ᠶᠡᠬᠡ ᠬᠦᠪᠴᠢ ᠡᠴᠡ ᠤᠶᠠᠩᠭᠠᠷᠠᠭᠰᠠᠨ ᠡᠪ ᠨᠠᠢᠷ ᠎ᠤᠨ ᠡᠬᠡᠰᠢᠭᠯᠡᠯ
2023-07-21 10:09:46
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠤᠯᠪᠤᠭᠠᠰᠦ ᠄

●ᠤᠯᠭᠤᠶᠠ ᠵᠢᠨ ᠡᠸᠨᠩᠬᠢ ᠦᠨᠳᠦᠰᠦᠳᠡᠨ᠎ᠤ ᠰᠢᠶᠠᠩ ᠪᠤᠯ 《ᠳᠤᠮᠳᠠᠳᠤ ᠤᠯᠤᠰ᠎ᠤᠨ ᠴᠠ ᠪᠤᠭᠤ ᠵᠢᠨ ᠰᠤᠶᠤᠯ᠎ᠤᠨ ᠨᠤᠳᠤᠭ》《ᠬᠤᠰᠤ ᠮᠤᠳᠤᠨ ᠎ᠤ ᠰᠤᠶᠤᠯ᠎ᠤᠨ ᠨᠤᠳᠤᠭ》 ᠵᠡᠷᠬᠡ ᠰᠠᠢᠬᠠᠨ ᠠᠯᠳᠠᠷ ᠲᠠᠢ ᠃

●ᠬᠦᠯᠦᠨ ᠪᠤᠢᠷ  ᠬᠤᠳᠠ ᠵᠢᠨ ᠦᠨᠳᠦᠰᠦᠳᠡᠨ ᠎ᠤ ᠪᠦᠯᠬᠦᠮᠳᠡᠯ᠎ᠳᠠᠪᠰᠢᠯᠳᠠ ᠵᠢᠨ ᠵᠢᠱ᠌ᠢᠶ᠎ᠠ ᠦᠵᠡᠬᠦᠯᠬᠦ ᠰᠢᠶᠠᠩ ᠪᠠᠯᠭᠠᠰᠤ ᠪᠡᠷ ᠨᠡᠷᠡᠢᠳᠦᠭᠳᠡᠭᠰᠡᠨ ᠳᠤᠰ ᠰᠢᠶᠠᠩ ᠳᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠬᠴᠠ ᠵᠢᠨ ᠤᠬᠠᠮᠰᠠᠷ᠎ᠢ ᠪᠠᠳᠤ ᠴᠤᠭᠴᠠᠯᠠᠬᠤ ᠪᠡᠷ ᠭᠤᠤᠯ ᠰᠢᠵᠢᠮ ᠪᠤᠯᠭᠠᠵᠦ᠂ 《ᠨᠠᠮ ᠎ᠤᠨ ᠵᠤᠬᠢᠶᠠᠨ ᠪᠠᠢᠭᠤᠯᠤᠯᠳᠠ +》᠂ 《ᠬᠦᠳᠡᠬᠡ ᠳᠤᠰᠭᠤᠨ᠎ᠢ ᠬᠦᠭᠵᠢᠬᠦᠯᠦᠨ ᠮᠠᠨᠳᠤᠭᠤᠯᠬᠤ +》᠂ 《ᠰᠢᠨ᠎ᠠ ᠴᠠᠬ ᠦᠶ᠎ᠠ ᠵᠢᠨ ᠪᠤᠯᠪᠠᠰᠤᠨ᠎ᠢ ᠦᠢᠯᠡᠳᠦᠯᠬᠡᠵᠢᠬᠦᠯᠬᠦ +》᠂《ᠨᠡᠢᠬᠡᠮ᠎ᠤᠨ ᠵᠠᠰᠠᠯᠳᠠ+》᠂ 《ᠠᠶᠤᠯ ᠳᠦᠭᠰᠢᠬᠦᠷᠢ ᠵᠢᠨ ᠬᠡᠮ ᠰᠤᠭᠤᠭ ᠎ᠢ ᠠᠷᠢᠯᠭᠠᠬᠤ》 ᠵᠡᠷᠬᠡ 《ᠳᠦᠷᠪᠡ ᠵᠢ ᠨᠡᠮᠡᠵᠦ ᠨᠢᠬᠡ ᠵᠢ ᠬᠠᠰᠤᠬᠤ》 ᠠᠵᠢᠯ᠎ᠤᠨ ᠠᠷᠭ᠎ᠠ ᠪᠡᠷ ᠦᠨᠳᠦᠰᠦᠳᠡᠨ ᠎ᠤ ᠪᠦᠯᠬᠦᠮᠳᠡᠯ ᠳᠠᠪᠰᠢᠯᠳᠠ ᠵᠢ ᠨᠢᠬᠡᠳᠦᠯᠳᠡᠢ ᠲᠦᠯᠦᠪᠵᠢᠬᠦᠯᠤᠨ ᠠᠬᠢᠭᠤᠯᠵᠦ ᠪᠤᠢ ᠃



ᠴᠠ ᠪᠤᠭᠤ ᠪᠡᠷ ᠵᠢᠡᠨ ᠠᠯᠳᠠᠷᠰᠢᠬᠰᠠᠨ ᠤᠯᠭᠤᠶᠠ ᠵᠢᠨ ᠡᠸᠠᠩᠬᠢ ᠦᠨᠳᠦᠰᠦᠲᠡᠨ᠎ᠤ ᠰᠢᠶᠠᠩ᠎ᠳᠦ ᠬᠢᠳᠠᠳ᠂ ᠡᠸᠠᠩᠬᠢ᠂ ᠮᠤᠩᠭᠤᠯ᠂ ᠳᠠᠭᠤᠷ ᠁ ᠵᠡᠷᠭᠡ ᠤᠯᠠᠨ ᠦᠨᠳᠦᠰᠦᠲᠡᠨ ᠠᠭᠤᠯᠠ ᠪᠡᠨ ᠲᠦᠰᠢᠨ ᠤᠰᠤ ᠪᠡᠨ ᠪᠠᠷᠠᠳᠠᠨ ᠰᠠᠭᠤᠷᠢᠰᠢᠵᠦ᠂ ᠡᠶ᠎ᠡ ᠡᠪ᠂ ᠢᠲᠡᠭᠡᠯ ᠨᠦᠬᠦᠷᠯᠡᠯ᠎ᠤᠨ ᠢᠷᠠᠭᠤ ᠤᠶᠠᠨᠭᠭ᠎ᠠ ᠵᠢ ᠡᠬᠡᠰᠢᠭᠯᠡᠨ᠂ ᠰᠠᠨᠠᠭ᠎ᠠ ᠨᠢᠭᠡᠳᠡᠢ ᠰᠠᠭᠠᠬᠠᠯᠳᠠ ᠠᠢᠯ᠎ᠤᠨ ᠰᠡᠳᠬᠢᠯ ᠬᠦᠳᠡᠯᠬᠡᠮ᠎ᠠ  ᠦᠯᠢᠭᠡᠷ᠎ᠢ  ᠬᠦᠤᠷᠨᠢᠭ᠌ᠰᠡᠭᠡᠷ ᠃

ᠬᠦᠪᠴᠢᠨ ᠶᠡᠬᠡ ᠤᠢ ᠰᠢᠭᠤᠢ ᠦᠨᠳᠦᠰᠦ ᠨᠠᠮᠠᠭ᠎ᠠ ᠪᠡᠷ ᠵᠢᠡᠨ ᠬᠤᠯᠪᠤᠯᠳᠤᠨ᠎ᠠ

ᠰᠠᠯᠬᠢᠨ᠎ᠤ ᠠᠶᠠᠰ᠎ᠢᠶᠡᠷ ᠮᠤᠳᠤᠳ᠎ᠤᠨ ᠤᠷᠤᠢ ᠨᠠᠢᠭᠤᠨ ᠱᠤᠤᠭᠢᠬᠤ ᠳ᠋ᠤ ᠶᠡᠬᠡ ᠬᠦᠪᠴᠢ ᠵᠢᠨ ᠰᠦᠷ ᠵᠢᠪᠬᠤᠯᠠᠩ ᠳ᠋ᠤ ᠪᠢᠰᠢᠷᠡᠯ᠎ᠤᠨ ᠰᠡᠳᠬᠢᠯ ᠠᠶᠠᠨᠳᠠᠭᠠᠨ ᠲᠦᠷᠦᠨ᠎ᠡ᠃ ᠶᠡᠬᠡ ᠬᠢᠩᠭᠠᠨ᠎ᠤ ᠰᠢᠭᠤᠢᠲᠤ ᠤᠷᠤᠨ᠎ᠤ ᠠᠯᠳᠠᠷ ᠨᠡᠷ᠎ᠡ ᠵᠢ ᠠᠯᠢ ᠡᠷᠲᠡ ᠡᠴᠡ ᠰᠤᠨᠤᠰᠤᠭᠰᠠᠭᠠᠷ ᠢᠷᠡᠭᠰᠡᠨ ᠴᠤ᠌ ᠬᠦᠯ ᠲᠠᠯᠪᠢᠬᠤ ᠵᠢᠨ ᠠᠩᠬᠠᠨ᠎ᠤ ᠭᠱᠠᠨ ᠳ᠋ᠤ ᠬᠦᠭᠰᠡᠯ ᠲᠤᠭᠳᠤᠯᠤᠯ᠂ ᠬᠦᠨᠳᠦᠳᠬᠡᠯ ᠪᠢᠰᠢᠷᠡᠯ᠎ᠤᠨ ᠰᠡᠳᠬᠢᠯᠭᠡ ᠪᠠᠨ ᠳᠠᠷᠤᠵᠤ ᠶᠠᠳᠠᠨ ᠪᠠᠢᠯ᠎ᠠ᠃


_J6A4038.JPG


ᠪᠢᠳᠡ ᠤᠢ ᠬᠦᠪᠴᠢ ᠵᠢᠨ ᠳᠤᠮᠳᠠ ᠪᠠᠢᠷᠢᠯᠠᠬᠰᠠᠨ 《ᠤᠯᠭᠤᠶᠠ ᠵᠢᠨ ᠤᠤᠭᠠᠯ ᠠᠢᠮᠠᠭ》 ᠭᠡᠰᠡᠨ ᠢᠯᠡᠷᠬᠡᠢᠯᠡᠯ ᠲᠠᠢ ᠦᠵᠡᠮᠵᠢ ᠵᠢᠨ ᠤᠷᠤᠨ᠎ᠤ ᠡᠭᠦᠳᠡ ᠪᠡᠷ ᠤᠷᠤᠵᠤ᠂ ᠤᠢ ᠵᠢᠨ ᠳᠤᠮᠳᠠᠬᠢ ᠮᠤᠳᠤᠨ ᠵᠠᠮ᠎ᠢᠶᠡᠷ ᠳᠤᠳᠤᠬᠰᠢᠯᠠᠳᠠᠯ᠎ᠠ ᠡᠮᠦᠨᠡᠬᠡᠨ ᠵᠤᠭᠰᠤᠭ᠎ᠠ ᠨᠢᠭᠡᠨ ᠬᠦᠮᠦᠨ ᠡᠷᠬᠡ ᠦᠭᠡᠢ ᠠᠩᠬᠠᠷᠤᠯ᠎ᠢ ᠲᠠᠲᠠᠯ᠎ᠠ᠃ ᠪᠤᠷᠵᠢᠭᠢᠷ ᠪᠤᠭᠤᠷᠤᠯ ᠦᠰᠦ᠂ ᠦᠨᠳᠦᠷ ᠬᠠᠮᠠᠷ᠂ ᠴᠠᠢᠪᠤᠷ ᠰᠢᠷ᠎ᠠ ᠴᠢᠷᠠᠢ ᠲᠠᠢ ᠲᠡᠷᠡ ᠪᠡᠷ ᠵᠢᠭᠤᠯᠴᠢᠳ᠎ᠤᠨ ᠤᠷᠤᠰᠬᠠᠯ᠎ᠢ ᠰᠦᠷᠴᠦ ᠵᠤᠭᠰᠤᠭᠠᠳ ᠬᠡᠨ ᠨᠢᠭᠡᠨ᠎ᠢ ᠬᠦᠯᠢᠶᠡᠵᠦ ᠪᠠᠢᠬᠤ ᠮᠡᠲᠦ ᠪᠠᠢᠭᠰᠠᠨ᠎ᠢᠶᠡᠨ ᠮᠠᠨ᠎ᠢ ᠤᠢᠷᠠᠳᠴᠤ ᠤᠴᠢᠬᠤ᠎ᠵᠢᠨ ᠦᠶ᠎ᠡ ᠪᠡᠷ ᠭᠠᠷ ᠎ᠢᠶᠡᠨ ᠰᠤᠩᠭᠠᠨ ᠤᠭᠲᠤᠨ ᠢᠷᠡᠵᠦ ᠮᠡᠨᠳᠦᠴᠢᠯᠡᠪᠡ᠃ ᠲᠡᠷᠡ ᠤᠯᠠᠨ ᠵᠢᠭᠤᠯᠴᠢᠨ᠎ᠤ ᠳᠤᠮᠳᠠ ᠡᠴᠡ ᠮᠠᠨ᠎ᠤ ᠬᠡᠳᠦᠨ ᠰᠤᠷᠪᠤᠯᠵᠢᠯᠠᠭᠴᠢ ᠵᠢ ᠬᠠᠷᠠᠮᠠᠭᠴᠠ ᠲᠠᠨᠢᠭᠰᠠᠨ ᠡᠴᠡ ᠦᠵᠡᠬᠦ ᠳ᠋ᠤ ᠶᠡᠬᠡ ᠯᠡ ᠬᠢᠷᠠᠬᠠᠢ᠂ ᠤᠯᠠᠨ ᠎ᠢ ᠬᠠᠷᠠᠵᠤ ᠨᠢᠳᠦ ᠨᠡᠭᠡᠭᠡᠭᠰᠡᠨ ᠨᠢᠭᠡᠨ ᠠᠵᠢ᠃

ᠲᠡᠷᠡ ᠪᠤᠯ ᠮᠠᠨ᠎ᠤ ᠰᠤᠷᠪᠤᠯᠵᠢᠯᠠᠬᠤ ᠭᠡᠰᠡᠨ ᠭᠦ ᠭᠧ ᠵᠢᠶᠦ᠋ᠨ ᠪᠠᠢᠭᠰᠠᠨ ᠶᠤᠮ᠃ ᠤᠯᠭᠤᠶᠠ ᠳ᠋ᠡᠬᠢ ᠤᠤᠭᠠᠯ ᠡᠸᠠᠩᠬᠢᠴᠤᠳ᠎ᠤᠨ ᠨᠢᠭᠡ᠂ ᠭᠡᠭᠡᠨ ᠭᠤᠤᠯ ᠬᠤᠲᠠ ᠵᠢᠨ ᠤᠯᠭᠤᠶᠠ ᠡᠸᠠᠩᠬᠢ ᠦᠨᠳᠦᠰᠦᠲᠡᠨ᠎ᠤ ᠰᠢᠶᠠᠩ᠎ᠤᠨ ᠶᠡᠷᠦᠩᠬᠡᠢᠯᠡᠭᠰᠡᠨ ᠪᠠᠲᠤᠯᠠᠭ᠎ᠠ ᠪᠠ ᠮᠡᠷᠭᠡᠵᠢᠯ ᠲᠡᠯᠭᠡᠷᠡᠭᠦᠯᠬᠦ ᠲᠦᠪ᠎ᠤᠨ ᠮᠠᠯ᠎ᠤᠨ ᠡᠮᠴᠢ᠃ ᠬᠠᠷᠠᠬᠠᠨ ᠪᠠᠭ᠎ᠠ ᠡᠴᠡ ᠪᠠᠨ ᠠᠭᠤᠯᠠᠨ ᠳ᠋ᠤ ᠦᠰᠴᠦ᠂ ᠠᠪᠤ ᠡᠵᠢ ᠪᠠᠨ ᠳᠠᠭᠠᠵᠤ ᠴᠠ ᠪᠤᠭᠤ ᠲᠡᠵᠢᠭᠡᠨ᠂ ᠠᠭᠤᠯᠠ ᠬᠦᠪᠴᠢ ᠳ᠋ᠤ ᠠᠮᠢᠳᠤᠷᠠᠬᠤ ᠡᠯᠪᠡᠭ ᠪᠠᠶᠠᠯᠢᠭ ᠲᠤᠷᠰᠢᠯᠭ᠎ᠠ ᠬᠤᠷᠠᠮᠳᠤᠭᠤᠯᠤᠭᠰᠠᠨ ᠲᠡᠷᠡ ᠪᠡᠷ1992 ᠤᠨ ᠳ᠋ᠤ ᠦᠪᠦᠷ ᠮᠤᠩᠭᠤᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠡᠴᠡ ᠮᠠᠯ᠎ᠤᠨ ᠡᠮᠴᠢ ᠵᠢᠨ ᠮᠡᠷᠭᠡᠵᠢᠯ ᠵᠢᠡᠷ ᠲᠡᠭᠦᠰᠴᠦ᠂ ᠨᠤᠲᠤᠭ ᠲᠠᠭᠠᠨ ᠬᠠᠷᠢᠨ ᠠᠵᠢᠯ ᠳ᠋ᠤ ᠤᠷᠤᠵᠠᠢ᠃ ᠡᠨᠡ ᠨᠢ ᠲᠡᠭᠦᠨ᠎ᠤ ᠬᠤᠵᠢᠮ᠎ᠤᠨ ᠠᠮᠢᠳᠤᠷᠠᠯ ᠳᠤᠮᠳᠠ ᠪᠠᠨ ᠪᠤᠰᠤᠳ᠎ᠢ ᠬᠠᠪᠰᠤᠷᠬᠤ᠎ᠳᠦ  ᠴᠢᠬᠤᠯᠠ ᠨᠦᠬᠦᠴᠡᠯ᠎ᠢ ᠪᠦᠷᠢᠯᠳᠦᠭᠦᠯᠵᠦ ᠦᠭᠭᠦᠭᠰᠡᠨ ᠪᠠᠢᠨ᠎ᠠ᠃

ᠮᠠᠨ᠎ᠤ ᠤᠯᠤᠰ᠎ᠤᠨ ᠴᠤᠷ᠎ᠤᠨ ᠭᠠᠭᠴᠠ ᠪᠤᠭᠤ ᠲᠡᠵᠢᠭᠡᠳᠡᠭ ᠠᠢᠮᠠᠭ ᠪᠤᠯᠤᠭᠰᠠᠨ ᠤᠯᠭᠤᠶᠠ ᠳ᠋ᠡᠬᠢ ᠴᠠᠲᠠᠨ ᠡᠸᠠᠩᠬᠢᠴᠤᠳ ᠨᠢ ᠦᠩᠭᠡᠷᠡᠭᠰᠡᠨ᠎ᠤ ᠠᠩ ᠠᠩᠨᠠᠯ᠎ᠤᠨ ᠠᠮᠢᠳᠤᠷᠠᠯ ᠡᠴᠡ ᠪᠠᠨ ᠵᠠᠢᠳᠠᠭᠰᠠᠨ᠎ᠴᠤ ᠴᠠ ᠪᠤᠭᠤ ᠲᠡᠵᠢᠭᠡᠬᠦ ᠤᠯᠠᠮᠵᠢᠯᠠᠯ ᠵᠢᠡᠨ  ᠤᠷᠬᠢᠭ᠎ᠠ ᠦᠭᠡᠢ ᠤᠴᠢᠷ ᠡᠴᠡ 2022 ᠤᠨ ᠪᠤᠯᠬᠤ᠎ᠳᠦ ᠴᠠ ᠪᠤᠭᠤ ᠦᠰᠦᠨ ᠦᠷᠡᠵᠢᠬᠡᠳ 1482 ᠬᠦᠷᠴᠡᠢ᠃ ᠡᠳᠡᠭᠡᠷ ᠴᠠ ᠪᠤᠭᠤ ᠵᠢᠨ ᠲᠦᠯ ᠲᠤᠰᠬᠤ᠂ ᠬᠡᠮ ᠬᠢᠵᠢᠭ ᠲᠤᠰᠬᠤ ᠵᠡᠷᠭᠡ ᠲᠤᠬᠢᠶᠠᠯᠳᠤᠯ ᠳ᠋ᠤ ᠭᠦ ᠭᠧ ᠵᠢᠶᠦ᠋ᠨ᠎ᠤ ᠮᠠᠯ᠎ᠤᠨ ᠡᠮᠴᠢ ᠵᠢᠨ ᠮᠡᠷᠭᠡᠵᠢᠯ ᠲᠤᠰᠠ ᠪᠠᠨ ᠦᠵᠡᠭᠦᠯᠵᠦ᠂ ᠤᠲᠠᠰᠤ ᠵᠢᠷᠭᠢᠶ᠎ᠡ ᠪᠡᠷ ᠪᠤᠭᠤ ᠡᠮᠨᠡᠬᠦ ᠲᠤᠬᠠᠢ ᠵᠦᠪᠯᠡᠯᠭᠡ ᠠᠪᠬᠤ ᠮᠡᠳᠡᠭᠡ ᠴᠢᠮᠡᠭᠡ ᠲᠠᠰᠤᠷᠠᠬᠤ ᠦᠭᠡᠢ ᠦᠷᠭᠦᠯᠵᠢᠯᠡᠳᠡᠭ᠃ ᠡᠢᠮᠦ ᠦᠶ᠎ᠡ ᠳ᠋ᠤ ᠭᠦ ᠭᠧ ᠵᠢᠶᠦ᠋ᠨ ᠤᠭᠲᠤ ᠲᠠᠲᠠᠭᠠᠯᠵᠠᠯ ᠦᠭᠡᠢ ᠬᠠᠪᠰᠤᠷᠤᠯᠭ᠎ᠠ ᠲᠡᠮᠵᠢᠯᠭᠡ ᠦᠵᠡᠭᠦᠯᠵᠦ᠂ ᠵᠠᠷᠢᠮ ᠳ᠋ᠠᠭᠠᠨ ᠬᠤᠯᠠ ᠤᠢᠷ᠎ᠠ ᠭᠡᠵᠦ ᠬᠠᠮᠢᠶᠠᠷᠤᠯ ᠦᠭᠡᠢ ᠳᠠᠪᠬᠢᠵᠦ ᠬᠦᠷᠦᠭᠡᠳ ᠦᠵᠡᠵᠦ ᠡᠮᠴᠢᠯᠡᠭᠡᠳ ᠦᠭᠳᠡᠭ ᠪᠠᠢᠨ᠎ᠠ᠃


_J6A4063.JPG


ᠦᠴᠦᠭᠡᠳᠦᠷᠬᠡᠨ ᠠᠭᠤᠯᠠᠨ ᠳ᠋ᠤ ᠪᠠᠢᠭ᠎ᠠ ᠳᠠᠷᠢᠮ᠎ᠠ ᠨᠠᠳᠠᠳᠤ ᠤᠳᠠᠰᠤᠲᠠᠵᠤ᠂ ᠨᠦᠷ᠎ᠠ ᠭᠡᠮᠨᠡᠴᠢᠬᠡᠯ᠎ᠡ᠂ ᠵᠠᠰᠠᠬᠤ ᠠᠷᠭ᠎ᠠ ᠬᠡᠯᠡᠭᠡᠳ ᠦᠭᠭᠦᠨ᠎ᠡ ᠤᠤ ᠭᠡᠰᠡᠨ᠃ ᠪᠢ ᠭᠠᠷ ᠦᠵᠦᠭᠦᠷ ᠪᠠᠢᠭ᠎ᠠ ᠡᠮ ᠎ᠢ ᠨᠢ ᠰᠡᠭᠦᠳᠡᠷᠯᠡᠭᠦᠯᠵᠦ᠂ ᠵᠢᠷᠭᠢᠶ᠎ᠡ ᠪᠡᠷ ᠢᠯᠡᠭᠡᠯᠭᠡᠨ ᠦᠵᠡᠵᠦ ᠪᠠᠢᠭᠠᠳ᠂ ᠬᠠᠳᠬᠤᠬᠤ ᠡᠮ ᠵᠢᠴᠢ ᠬᠡᠮ ᠬᠡᠮᠵᠢᠶ᠎ᠡ ᠵᠢ ᠨᠢ ᠬᠡᠯᠡᠵᠦ ᠦᠭᠭᠦᠭᠰᠡᠨ᠃ ᠲᠡᠭᠡᠭᠡᠳ ᠵᠠᠰᠠᠭᠰᠠᠨ ᠴᠢᠨᠢ ᠤᠷᠤᠢ ᠪᠤᠯᠬᠤ ᠦᠶ᠎ᠡ ᠳ᠋ᠤ ᠵᠦᠭᠡᠷ ᠪᠤᠯᠴᠢᠬᠠᠭᠰᠠᠨ ᠭᠡᠵᠦ ᠪᠠᠢᠯ᠎ᠠ ᠭᠡᠵᠦ ᠭᠦ ᠭᠧ ᠵᠢᠶᠦ᠋ᠨ  ᠪᠠᠶᠠᠷᠳᠠᠢ ᠶᠠᠷᠢᠨ᠎ᠠ᠃

ᠲᠡᠭᠡᠵᠦ ᠪᠠᠢᠲᠠᠯ᠎ᠠ ᠤᠢ ᠰᠢᠭᠤᠢ ᠵᠢᠨ ᠳᠠᠯᠠᠪᠠᠢ ᠵᠢᠨ ᠠᠵᠢᠯᠲᠠᠨ ᠾᠦᠸᠧ ᠬᠤᠩ ᠸᠧᠢ ᠡᠴᠡ ᠴᠢᠮᠡᠭᠡ ᠢᠷᠡᠭᠦᠯᠵᠦ ᠂ ᠲᠡᠵᠢᠭᠡᠵᠦ ᠪᠠᠢᠭ᠎ᠠ ᠴᠠ ᠪᠤᠭᠤ ᠨᠢ ᠪᠠᠭᠠᠰᠤ ᠠᠯᠳᠠᠭᠠᠳ ᠵᠤᠭᠰᠤᠵᠤ ᠦᠭᠬᠦ ᠦᠭᠡᠢ ᠪᠤᠯᠬᠤᠷ ᠭᠦ ᠭᠧ ᠵᠢᠶᠦ᠋ᠨ ᠡᠴᠡ ᠲᠤᠰᠠᠯᠠᠮᠵᠢ ᠬᠦᠰᠡᠭᠰᠡᠨ ᠪᠠᠢᠯ᠎ᠠ᠃ ᠭᠦ ᠭᠧ ᠵᠢᠶᠦ᠋ᠨ ᠳᠠᠷᠤᠢᠬᠠᠨ ᠶᠠᠪᠤᠬᠤ ᠪᠡᠷ ᠰᠢᠢᠳᠴᠦ᠂ ᠪᠢᠳᠡ ᠴᠤ᠌ ᠲᠡᠭᠦᠨ᠎ᠢ ᠲᠠᠭᠠᠭᠠᠳ 18 ᠺᠢᠯᠤᠮᠧᠲᠷ  ᠵᠠᠢᠳᠠᠢ  ᠦ᠋ ᠯᠢ  ᠺᠦ ᠮᠠ ᠤᠢ ᠰᠢᠭᠤᠢ ᠵᠢᠨ ᠲᠠᠯᠠᠪᠠᠢ ᠵᠦᠭ ᠮᠤᠷᠳᠠᠯ᠎ᠠ᠃

ᠪᠤᠭᠤ ᠳᠡᠵᠢᠬᠡᠨ ᠤᠷᠤᠯᠭ᠎ᠠ ᠨᠡᠮᠡᠬᠳᠡᠬᠦᠯᠬᠦ ᠵᠤᠷᠢᠯᠳᠠ ᠪᠡᠷ ᠦ᠋ ᠯᠢ ᠺᠦ ᠮᠠ ᠤᠢ ᠰᠢᠭᠤᠢ ᠵᠢᠨ ᠲᠠᠯᠠᠪᠠᠢ ᠵᠢᠨ ᠬᠢᠨ 2017 ᠤᠨ ᠡᠴᠡ ᠡᠬᠢᠯᠡᠨ ᠹᠢᠨᠯᠠᠨᠳ᠋ ᠡᠴᠡ ᠴᠠ ᠪᠤᠭᠤ ᠤᠷᠤᠭᠤᠯᠤᠨ ᠠᠪᠴᠢᠷᠠᠵᠤ᠂ ᠲᠤᠰᠬᠠᠢ ᠠᠵᠢᠯᠲᠠᠨ ᠲᠤᠬᠢᠷᠠᠭᠤᠯᠤᠨ ᠲᠡᠵᠢᠭᠡᠯᠭᠡᠭᠰᠡᠨ ᠪᠠᠢᠨ᠎ᠠ᠃ ᠭᠡᠪᠡᠴᠤ ᠤᠤᠯ ᠨᠢ ᠴᠠ ᠪᠤᠭᠤ ᠲᠡᠵᠢᠭᠡᠵᠦ ᠪᠠᠢᠭᠰᠠᠨ ᠦᠭᠡᠢ ᠲᠡᠳᠡᠭᠡᠷ ᠠᠵᠢᠯᠲᠠᠨ ᠪᠤᠭᠤ ᠨᠢ ᠡᠪᠡᠳᠴᠢᠯᠡᠵᠦ ᠬᠡᠮᠨᠡᠬᠦ ᠪᠦᠷᠢ ᠭᠦ ᠭᠧ ᠵᠢᠶᠦ᠋ᠨ ᠡᠴᠡ ᠲᠤᠰᠠᠯᠠᠮᠵᠢ ᠠᠪᠳᠠᠭ ᠪᠤᠯᠵᠠᠢ᠃  ᠤᠢ ᠵᠢᠨ ᠲᠤᠮᠳᠠᠬᠢ ᠨᠠᠷᠢᠬᠠᠨ ᠵᠠᠮ᠎ᠵᠢᠡᠷ ᠪᠢᠳᠡ ᠨᠡᠯᠢᠶᠡᠳ ᠶᠠᠪᠤᠵᠤ᠂ ᠨᠢᠭᠡᠨ ᠵᠠᠮ᠎ᠤᠨ ᠬᠠᠰᠢᠯᠭ᠎ᠠ ᠲᠠᠢ ᠦᠷᠲᠡᠭᠡᠨ ᠳ᠋ᠤ ᠲᠤᠯᠵᠤ ᠵᠤᠭᠰᠤᠯ᠎ᠠ᠃ ᠭᠠᠯ ᠰᠡᠷᠭᠡᠢᠯᠡᠯᠲᠡ ᠵᠢᠨ ᠬᠤᠭᠤᠴᠠᠭ᠎ᠠ ᠦᠩᠭᠡᠷᠡᠭᠡᠳᠦᠢ ᠲᠤᠯᠠ ᠤᠢᠲᠤ ᠤᠷᠤᠨ ᠳ᠋ᠤ ᠨᠡᠪᠲᠡᠷᠡᠬᠦ ᠲᠡᠷᠭᠡ ᠤᠨᠤᠭ᠎ᠠ ᠵᠢ ᠨᠠᠷᠢᠯᠢᠭ ᠳᠠᠩᠰᠠᠯᠠᠮᠠᠨᠵᠢᠨ ᠤᠷᠤᠭᠤᠯᠳᠠᠭ ᠭᠠᠯ ᠰᠡᠷᠭᠡᠢᠯᠡᠯᠲᠡ ᠵᠢᠨ ᠨᠢᠭᠡᠨ ᠦᠷᠲᠡᠭᠡ ᠪᠠᠢᠭᠰᠠᠨ ᠠᠵᠢ᠃ ᠭᠦ ᠭᠧ ᠵᠢᠶᠦ᠋ᠨ ᠡᠨᠳᠡᠬᠢ ᠠᠵᠢᠯᠲᠠᠨ ᠲᠠᠢ ᠠᠭᠤᠯᠵᠠᠭᠠᠳ ᠬᠡᠳᠦᠨ ᠦᠭᠡ ᠵᠦᠷᠢᠭᠰᠡᠨ ᠦᠭᠡᠢ ᠪᠤᠴᠠᠵᠤ ᠢᠷᠡᠭᠡᠳ᠂ ᠬᠠᠰᠢᠯᠭ᠎ᠠ ᠨᠡᠭᠡᠭᠡᠯᠭᠡᠨ ᠨᠡᠪᠲᠡᠷᠡᠴᠢᠬᠡᠪᠡ᠃《ᠪᠢ ᠡᠨᠳᠡ ᠤᠯᠠᠨ ᠤᠳᠠᠭ᠎ᠠ ᠢᠷᠡᠭᠰᠡᠭᠡᠷ ᠪᠠᠢᠵᠤ᠂ ᠠᠵᠢᠯᠲᠠᠳ᠎ᠢ ᠨᠢ ᠴᠦᠮ ᠲᠠᠨᠢᠳᠠᠭ ᠪᠤᠯᠴᠢᠬᠠᠭᠰᠠᠨ ᠶᠤᠮ》 ᠭᠡᠵᠦ ᠲᠡᠷᠡ ᠢᠨᠢᠶᠡᠨ ᠬᠡᠯᠡᠨ᠎ᠡ᠃

ᠤᠳᠠᠯ ᠦᠭᠡᠢ ᠦ᠋ ᠯᠢ ᠺᠦ ᠮᠠ ᠤᠢ ᠰᠢᠭᠤᠢ ᠵᠢᠨ ᠲᠠᠯᠠᠪᠠᠢ ᠳ᠋ᠤ ᠬᠦᠷᠬᠦ ᠳ᠋ᠤ ᠬᠤᠶᠠᠷ ᠠᠵᠢᠯᠳᠠᠨ ᠲᠤᠰᠤᠨ ᠠᠪᠤᠯ᠎ᠠ᠂ 《ᠡᠬᠡ ᠎ᠳᠡᠭᠡᠨ ᠭᠤᠯᠤᠬᠳᠠᠬᠰᠠᠨ ᠨᠦᠷ᠎ᠠ ᠶᠤᠮ᠎ᠳᠠ᠂ ᠤᠬᠵᠢᠭᠤᠷ  ᠠᠮᠢᠳᠠᠨ ᠪᠤᠯᠬᠤᠷ ᠢᠳᠡᠰᠢ ᠤᠭᠤᠤᠰᠢ ᠨᠢ ᠵᠤᠬᠢᠷᠠᠬᠰᠠᠨ ᠦᠬᠡᠢ ᠪᠤᠯᠤᠯᠳᠠᠢ᠂ ᠠᠬ᠎ᠠ ᠲᠠ ᠦᠵᠡᠬᠡᠳ ᠦᠭᠬᠦᠬᠡᠷᠡᠢ》 ᠬᠡᠵᠦ ᠾᠦᠸᠧ ᠬᠤᠩ ᠸᠧᠢ  ᠠᠷᠭ᠎ᠠ ᠪᠠᠷᠠᠬᠰᠠᠨ ᠶᠠᠩᠵᠤᠳᠠᠢ ᠭᠠᠷ ᠵᠢᠡᠨ ᠨᠤᠬᠤᠯᠠᠨ᠎ᠠ᠃ ᠭᠦ ᠭᠧ ᠵᠢᠶᠦ᠋ᠨ  ᠪᠤᠭᠤ ᠵᠢᠨ ᠬᠦᠷᠢᠶᠡᠨ᠎ᠳᠦ ᠶᠠᠭᠠᠷᠠᠪᠴᠢᠯᠠᠨ ᠤᠷᠤᠯ᠎ᠠ᠃ ᠡᠭᠦᠳᠡ ᠤᠢᠷᠠᠯᠴᠠᠭ᠎ᠠ ᠬᠡᠪᠳᠡᠵᠦ ᠪᠠᠢᠭ᠎ᠠ ᠴᠠᠭᠠᠨ ᠨᠦᠷ᠎ᠠ ᠨᠢ ᠳᠠᠷᠤᠢ ᠡᠪᠡᠳᠴᠢᠯᠡᠭᠰᠡᠨ ᠨᠦᠷ᠎ᠠ ᠬᠡᠳᠡᠭ᠎ᠢ ᠬᠠᠷᠠᠮᠠᠬᠴᠠ ᠮᠡᠳᠡᠭᠰᠡᠨ ᠲᠡᠷᠡ᠄ 《ᠡᠳᠡᠭᠡᠷ ᠴᠠ ᠪᠤᠭᠤ ᠪᠤᠯ ᠭᠠᠳᠠᠭᠠᠳᠤ ᠡᠴᠡ ᠤᠷᠤᠭᠤᠯᠵᠤ ᠢᠷᠡᠭᠰᠡᠨ ᠦᠭᠡᠷ᠎ᠡ ᠡᠭᠦᠯᠳᠡᠷ᠎ᠤᠨ ᠬᠢ ᠪᠤᠯᠬᠤᠷ ᠨᠢᠳᠦ ᠨᠢ ᠴᠡᠩᠬᠡᠷ ᠦᠩᠭᠡ ᠲᠠᠢ ᠰᠢᠦ᠂ ᠤᠯᠠᠭᠠᠨ ᠬᠦᠵᠦᠭᠦᠪᠴᠢ ᠳᠠᠢ ᠨᠢ ᠭᠤᠯᠤᠬᠳᠠᠬᠰᠠᠨ ᠨᠦᠷ᠎ᠠ》 ᠭᠡᠵᠦ ᠪᠢᠳᠡᠨ ᠳ᠋ᠤ ᠲᠠᠢᠯᠪᠤᠷᠢᠯᠠᠵᠤ ᠦᠭᠴᠦ ᠪᠠᠢᠯ᠎ᠡ᠃ ᠴᠡᠩᠬᠡᠷ ᠨᠢᠳᠦ ᠲᠠᠢ ᠲᠤᠩ ᠴᠠᠭᠠᠨ ᠨᠦᠷ᠎ᠡ ᠵᠢ ᠪᠢᠳᠡ ᠦᠬᠦᠭᠡᠷᠳᠦᠨ ᠢᠯᠪᠢᠬᠦ ᠳ᠋ᠤ ᠤᠭᠵᠢᠭᠤᠷ ᠨᠦᠷ᠎ᠡ ᠬᠦᠮᠦᠨ ᠳ᠋ᠤ ᠡᠭᠡᠨᠡᠭᠰᠢᠵᠦ  ᠦᠨᠦᠷᠯᠡᠨ  ᠳᠠᠭᠠᠨ᠎ᠠ᠃


_J6A4058.JPG


ᠭᠦ ᠭᠧ ᠵᠢᠶᠦ᠋ᠨ ᠨᠦᠷ᠎ᠠ ᠵᠢ ᠰᠢᠨᠵᠢᠵᠦ᠂ ᠬᠤᠳᠤᠭᠤᠳᠤ ᠭᠡᠳᠡᠰᠦᠨ᠎ᠤ ᠦᠷᠪᠢᠰᠦᠯ ᠲᠠᠢ ᠭᠡᠵᠦ ᠲᠤᠳᠤᠯᠠᠭᠠᠳ᠂ ᠬᠡᠷᠡᠭᠯᠡᠬᠦ ᠡᠮ᠎ᠤᠨ ᠵᠦᠢᠯ ᠬᠡᠯᠡᠵᠦ ᠦᠭᠪᠡ᠃ ᠰᠠᠨᠠᠭ᠎ᠠ ᠪᠤᠯᠵᠤ  ᠪᠠᠢᠭᠰᠠᠨ ᠾᠦᠸᠧ ᠬᠤᠩ ᠸᠧᠢ ᠵᠢᠨ ᠮᠠᠨᠭᠨᠠᠢ ᠲᠡᠨᠢᠢᠵᠦ᠂ ᠭᠦ ᠭᠧ ᠵᠢᠶᠦ᠋ᠨ ᠳ᠋ᠤ ᠪᠠᠢᠨ ᠳᠠᠬᠢᠨ ᠲᠠᠯᠠᠷᠬᠠᠯ ᠢᠯᠡᠷᠬᠡᠢᠯᠡᠨ᠎ᠠ᠃《ᠪᠢᠳᠡ ᠤᠢ ᠰᠢᠭᠤᠢ ᠵᠢᠨ ᠠᠵᠢᠯᠲᠠᠨ ᠪᠤᠯᠬᠤᠷ ᠡᠸᠠᠩᠬᠢᠴᠤᠳ ᠰᠢᠭ ᠪᠤᠭᠤ  ᠲᠡᠵᠢᠭᠡᠬᠦ ᠲᠤᠷᠰᠢᠯᠭ᠎ᠠ ᠦᠭᠡᠢ᠃ ᠪᠤᠭᠤ ᠭᠡᠮᠨᠡᠬᠦ᠂ ᠲᠦᠯ ᠲᠤᠰᠬᠤ᠂ ᠠᠭᠤᠯᠠᠨ ᠳ᠋ᠤ ᠤᠷᠤᠵᠤ ᠪᠡᠯᠴᠢᠭᠡᠷᠯᠡᠭᠦᠯᠦᠭᠰᠡᠨ ᠪᠤᠭᠤ ᠪᠠᠨ ᠡᠷᠢᠵᠦ ᠠᠪᠴᠢᠷᠠᠬᠤ ᠁ ᠵᠡᠷᠭᠡ ᠤᠯᠠᠨ ᠵᠦᠢᠯ᠎ᠢ ᠭᠦ ᠭᠧ ᠵᠢᠶᠦ᠋ᠨ ᠡᠴᠡ ᠠᠰᠠᠭᠤᠵᠤ ᠰᠤᠷᠠᠳᠠᠭ᠃ ᠲᠡᠷᠡ ᠬᠡᠵᠢᠶ᠎ᠡ ᠴᠤ᠌ ᠤᠬᠤᠷᠢᠵᠤ ᠲᠠᠲᠠᠭᠠᠯᠵᠠᠯ ᠦᠭᠡᠢ ᠪᠡᠷ ᠪᠦᠬᠦ ᠡᠷᠳᠡᠮ ᠵᠢᠡᠨ ᠮᠠᠨ ᠳ᠋ᠤ ᠤᠯᠠᠮᠵᠢᠯᠠᠵᠤ ᠦᠭᠭᠦᠭᠰᠡᠭᠡᠷ  ᠤᠳᠤ  ᠪᠤᠯᠬᠤ ᠳ᠋ᠤ  ᠲᠠᠪᠤᠨ ᠵᠢᠯ ᠭᠠᠷᠤᠢ ᠪᠤᠯᠴᠢᠬᠠᠯ᠎ᠠ》 ᠭᠡᠵᠦ ᠾᠦᠸᠧ ᠬᠤᠩ ᠸᠧᠢ  ᠬᠡᠯᠡᠵᠦ ᠪᠠᠢᠯ᠎ᠠ᠃

ᠡᠸᠠᠩᠬᠢ ᠬᠢᠲᠠᠳ ᠬᠤᠶᠠᠷ ᠦᠨᠳᠦᠰᠦᠲᠡᠨ᠎ᠤ ᠠᠬᠠᠨ ᠲᠡᠭᠦᠤᠰ ᠴᠠ ᠪᠤᠭᠤ ᠡᠴᠡ ᠪᠤᠯᠵᠤ ᠳᠠᠨᠢᠯᠴᠠᠵᠦ ᠨᠦᠬᠦᠷᠯᠡᠨ᠂ ᠪᠡᠶ᠎ᠡ ᠪᠡᠶ᠎ᠡ ᠪᠠᠨ ᠲᠦᠰᠢᠭᠰᠡᠨ ᠢᠬᠡᠷ᠎ᠠ ᠮᠤᠳᠤᠳ ᠰᠢᠭ᠋ ᠬᠤᠯᠪᠤᠯᠳᠤᠵᠠᠢ᠃ ᠲᠡᠢᠮᠦ ᠡ᠂ ᠡᠨᠡ ᠶᠡᠬᠡ ᠬᠦᠪᠴᠢ ᠵᠢ ᠬᠡᠴᠢᠨᠡᠨ ᠤᠯᠠᠨ ᠡᠢᠮᠦᠷᠬᠦᠦ ᠮᠤᠳᠤᠳ ᠦᠨᠳᠦᠰᠦ ᠨᠠᠮᠠᠭ᠎ᠠ ᠪᠠᠨ ᠬᠤᠯᠪᠤᠨ ᠪᠦᠷᠢᠯᠳᠦᠭᠦᠯᠦᠭᠰᠡᠨ ᠪᠤᠯ ᠡ︕ ᠴᠠ ᠪᠤᠭᠤ ᠵᠢᠨ ᠬᠤᠩᠬᠤᠨ ᠳᠠᠭᠤ  ᠤᠢ  ᠵᠢᠨ ᠭᠦᠨ ᠳ᠋ᠤ ᠴᠤᠤᠷᠢᠶᠠᠳᠤᠨ᠂ ᠶᠡᠬᠡ ᠬᠦᠪᠴᠢ ᠵᠢᠨ ᠰᠠᠯᠬᠢᠨ᠎ᠤ ᠴᠢᠮᠡᠭᠡ  ᠨᠠᠮ ᠬᠢᠬᠦ  ᠰᠢᠭ ᠪᠤᠯᠤᠨ᠎ᠠ᠃

《ᠤᠮᠠᠷᠠᠲᠤ ᠬᠢᠯᠢ  ᠵᠢᠨ ᠬᠦᠬᠡ ᠲᠦᠯᠦ》 ᠬᠠᠬᠢᠷ ᠬᠦᠢᠳᠡᠨ᠎ᠢ ᠤᠶᠠᠰᠬᠠᠨ᠎ᠠ

ᠤᠯᠭᠤᠶᠠ ᠵᠢᠨ ᠡᠸᠠᠩᠬᠢᠴᠤᠳ ᠭᠦᠨ ᠬᠦᠪᠴᠢ ᠠᠭᠤᠯᠠ ᠲᠠᠢᠭ᠎ᠠ ᠳ᠋ᠤ ᠴᠠ ᠪᠤᠭᠤ ᠪᠠᠨ ᠲᠡᠵᠢᠭᠡᠨ ᠦᠷᠡᠵᠢᠭᠦᠯᠳᠡᠭ᠎ᠤᠨ ᠤᠯᠠᠮ ᠡᠴᠡ ᠲᠠᠪᠤᠨ ᠰᠠᠷ᠎ᠠ ᠵᠢᠨ ᠦᠶ᠎ᠡ ᠪᠤᠯᠪᠠᠯ ᠪᠤᠭᠤ ᠲᠦᠯᠯᠡᠬᠦ ᠤᠯᠠᠷᠢᠯ ᠵᠢᠡᠨ ᠤᠭᠲᠤᠵᠤ᠂ ᠤᠯᠠᠩᠬᠢ ᠡᠷᠡᠭᠲᠡᠢᠴᠤᠳ ᠨᠢ ᠠᠭᠤᠯᠠᠨ ᠳ᠋ᠤ ᠭᠠᠷᠴᠤ ᠴᠠ ᠪᠤᠭᠤ ᠪᠡᠨ ᠬᠠᠷᠢᠭᠤᠯᠳᠠᠭ᠃ ᠠᠷᠤ ᠭᠡᠷ ᠵᠢᠡᠨ ᠳᠤᠳᠤᠮᠳᠠᠨ ᠦᠯᠡᠳᠡᠳᠡᠭ ᠪᠦᠰᠡᠭᠦᠢᠴᠤᠳ ᠬᠢᠭᠡᠳ ᠨᠠᠰᠤᠲᠠᠢ ᠨᠢᠯᠬᠠᠰ ᠨᠢ ᠬᠦᠨᠳᠦ ᠬᠦᠴᠢᠷ ᠠᠵᠢᠯ ᠮᠤᠳᠤᠨ ᠳ᠋ᠤ ᠳᠠᠷᠤᠭᠳᠠᠬᠤ ᠵᠢᠨ ᠦᠶ᠎ᠡ ᠪᠡᠷ 《ᠬᠦᠬᠡ ᠲᠦᠯᠦ》 ᠵᠢᠨ ᠬᠤᠷᠴᠠ ᠭᠠᠪᠰᠢᠭᠠᠢᠴᠤᠳ᠎ᠢ ᠰᠠᠨᠠᠨ ᠤᠯᠵᠤ᠂ ᠡᠷᠡᠭᠡᠯᠵᠡᠵᠦ ᠲᠠᠲᠠᠭᠠᠯᠵᠠᠯ ᠦᠭᠡᠢ ᠪᠡᠷ ᠤᠲᠠᠰᠤᠲᠠᠬᠤ ᠳ᠋ᠤ ᠯᠡ 《ᠬᠦᠬᠡ ᠲᠦᠯᠦ》 ᠵᠢᠨ ᠪᠠᠢᠯᠳᠤᠭᠴᠢᠳ ᠦᠨᠡᠬᠡᠷ ᠬᠦᠬᠡ ᠲᠦᠯᠦ ᠰᠢᠭ ᠬᠤᠷᠤᠢᠯᠵᠠᠭᠠᠳ ᠪᠠᠭᠤᠳᠠᠭ᠃

《ᠬᠦᠬᠡ ᠲᠦᠯᠦ》 ᠭᠡᠵᠦ ᠬᠡᠯᠡᠬᠦ ᠪᠡᠷ ᠬᠦᠯᠦᠨ ᠪᠤᠢᠷ ᠬᠤᠲᠠ ᠵᠢᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠰᠠᠯᠪᠤᠷᠢ ᠠᠩᠬᠢ ᠵᠢᠨ ᠭᠡᠭᠡᠨ ᠭᠤᠤᠯ ᠬᠤᠲᠠ ᠵᠢᠨ ᠶᠡᠬᠡ ᠠᠩᠬᠢ ᠵᠢᠨ ᠬᠢᠨ ᠳᠤᠬᠠᠢ ᠵᠢᠨ ᠭᠠᠵᠠᠷ ᠪᠠ ᠦᠨᠳᠦᠰᠦᠲᠡᠨ᠎ᠤ ᠤᠨᠴᠠᠯᠢᠭ ᠲᠤ᠌ ᠲᠤᠬᠢᠷᠠᠭᠤᠯᠤᠨ ᠪᠠᠢᠭᠤᠯᠤᠭᠰᠠᠨ 《ᠤᠮᠠᠷᠠᠲᠤ ᠬᠢᠯᠢ ᠵᠢᠨ ᠬᠦᠬᠡ ᠲᠦᠯᠦ》 ᠰᠠᠢᠨ ᠳᠤᠷ᠎ᠠ ᠵᠢᠨ ᠦᠢᠯᠡᠴᠢᠯᠡᠭᠡᠨ᠎ᠤ ᠠᠩᠬᠢ ᠵᠢ ᠬᠡᠯᠡᠳᠡᠭ᠃  ᠬᠦᠯᠦᠨ ᠪᠤᠢᠷ ᠬᠤᠲᠠ ᠵᠢᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠰᠠᠯᠪᠤᠷᠢ ᠠᠩᠬᠢ ᠵᠢᠨ ᠭᠡᠭᠡᠨ ᠭᠤᠤᠯ ᠬᠤᠲᠠ ᠵᠢᠨ ᠶᠡᠬᠡ ᠠᠩᠬᠢ ᠵᠢᠨ ᠵᠦᠩ ᠶᠠᠩ ᠵᠠᠮ᠎ᠤᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠦᠷᠲᠡᠭᠡᠨ᠎ᠤ ᠤᠯᠤᠰ ᠲᠦᠷᠦ ᠵᠢᠨ ᠵᠢᠯᠤᠭᠤᠳᠤᠭᠴᠢ ᠷᠧᠨ ᠭᠦᠸᠧ ᠵᠢᠶᠦ᠋ᠨ ᠪᠤᠯ ᠲᠡᠳᠡ ᠨᠠᠷ᠎ᠤᠨ ᠳᠤᠲᠤᠷᠠᠬᠢ ᠨᠢᠭᠡᠨ ᠭᠡᠰᠢᠭᠦᠨ ᠪᠦᠭᠡᠳ ᠬᠦᠨᠳᠦ ᠬᠦᠴᠢᠷ ᠨᠦᠬᠦᠴᠡᠯ ᠪᠠᠢᠳᠠᠯ᠎ᠤᠨ ᠡᠮᠦᠨ᠎ᠡ ᠦᠪᠡᠷ᠎ᠤᠨ ᠪᠡᠶ᠎ᠡ ᠪᠡᠷ᠎ᠵᠢᠡᠨ ᠳᠠᠭᠤᠷᠢᠶᠠᠯ ᠪᠤᠯᠳᠠᠭ ᠰᠢᠯᠢᠳᠡᠭ ᠺᠠᠳ᠋ᠷ ᠶᠤᠮ᠃

ᠲᠡᠷᠡ ᠪᠡᠷ ᠠᠵᠢᠯ ᠳ᠋ᠤ ᠤᠷᠤᠭᠰᠠᠨ 14 ᠵᠢᠯ᠎ᠤᠨ ᠵᠢᠡᠨ ᠲᠡᠩ ᠬᠠᠭᠠᠰ᠎ᠢ ᠨᠢ ᠬᠦᠢᠲᠡᠨ᠎ᠤ ᠲᠦᠢᠯ ᠪᠤᠯᠬᠤ ᠭᠡᠭᠡᠨ ᠭᠤᠤᠯ ᠳ᠋ᠤ ᠦᠩᠭᠡᠷᠡᠭᠦᠯᠵᠦ᠂ ᠬᠦᠴᠢᠷ ᠪᠡᠷᠬᠡ ᠡᠴᠡ ᠡᠮᠢᠶᠡᠯ ᠦᠭᠡᠢ᠂ ᠡᠭᠦᠷᠭᠡ ᠬᠠᠷᠢᠭᠤᠴᠠᠯᠭ᠎ᠠ ᠪᠠᠨ ᠵᠤᠷᠢᠭᠲᠠᠢ ᠪᠡᠷ ᠡᠭᠦᠷᠭᠡᠯᠡᠵᠦ᠂ ᠲᠡᠰᠪᠦᠷᠢ ᠳᠠᠭᠠᠭᠠᠮᠠᠭᠠᠢ ᠴᠠᠭᠠᠨ ᠬᠤᠰᠤ ᠮᠡᠲᠦ ᠪᠡᠷ ᠡᠨᠳᠡᠬᠢ ᠨᠤᠲᠤᠭ᠎ᠤᠨ ᠬᠦᠷᠦᠰᠦᠨ ᠳ᠋ᠤ ᠦᠨᠳᠦᠰᠦᠯᠡᠵᠡᠢ᠃ 2022 ᠤᠨ᠎ᠤ ᠴᠠᠭᠠᠨ ᠰᠠᠷ᠎ᠠ ᠵᠢᠨ ᠠᠮᠤᠷ ᠲᠦᠪᠰᠢᠨ᠎ᠢ ᠪᠠᠲᠤᠯᠠᠬᠤ ᠠᠵᠢᠯ ᠰᠢᠪᠲᠤᠷᠠᠭᠰᠠᠨ᠎ᠤ ᠳᠠᠷᠠᠭ᠎ᠠ ᠲᠡᠷᠡ ᠠᠮᠠᠨ ᠬᠦᠨᠳᠡᠢ ᠵᠢᠨ ᠰᠠᠯᠢᠰᠤᠲᠤ ᠰᠢᠩᠭᠡᠨ᠎ᠤ ᠴᠢᠨᠠᠷᠲᠠᠢ ᠠᠷᠠᠰᠤᠨ᠎ᠤ ᠦᠮᠡᠨ ᠡᠪᠡᠳᠴᠢᠨ ᠤᠯᠤᠭᠰᠠᠨ ᠵᠢᠡᠷ ᠤᠨᠤᠰᠢᠯᠠᠭᠳᠠᠵᠠᠢ᠃ ᠤᠷᠲᠤ ᠬᠤᠭᠤᠴᠠᠭᠠᠨ᠎ᠤ ᠲᠤᠷᠰᠢ ᠡᠭᠡᠯᠵᠢᠯᠡᠵᠦ ᠵᠢᠵᠢᠭᠦᠷᠯᠡᠨ ᠡᠭᠦᠷᠭᠡ ᠭᠦᠢᠴᠡᠳᠬᠡᠭᠰᠡᠭᠡᠷ ᠤᠭᠤᠲᠠᠨᠴᠢᠷ ᠬᠠᠪᠤᠳᠠᠷ ᠨᠢ ᠬᠤᠤᠷᠳᠤ ᠬᠠᠪᠤᠳᠠᠷ ᠪᠤᠯᠤᠭᠰᠠᠨ ᠪᠠᠢᠪᠠ᠃ ᠡᠮᠴᠢ ᠵᠢᠨ ᠵᠦᠪᠯᠡᠯᠭᠡ ᠪᠡᠷ ᠲᠡᠷᠡ ᠳᠠᠷᠤᠢᠬᠠᠨ ᠮᠡᠰᠡ ᠵᠠᠰᠠᠯ ᠬᠢᠯᠭᠡᠭᠰᠡᠨ ᠴᠤ᠌ ᠨᠢᠭᠡ ᠰᠠᠷ᠎ᠠ ᠰᠤᠪᠢᠯᠠᠬᠤ ᠬᠡᠷᠡᠭᠲᠡᠢ ᠭᠡᠰᠡᠨ ᠡᠮᠴᠢ ᠵᠢᠨ ᠵᠠᠬᠢᠶᠠᠰᠤ ᠵᠢ 《 ᠮᠠᠷᠲᠠᠵᠤ》 ᠳᠤᠤᠷ᠎ᠠ ᠨᠢ ᠠᠩᠭᠢ ᠳ᠋ᠠᠭᠠᠨ ᠪᠤᠴᠠᠵᠤ ᠡᠭᠦᠷᠭᠡ ᠭᠦᠢᠴᠡᠳᠬᠡᠵᠦ ᠡᠬᠢᠯᠡᠵᠡᠢ᠃ ᠨᠢᠭᠡ ᠤᠳᠠᠭ᠎ᠠ ᠡᠬᠡᠨᠡᠷ ᠨᠢ ᠤᠲᠠᠰᠤᠲᠠᠭᠠᠳ ᠷᠧᠨ ᠭᠦᠸᠧ ᠵᠢᠶᠦ᠋ᠨ᠎ᠤ ᠦᠭᠡ ᠪᠠᠨ ᠴᠤ᠌ ᠲᠤᠳᠤ ᠬᠡᠯᠡᠵᠦ ᠳᠡᠢᠯᠬᠦ ᠦᠭᠡᠢ ᠪᠠᠢᠭ᠎ᠠ ᠵᠢ ᠰᠤᠨᠤᠰᠤᠭᠠᠳ ᠲᠡᠰᠭᠡᠯ ᠦᠭᠡᠢ ᠨᠢᠯᠪᠤᠰᠤ ᠤᠨᠠᠭᠠᠵᠤ᠄ 《ᠠᠮᠠᠷᠠᠬᠤ ᠦᠭᠡᠢ ᠶᠠᠭᠠᠬᠢᠭᠰᠠᠨ ᠪᠤᠢ︖》 ᠭᠡᠬᠦ ᠳ᠋ᠤ ᠲᠡᠷᠡ᠄ 《ᠪᠠᠢᠭᠤᠯᠭ᠎ᠠ ᠳ᠋ᠤ ᠬᠦᠮᠦᠨ ᠲᠤᠳᠠᠵᠤ᠂ ᠵᠢᠵᠢᠭᠦᠷ ᠵᠢᠡᠨ ᠡᠭᠡᠯᠵᠢᠯᠡᠵᠦ ᠳᠡᠢᠯᠬᠦ ᠦᠭᠡᠢ ᠪᠠᠢᠬᠤ ᠲᠤᠯᠠ ᠪᠢ ᠤᠬᠤᠷᠢᠭᠠᠳ ᠶᠠᠭᠠᠬᠢᠬᠤ ᠪᠤᠢ》 ᠭᠡᠵᠡᠢ᠃ ᠢᠩᠬᠢᠵᠦ ᠲᠡᠷᠡ ᠬᠠᠳᠠᠭᠤ ᠪᠡᠷᠬᠡ ᠤᠷᠴᠢᠨ ᠨᠦᠬᠦᠴᠡᠯ᠎ᠤᠨ ᠳᠤᠤᠷ᠎ᠠ ᠠᠮᠢ ᠬᠤᠪᠢ ᠪᠠᠨ ᠬᠠᠢᠷᠠᠯᠠᠯ ᠦᠭᠡᠢ ᠠᠵᠢᠯᠯᠠᠭᠰᠠᠨ ᠡᠴᠡ ᠦᠰᠦ ᠭᠡᠵᠢᠭᠡ ᠨᠢ  ᠰᠢᠩᠭᠡᠷᠡᠵᠦ᠂ ᠦᠷᠴᠢᠯᠡᠭᠡ  ᠠᠲᠤᠷᠢᠶ᠎ᠠ ᠨᠠᠰᠤᠨ ᠡᠴᠡ ᠪᠠᠨ ᠡᠷᠲᠡ ᠮᠠᠩᠨᠠᠢ ᠳ᠋ᠤᠨᠢ ᠰᠠᠭᠤᠵᠠᠢ᠃

ᠢᠵᠢᠯᠢᠬᠡᠨ ᠬᠦᠬᠡ ᠦᠩᠭᠡ ᠵᠢᠨ ᠳᠦᠷᠢᠮᠲᠤ ᠬᠤᠪᠴᠠᠰᠤ ᠪᠠᠨ ᠡᠮᠦᠰᠴᠤ᠂ ᠭᠠᠯ ᠤᠨᠲᠠᠷᠠᠭᠠᠬᠤ ᠲᠤᠰᠬᠠᠢ ᠮᠠᠰᠢᠨ ᠳ᠋ᠠᠭᠠᠨ ᠰᠠᠭᠤᠭᠰᠠᠨ ᠪᠠᠢᠯᠳᠤᠭᠴᠢᠳ ᠤᠯᠭᠤᠶᠠ ᠵᠢᠨ ᠡᠸᠠᠩᠬᠢ ᠦᠨᠳᠦᠰᠦᠲᠡᠨ᠎ᠤ ᠰᠢᠶᠠᠩ ᠳ᠋ᠤ ᠭᠠᠯ ᠰᠡᠷᠭᠡᠢᠯᠡᠯᠲᠡ ᠵᠢᠨ ᠤᠬᠠᠭᠤᠯᠭ᠎ᠠ ᠬᠢᠬᠦ ᠪᠡᠷ ᠮᠤᠷᠳᠠᠯ᠎ᠠ᠃《ᠪᠢᠳᠡ ᠲᠤᠭᠲᠠᠭᠰᠠᠨ ᠬᠤᠭᠤᠴᠠᠭᠠᠨ ᠳ᠋ᠤ ᠲᠡᠳᠡᠨ᠎ᠤ ᠭᠡᠷ ᠭᠡᠷ ᠵᠢᠡᠷ ᠤᠷᠤᠵᠤ ᠤᠬᠠᠭᠤᠯᠭ᠎ᠠ ᠬᠢᠳᠡᠭ᠂ ᠢᠯᠠᠩᠭᠤᠶ᠎ᠠ ᠬᠠᠪᠤᠷ ᠵᠤᠨ᠎ᠤ ᠵᠠᠭᠠᠭ ᠳᠡᠭᠡᠷᠡᠬᠢ ᠡᠨᠡ ᠦᠶ᠎ᠡ ᠪᠤᠯᠤᠭᠰᠠᠭᠠᠷ ᠬᠠᠭᠠᠰ ᠡᠴᠡ ᠢᠯᠡᠭᠦᠦ ᠡᠷᠡᠭᠲᠡᠢᠴᠤᠳ ᠨᠢ ᠠᠭᠤᠯᠠᠨ ᠳ᠋ᠤ ᠭᠠᠷᠴᠤ ᠪᠤᠭᠤ ᠪᠠᠨ ᠲᠦᠯᠯᠡᠭᠦᠯᠳᠡᠭ ᠲᠤᠯᠠ ᠬᠦᠮᠦᠨ ᠬᠠᠷ᠎ᠠ ᠴᠦᠬᠡᠷᠡᠵᠦ᠂ ᠵᠠᠷᠢᠮ ᠠᠢᠯ ᠨᠢ ᠭᠡᠷ ᠡᠷᠦᠬᠡ ᠪᠠᠨ ᠡᠵᠡᠭᠦᠢ ᠬᠠᠶᠠᠭᠠᠳ ᠶᠠᠪᠤᠳᠠᠭ᠃ ᠲᠡᠭᠡᠭᠡᠳ ᠲᠡᠳᠡᠨ᠎ᠤ ᠭᠡᠷ ᠪᠠᠢᠰᠢᠩ ᠨᠢ ᠮᠤᠳᠤᠨ ᠪᠦᠲᠦᠴᠡ ᠲᠠᠢ ᠤᠴᠢᠷ ᠡᠴᠡ ᠴᠠᠭ ᠲᠤᠬᠠᠢ ᠳ᠋ᠤᠨᠢ ᠴᠠᠬᠢᠯᠭᠠᠨ᠎ᠢ ᠨᠢ ᠲᠠᠰᠤᠯᠵᠤ᠂ ᠭᠠᠯ ᠲᠦᠢᠮᠡᠷ᠎ᠤᠨ ᠠᠶᠤᠯ ᠡᠴᠡ ᠰᠡᠷᠭᠡᠢᠯᠡᠬᠦ ᠬᠡᠷᠡᠭᠲᠡᠢ 》 ᠭᠡᠵᠦ ᠷᠧᠨ ᠭᠦᠸᠧ ᠵᠢᠶᠦ᠋ᠨ ᠬᠡᠯᠡᠨ᠎ᠡ᠃

ᠳᠡᠳᠡ ᠤᠯᠭᠤᠶᠠ ᠵᠢᠨ ᠡᠸᠠᠩᠬᠢ ᠦᠨᠳᠦᠰᠦᠲᠡᠨ᠎ᠤ ᠰᠢᠶᠠᠩ᠎ᠤᠨ ᠭᠡᠷ ᠪᠦᠯᠢ ᠵᠢᠨ ᠵᠢᠭᠤᠯᠴᠢᠯᠠᠯ᠎ᠤᠨ ᠴᠡᠭ ᠳᠡᠭᠡᠨ ᠦᠨᠳᠦᠰᠦᠲᠡᠨ᠎ᠤ ᠤᠨᠴᠠᠯᠢᠭᠲᠤ ᠳᠤᠷᠠᠰᠬᠠᠯ᠎ᠤᠨ ᠪᠤᠳᠠᠰ᠂ ᠨᠤᠲᠤᠭ᠎ᠤᠨ ᠭᠠᠷᠤᠯᠲᠠ ᠵᠡᠷᠭᠡ ᠵᠢ ᠬᠤᠳᠠᠯᠳᠤᠳᠠᠭ ᠮᠠ ᠮᠧᠢ ᠵᠢᠨ ᠭᠡᠷ᠎ᠲᠦ ᠬᠦᠷᠴᠦ᠂ ᠤᠬᠠᠭᠤᠯᠭ᠎ᠠ ᠵᠢᠨ ᠠᠵᠢᠯ ᠵᠢᠡᠨ ᠦᠷᠨᠢᠭᠦᠯᠬᠦ ᠵᠢᠨ ᠳᠠᠭᠠᠤ ᠬᠦᠷᠢᠶ᠎ᠡ ᠬᠠᠰᠢᠶ᠎ᠠ ᠵᠢ ᠨᠢ ᠴᠡᠪᠡᠷᠯᠡᠵᠦ᠂ ᠴᠠᠬᠢᠯᠭᠠᠨ ᠤᠲᠠᠰᠤᠨ᠎ᠤ ᠵᠠᠮ ᠱᠤᠭᠤᠮ᠎ᠢ ᠨᠢ ᠳᠤᠤᠷᠠᠬᠠᠨ ᠵᠢᠡᠨ ᠰᠢᠯᠭᠠᠭᠠᠳ ᠪᠠᠷᠠᠴᠢᠬᠠᠪᠠ᠃ ᠮᠠ ᠮᠸᠢ ᠪᠤᠭᠤ ᠵᠢᠨ ᠰᠦ ᠳᠠᠢ ᠴᠠᠢ ᠪᠡᠨ ᠠᠮᠳᠠᠳᠠᠢᠬᠠᠨ ᠴᠢᠨᠠᠵᠦ ᠳᠡᠳᠡᠨᠤᠰ᠎ᠢ ᠳᠠᠭᠤᠳᠠᠯ᠎ᠠ᠃

ᠮᠠ ᠮᠧᠢ ᠵᠢᠨ ᠬᠢ ᠪᠤᠯ ᠬᠦᠯᠦᠨ ᠪᠤᠢᠷ ᠬᠤᠲᠠ ᠵᠢᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠰᠠᠯᠪᠤᠷᠢ ᠠᠩᠬᠢ ᠵᠢᠨ ᠭᠡᠭᠡᠨ ᠭᠤᠤᠯ ᠬᠤᠲᠠ ᠵᠢᠨ ᠶᠡᠬᠡ ᠠᠩᠬᠢ ᠵᠢᠨ ᠳᠠᠭᠠᠭᠠᠴᠢᠯᠠᠨ ᠲᠡᠳᠬᠦᠬᠦ 5 ᠡᠸᠠᠨᠭᠬᠢ ᠡᠷᠦᠬᠡ ᠵᠢᠨ ᠨᠢᠭᠡ ᠨᠢ ᠶᠤᠮ᠃ ᠮᠠ ᠮᠧᠢ ᠵᠢᠨ ᠬᠢ ᠬᠡᠴᠢᠨᠡᠨ ᠤᠯᠠᠨ ᠤᠳᠠᠭ᠎ᠠ ᠲᠡᠳᠡᠨ᠎ᠤ ᠬᠠᠪᠰᠤᠷᠤᠯᠭ᠎ᠠ ᠵᠢ ᠬᠦᠷᠲᠡᠵᠦ᠂ ᠮᠦᠨ ᠴᠤ᠌ ᠬᠡᠴᠢᠨᠡᠨ ᠤᠯᠠᠨ ᠤᠳᠠᠭ᠎ᠠ ᠲᠡᠳᠡᠨ ᠡᠴᠡ ᠬᠠᠪᠰᠤᠷᠤᠯᠭ᠎ᠠ ᠬᠦᠰᠡᠭᠰᠡᠨ᠎ᠢ ᠮᠡᠳᠡᠬᠦ ᠦᠭᠡᠢ᠃ ᠶᠠᠭᠤ ᠴᠤ᠌ ᠪᠠᠢᠭᠰᠠᠨ ᠲᠠᠪᠤᠨ ᠵᠢᠯ ᠭᠠᠷᠤᠢ ᠵᠢᠨ ᠬᠠᠷᠢᠯᠴᠠᠭ᠎ᠠ ᠶᠠᠪᠤᠯᠴᠠᠭᠠᠨ ᠳᠤᠮᠳᠠ ᠪᠠᠨ ᠳᠡᠳᠡᠨ᠎ᠢ ᠦᠪᠡᠷ᠎ᠤᠨ ᠵᠢᠡᠨ ᠳᠡᠬᠦᠤᠨᠠᠷ ᠰᠢᠭ ᠯᠠ ᠦᠵᠡᠳᠡᠭ ᠪᠤᠯᠵᠠᠢ᠃

ᠪᠢ ᠦᠪᠡᠷ ᠵᠢᠡᠨ ᠬᠢᠵᠦ ᠤᠷᠤᠯᠳᠤᠵᠤ ᠳᠡᠢᠯᠬᠦ ᠦᠭᠡᠢ ᠬᠦᠨᠳᠦ ᠠᠵᠢᠯ ᠲᠠᠢ ᠪᠤᠯᠪᠠᠯ ᠡᠳᠡᠨ᠎ᠢ ᠳᠠᠭᠤᠳᠠᠳᠠᠭ᠂ ᠡᠳᠡ ᠴᠤ᠌ ᠲᠠᠲᠠᠭᠠᠯᠵᠠᠯ ᠦᠭᠡᠢ ᠬᠦᠷᠦᠭᠡᠳ ᠢᠷᠡᠳᠡᠭ᠃ ᠴᠠᠰᠤ ᠮᠦᠰᠦ ᠠᠷᠢᠯᠭᠠᠬᠤ᠂ ᠬᠦᠷᠢᠶ᠎ᠡ ᠬᠠᠰᠢᠶ᠎ᠠ ᠵᠢ ᠴᠡᠪᠡᠷᠯᠡᠬᠦ  ᠁ ᠭᠡᠳ ᠠᠯᠢ ᠤᠯᠠᠨ ᠠᠵᠢᠯ᠎ᠢ ᠡᠳᠡ ᠨᠠᠷ ᠮᠠᠨ ᠵᠢᠡᠷ ᠬᠡᠯᠡᠭᠦᠯᠦᠯ ᠦᠭᠡᠢ ᠬᠢᠭᠡᠳ ᠦᠭᠴᠢᠬᠡᠳᠡᠭ ᠭᠡᠵᠦ ᠮᠠ ᠮᠧᠢ ᠬᠡᠯᠡᠨ᠎ᠡ᠃

ᠬᠡᠲᠦᠨ ᠵᠢᠯ᠎ᠤᠨ ᠡᠮᠦᠨᠡᠬᠢ ᠡᠪᠦᠯ᠎ᠤᠨ ᠨᠢᠭᠡᠨ ᠡᠳᠦᠷ ᠠᠪᠤᠷᠠᠨ ᠲᠤᠰᠠᠯᠠᠬᠤ ᠠᠩᠬᠢ ᠵᠢᠨ ᠬᠢᠨ ᠪᠠᠴᠢᠮ ᠠᠪᠤᠷᠠᠨ ᠲᠤᠰᠠᠯᠠᠯᠲᠠ ᠬᠦᠰᠡᠭᠰᠡᠨ ᠤᠲᠠᠰᠤ ᠲᠤᠰᠴᠠᠢ᠃ ᠡᠪᠦᠯ ᠨᠢ ᠵᠢᠭᠤᠯᠴᠢᠯᠠᠯ᠎ᠤᠨ ᠵᠤᠷᠢᠭᠤᠯᠤᠯᠲᠠ ᠲᠠᠢ ᠪᠠᠷᠢᠭᠰᠠᠨ ᠴᠠᠰᠤᠨ ᠦᠷᠦᠭᠡᠨ ᠳ᠋ᠤ ᠡᠬᠡ ᠦᠬᠢᠨ ᠬᠤᠶᠠᠭᠤᠯᠠ ᠰᠤᠨᠢᠷᠬᠠᠵᠤ ᠤᠷᠤᠭᠠᠳ ᠪᠠᠢᠬᠤ ᠳ᠋ᠤ ᠴᠠᠰᠤᠨ ᠦᠷᠦᠭᠡ ᠨᠤᠷᠠᠵᠤ᠂ ᠡᠬᠡ ᠨᠢ ᠦᠬᠢᠨ ᠵᠢᠡᠨ ᠲᠦᠯᠬᠢᠨ ᠭᠠᠷᠭᠠᠵᠤ ᠦᠪᠡᠷ ᠵᠢᠡᠨ ᠳᠠᠷᠤᠭᠳᠠᠭᠰᠠᠨ ᠪᠠᠢᠵᠠᠢ᠃ ᠬᠡᠤᠬᠡᠳ ᠪᠠᠭ᠎ᠠ ᠤᠴᠢᠷ ᠡᠴᠡ ᠡᠵᠢ ᠵᠢᠨ ᠵᠢᠡᠨ ᠳᠠᠷᠤᠭᠳᠠᠭᠰᠠᠨ ᠭᠠᠵᠠᠷ᠎ᠢ ᠶᠡᠬᠡ ᠲᠦᠯᠦᠪ ᠮᠡᠳᠡᠵᠦ ᠪᠠᠢᠭ᠎ᠠ᠎ᠴᠤ ᠠᠶᠤᠵᠦ ᠰᠤᠴᠢᠭᠠᠳ ᠤᠨᠤᠪᠴᠢᠲᠠᠢ ᠪᠠᠢᠷᠢ ᠵᠢ ᠬᠡᠯᠡᠵᠦ ᠳᠡᠢᠯᠬᠦ ᠦᠭᠡᠢ ᠪᠠᠢᠭᠰᠠᠨ ᠡᠴᠡ ᠠᠪᠤᠷᠠᠨ ᠲᠤᠰᠠᠯᠠᠬᠤ ᠠᠩᠬᠢ ᠵᠢᠨ ᠬᠢᠨ ᠬᠦᠷᠵᠡ ᠪᠡᠷ ᠡᠵᠢ ᠵᠢ ᠨᠢ ᠰᠢᠷᠬᠠᠲᠤᠭᠤᠯᠬᠤ ᠡᠴᠡ ᠬᠢᠴᠢᠶᠡᠵᠦ᠂ ᠨᠢᠭᠡ ᠬᠡᠰᠡᠭ ᠲᠡᠭᠡᠨ ᠭᠠᠷ ᠵᠢᠡᠷ ᠵᠢᠡᠨ ᠮᠠᠯᠲᠠᠵᠤ ᠪᠠᠢᠵᠤ᠂ ᠪᠠᠷᠤᠭ ᠨᠢᠭᠡ ᠴᠠᠭ ᠰᠢᠬᠠᠮ ᠵᠠᠷᠤᠴᠠᠭᠤᠯᠤᠨ ᠠᠪᠤᠷᠠᠵᠤ ᠭᠠᠷᠭᠠᠵᠠᠢ᠃ 《ᠠᠪᠤᠷᠠᠭᠳᠠᠭᠰᠠᠨ ᠪᠦᠰᠡᠭᠦᠢ ᠰᠡᠳᠬᠢᠯ ᠬᠦᠳᠡᠯᠬᠦ ᠳ᠋ᠡᠭᠡᠨ ᠰᠢᠭᠤᠳ ᠯᠡ ᠮᠠᠨ᠎ᠤ ᠨᠢᠭᠡ ᠠᠬᠠᠮᠠᠳ ᠪᠠᠢᠯᠳᠤᠭᠴᠢ ᠵᠢ ᠲᠡᠪᠡᠷᠢᠨ ᠠᠪᠴᠤ ᠨᠢᠯᠪᠤᠰᠤ ᠠᠰᠬᠠᠷᠠᠭᠤᠯᠤᠬᠰᠠᠨ ᠪᠠᠢᠯ᠎ᠠ᠃ ᠲᠡᠭᠦᠨ᠎ᠢ ᠬᠠᠷᠠᠭᠠᠳ ᠮᠠᠨᠤᠰ ᠴᠤ᠌ ᠳᠠᠭᠠᠨ ᠰᠡᠳᠬᠢᠯ ᠬᠦᠳᠡᠯᠦᠭᠰᠡᠨ ᠡ》 ᠭᠡᠵᠦ ᠷᠧᠨ ᠭᠦᠸᠧ ᠵᠢᠶᠦ᠋ᠨ ᠳᠤᠷᠠᠰᠤᠯ᠎ᠠ᠃

ᠲᠡᠳᠡᠨ᠎ᠤ ᠶᠡᠬᠡ ᠠᠩᠬᠢ ᠨᠢ ᠷᠧᠨ ᠭᠦᠸᠧ ᠵᠢᠶᠦ᠋ᠨ᠎ᠤ ᠳᠠᠭᠠᠭᠤᠯᠭ᠎ᠠ ᠳᠤᠤᠷ᠎ᠠ 2021 ᠤᠨ ᠳ᠋ᠤ ᠳᠤᠯᠤᠳᠤᠭᠠᠷ ᠪᠦᠯᠦᠭ ᠪᠦᠬᠦ ᠤᠷᠤᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠵᠢᠱ᠌ᠢᠶ᠎ᠡ ᠦᠵᠡᠭᠦᠯᠬᠦ ᠨᠢᠭᠡᠴᠢ ᠪᠡᠷ ᠰᠤᠩᠭᠤᠭᠳᠠᠵᠤ᠂ 2022 ᠤᠨ ᠳ᠋ᠤ ᠪᠦᠬᠦ ᠤᠷᠤᠨ᠎ᠤ ᠦᠨᠳᠦᠰᠦᠲᠡᠨ᠎ᠤ ᠪᠦᠯᠬᠦᠮᠳᠡᠯ ᠲᠠᠪᠰᠢᠯᠲᠠ ᠵᠢᠨ ᠵᠢᠱ᠌ᠢᠶᠡᠴᠢ ᠨᠢᠭᠡᠴᠢ ᠵᠢᠨ ᠢᠷᠠᠭᠤ ᠠᠯᠳᠠᠷ᠎ᠢ ᠬᠦᠷᠲᠡᠵᠡᠢ᠃

-  ᠮᠢᠨᠦ ᠡᠵᠢ ᠳᠠᠭᠤᠷ ᠦᠨᠳᠦᠰᠦᠲᠡᠨ᠂ ᠠᠪᠤ ᠮᠢᠨᠢ ᠬᠢᠲᠠᠳ ᠦᠨᠳᠦᠰᠦᠲᠡᠨ᠂ ᠪᠠᠭ᠎ᠠ ᠡᠴᠡ ᠪᠠᠨ ᠪᠢ ᠴᠦᠬᠡᠨ ᠲᠤᠭᠠᠲᠤ ᠦᠨᠳᠦᠰᠦᠲᠡᠨ ᠳ᠋ᠤ ᠡᠯᠢᠭᠡᠰᠡᠭ᠂ ᠤᠴᠢᠷ ᠨᠢ ᠲᠡᠳᠡ ᠨᠠᠷ ᠶᠡᠷᠦ ᠡᠴᠡ ᠪᠠᠨ ᠠᠰᠪᠤᠷ ᠪᠤᠷᠤᠭᠵᠢᠭᠤᠨ᠂ ᠪᠤᠰᠤᠳ᠎ᠢ ᠬᠠᠪᠰᠤᠷᠴᠤ ᠳᠡᠢᠯᠬᠦ ᠪᠠᠢᠳᠠᠯ ᠳᠤᠤᠷ᠎ᠠ ᠶᠡᠷᠦ ᠡᠴᠡ ᠤᠬᠤᠷᠢᠳᠠᠭ ᠦᠭᠡᠢ᠃ ᠡᠨᠡ ᠨᠢ ᠮᠠᠨ᠎ᠤ ᠴᠡᠷᠢᠭ ᠬᠦᠮᠦᠨ᠎ᠤ ᠵᠠᠩ ᠲᠠᠢ ᠲᠦᠰᠦᠭᠡᠲᠡᠢ ᠪᠠᠢᠳᠠᠭ ᠡᠴᠡ ᠪᠢᠳᠡ᠎ᠴᠤ ᠳᠤᠰᠠ ᠳᠡᠮ ᠪᠤᠯᠤᠶ᠎ᠠ ᠬᠡᠵᠦ  ᠴᠢᠷᠮᠠᠢᠬᠰᠠᠭᠠᠷ ᠢᠷᠡᠭᠰᠡᠨ ᠭᠡᠵᠦ ᠷᠧᠨ ᠭᠦᠸᠧ ᠵᠢᠶᠦ᠋ᠨ ᠶᠠᠷᠢᠯ᠎ᠠ᠃ ᠢᠩᠭᠢᠵᠦ ᠤᠮᠠᠷᠠᠲᠤ ᠬᠢᠯᠢ ᠵᠢᠨ ᠬᠠᠬᠢᠷ ᠬᠦᠢᠲᠡᠨ᠎ᠢ ᠳᠤᠯᠠᠭᠠᠴᠠᠭᠤᠯᠵᠤ᠂ ᠪᠤᠰᠤᠳ᠎ᠢ ᠲᠤᠰᠠᠯᠠᠬᠤ ᠰᠡᠳᠬᠢᠯ᠎ᠵᠢᠡᠷ 《ᠬᠦᠬᠡ ᠲᠦᠯᠦ》 ᠳᠦᠷᠡᠯᠵᠡᠭᠰᠡᠭᠡᠷ    ᠁

ᠬᠦᠷᠰᠢ  ᠵᠢᠨ ᠰᠠᠢᠬᠠᠨ ᠨᠦᠬᠦᠷᠯᠡᠯ ᠬᠤᠭᠤᠷ᠎ᠤᠨ ᠡᠬᠡᠰᠢᠭ ᠵᠢᠡᠷ ᠤᠶᠠᠩᠭᠠᠷᠠᠨ᠎ᠠ

ᠤᠢ ᠵᠢᠨ ᠠᠯᠭᠠᠭ ᠲᠤ᠌ ᠲᠤᠬᠢᠷᠠᠳᠠᠭ ᠰᠢᠷᠠᠩᠵᠢ ( ᠡᠸᠠᠩᠬᠢᠴᠤᠳ᠎ᠤᠨ ᠤᠯᠠᠮᠵᠢᠯᠠᠯᠲᠤ ᠰᠠᠭᠤᠴᠠ) ᠡᠴᠡ ᠪᠠᠨ ᠵᠠᠢᠳᠠᠵᠤ᠂ ᠠᠭᠤᠯᠠ ᠵᠢᠨ ᠪᠡᠯ ᠳ᠋ᠤ ᠤᠷᠤᠰ ᠮᠠᠶᠢᠭ᠎ᠤᠨ ᠮᠤᠳᠤᠨ ᠪᠠᠢᠰᠢᠩ ᠳ᠋ᠤ ᠲᠦᠪᠯᠡᠷᠡᠨ ᠰᠠᠭᠤᠷᠢᠰᠢᠭᠰᠠᠨ 60 ᠭᠠᠷᠤᠢ ᠡᠷᠦᠬᠡ ᠲᠠᠢ ᠡᠸᠠᠩᠬᠢᠴᠤᠳ᠎ᠤᠨ ᠲᠤᠰᠬᠤᠨ ᠳ᠋ᠤ ᠡᠭᠦᠳᠡᠨ ᠳ᠋ᠡᠭᠡᠨ ᠰᠠᠭᠰᠤᠨ ᠪᠦᠮᠪᠦᠭᠡ ᠵᠢᠨ ᠵᠢᠶᠠᠵᠠ ᠲᠠᠢ ᠭᠡᠷ ᠨᠢ ᠵᠠᠩ ᠨᠠᠢ ᠯᠢᠨ᠎ᠤ ᠬᠢ ᠪᠠᠢᠯ᠎ᠠ᠃ ᠲᠡᠭᠦᠨ᠎ᠢ ᠲᠤᠰᠬᠤᠨ᠎ᠤ ᠪᠠᠨ ᠬᠠᠮᠤᠭ᠎ᠤᠨ ᠶᠠᠭᠠᠷᠠᠤ ᠬᠦᠮᠦᠨ ᠭᠡᠬᠦ ᠳ᠋ᠤ ᠪᠠᠷᠤᠭ  ᠠᠬᠠᠳᠠᠬᠤ ᠦᠭᠡᠢ᠃


_J6A4143.JPG


ᠰᠠᠭᠠᠬᠠᠯᠲᠠ ᠠᠢᠯ᠎ᠤᠨ ᠵᠢᠡᠨ ᠵᠠᠬᠢᠭᠰᠠᠨ ᠨᠤᠭᠤᠭ᠎ᠠ ᠴᠠᠭ᠎ᠠ ᠵᠢ ᠤᠢᠷᠠᠲᠤᠭᠤᠯᠬᠤ᠂ ᠴᠠ ᠪᠤᠭᠤ ᠵᠢᠨ ᠴᠢᠰᠤᠨ ᠡᠪᠡᠷ᠎ᠢ ᠲᠠᠯᠬᠠᠳᠠᠵᠤ ᠦᠭᠬᠦ᠂ ᠲᠡᠷᠭᠡ ᠤᠨᠤᠭ᠎ᠠ ᠨᠢ ᠡᠪᠳᠡᠷᠡᠴᠢᠬᠡᠬᠦ ᠪᠡᠷ ᠵᠠᠰᠠᠵᠤ ᠦᠭᠬᠦ ᠁ ᠭᠡᠳ ᠡᠳᠦᠷᠵᠢᠨ ᠪᠤᠰᠤᠳ᠎ᠤᠨ ᠲᠦᠯᠦᠭᠡ ᠭᠦᠶᠦᠳᠡᠭ ᠨᠢ ᠵᠠᠩ ᠨᠠᠢ ᠯᠢᠨ᠃ ᠴᠡᠷᠢᠭ ᠡᠴᠡ ᠬᠠᠯᠠᠭᠳᠠᠭᠰᠠᠨ ᠬᠦᠮᠦᠨ ᠭᠡᠳᠡᠭ ᠵᠢᠡᠨ ᠨᠢᠭᠤᠬᠤ ᠦᠭᠡᠢ ᠭᠡᠰᠡᠨ ᠰᠢᠭ ᠴᠢᠪ ᠬᠢᠭᠰᠡᠨ ᠪᠡᠶ᠎ᠡ ᠯᠠᠭᠰᠢᠨ ᠲᠠᠢ᠂ ᠬᠦᠳᠡᠯᠵᠦ ᠪᠠᠷᠢᠬᠤ ᠨᠢ ᠬᠦᠩᠭᠡᠨ ᠱᠦᠩᠭᠡᠨ ᠲᠡᠭᠦᠨ᠎ᠢ ᠠᠢᠯ ᠤᠰᠤᠨ᠎ᠤ ᠬᠢᠨᠢ ᠡᠷᠡᠬᠡᠢ ᠭᠠᠷᠭᠠᠨ ᠮᠠᠭᠳᠠᠳᠠᠭ᠎ᠤᠨ ᠤᠴᠢᠷ ᠨᠢ ᠲᠡᠭᠦᠨ᠎ᠤ ᠦᠷᠭᠦᠯᠵᠢ ᠪᠤᠰᠤᠳ ᠲᠤ᠌ ᠬᠠᠪᠰᠤᠷᠴᠤ ᠶᠠᠪᠤᠳᠠᠭ᠎ᠤᠨ ᠠᠴᠢ ᠬᠠᠷᠢᠭᠤᠯᠲᠠ ᠭᠡᠯᠲᠡᠢ᠃

ᠲᠡᠳᠡᠨ᠎ᠤ ᠠᠷᠤ ᠵᠢᠨ ᠭᠡᠷ᠎ᠨᠢ ᠳᠤᠮᠤᠭᠲᠤ ᠨᠠᠰᠤᠲᠠᠨ ᠮᠠᠷᠢᠶᠠ·ᠰᠤ᠌ ᠵᠢᠨ ᠬᠦᠤ ᠨᠢ ᠪᠤᠯᠬᠤ ᠾᠧ ᠰᠢᠶᠧ ᠭᠤᠸᠠᠢ ᠵᠢᠨ ᠬᠢ ᠶᠤᠮ᠃ ᠨᠤᠲᠤᠭ ᠤᠰᠤᠨ ᠳ᠋ᠠᠭᠠᠨ ᠬᠦᠨᠳᠦᠲᠠᠢ ᠲᠡᠷᠡ ᠭᠤᠸᠠᠢ ᠵᠢᠨ ᠡᠭᠦᠳᠡᠨ ᠤᠨᠢᠰᠤ ᠨᠢ ᠡᠪᠳᠡᠷᠡᠴᠢᠬᠡᠭᠰᠡᠨ ᠪᠠᠢᠭᠰᠠᠨ᠎ᠢ ᠵᠠᠰᠠᠵᠤ ᠦᠭᠬᠦ ᠪᠡᠷ ᠵᠠᠩ ᠨᠠᠢ ᠯᠢᠨ ᠳᠤᠤᠷᠠᠬᠠᠨ ᠵᠢᠡᠨ ᠬᠦᠳᠡᠯᠦᠯ᠎ᠡ᠃ ᠦᠪᠡᠷ ᠵᠢᠡᠨ ᠶᠠᠭᠤ ᠪᠦᠬᠦᠨ᠎ᠢ ᠴᠢᠳᠠᠳᠠᠭ ᠲᠠᠭᠠᠨ ᠪᠢᠰᠢ᠂ ᠬᠠᠷᠢᠨ ᠬᠦᠮᠦᠨ᠎ᠤ ᠬᠢᠳᠡᠭ ᠯᠡ ᠠᠵᠢᠯ ᠪᠤᠯ ᠤᠷᠤᠯᠳᠤᠵᠤ ᠪᠠᠢᠭᠠᠳ ᠪᠤᠯᠭᠠᠴᠢᠬᠠᠶ᠎ᠠ ᠭᠡᠳᠡᠭ ᠰᠢᠵᠠᠭᠤᠷ ᠬᠠᠲᠠᠭᠤ ᠳ᠋ᠠᠭᠠᠨ ᠲᠡᠷᠡ ᠶᠤᠮ᠃ 4 ᠺᠢᠯᠤᠮᠧᠲᠷ᠎ᠤᠨ ᠵᠠᠢᠲᠠᠢ ᠭᠡᠭᠡᠨ ᠭᠤᠤᠯ ᠬᠤᠲᠠ ᠳ᠋ᠤ ᠲᠡᠷᠡ ᠳᠠᠪᠬᠢᠭᠤᠯᠵᠤ ᠬᠦᠷᠦᠭᠡᠳ ᠤᠨᠢᠰᠤᠨ ᠭᠤᠤᠯ ᠤᠯᠵᠤ ᠢᠷᠡᠯ᠎ᠡ᠂ ᠲᠡᠭᠡᠭᠡᠳ ᠯᠡ ᠬᠠᠯᠢᠪ ᠰᠦᠬᠡ ᠡᠷᠭᠢᠭᠦᠯᠵᠦ ᠭᠠᠷᠬᠤ ᠨᠢ ᠲᠡᠷᠡ᠃

ᠤᠳᠠᠯ ᠦᠭᠡᠢ ᠲᠡᠷᠡ ᠤᠨᠢᠰᠤᠨ ᠭᠤᠤᠯ᠎ᠢ ᠨᠢ ᠰᠤᠯᠢᠵᠤ ᠪᠠᠷᠠᠭᠠᠳ᠂ ᠲᠦᠯᠬᠢᠭᠦᠷ ᠲᠠᠭᠠᠷᠠᠭᠤᠯᠤᠨ ᠨᠡᠭᠡᠭᠡᠵᠦ ᠬᠠᠭᠠᠵᠤ ᠦᠵᠡᠴᠢᠬᠡᠭᠡᠳ ᠠᠮᠵᠢᠯᠲᠠ ᠲᠠᠢ ᠪᠤᠯᠤᠭᠰᠠᠨ ᠵᠢᠡᠨ ᠵᠠᠷᠯᠠᠩᠭᠤᠲᠠ ᠭᠡᠷ᠎ᠤᠨ ᠡᠵᠡᠨ ᠾᠧ ᠰᠢᠶᠧ ᠭᠤᠸᠠᠢ ᠵᠤᠴᠢᠨᠰᠠᠭ ᠵᠢᠡᠷ ᠤᠷᠢᠯ᠎ᠠ᠃ ᠭᠡᠪᠡᠴᠤ ᠵᠠᠩ ᠨᠠᠢ ᠯᠢᠨ ᠮᠠᠨ᠎ᠤ ᠠᠵᠢᠯ ᠳ᠋ᠤ ᠬᠠᠮᠵᠢᠯᠴᠠᠬᠤ ᠵᠢ ᠶᠠᠭᠠᠷᠠᠭᠠᠳ ᠵᠦᠪᠰᠢᠶᠡᠷᠡᠭᠰᠡᠨ ᠦᠭᠡᠢ ᠳ᠋ᠤ ᠾᠧ ᠰᠢᠶᠧ ᠭᠤᠸᠠᠢ ᠦᠷᠦᠭᠡᠨ ᠳ᠋ᠡᠭᠡᠨ ᠤᠷᠤᠵᠤ ᠠᠮᠠᠨ ᠬᠤᠭᠤᠷ ᠵᠢᠡᠨ ᠠᠪᠴᠤ ᠭᠠᠷᠴᠤ ᠢᠷᠡᠭᠡᠳ᠂ ᠲᠡᠭᠦᠨ ᠳ᠋ᠤ ᠵᠤᠷᠢᠭᠤᠯᠵᠤ᠂ ᠮᠦᠨ ᠴᠤ᠌ ᠮᠠᠨ ᠳ᠋ᠤ ᠵᠤᠷᠢᠭᠤᠯᠵᠤ ᠠᠮᠠᠨ ᠬᠤᠭᠤᠷ ᠬᠦᠭᠵᠢᠮᠳᠡᠵᠦ ᠦᠭᠬᠦ ᠪᠡᠷ ᠪᠤᠯᠪᠠ᠃ ᠨᠠᠰᠤᠲᠠᠨ᠎ᠤ ᠬᠦᠭᠵᠢᠮ᠎ᠤᠨ ᠠᠶᠠᠯᠭᠤ ᠲᠡᠤᠬᠡ ᠬᠦᠤᠷᠨᠢᠬᠦ ᠰᠢᠭ᠂ ᠲᠠᠯᠠᠷᠬᠠᠯ ᠢᠯᠡᠷᠬᠡᠢᠯᠡᠬᠦ ᠴᠤ᠌ ᠰᠢᠭ ᠤᠶᠠᠩᠭᠠᠯᠢᠭ ᠲᠦᠯᠭᠡᠨ ᠡᠭᠡᠰᠢᠭᠯᠡᠭᠰᠡᠭᠡᠷ ᠪᠠᠢᠯ᠎ᠠ᠃ ᠦᠭᠡ ᠪᠡᠷ ᠬᠡᠯᠡᠭᠡ ᠦᠭᠡᠢ ᠲᠠᠯᠠᠷᠬᠠᠯ᠎ᠤᠨ ᠰᠡᠳᠬᠢᠯᠭᠡ ᠪᠠᠨ ᠬᠦᠭᠵᠢᠮ ᠳ᠋ᠡᠭᠡᠨ ᠲᠡᠷᠡ ᠰᠢᠩᠭᠡᠭᠡᠭᠰᠡᠨ ᠪᠠᠢᠬ᠎ᠠ ᠭᠡᠵᠦ ᠪᠢ ᠪᠤᠳᠤᠭᠰᠠᠨ ᠶᠤᠮ᠃

- ᠪᠢ ᠦᠪᠡᠷ ᠵᠢᠡᠨ ᠬᠢᠲᠠᠳ ᠬᠦᠮᠦᠨ᠂ ᠡᠬᠡᠨᠡᠷ ᠮᠠᠨᠢ ᠡᠸᠠᠩᠬᠢ ᠦᠨᠳᠦᠰᠦᠲᠡᠨ᠂ ᠮᠠᠨ᠎ᠤ ᠭᠡᠷ ᠴᠢᠨᠢ ᠦᠨᠳᠦᠰᠦᠲᠡᠨ ᠪᠦᠯᠬᠦᠮᠳᠡᠭᠰᠡᠨ ᠭᠡᠷ ᠪᠦᠯᠢ ᠰᠢᠦ᠂ ᠡᠸᠠᠩᠬᠢ ᠠᠩᠴᠢᠳ ᠤᠯᠠᠩᠬᠢ ᠳ᠋ᠠᠭᠠᠨ ᠠᠭᠤᠯᠠᠨ ᠳ᠋ᠤ ᠭᠠᠷᠴᠤ ᠰᠠᠭᠤᠬᠤ ᠨᠢ ᠠᠷᠪᠢᠨ ᠲᠤᠯᠠ ᠭᠡᠷ ᠲᠡᠭᠡᠨ ᠬᠤᠴᠤᠷᠤᠭᠰᠠᠨ ᠬᠡᠤᠬᠡᠳ ᠨᠢ ᠬᠢᠵᠦ ᠬᠦᠴᠦᠷᠡᠬᠦ ᠦᠭᠡᠢ ᠠᠵᠢᠯ ᠵᠢᠡᠨ ᠬᠠᠮᠵᠢᠭᠤᠯᠬᠤ ᠪᠡᠷ ᠦᠷᠭᠦᠯᠵᠢ ᠨᠠᠮ᠎ᠠ ᠵᠢ ᠡᠷᠢᠵᠦ ᠢᠷᠡᠳᠡᠭ᠃ ᠰᠠᠭᠠᠬᠠᠯᠲᠠ ᠵᠡᠷᠭᠡᠯᠡᠳᠡᠭᠡ ᠵᠢᠨ ᠬᠤᠭᠤᠷᠤᠨᠳᠤ ᠪᠠᠨ ᠬᠢᠲᠠᠳ ᠡᠸᠠᠩᠬᠢ ᠭᠡᠵᠦ  ᠶᠡᠷᠦ ᠡᠴᠡ ᠢᠯᠭᠠᠵᠤ ᠪᠤᠳᠤᠳᠠᠭ ᠴᠤ᠌ ᠦᠭᠡᠢ ᠭᠡᠵᠦ ᠵᠠᠩ ᠨᠠᠢ ᠯᠢᠨ ᠤᠴᠢᠷᠯᠠᠨ᠎ᠠ᠃

ᠲᠡᠷᠡ ᠦᠪᠡᠷ ᠵᠢᠡᠨ ᠬᠦᠦ ᠦᠬᠢᠨ ᠬᠤᠶᠠᠷ ᠬᠡᠤᠬᠡᠳ ᠲᠠᠢ ᠴᠤ᠌ ᠬᠤᠵᠢᠮ ᠨᠢ ᠠᠪᠤ ᠡᠵᠢ ᠨᠢ ᠦᠭᠡᠢ ᠪᠤᠯᠤᠭᠰᠠᠨ ᠪᠠᠰᠠ ᠨᠢᠭᠡ ᠬᠡᠤᠬᠡᠳ᠎ᠢ ᠡᠷᠭᠦᠵᠦ ᠠᠪᠴᠠᠢ᠃ ᠡᠨᠡ ᠨᠢ  ᠪᠠᠰᠠ ᠯᠠ ᠲᠡᠭᠦᠨ᠎ᠤ ᠲᠤᠰᠠᠴᠢ ᠵᠠᠩ ᠡᠴᠡ ᠪᠤᠯᠤᠭᠰᠠᠨ ᠨᠢ ᠳᠤᠲᠤᠷᠬᠠᠢ ᠴᠤ᠌ ᠲᠡᠷᠡ ᠬᠠᠷᠢᠨ᠄ 《ᠲᠡᠷᠡ ᠬᠡᠤᠬᠡᠳ ᠪᠤᠯ ᠮᠠᠨ᠎ᠤ ᠬᠠᠳᠠᠮ ᠡᠭᠡᠴᠢ ᠵᠢᠨ ᠬᠦᠦ ᠶᠤᠮ᠃ ᠲᠡᠢᠮᠦ ᠡᠴᠡ ᠡᠷᠭᠦᠵᠦ ᠠᠪᠤᠯ᠎ᠠ ᠭᠡᠬᠦ ᠵᠢᠨ ᠤᠷᠤᠨ ᠳ᠋ᠤ ᠦᠨᠡᠨ ᠳ᠋ᠡᠭᠡᠨ ᠪᠢᠳᠡᠨ᠎ᠤ ᠭᠦᠢᠴᠡᠳᠬᠡᠬᠦ ᠶᠤᠰᠤᠲᠠᠢ ᠠᠵᠢᠯ ᠪᠠᠢᠭᠰᠠᠨ ᠶᠤᠮ》 ᠭᠡᠵᠦ ᠪᠢᠯᠡ᠃

ᠵᠤᠬᠢᠶᠠᠯ   \  ᠵᠢᠷᠤᠭ ᠄

ᠳᠤᠰ ᠰᠤᠨᠢᠨ ᠎ᠤ ᠰᠤᠷᠪᠤᠯᠵᠢᠯᠠᠭᠴᠢ ᠭᠡᠭᠡᠨᠲᠤᠶᠠᠭ᠎ᠠ 

ᠯᠢ ᠢᠤᠢ ᠵᠦᠸᠸ  ᠪᠦᠷᠢᠨᠪᠠᠶᠠᠷ  ᠨᠠᠢᠷᠠᠭ  ᠯᠢ ᠺᠧ ᠰᠢᠨ 

ᠬᠡᠬᠡᠨ ᠭᠤᠤᠯ ᠬᠤᠳᠠ ᠵᠢᠨ ᠬᠠᠮ ᠵᠠᠭᠤᠴᠢᠯᠠᠭᠤᠷ᠎ᠤᠨ ᠳᠦᠪ ᠎ᠤᠨ 

ᠵᠢᠢ ᠮᠢᠨᠭ ᠶᠠᠨ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号