ᠬᠤᠯᠪᠤᠭᠠᠰᠦ᠄
● ᠬᠣᠷᠴᠢᠨ ᠵᠡᠭᠦᠨ ᠭᠠᠷᠤᠨ ᠬᠣᠢᠲᠤ ᠬᠣᠰᠢᠭᠤᠨᠤ ᠪᠠᠶᠠᠨᠮᠤᠳᠤ ᠰᠤᠮᠤ ᠢ᠋ᠢᠨ ᠨᠠᠮᠤᠨ ᠬᠤᠷᠢᠶ᠎ᠠ᠂ ᠬᠤᠰᠢᠭᠤᠨᠤ ᠤᠯᠠᠭᠠᠨᠮᠦ᠋ᠴᠢᠷ ᠪᠤᠯᠤᠨ ᠠᠳᠤᠭᠤᠴᠢᠨ ᠰᠤᠮᠤ ᠢ᠋ᠢᠨ ᠭᠤᠤᠯ ᠪᠠᠭ᠎ᠠ ᠰᠤᠷᠭᠠᠭᠤᠯᠢ ᠢ᠋ᠢᠨ ᠪᠠᠢ ᠹᠦ ᠴᠢᠤᠸᠠᠨ ᠵᠡᠷᠭᠡ ᠪᠦᠬᠦ ᠤᠷᠤᠨᠤ ᠦᠨᠳᠦᠰᠦᠲᠡᠨᠤ ᠪᠦᠯᠬᠦᠮᠲᠡᠯ ᠲᠠᠪᠰᠢᠯᠲᠠ ᠢ᠋ᠢᠨ ᠵᠢᠱ᠌ᠢᠶᠡᠴᠢ ᠬᠠᠮᠲᠦ ᠪᠠ ᠬᠤᠪᠢ ᠬᠦᠮᠦᠨ ᠴᠤᠯᠭᠤᠷᠠᠪᠠ᠃
● ᠲᠤᠮᠲᠠᠲᠤ ᠢ᠋ᠢᠨ ᠦᠨᠳᠦᠰᠦᠲᠡᠨᠤ ᠬᠠᠮᠲᠦ ᠢ᠋ᠢᠨ ᠴᠤᠬᠴᠠ ᠢ᠋ᠢᠨ ᠤᠬᠠᠮᠰᠠᠷᠢ ᠪᠠᠳᠤ ᠴᠤᠬᠴᠠᠯᠠᠬᠤ ᠬᠦᠮᠦᠵᠢᠯ ᠦᠢᠯᠡᠲᠦᠯᠭᠡ ᠢ᠋ᠢᠨ ᠰᠠᠭᠤᠷᠢᠨ ᠢ᠋ ᠴᠤᠬᠴᠠᠯᠠᠵᠦ᠂ 《ᠬᠤᠪᠢᠰᠬᠠᠯᠤᠨ ᠤᠯᠠ ᠮᠦᠷ》 ᠰᠢᠷᠢᠰ ᠭᠤᠤᠯ ᠰᠡᠲᠦᠪᠲᠦ ᠦᠵᠡᠭᠦᠯᠭᠡ ᠭᠠᠷᠭᠠᠵᠦ᠂ ᠬᠤᠪᠢᠰᠬᠠᠯᠤᠨ ᠰᠤᠶᠤᠯ ᠪᠠ ᠦᠨᠳᠦᠰᠦᠲᠡᠨ ᠨᠤᠬᠦᠳᠤᠨ ᠰᠤᠶᠤᠯ ᠢ᠋ ᠬᠠᠷᠢᠯᠴᠠᠨ ᠠᠭᠤᠰᠤᠯᠴᠠᠭᠤᠯᠵᠦ᠂ ᠰᠢᠨ᠎ᠡ ᠵᠢ ᠡᠭᠦᠲᠦᠨ ᠬᠦᠭᠵᠢᠭᠦᠯᠪᠡ᠃
● ᠨᠠᠮᠤᠨ ᠡᠭᠦᠷᠤᠨ ᠦᠢᠯᠡᠴᠢᠯᠡᠭᠡ ᠢ᠋ᠢᠨ ᠴᠢᠳᠠᠪᠤᠷᠢ ᠵᠢ ᠲᠡᠭᠡᠭᠰᠢᠯᠡᠭᠦᠯᠵᠦ᠂ ᠪᠦᠬᠦ ᠬᠤᠰᠢᠭᠤᠨᠤ ᠡᠯ᠎ᠡ ᠨᠠᠮᠤᠨ ᠡᠭᠦᠷ ᠢ᠋ ᠨᠠᠭᠠᠲᠦ ᠵᠠᠬᠠᠳᠠᠭᠠᠨ ᠨᠢᠭᠡ ᠬᠦᠴᠢᠷᠲᠡᠯᠲᠡᠢ ᠤᠯᠠᠨ ᠲᠦᠮᠡᠨ ᠲᠠᠢ ᠬᠤᠯᠪᠤᠭ᠎ᠠ ᠪᠠᠢᠭᠤᠯᠵᠦ᠂ ᠦᠨᠳᠦᠰᠦᠲᠡᠨᠤ ᠲᠦᠷᠦ ᠢ᠋ᠢᠨ ᠪᠤᠳᠤᠯᠭ᠎ᠠ ᠵᠢ ᠨᠢᠭᠡ ᠤᠳᠠᠭ᠎ᠠ ᠤᠬᠠᠭᠤᠯᠤᠨ ᠲᠠᠢᠯᠪᠤᠷᠢᠯᠠᠵᠦ᠂ ᠨᠢᠲᠦᠨ ᠡᠮᠦᠨᠡᠬᠢ ᠬᠦᠴᠢᠷᠲᠡᠯ ᠢ᠋ ᠨᠢ ᠨᠢᠭᠡ ᠤᠳᠠᠭ᠎ᠠ ᠬᠠᠪᠰᠤᠷᠤᠨ ᠰᠢᠢᠳᠪᠦᠷᠢᠯᠡᠵᠦ᠂ ᠤᠯᠠᠨ ᠲᠦᠮᠡᠨᠤ《ᠪᠠᠴᠢᠮᠲᠠᠵᠦ ᠬᠦᠴᠢᠷᠲᠡᠵᠦ ᠵᠤᠪᠠᠨᠢᠵᠦ ᠬᠦᠰᠡᠵᠦ》 ᠪᠠᠢᠭ᠎ᠠ ᠠᠰᠠᠭᠤᠲᠠᠯ ᠢ᠋ ᠨᠢ ᠰᠢᠢᠳᠪᠦᠷᠢᠯᠡᠨ ᠦᠭᠬᠦ ᠵᠢ ᠰᠠᠨᠠᠭᠠᠴᠢᠯᠠᠪᠠ᠃
● ᠲᠤᠮᠲᠠᠲᠤ ᠢ᠋ᠢᠨ ᠦᠨᠳᠦᠰᠦᠲᠡᠨᠤ ᠬᠠᠮᠲᠦ ᠢ᠋ᠢᠨ ᠴᠤᠬᠴᠠ ᠢ᠋ᠢᠨ ᠤᠬᠠᠮᠰᠠᠷ ᠢ᠋ ᠪᠠᠲᠦ ᠴᠤᠬᠴᠠᠯᠠᠬᠤ ᠵᠢ ᠬᠦᠲᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠪᠦᠬᠦ ᠶᠠᠪᠤᠴᠠᠳᠤ ᠠᠭᠤᠰᠤᠯᠴᠠᠭᠤᠯᠵᠦ᠂ ᠡᠯ᠎ᠠ ᠭᠠᠵᠠᠷ ᠤᠷᠤᠨᠤ ᠦᠢᠯᠡᠳᠪᠦᠷᠢᠯᠡᠯ ᠠᠮᠢᠳᠤᠷᠠᠯ᠂ ᠵᠠᠮ ᠬᠠᠷᠢᠯᠴᠠᠭ᠎ᠠ ᠴᠠᠬᠢᠯᠭᠠᠨ ᠬᠦᠴᠦᠨᠤ ᠨᠦᠬᠦᠴᠡᠯ ᠢ᠋ ᠴᠢᠷᠮᠠᠢᠨ ᠰᠠᠢᠵᠢᠷᠠᠭᠤᠯᠵᠦ᠂ ᠦᠨᠳᠦᠰᠦᠲᠡᠨ ᠨᠤᠬᠦᠳᠤᠨ ᠤᠯᠠᠨ ᠲᠦᠮᠡᠨᠤ ᠬᠦᠷᠲᠡᠮᠵᠢ ᠢ᠋ᠢᠨ ᠲᠦᠷᠦᠭᠲᠡᠯ᠂ ᠵᠢᠷᠭᠠᠯᠲᠦ ᠲᠦᠷᠦᠭᠲᠡᠯ᠂ ᠠᠮᠤᠷ ᠲᠦᠪᠰᠢᠨᠤ ᠲᠦᠷᠦᠭᠲᠡᠯ ᠢ᠋ ᠲᠡᠭᠡᠭᠰᠢᠯᠡᠭᠦᠯᠪᠡ᠃
ᠬᠤᠷᠴᠢᠨ ᠵᠡᠭᠦᠨ ᠭᠠᠷᠤᠨ ᠬᠤᠢᠲᠦ ᠬᠤᠰᠢᠭᠤᠨᠤ ᠵᠡᠭᠦᠨ ᠡᠮᠦᠨᠡᠳᠤ ᠬᠡᠰᠡᠭ ᠲᠸ᠋᠂ ᠬᠢᠷᠢᠨ ᠪᠤᠯᠤᠨ ᠯᠢᠶᠤᠤᠨᠢᠡᠭ ᠮᠤᠵᠢ ᠲᠠᠢ ᠬᠦᠷᠰᠢᠯᠡᠵᠦ ᠪᠠᠢᠭ᠎ᠠ ᠵᠢᠨ ᠪᠤᠤ ᠲᠦᠨ ᠪᠠᠯᠭᠠᠰᠤᠨᠳᠤ ᠬᠤᠶᠠᠷᠬᠡᠷ ᠭᠡᠮᠡᠭᠴᠢ ᠲᠤᠰᠬᠤᠨ ᠪᠠᠢᠳᠠᠬ᠃ ᠦᠡᠭᠭᠡᠷᠡᠭᠰᠡᠨᠳᠤ ᠡᠨᠳᠡ ᠬᠤᠶᠠᠷᠬᠠᠨ ᠡᠷᠦᠭᠡ ᠨᠤᠳᠤᠬᠰᠢᠵᠦ ᠪᠠᠢᠬᠰᠠᠨ ᠪᠤᠯᠬᠤᠷ ᠢᠡᠭᠭᠢᠵᠦ ᠨᠡᠷᠡᠢᠳᠤᠯᠠ ᠭᠡᠵᠦ ᠨᠤᠳᠤᠭᠤᠨ ᠲᠤᠮᠤᠭᠠᠳᠠᠳᠡᠴᠡ ᠬᠠᠭᠤᠴᠢᠯᠠᠳᠠᠭ ᠪᠠᠢᠪᠠ᠃ ᠡᠳᠦᠭᠡ ᠬᠢᠲᠠᠳ᠂ ᠮᠤᠩᠭᠤᠯ᠂ ᠰᠤᠯᠤᠩᠭᠤᠰ᠂ ᠮᠠᠨᠵᠦ ᠵᠡᠷᠭᠡ ᠦᠨᠳᠦᠰᠦᠲᠡᠨᠤ ᠬᠤᠶᠠᠷ ᠮᠢᠩᠭ᠎ᠠ ᠰᠢᠬᠠᠮ ᠠᠷᠠᠳ ᠲᠦᠮᠡᠨ ᠲᠦᠪᠯᠡᠷᠡᠨ ᠰᠠᠭᠤᠷᠢᠰᠢᠵᠦ᠂ ᠬᠠᠷᠢᠯᠴᠠᠭ᠎ᠠ ᠶᠠᠪᠤᠯᠴᠠᠭ᠎ᠠ ᠨᠢᠬᠲᠠᠷᠠᠬᠰᠠᠨ ᠲᠤᠮᠤ ᠲᠤᠰᠬᠤᠨ ᠪᠤᠯᠤᠯ᠎ᠠ᠃
ᠬᠤᠶᠠᠷᠭᠡᠷ ᠲᠤᠰᠬᠤᠨ ᠪᠤᠯ ᠬᠤᠷᠴᠢᠨ ᠵᠡᠭᠦᠨ ᠭᠠᠷᠤᠨ ᠬᠤᠢᠳᠤ ᠬᠤᠰᠢᠭᠤᠨᠤ ᠪᠠᠨ ᠴᠤᠷᠤᠨ ᠭᠠᠭᠴᠠ ᠰᠤᠯᠤᠩᠭᠤᠰ ᠦᠨᠳᠦᠰᠦᠲᠡᠨ ᠲᠦᠪᠯᠡᠷᠡᠨ ᠰᠠᠭᠤᠷᠢᠰᠢᠬᠰᠠᠨ ᠨᠤᠳᠤᠬ ᠶᠤᠮ᠃ ᠠᠮᠸᠷᠢᠺᠠ ᠵᠢ ᠡᠰᠡᠷᠬᠦᠴᠡᠵᠦ ᠰᠤᠯᠤᠩᠭᠤᠰ ᠢ᠋ ᠲᠤᠰᠠᠯᠠᠬᠤ ᠲᠠᠢᠨ ᠤ᠋ ᠦᠶᠡᠳᠤ ᠰᠤᠯᠤᠩᠭᠤᠰ ᠡᠴᠡ ᠨᠡᠭᠦᠵᠦ ᠢᠷᠡᠭᠰᠡᠨ ᠰᠤᠯᠤᠩᠭᠤᠰ ᠬᠦᠮᠦᠨ ᠵᠢᠴᠢ ᠬᠤᠢᠴᠢᠰ ᠨᠢ ᠡᠨᠲᠡ ᠠᠵᠦ ᠲᠦᠷᠦᠨ ᠠᠮᠢᠲᠤᠷᠠᠵᠦ᠂ ᠲᠠᠢᠨ ᠪᠠᠢᠯᠳᠤᠭᠠᠨᠤ ᠦᠶᠡᠳᠤ ᠲᠡᠷᠡ᠂ ᠨᠡᠢᠭᠡᠮ ᠵᠢᠷᠦᠮᠲᠦ ᠪᠦᠲᠦᠭᠡᠨ ᠪᠠᠢᠭᠤᠯᠤᠯᠲᠠ ᠢ᠋ᠢᠨ ᠦᠶᠡᠳᠤ ᠴᠸ᠋ ᠲᠡᠷᠡ᠂ ᠲᠤᠰᠬᠤᠨᠤ ᠡᠯ᠎ᠠ ᠦᠨᠳᠦᠰᠦᠲᠡᠨᠤ ᠠᠷᠠᠳ ᠲᠦᠮᠡᠨ ᠵᠢᠷᠭᠠᠯ ᠵᠤᠪᠠᠯ ᠢ᠋ᠢᠡᠨ ᠬᠠᠮᠳᠤᠳᠬᠠᠨ ᠪᠦᠯᠬᠦᠮᠲᠡᠨ ᠲᠡᠮᠡᠴᠡᠵᠦ᠂ ᠬᠠᠢᠷ᠎ᠠ ᠪᠡᠷ ᠬᠡᠯᠬᠢᠭᠰᠡᠨ ᠡᠶ᠎ᠡ ᠨᠠᠢᠷᠲᠠᠢ ᠭᠡᠷ ᠤᠷᠤᠨ ᠵᠢᠡᠨ ᠪᠠᠢᠭᠤᠯᠵᠦ ᠢᠷᠡᠵᠡᠢ᠃

ᠬᠠᠷᠢᠯᠴᠠᠭ᠎ᠠ ᠶᠠᠪᠤᠯᠴᠠᠭ᠎ᠠ ᠡᠴᠡ ᠬᠦᠪᠦᠷᠡᠭᠰᠡᠨ ᠢᠨᠠᠭ ᠬᠠᠢᠷ᠎ᠠ
ᠡᠨᠡ ᠵᠢᠯᠤᠨ 3 ᠰᠠᠷᠠᠳᠤ᠂ ᠮᠤᠩᠭᠤᠯ ᠵᠠᠯᠠᠭᠤ ᠬᠤᠤ ᠶᠠᠨ ᠰᠢᠶᠠᠩ ᠪᠤᠯᠤᠨ ᠰᠤᠯᠤᠩᠭᠤᠰ ᠬᠡᠦᠬᠡᠨ ᠴᠢᠤᠸᠠᠨ ᠬᠤᠢ ᠯᠢᠩ ᠬᠤᠷᠢᠮᠤᠨ ᠶᠤᠰᠤᠯᠠᠯᠵᠢᠡᠨ ᠬᠢᠵᠦ ᠬᠠᠯᠠᠭᠤᠨ ᠪᠦᠯᠢ ᠪᠠᠨ ᠪᠠᠢᠭᠤᠯᠤᠨ᠂ ᠬᠤᠶᠠᠷᠬᠡᠷ ᠲᠤᠰᠬᠤᠨᠤ ᠰᠤᠯᠤᠩᠭᠤᠰ ᠬᠡᠦᠬᠡᠨ ᠪᠤᠰᠤᠳ ᠦᠨᠳᠦᠰᠦᠲᠡᠨᠤ ᠵᠠᠯᠠᠭᠤ ᠲᠠᠢ ᠤᠷᠤᠬ ᠪᠠᠷᠢᠯᠳᠤᠬᠰᠠᠨ ᠬᠠᠮᠤᠭᠤᠨ ᠲᠦᠷᠦᠭᠦᠨᠤ ᠠᠮᠠᠷᠠᠬ ᠬᠤᠤᠰ ᠪᠤᠯᠵᠠᠢ᠃
ᠪᠢᠳᠡᠨᠢ ᠰᠤᠷᠪᠤᠯᠵᠢᠯᠠᠷ᠎ᠠ ᠬᠦᠷᠭᠦᠳᠦ᠂ ᠴᠢᠤᠸᠠᠨ ᠬᠤᠢ ᠯᠢᠩ ᠭᠡᠷ ᠦᠷᠦᠭᠡ ᠪᠠᠨ ᠴᠡᠪᠡᠷᠯᠡᠵᠦ ᠲᠠᠭᠤᠰᠤᠭᠠᠳ ᠲᠠᠷᠢᠶᠠᠨ ᠠᠵᠢᠯᠳᠤ ᠶᠠᠪᠤᠬᠰᠠᠨ ᠨᠦᠭᠦᠷ ᠲᠡᠭᠡᠨ ᠬᠤᠭᠤᠯᠠ ᠬᠤᠰᠢ ᠪᠡᠯᠡᠳᠭᠡᠨ ᠶᠠᠭᠠᠷᠠᠵᠦ ᠪᠠᠢᠪᠠ᠃ ᠬᠡᠷᠡᠮ ᠬᠠᠨᠠᠳᠤᠨᠢ ᠡᠯᠭᠦᠭᠳᠡᠭᠰᠡᠨ ᠬᠤᠷᠢᠮ ᠨᠠᠢᠷᠤᠨ ᠰᠡᠭᠦᠲᠡᠷ᠂ ᠭᠢᠯ᠎ᠡ ᠴᠢᠯᠠ ᠬᠤᠷᠭᠤ ᠠᠪᠳᠠᠷ᠎ᠠ ᠨᠤᠭᠤᠳ ᠨᠢ ᠬᠤᠶᠠᠷ ᠵᠠᠯᠠᠭᠤ ᠵᠢᠨ ᠰᠢᠨ᠎ᠠ ᠠᠮᠢᠳᠤᠷᠠᠯᠤᠨ ᠵᠢᠷᠭᠠᠯᠳᠤ ᠮᠦᠴᠡᠨᠤᠭᠦᠳᠢ ᠲᠤᠳᠤᠷᠠᠭᠤᠯᠤᠨ᠎ᠠ᠃
ᠲᠡᠳᠡᠨᠤ ᠢᠷᠦᠭᠡᠯ ᠤᠴᠠᠷᠠᠯᠤᠨ ᠬᠢᠨᠢ ᠲᠤᠬᠠᠢ ᠰᠤᠨᠢᠭᠤᠴᠢᠯᠠᠨ ᠠᠰᠠᠭᠤᠬᠤᠳᠤ᠂ ᠴᠢᠤᠸᠠᠨ ᠬᠤᠢ ᠯᠢᠩ᠄ 《ᠪᠢᠲᠠ ᠬᠤᠶᠠᠭᠤᠯᠠ ᠬᠡᠲᠦᠢᠪᠡᠷ ᠲᠤᠰᠬᠤᠨᠤ ᠪᠠᠨ ᠭᠠᠩᠭ᠎ᠠ ᠪᠤᠯᠤᠨ ᠬᠤᠶᠠᠷᠭᠡᠷ ᠬᠡᠬᠦ ᠤᠨᠳᠤᠤ ᠬᠤᠶᠠᠷ ᠲᠤᠭᠤᠢᠯᠠᠩᠳᠤ ᠦᠰᠴᠦ ᠲᠦᠷᠦᠭᠰᠡᠨ ᠪᠤᠯᠪᠠᠴᠤ ᠪᠠᠭ᠎ᠠ ᠪᠠᠢᠬᠤᠳᠤ ᠮᠠᠨᠤ ᠬᠤᠶᠠᠷ ᠬᠡᠷ ᠪᠦᠯᠢ ᠴᠸᠨ ᠵᠢᠩ ᠠᠪᠠᠭ᠎ᠠ ᠪᠡᠷ ᠲᠠᠮᠵᠢᠨ ᠲᠠᠨᠢᠯᠴᠠᠨ ᠶᠠᠪᠤᠯᠴᠠᠳᠠᠭ ᠪᠤᠯᠵᠦ᠂ ᠪᠢᠲᠡ ᠬᠤᠶᠠᠭᠤᠯᠠ ᠪᠠᠰᠠ ᠲᠠᠡᠭᠳᠠ ᠴᠤᠬ ᠦᠶᠡᠷᠭᠡᠨ ᠲᠤᠬᠯᠠᠳᠠᠬ ᠪᠠᠢᠬᠰᠠᠨ》 ᠭᠡᠵᠦ ᠬᠠᠷᠢᠭᠤᠯᠪᠠ᠃
ᠲᠠᠨᠢᠯᠴᠠᠬᠰᠠᠨ ᠬᠤᠷᠢ ᠭᠠᠷᠤᠢ ᠵᠢᠯᠤᠨ ᠲᠤᠷᠰᠢ᠂ ᠬᠤᠤ ᠶᠠᠨ ᠰᠢᠶᠠᠩ ᠲᠠᠷᠢᠶᠠᠨ ᠠᠵᠢᠯᠤᠨ ᠶᠠᠭᠠᠷᠠᠤ ᠴᠠᠬ ᠲᠠᠭᠠᠨ ᠴᠢᠤᠸᠠᠨ ᠬᠤᠢ ᠯᠢᠩᠤᠨᠳᠤ ᠬᠦᠷᠴᠦ ᠬᠤᠭᠤᠯᠠ ᠢᠳᠡᠬᠦ ᠪᠤᠶᠤ ᠮᠠᠰᠢᠨ ᠲᠦᠭᠦᠭᠡᠷᠦᠮᠵᠢ ᠪᠠᠨ ᠰᠡᠯᠪᠢᠨ ᠵᠠᠰᠠᠵᠦ᠂ ᠴᠢᠤᠸᠠᠨ ᠬᠤᠢ ᠯᠢᠩ ᠴᠸ᠋ ᠠᠪᠤ ᠡᠵᠢ ᠲᠠᠢ ᠪᠠᠨ ᠲᠡᠳᠡᠨᠤ ᠲᠠᠷᠢᠶᠠᠨ ᠠᠵᠢᠯᠳᠤᠨᠢ ᠬᠠᠪᠰᠤᠷᠲᠠᠭ ᠪᠠᠢᠪᠠ᠃ 《ᠬᠤᠶᠠᠷ ᠬᠡᠦᠬᠡᠳ ᠵᠠᠩ ᠰᠠᠢᠳᠠᠢ᠂ ᠠᠵᠢᠯ ᠠᠮᠢᠳᠤᠷᠠᠯᠳᠠᠭᠠᠨ ᠴᠢᠷᠮᠠᠢᠯᠳᠠ ᠲᠠᠢ᠃ ᠨᠠᠮ᠎ᠠ ᠵᠢ ᠵᠠᠭᠤᠴᠢ ᠪᠤᠯᠬᠤᠳᠤ ᠬᠤᠶᠠᠷ ᠵᠠᠯᠠᠭᠤ ᠠᠶᠠᠨᠳᠠᠭᠠᠨ ᠰᠡᠳᠬᠢᠯ ᠨᠡᠢᠯᠡᠵᠦ᠂ ᠭᠡᠷᠤᠨ ᠠᠬᠠᠮᠠᠳ ᠨᠢ ᠴᠸ᠋ ᠲᠤᠯᠤᠭᠠᠢ ᠲᠤᠬᠢᠬᠰᠠᠨ ᠶᠤᠮ》 ᠬᠡᠵᠦ ᠲᠤᠰᠬᠤᠨᠤ ᠨᠠᠮᠤᠨ ᠡᠭᠦᠷᠤᠨ ᠱᠦᠵᠢ ᠴᠸᠨ ᠵᠢᠩ ᠶᠠᠷᠢᠨ᠎ᠠ᠃
ᠬᠤᠶᠠᠷᠭᠡᠷ ᠲᠤᠰᠬᠤᠨᠳᠦ ᠡᠷᠳᠡᠨᠢ ᠰᠢᠰᠢ ᠡᠴᠡ ᠭᠠᠳᠠᠨ᠎ᠠ᠂ ᠤᠰᠤᠨ ᠲᠤᠲᠤᠷᠭ᠎ᠠ ᠪᠤᠯ ᠭᠤᠤᠯ ᠲᠠᠷᠢᠮᠠᠯ ᠪᠤᠯᠤᠨ᠎ᠠ᠂ ᠡᠨᠲᠡᠬᠢ ᠭᠤᠷᠪᠠᠨᠤ ᠨᠢᠭᠡ ᠵᠢᠨ ᠡᠷᠦᠭᠡ ᠨᠢ ᠪᠦᠷ ᠤᠰᠤᠨ ᠲᠤᠲᠤᠷᠭ᠎ᠠ ᠲᠠᠷᠢᠲᠠᠭ᠃ ᠤᠳᠤ ᠲᠡᠳᠡ ᠬᠤᠶᠠᠷ ᠭᠡᠷᠤᠨ ᠵᠢᠡᠨ 270 ᠮᠸ᠋ ᠲᠤᠲᠤᠷᠭᠠᠨ ᠲᠠᠷᠢᠶ᠎ᠠ ᠵᠢ ᠬᠠᠮᠳᠤ ᠪᠡᠷ ᠵᠢᠡᠨ ᠲᠠᠷᠢᠵᠦ ᠪᠤᠢ᠃ ᠲᠠᠷᠢᠶᠠᠨ ᠠᠵᠢᠯ ᠢ᠋ᠢᠡᠨ ᠲᠠᠭᠤᠰᠬᠠᠵᠦ ᠢᠷᠡᠭᠰᠡᠨ ᠬᠤᠤ ᠶᠠᠨ ᠰᠢᠶᠠᠩ ᠬᠡᠲᠦᠢᠪᠡᠷ ᠬᠤᠪᠴᠠᠰᠤ ᠬᠤᠨᠠᠷ ᠨᠢ ᠰᠢᠪᠠᠷᠳᠠᠵᠦ ᠲᠤᠭᠤᠰᠤᠳᠤᠬᠰᠠᠨ ᠪᠤᠯᠪᠠᠴᠤ ᠦᠵᠡᠬᠦᠳᠤ ᠨᠢᠭᠡᠨ ᠵᠢᠪᠬᠤᠭ᠎ᠠ ᠲᠡᠭᠦᠯᠲᠡᠷ ᠵᠠᠯᠠᠭᠤ ᠪᠠᠢᠯ᠎ᠠ᠃ 《ᠪᠢᠲᠠ ᠬᠤᠶᠠᠭᠤᠯᠠ ᠦᠨᠳᠦᠰᠦᠳᠡᠨ ᠠᠳᠠᠯᠢ ᠪᠤᠰᠤ ᠪᠤᠯᠪᠠᠴᠤ᠂ ᠵᠠᠩ ᠲᠠᠳᠬᠠᠯ ᠵᠢᠡᠨ ᠤᠯᠤᠯᠴᠠᠵᠦ᠂ ᠦᠭᠡ ᠬᠡᠯᠡ ᠨᠡᠪᠲᠡᠷᠡᠯᠴᠡᠨ᠎ᠡ᠃ ᠠᠮᠢᠳᠤᠷᠠᠯᠤᠨ ᠲᠠᠳᠬᠠᠯ ᠵᠢᠡᠷ ᠬᠡᠯᠡᠬᠦᠳᠤ᠂ ᠴᠢᠤᠸᠠᠨ ᠬᠤᠢ ᠯᠢᠩ ᠰᠤᠯᠤᠩᠭᠤᠰ ᠦᠨᠳᠦᠰᠦᠲᠡᠨᠤ ᠭᠤᠱᠤᠭᠤᠨ ᠠᠮᠲᠠᠳᠤ ᠨᠤᠭᠤᠭᠠᠳᠤ ᠲᠤᠷᠠᠲᠠᠢ᠃ ᠮᠠᠨᠤ ᠬᠢ ᠰᠢᠬ ᠳᠠᠪᠤᠰᠤ ᠴᠢᠩᠭ᠎ᠠ ᠢᠲᠡᠬᠦ ᠦᠭᠡᠢ᠃ ᠬᠡᠲᠡᠯ᠎ᠡ ᠪᠢᠲᠠ ᠬᠤᠶᠠᠭᠤᠯᠨ ᠵᠠᠩ ᠲᠠᠳᠬᠠᠯ ᠢ᠋ᠢᠡᠨ ᠬᠠᠷᠢᠯᠴᠠᠨ ᠤᠢᠯᠠᠭᠠᠨ ᠰᠤᠷᠤᠯᠴᠠᠬᠤ ᠢ᠋ᠢᠨ ᠬᠠᠮᠲᠦ ᠪᠠᠰᠠ ᠬᠠᠷᠢᠯᠴᠠᠨ ᠬᠦᠨᠳᠦᠳᠬᠡᠳᠡᠭ》 ᠬᠡᠵᠦ ᠬᠤᠤ ᠶᠠᠨ ᠰᠢᠶᠠᠩ ᠶᠠᠷᠢᠵᠦ ᠪᠠᠢᠯ᠎ᠠ᠃
ᠴᠢᠤᠸᠠᠨ ᠬᠤᠢ ᠯᠢᠩᠤᠨ ᠡᠵᠢ ᠨᠢ ᠵᠢᠨ ᠮᠢᠩ ᠱᠦᠨ ᠬᠤᠷᠴᠢᠨ ᠵᠡᠭᠦᠨ ᠭᠠᠷᠤᠨ ᠬᠤᠢᠲᠦ ᠬᠤᠰᠢᠭᠤᠨᠤ ᠠᠷᠠᠳᠤᠨ ᠲᠦᠯᠦᠭᠡᠯᠡᠭᠴᠢ ᠪᠠᠢᠪᠠ᠃ ᠲᠡᠷᠡ᠂ ᠰᠤᠯᠤᠩᠭᠤᠰ ᠦᠨᠳᠦᠰᠦᠳᠡᠨᠤ ᠤᠯᠠᠮᠵᠢᠯᠠᠯ ᠵᠢᠡᠷ ᠪᠤᠯ ᠰᠤᠯᠤᠡᠭᠭᠤᠰ ᠦᠨᠳᠦᠰᠦᠳᠡᠨᠤ ᠬᠡᠤᠭᠡᠨ ᠪᠤᠰᠤᠳ ᠦᠨᠳᠦᠰᠦᠳᠡᠨᠤ ᠵᠠᠯᠠᠭᠤᠳ᠋ᠸ᠋ ᠮᠤᠷᠳᠠᠬᠤ ᠲᠠᠳᠬᠠᠯ ᠦᠭᠡᠢ ᠪᠠᠢᠬᠰᠠᠨ᠃ ᠬᠤᠶᠠᠷᠭᠡᠷ ᠲᠤᠰᠬᠤᠨᠳᠤ ᠴᠸ᠋ ᠡᠢᠮᠦᠷᠬᠦᠦ ᠵᠢᠱᠶ᠋ᠶᠡ ᠪᠠᠢᠬᠰᠠᠨ ᠦᠭᠡᠢ᠃ ᠬᠠᠷᠢᠨ ᠠᠢᠯ ᠰᠠᠭᠠᠬᠠᠯᠲᠠ ᠬᠤᠭᠤᠷᠤᠨᠳᠤ ᠪᠠᠨ ᠪᠤᠯ ᠡᠶ᠎ᠡ ᠡᠪᠢ ᠡᠷᠬᠢᠮᠯᠡᠵᠦ᠂ ᠬᠠᠷᠢᠯᠴᠠᠭ᠎ᠠ ᠶᠠᠪᠤᠯᠴᠠᠭ᠎ᠠ ᠮᠠᠰᠢ ᠰᠠᠢᠨ ᠪᠠᠢᠳᠠᠬ᠃ ᠤᠳᠤ ᠬᠡᠦᠬᠡᠨ ᠮᠢᠨᠢ ᠮᠤᠩᠭᠤᠯ ᠵᠠᠯᠠᠭᠤ ᠲᠠᠢ ᠬᠡᠷ ᠪᠦᠯᠢ ᠪᠤᠯᠵᠦ᠂ ᠶᠠᠪᠤᠯᠴᠠᠭ᠎ᠠ ᠨᠡᠩ ᠬᠦᠨᠵᠡᠭᠡᠢᠷᠡᠯᠠ ᠭᠡᠵᠦ ᠪᠢᠲᠡᠨᠳᠤ ᠶᠠᠷᠢᠨ᠎ᠠ᠃
ᠬᠤᠶᠠᠷ ᠬᠡᠷ ᠪᠦᠯᠢ ᠢ᠋ᠢᠨ ᠨᠦᠬᠦᠷᠰᠡᠭ ᠶᠠᠪᠤᠯᠴᠠᠭ᠎ᠠ ᠡᠴᠡ ᠬᠤᠶᠠᠷ ᠵᠠᠯᠠᠭᠤ ᠢ᠋ᠢᠨ ᠬᠡᠷ ᠪᠦᠯᠢ ᠪᠤᠢ ᠪᠤᠯᠵᠦ᠂ ᠬᠤᠶᠠᠷᠭᠡᠷ ᠲᠤᠰᠬᠤᠨᠤ ᠦᠨᠳᠦᠰᠦᠲᠡᠨᠤ ᠪᠦᠯᠬᠦᠮᠲᠡᠯ ᠢ᠋ ᠲᠡᠲᠡ ᠪᠠᠭ᠎ᠠ ᠬᠡᠷ ᠪᠦᠯᠢ ᠪᠡᠷ ᠢ᠋ᠢᠡᠨ ᠬᠠᠷᠠᠭᠤᠯᠵᠦ ᠪᠤᠢ᠃

ᠢᠲᠡᠭᠡᠯ ᠨᠠᠢᠳᠠᠯᠭ᠎ᠠ ᠡᠴᠡ ᠢᠪᠢᠯᠦᠭᠰᠡᠨ ᠡᠯᠢᠭᠡᠨ ᠬᠠᠢᠷ᠎ᠠ
66 ᠨᠠᠰᠤᠲᠠᠢ ᠯᠢ ᠵᠸᠩ ᠯᠦᠩ ᠪᠤᠯ ᠬᠤᠶᠠᠷᠭᠡᠷ ᠲᠤᠰᠬᠤᠨᠤ ᠬᠤᠶᠠᠷᠭᠡᠷ ᠲᠤᠭᠤᠢᠯᠠᠩᠤᠨ ᠰᠤᠯᠤᠩᠭᠤᠰ ᠦᠨᠳᠦᠰᠦᠲᠡᠨ ᠶᠤᠮ᠃ 1982 ᠤᠨᠳᠤ ᠬᠢᠩᠭᠠᠨ ᠠᠢᠮᠠᠭᠤᠨ ᠬᠤᠷᠴᠢᠨ ᠪᠠᠷᠠᠭᠤᠨ ᠭᠠᠷᠤᠨ ᠲᠤᠮᠲᠠᠲᠤ ᠬᠤᠰᠢᠭᠤᠨᠳᠦ ᠨᠤᠳᠤᠬᠳᠠᠢ ᠰᠤᠯᠤᠡᠭᠭᠤᠰ ᠬᠡᠦᠬᠡᠨ ᠵᠢᠨ ᠵᠢᠢ ᠱᠸ᠋ ᠲᠠᠢ ᠠᠢᠯ ᠬᠡᠷ ᠪᠤᠯᠵᠦ᠂ ᠦᠨᠦ ᠤᠮᠪᠤᠯᠤ ᠨᠢ ᠨᠢᠭᠡᠨᠲᠡ ᠠᠷᠪᠠᠨ ᠨᠠᠶ᠋ᠮᠨ ᠬᠦᠷᠪᠡ᠃
ᠬᠠᠯᠠᠭᠤᠮᠰᠤᠭ ᠵᠤᠴᠢᠨᠰᠠᠭ ᠵᠠᠩ ᠲᠠᠢ ᠯᠢ ᠵᠸᠩ ᠯᠦᠩ ᠪᠢᠲᠠᠨᠢ ᠵᠤᠴᠢᠯᠠᠬᠤ ᠦᠷᠦᠭᠡᠨᠤ ᠪᠠᠨ ᠰᠤᠯᠤᠩᠭᠤᠰ ᠮᠠᠶᠢᠭᠤᠨ ᠬᠠᠨᠵᠤᠨᠳᠠᠭᠠᠨ ᠤᠷᠢᠵᠦ ᠰᠠᠭᠤᠯᠭᠠᠨ᠂ ᠬᠡᠷ ᠵᠠᠭᠤᠷ᠎ᠠ ᠢ᠋ᠢᠨ ᠤᠴᠢᠷ ᠴᠢᠨᠠᠬᠰᠢᠯᠠᠨ ᠬᠦᠷᠰᠢ ᠵᠡᠷᠭᠡᠯᠡᠳᠡᠭᠡ ᠢ᠋ᠢᠨ ᠦᠯᠢᠭᠡᠷ ᠡᠴᠡ ᠪᠠᠨ ᠬᠤᠪᠢᠶᠠᠯᠴᠠᠯ᠎ᠠ᠃
《ᠮᠠᠨᠤ ᠲᠤᠰᠬᠤᠨᠤ ᠰᠤᠯᠤᠩᠭᠤᠰ ᠦᠨᠳᠦᠰᠦᠲᠡᠨᠤ ᠤᠯᠠᠩᠬᠢ ᠨᠢ ᠺᠤᠷᠢᠶᠠ ᠤᠯᠤᠰ ᠲᠸ᠋ ᠬᠦᠷᠴᠤ ᠬᠦᠯᠦᠰᠦᠨ ᠠᠵᠢᠯ ᠬᠢᠲᠡᠭ᠂ ᠲᠠᠷᠢᠶ᠎ᠠ ᠲᠠᠷᠢᠬᠤ ᠡᠴᠡ ᠤᠷᠤᠯᠭ᠎ᠠ ᠦᠨᠳᠦᠷ ᠪᠠᠢᠳᠠᠭ᠃ ᠤᠳᠤ ᠮᠢᠨᠦ ᠬᠦᠦ ᠬᠡᠷ ᠢ᠋ᠢᠡᠷ ᠢ᠋ᠢᠡᠨ ᠺᠤᠷᠢᠶᠠᠳᠤ ᠪᠠᠢᠨ᠎ᠠ᠃ ᠨᠠᠰᠦ ᠵᠠᠯᠠᠭᠤ ᠪᠡᠶ᠎ᠡ ᠲᠡᠡᠭᠭᠡᠯᠡᠭᠦᠨ ᠦᠶᠡᠳ᠋ᠡᠭᠡᠨ ᠪᠢ ᠴᠸ᠋ ᠡᠭᠡᠨᠡᠷ ᠲᠠᠢ ᠪᠠᠨ ᠲᠡᠨᠲᠡ ᠬᠦᠷᠴᠦ ᠬᠦᠯᠦᠰᠦᠨ ᠠᠵᠢᠯ ᠬᠢᠵᠦ ᠪᠠᠢᠪᠠ》 ᠬᠡᠵᠦ ᠯᠢ ᠵᠸᠩ ᠯᠦᠩ ᠶᠠᠷᠢᠨ᠎ᠠ᠃
ᠯᠢ ᠵᠸᠩ ᠯᠦᠩ 51 ᠨᠠᠰᠤᠲᠠᠢ ᠲᠡᠷᠡ ᠵᠢᠯᠳ᠋ᠡᠭᠡᠨ ᠺᠤᠷᠢᠶᠠ ᠤᠯᠤᠰ ᠲᠸ᠋ ᠬᠦᠯᠦᠰᠦᠨ ᠠᠵᠢᠯ ᠬᠢᠬᠦ ᠪᠡᠷ ᠶᠠᠪᠤᠵᠦ᠂ 70 ᠭᠠᠷᠤᠢ ᠮᠸ᠋ ᠲᠠᠷᠢᠶᠠᠨ ᠭᠠᠵᠠᠷ ᠢ᠋ᠢᠡᠨ ᠲᠤᠰᠬᠤᠨᠤ ᠪᠠᠨ ᠭᠠᠩᠭ᠎ᠠ ᠲᠤᠭᠤᠢᠯᠠᠩᠤᠨ ᠮᠤᠩᠭᠤᠯ ᠵᠠᠯᠠᠭᠤ ᠬᠤᠤ ᠯᠢ ᠮᠢᠩ᠂ ᠴᠸᠨ ᠵᠢᠨ ᠰᠢᠶᠠ ᠡᠷ᠎ᠡ ᠡᠮ᠎ᠡ ᠬᠤᠶᠠᠭᠤᠯᠠᠳᠤ ᠲᠦᠷᠢᠶᠡᠰᠦᠯᠡᠵᠦ ᠦᠭᠭᠦᠭᠰᠡᠨ ᠪᠠᠢᠯ᠎ᠠ᠃ 《ᠬᠤᠤ ᠯᠢ ᠮᠢᠡᠭ ᠡᠷ᠎ᠠ ᠡᠮ᠎ᠠ ᠬᠤᠶᠠᠭᠤᠯᠠ ᠪᠠᠨ ᠠᠵᠢᠯᠴᠢ ᠪᠤᠷᠤᠬᠵᠢᠭᠤᠨ ᠮᠦᠷᠳᠡᠭᠡᠨ ᠢᠳᠡᠭᠡᠯ ᠨᠠᠢᠳᠠᠪᠤᠷᠢᠳᠠᠢ᠃ ᠲᠠᠷᠢᠶ᠎ᠠ ᠪᠠᠨ ᠲᠡᠲᠡᠨᠳᠤ ᠲᠦᠷᠢᠶᠡᠰᠦᠯᠡᠵᠦ ᠦᠭᠪᠠᠯ ᠪᠢ ᠴᠸ᠋ ᠰᠠᠨᠠᠭ᠎ᠠ ᠠᠮᠤᠷ》 ᠬᠡᠵᠦ ᠯᠢ ᠵᠸᠩ ᠯᠦᠩ ᠶᠠᠷᠢᠨ᠎ᠠ᠃ ᠦᠳᠡᠯᠦᠭᠡ ᠵᠠᠯᠠᠭᠤ ᠬᠤᠶᠠᠷ ᠦᠶ᠎ᠠ ᠵᠢᠨ ᠬᠦᠮᠦᠨᠤ ᠨᠦᠭᠦᠷᠯᠡᠯ ᠶᠠᠪᠤᠯᠴᠠᠭ᠎ᠠ ᠮᠦᠨ ᠲᠡᠷᠡ ᠦᠶ᠎ᠠ ᠡᠴᠡ ᠡᠬᠢᠯᠡᠭᠰᠡᠨ ᠪᠠᠢᠵᠠᠢ᠃
ᠡᠮᠦᠨ᠎ᠠ ᠬᠡᠲᠦᠨ ᠵᠢᠯ ᠨᠠᠰᠤ ᠠᠬᠢᠬᠤ ᠵᠢ ᠲᠠᠭᠠᠯᠳᠤᠨ ᠯᠢ ᠵᠸᠩ ᠯᠦᠩ ᠬᠦᠭᠰᠢᠨ ᠲᠠᠢ ᠪᠠᠨ ᠬᠤᠶᠠᠭᠤᠯᠠ ᠬᠦᠯᠦᠰᠦᠨ ᠠᠵᠢᠯ ᠬᠢᠭᠦ ᠪᠠᠨ ᠪᠤᠯᠢᠵᠦ ᠨᠤᠳᠤᠭ ᠲᠠᠭᠠᠨ ᠬᠠᠷᠢᠵᠦ ᠢᠷᠡᠪᠡ᠃ ᠭᠡᠪᠡᠴᠤ ᠲᠡᠳᠡ ᠲᠠᠷᠢᠶ᠎ᠠ ᠪᠠᠨ ᠦᠷᠭᠦᠯᠵᠢᠯᠠᠨ ᠬᠤᠤ ᠯᠢ ᠮᠢᠡᠭᠳᠤ ᠲᠦᠷᠢᠶᠡᠰᠦᠯᠡᠨ ᠦᠭᠴᠦ᠂ ᠨᠢᠭᠡ ᠮᠡᠳᠡᠭᠦᠳᠤ ᠨᠢᠭᠡᠨᠲᠡ ᠠᠷᠪᠠᠨ ᠲᠠᠪᠤᠨ ᠵᠢᠯ ᠦᠷᠭᠦᠯᠵᠢᠯᠡᠯ᠎ᠡ᠃
《ᠲᠡᠲᠡ ᠲᠦᠷᠢᠶᠡᠰᠦᠨ ᠮᠦᠩᠬᠦ ᠵᠢ ᠬᠡᠵᠢᠶᠡᠲᠡ ᠬᠤᠢᠰᠢᠯᠠᠭᠤᠯᠵᠦ ᠦᠭᠳᠡᠭ ᠦᠭᠡᠢ᠂ ᠮᠠᠨᠤ ᠬᠢ ᠵᠤᠭᠤᠰ ᠢ᠋ᠢᠡᠷ ᠭᠠᠴᠢᠬᠳᠠᠪᠠᠯ ᠤᠷᠢᠳᠴᠢᠯᠠᠨ ᠦᠭᠲᠡᠭ ᠤᠳᠠᠭ᠎ᠠ ᠴᠸ᠋ ᠪᠤᠢ᠃ ᠪᠢᠳᠡ ᠶᠡᠷᠦ ᠡᠴᠡ ᠭᠡᠷ᠎ᠠ ᠲᠤᠬᠳᠠᠵᠦ ᠦᠡᠭᠭᠡᠷᠡᠭᠡ ᠦᠭᠡᠢ᠃ ᠲᠦᠷᠢᠶᠠᠰᠦᠨ ᠮᠦᠡᠭᠭᠦ ᠵᠢᠨ ᠤᠴᠢᠷ ᠲᠸ᠋ ᠨᠢᠭᠤᠷ ᠤᠯᠠᠢᠭᠰᠠᠨ ᠶᠠᠪᠤᠳᠠᠯ ᠨᠡᠡᠭ ᠴᠸ᠋ ᠪᠠᠢᠬᠤ ᠦᠭᠡᠢ᠃ ᠲᠠᠷᠢᠶᠠᠨᠤ ᠤᠷᠭᠤᠯᠲᠠ ᠰᠠᠢᠨ᠂ ᠬᠤᠷᠢᠶᠠᠯᠲᠠ ᠡᠯᠪᠡᠭ ᠪᠤᠯ ᠪᠢᠳᠠ ᠪᠠᠰᠠ ᠦᠵᠡᠭᠡᠳ ᠪᠠᠶᠠᠷᠯᠠᠳᠠᠭ᠃ ᠪᠤᠰᠤᠳ ᠬᠦᠮᠦᠨ ᠦᠨᠡᠲᠡᠢ ᠪᠡᠷ ᠲᠦᠷᠢᠶᠡᠰᠦᠯᠡᠶᠡ ᠬᠡᠬᠦᠳᠤ ᠪᠢᠳᠡ ᠪᠠᠰᠠ ᠦᠭᠬᠦᠭᠰᠡᠨ ᠦᠭᠡᠢ》 ᠭᠡᠵᠦ ᠵᠢᠨ ᠵᠢᠢ ᠱᠸ᠋ ᠬᠠᠵᠠᠭᠤ ᠡᠴᠡ ᠨᠢ ᠶᠠᠷᠢᠨ᠎ᠠ᠃
ᠯᠢ ᠵᠸᠩ ᠯᠦᠩ᠂ ᠬᠤᠤ ᠯᠢ ᠮᠢᠩ ᠬᠤᠶᠠᠷ ᠬᠡᠷᠤᠨ ᠶᠠᠪᠤᠯᠴᠠᠭ᠎ᠠ ᠵᠦᠪᠬᠡᠨ ᠲᠦᠷᠢᠶᠠᠰᠦᠯᠡᠭᠦᠯᠬᠦ ᠪᠠ ᠲᠦᠷᠢᠶᠡᠰᠦᠯᠡᠬᠦ ᠬᠠᠷᠢᠴᠠᠭ᠎ᠠ ᠲᠡᠳᠦᠢ ᠯᠠ ᠪᠢᠰᠢ᠂ ᠬᠠᠷᠢᠨ ᠤᠳᠠᠭᠠᠨ ᠡᠳᠦᠷ ᠵᠤᠵᠠᠭᠠᠨ ᠬᠤᠨᠤᠭᠤᠨ ᠬᠠᠪᠰᠤᠷᠤᠯᠴᠠᠭ᠎ᠠ ᠶᠠᠪᠤᠯᠴᠠᠭ᠎ᠠ ᠲᠤᠮᠳᠡ ᠤᠯᠠᠮ ᠵᠢᠡᠷ ᠨᠢᠬᠳᠠᠷᠠᠵᠦ ᠤᠯᠠᠮ ᠵᠢᠡᠷ ᠲᠤᠲᠤᠨᠤᠰᠤᠬ ᠪᠤᠯᠤᠬᠰᠠᠨ ᠭᠡᠳᠡᠭᠢ ᠪᠢᠳᠡ ᠲᠡᠳᠡᠨᠤ ᠶᠠᠷᠢᠬᠰᠠᠨ ᠵᠢᠵᠢᠭ ᠰᠠᠵᠢᠭ ᠤᠴᠢᠷ ᠶᠠᠪᠤᠳᠠᠯᠤᠳ ᠡᠴᠡ ᠤᠢᠯᠠᠭᠠᠵᠦ ᠪᠢᠯᠡ᠃ ᠬᠤᠶᠠᠷ ᠨᠠᠰᠤᠲᠠᠨ ᠬᠡᠷ ᠲᠡᠷᠭᠡ ᠪᠠᠨ ᠰᠡᠯᠪᠢᠨ ᠲᠤᠳᠤᠮᠳᠠᠬᠤᠳᠤ ᠬᠤᠤ ᠯᠢ ᠮᠢᠩ ᠢᠷᠡᠵᠦ ᠬᠠᠪᠰᠤᠷᠤᠨ᠎ᠠ; ᠬᠤᠤ ᠯᠢ ᠮᠢᠩ ᠲᠤᠲᠤᠷᠭᠠᠨ ᠴᠢᠬᠢ ᠪᠤᠢᠵᠢᠭᠤᠯᠬᠤ ᠦᠶᠠᠳᠤ ᠵᠢᠨ ᠵᠢᠢ ᠱᠸ᠋ ᠤᠴᠢᠵᠦ ᠬᠠᠮᠵᠢᠨ᠎ᠠ; ᠲᠠᠷᠢᠶᠠᠨ ᠠᠵᠢᠯᠤᠨ ᠶᠠᠭᠠᠷᠠᠤ ᠴᠠᠬ ᠪᠤᠯᠪᠠᠯ᠂ ᠨᠠᠰᠤᠲᠠᠨ ᠬᠤᠭᠤᠯᠠ ᠪᠤᠳᠠᠭ᠎ᠠ ᠬᠢᠵᠦ ᠬᠤᠶᠠᠷ ᠵᠠᠯᠠᠭᠤ ᠵᠢ ᠬᠡᠷ ᠲᠡᠭᠡᠨ ᠲᠠᠭᠤᠲᠠᠵᠦ ᠢᠳᠡᠭᠦᠯᠦᠨ᠎ᠠ; ᠴᠸᠨ ᠵᠢᠨ ᠰᠢᠶᠠ ᠵᠢᠭᠠᠰᠤ ᠢᠳᠡᠬᠦ ᠲᠤᠷᠠᠲᠠᠢ ᠪᠤᠯᠬᠤᠷ ᠯᠢ ᠵᠸᠩ ᠯᠦᠩ ᠨᠠᠰᠤᠲᠠᠨ ᠴᠠᠬᠢᠯᠭᠠᠨ ᠬᠦᠲᠡᠯᠭᠡᠭᠦᠷᠳᠦ ᠲᠡᠷᠭᠡ ᠪᠠᠨ ᠤᠨᠤᠵᠦ ᠬᠤᠳᠠᠯᠳᠤᠭ᠎ᠠ ᠮᠠᠢᠮᠠᠢ ᠪᠡᠷ ᠬᠦᠷᠴᠤ ᠵᠢᠭᠠᠰᠤ ᠬᠤᠳᠠᠯᠳᠤᠨ ᠠᠪᠴᠢᠷᠠᠵᠦ ᠢᠲᠡᠭᠦᠯᠤᠨᠠ; ᠬᠤᠶᠠᠷ ᠨᠠᠰᠤᠲᠠᠨᠤ ᠬᠡᠦᠬᠡᠳ ᠨᠢ ᠬᠠᠵᠠᠭᠤᠳᠤᠨᠢ ᠪᠠᠢᠬᠤ ᠦᠭᠡᠢ ᠪᠤᠯᠬᠤᠷ ᠬᠤᠤ ᠯᠢ ᠮᠢᠩᠤᠨ ᠬᠢᠨ ᠵᠢᠯ ᠴᠠᠭᠠᠨ ᠰᠠᠷ᠎ᠠ᠂ ᠪᠠᠶᠠᠷ ᠲᠤᠷᠠᠰᠬᠠᠯᠤᠨ ᠡᠲᠦᠷ ᠪᠤᠯᠭᠠᠨ ᠪᠡᠯᠡᠭ ᠰᠡᠯᠲᠠ ᠠᠪᠴᠤ ᠬᠤᠶᠠᠷ ᠨᠠᠰᠤᠳᠠᠨ ᠢ᠋ ᠡᠷᠭᠢᠵᠦ ᠦᠵᠡᠨ᠎ᠠ ᠁ ᠬᠤᠶᠠᠷ ᠨᠠᠰᠤᠲᠠᠨ ᠬᠤᠤ ᠯᠢ ᠮᠢᠩ ᠡᠷ᠎ᠡ ᠡᠮ᠎ᠠ ᠬᠤᠶᠠᠭᠤᠯᠠ ᠵᠢ ᠲᠦᠷᠦᠭᠰᠡᠨ ᠬᠡᠦᠬᠡᠳ ᠢ᠋ᠢᠡᠨ ᠰᠢᠭ ᠬᠠᠷᠠᠭᠠᠯᠵᠠᠵᠦ᠂ ᠬᠤᠤ ᠯᠢ ᠮᠢᠩᠤᠨ ᠬᠢᠨ ᠴᠸ᠋ ᠬᠤᠶᠠᠷ ᠨᠠᠰᠤᠲᠠᠨ ᠢ᠋ ᠠᠪᠤ ᠡᠵᠢ ᠪᠠᠨ ᠰᠢᠭ ᠬᠦᠨᠳᠦᠯᠡᠲᠡᠭ ᠪᠢᠯᠡ᠃
《ᠮᠠᠨᠤ ᠲᠤᠰᠬᠤᠨᠳᠤ ᠯᠢ ᠵᠸᠩ ᠯᠦᠩᠤᠨ ᠬᠢᠨ ᠰᠢᠭ ᠨᠠᠰᠤᠲᠠᠢᠴᠤᠳ ᠨᠢ ᠬᠡᠷ ᠲᠡᠭᠡᠨ ᠬᠤᠴᠤᠷᠤᠬᠰᠠᠨ ᠪᠤᠶᠤ ᠬᠡᠷ ᠲᠡᠷᠭᠡ ᠲᠠᠷᠢᠶᠠᠨ ᠭᠠᠵᠠᠷ ᠢ᠋ᠢᠡᠨ ᠪᠤᠰᠤᠳ ᠲᠸ᠋ ᠨᠠᠢᠳᠠᠵᠦ ᠭᠠᠳᠠᠬᠰᠢ ᠶᠠᠪᠤᠬᠰᠠᠳ ᠤᠯᠠᠨ ᠪᠠᠢᠳᠠᠭ᠃ ᠡᠢᠮᠦ ᠡᠴᠡ ᠠᠢᠯ ᠰᠠᠭᠠᠬᠠᠯᠲᠠ ᠬᠤᠭᠤᠷᠤᠨᠲᠦ ᠪᠠᠨ ᠬᠠᠪᠰᠤᠷᠤᠨ ᠬᠠᠷᠠᠭᠠᠯᠵᠠᠳᠠᠭ ᠰᠠᠢᠬᠠᠨ ᠬᠡᠪ ᠰᠤᠷᠳᠠᠯ ᠠᠶᠠᠨᠳᠠᠭᠠᠨ ᠪᠦᠷᠢᠯᠳᠦᠭᠰᠡᠨ ᠶᠤᠮ》 ᠭᠡᠵᠦ ᠲᠤᠰᠬᠤᠨᠤ ᠨᠠᠮᠤᠨ ᠡᠭᠦᠷᠤᠨ ᠱᠦᠵᠢ ᠴᠸᠨ ᠵᠢᠡᠭ ᠰᠤᠷᠪᠤᠯᠵᠢᠯᠠᠬᠴᠢᠳᠤ ᠶᠠᠷᠢᠨ᠎ᠠ᠃

ᠵᠢᠷᠦᠭᠡ ᠰᠡᠳᠭᠢᠯ ᠡᠴᠡ ᠤᠨᠳᠤᠷᠤᠬᠰᠠᠨ ᠨᠦᠭᠦᠷᠰᠡᠭ ᠬᠠᠢᠷ᠎ᠠ
ᠬᠤᠶᠠᠷᠭᠡᠷ ᠲᠤᠰᠬᠤᠨᠤ ᠬᠢᠲᠠᠳ ᠦᠨᠳᠦᠰᠦᠲᠡᠨ ᠳᠦ ᠶᠠᠨ ᠹᠸᠩᠤᠨ ᠬᠢᠨ ᠦᠡᠭᠭᠡᠷᠡᠭᠰᠡᠨ ᠵᠢᠯᠤᠳ ᠲᠸ᠋ ᠡᠪᠡᠳᠴᠢᠨ ᠡᠮᠬᠡᠭ ᠪᠠ ᠬᠡᠦᠬᠡᠳᠤᠨ ᠰᠤᠷᠤᠯᠭ᠎ᠠ ᠵᠢᠨ ᠰᠢᠯᠳᠠᠭᠠᠨ ᠵᠢᠡᠷ ᠠᠮᠢᠳᠤᠷᠠᠯ ᠨᠢ ᠮᠠᠰᠢ ᠬᠦᠴᠢᠷᠳᠠᠢ ᠪᠠᠢᠵᠠᠢ᠃ ᠬᠡᠲᠦᠨ ᠵᠢᠯᠤᠨ ᠡᠮᠦᠨ᠎ᠠ ᠶᠠᠳᠠᠭᠤ ᠡᠴᠡ ᠪᠠᠨ ᠠᠩᠬᠢᠵᠢᠷᠠᠬᠰᠠᠨ ᠪᠤᠯᠪᠠᠴᠤ ᠨᠦᠬᠦᠷ ᠲᠡᠭᠵᠢᠷᠡᠬᠦ ᠨᠢ ᠭᠤᠷᠪᠠᠨ ᠰᠠᠷ᠎ᠠ ᠢ᠋ᠢᠨ ᠡᠮᠦᠨ᠎ᠡ ᠬᠡᠨᠡᠳᠲᠡ ᠪᠡᠷ ᠲᠠᠷᠢᠬᠢᠨᠳᠤᠨᠢ ᠴᠢᠰᠤ ᠬᠠᠷᠪᠤᠵᠦ᠂ ᠳᠦ ᠶᠠᠨ ᠹᠸᠩ ᠪᠤᠯᠤᠨ ᠬᠤᠶᠠᠷ ᠬᠡᠦᠬᠡᠳ᠂ ᠨᠠᠰᠤᠲᠠᠢ ᠡᠵᠢ ᠵᠢᠴᠢ ᠡᠪᠡᠳᠴᠢᠯᠡᠵᠦ ᠬᠡᠪᠲᠡᠭᠰᠡᠨ ᠠᠬ᠎ᠠ ᠪᠠᠨ ᠬᠠᠶᠠᠭᠠᠳ ᠶᠠᠪᠤᠴᠢᠬᠠᠪᠠ᠃ ᠠᠵᠠ ᠪᠤᠰᠤ ᠤᠴᠠᠷᠠᠯ ᠨᠢ ᠲᠡᠳᠡᠨᠤ ᠠᠮᠢᠳᠤᠷᠠᠯᠢ ᠲᠠᠬᠢᠨᠳᠠ ᠬᠦᠴᠢᠷᠳᠠᠯᠳᠤ ᠲᠤᠯᠭᠠᠷᠠᠭᠤᠯᠤᠬᠰᠠᠨ ᠪᠠᠢᠯ᠎ᠠ᠃
ᠨᠦᠬᠦᠷ ᠨᠢ ᠨᠠᠰᠤ ᠪᠠᠷᠠᠬᠰᠠᠨᠤ ᠲᠠᠷᠠᠭ᠎ᠠ᠂ ᠳᠦ ᠶᠠᠨ ᠹᠸᠩ ᠠᠵᠢᠯ ᠠᠮᠢᠳᠤᠷᠠᠯᠳᠠᠭᠠᠨ ᠳᠠᠷᠤᠭᠳᠠᠭᠰᠠᠨ ᠦᠭᠡᠢ᠂ ᠵᠤᠷᠢᠭ ᠢ᠋ᠢᠡᠨ ᠴᠢᠩᠭᠠᠯᠠᠨ ᠬᠡᠷ ᠪᠦᠯᠢ ᠢ᠋ᠢᠨ ᠢ᠋ᠢᠡᠨ ᠬᠦᠨᠲᠦ ᠡᠭᠦᠷᠭᠡ ᠵᠢ ᠡᠭᠦᠷᠭᠡᠯᠡᠨ ᠠᠪᠤᠪᠠ᠃ ᠡᠨᠡ ᠨᠢ ᠲᠡᠭᠦᠨᠤ ᠰᠠᠢᠨ ᠡᠭᠡᠴᠢ ᠲᠡᠭᠦᠦ᠂ ᠲᠤᠰᠬᠤᠨᠤ ᠮᠤᠩᠭᠤᠯ ᠪᠦᠰᠡᠭᠦᠢ ᠸᠸᠢ ᠬᠠᠢ ᠶᠢᠩᠤᠨ ᠬᠠᠪᠰᠤᠷᠤᠯᠭ᠎ᠠ ᠡᠴᠡ ᠰᠠᠯᠵᠦ ᠴᠢᠳᠠᠬᠤ ᠦᠭᠡᠢ ᠭᠡᠵᠦ ᠬᠡᠯᠡᠵᠦ ᠪᠤᠯᠤᠨ᠎ᠠ᠃
ᠸᠸᠢ ᠬᠠᠢ ᠶᠢᠩ ᠡᠨᠡ ᠵᠢᠯ 43 ᠨᠠᠰᠤᠲᠠᠢ᠂ ᠳᠦ ᠶᠠᠨ ᠹᠸᠩ ᠡᠴᠡ ᠬᠡᠲᠦᠨ ᠨᠠᠰᠤ ᠲᠡᠭᠦᠦ᠃ ᠲᠡᠲᠡᠨᠤ ᠬᠢᠨ 300 ᠭᠠᠷᠤᠢ ᠮᠸ᠋ ᠤᠰᠤᠨ ᠲᠤᠲᠤᠷᠭ᠎ᠠ᠂ 140 ᠮᠸ᠋ ᠡᠷᠳᠡᠨᠢ ᠰᠢᠰᠢ ᠲᠠᠷᠢᠵᠦ᠂ 20 ᠦᠭᠡᠷ ᠲᠡᠵᠢᠭᠡᠵᠦ᠂ ᠵᠢᠯ ᠲᠤᠷᠰᠢ ᠮᠠᠯ ᠲᠠᠷᠢᠶᠠᠨᠤ ᠠᠵᠢᠯᠳᠠᠭᠠᠨ ᠤᠨᠠᠬᠰᠠᠨ ᠮᠠᠯᠠᠭᠠᠢ ᠪᠠᠨ ᠠᠪᠬᠤ ᠵᠠᠪ ᠦᠭᠡᠢ ᠶᠠᠭᠠᠷᠠᠳᠠᠬ᠃ ᠬᠡᠪᠡᠴᠤ ᠲᠡᠷᠡ ᠳᠦ ᠶᠠᠨ ᠹᠸᠩ ᠳ᠋ᠸ᠋ ᠶᠠᠪᠤᠳᠠᠯ ᠲᠤᠯᠭᠠᠷᠠᠪᠠᠯ ᠶᠠᠭᠠᠬᠢᠬᠰᠠᠨ ᠴᠸ᠋ ᠭᠠᠷ ᠲᠡᠬᠢ ᠠᠵᠢᠯ ᠢ᠋ᠢᠡᠨ ᠬᠠᠶᠠᠵᠦ ᠬᠠᠪᠰᠤᠷᠲᠠᠭ᠃
2006 ᠤᠨᠳᠤ ᠲᠠᠨᠢᠯᠴᠠᠬᠰᠠᠨ ᠡᠴᠡ ᠨᠠᠭᠠᠰᠢ᠂ ᠬᠤᠶᠠᠷ ᠬᠡᠷᠤᠨ ᠶᠠᠪᠤᠯᠴᠠᠭ᠎ᠠ ᠶᠠᠪᠤᠬᠤ ᠲᠤᠳᠤᠮ ᠨᠢᠬᠲᠠᠷᠠᠵᠦ᠂ ᠳ᠋ᠦ᠋ ᠶᠠᠨ ᠹᠸᠩᠢ ᠭᠠᠴᠢᠬᠳᠠᠬᠤ ᠦᠶᠠᠳᠤ ᠸᠸᠢ ᠬᠠᠢ ᠶᠢᠩ ᠬᠠᠷᠠᠮ ᠦᠭᠡᠢ ᠬᠠᠪᠰᠤᠷᠴᠤ᠂ ᠸᠸᠢ ᠬᠠᠢ ᠶᠢᠩᠤᠨ ᠭᠡᠷ ᠲᠸ᠋ ᠶᠠᠪᠤᠳᠠᠯ ᠲᠠᠢ ᠪᠤᠯ ᠳ᠋ᠦ᠋ ᠶᠠᠨ ᠹᠸᠩ ᠴᠸ᠋ ᠬᠤᠢᠰᠢ ᠦᠭᠡᠢ ᠴᠢᠷᠮᠠᠢᠵᠦ ᠦᠭᠳᠡᠭ᠃
ᠬᠤᠶᠠᠷ ᠬᠡᠷᠤᠨ ᠶᠠᠪᠤᠯᠴᠠᠭ᠎ᠠ ᠵᠢ ᠶᠠᠷᠢᠬᠤᠳᠤ ᠸᠸᠢ ᠬᠠᠢ ᠶᠢᠩᠤᠨ ᠨᠦᠬᠦᠷ ᠰᠦᠨ ᠠᠢ ᠬᠦᠸᠸ ᠪᠤᠯᠤᠨ ᠳᠦ ᠶᠠᠨ ᠹᠸᠩᠤᠨ ᠨᠦᠭᠦᠷ ᠲᠡᠭᠵᠢᠷᠡᠬᠦ ᠵᠢᠨ ᠨᠦᠭᠦᠷᠯᠡᠯᠢ ᠲᠤᠷᠠᠳᠬᠤ ᠤᠴᠢᠷᠲᠠᠢ᠃ 2006 ᠤᠨᠤ ᠨᠢᠭᠡᠨ ᠡᠲᠦᠷ᠂ ᠰᠦᠨ ᠠᠢ ᠬᠦᠸᠸ ᠪᠤᠯᠤᠨ ᠲᠡᠭᠵᠢᠷᠡᠭᠦ ᠬᠤᠨᠢ ᠬᠠᠷᠢᠭᠤᠯᠵᠦ ᠪᠠᠢᠬᠤᠳᠠᠭᠠᠨ ᠠᠡᠭᠬ᠎ᠠ ᠲᠠᠨᠢᠯᠴᠠᠵᠦ᠂ ᠲᠡᠷᠡ ᠡᠳᠦᠷ ᠨᠢ ᠰᠦᠨ ᠠᠢ ᠬᠦᠸᠸ ᠵᠢᠨ ᠭᠡᠷ ᠲᠸ᠋ ᠪᠠᠴᠢᠮ ᠶᠠᠪᠤᠳᠠᠯ ᠲᠠᠢ ᠪᠤᠯᠵᠦ᠂ ᠲᠡᠭᠵᠢᠷᠡᠭᠦᠳᠤ ᠬᠤᠨᠢ ᠪᠠᠨ ᠬᠠᠶᠠᠵᠦ ᠦᠭᠭᠦᠭᠡᠳ ᠭᠡᠷ ᠲᠡᠭᠡᠨ ᠶᠠᠭᠠᠷᠠᠤ ᠰᠠᠨᠳᠤᠷᠤᠤ ᠬᠠᠷᠢᠬᠰᠠᠨ ᠪᠠᠢᠯ᠎ᠠ᠃ ᠬᠡᠲᠦᠨ ᠡᠳᠦᠷᠤᠨ ᠬᠢᠨᠢ ᠲᠠᠷᠠᠭ᠎ᠠ᠂ ᠲᠡᠭᠵᠢᠷᠡᠬᠦ ᠵᠤᠭᠤᠰᠤᠨ ᠵᠠᠷᠤᠳᠠᠯ ᠲᠠᠢ ᠪᠤᠯᠵᠦ ᠰᠦᠨ ᠠᠢ ᠬᠦᠸᠸ ᠡᠴᠡ 600 ᠲᠦᠭᠦᠷᠢᠭ ᠵᠢᠭᠡᠯᠡᠬᠦ ᠪᠡᠷ ᠬᠦᠷᠪᠡ᠃ ᠲᠤᠬᠠᠢ ᠢ᠋ᠢᠨ ᠦᠶᠡᠳᠤ᠂ 《ᠲᠠᠨᠢᠯᠴᠠᠭᠠᠳ ᠤᠳᠠᠭᠠᠳᠤᠢ ᠬᠦᠮᠦᠨᠳᠦ ᠵᠤᠭᠤᠰ ᠵᠢᠭᠡᠯᠡᠭᠦᠯᠦᠭᠡᠳ ᠪᠤᠴᠠᠭᠠᠵᠦ ᠠᠪᠴᠤ ᠲᠡᠢᠯᠳᠡᠭ ᠪᠤᠯᠤᠤ?》 ᠭᠡᠵᠦ ᠸᠸᠢ ᠬᠠᠢ ᠶᠢᠡᠭ ᠨᠦᠭᠦᠷ ᠲᠡᠭᠡᠨ ᠰᠠᠨᠠᠭᠤᠯᠬᠤᠳᠤ᠂ ᠰᠦᠨ ᠠᠢ ᠬᠦᠸᠸ 《ᠬᠡᠷᠪᠡ ᠲᠡᠷᠡ ᠪᠤᠴᠠᠭᠠᠵᠦ ᠲᠡᠢᠯᠭᠦ ᠦᠭᠡᠢ ᠪᠤᠯ ᠪᠢ ᠠᠬ᠎ᠠ ᠲᠡᠭᠦᠦᠳᠡᠭᠡᠨ ᠦᠭᠭᠦᠭᠰᠡᠨ ᠢ᠋ᠢᠡᠷ ᠪᠤᠳᠤᠴᠢᠬᠠᠶᠠ》 ᠬᠡᠵᠦ ᠬᠡᠯᠡᠭᠡᠳ ᠵᠢᠭᠡᠯᠡᠭᠦᠯᠪᠡ᠃ 《ᠬᠤᠶᠠᠷ ᠰᠠᠷ᠎ᠠ ᠢ᠋ᠢᠨ ᠬᠢᠨᠢ ᠲᠠᠷᠠᠭ᠎ᠠ ᠲᠡᠭᠵᠢᠷᠡᠬᠦ ᠬᠤᠨᠢ ᠪᠠᠨ ᠬᠤᠳᠠᠯᠳᠤᠬᠰᠠᠨ ᠲᠠᠷᠤᠢᠳᠤᠨᠢ ᠵᠢᠭᠡᠯᠡᠭᠰᠡᠨ ᠵᠤᠭᠤᠰ ᠢ᠋ᠢᠡᠨ ᠪᠤᠴᠠᠭᠠᠬᠰᠠᠨ ᠪᠠᠢᠪᠠ》 ᠬᠡᠵᠦ ᠸᠸᠢ ᠬᠠᠢ ᠶᠢᠩ ᠤᠳᠤ ᠪᠤᠯᠲᠠᠯ᠎ᠠ ᠬᠦᠨ ᠰᠠᠭᠤᠬᠲᠠᠯ ᠲᠠᠢ ᠡᠨᠡᠬᠦ ᠶᠠᠪᠤᠳᠠᠯᠢ ᠡᠷᠬᠢᠴᠡᠭᠦᠯᠦᠨ ᠶᠠᠷᠢᠨ᠎ᠠ᠃
ᠲᠡᠭᠦᠨ ᠡᠴᠡ ᠬᠤᠢᠰᠢ᠂ ᠬᠤᠶᠠᠷ ᠬᠡᠷᠤᠨ ᠶᠠᠪᠤᠯᠴᠠᠭ᠎ᠠ ᠶᠠᠪᠤᠬᠤ ᠲᠤᠳᠤᠮ ᠨᠢᠬᠲᠠᠷᠠᠵᠦ᠂ ᠳ᠋ᠦ᠋ ᠶᠠᠨ ᠹᠸᠩ ᠲᠠᠷᠢᠶᠠᠨ ᠦᠷ᠎ᠡ᠂ ᠪᠤᠷᠳᠤᠭᠤᠷ ᠠᠪᠴᠤ ᠲᠡᠢᠯᠬᠦ ᠦᠭᠡᠢ ᠭᠠᠴᠢᠬᠳᠠᠬᠤ ᠦᠶᠠᠳᠤ ᠸᠸᠢ ᠬᠠᠢ ᠶᠢᠩ ᠦᠪᠡᠷᠤᠨ ᠬᠢ ᠪᠠᠨ ᠦᠭᠴᠦ ᠲᠠᠷᠢᠶ᠎ᠠ ᠵᠢ ᠨᠢ ᠲᠠᠷᠢᠭᠤᠯᠲᠠᠭ᠃ ᠳ᠋ᠦ᠋ ᠶᠠᠨ ᠹᠸᠩ ᠵᠤᠭᠤᠰᠤᠨ ᠵᠠᠷᠤᠳᠠᠯ ᠲᠤᠯᠭᠠᠷᠠᠪᠠᠯ ᠪᠠᠰᠠ ᠸᠸᠢ ᠬᠠᠢ ᠶᠢᠩ ᠡᠴᠡ ᠵᠢᠭᠡᠯᠡᠵᠦ᠂ ᠨᠠᠮᠤᠷ ᠲᠠᠷᠢᠶ᠎ᠠ ᠪᠠᠨ ᠬᠤᠷᠢᠶᠠᠭᠠᠳ ᠵᠤᠭᠤᠰ ᠢ᠋ᠢᠡᠨ ᠪᠤᠴᠠᠭᠠᠳᠠᠭ᠃
ᠡᠨᠡ ᠬᠠᠪᠤᠷ᠂ ᠲᠡᠭᠵᠢᠷᠡᠬᠦ ᠠᠵᠢᠯ ᠬᠢᠵᠦ ᠪᠠᠢᠬᠤᠳ᠋ᠠᠭᠠᠨ ᠬᠡᠨᠡᠳᠲᠡ ᠪᠡᠷ ᠲᠤᠯᠤᠭᠠᠢ ᠨᠢ ᠡᠷᠭᠢᠵᠦ ᠬᠦᠵᠦᠬᠦᠨ ᠦᠶ᠎ᠠ ᠪᠡᠷ ᠨᠢ ᠡᠪᠡᠳᠦᠭᠡᠳ ᠬᠡᠷ ᠲᠡᠭᠡᠨ ᠬᠠᠷᠢᠵᠦ ᠠᠮᠠᠷᠠᠪᠠ᠃ ᠵᠢᠭᠠᠬᠠᠨ ᠠᠮᠤᠰᠭᠢᠭ᠌ᠰᠠᠨᠤ ᠲᠠᠷᠠᠭ᠎ᠠ᠂ ᠲᠡᠷᠡ ᠠᠵᠢᠯ ᠵᠢᠡᠨ ᠬᠢᠬᠦ ᠪᠡᠷ ᠶᠠᠪᠤᠨ᠎ᠠ ᠭᠡᠵᠦ ᠪᠤᠰᠤᠭᠠᠳ ᠲᠠᠬᠢᠵᠦ ᠦᠭᠡ ᠬᠡᠯᠡᠵᠦ ᠲᠡᠢᠯᠬᠦ ᠪᠠᠨ ᠪᠤᠯᠢᠪᠠ᠃ ᠰᠦᠨ ᠠᠢ ᠬᠦᠸᠸ ᠮᠡᠳᠡᠭᠰᠡᠨᠤ ᠲᠠᠷᠠᠭ᠎ᠠ᠂ ᠲᠡᠷᠡ ᠲᠠᠷᠤᠢ ᠳ᠋ᠤᠨᠢ ᠲᠡᠭᠵᠢᠷᠡᠭᠦ ᠵᠢ ᠮᠠᠰᠢᠨ ᠲᠡᠷᠭᠡ ᠪᠡᠷ ᠢ᠋ᠢᠡᠨ ᠡᠮᠨᠡᠯᠭᠡᠳᠤ ᠬᠦᠷᠭᠡᠭᠰᠡᠨᠳᠤ᠂ ᠲᠠᠷᠢᠬᠢᠨᠳᠤᠨᠢ ᠴᠢᠰᠤ ᠬᠠᠷᠪᠤᠵᠠᠢ ᠭᠡᠵᠦ ᠤᠨᠤᠰᠢᠯᠠᠨ᠂ ᠲᠠᠷᠤᠢ ᠲᠦᠷᠭᠡᠨ ᠮᠠᠰᠠ ᠵᠠᠰᠠᠯ ᠬᠢᠭᠦ ᠴᠢᠬᠤᠯᠠᠳᠠᠢ ᠪᠤᠯᠪᠠ᠃
ᠰᠦᠨ ᠠᠢ ᠬᠦᠸᠸ ᠲᠡᠷᠡ ᠲᠠᠷᠤᠢᠳᠤᠨᠢ ᠬᠤᠶᠠᠷ ᠲᠦᠮᠡᠨ ᠲᠦᠭᠦᠷᠢᠭ ᠭᠠᠷᠭᠠᠵᠦ ᠲᠤᠰᠠᠯᠠᠬᠰᠠᠨ ᠪᠤᠯᠪᠠᠴᠤ᠂ ᠬᠠᠷᠠᠮᠰᠠᠯᠳᠠᠢ ᠨᠢ ᠮᠠᠰᠠ ᠵᠠᠰᠠᠯ ᠬᠢᠵᠦ ᠲᠦᠷᠪᠡ ᠲᠠᠪᠤᠨ ᠡᠲᠦᠷ ᠡᠮᠨᠡᠭᠦᠯᠦᠭᠡᠳ ᠲᠡᠭᠵᠢᠷᠡᠭᠦ ᠵᠢᠨ ᠡᠪᠡᠳᠴᠢᠨ ᠢᠯᠡᠷᠢ ᠪᠤᠯᠤᠬᠰᠠᠨ ᠦᠭᠡᠢ ᠨᠠᠰᠤ ᠪᠠᠷᠠᠯ᠎ᠠ᠃ 《ᠪᠢᠲᠠ ᠵᠤᠭᠤᠰ ᠢ᠋ᠢᠡᠨ ᠪᠤᠴᠠᠭᠠᠵᠦ ᠠᠪᠬᠤ ᠡᠰᠡᠭᠦ ᠵᠢ ᠪᠤᠳᠤᠬᠰᠠᠨ ᠴᠸ᠋ ᠦᠭᠡᠢ᠂ ᠵᠦᠪᠬᠡᠨ ᠰᠠᠢᠨ ᠠᠬ᠎ᠠ ᠲᠡᠭᠦᠦ ᠢ᠋ᠢᠨ ᠢ᠋ᠢᠡᠨ ᠡᠪᠡᠳᠴᠢᠨ ᠢ᠋ ᠨᠢ ᠵᠠᠰᠠᠭᠤᠯᠤᠶᠠ ᠯᠡ ᠬᠡᠵᠦ ᠪᠤᠳᠤᠬᠰᠠᠨ ᠶᠤᠮ》 ᠬᠡᠵᠦ ᠸᠸᠢ ᠬᠠᠢ ᠶᠢᠩ ᠬᠡᠯᠡᠬᠦᠳᠤ᠂ ᠳᠦ ᠶᠠᠨ ᠹᠸᠩ ᠠᠮᠢ ᠠᠪᠤᠷᠠᠬᠤ ᠪᠡᠷ ᠦᠭᠭᠦᠭᠰᠡᠨ ᠵᠤᠭᠤᠰ ᠢ᠋ ᠪᠢ ᠯᠠᠪᠲᠠᠢ ᠪᠤᠴᠠᠭᠠᠨ᠎ᠠ ᠬᠡᠵᠦ ᠬᠠᠵᠠᠭᠤ ᠡᠴᠡ ᠨᠢ ᠪᠠᠲᠤᠲᠠᠢ ᠶᠠᠷᠢᠨ᠎ᠠ᠃
ᠤᠳᠤ ᠳᠦ ᠶᠠᠨ ᠹᠸᠩ ᠨᠢᠭᠡ ᠬᠡᠷᠤᠨ ᠢ᠋ᠢᠡᠨ ᠲᠦᠰᠢᠭ ᠲᠤᠯᠭᠠᠭᠤᠷᠢ ᠪᠤᠯᠤᠬᠰᠠᠨ ᠬᠤᠢᠨ᠎ᠠ᠂ ᠰᠠᠢᠨ ᠡᠭᠡᠴᠢ ᠲᠡᠭᠦᠦ ᠸᠸᠢ ᠬᠠᠢ ᠶᠢᠩ ᠨᠢ ᠲᠡᠭᠦᠨᠳᠤ ᠠᠯᠢ ᠴᠢᠳᠠᠬᠤ ᠪᠡᠷ ᠲᠤᠰᠠ ᠲᠡᠮ ᠪᠤᠯᠵᠦ ᠶᠠᠪᠤᠨ᠎ᠠ᠃ ᠡᠨᠡ ᠵᠢᠯᠤᠨ ᠬᠠᠪᠤᠷᠤᠨ ᠲᠠᠷᠢᠶᠠᠯᠠᠭ᠎ᠠ ᠢ᠋ᠢᠨ ᠦᠶᠡᠳᠤ᠂ ᠸᠸᠢ ᠬᠠᠢ ᠶᠢᠩ ᠶᠠᠮᠠᠷ ᠲᠦᠷᠦᠯᠤᠨ ᠡᠷᠳᠡᠨᠢ ᠰᠢᠰᠢ ᠢ᠋ᠢᠨ ᠦᠷ᠎ᠡ ᠲᠡᠷᠢᠬᠤ᠂ ᠬᠡᠲᠦᠢ ᠪᠤᠷᠳᠤᠭᠤᠷ ᠬᠡᠷᠡᠭᠯᠡᠬᠦ᠂ ᠯᠤᠬᠠᠱᠸᠩ ᠲᠠᠷᠢᠬᠤᠳᠤ ᠶᠠᠮᠠᠷ ᠰᠢᠮ᠎ᠡ ᠲᠡᠵᠢᠭᠡᠯᠤᠨ ᠡᠮ ᠬᠡᠷᠡᠭᠯᠡᠬᠦ ᠵᠡᠷᠭᠡ ᠠᠰᠠᠭᠤᠲᠠᠯ ᠢ᠋ ᠨᠢ ᠪᠦᠷ ᠰᠢᠢᠳᠪᠦᠷᠢᠯᠡᠨ ᠦᠭᠴᠦ᠂ ᠲᠠᠷᠢᠶᠠᠨ ᠦᠷ᠎ᠡ᠂ ᠪᠤᠷᠳᠤᠭᠤᠷ ᠢ᠋ ᠨᠢ ᠪᠦᠷ ᠪᠡᠯᠡᠭᠡᠨ ᠪᠤᠯᠭᠠᠵᠦ ᠦᠭᠪᠡ᠃ ᠸᠸᠢ ᠬᠠᠢ ᠶᠢᠩ ᠪᠤᠯᠤᠨ ᠠᠢᠯ ᠰᠠᠭᠠᠬᠠᠯᠳᠠ ᠵᠢᠨ ᠵᠢᠡᠨ ᠬᠠᠪᠰᠤᠷᠤᠯᠭ᠎ᠠ ᠪᠡᠷ᠂ ᠳᠦ ᠶᠠᠨ ᠹᠸᠩ ᠨᠦᠭᠦᠷ ᠵᠢᠡᠨ ᠠᠯᠳᠠᠬᠰᠠᠨ ᠡᠮᠭᠡᠨᠢᠯ ᠵᠤᠪᠠᠨᠢᠯ ᠡᠴᠡ ᠪᠠᠨ ᠠᠭᠠᠵᠢᠮ ᠢ᠋ᠢᠡᠷ ᠮᠤᠯᠳᠤᠷᠠᠵᠦ᠂ ᠠᠮᠢᠳᠤᠷᠠᠯ ᠢ᠋ᠢᠡᠨ ᠦᠭᠡᠲᠡ ᠲᠠᠳᠠᠬᠤ ᠭᠡᠵᠦ ᠢᠳᠡᠭᠡᠯ ᠵᠤᠷᠢᠭ ᠵᠢᠡᠨ ᠡᠷᠴᠢᠯᠡᠨ ᠴᠢᠷᠮᠠᠢᠵᠦ ᠶᠠᠪᠤᠨ᠎ᠠ᠃
ᠦᠨᠡᠨ ᠰᠡᠳᠭᠢᠯ ᠭᠡᠵᠦ ᠦᠨᠡᠳᠠᠢ ᠪᠠᠢᠳᠠᠬ ᠶᠤᠮ᠃ ᠬᠠᠢᠷ᠎ᠠ ᠪᠢᠯᠬᠠᠬᠰᠠᠨ ᠬᠤᠶᠠᠷᠭᠡᠷ ᠲᠤᠰᠬᠤᠨᠤ ᠤᠯᠠᠨ ᠲᠦᠮᠡᠨ ᠲᠤᠰᠬᠤᠨᠤ ᠨᠠᠮᠤᠨ ᠡᠭᠦᠷᠤᠨ ᠲᠠᠭᠠᠭᠤᠯᠭ᠎ᠠ ᠲᠤᠤᠷ᠎ᠠ᠂ ᠬᠠᠷᠢᠯᠴᠠᠨ ᠬᠠᠪᠰᠤᠷᠤᠯᠴᠠᠨ ᠬᠠᠷᠢᠯᠴᠠᠨ ᠲᠦᠰᠢᠯᠴᠠᠵᠦ᠂ ᠡᠪ ᠨᠠᠢᠷ᠂ ᠪᠦᠯᠭᠦᠮᠳᠠᠯ ᠨᠢᠬᠳᠠᠷᠠᠯᠢ ᠡᠷᠬᠢᠮᠯᠡᠵᠦ᠂ ᠵᠤᠯ ᠵᠢᠷᠭᠠᠯᠳᠤ ᠭᠡᠷ ᠤᠷᠤᠨ ᠵᠢᠡᠨ ᠪᠦᠲᠦᠭᠡᠨ ᠪᠠᠢᠭᠤᠯᠬᠤ ᠬᠠᠢᠷ᠎ᠠ ᠵᠢᠨ ᠬᠡᠯᠬᠢᠶ᠎ᠠ ᠪᠠᠨ ᠪᠠᠳᠤᠳᠬᠠᠵᠦ ᠶᠠᠪᠤᠨ᠎ᠠ᠃
《ᠪᠠᠶᠠᠷ ᠲᠤᠷᠠᠰᠬᠠᠯᠤᠨ ᠡᠳᠦᠷ ᠪᠤᠯ᠂ ᠪᠢᠳᠡ ᠬᠠᠮᠳᠤ ᠪᠡᠷ ᠵᠢᠡᠨ ᠲᠤᠬᠯᠠᠯᠲᠠ ᠭᠠᠷᠭᠠᠵᠦ᠂ ᠪᠠᠶᠠᠷᠤᠨ ᠡᠲᠦᠷ ᠢ᠋ ᠪᠡᠯᠭᠡᠯᠡᠨ᠎ᠠ; ᠨᠠᠢᠷ ᠪᠠᠶᠠᠷ ᠲᠤᠬᠢᠶᠠᠯᠳᠤᠪᠠᠯ᠂ ᠪᠢᠳᠡ ᠬᠠᠮᠳᠤ ᠪᠡᠷ ᠵᠢᠡᠨ ᠨᠠᠢᠷᠯᠠᠯᠳᠤᠵᠦ᠂ ᠬᠠᠮᠳᠤ ᠪᠡᠷ ᠵᠢᠡᠨ ᠪᠠᠶᠠᠰᠤᠯᠴᠠᠨ᠎ᠠ᠃ ᠡᠳᠡᠭᠡᠷ ᠬᠠᠮᠳᠤ ᠵᠢᠨ ᠠᠵᠢᠯᠯᠠᠭ᠎ᠠ ᠪᠠᠷ ᠲᠠᠮᠵᠢᠵᠦ᠂ ᠤᠯᠠᠨ ᠲᠦᠮᠡᠨᠤ ᠬᠤᠭᠤᠷᠤᠨᠲᠤᠬᠢ ᠨᠠᠢᠷ ᠰᠡᠳᠭᠢᠯᠭᠡ ᠤᠯᠠᠮ ᠵᠤᠵᠠᠭᠠᠷᠠᠵᠦ᠂ ᠪᠦᠯᠬᠦᠮᠲᠡᠯ ᠬᠠᠮᠳᠤᠷᠠᠯᠴᠠᠭ᠎ᠠ ᠤᠯᠠᠮ ᠨᠢᠬᠳᠠᠷᠠᠪᠠ》 ᠬᠡᠵᠦ ᠴᠸᠨ ᠵᠢᠩ ᠶᠠᠷᠢᠨ᠎ᠠ᠃
ᠭᠤᠱᠤᠭᠤᠨ ᠴᠠᠭᠠᠨ ᠨᠤᠭᠤᠭ᠎ᠠ ᠲᠠᠪᠤᠰᠤᠯᠠᠬᠤ᠂ ᠰᠢᠯᠦᠭᠡᠢ ᠲᠤᠲᠤᠷᠭᠠᠨ ᠪᠤᠭᠤᠷᠰᠤᠭ ᠬᠢᠬᠦ᠂ ᠤᠰᠤᠨ ᠲᠤᠲᠤᠷᠭ᠎ᠠ ᠲᠠᠷᠢᠬᠤ᠂ ᠮᠠᠯ ᠮᠠᠯᠵᠢᠬᠤ ᠁ ᠤᠳᠠᠭᠠᠨ ᠵᠢᠯᠤᠨ ᠲᠤᠷᠰᠢ ᠬᠤᠶᠠᠷᠭᠡᠷ ᠲᠤᠰᠬᠤᠨᠤ ᠡᠯ᠎ᠠ ᠦᠨᠳᠦᠰᠦᠲᠡᠨᠤ ᠠᠷᠠᠳ ᠲᠦᠮᠡᠨ ᠠᠮᠢᠳᠤᠷᠠᠯ ᠦᠢᠯᠡᠳᠪᠦᠷᠢᠯᠡᠯ ᠡᠴᠡ ᠪᠠᠨ ᠡᠬᠢᠯᠡᠨ ᠬᠠᠷᠢᠯᠴᠠᠨ ᠰᠤᠷᠤᠯᠴᠠᠨ ᠬᠠᠷᠢᠯᠴᠠᠨ ᠠᠭᠤᠰᠤᠯᠴᠠᠵᠦ᠂ ᠬᠠᠷᠢᠯᠴᠠᠨ ᠬᠠᠪᠰᠤᠷᠤᠯᠴᠠᠨ ᠬᠠᠷᠢᠯᠴᠠᠨ ᠪᠦᠯᠬᠦᠮᠲᠡᠵᠦ᠂ ᠵᠢᠵᠢᠭ ᠬᠡᠷ ᠪᠦᠯᠢ ᠡᠴᠡ ᠪᠠᠨ ᠨᠤᠳᠤᠭ ᠤᠰᠤ ᠪᠠᠨ ᠬᠦᠷᠲᠡᠯ᠎ᠡ᠂ ᠬᠠᠮᠲᠦ ᠪᠡᠷ ᠢ᠋ᠢᠡᠨ ᠰᠡᠳᠬᠢᠯ ᠨᠢᠭᠡᠲᠡᠢ ᠴᠤᠬᠴᠠᠯᠠᠵᠦ ᠶᠠᠪᠤᠵᠠᠭᠠᠨ᠎ᠠ᠃