ᠤ ᠬᠠᠶᠠᠭ᠎ᠠ ᠬᠠᠶᠠᠭ᠎ᠠ ᠪᠡᠨ ᠲᠡᠷᠡᠯᠡᠵᠦ ᠰᠠᠭᠤᠬᠰᠠᠨ ᠡᠨᠡ ᠬᠦ᠌ ᠬᠤᠶᠠᠷ ᠭᠠᠴᠠᠭ᠎ᠠ ᠲᠤᠰᠬᠤᠨ ᠠᠳᠠᠯᠢ ᠪᠤᠰᠤ ᠬᠤᠰᠢᠭᠤ ᠰᠢᠶᠠᠨ ᠳ᠋ᠤ ᠬᠠᠷᠢᠶᠠᠯᠠᠬᠳᠠᠳᠠᠬ ᠴᠦ᠍ ᠬᠡᠰᠡᠨ ᠂ ᠡᠨᠳᠡᠬᠢ ᠬᠦᠮᠦᠨ ᠠᠷᠠᠳᠤᠨ ᠨᠠᠢᠷ ᠵᠢᠷᠤᠮ ᠵᠤᠵᠠᠭᠠᠨ᠂ ᠦᠨᠳᠤᠰᠤᠳᠡᠨ ᠨᠤᠬᠦᠳᠤᠨ ᠬᠤᠭᠤᠷᠤᠨᠳᠤ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯᠤᠨ ᠢᠷᠠᠭᠤ ᠰᠠᠢᠬᠠᠨ ᠤᠳᠤᠮᠰᠢᠯ ᠲᠠᠢ ᠪᠢᠯᠡ᠃
ᠡᠪ ᠤ᠋ᠨ ᠵᠠᠶᠠᠭ᠎ᠠ ᠲᠠᠢ ᠬᠦᠷᠰᠢ
ᠪᠤᠤ ᠭᠸ ᠮᠸᠢ ᠭᠡᠵᠤ ᠨᠡᠷᠢᠬᠠᠨ ᠤᠷᠳᠦ ᠬᠦᠮᠦᠰᠬᠡ ᠲᠠᠢ᠂ ᠬᠦᠯ ᠬᠤᠷᠳᠤᠨ ᠭᠠᠷ ᠪᠤᠰᠢᠭᠤ᠂ ᠮᠤᠡᠭᠭᠤᠯ ᠬᠢᠳᠡᠳ ᠬᠡᠯᠡ ᠪᠡᠷ ᠤᠷᠤᠰᠤᠮ᠎ᠠ ᠰᠠᠢᠬᠠᠨ ᠶᠡᠷᠢᠳᠠᠭ ᠡᠮᠡᠭᠳᠡᠢ ᠺᠠᠳ᠋ᠷ ᠪᠠᠢᠯ᠎ᠠ᠃ ᠲᠡᠷᠡ ᠪᠡᠷ 1996 ᠤᠨ ᠳ᠋ᠤ ᠬᠢᠩᠭᠠᠨ ᠠᠢᠮᠠᠭᠤᠨ ᠬᠤᠷᠴᠢᠨ ᠪᠠᠷᠠᠭᠤᠨ ᠭᠠᠷᠤᠨ ᠲᠤᠮᠳᠡᠳᠦ ᠬᠤᠰᠢᠭᠤᠨ ᠡᠴᠠ ᠵᠢᠶᠤᠤ ᠳ᠋ᠢᠩ ᠱᠠᠨ ᠲᠤᠰᠬᠤᠨ ᠳ᠋ᠤ ᠮᠤᠷᠳᠠᠨ ᠠᠢᠯ ᠡᠷᠦᠭᠡ ᠪᠠᠨ ᠪᠤᠰᠬᠠᠬᠰᠡᠨ ᠠᠡᠭᠬᠠᠨᠤ ᠵᠢᠯ ᠳ᠋ᠸ᠋ ᠮᠤᠡᠭᠭᠤᠯᠢ᠋ᠢᠡᠷ ᠰᠤᠷᠤᠬᠰᠡᠨ ᠲᠡᠬᠦᠨᠤ ᠬᠢᠳᠡᠳ ᠬᠡᠯᠡ ᠨᠢ ᠵᠢᠭᠠᠬᠠᠨ ᠠᠨᠠᠢ ᠪᠠᠢᠬᠰᠡᠨᠴᠸ᠋ ᠴᠠᠭᠠᠠᠮᠦ᠋ᠷᠡᠨ ᠭᠠᠴᠠᠭ᠎ᠠ ᠬᠢᠭᠡᠳ ᠵᠢᠶᠤᠤ ᠳ᠋ᠢᠩ ᠱᠠᠨ ᠲᠤᠰᠬᠤᠨᠤ ᠮᠠᠯᠴᠢᠨ ᠲᠡᠷᠢᠶᠡᠴᠢᠳᠤᠨ ᠡᠳᠤᠷ ᠲᠤᠳᠤᠮᠤᠨ ᠢᠬᠢᠷ ᠰᠢᠬᠢᠷ ᠤᠴᠢᠷ ᠲᠸ᠋ 《ᠬᠡᠯᠡᠮᠤᠷᠴᠢᠯᠡᠵᠦ》 ᠶᠠᠪᠤᠬᠰᠠᠭᠠᠷ ᠬᠦᠮᠦᠨ ᠠᠷᠡᠳ ᠲᠠᠭᠠᠨ ᠬᠦᠷᠢᠶᠡᠯᠡᠭᠳᠡᠵᠦ᠂ 2012 ᠤᠨ ᠳ᠋ᠤ ᠲᠤᠰᠬᠤᠨ ᠤ᠋ ᠬᠤᠶᠠᠷ ᠵᠦᠪᠯᠡᠯ ᠳ᠋ᠤ ᠤᠷᠤᠭᠠᠳ 2020 ᠤᠨ ᠳ᠋ᠤ ᠵᠢᠶᠤᠤ ᠳ᠋ᠢᠩ ᠱᠠᠨ ᠲᠤᠰᠬᠤᠨ ᠤ᠋ ᠨᠠᠮ ᠤ᠋ᠨ ᠶᠡᠷᠦᠩᠬᠡᠢ ᠡᠬᠦᠷ ᠤ᠋ᠨ ᠱᠦᠵᠢ ᠪᠡᠷ ᠰᠤᠡᠭᠭᠤᠬᠳᠠᠵᠠᠢ᠃

ᠪᠤᠤ ᠭᠸ ᠮᠸᠢ ᠨᠠᠮ ᠤ᠋ᠨ ᠶᠡᠷᠦᠩᠬᠡᠢ ᠡᠬᠦᠷ ᠤ᠋ᠨ ᠱᠦᠵᠢ ᠪᠤᠯᠤᠬᠰᠠᠨ ᠤ᠋ ᠲᠠᠷᠠᠭ᠎ᠠ᠂ 14 ᠨᠡᠷ᠎ᠠ ᠦᠨᠳᠦᠰᠦᠳᠡᠨ ᠤ᠋ ᠰᠠᠢᠨ ᠲᠤᠷᠠᠴᠤᠤᠯᠢ᠋ᠢᠡᠷ ᠪᠦᠷᠢᠯᠳᠦᠭᠰᠡᠨ 《ᠠᠨᠠᠷ ᠤ᠋ᠨ ᠦᠷ᠎ᠡ》 ᠤᠬᠠᠭᠤᠯᠤᠨ ᠲᠠᠢᠯᠪᠤᠷᠢᠯᠠᠬᠤ ᠠᠩᠬᠢ ᠵᠢ ᠪᠠᠢᠭᠤᠯᠤᠨ᠂ ᠦᠷᠬᠦᠯᠵᠢ ᠠᠢᠯ ᠡᠷᠦᠬᠡ ᠪᠡᠷ ᠭᠦᠨᠵᠡᠭᠡᠢᠷᠡᠵᠤ᠂ ᠦᠨᠳᠦᠰᠦᠳᠡᠨ ᠤ᠋ ᠲᠦᠷᠦ ᠵᠢᠨ ᠪᠤᠳᠤᠯᠭ᠎ᠠ ᠵᠢ ᠬᠦᠮᠦᠨ ᠠᠷᠠᠳ ᠤ᠋ᠨ ᠵᠢᠡᠨ ᠪᠤᠳᠤᠯᠳᠦ ᠬᠦᠷᠬᠡᠨ᠂ ᠰᠡᠳᠬᠢᠯ ᠳ᠋ᠤᠨᠢ ᠬᠤᠨᠤᠬᠰᠢᠭᠤᠯᠵᠦ ᠪᠠᠢᠭ᠎ᠠ ᠪᠢᠯᠡ᠃ ᠮᠦᠨ ᠴᠦ᠍ 《ᠨᠢᠬᠡ ᠬᠤᠶᠠᠷ ᠭᠤᠷᠪᠠ》 ᠵᠦᠷᠢᠴᠡᠯ ᠵᠠᠭᠤᠷᠠᠯᠳᠤᠭᠠᠨ ᠢ᠋ ᠰᠢᠢᠳᠪᠦᠷᠢᠯᠡᠬᠦ ᠲᠤᠬᠳᠠᠴᠠ ᠵᠢ ᠪᠠᠢᠭᠤᠯᠤᠨ᠂ ᠡᠶᠡᠳᠡᠬᠦᠯᠬᠡ ᠵᠢᠨ ᠵᠢᠬᠰᠠᠭᠠᠯ ᠤ᠋ᠨ ᠭᠠᠵᠠᠷ ᠢ᠋ ᠴᠤᠬᠴᠠᠯᠠᠨ᠂ ᠲᠤᠰᠬᠤᠨ ᠤ᠋ ᠠᠷᠠᠳ ᠤ᠋ᠨ ᠬᠤᠭᠤᠷᠤᠨᠳᠤᠬᠢ᠂ ᠵᠡᠷᠬᠡᠯᠡᠳᠡᠬᠡ ᠲᠤᠰᠬᠤᠨ ᠤ᠋ ᠬᠤᠭᠤᠷᠤᠨᠳᠤᠬᠢ ᠵᠦᠷᠢᠴᠡᠯ ᠵᠠᠭᠤᠷᠠᠯᠳᠤᠭᠠᠨ ᠢ᠋ ᠰᠤᠶᠤᠭᠠᠯᠠᠵᠤ ᠪᠠᠢᠭ᠎ᠠ ᠳ᠋ᠤᠨᠢ ᠰᠢᠢᠳᠪᠦᠷᠢᠯᠡᠨ ᠪᠤᠳᠠᠳᠦ ᠦᠷ᠎ᠠ ᠠᠰᠢᠭ ᠤᠯᠤᠬᠰᠡᠨ ᠶᠤᠮ᠃ ᠡᠬᠦᠨᠳᠦ᠂ 《ᠨᠢᠬᠡ》 ᠬᠡᠵᠦ ᠨᠠᠮ ᠤ᠋ᠨ ᠦᠨᠳᠦᠰᠦᠳᠡᠨ ᠤ᠋ ᠤᠨᠤᠯ᠂ ᠲᠦᠷᠦ ᠵᠢᠨ ᠪᠤᠳᠤᠯᠭ᠎ᠠ᠂ ᠬᠠᠤᠯᠢ ᠲᠤᠬᠳᠠᠭᠠᠯᠤᠨ ᠤᠬᠠᠭᠤᠯᠭ᠎ᠠ; 《ᠬᠤᠶᠠᠷ》 ᠨᠢ ᠴᠢᠬᠤᠯᠠ ᠪᠠᠶᠠᠷ ᠲᠤᠷᠠᠰᠬᠠᠯ ᠤ᠋ᠨ ᠡᠳᠦᠷ ᠡᠴᠨ ᠡᠮᠦᠨ᠎ᠡ ᠵᠦᠷᠢᠴᠡᠯ ᠵᠠᠭᠤᠷᠠᠯᠳᠤᠭᠠᠨ ᠢ᠋ ᠬᠦᠳᠡᠯᠦᠩᠬᠦᠢ ᠪᠡᠷ ᠵᠢᠬᠰᠠᠭᠠᠨ ᠪᠠᠢᠴᠠᠭᠠᠬᠤ ᠪᠤᠯᠤᠨ ᠡᠳᠦᠷ ᠲᠤᠳᠤᠮ ᠤ᠋ᠨ ᠲᠤᠬᠳᠠᠮᠠᠯ ᠬᠤᠭᠤᠴᠠᠭ᠎ᠠ ᠲᠠᠢ ᠪᠡᠷ ᠪᠠᠢᠴᠠᠭᠠᠬᠤ; 《ᠭᠤᠷᠪᠠ》 ᠨᠢ ᠪᠤᠯ ᠭᠤᠷᠪᠠᠨ ᠲᠡᠰ ᠵᠢᠡᠷ ᠡᠶᠡᠳᠡᠬᠦᠯᠬᠦ ᠲᠤᠰᠬᠠᠢ ᠠᠩᠬᠢ ᠪᠠᠢᠵᠤ᠂ ᠲᠤᠰᠪᠤᠷᠢ ᠬᠦᠳᠡᠯᠦᠩᠬᠦᠢ ᠪᠡᠷ ᠡᠶᠡᠳᠡᠬᠦᠯᠬᠦ ᠲᠤᠰᠬᠠᠢ ᠠᠩᠬᠢ᠂ ᠲᠤᠰᠬᠤᠨ ᠤ᠋ ᠲᠤᠳᠤᠷᠠᠬᠢ ᠡᠶᠡᠳᠡᠬᠦᠯᠬᠡ ᠵᠢᠨ ᠲᠤᠰᠬᠠᠢ ᠠᠩᠬᠢ᠂ ᠵᠠᠰᠠᠬ ᠤ᠋ᠨ ᠤᠷᠳᠤᠨ ᠤ᠋ ᠡᠶᠡᠳᠡᠬᠦᠯᠬᠡ ᠵᠢᠨ ᠲᠤᠰᠬᠠᠢ ᠠᠩᠬᠢ ᠪᠤᠯᠤᠨ᠎ᠠ᠃
2021ᠤᠨ ᠤ᠋ ᠨᠢᠬᠡᠨ ᠤᠴᠢᠷ ᠪᠤᠤ ᠭᠸ ᠮᠸᠢ ᠵᠢᠨ ᠴᠡᠬᠡᠵᠢᠨ ᠳ᠋ᠤ ᠬᠡᠵᠢᠶᠡᠳᠡ ᠲᠤᠳᠤᠬᠠᠨ᠃ ᠲᠤᠬᠠᠢ ᠵᠢᠨ ᠵᠢᠯ ᠳ᠋ᠤ ᠂ ᠯᠢᠨᠰᠢ ᠡᠴᠨ ᠰᠤᠪᠤᠷᠭ᠎ᠠ ᠬᠦᠷᠬᠦ 504 ᠮᠤᠵᠢ ᠵᠢᠨ ᠲᠡᠰᠤᠨ ᠵᠠᠮ ᠵᠢᠶᠤᠤ ᠳ᠋ᠢᠩ ᠱᠠᠨ ᠲᠤᠰᠬᠤᠨᠤ ᠶᠢᠰᠦᠳᠤᠭᠡᠷ ᠲᠤᠭᠤᠢᠯᠠᠡᠭ ᠬᠢᠭᠡᠳ ᠴᠠᠭᠠᠠᠮᠦ᠋ᠷᠡᠨ ᠭᠠᠴᠠᠭ᠎ᠠ ᠵᠢᠨ ᠬᠠᠳᠠᠡ ᠡᠡᠭᠬᠡᠷ ᠠᠢᠯ ᠵᠢᠡᠷ ᠦᠩᠬᠡᠷᠡᠬᠦ ᠪᠡᠷ ᠪᠤᠯᠵᠠᠢ᠃ ᠬᠡᠳᠡᠯ᠎ᠡ ᠲᠤᠰ ᠵᠡᠮ ᠶᠠᠭ ᠡᠨᠡ ᠬᠤᠶᠡᠷ ᠭᠠᠵᠡᠷᠤᠨ ᠦᠮᠴᠢᠯᠡᠯ᠎ᠤᠨ ᠡᠷᠭᠡ ᠲᠤᠳᠤᠷᠬᠠᠢ ᠪᠤᠰᠦ ᠪᠠᠢᠬᠰᠡᠨ ᠬᠠᠮᠳᠦ ᠨᠡᠢᠳᠡᠶᠢᠨ ᠨᠤᠳᠤᠭᠢ᠋ᠢᠡᠷ ᠦᠩᠭᠡᠷᠡᠬᠦ ᠪᠤᠯᠤᠬᠰᠡᠨ ᠲᠤᠯᠡ ᠨᠦᠬᠦᠪᠦᠷᠢ ᠮᠦᠡᠭᠭᠦᠨᠤ ᠠᠰᠠᠭᠤᠳᠠᠯ ᠲᠡᠭᠡᠷ᠎ᠠ ᠤᠯᠠᠨ ᠵᠢᠡᠷ ᠵᠢᠡᠨ ᠰᠠᠨᠠᠯ ᠵᠦᠷᠢᠯᠳᠦᠵᠦ ᠡᠬᠢᠯᠡᠵᠡᠢ᠃ ᠬᠤᠶᠠᠷ ᠲᠠᠯ᠎ᠠ ᠵᠢᠨ ᠬᠦᠮᠦᠰ ᠦᠪᠡᠷ ᠦᠪᠡᠷ ᠤ᠋ᠨ ᠶᠤᠰᠤ ᠪᠡᠨ ᠬᠡᠯᠡᠵᠦ ᠂ ᠬᠡᠨ ᠠᠯᠢᠨ ᠳ᠋ᠠᠭᠠᠨ ᠨᠠᠢᠷ ᠲᠠᠯᠪᠢᠬᠤ ᠦᠬᠡᠢ ᠦᠬᠡ ᠪᠤᠯᠢᠶᠠᠯᠳᠤᠵᠠᠭᠠᠪᠠ᠃ ᠪᠤᠤ ᠭᠸ ᠮᠸᠢ ᠡᠨᠡ ᠤᠴᠢᠷ ᠢ᠋ ᠰᠤᠨᠤᠰᠤᠭᠠᠳ ᠪᠠᠷᠢᠨ ᠬᠦᠷᠴᠦ ᠡᠨᠳᠡᠬᠢ ᠲᠡᠤᠭᠡ ᠤᠯᠪᠠᠭ᠎ᠠ ᠬᠢᠭᠡᠳ ᠡᠶ᠎ᠠ ᠡᠪᠤᠨ ᠰᠢᠯᠢᠳᠡᠭ ᠤᠯᠠᠮᠵᠢᠯᠠᠯᠢ ᠲᠠᠢᠯᠪᠤᠷᠢᠯᠠᠨ ᠬᠤᠶᠠᠷ ᠲᠤᠰᠬᠤᠨ ᠤ᠋ ᠬᠦᠮᠦᠰ ᠢ᠋ ᠡᠶᠡᠳᠡᠬᠦᠯᠬᠦ ᠪᠡᠷ ᠢᠳᠬᠠᠯ᠎ᠠ᠃ ᠬᠦᠮᠦᠰ ᠪᠤᠤ ᠭᠸ ᠮᠸᠢ ᠵᠢᠨ ᠢᠳᠬᠠᠯᠭ᠎ᠠ ᠵᠢ ᠰᠤᠨᠤᠰᠤᠭᠠᠳ ᠶᠤᠰᠤ ᠤᠴᠢᠷ ᠢ᠋ ᠤᠬᠠᠪᠤᠷᠢᠯᠠᠬᠰᠡᠨ ᠪᠦᠭᠡᠳ ᠵᠢᠶᠤᠤ ᠳ᠋ᠢᠩ ᠱᠠᠨ ᠲᠤᠰᠬᠤᠨ ᠤ᠋ ᠬᠢᠨ ᠰᠠᠨᠠᠭᠠᠴᠢᠯᠠᠭ᠎ᠠ ᠡᠴᠨ ᠪᠡᠨ100 ᠭᠠᠷᠤᠢ ᠮᠸ᠋ ᠮᠠᠷᠭᠤᠯᠳᠤᠭᠠᠨ ᠲᠠᠢ ᠭᠠᠵᠠᠷᠤᠨ ᠨᠦᠬᠦᠪᠦᠷᠢ ᠮᠦᠡᠭᠭᠦᠵᠢ ᠬᠠᠳᠠᠨ ᠡᠩᠬᠡᠷ ᠠᠢᠯ ᠤ᠋ᠨ ᠠᠬᠠᠨ ᠲᠡᠬᠦᠦᠰ ᠲᠡᠭᠡᠨ ᠨᠠᠢᠷ ᠲᠠᠯᠪᠢᠨ ᠭᠠᠷ ᠠᠳᠬᠤᠨ ᠡᠪᠯᠡᠷᠡᠯᠡ᠃ ᠬᠠᠳᠠᠨ ᠡᠩᠬᠡᠷ ᠠᠢᠯᠤᠨ ᠬᠢᠨᠴᠦ ᠴᠠᠭᠠᠠᠮᠦ᠋ᠷᠡᠨ ᠭᠤᠤᠯ ᠲᠠᠭᠠᠤ ᠲᠤᠭᠤᠯᠤᠨ ᠪᠡᠯᠴᠢᠭᠡᠷᠢ᠋ᠢᠡᠨ 《ᠡᠶᠠᠶᠢᠨ ᠨᠤᠳᠤᠭ》 ᠪᠤᠯᠭᠠᠨ᠂ ᠵᠦᠷᠢᠴᠡᠯ ᠮᠠᠷᠭᠤᠭᠠᠨ ᠲᠠᠢ ᠨᠢᠭᠡᠨ ᠤᠳᠠᠭᠠᠨᠤ 《ᠭᠡᠨᠡᠤᠨᠳᠠᠶᠢᠨ ᠬᠡᠷᠡᠭ》 ᠡᠪ ᠨᠠᠢᠷᠢ᠋ᠢᠡᠨ ᠵᠤᠵᠠᠭᠠᠳᠬᠠᠬᠰᠠᠨ ᠮᠠᠷᠳᠠᠬᠳᠠᠰᠢ ᠦᠭᠡᠢ ᠬᠤᠷᠤᠮ ᠪᠤᠯᠵᠦ ᠬᠤᠴᠤᠷᠴᠠᠢ᠃
ᠨᠢᠬᠡ ᠭᠤᠤᠯ ᠤ᠋ᠨ ᠤᠰᠤ ᠵᠢ ᠤᠤᠭᠤᠵᠤ ᠠᠮᠢᠳᠤᠷᠠᠬᠰᠠᠨ ᠬᠦᠮᠦᠰ ᠴᠠᠭᠠᠨ᠎ᠠ ᠡᠴᠨ ᠪᠡᠨ ᠨᠠᠢᠷ ᠰᠡᠳᠬᠢᠯᠬᠡ ᠵᠤᠵᠠᠭᠠᠨ ᠬᠡᠳᠡᠭ ᠦᠨᠡᠨ ᠃ ᠤᠷᠵᠢᠨᠤᠨ᠂ ᠪᠤᠤ ᠭᠸ ᠮᠸᠢ ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢᠨ ᠤᠬᠠᠭᠤᠯᠭ᠎ᠠ ᠵᠢᠨ ᠰᠠᠷ᠎ᠠ ᠵᠢᠨ ᠠᠵᠢᠯᠯᠠᠭ᠎ᠠ ᠡᠷᠬᠢᠯᠡᠨ ᠶᠠᠪᠤᠬᠳᠠᠭᠤᠯᠬᠤ ᠪᠡᠷ ᠪᠤᠯᠵᠠᠢ᠃ ᠲᠡᠭᠡᠭᠡᠳ ᠠᠵᠢᠯᠯᠠᠭ᠎ᠠ ᠲᠡᠭᠡᠷ᠎ᠡ ᠠᠷᠪᠠᠭᠠᠳ ᠲᠡᠷᠯᠢᠭ ᠬᠡᠷᠡᠭᠳᠡᠢ ᠪᠤᠯᠪᠠᠴᠦ ᠬᠦᠮᠦᠰ 《ᠰᠠᠨᠠᠭ᠎ᠠ ᠪᠠᠢᠪᠠᠴᠦ ᠤᠨᠤᠭ᠎ᠠ ᠬᠦᠷᠬᠦ ᠦᠭᠡᠢ》 ᠭᠠᠷ ᠨᠤᠬᠤᠯᠠᠨ ᠭᠠᠴᠢᠬᠳᠠᠵᠦ ᠪᠠᠢᠯ᠎ᠠ᠃ ᠡᠨᠡ ᠦᠶᠡᠰ ᠪᠤᠤ ᠭᠸ ᠮᠸᠢ ᠦᠪᠡᠷ ᠤ᠋ᠨ ᠡᠷᠬᠡ ᠦᠬᠡᠢ ᠴᠠᠭᠠᠠᠮᠦ᠋ᠷᠡᠨ ᠭᠠᠴᠠᠭᠠᠨ ᠤ᠋ ᠡᠬᠡᠴᠢ ᠲᠡᠬᠦᠦ ᠨᠠᠷ ᠵᠢᠡᠨ ᠪᠤᠳᠤᠵᠤ ᠤᠯᠵᠠᠢ᠃ ᠪᠤᠤ ᠭᠸ ᠮᠸᠢ ᠲᠤᠤᠷ᠎ᠠ ᠪᠡᠨ ᠴᠠᠭᠠᠠᠮᠦ᠋ᠷᠡᠨ ᠭᠠᠴᠠᠭ᠎ᠠ ᠵᠢᠨ ᠬᠠᠳᠠᠨ ᠡᠩᠬᠡᠷ ᠠᠢᠯ ᠳ᠋ᠤ ᠬᠦᠷᠦᠬᠡᠳ ᠰᠠᠢᠨ ᠨᠠᠢᠵᠠ ᠰᠤᠪᠤᠳ ᠡᠴᠨ ᠪᠡᠨ ᠲᠡᠷᠯᠢᠭ ᠵᠢᠬᠡᠯᠡᠬᠦ ᠪᠡᠷ ᠪᠤᠯᠤᠬᠰᠠᠨᠳᠦ ᠰᠤᠪᠤᠳ ᠬᠤᠷᠢᠮᠤᠨ ᠲᠡᠷᠯᠢᠭᠢ᠋ᠢᠡᠨ ᠬᠤᠷᠭᠤᠨ ᠤ᠋ ᠪᠡᠨ ᠲᠤᠳᠤᠷ᠎ᠠ ᠨᠠᠨᠳᠢᠩᠨᠠᠨ ᠬᠠᠳᠠᠭᠠᠯᠠᠵᠤ ᠪᠠᠢᠯ᠎ᠠ ᠴᠸ᠋ ᠭᠡᠰᠡᠨ ᠦᠬᠡ ᠲᠠᠭᠤ ᠦᠬᠡᠢ ᠪᠡᠷ ᠲᠡᠬᠦᠨᠳᠦ ᠵᠢᠬᠡᠯᠡᠬᠦᠯᠦᠨ ᠦᠭᠴᠠᠢ᠃ ᠪᠤᠤ ᠭᠸ ᠮᠸᠢ ᠡᠨᠡ ᠤᠳᠠᠭ᠎ᠠ ᠬᠡᠳᠦᠨ ᠠᠢᠯ ᠵᠢᠡᠷ ᠤᠷᠤᠵᠤ 9 ᠲᠡᠷᠯᠢᠭ ᠵᠢᠬᠡᠯᠡᠭᠡᠳ ᠵᠢᠶᠤᠤ ᠳ᠋ᠢᠩ ᠱᠠᠨ ᠲᠤᠰᠬᠤᠨᠤ ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢᠨ ᠠᠵᠢᠯᠯᠠᠭᠠᠨᠳᠦ ᠦᠡᠭᠭᠡ ᠨᠠᠮᠠᠷᠢᠯᠠᠵᠦ ᠪᠢᠯᠡ᠃
ᠪᠤᠤ ᠭᠸ ᠮᠸᠢ ᠬᠢᠳᠡᠳ ᠦᠨᠳᠤᠰᠤᠳᠡᠨ ᠲᠦᠪᠯᠡᠷᠡᠨ ᠰᠠᠭᠤᠬᠰᠡᠨ ᠲᠤᠰᠬᠤᠨᠳᠦ ᠨᠠᠮᠤᠨ ᠶᠡᠷᠦᠩᠬᠡᠢ ᠡᠬᠦᠷᠤᠨ ᠱᠦᠵᠢᠶᠢᠨ ᠲᠤᠰᠢᠶᠡᠯᠢ ᠡᠬᠦᠷᠭᠡᠯᠡᠵᠦ ᠪᠠᠢᠬᠤᠳᠦ᠂ ᠮᠤᠡᠭᠭᠤᠯ ᠦᠨᠳᠤᠰᠤᠳᠡᠨ ᠲᠦᠪᠯᠡᠷᠡᠨ ᠰᠠᠭᠤᠬᠰᠡᠨ ᠴᠠᠭᠠᠠᠮᠦ᠋ᠷᠡᠨ ᠭᠠᠴᠠᠭᠠᠨᠤ ᠨᠠᠮᠤᠨ ᠡᠬᠦᠷ ᠤ᠋ᠨ ᠱᠦᠵᠢᠵᠢ ᠬᠢᠳᠡᠳ ᠦᠨᠳᠦᠰᠦᠳᠡᠨᠸᠠᠩ ᠵᠢᠶᠠᠨ ᠵᠢᠶᠦ᠋ᠨ ᠡᠬᠦᠷᠬᠡᠯᠡᠵᠤ ᠪᠢᠯᠡ᠃ ᠵᠢᠶᠤᠤ ᠳ᠋ᠢᠩ ᠱᠠᠨ ᠲᠤᠰᠬᠤᠨ ᠤ᠋ ᠨᠠᠮ ᠤ᠋ᠨ ᠶᠡᠷᠦᠩᠬᠡᠢ ᠡᠬᠦᠷ ᠪᠤᠯᠤᠨ ᠴᠠᠭᠠᠠᠮᠦ᠋ᠷᠡᠨ ᠭᠠᠴᠠᠭ᠎ᠠ ᠵᠢᠨ ᠨᠠᠮ ᠤ᠋ᠨ ᠡᠬᠦᠷ ᠠᠷᠠᠳ ᠤᠯᠠᠨ ᠵᠢᠡᠨ ᠲᠠᠭᠠᠭᠤᠯᠵᠤ᠂ ᠪᠠᠭ᠎ᠠ ᠰᠠᠭ᠎ᠠ ᠵᠦᠷᠢᠴᠡᠯ ᠮᠠᠷᠭᠤᠯᠳᠤᠭᠠᠨ ᠭᠠᠷᠪᠠᠯ ᠨᠠᠮ ᠤ᠋ᠨ ᠡᠬᠦᠷ ᠡᠴᠨ ᠭᠠᠷ ᠤᠷᠤᠵᠤ ᠪᠤᠳᠤᠯ ᠰᠠᠨᠠᠯ ᠵᠢᠡᠨ ᠰᠤᠯᠢᠯᠴᠠᠨ ᠵᠦᠷᠢᠴᠡᠯ ᠢ᠋ ᠡᠪᠳᠡᠢ ᠰᠠᠢᠬᠠᠨ ᠰᠢᠢᠳᠪᠦᠷᠢᠯᠡᠭᠰᠡᠭᠡᠷ ᠢᠷᠡᠵᠠᠢ᠃
ᠡᠢᠨ ᠬᠦ᠌᠂ ᠯᠢᠨᠰᠢ ᠰᠢᠶᠠᠨ ᠤ᠋ ᠲᠠᠪᠢᠡᠬᠡᠷ ᠪᠠᠯᠭᠠᠰᠤ ᠬᠢᠭᠡᠳ ᠪᠠᠭᠠᠷᠢᠨ ᠪᠠᠷᠠᠭᠤᠨ ᠬᠤᠰᠢᠭᠤᠨ ᠤ᠋ ᠪᠠᠶᠠᠨᠬᠤᠰᠢᠭᠤ ᠪᠠᠯᠭᠠᠰᠤ᠂ ᠰᠤᠪᠤᠷᠭ᠎ᠠ ᠪᠠᠯᠭᠠᠰᠤ᠂ ᠴᠠᠭᠠᠠᠮᠦ᠋ᠷᠡᠨ ᠰᠤᠮᠤᠨᠤ ᠬᠡᠳᠤᠨ ᠠᠷᠪᠡᠨ ᠭᠠᠴᠠᠭ᠎ᠠ ᠲᠤᠰᠬᠤᠨ ᠡᠪᠤᠨ ᠵᠠᠶᠠᠭ᠎ᠠ ᠪᠡᠷ ᠬᠦᠷᠰᠢᠯᠡᠨ᠂ ᠵᠢᠷᠭᠠᠯᠳᠦ ᠠᠮᠢᠳᠤᠷᠡᠯᠢ᠋ᠢᠡᠨ ᠴᠤᠬᠴᠠᠯᠠᠵᠦ ᠪᠠᠢᠨ᠎ᠠ᠃
ᠡᠪ ᠤ᠋ᠨ ᠬᠤᠯᠪᠤᠭ᠎ᠠ ᠲᠠᠢ ᠨᠦᠬᠦᠷᠯᠡᠯ
ᠦᠨᠡᠰᠦᠨ ᠰᠠᠷᠠᠯ ᠮᠠᠯᠠᠭᠠᠢ ᠲᠠᠢ᠂ ᠨᠠᠷᠠᠨ ᠳ᠋ᠤ ᠰᠢᠷᠠᠬᠳᠠᠵᠤ ᠪᠤᠷᠤᠯᠠᠭᠰᠠᠨ ᠬᠠᠴᠠᠷ ᠲᠠᠢ᠂ ᠬᠠᠳᠠᠩᠬᠢᠷ ᠦᠨᠳᠦᠷ ᠪᠡᠶᠡᠨ ᠳ᠋ᠡᠬᠡᠨ ᠬᠠᠷ᠎ᠠ ᠤᠭᠤᠵᠢ ᠲᠠᠪᠬᠤᠷᠯᠠᠵᠦ ᠡᠮᠦᠰᠦᠭᠰᠡᠨ ᠨᠢᠬᠡᠨ ᠨᠠᠰᠤᠳᠠᠨ ᠪᠠᠭᠠᠷᠢᠨ ᠪᠠᠷᠠᠭᠤᠨ ᠬᠤᠰᠢᠭᠤᠨ ᠤ᠋ ᠴᠠᠭᠠᠠᠮᠦ᠋ᠷᠡᠨ ᠰᠤᠮᠤ ᠵᠢᠨ ᠴᠠᠭᠠᠠᠮᠦ᠋ᠷᠡᠨ ᠭᠠᠴᠠᠭ᠎ᠠ ᠵᠢᠨ ᠬᠠᠳᠠᠨ ᠡᠩᠬᠡᠷ ᠠᠢᠯ ᠤ᠋ᠨ ᠮᠦᠩᠬᠡᠨᠠᠰᠤᠨᠤ ᠮᠠᠯ ᠤᠨᠤᠭᠠᠵᠢ ᠡᠪᠡᠰᠦᠯᠡᠭᠡᠳ ᠬᠦᠩᠬᠡᠨ ᠱᠠᠯᠠᠮᠠᠬ ᠠᠯᠬᠤᠯᠠᠨ᠎ᠠ᠃ ᠡᠨᠡ ᠨᠠᠰᠤᠳᠠᠨ ᠢ᠋ ᠯᠢ ᠶᠦᠩ ᠡᠾᠸ ᠬᠡᠳᠡᠭ᠃ ᠲᠡᠷᠡ ᠪᠡᠷ ᠯᠢᠨᠰᠢ ᠰᠢᠶᠠᠨ ᠤ᠋ ᠲᠠᠪᠢᠨᠬᠡᠷ ᠪᠠᠯᠭᠠᠰᠤᠨᠤ ᠵᠢᠶᠤᠤ ᠳ᠋ᠢᠩ ᠱᠠᠨ ᠲᠤᠰᠬᠤᠨ ᠵᠢᠡᠷ ᠨᠤᠳᠤᠬᠳᠠᠢ ᠪᠢᠯᠡ᠃ ᠯᠢ ᠶᠦᠩ ᠡᠾᠸ ᠡᠨᠡ ᠵᠢᠯ 66 ᠨᠠᠰᠤᠳᠠᠢ ᠴᠦ᠍ ᠪᠡᠶ᠎ᠡ ᠲᠡᠩᠬᠡᠯᠡᠬᠦᠨ ᠂ ᠬᠦᠭᠰᠢᠨ ᠲᠠᠢ ᠪᠡᠨ ᠬᠤᠶᠠᠭᠤᠯᠠ ᠪᠠᠭ᠎ᠠ ᠰᠠᠭ᠎ᠠ ᠲᠡᠷᠢᠶ᠎ᠠ ᠲᠠᠷᠢᠵᠤ ᠠᠵᠦ ᠲᠦᠷᠦᠵᠦ ᠪᠠᠢᠨ᠎ᠠ᠃ ᠮᠦᠩᠬᠡᠨᠠᠰᠤᠨᠤ ᠬᠢᠨ ᠶᠠᠭᠠᠷᠠᠤ ᠯᠠ ᠪᠤᠯᠪᠠᠯ ᠯᠢ ᠶᠦᠩ ᠡᠾᠸ ᠬᠠᠮᠤᠭᠤᠨ ᠤᠷᠢᠳ ᠢᠷᠡᠭᠡᠳ ᠠᠵᠢᠯ ᠠᠮᠢᠳᠤᠷᠡᠯᠳᠤᠨᠢ ᠲᠤᠰᠠ ᠪᠤᠯᠤᠭᠠᠳ ᠨᠢᠬᠡᠨᠳᠠ ᠵᠤᠷᠰᠢᠯ ᠪᠤᠯᠴᠢᠬᠠᠵᠠᠢ᠃ 《ᠮᠦᠩᠬᠡᠨᠠᠰᠤᠨ ᠪᠢᠳᠠ ᠬᠤᠶᠠᠭᠤᠯᠠ ᠵᠠᠯᠠᠭᠤ ᠨᠠᠰᠤᠨ ᠡᠴᠨ ᠪᠡᠨ ᠲᠠᠨᠢᠯᠴᠠᠬᠰᠡᠨ ᠪᠦᠭᠡᠳ ᠤᠨ ᠵᠢᠯᠤᠨ ᠤᠷᠤᠰᠬᠠᠯᠳᠦ ᠲᠦᠷᠦᠭᠰᠡᠨ ᠠᠬ᠎ᠠ ᠲᠡᠬᠦᠦ ᠠᠳᠠᠯᠢ ᠦᠶ᠎ᠡ ᠵᠠᠢ ᠦᠬᠡᠢ ᠲᠠᠰᠤᠯᠴᠠᠯᠠ》 ᠬᠡᠵᠦ ᠯᠢ ᠶᠦᠩ ᠡᠾᠸ ᠬᠡᠯᠡᠬᠦ ᠶᠤᠮ᠃ ᠯᠢ ᠶᠦᠩ ᠡᠾᠸ ᠭᠠᠷ ᠤᠷᠠᠨ ᠬᠦᠮᠦᠨ ᠪᠤᠯᠬᠤᠷ ᠮᠦᠩᠬᠡᠨᠠᠰᠤᠨ ᠤ᠋ ᠭᠡᠷ ᠪᠡᠢᠰᠢᠭ᠂ ᠫᠸᠩ ᠰᠠᠷᠠᠪᠴᠢ᠂ ᠬᠤᠷᠤᠭ᠎ᠠ ᠬᠠᠰᠢᠶ᠎ᠠ ᠪᠡᠷᠢᠬᠤᠳᠦ ᠪᠡᠶ᠎ᠠ ᠭᠠᠷ ᠤᠷᠤᠯᠴᠠᠬᠰᠡᠨ ᠤ᠋ ᠬᠠᠷᠢᠭᠤ ᠳ᠋ᠤ ᠮᠦᠩᠬᠡᠨᠠᠰᠤᠨ ᠴᠢᠮᠠᠯᠠᠮᠠᠷ ᠦᠬᠡᠢ ᠬᠦᠯᠦᠰᠦ ᠤᠯᠭᠤᠮᠵᠢ ᠦᠭᠭᠦᠭᠰᠡᠨ ᠪᠦᠬᠡᠳ ᠯᠢ ᠶᠦᠩ ᠡᠾᠸ ᠵᠢᠨ ᠪᠡᠶ᠎ᠡ ᠵᠢᠨ ᠪᠠᠢᠳᠠᠯᠢ ᠦᠷᠬᠦᠯᠵᠢ ᠠᠩᠬᠠᠷᠴᠤ ᠬᠠᠶᠠ ᠪᠡᠶ᠎ᠡ ᠵᠢᠨ ᠪᠠᠢᠴᠠᠭᠠᠯᠳᠠ ᠬᠢᠯᠬᠡᠵᠦ ᠦᠭᠳᠡᠭ ᠪᠠᠢᠯ᠎ᠠ᠃ ᠮᠦᠩᠬᠡᠨᠠᠰᠤᠨᠤ ᠬᠢᠨ ᠵᠠᠷᠢᠮ ᠳ᠋ᠠᠭᠠᠨ ᠬᠡᠳᠦᠨ ᠡᠳᠦᠷ ᠵᠢᠡᠷ ᠭᠠᠳᠠᠬᠰᠢ ᠭᠠᠷᠬᠤ ᠳ᠋ᠠᠭᠠᠨ ᠠᠳᠠᠯ ᠬᠡᠷ ᠠᠯᠢᠪᠠ ᠶᠠᠪᠤᠳᠠᠯ ᠵᠢᠡᠨ ᠯᠢ ᠶᠦᠩ ᠡᠾᠸ ᠳ᠋ᠤ ᠬᠠᠶᠠᠭᠠᠳ ᠶᠠᠪᠤᠴᠢᠬᠠᠳᠠᠬ ᠪᠦᠭᠡᠳ ᠮᠦᠩᠬᠡᠨᠠᠰᠤᠨᠤ ᠬᠡᠷᠬᠡᠢ ᠰᠤᠪᠤᠳ ᠰᠠᠡᠭ ᠬᠦᠮᠦᠷᠭᠡᠶᠢᠨ ᠲᠦᠯᠬᠢᠬᠦᠷᠢ᠋ᠢᠡᠨ ᠪᠦᠬᠦᠳᠠᠵᠢ ᠭᠠᠷᠭᠠᠨ ᠦᠭᠴᠦ᠄ 《ᠲᠠ ᠦᠪᠡᠷᠢ᠋ᠢᠡᠨ ᠡᠪᠯᠡᠬᠦᠯᠳᠠ》 ᠬᠡᠵᠦ ᠵᠦᠡᠭᠳᠡᠭᠡᠨ ᠶᠡᠷᠢᠳᠠᠭ᠃ ᠯᠢ ᠶᠦᠩ ᠡᠾᠸᠴᠦ ᠮᠦᠩᠬᠡᠨᠠᠰᠤᠨ ᠤ᠋ ᠭᠡᠷ ᠵᠠᠭᠤᠷᠠᠵᠢᠨ ᠵᠠᠷᠢᠮ ᠭᠠᠵᠠᠷ ᠡᠵᠡᠯᠡᠭᠰᠡᠨ ᠶᠠᠭᠤᠮ᠎ᠠ ᠬᠡᠦᠮ᠎ᠡ ᠵᠢ ᠡᠪ ᠢ᠋ ᠨᠢ ᠦᠵᠡᠵᠦ ᠬᠤᠳᠠᠯᠳᠤᠭᠠᠳ《ᠡᠳ᠋ ᠪᠤᠯᠭᠠᠵᠦ》 ᠦᠭᠳᠡᠭ᠃
ᠡᠢᠨ ᠬᠦ᠌᠂ ᠮᠦᠩᠬᠡᠨᠠᠰᠤᠨ ᠬᠢᠭᠡᠳ ᠯᠢ ᠶᠦᠩ ᠡᠾᠸᠶᠢᠨ 50 ᠭᠠᠷᠤᠢ ᠵᠢᠯᠤᠨ ᠨᠦᠬᠦᠷᠯᠡᠯ ᠬᠦᠷᠰᠢ ᠵᠡᠷᠭᠡᠯᠡᠳᠡᠭᠡ ᠭᠠᠴᠠᠭ᠎ᠠ ᠲᠤᠰᠬᠤᠨᠤ ᠬᠢᠳᠡᠳ ᠮᠤᠡᠭᠭᠤᠯ ᠦᠨᠳᠤᠰᠤᠳᠡᠨᠤ ᠬᠦᠨ ᠵᠤᠵᠠᠭᠠᠨ ᠡᠪ ᠪᠦᠯᠬᠦᠮᠳᠡᠯᠤᠨ ᠦᠯᠢᠭᠡᠷ ᠵᠢᠱ᠌ᠢᠢᠠ ᠪᠤᠯᠵᠤ ᠶᠠᠷᠢᠬᠳᠠᠨᠠ᠃ ᠡᠬᠦᠨ ᠲᠠᠢ ᠠᠳᠠᠯᠢ ᠪᠡᠷ᠂ ᠴᠠᠭᠠᠠᠮᠦ᠋ᠷᠡᠨ ᠭᠤᠤᠯ ᠪᠠᠭ᠎ᠠ ᠰᠤᠷᠭᠠᠭᠤᠯᠢ ᠬᠢᠭᠡᠳ ᠯᠢᠨᠰᠢ ᠰᠢᠶᠠᠨ ᠤ᠋ ᠭᠤᠸᠠᠨ ᠳᠢ ᠪᠠᠭ᠎ᠠ ᠰᠤᠷᠭᠠᠭᠤᠯᠢᠶᠢᠨ ᠰᠤᠷᠤᠬᠴᠢᠳᠤᠨ ᠤᠨᠴᠠᠭᠠᠢ ᠨᠢᠭᠡᠨ ᠤᠴᠡᠷᠡᠯ ᠲᠡᠳᠡᠨᠤ ᠪᠡᠯᠴᠢᠷ ᠤᠶᠤᠨᠳᠦ ᠨᠦᠬᠦᠷᠯᠡᠯᠤᠨ ᠨᠠᠬᠢᠶᠠᠵᠢ ᠰᠤᠶᠤᠭᠠᠯᠠᠭᠤᠯᠵᠦ ᠪᠢᠯᠡ᠃ ᠴᠠᠭᠠᠠᠮᠦ᠋ᠷᠡᠨ ᠭᠤᠤᠯ ᠪᠠᠭ᠎ᠠ ᠰᠤᠷᠭᠠᠭᠤᠯᠢ ᠵᠢᠨ ᠰᠡᠴᠡᠨᠵᠤᠷᠢᠬ ᠵᠠᠬᠢᠷᠤᠯᠢᠩᠬᠢᠵᠤ ᠡᠷᠬᠢᠴᠡᠭᠦᠯᠪᠠ᠄ ᠡᠨᠡ ᠬᠠᠪᠤᠷᠤᠨ ᠰᠢᠨ᠎ᠠ ᠰᠤᠷᠤᠯᠭᠠᠶᠢᠨ ᠬᠤᠭᠤᠴᠠᠭ᠎ᠠ ᠡᠬᠢᠯᠡᠭᠡᠳ ᠤᠳᠡᠯ ᠦᠭᠡᠢ᠂ ᠯᠢᠨᠰᠢ ᠰᠢᠶᠠᠨ ᠤ᠋ ᠭᠤᠸᠠᠨ ᠳᠢ ᠪᠠᠭ᠎ᠠ ᠰᠤᠷᠭᠠᠭᠤᠯᠢ ᠵᠢᠨ ᠬᠦᠷᠢᠶᠡᠨ ᠳ᠋ᠤ ᠮᠠᠰᠢ ᠤᠯᠠᠨ ᠬᠦᠮᠦᠨ ᠴᠤᠬᠯᠠᠷᠠᠵᠤ ᠂ ᠬᠦᠭᠵᠢᠶᠡᠨ ᠨᠠᠷᠬᠢᠶᠠᠨ ᠪᠢᠯᠬᠠᠯ᠎ᠠ᠃ ᠬᠤᠷᠡᠯᠤᠨ ᠬᠡᠷ ᠲᠦ᠍ ᠬᠡᠦᠬᠡᠳᠤᠳ ᠤ᠋ᠨ ᠴᠤᠪᠤᠭᠤ ᠴᠤᠯᠬᠢᠨ ᠲᠠᠭᠤ ᠰᠤᠨᠤᠰᠳᠠᠨ ᠂ ᠰᠠᠮᠪᠠᠷ᠎ᠠ ᠵᠢᠨ ᠲᠡᠭᠡᠷ᠎ᠠ 《〈ᠲᠤᠮᠳᠠᠳᠤ ᠵᠢᠨ ᠰᠤᠶᠤᠯ ᠢ᠋ ᠲᠤᠬᠯᠠᠨ ᠦᠵᠡᠬᠦᠯᠵᠦ᠂ ᠦᠨᠳᠦᠰᠦᠳᠡᠨ ᠤ᠋ ᠪᠦᠯᠬᠦᠮᠳᠡᠯ ᠢ᠋ ᠠᠬᠢᠭᠤᠯᠬᠤ〉ᠶᠢᠰᠦᠳᠦᠬᠡᠷ ᠬᠤᠭᠤᠴᠠᠭᠠᠨ ᠤ᠋ ᠨᠤᠮ ᠤᠩᠰᠢᠯᠭ᠎ᠠ ᠵᠢᠨ ᠨᠠᠢᠷ》 ᠬᠡᠬᠦ ᠦᠰᠦᠭ ᠲᠤᠷᠠᠢᠵᠤ ᠪᠠᠢᠯ᠎ᠠ᠃ ᠲᠠᠢᠰᠠᠡ ᠲᠡᠭᠡᠷ᠎ᠠ ᠬᠦᠬᠡᠷᠦᠬᠦᠨ ᠪᠤᠨᠳᠤᠭᠤᠷ ᠬᠠᠴᠠᠷ ᠲᠠᠭᠠᠨ ᠮᠦᠰᠢᠶᠡᠳᠦ ᠲᠤᠳᠤᠷᠠᠭᠤᠯᠤᠬᠰᠡᠨ ᠰᠤᠷᠤᠬᠴᠢᠳ ᠠᠬᠠᠮᠠᠳ ᠤᠷᠠᠯᠢᠬᠴᠢᠨᠤ ᠬᠡᠪ ᠨᠠᠮᠪᠠᠵᠢ ᠲᠠᠭᠤᠷᠢᠶᠡᠨ ᠰᠢ ᠵᠦᠴᠦᠬᠡ ᠲᠠᠭᠤᠯᠡᠬᠤᠳᠦ ᠠᠯᠠᠭ᠎ᠠ ᠲᠠᠰᠢᠯᠳᠠᠶᠢᠨ ᠲᠠᠭᠠᠤ ᠦᠶ᠎ᠠ ᠦᠶ᠎ᠠ ᠨᠢᠵᠢᠬᠢᠨᠡᠨᠠ᠃ 《ᠪᠡᠶᠡᠷ ᠲᠡᠭᠡᠷ᠎ᠠ ᠪᠡᠶᠡᠷ᠂ ᠪᠡᠮᠪᠡᠷ ᠲᠡᠭᠡᠷ᠎ᠠ ᠰᠢᠬᠦᠷ》 ᠬᠡᠳᠡᠭᠢ᠋ᠢᠡᠷ ᠰᠤᠶᠤᠯᠤᠨ ᠤᠬᠢ ᠪᠤᠯᠤᠬᠰᠡᠨ ᠰᠢ ᠵᠦᠴᠦᠭᠡᠶᠢᠨ ᠷᠢᠳᠢ ᠰᠢᠳᠢᠳᠦ ᠰᠤᠬᠳᠤᠭᠤᠷᠠᠬᠰᠡᠨ ᠴᠠᠭᠠᠠᠮᠦ᠋ᠷᠡᠨ ᠭᠤᠤᠯ ᠪᠠᠭ᠎ᠠ ᠰᠤᠷᠭᠠᠭᠤᠯᠢ ᠵᠢᠨ ᠰᠤᠷᠤᠬᠴᠢᠳ ᠦᠨᠳᠤᠰᠤᠳᠡᠨᠤ ᠬᠤᠪᠴᠡᠰᠦ ᠪᠡᠷ ᠵᠢᠡᠨ ᠭᠤᠶᠤᠯᠡᠨ ᠲᠠᠢᠰᠠᠨᠳᠦ ᠭᠠᠷᠴᠦ ᠤᠯᠤᠰᠤᠨ ᠲᠡᠰᠤᠨ ᠪᠤᠳᠡᠰᠤᠨ ᠪᠤᠰᠦ ᠰᠤᠶᠤᠯᠤᠨ ᠦᠪᠤᠨ ᠲᠦᠯᠦᠭᠡᠯᠡᠭᠴᠢ ᠴᠢᠨᠡᠷᠳᠠᠢ ᠲᠦᠷᠦᠯ ᠵᠤᠢᠯ ᠬᠡᠮᠡᠭᠳᠡᠭᠰᠡᠨ 《ᠭᠡᠰᠡᠷᠤᠨ ᠲᠤᠤᠯᠢ》 ᠪᠡᠨ ᠬᠠᠢᠯᠠᠨ ᠬᠤᠷᠠᠬᠰᠡᠨ ᠤᠯᠡᠨᠳᠦ ᠪᠠᠭᠠᠳᠤᠷᠯᠢᠭ ᠲᠤᠤᠯᠢᠶᠢᠨ ᠭᠤᠸ᠎ᠠ ᠰᠠᠢᠬᠠᠨᠢ ᠮᠠᠳᠡᠷᠡᠬᠦᠯᠵᠠᠢ᠃ ᠭᠤᠸᠡᠨ ᠳ᠋ᠢ ᠪᠠᠭ᠎ᠠ ᠰᠤᠷᠭᠠᠭᠤᠯᠢ ᠵᠢᠨ ᠰᠤᠷᠤᠬᠴᠢᠳ ᠲᠡᠳᠡᠨᠤ ᠬᠡᠰᠡᠷ ᠤ᠋ᠨ ᠲᠤᠤᠯᠢ ᠬᠠᠢᠯᠠᠬᠤ ᠵᠢ ᠦᠵᠡᠬᠡᠳ ᠭᠠᠢᠬᠠᠨ ᠲᠠᠭᠤᠷᠢᠶᠠᠵᠤ ᠲᠠᠭᠤᠤ ᠠᠶᠠᠯᠤᠨ᠎ᠠ᠃ ᠴᠠᠭᠠᠠᠮᠦ᠋ᠷᠡᠨ ᠭᠤᠤᠯ ᠪᠠᠭ᠎ᠠ ᠵᠢᠨ ᠰᠤᠷᠤᠬᠴᠢᠳ ᠴᠦ᠍ ᠬᠡᠰᠡᠨ ᠰᠢ ᠵᠦᠴᠦᠬᠡ ᠲᠠᠭᠤᠯᠠᠬᠤ ᠵᠢ ᠦᠵᠡᠬᠡᠳ ᠪᠠᠬᠠᠷᠬᠠᠨ ᠲᠠᠭᠠᠵᠤ ᠲᠠᠭᠤᠯᠠᠨ᠎ᠠ ᠃ ᠰᠢ ᠵᠦᠴᠦᠬᠡ ᠬᠢᠭᠡᠳ ᠬᠡᠰᠡᠷᠤᠨ ᠲᠤᠤᠯᠢ ᠨᠢᠭᠡᠨ ᠲᠠᠢᠰᠠᠨ᠎ᠠ ᠲᠤᠬᠯᠠᠬᠳᠠᠬᠤᠳᠦ ᠰᠢᠯᠢᠳᠡᠭ ᠤᠯᠠᠮᠵᠢᠯᠠᠯᠳᠦ ᠰᠤᠶᠤᠯᠢ᠋ᠢᠡᠷᠢ᠋ᠢᠡᠨ ᠬᠤᠶᠡᠷ ᠦᠨᠳᠤᠰᠤᠳᠡᠨᠤ ᠰᠤᠷᠤᠬᠴᠢᠳᠤᠨ ᠨᠦᠬᠦᠷᠯᠡᠯᠤᠨ ᠬᠦᠬᠦᠷᠭᠡ ᠰᠤᠯᠦᠡᠭᠭᠠᠷᠡᠨᠠ᠃ 《ᠡᠬᠦᠨᠤ ᠰᠠᠭᠤᠷᠢᠨᠳᠦ᠂ ᠴᠠᠭᠠᠠᠮᠦ᠋ᠷᠡᠨ ᠭᠤᠤᠯ ᠪᠠᠭ᠎ᠠ ᠰᠤᠷᠭᠠᠭᠤᠯᠢ ᠵᠢᠨ ᠬᠢᠨ ᠬᠡᠯᠡ ᠪᠢᠴᠢᠭ ᠤ᠋ᠨ ᠪᠠᠬᠰᠢ ᠪᠠᠨ ᠭᠤᠸᠠᠨ ᠳᠢ ᠪᠠᠭ᠎ᠠ ᠰᠤᠷᠭᠠᠭᠤᠯᠢ ᠳ᠋ᠤ ᠤᠴᠢᠭᠤᠯᠤᠨ ᠰᠤᠷᠤᠯᠴᠠᠭᠤᠯᠬᠤ᠂ ᠭᠤᠸᠠᠨ ᠳᠢ ᠪᠠᠭ᠎ᠠ ᠰᠤᠷᠭᠠᠭᠤᠯᠢ ᠵᠢᠨ ᠪᠠᠬᠰᠢ ᠨᠠᠷ ᠢ᠋ ᠰᠤᠷᠭᠠᠭᠤᠯᠢ ᠳ᠋ᠠᠭᠠᠨ ᠤᠷᠢᠨ ᠠᠪᠴᠢᠷᠠᠵᠤ ᠬᠡᠯᠡ ᠪᠢᠴᠢᠭ ᠤ᠋ᠨ ᠬᠢᠴᠢᠶᠡᠯ ᠢ᠋ ᠰᠤᠨᠤᠰᠤᠭᠤᠯᠬᠤ ᠵᠡᠷᠬᠡ ᠠᠵᠢᠯᠯᠠᠭ᠎ᠠ ᠪᠡᠷ ᠬᠤᠶᠠᠷ ᠰᠤᠷᠭᠠᠭᠤᠯᠢ ᠵᠢᠨ ᠬᠤᠭᠤᠷᠤᠨᠳᠤᠬᠢ ᠨᠦᠬᠦᠷᠯᠡᠯᠢ᠋ ᠪᠠᠳᠤᠳᠬᠠᠨ᠎ᠠ》ᠬᠡᠵᠦ ᠰᠡᠴᠡᠨᠵᠤᠷᠢᠬ ᠵᠠᠬᠢᠷᠤᠯ ᠶᠡᠷᠢᠵᠦ ᠪᠢᠯᠡ᠃
ᠦᠰᠪᠦᠷᠢ ᠪᠠᠭᠠᠴᠤᠳᠤᠨ ᠨᠦᠬᠦᠷᠯᠡᠯ ᠡᠴᠠ ᠦᠶ᠎ᠠ ᠬᠤᠷᠠᠬᠴᠤᠤᠯ ᠤ᠋ᠨ ᠠᠨᠳᠠᠶᠢᠨ ᠵᠢᠷᠤᠮ ᠬᠦᠷᠳᠡᠯ᠎ᠠ ᠠᠬᠢᠭᠠᠳ ᠪᠦᠬᠦ ᠲᠠᠯ᠎ᠠᠶᠢᠨ ᠨᠦᠬᠦᠷᠯᠡᠯ ᠵᠦᠭ ᠬᠦᠨᠵᠡᠬᠡᠢᠷᠡᠬᠦ ᠭᠡᠭᠴᠢ ᠶᠠᠭᠤᠳᠠᠢ ᠡᠷᠬᠢᠮ ᠪᠤᠢ᠃ ᠡᠨᠡ ᠵᠢᠯᠤᠨ ᠲᠦᠷᠪᠡᠨ ᠰᠠᠷᠠᠳᠦ᠂ ᠪᠠᠭᠠᠷᠢᠨ ᠪᠠᠷᠠᠭᠤᠨ ᠬᠤᠰᠢᠭᠤᠨ ᠬᠢᠭᠡᠳ ᠯᠢᠨᠰᠢ ᠰᠢᠶᠡᠨ ᠴᠠᠭᠠᠠᠮᠦ᠋ᠷᠡᠨ ᠲᠠᠭᠠᠤ ᠰᠤᠮᠤ ᠪᠠᠯᠭᠠᠰᠤᠨᠤ 《〈ᠵᠢᠱ᠌ᠢᠶᠡᠴᠢ ᠦᠪᠡᠷᠳᠡᠬᠡᠨ ᠵᠠᠰᠠᠬᠤ ᠤᠷᠤᠨ〉 ᠢ᠋ ᠪᠦᠬᠦ ᠲᠠᠯ᠎ᠠ ᠪᠡᠷ ᠪᠦᠳᠦᠬᠡᠨ ᠪᠠᠢᠭᠤᠯᠬᠤ ᠵᠢᠴᠢ ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠪᠠᠳᠤ ᠴᠤᠬᠴᠠᠯᠠᠵᠤ ᠬᠠᠮᠳᠤ ᠪᠡᠷ ᠪᠠᠢᠭᠤᠯᠤᠨ ᠬᠤᠯᠪᠤᠭᠠᠯᠠᠨ ᠡᠬᠦᠳᠬᠦ ᠠᠵᠢᠯᠯᠠᠭ᠎ᠠ》 ᠪᠠᠨ ᠡᠬᠢᠯᠡᠬᠦᠯᠵᠦ ᠪᠢᠯᠡ᠃ ᠡᠨᠡ ᠨᠢ ᠴᠠᠭᠠᠠᠮᠦ᠋ᠷᠡᠨ ᠤ᠋ ᠬᠤᠶᠠᠷ ᠬᠦᠪᠡᠬᠡᠨ ᠤ᠋ ᠬᠦᠮᠦᠨ ᠠᠷᠠᠳᠤᠨ ᠶᠠᠪᠤᠯᠴᠠᠭ᠎ᠠ᠂ ᠰᠤᠯᠢᠯᠴᠠᠭ᠎ᠠ᠂ ᠠᠭᠤᠰᠤᠯᠴᠠᠯᠤᠨ ᠡᠪᠤᠨ ᠬᠤᠯᠪᠤᠭ᠎ᠠ ᠲᠠᠢ ᠨᠦᠬᠦᠷᠯᠡᠯᠤᠨ ᠢᠷᠠᠭᠤ ᠬᠠᠭᠤᠳᠠᠰᠦᠵᠢ ᠪᠢᠴᠢᠭᠯᠡᠵᠡᠢ᠃
ᠡᠪ ᠤ᠋ᠨ ᠲᠦᠰᠢᠭ ᠲᠠᠢ ᠠᠮᠢᠳᠤᠷᠠᠯ
ᠡᠪ ᠵᠤᠬᠢᠴᠠᠯ ᠲᠠᠢ ᠪᠦᠯᠬᠦᠮᠳᠠᠯ ᠲᠠᠢ ᠬᠠᠮᠳᠤᠪᠡᠷ ᠤᠷᠤᠰᠢᠨ ᠲᠤᠬᠳᠠᠨᠢᠬᠤ ᠨᠢ ᠦᠨᠳᠤᠰᠤᠳᠡᠨ ᠨᠤᠬᠦᠳᠤᠨ ᠠᠷᠡᠳ ᠤᠯᠡᠨᠳᠦ ᠡᠡᠭᠭᠡ ᠵᠢᠷᠭᠠᠯ ᠲᠠᠢ ᠠᠮᠢᠳᠤᠷᠡᠯ ᠡᠳ᠋ᠯᠡᠬᠦᠯᠬᠦ ᠨᠢ ᠯᠠᠪᠳᠠᠢ ᠶᠤᠮ᠃ ᠦᠨᠳᠤᠰᠤᠳᠡᠨ ᠨᠤᠬᠦᠳᠤᠨ ᠠᠷᠡᠳ ᠤᠯᠡᠨ ᠬᠠᠷᠢᠯᠴᠠᠨ ᠢᠳᠡᠭᠡᠯ ᠨᠠᠢᠳᠠᠪᠤᠷᠢᠳᠠᠢ ᠪᠠᠢᠪᠠᠯ ᠲᠡᠳᠡᠨᠤ ᠠᠮᠢᠳᠤᠷᠠᠯ ᠨᠡᠩ ᠦᠷᠨᠢᠬᠦᠨ ᠰᠠᠢᠬᠠᠨ ᠦᠬᠡᠳᠡᠯᠡᠭᠰᠡᠨ ᠵᠢᠱ᠌ᠢᠶᠠ ᠡᠨᠳᠠ ᠮᠤᠡᠭ ᠦᠭᠡᠢ᠃
ᠨᠢᠬᠡᠨ ᠭᠤᠤᠯ ᠤ᠋ᠨᠢ᠋ᠢᠡᠨ ᠬᠤᠶᠠᠷ ᠬᠦᠪᠡᠬᠡᠨ ᠳ᠋ᠸ᠋ ᠠᠵᠦ ᠲᠦᠷᠦᠵᠦ ᠠᠮᠢᠳᠤᠷᠠᠬᠤ ᠪᠡᠷ ᠦᠯᠦ ᠪᠡᠷᠡᠮ 《ᠲᠠᠪᠢᠨ ᠬᠡᠷ》 ᠬᠡᠬᠦ ᠨᠢᠬᠡᠨ ᠨᠡᠷ᠎ᠡ ᠵᠢ ᠬᠠᠮᠳᠤ ᠳ᠋ᠠᠭᠠᠨ ᠦᠪᠯᠡᠨ ᠡᠷᠬᠦᠵᠦ ᠶᠠᠪᠤᠭ᠎ᠠ ᠨᠢ ᠪᠠᠭᠠᠷᠢᠨ ᠬᠢᠭᠡᠳ ᠯᠢᠨᠰᠢᠶᠢᠨ ᠬᠦᠮᠦᠨ ᠠᠷᠡᠳᠲᠦ᠍ ᠠᠪᠴᠦ ᠬᠡᠯᠡᠪᠡᠯ ᠲᠠᠮᠠᠢ ᠯᠡ ᠰᠤᠨᠢᠨ ᠶᠠᠪᠤᠳᠠᠯ ᠪᠢᠰᠢ᠃ ᠴᠠᠭᠠᠠᠮᠦ᠋ᠷᠡᠨᠦ ᠵᠡᠬᠦᠨ ᠬᠦᠪᠡᠬᠡᠨ ᠳ᠋ᠤ ᠪᠠᠭᠠᠷᠢᠨ ᠪᠠᠷᠠᠭᠤᠨ ᠬᠤᠰᠢᠭᠤᠨ ᠤ᠋ ᠰᠤᠪᠤᠷᠭ᠎ᠠ ᠪᠠᠯᠭᠠᠰᠤ ᠵᠢᠨ ᠲᠠᠪᠢᠨ ᠠᠢᠯ ᠭᠠᠴᠠᠭ᠎ᠠ ᠬᠡᠵᠦ ᠪᠠᠢᠬᠤᠳᠦ ᠂ ᠪᠠᠷᠠᠭᠤᠨ ᠡᠷᠬᠢᠨ ᠳ᠋ᠤᠨᠢ ᠯᠢᠨᠰᠢ ᠰᠢᠶᠠᠨ ᠤ᠋ ᠦ᠋ ᠱᠢ ᠵᠢᠶᠠ ᠽᠢ ᠬᠡᠮᠡᠬᠦ ᠪᠠᠯᠭᠠᠰᠦ ᠪᠠᠢᠳᠠᠭ ᠪᠢᠯᠡ᠃ ᠨᠢᠭᠡᠯᠭᠡᠨ ᠭᠠᠵᠡᠷᠤᠨ ᠨᠠᠷᠠ ᠵᠢ ᠬᠢᠳᠡᠳ ᠮᠤᠡᠭᠭᠤᠯᠢ᠋ᠢᠡᠷ ᠤᠷᠴᠢᠭᠤᠯᠤᠨ ᠬᠡᠷᠡᠭᠯᠡᠳᠡᠭ ᠪᠤᠯᠬᠤᠷ ᠡᠨᠳᠡᠬᠢ ᠬᠦᠮᠦᠰ ᠪᠡᠶ᠎ᠠ ᠪᠡᠶᠡᠨᠳᠡᠭᠡᠨ ᠴᠢᠨᠤ ᠮᠢᠨᠤ ᠬᠡᠵᠦ ᠪᠠᠢᠳᠠᠭ ᠦᠭᠡᠢ ᠃ ᠲᠠᠪᠢᠨ ᠠᠢᠯ ᠭᠠᠴᠠᠭᠠᠨ ᠳ᠋ᠤ 66 ᠡᠷᠦᠬᠡ ᠂ 256 ᠬᠦᠮᠦᠨ ᠠᠮᠠ ᠲᠠᠢ ᠪᠦᠭᠡᠳ ᠭᠤᠤᠯᠳᠠᠭᠤ ᠦᠬᠡᠷ ᠬᠤᠨᠢ ᠮᠠᠯᠵᠢᠳᠠᠭ ᠪᠤᠯᠪᠠᠴᠦ ᠲᠠᠷᠢᠶᠠᠨ ᠭᠠᠵᠠᠷ ᠲᠤᠩ ᠪᠠᠭ᠎ᠠ ᠪᠠᠢᠳᠠᠬ᠃ ᠬᠡᠬᠦᠳᠦ᠂ ᠲᠠᠪᠢᠨᠬᠡᠷ ᠪᠠᠯᠭᠠᠰᠤ ᠠᠮᠠ ᠪᠦᠯᠢ ᠤᠯᠠᠨᠳᠠᠢ ᠪᠦᠭᠡᠳ ᠠᠮᠤ ᠪᠤᠳᠠᠭ᠎ᠠ᠂ ᠡᠪᠡᠰᠦ ᠪᠤᠷᠳᠤᠭ᠎ᠠ ᠡᠯᠪᠡᠭ ᠲᠤᠯᠡ ᠲᠠᠳᠠ ᠪᠡᠶ᠎ᠠ ᠰᠡᠬᠦᠳᠡᠷ ᠰᠢᠭ ᠢᠵᠢᠯᠢᠰᠢᠨ ᠬᠡᠨ ᠠᠯᠢᠨ ᠡᠴᠠ ᠪᠠᠨ ᠰᠠᠯᠵᠦ ᠴᠢᠳᠠᠬᠤ ᠦᠭᠡᠢ ᠪᠤᠯᠵᠠᠢ᠃
ᠲᠠᠪᠢᠨ ᠠᠢᠯ ᠭᠠᠴᠠᠭ᠎ᠠ ᠵᠢᠨ ᠮᠠᠯᠴᠢᠨ ᠬᠠᠰᠪᠠᠭᠠᠨ᠎ᠠ ᠭᠠᠷᠠᠬ ᠪᠤᠯᠭᠠᠨ ᠮᠠᠰᠢᠨ ᠲᠡᠷᠬᠡ ᠪᠡᠨ ᠵᠢᠯᠤᠭᠤᠳᠤᠨ ᠲᠠᠪᠢᠨᠬᠡᠷ ᠪᠠᠯᠭᠠᠰᠤᠨ ᠳ᠋ᠤ ᠬᠦᠷᠴᠦ ᠂ ᠡᠳᠦᠷ ᠲᠤᠳᠤᠮ ᠤ᠋ᠨ ᠠᠮᠢᠳᠤᠷᠠᠯ ᠤ᠋ᠨ ᠬᠡᠷᠡᠭᠰᠡᠯ ᠬᠤᠳᠠᠯᠳᠤᠨ ᠠᠪᠳᠠᠭ᠃ ᠲᠠᠪᠢᠨ ᠠᠢᠯ ᠭᠠᠴᠠᠭ᠎ᠠ ᠳ᠋ᠠᠪᠠᠨ ᠪᠠᠯᠭᠠᠰᠤᠨ ᠡᠴᠨ ᠨᠡᠯᠢᠶᠡᠳ ᠬᠤᠯᠠ ᠪᠤᠯᠬᠤᠷ ᠬᠠᠰᠪᠠᠭᠠᠨ᠎ᠠ ᠲᠠᠢ ᠠᠳᠠᠯᠢ ᠡᠨᠳᠡᠬᠢ ᠮᠠᠯᠴᠢᠳ ᠤᠳᠠᠭᠠᠨ ᠵᠢᠯ ᠵᠢᠡᠷ ᠲᠠᠪᠢᠨᠬᠡᠷ ᠪᠠᠯᠭᠠᠰᠤᠨ ᠡᠴᠨ ᠪᠠᠷᠠᠭ᠎ᠠ ᠬᠤᠳᠠᠯᠳᠤᠨ ᠠᠪᠳᠠᠭ ᠪᠠᠢᠯ᠎ᠠ᠃ ᠡᠨᠡ ᠤᠳᠠᠭ᠎ᠠ ᠬᠠᠰᠪᠠᠭᠠᠨ᠎ᠠ ᠵᠢᠨ ᠦᠬᠡᠷ ᠤ᠋ᠨ ᠡᠪᠡᠰᠦ ᠪᠤᠷᠳᠤᠭ᠎ᠠ ᠨᠢ ᠪᠠᠰᠠ ᠪᠠᠷᠠᠴᠢᠬᠠᠬᠰᠠᠨ ᠲᠤᠯᠠ ᠨᠡᠮᠡᠵᠦ ᠠᠪᠬᠤ ᠪᠡᠷ ᠪᠤᠯᠵᠤ ᠂ ᠲᠠᠨᠢᠯ ᠬᠤᠳᠠᠯᠳᠤᠭᠠᠴᠢᠨ ᠤ᠋ ᠳ᠋ᠠᠭᠠᠨ ᠤᠴᠢᠭᠠᠳ ᠬᠡᠳᠦᠨ ᠤᠭᠤᠳᠠ ᠪᠤᠷᠳᠤᠭ᠎ᠠ ᠠᠪᠴᠤ ᠮᠠᠰᠢᠨ ᠲᠡᠷᠬᠡᠨ ᠲᠡᠭᠡᠷ᠎ᠡ ᠪᠡᠨ ᠲᠡᠭᠡᠭᠡᠯᠡ᠃ ᠬᠠᠰᠪᠠᠭᠠᠨ᠎ᠠ ᠲᠠᠨᠢᠯ ᠬᠦᠮᠦᠨ ᠳ᠋ᠡᠬᠡᠨ ᠬᠡᠳᠦᠨ ᠦᠬᠡᠷ ᠬᠤᠳᠠᠯᠳᠤᠬᠤ ᠰᠠᠨᠠᠭ᠎ᠠ ᠪᠡᠨ ᠴᠤᠬᠤᠢᠯᠭᠠᠪᠠᠯ ᠂ ᠴᠠᠭᠠᠳᠤᠬᠢ ᠨᠢ ᠬᠦᠮᠦᠨ ᠳ᠋ᠤ ᠲᠠᠮᠵᠢᠭᠤᠯᠤᠨ ᠬᠡᠯᠡᠵᠦ ᠦᠭᠬᠦᠶ᠎ᠡ ᠬᠡᠵᠦ ᠠᠮᠠᠯᠠᠭᠠᠳ ᠮᠦᠷᠦ ᠵᠢ ᠨᠢ ᠲᠠᠪᠰᠢᠨ᠎ᠠ᠃
ᠲᠠᠪᠢᠨ ᠠᠢᠯ ᠭᠠᠴᠠᠭ᠎ᠠ ᠵᠢᠨ ᠮᠠᠯᠴᠢᠨ ᠠᠳᠢᠶᠠᠴᠸ᠋ ᠬᠤᠷᠢ ᠭᠠᠷᠤᠢ ᠦᠬᠡᠷ ᠮᠠᠯᠵᠢᠨ᠂ ᠨᠠᠮᠤᠷ ᠤ᠋ᠨ ᠴᠠᠬ ᠲᠠᠭᠠᠨ ᠶᠡᠬᠡ ᠬᠡᠮᠵᠢᠶᠡᠨ ᠤ᠋ ᠬᠦᠭᠡ ᠲᠠᠷᠤᠰᠢ ᠲᠠᠷᠤᠬᠤ ᠱᠠᠭᠠᠷᠳᠠᠯᠭ᠎ᠠ ᠲᠠᠢ᠃ ᠤᠷᠴᠢᠮ ᠠᠳᠢᠶ᠎ᠠ ᠲᠠᠪᠢᠨᠬᠡᠷ ᠪᠠᠯᠭᠠᠰᠤᠨ ᠳ᠋ᠤ ᠬᠦᠷᠴᠦ ᠂ ᠨᠤᠭᠤᠭᠠᠨ ᠲᠠᠷᠤᠰᠢ ᠬᠤᠳᠠᠯᠳᠤᠨ ᠠᠪᠬᠤ ᠪᠡᠷ ᠬᠦᠳᠡᠯᠪᠡ᠃ ᠲᠠᠷᠠ ᠦᠷᠬᠦᠯᠵᠢ ᠨᠤᠭᠤᠭᠠᠨ ᠲᠠᠷᠤᠰᠢ ᠠᠪᠳᠠᠬ ᠲᠠᠨᠢᠯ ᠨᠠᠢᠵᠠ ᠵᠢᠨ ᠵᠢᠡᠨ ᠬᠡᠷ ᠲᠤᠨᠢ ᠬᠦᠷᠴᠦ ᠂ ᠴᠠᠢ ᠤᠤᠭᠤᠬᠤ ᠵᠠᠪᠰᠡᠷ ᠨᠤᠭᠤᠭᠠᠨ ᠲᠠᠷᠤᠰᠢ ᠬᠤᠳᠠᠯᠳᠤᠨ ᠠᠪᠬᠤ ᠰᠠᠨᠠᠭ᠎ᠠ ᠪᠡᠨ ᠴᠤᠬᠤᠢᠯᠭᠠᠵᠤ ᠶᠠᠷᠢᠨ᠎ᠠ ᠃ ᠠᠳᠢᠶ᠎ᠠ ᠵᠢᠨ ᠬᠢᠳᠡᠳ ᠦᠨᠳᠤᠰᠤᠳᠡᠨᠤ ᠨᠠᠢᠵᠠ ᠵᠢᠨ ᠬᠢᠨᠢ ᠨᠤᠭᠤᠭᠠᠨ ᠲᠠᠷᠤᠰᠢ ᠨᠠᠯᠢᠶᠡᠳ ᠦᠯᠡᠳᠡᠪᠦᠷᠢ ᠲᠠᠢ ᠪᠠᠢᠬᠰᠠᠨ ᠪᠤᠯᠬᠤᠷ ᠲᠡᠬᠦᠨᠤ ᠰᠠᠨᠠᠭ᠎ᠠ ᠲᠠᠢ ᠶᠡᠪ ᠴᠡᠪ ᠨᠡᠢᠴᠡᠪᠡ᠃ ᠲᠡᠮᠡᠢ ᠤᠳᠠᠯ ᠦᠬᠡᠢ ᠠᠳᠢᠶ᠎ᠠ ᠨᠠᠢᠵᠠ ᠲᠠᠢ ᠪᠡᠨ ᠬᠠᠩᠰᠢ ᠲᠤᠬᠢᠷᠠᠨ ᠮᠠᠰᠢᠨᠳᠠᠭᠠᠨ ᠬᠤᠷᠳᠤ ᠨᠡᠮᠡᠵᠦ ᠬᠡᠷ ᠵᠦᠭ ᠵᠢᠡᠨ ᠬᠤᠷᠳᠤᠯᠠᠨ ᠲᠠᠪᠬᠢᠯ᠎ᠠ᠃ ᠠᠳᠢᠶ᠎ᠠ ᠲᠡᠮᠡᠢ ᠬᠤᠯᠠ ᠶᠠᠪᠤᠯ ᠦᠬᠡᠢ ᠪᠡᠷ ᠰᠠᠨᠠᠭᠠᠨ ᠳ᠋ᠠᠭᠠᠨ ᠲᠠᠭᠠᠷᠠᠬᠰᠠᠨ ᠦᠨ᠎ᠡ ᠬᠠᠩᠰᠢ ᠪᠡᠷ ᠨᠤᠭᠤᠭᠠᠨ ᠲᠠᠷᠤᠰᠢ ᠬᠤᠳᠠᠯᠳᠤᠨ ᠠᠪᠤᠬᠰᠠᠨ ᠳ᠋ᠠᠭᠠᠨ ᠰᠡᠳᠬᠢᠯ ᠬᠠᠩᠬᠤᠯᠤᠭᠤᠨ ᠪᠠᠢᠭ᠎ᠠ ᠨᠢ ᠶᠠᠷᠢᠶᠠᠨ ᠦᠭᠡᠢ᠃
ᠡᠢᠨ ᠬᠦ᠌᠂ ᠦᠨᠳᠤᠰᠤᠳᠡᠨᠤ ᠪᠦᠯᠬᠦᠮᠳᠠᠯᠤᠨ ᠢᠷᠠᠭᠤ ᠲᠠᠭᠤᠨᠢ ᠬᠠᠡᠭᠬᠢᠨᠡᠭᠤᠯᠤᠨ᠂ ᠪᠡᠶ᠎ᠠ ᠪᠠᠶ᠎ᠠ ᠪᠠᠨ ᠢᠳᠡᠭᠡᠵᠦ ᠨᠠᠢᠳᠠᠬᠰᠠᠨ ᠡᠪᠤᠨ ᠲᠦᠰᠢᠭ ᠲᠠᠢ ᠠᠮᠢᠳᠤᠷᠡᠯ ᠬᠦᠮᠦᠨ ᠠᠷᠡᠳᠢ᠋ᠢᠡᠨ ᠪᠠᠶᠠᠰᠬᠠᠨ᠎ᠠ᠃ ᠯᠢᠨᠰᠢ ᠰᠢᠶᠠᠨ ᠤ᠋ ᠲᠠᠪᠢᠨᠬᠡᠷ ᠪᠠᠯᠭᠠᠰᠤ ᠵᠢᠨ ᠵᠢᠶᠤᠤ ᠳ᠋ᠢᠩ ᠱᠠᠨ ᠲᠤᠰᠬᠤᠨ ᠳ᠋ᠤ ᠪᠦᠬᠦ ᠰᠢᠶᠠᠨ ᠤ᠋ ᠬᠠᠮᠤᠬ ᠤ᠋ᠨ ᠲᠤᠮᠤ ᠮᠦᠬᠦ ᠲᠠᠷᠢᠬᠤ ᠰᠠᠭᠤᠷᠢᠨ ᠲᠠᠢ ᠪᠠᠢᠵᠤ᠂ 600 ᠭᠠᠷᠤᠢ ᠲᠤᠮᠤ ᠫᠸᠩ ᠳᠡᠭᠡᠨ ᠡᠳᠤᠷ ᠲᠸ᠋ ᠴᠠᠭᠠᠠᠮᠦ᠋ᠷᠡᠨ ᠭᠠᠴᠠᠭ᠎ᠠ ᠬᠢᠭᠡᠳ ᠵᠢᠶᠤᠤ ᠳ᠋ᠢᠩ ᠱᠠᠨ ᠲᠤᠰᠬᠤᠨ ᠤ᠋ 200 ᠭᠠᠷᠤᠢ ᠬᠦᠳᠡᠯᠮᠦᠷᠢ ᠬᠦᠴᠦ ᠬᠡᠷᠡᠭᠰᠡᠬᠦ ᠲᠤᠯᠠ᠂ ᠤᠢᠷ᠎ᠠ ᠬᠤᠪᠢᠶᠢᠨ ᠮᠠᠯᠴᠢᠳ ᠲᠡᠷᠢᠶᠡᠴᠢᠳ ᠤᠷᠤᠯᠭ᠎ᠠ ᠪᠡᠨ ᠨᠡᠮᠡᠭᠳᠡᠬᠦᠯᠦᠨ ᠰᠡᠳᠬᠢᠯ ᠲᠡᠨᠢᠬᠦᠨ ᠨᠢᠷᠤᠭᠤ ᠬᠡᠳᠡᠭᠡᠷ ᠠᠮᠢᠳᠤᠷᠠᠵᠤ ᠪᠠᠢᠨ᠎ᠠ᠃ ᠡᠬᠦᠪᠡᠷ ᠦᠯᠦ ᠪᠡᠷᠡᠮ᠂ ᠵᠢᠶᠤᠤ ᠳ᠋ᠢᠩ ᠱᠠᠨ ᠲᠤᠰᠬᠤᠨ ᠤ᠋ ᠮᠠᠯ ᠤ᠋ᠨ ᠡᠮᠴᠢ ᠴᠢᠨ ᠵᠦᠩ ᠢᠦᠢ1989 ᠤᠨ ᠳ᠋ᠤ ᠰᠤᠷᠭᠠᠭᠤᠯᠢ ᠲᠡᠬᠦᠰᠦᠭᠰᠡᠨ ᠡᠴᠨ ᠠᠪᠤᠭᠠᠳ ᠬᠦᠷᠰᠢ ᠵᠡᠷᠬᠡᠯᠡᠳᠡᠬᠡ ᠪᠠᠭᠠᠷᠢᠨ ᠪᠠᠷᠠᠭᠤᠨ ᠬᠤᠰᠢᠭᠤᠨ ᠤ᠋ ᠴᠠᠭᠠᠠᠮᠦ᠋ᠷᠡᠨ ᠭᠠᠴᠠᠭ᠎ᠠ ᠵᠢ ᠪᠠᠬᠳᠠᠭᠠᠬᠰᠡᠨ ᠬᠠᠪᠢ ᠲᠦᠰᠤᠷᠤᠨ ᠮᠠᠯᠴᠢᠳ ᠲᠠᠷᠢᠶᠠᠴᠢᠳ ᠲᠠᠭᠠᠨ ᠦᠢᠯᠡᠴᠢᠯᠡᠨ ᠂ ᠮᠠᠯ ᠤᠨᠤᠭ᠎ᠠ ᠵᠢ ᠨᠢ ᠡᠮᠨᠡᠨ ᠵᠠᠰᠠᠵᠦ᠂ ᠲᠠᠳᠠᠨᠤ ᠠᠮᠢᠳᠤᠷᠠᠯ ᠤᠨᠳᠤᠷᠤᠯᠭ᠎ᠠ ᠳ᠋ᠤᠨᠢ ᠲᠤᠰᠠ ᠪᠤᠯᠵᠤ ᠶᠠᠪᠤᠵᠠᠢ᠃
ᠴᠠᠭᠠᠠᠮᠦ᠋ᠷᠡᠨ ᠭᠠᠴᠠᠭ᠎ᠠ ᠡᠴᠨ ᠵᠢᠶᠤᠤ ᠳ᠋ᠢᠩ ᠱᠠᠨ ᠲᠤᠰᠬᠤᠨ ᠳ᠋ᠤ ᠢᠷᠡᠵᠦ ᠲᠤᠰᠬᠤᠨᠤ ᠡᠮᠴᠢᠶᠢᠨ ᠠᠯᠪᠠ ᠬᠠᠭᠠᠳᠠᠭ ᠴᠢ ᠶᠦᠡᠭ ᠵᠢᠶᠦ᠋ᠨ ᠴᠸ᠋ ᠡᠮᠴᠢᠯᠡᠬᠡᠨ ᠤ᠋ ᠮᠡᠷᠬᠡᠵᠢᠯ ᠵᠢᠡᠷ ᠵᠢᠡᠨ ᠡᠯ᠎ᠠ ᠦᠨᠳᠤᠰᠤᠳᠡᠨᠤ ᠤᠯᠡᠨ ᠲᠦᠮᠡᠨᠳᠦ ᠦᠢᠯᠡᠴᠢᠯᠡᠨ᠂ ᠲᠡᠳᠡᠨᠤ ᠡᠷᠡᠬᠦᠯ ᠡᠩᠬᠡ ᠵᠢᠨ ᠡᠯᠴᠢᠨ ᠪᠤᠯᠵᠤ ᠭᠠᠪᠰᠢᠭᠠᠢᠯᠠᠨᠠ᠃ ᠢᠡᠭᠬᠢᠵᠦ ᠴᠠᠭᠠᠠᠮᠦ᠋ᠷᠡᠨ ᠲᠠᠭᠠᠤ ᠮᠠᠯᠴᠢᠳ ᠲᠠᠷᠢᠶᠡᠴᠢᠳ ᠮᠠᠯ ᠲᠠᠷᠢᠶᠡᠨᠤ ᠲᠤᠷᠰᠢᠯᠭ᠎ᠠ ᠪᠠᠨ ᠬᠦᠨᠵᠡᠬᠡᠢ ᠰᠤᠯᠢᠯᠴᠠᠬᠤ᠂ ᠬᠦᠷᠵᠠᠡᠭ ᠬᠢᠭᠡᠳ ᠡᠪᠡᠰᠦ ᠰᠦᠷᠡᠯᠢ᠋ᠢᠡᠨ ᠰᠤᠯᠢᠵᠦ ᠠᠰᠢᠬᠯᠠᠬᠤ ᠡᠴᠠ ᠪᠠᠨ ᠠᠪᠤᠭᠠᠳ ᠠᠢᠯ ᠭᠡᠷᠤᠨ ᠵᠢᠵᠢᠭ ᠰᠠᠵᠢᠬ ᠤᠴᠢᠷ ᠶᠠᠪᠤᠳᠠᠯ ᠬᠦᠷᠳᠠᠯᠡᠬᠢ ᠲᠡᠳᠡᠨᠤ ᠠᠮᠢᠳᠤᠷᠡᠯᠤᠨ ᠲᠠᠯ᠎ᠠ ᠪᠦᠬᠦᠨᠳᠦ ᠡᠪᠪᠦᠯᠬᠦᠮᠳᠠᠯᠤᠨ ᠲᠠᠭᠤᠤ ᠴᠤᠤᠷᠢᠶᠠᠳᠤᠵᠤ ᠪᠠᠢᠭ᠎ᠠ ᠪᠢᠯᠡ᠃
ᠡᠭᠡᠶᠢᠨ ᠰᠦ ᠰᠢᠭ ᠤᠨᠳᠤᠷᠤᠭᠰᠡᠨ ᠴᠠᠭᠠᠠᠮᠦ᠋ᠷᠡᠨᠤ ᠪᠠᠨ ᠰᠢᠮᠠᠵᠢ ᠬᠦᠷᠳᠡᠨ᠂ ᠬᠤᠶᠡᠷ ᠬᠦᠪᠡᠬᠡᠨᠳᠤᠨᠢ ᠡᠡᠭᠭᠡᠶᠢᠨ ᠪᠤᠯᠵᠤᠭ᠎ᠠ ᠲᠠᠢ ᠬᠦᠷᠰᠢᠯᠡᠨ ᠰᠠᠭᠤᠭ᠎ᠠ ᠪᠠᠭᠠᠷᠢᠨ᠂ ᠯᠢᠨᠰᠢᠶᠢᠨ ᠬᠦᠮᠦᠨ ᠵᠤᠨᠤ ᠠᠪᠴᠦ ᠪᠠᠢᠭ᠎ᠠ ᠠᠮᠢᠰᠬᠤᠭ᠎ᠠ᠂ ᠴᠤᠬᠢᠯᠡᠵᠦ ᠪᠠᠢᠭ᠎ᠠ ᠵᠢᠷᠤᠭᠡ ᠨᠢ ᠬᠦᠷᠳᠡᠯ᠎ᠠ 《ᠡᠪᠤᠨ ᠲᠤᠯᠬᠢᠶᠡᠨ》 ᠢ᠋ᠢᠡᠷ ᠯᠤᠭᠰᠢᠨᠠᠮ᠃