ᠢᠲᠡᠬᠡᠯ ᠰᠡᠳᠬᠢᠯ ᠎ᠤᠨ ᠬᠤᠯᠪᠤᠭ᠎ᠠ
2023-07-25 09:45:05
ᠵᠣᠬᠢᠶᠠᠭ᠍ᠴᠢ᠄
ᠴᠠᠩ ᠡᠾᠸ ᠂ ᠰᠢᠨᠡᠪᠢᠯᠢᠭ᠂ ᠶᠢᠰᠦᠨ᠎ᠡ᠂ ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

ᠬᠤᠯᠪᠤᠭᠠᠰᠦ ᠄

●ᠠᠷᠤ ᠬᠤᠷᠴᠢᠨ ᠬᠤᠰᠢᠭᠤ 53 ᠭᠤᠤᠯᠳᠠᠯᠭ᠎ᠠ  ᠲᠠᠢ  ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢᠨ ᠵᠢᠱ᠌ᠢᠶ᠎ᠡ ᠦᠵᠡᠬᠦᠯᠬᠦ ᠪᠠᠢᠭᠤᠯᠭ᠎ᠠ  ᠨᠢᠬᠡᠴᠢ  ᠵᠢ  ᠪᠤᠢᠵᠢᠭᠤᠯᠤᠨ ᠴᠤᠬᠴᠠᠯᠠᠪᠠ᠃

●ᠠᠷᠤ ᠬᠤᠷᠴᠢᠨ ᠬᠤᠰᠢᠭᠤ ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠪᠠᠳᠤ ᠴᠤᠬᠴᠠᠯᠠᠬᠤ ᠪᠤᠯᠪᠠᠰᠤᠷᠠᠯ ᠤ᠋ᠨ ᠲᠦᠪ ᠢ᠋ ᠪᠠᠢᠭᠤᠯᠪᠠ᠃

●ᠠᠷᠤ ᠬᠤᠷᠴᠢᠨ ᠬᠤᠰᠢᠭᠤ ᠡᠯ᠎ᠡ ᠭᠠᠵᠠᠷ ᠤᠷᠤᠨ ᠡᠯ᠎ᠡ ᠰᠠᠯᠠᠭ᠎ᠠ ᠮᠦᠴᠢᠷ ᠤ᠋ᠨ ᠵᠢᠷᠬᠢᠶ᠎ᠡ ᠵᠢᠨ ᠤᠯᠠᠨ ᠨᠡᠢᠳᠡ ᠵᠢᠨ ᠳ᠋ᠤᠭᠠᠷ  ᠲᠦ᠍  ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠪᠠᠳᠤ ᠴᠤᠬᠴᠠᠯᠠᠬᠤ ᠲᠤᠰᠬᠠᠢ ᠪᠤᠯᠤᠩ ᠭᠠᠷᠭᠠᠨ᠂ ᠢᠨᠲᠸᠷ ᠰᠦᠯᠵᠢᠶ᠎ᠡ ᠵᠢᠨ ᠤᠷᠤᠨ ᠵᠠᠢ ᠵᠢ ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢ ᠠᠬᠢᠭᠤᠯᠬᠤ  ᠴᠢᠬᠤᠯᠠ ᠵᠢᠬᠰᠠᠭᠠᠯ ᠤ᠋ᠨ ᠭᠠᠵᠠᠷ ᠪᠤᠯᠭᠠᠨ ᠪᠠᠢᠭᠤᠯᠪᠠ᠃

●ᠠᠷᠤ ᠬᠤᠷᠴᠢᠨ ᠬᠤᠰᠢᠭᠤ 《ᠨᠠᠮ ᠤ᠋ᠨ ᠲᠠᠭᠤᠨ ᠢ᠋ ᠲᠦᠮᠡᠨ ᠡᠷᠦᠬᠡ ᠳ᠋ᠤ ᠤᠷᠤᠭᠤᠯᠬᠤ — ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠪᠠᠳᠤ ᠴᠤᠬᠴᠠᠯᠠᠬᠤ》 ᠰᠢᠨ᠎ᠡ ᠴᠠᠬ ᠦᠶ᠎ᠡ ᠵᠢᠨ ᠪᠤᠯᠪᠠᠰᠤᠨ ᠤ᠋ ᠦᠢᠯᠡᠳᠦᠯᠬᠡ ᠵᠢᠨ ᠤᠨᠤᠯ ᠤ᠋ᠨ ᠲᠦᠷᠦ ᠵᠢᠨ ᠪᠤᠳᠤᠯᠭ᠎ᠠ ᠵᠢ ᠡᠷᠴᠢᠮᠳᠡᠢ ᠤᠬᠠᠭᠤᠯᠤᠨ ᠲᠠᠢᠯᠪᠤᠷᠢᠯᠠᠵᠤ ᠪᠠᠢᠨ᠎ᠠ᠃


4732636_lity_1690219651918_m.jpg


ᠠᠪᠤ᠎ᠶᠢᠨ ᠲᠦᠷᠢ ᠪᠡᠷ ᠰᠡᠬᠦᠢᠨ ᠰᠦᠨᠳᠡᠷᠯᠡᠭᠰᠡᠨ

ᠠᠰᠬ᠎ᠠ ᠦᠨᠳᠤᠷ ᠠᠭᠤᠯᠡ ᠬᠠᠢᠷᠬᠠᠨ ᠲᠠᠢ

ᠡᠵᠢ᠎ᠶᠢᠨ ᠰᠦ ᠰᠢᠭ ᠠᠷᠢᠭᠤᠬᠠᠨ ᠮᠠᠯᠮᠡᠯᠵᠡᠭᠰᠡᠨ

ᠬᠠᠬᠢᠷ᠎ᠤᠨ ᠭᠤᠤᠯ᠎ᠤᠨ ᠵᠦᠬᠡᠯᠡᠨ ᠤᠷᠤᠰᠬᠠᠯ ᠲᠠᠢ ᠁ ᠬᠡᠵᠦ ᠠᠷᠦ ᠬᠤᠷᠴᠢᠨᠴᠤᠳ ᠰᠡᠳᠬᠢᠯ᠎ᠤᠨ ᠤᠶᠠᠭᠠᠳᠠᠢ ᠠᠭᠤᠯᠡ ᠬᠠᠢᠷᠬᠠᠨ᠂ ᠨᠤᠳᠤᠭ ᠤᠰᠦ ᠪᠠᠨ ᠦᠷᠦ ᠵᠢᠷᠦᠭᠡᠨ ᠡᠴᠠ ᠪᠠᠨ ᠮᠠᠬᠳᠠᠨ ᠲᠠᠭᠤᠯᠠᠳᠠᠭ ᠪᠢᠯᠡ᠃ ᠨᠠᠡᠭ᠎ᠴᠤ ᠵᠢᠷᠤᠭ ᠰᠢᠯᠦᠭ᠎ᠤᠨ ᠰᠠᠢᠬᠠᠨ ᠨᠤᠳᠤᠭ ᠲᠠᠭᠠᠨ ᠡᠭᠡᠰᠢᠭ ᠤᠶᠠᠡᠭᠭ᠎ᠠ ᠲᠠᠢ ᠵᠢᠷᠭᠠᠯᠡᠨᠭᠳᠦ ᠠᠮᠢᠳᠤᠷᠡᠯ᠎ᠢ᠋ᠢᠡᠨ ᠴᠤᠬᠴᠠᠯᠠᠵᠦ ᠶᠠᠪᠤᠭ᠎ᠠ ᠬᠦᠮᠦᠨ ᠵᠤᠨ᠎ᠤ ᠰᠡᠳᠬᠢᠯ ᠬᠦᠳᠡᠯᠬᠡᠮ᠎ᠠ ᠦᠯᠢᠭᠡᠷ ᠤᠴᠡᠷᠡᠯ᠎ᠢ ᠡᠨᠡ ᠨᠤᠳᠤᠭ ᠡᠴᠠ ᠰᠤᠨᠤᠰᠴᠤ ᠲᠤᠭᠤᠯᠵᠦ ᠶᠠᠪᠤᠬᠤ ᠭᠡᠭᠴᠢ ᠶᠠᠭᠤᠳᠠᠢ ᠰᠠᠢᠬᠠᠨ ᠪᠢᠯᠡ᠃

ᠲᠦᠷᠬᠦᠮ᠎ᠤᠨ ᠡᠵᠢ᠂ ᠬᠠᠳᠡᠮ ᠡᠵᠢ᠂ ᠵᠢᠷᠦᠭᠡᠨ ᠬᠡᠮᠳᠤᠯ ᠲᠠᠢ ᠡᠷ᠎ᠠ ᠨᠦᠬᠦᠷ ᠬᠢᠭᠡᠳ ᠮᠡᠳᠡᠷᠡᠯ᠎ᠤᠨ ᠠᠷᠬᠠᠬ ᠲᠠᠢ ᠪᠡᠷᠭᠡᠨ᠎ᠢ᠋ᠢᠡᠨ ᠠᠯᠭᠠᠰᠠᠯ ᠦᠭᠡᠢ᠂ ᠠᠯᠠᠬᠯᠠᠯ ᠦᠭᠡᠢ ᠠᠴᠢᠯᠡᠨ ᠰᠤᠪᠢᠯᠠᠬᠤ ᠪᠡᠷ ᠦᠯᠦ ᠪᠡᠷᠡᠮ ᠠᠵᠢᠯ ᠠᠮᠢᠳᠤᠷᠡᠯ᠎ᠢ᠋ᠢᠡᠨ ᠦᠭᠡᠳᠠ ᠲᠠᠳᠠᠵᠦ ᠶᠠᠪᠤᠭ᠎ᠠ ᠮᠤᠡᠭᠭᠤᠯ ᠪᠦᠰᠡᠬᠦᠢ ᠲᠤᠶᠠᠭ᠎ᠠ᠎ᠶᠢᠨ ᠦᠯᠢᠭᠡᠷ ᠰᠤᠨᠤᠰᠤᠬᠰᠡᠨ ᠪᠤᠯᠭᠠᠨ᠎ᠤ ᠡᠮᠵᠡᠭ ᠮᠠᠳᠠᠷᠠᠮᠵᠢ᠎ᠵᠢ ᠬᠦᠨᠳᠡᠨ᠎ᠠ; ᠨᠡᠬᠦᠳᠡᠯ᠎ᠤᠨ ᠴᠤᠪᠤᠭ᠎ᠠ ᠴᠦᠷᠬᠡᠯᠡᠭᠰᠡᠨ ᠲᠠᠯ᠎ᠠ᠎ᠶᠢᠨ ᠬᠦᠨ᠎ᠤ ᠮᠠᠯᠴᠢᠳ᠎ᠤᠨ ᠡᠷᠡᠬᠦᠯ ᠡᠡᠭᠭᠡ᠂ ᠠᠮᠢ ᠨᠠᠰᠤᠨ᠎ᠤ ᠲᠠᠷᠬᠠᠨ ᠬᠠᠮᠠᠭᠠᠯᠠᠬᠴᠢ ᠪᠤᠯᠵᠦ ᠶᠠᠪᠤᠭ᠎ᠠ ᠴᠸᠨ ᠹᠠ ᠬᠢᠭᠡᠳ ᠯᠢᠦᠢ ᠰᠢᠶᠤᠤ ᠪᠦᠸᠸ ᠠᠪᠠᠭ᠎ᠠ ᠠᠴᠢ ᠬᠤᠶᠡᠷ ᠦᠶ᠎ᠠ᠎ᠶᠢᠨ ᠨᠤᠳᠤᠭ᠎ᠤᠨ ᠡᠮᠴᠢ ᠬᠤᠯᠠ ᠤᠢᠷ᠎ᠠ᠎ᠳᠠᠭᠠᠨ ᠱᠠᠬᠰᠢᠬᠳᠠᠨ᠎ᠠ; ᠬᠦᠳᠡᠭᠡ ᠲᠤᠰᠬᠤᠨ᠎ᠢ᠋ᠢᠡᠨ ᠬᠦᠭᠵᠢᠬᠦᠯᠤᠨ ᠮᠠᠨᠳᠤᠭᠤᠯᠬᠤ ᠪᠡᠷ ᠮᠠᠯᠴᠢᠨ ᠲᠠᠷᠢᠶᠡᠴᠢᠳ᠎ᠢ᠋ᠢᠡᠨ ᠲᠠᠭᠠᠭᠤᠯᠤᠨ ᠬᠤᠷᠰᠢᠶ᠎ᠠ ᠬᠠᠮᠳᠤᠷᠡᠯ ᠪᠠᠢᠭᠤᠯᠤᠨ ᠬᠤᠯᠠᠴᠢ ᠪᠤᠳᠤᠯ ᠡᠪᠤᠷᠯᠡᠭᠰᠡᠨ ᠰᠢᠨ᠎ᠠ ᠴᠠᠭ ᠦᠶ᠎ᠠ᠎ᠶᠢᠨ ᠵᠠᠯᠠᠭᠤ ᠴᠢᠳᠡᠪᠦᠷᠢᠳᠡᠨ ᠵᠤᠤ ᠶᠠᠨ ᠬᠤᠸᠠ ᠬᠦᠮᠦᠨ ᠤᠯᠡᠨ᠎ᠤ ᠪᠠᠨ ᠬᠦᠷᠢᠶᠡᠯᠡᠯ᠎ᠢ ᠤᠯᠤᠨ᠎ᠠ ᠁᠃ ᠡᠢᠨᠬᠦ᠂ ᠠᠢᠯ ᠭᠡᠷ᠂ ᠠᠵᠢᠯ ᠤᠢᠯᠡᠰ᠂ ᠪᠠᠬᠠᠳᠤᠯᠳᠦ ᠢᠷᠡᠭᠡᠳᠤᠢ ᠪᠡᠨ ᠬᠠᠢᠷ᠎ᠠ ᠬᠢᠭᠡᠳ ᠬᠠᠷᠢᠭᠤᠴᠠᠯᠭ᠎ᠠ ᠪᠡᠷ᠎ᠢ᠋ᠢᠡᠨ ᠲᠤᠯᠵᠦ ᠶᠠᠪᠤᠭ᠎ᠠ ᠰᠡᠳᠬᠢᠯ᠎ᠤᠨ ᠲᠡᠡᠭᠬᠡᠬᠡ ᠲᠠᠢ ᠬᠦᠮᠦᠰ ᠡᠨᠡ ᠨᠤᠳᠤᠭ ᠲᠠᠭᠠᠨ ᠵᠦᠪ ᠶᠠᠪᠤᠪᠠᠯ ᠵᠦᠭᠡᠯᠡᠨ ᠵᠦᠭᠡᠯᠡᠨ ᠽᠠᠮᠪᠤᠯᠢᠩ ᠭᠡᠳᠡᠭ ᠶᠡᠬᠡ ᠶᠤᠰᠤ ᠵᠢ ᠬᠦᠤᠷᠨᠢᠵᠤ ᠪᠠᠢᠨᠠᠮ᠃



ᠠᠴᠢᠯᠠᠯ ᠡᠯᠪᠡᠷᠢᠯ᠎ᠢ ᠲᠡᠭᠡᠳᠤᠯᠡᠭᠰᠡᠨ ᠡᠭᠡᠯ ᠵᠢᠷ᠎ᠤᠨ ᠪᠦᠰᠡᠭᠦᠢ

《ᠬᠡᠯᠡᠬᠦ᠎ᠳᠦ ᠠᠮᠠᠷ᠂ ᠬᠢᠬᠦ᠎ᠳᠦ ᠬᠦᠴᠢᠷ》 ᠬᠡᠳᠡᠭ ᠦᠨᠡᠨ ᠶᠤᠮ᠃ ᠠᠷᠤ ᠬᠤᠷᠴᠢᠨ ᠬᠤᠰᠢᠭᠤᠨ ᠤ᠋ ᠪᠠᠶᠠᠨᠬᠤᠸᠡ ᠪᠠᠯᠭᠠᠰᠤ ᠵᠢᠨ ᠬᠠᠷᠡᠬᠠᠳᠠ ᠲᠤᠰᠬᠤᠨ᠎ᠤ ᠮᠤᠡᠭᠭᠤᠯ ᠪᠦᠰᠡᠬᠦᠢ ᠲᠤᠶᠠᠭ᠎ᠠ ᠨᠤᠭᠤᠷᠡᠵᠦ ᠪᠦᠳᠦᠷᠢᠵᠦ ᠶᠠᠪᠤᠬᠰᠡᠨ ᠵᠤᠯ ᠪᠤᠰᠦ ᠤᠴᠠᠷᠡᠯ᠎ᠢ᠋ᠢᠡᠨ ᠲᠡᠯᠬᠡᠬᠦ᠎ᠳᠦ  ᠨᠢᠳᠦ ᠨᠢ ᠵᠠᠢᠷᠯᠠᠵᠤ᠂ ᠬᠤᠭᠤᠯᠠᠢ ᠨᠢ ᠡᠷᠢᠶᠡᠨᠳᠤᠨ᠎ᠠ᠃

ᠲᠡᠭᠡᠷ᠎ᠠ ᠵᠠᠭᠤᠨ᠎ᠤ ᠶᠡᠷᠡᠭᠡᠳ ᠤᠨ᠎ᠤ ᠡᠬᠢᠨ᠎ᠳᠦ᠂ ᠠᠪᠤ ᠡᠵᠢ᠎ᠵᠢᠨ ᠵᠢᠡᠨ 《ᠠᠮᠠᠨ᠎ᠳᠠᠭᠠᠨ ᠬᠢᠪᠡᠯ ᠬᠠᠢᠯᠤᠮᠡᠷ᠂ ᠠᠯᠠᠭᠠᠨ᠎ᠳᠠᠭᠠᠨ ᠲᠠᠯᠪᠢᠪᠡᠯ ᠪᠦᠮᠪᠦᠷᠢᠮᠡᠷ》 ᠠᠮᠢᠨᠳᠠᠢ ᠪᠠᠢᠬᠰᠡᠨ ᠲᠤᠶᠠᠭ᠎ᠠ ᠪᠠᠶᠨᠨᠬᠤᠸᠠ ᠪᠠᠯᠭᠠᠰᠤᠨ᠎ᠤ ᠬᠠᠷᠡᠬᠠᠳᠠ ᠲᠤᠰᠬᠤᠨ᠎ᠳᠦ ᠮᠤᠷᠳᠡᠨ ᠢᠷᠡᠵᠦ᠂ ᠬᠠᠢᠷᠡᠳᠦ ᠨᠦᠬᠦᠷ ᠲᠠᠯᠠᠢ ᠲᠠᠢ ᠪᠠᠨ ᠠᠢᠯ ᠡᠷᠦᠬᠡ ᠪᠠᠨ ᠪᠤᠰᠬᠠᠵᠤ ᠰᠢᠨ᠎ᠠ ᠠᠮᠢᠳᠤᠷᠡᠯ᠎ᠢ᠋ᠢᠡᠨ ᠡᠬᠢᠯᠡᠬᠦᠯᠪᠡ᠃ ᠬᠠᠨᠢ᠎ᠶᠢᠨ ᠲᠦᠰᠢᠭ᠂ ᠠᠢᠯ᠎ᠤᠨ ᠪᠠᠷᠢ ᠪᠤᠯᠤᠬᠰᠡᠨ ᠲᠤᠶᠠᠭ᠎ᠠ ᠠᠮᠢᠳᠤᠷᠡᠯ ᠠᠬᠤᠢ ᠪᠠᠨ ᠲᠤᠳᠤᠮᠳᠡᠵᠦ᠂ ᠦᠷ᠎ᠠ ᠬᠡᠤᠭᠡᠳ᠎ᠢ᠋ᠢᠡᠨ ᠦᠰᠭᠡᠨ ᠬᠦᠮᠦᠵᠢᠬᠦᠯᠬᠦ᠎ᠶᠢᠨ ᠲᠠᠭᠠᠤ ᠠᠴᠢᠯᠠᠯ ᠵᠢᠷᠦᠮ᠎ᠢ ᠪᠠᠳᠤ ᠰᠠᠬᠢᠵᠤ᠂ ᠨᠠᠰᠦ ᠠᠬᠠᠰᠢᠷᠠᠬᠰᠡᠨ ᠬᠠᠳᠠᠮ ᠡᠪᠤᠭᠡ ᠡᠮᠡᠭᠡ ᠬᠢᠭᠡᠳ ᠰᠠ ᠡᠪᠡᠳᠴᠢᠨ᠎ᠳᠦ ᠨᠡᠷᠪᠡᠭᠳᠡᠭᠰᠡᠨ ᠬᠠᠳᠠᠮ ᠠᠪᠤ ᠪᠠᠨ ᠲᠦᠷᠦᠭᠰᠡᠨ ᠬᠡᠤᠬᠡᠳ ᠨᠢ ᠰᠢᠭ ᠠᠰᠠᠷᠡᠨ᠂ ᠵᠢᠯ᠎ᠤᠨ ᠲᠦᠷᠪᠡᠨ ᠤᠯᠠᠷᠢᠯ᠎ᠳᠦ ᠴᠠᠢ᠎ᠶᠢᠨ ᠲᠡᠭᠡᠵᠢ ᠪᠡᠨ ᠪᠡᠷᠢᠵᠦ᠂ ᠬᠠᠳᠠᠭᠤ ᠵᠦᠬᠡᠯᠡᠨ᠂ ᠬᠠᠯᠠᠭᠤᠨ ᠬᠦᠢᠳᠡᠨ᠎ᠢ ᠨᠢ ᠲᠡᠡᠭᠴᠡᠬᠦᠯᠤᠨ ᠦᠭᠴᠦ᠂  ᠪᠦᠳᠤᠨ 6 ᠵᠢᠯ ᠰᠤᠪᠢᠯᠠᠵᠦ ᠪᠠᠢᠭᠠᠳ ᠦᠨᠡᠨ᠎ᠤ ᠭᠠᠵᠡᠷ ᠲᠤᠨᠢ ᠭᠤᠮᠤᠳᠠᠯ ᠦᠭᠡᠢ ᠶᠠᠪᠤᠭᠤᠯᠤᠬᠰᠡᠨ ᠶᠤᠮ᠃

《ᠬᠤᠤᠰ ᠵᠢᠡᠷ ᠢᠷᠡᠳᠡᠭ ᠵᠢᠷᠭᠠᠯ ᠦᠭᠡᠢ᠂ ᠭᠠᠬᠴᠠᠭᠠᠷ ᠢᠷᠡᠳᠡᠭ ᠵᠤᠪᠠᠯᠠᠩ ᠦᠭᠡᠢ》 ᠭᠡᠳᠡᠭᠴᠢᠯᠡᠨ ᠲᠠᠮᠡᠢ ᠬᠡᠳᠤᠨ ᠵᠢᠯ ᠪᠤᠯᠤᠭ᠎ᠠ ᠦᠭᠡᠢ ᠪᠡᠷ᠂ ᠭᠠᠰᠢᠭᠤᠨ ᠵᠤᠪᠠᠯᠠᠩ ᠪᠠᠰᠠ ᠲᠤᠶᠠᠭ᠎ᠠ ᠵᠢᠨ ᠪᠡᠶ᠎ᠡ ᠲᠡᠭᠡᠷ᠎ᠡ ᠪᠠᠭᠤᠵᠠᠢ᠃ ᠬᠠᠢᠷᠠᠳᠤ ᠡᠷ᠎ᠠ ᠨᠦᠬᠦᠷ ᠲᠠᠯᠠᠢ ᠨᠢ ᠬᠡᠨᠡᠳᠳᠡ ᠵᠢᠷᠦᠭᠡᠨ ᠡᠪᠡᠳᠴᠢᠨ  ᠵᠢᠡᠷ  ᠨᠠᠰᠤ  ᠪᠠᠷᠠᠵᠦ᠂  ᠤᠨᠤᠭᠤ᠎ᠶᠢᠨ ᠬᠤᠶᠡᠷ ᠡᠪᠡᠷ ᠰᠢᠭ ᠰᠤᠶᠤᠯ᠂ ᠮᠡᠳᠡᠯᠬᠡ ᠬᠡᠬᠦ ᠪᠠᠯᠴᠢᠷ ᠬᠤᠶᠠᠷ ᠦᠬᠢᠨ ᠬᠢᠭᠡᠳ ᠬᠠᠢᠷᠡᠳᠦ ᠪᠦᠰᠡᠬᠦᠢ ᠪᠠᠨ ᠨᠤᠳᠤᠬ ᠲᠡᠭᠡᠷ᠎ᠡ ᠪᠡᠨ ᠦᠨᠦᠴᠢᠨ ᠪᠡᠯᠪᠡᠰᠦᠨ ᠤᠷᠬᠢᠪᠠ᠃  ᠡᠨᠡ ᠦᠶ᠎ᠡ ᠳ᠋ᠤ ᠶᠡᠭᠡ ᠦᠬᠢᠨ ᠰᠤᠶᠤᠯ ᠨᠢ ᠶᠢᠰᠦ᠂ ᠪᠠᠭ᠎ᠠ ᠦᠬᠢᠨ ᠮᠡᠳᠡᠯᠬᠡ ᠨᠢ ᠰᠡᠶᠢ ᠲᠦᠷᠪᠡᠬᠡᠨ ᠨᠠᠰᠤᠳᠠᠢ ᠪᠠᠢᠯ᠎ᠠ᠃ ᠲᠤᠶᠠᠭ᠎ᠠ 《ᠪᠢ ᠴᠤ᠌ ᠶᠠᠮᠠᠷ ᠵᠠᠶᠠᠭ᠎ᠠ ᠨᠢᠮᠭᠡᠨ ᠬᠦᠮᠦᠨ ᠪᠤᠢ》 ᠭᠡᠵᠤ ᠲᠤᠭᠠᠯᠠᠰᠢ ᠦᠭᠡᠢ ᠰᠦᠨᠢ ᠨᠢᠯᠪᠤᠰᠦ ᠲᠠᠢ ᠬᠤᠨᠤᠬᠰᠠᠨ ᠴᠤ᠌᠂ ᠬᠠᠷᠠᠡᠭᠭᠤᠢ ᠵᠤᠪᠠᠯᠠᠡᠭ᠎ᠳᠦ ᠰᠡᠳᠬᠢᠯ᠎ᠢ᠋ᠢᠡᠨ ᠴᠢᠡᠭᠭᠠᠯᠠᠨ᠂ ᠠᠮᠢᠳᠦᠷᠠᠯ᠎ᠤᠨ ᠬᠠᠳᠠᠭᠤ ᠨᠤᠭᠤᠴᠢᠭ᠎ᠠ ᠵᠢ ᠢᠯᠡᠨ ᠲᠠᠪᠠᠵᠤ᠂ ᠡᠷᠪᠠᠢ ᠬᠤᠶᠡᠷ ᠦᠷ᠎ᠠ᠎ᠳᠡᠭᠡᠨ ᠠᠭᠤᠯᠡ ᠬᠠᠳᠠ ᠮᠡᠳᠦ ᠨᠦᠮᠦᠷᠢ ᠪᠤᠯᠵᠦ ᠰᠠᠢᠬᠠᠨ ᠠᠮᠢᠳᠤᠷᠠᠬᠤ᠂ ᠰᠠᠢᠬᠠᠨ ᠠᠮᠢᠳᠤᠷᠠᠭᠤᠯᠬᠤ ᠬᠡᠰᠡᠨ ᠬᠡᠬᠡᠨ ᠬᠦᠰᠠᠯ ᠲᠡᠢᠰᠢ ᠤᠷᠤᠬᠰᠢ ᠵᠢᠳᠬᠦᠯ᠎ᠠ᠃

2003 ᠤᠨ᠎ᠤ ᠵᠢᠯ᠎ᠤᠨ ᠡᠬᠢᠨ᠎ᠳᠦ ᠪᠠᠢᠵᠦ ᠪᠢᠯᠡ᠃ ᠲᠤᠶᠠᠭ᠎ᠠ ᠰᠠᠳᠤᠨ ᠲᠦᠷᠦᠯ ᠤ᠋ᠨ ᠵᠢᠡᠨ ᠵᠠᠭᠤᠴᠢᠯᠠᠭ᠎ᠠ ᠪᠡᠷ ᠬᠢᠳᠡᠳ ᠨᠦᠬᠦᠷ ᠵᠢᠶᠠ ᠯᠢᠶᠠᠨ ᠵᠸ᠋ ᠲᠠᠢ ᠪᠠᠨ ᠰᠢᠨ᠎ᠠ ᠠᠮᠢᠳᠤᠷᠡᠯ᠎ᠢ᠋ᠢᠡᠨ ᠪᠤᠰᠬᠠᠯ᠎ᠠ᠃ ᠭᠡᠶ᠎ᠠ ᠠᠵᠠ᠎ᠶᠢᠨ ᠲᠡᠭᠷᠢ ᠲᠡᠬᠦᠨ᠎ᠢ ᠪᠡᠰᠠ ᠯᠡ ᠢᠪᠡᠭᠡᠭᠰᠡᠨ ᠦᠭᠡᠢ ᠬᠠᠷᠢᠨ ᠪᠦᠳᠦᠷᠢᠭᠰᠡᠨ ᠲᠡᠭᠡᠷ᠎ᠠ ᠨᠢ ᠬᠦᠴᠤᠳᠠᠢ ᠨᠢᠳᠤᠷᠭᠠᠳᠠᠵᠠᠢ᠃ ᠵᠢᠶᠠ ᠯᠢᠶᠠᠨ ᠵᠸ᠋ ᠴᠸ᠋ ᠵᠢᠷᠦᠬᠡᠨ ᠡᠪᠡᠳᠴᠢᠨ ᠳ᠋ᠤ ᠨᠡᠷᠪᠡᠭᠳᠡᠵᠦ᠂ 10 ᠭᠠᠷᠤᠢ ᠲᠦᠮᠡᠨ ᠲᠦᠭᠦᠷᠢᠭ᠎ᠤᠨ ᠮᠠᠰᠠ ᠵᠠᠰᠠᠯ᠎ᠤᠨ ᠲᠦᠯᠦᠪᠤᠷᠢ ᠤᠤᠯ ᠡᠴᠡ ᠪᠠᠨ ᠬᠦᠷᠦᠩᠭᠡ ᠨᠢᠮᠭᠡᠨ ᠡᠨᠡ ᠭᠡᠷ᠎ᠢ ᠲᠠᠬᠢᠨᠳᠠ ᠦᠷᠢ ᠵᠢᠨ ᠨᠦᠬᠡᠨ᠎ᠳᠦ ᠤᠨᠠᠭᠠᠪᠠ᠃ 《ᠬᠦᠮᠦᠨ ᠨᠢ ᠰᠠᠢᠨ᠂ ᠬᠡᠤᠬᠡᠳ ᠲᠸ᠋ ᠰᠠᠢᠨ》 ᠭᠡᠳᠡᠭ᠎ᠢ ᠨᠢ ᠪᠤᠳᠤᠬᠤᠯᠠᠷ ᠲᠤᠶᠠᠭ᠎ᠠ᠎ᠶᠢᠨ ᠵᠢᠷᠦᠭᠡ ᠰᠢᠮᠰᠢᠷᠡᠨ ᠲᠦᠷᠪᠡᠨ ᠵᠦᠭ ᠲᠦ᠍ ᠪᠠᠳᠢᠷᠯᠡᠨ ᠮᠦᠡᠭᠭᠦ ᠲᠦᠬᠦᠷᠢᠭ ᠴᠤᠬᠯᠠᠭᠤᠯᠤᠨ ᠪᠠᠢᠵᠦ ᠲᠡᠬᠦᠨ᠎ᠳᠦ ᠬᠤᠶᠠᠷᠳᠠ ᠮᠡᠰᠡ ᠵᠠᠰᠠᠯ ᠬᠢᠯᠭᠡᠨ ᠡᠷᠯᠢᠭ᠎ᠤᠨ ᠬᠠᠷ᠎ᠠ ᠰᠡᠪᠡᠷ ᠡᠴᠠ ᠰᠠᠯᠭᠠᠨ ᠠᠪᠴᠦ ᠬᠦᠨ ᠬᠡᠬᠴᠢ ᠠᠮᠢᠰᠬᠤᠯ᠎ᠠ᠃ ᠲᠤᠶᠠᠭ᠎ᠠ ᠦᠷᠢ ᠦᠭᠴᠡᠭᠡ ᠲᠠᠢ ᠪᠦᠬᠡᠳ ᠮᠠᠯ ᠬᠦᠷᠦᠩᠬᠡ ᠨᠢᠮᠬᠡᠨ ᠪᠤᠯᠬᠤᠷ ᠠᠷᠭ᠎ᠠ ᠦᠬᠡᠢ ᠡᠷ᠎ᠡ ᠨᠦᠬᠦᠷ ᠵᠢᠶᠠ ᠯᠢᠶᠠᠨ ᠵᠸ᠋ ᠲᠠᠢ ᠪᠡᠨ ᠬᠤᠶᠠᠭᠤᠯᠠ ᠪᠤᠭᠤᠳᠤ᠂ ᠬᠦᠬᠡᠬᠤᠳᠠ᠂ ᠳ᠋ᠠᠯᠢᠶᠠᠨ ᠵᠡᠷᠬᠡ ᠭᠠᠵᠠᠷ ᠎ᠤᠳ ᠵᠢᠡᠷ ᠬᠦᠷᠴᠦ ᠬᠦᠴᠦ ᠶᠠᠪᠤᠵᠦ ᠬᠦᠯᠤᠰᠤᠨ᠎ᠤ ᠠᠵᠢᠯ ᠬᠢᠪᠡ᠃ ᠲᠠᠳᠠ ᠬᠠᠯᠠᠭᠤᠨ ᠳ᠋ᠤ ᠬᠠᠯᠠᠵᠤ᠂ ᠬᠦᠢᠳᠡᠨ ᠳ᠋ᠤ  ᠲᠠᠭᠠᠷᠡᠪᠡᠴᠦ ᠦᠷᠯᠦᠭᠡ ᠦᠳᠡᠰᠢ᠎ᠵᠢ ᠲᠡᠮᠡᠴᠡᠨ ᠦᠷᠦᠭᠡᠯ ᠡᠴᠠ ᠢᠯᠡᠬᠦᠤ ᠠᠵᠢᠯᠯᠡᠨ ᠬᠤᠶᠠᠷ ᠦᠬᠢᠨ ᠵᠢᠡᠨ ᠰᠤᠷᠭᠠᠭᠤᠯᠢ ᠳ᠋ᠤ ᠶᠠᠪᠤᠭᠤᠯᠵᠦ ᠪᠦᠳᠤᠨ 12 ᠵᠢᠯ ᠢ᠋ ᠠᠷᠤ ᠳ᠋ᠠᠭᠠᠨ ᠤᠷᠬᠢᠯ᠎ᠠ᠃ ᠦᠷᠢ ᠰᠢᠷᠢ ᠪᠡᠨ ᠨᠢᠮᠬᠡᠷᠡᠬᠦᠯᠦᠨ᠂ ᠨᠤᠳᠤᠬ ᠲᠠᠭᠠᠨ ᠪᠤᠴᠠᠬᠤ᠎ᠳᠦ ᠭᠠᠴᠠᠭ᠎ᠠ ᠲᠤᠰᠬᠤᠨ᠂ ᠰᠤᠮᠤ ᠪᠠᠯᠭᠠᠰᠤᠨ ᠡᠴᠠ ᠨᠢ ᠲᠡᠳᠡᠨ᠎ᠳᠦ ᠮᠠᠯ ᠤᠨᠤᠭ᠎ᠠ᠂ ᠮᠦᠡᠭᠭᠦ ᠲᠦᠭᠦᠷᠢᠭ᠂ ᠢᠳᠡᠭᠡᠯ ᠬᠠᠢᠷ᠎ᠠ ᠪᠡᠷ ᠲᠤᠰᠠᠯᠠᠬᠤ᠎ᠳᠦ ᠲᠤᠶᠠᠭ᠎ᠠ ᠤᠯᠡᠮ ᠎ᠴᠦ  ᠵᠤᠷᠢᠬᠵᠢᠨ ᠲᠤᠰᠬᠤᠨ᠎ᠳᠠᠭᠠᠨ  ᠪᠠᠭ᠎ᠠ ᠰᠠᠭ᠎ᠠ ᠮᠠᠢᠮᠠᠢ ᠡᠷᠬᠢᠯᠡᠬᠦ᠎ᠶᠢᠨ ᠲᠠᠭᠠᠤ ᠰᠢᠨ᠎ᠠ ᠬᠡᠷ ᠪᠠᠢᠰᠢᠩ ᠪᠤᠰᠬᠠᠵᠤ ᠪᠢᠯᠡ᠃

ᠴᠢᠪᠠᠭ᠎ᠠ ᠡᠴᠠ ᠪᠠᠶᠠᠨᠬᠤᠸᠠ ᠬᠦᠷᠬᠦ ᠰᠢᠨᠡᠭᠡᠨ ᠵᠠᠰᠠᠬᠰᠡᠨ ᠴᠠᠷᠳᠠᠮᠠᠯ ᠵᠠᠮ᠎ᠵᠢᠡᠷ ᠬᠠᠷᠡᠬᠠᠳᠠ ᠲᠤᠰᠬᠤᠨ᠎ᠳᠦ ᠤᠢᠷᠠᠳᠬᠤ᠎ᠳᠦ 《ᠬᠡᠳᠦ ᠲᠡᠯᠬᠡᠬᠦᠷ》 ᠬᠡᠰᠡᠨ ᠤᠯᠠᠭᠠᠨ ᠫᠠᠢᠰᠠ ᠨᠢᠳᠤᠨ᠎ᠳᠦ ᠢᠯᠡᠭᠡᠨ ᠬᠠᠷᠠᠬᠳᠠᠵᠤ᠂ ᠤᠯᠠᠭᠠᠨ ᠲᠤᠭᠤᠰᠬ᠎ᠠ ᠪᠡᠷ ᠲᠡᠭᠰᠢᠬᠡᠨ ᠲᠡᠪᠢᠰᠦᠭᠰᠡᠨ ᠬᠦᠷᠢᠶ᠎ᠠ ᠬᠠᠰᠢᠶᠡᠨ᠎ᠤ ᠲᠤᠮᠳᠠ 5 ᠲᠠᠰᠤᠯᠭ᠎ᠠ ᠸᠠᠭᠠᠷ ᠪᠠᠢᠰᠢᠩ ᠬᠠᠷᠠᠭᠠᠨ ᠤ᠋ ᠡᠮᠦᠨ᠎ᠡ ᠲᠤᠳᠤᠷᠠᠨ᠎ᠠ᠃ ᠡᠭᠦᠳᠡ ᠠᠯᠬᠤᠨ ᠤᠷᠤᠬᠤ᠎ᠳᠦ ᠡᠭᠡᠯ ᠪᠤᠷᠤᠬᠵᠢᠭᠤᠨ ᠡᠮᠦᠰᠬᠡᠯ ᠵᠠᠰᠠᠯ ᠲᠠᠢ ᠠᠪᠠᠴᠤ ᠬᠤᠶᠠᠷ ᠨᠢᠳᠦᠨ ᠎ᠳᠡᠭᠡᠨ ᠢᠳᠡᠭᠡᠯ᠎ᠤᠨ ᠴᠤᠭ ᠬᠢᠯᠠᠯᠵᠠᠭᠤᠯᠤᠬᠰᠠᠨ ᠲᠤᠶᠠᠭ᠎ᠠ ᠬᠤᠶᠠᠷ ᠨᠠᠰᠤᠳᠠᠨ ᠵᠢᠡᠨ ᠠᠰᠠᠷᠠᠬᠤ ᠵᠢᠨ ᠵᠡᠷᠭᠡ ᠪᠡᠷ 《ᠬᠡᠳᠦ ᠲᠡᠯᠭᠡᠭᠦᠷ》᠂ ᠮᠠᠯ ᠤᠨᠤᠭ᠎ᠠ ᠭᠡᠳ ᠵᠤᠬᠰᠤᠭ᠎ᠠ ᠦᠭᠡᠢ ᠶᠠᠭᠠᠷᠠᠵᠤ ᠪᠠᠢᠯ᠎ᠠ᠃ ᠴᠡᠪᠡᠷ ᠲᠤᠬᠢᠯᠢᠬ ᠦᠷᠦᠬᠡᠨ ᠤ᠋ ᠬᠠᠨᠵᠤᠨ ᠲᠡᠭᠡᠷ᠎ᠡ ᠬᠤᠶᠠᠷ ᠨᠠᠰᠤᠳᠠᠨ ᠰᠢᠷᠡᠬᠡ ᠬᠠᠪᠴᠢᠨ ᠬᠦᠯ ᠵᠢᠬᠢᠨ ᠬᠠᠵᠠᠭᠤᠯᠠᠵᠤ ᠪᠠᠢᠬᠰᠠᠨ ᠵᠢᠡᠨ ᠵᠤᠴᠢᠨ ᠢᠷᠡᠭᠰᠡᠨ ᠴᠢᠮᠡᠭᠡ ᠪᠡᠷ ᠨᠠᠭᠠᠰᠢᠯᠠᠵᠤ ᠰᠠᠭᠤᠪᠠ᠃ ᠡᠬᠦᠨ᠎ᠤ ᠨᠢᠭᠡ ᠨᠢ ᠲᠤᠶᠠᠭ᠎ᠠ ᠵᠢᠨ ᠬᠠᠳᠠᠮ ᠡᠵᠢ ᠡᠨᠡ ᠵᠢᠯ ᠶᠡᠷᠡᠨ ᠬᠤᠶᠠᠷᠳᠠᠢ᠂ ᠮᠤᠩᠭᠤᠯ ᠦᠬᠡ ᠶᠠᠷᠢᠵᠤ ᠴᠢᠳᠠᠳᠠᠬ ᠦᠬᠡᠢ ᠪᠤᠭᠤᠷᠤᠯ᠂ ᠨᠦᠬᠦᠭᠡ ᠨᠢᠭᠡ ᠨᠢ ᠲᠤᠶᠠᠭ᠎ᠠ᠎ᠶᠢᠨ ᠲᠦᠷᠬᠦᠮ᠎ᠤᠨ ᠡᠵᠢ ᠡᠨᠡ ᠵᠢᠯ ᠨᠡᠶᠡᠨ ᠬᠤᠶᠡᠷ ᠨᠠᠰᠤᠳᠠᠢ᠃ 《ᠮᠢᠨᠦ ᠦᠬᠢᠨ ᠪᠢᠳᠠ ᠬᠤᠶᠠᠭᠤᠯᠡ᠎ᠵᠢ ᠠᠰᠠᠷᠠᠬᠤ ᠪᠡᠷ ᠪᠠᠷᠠᠬᠤ ᠦᠭᠡᠢ ᠮᠠᠳᠡᠷᠡᠯ᠎ᠤᠨ ᠬᠡᠮᠳᠤᠯ ᠲᠠᠢ ᠪᠡᠷᠭᠡᠨ ᠵᠢᠡᠨ ᠪᠠᠰᠠ ᠰᠤᠪᠢᠯᠠᠵᠦ ᠪᠠᠢᠭᠠᠳ ᠪᠤᠷᠬᠠᠨ ᠪᠤᠯᠭᠠᠬᠰᠡᠨ ᠰᠢᠤ》 ᠬᠡᠵᠦ ᠲᠤᠶᠠᠭ᠎ᠠ᠎ᠶᠢᠨ ᠡᠵᠢ ᠦᠬᠢᠨ᠎ᠢ᠋ᠢᠡᠨ ᠦᠷᠦᠪᠴᠢᠯᠡᠡᠭᠭᠡᠨ ᠬᠡᠯᠡᠵᠦ ᠪᠠᠢᠯ᠎ᠠ᠃ 《ᠰᠠᠢᠨ ᠰᠠᠨᠠᠭᠠᠨ᠎ᠤ ᠦᠵᠦᠬᠦᠷ ᠰᠦ》 ᠬᠡᠬᠦ ᠶᠤᠮ᠃ ᠲᠤᠶᠠᠭ᠎ᠠ᠎ᠶᠢᠨ ᠦᠨᠳᠦᠰᠦᠳᠡᠨ ᠶᠠᠰᠤᠳᠠᠨ ᠢ᠋ ᠠᠯᠭᠠᠰᠠᠯ ᠦᠭᠡᠢ ᠠᠴᠢᠯᠡᠯ ᠡᠯᠪᠡᠷᠢᠯ ᠨᠢ ᠪᠠᠶᠠᠷ ᠭᠤᠨᠢᠬ ᠲᠠᠢ ᠠᠮᠢᠳᠤᠷᠠᠯ ᠢ᠋ ᠬᠠᠢᠷ᠎ᠠ ᠵᠢᠨ ᠦᠩᠬᠡ ᠪᠡᠷ ᠴᠢᠮᠡᠭᠰᠡᠨ ᠲᠤᠯᠡ 《ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠨᠠᠰᠤᠳᠡᠨ᠎ᠢ᠋ᠢᠡᠨ ᠠᠰᠠᠷᠠᠵᠤ ᠠᠴᠢᠯᠡᠯ ᠬᠦᠢᠴᠡᠳᠭᠡᠭᠰᠡᠨ ᠵᠢᠱ᠌ᠢᠶᠡᠴᠢ᠎ᠶᠢᠨ ᠨᠠᠷ᠎ᠠ ᠲᠤᠷᠡᠳᠤᠭᠤᠯᠤᠬᠰᠡᠨ ᠱᠠᠡᠭᠨᠠᠯ》᠂ 《ᠲᠤᠯᠤᠳᠤᠭᠠᠷ ᠬᠤᠭᠤᠴᠠᠭᠠᠨ᠎ᠤ ᠤᠯᠠᠭᠠᠨᠬᠠᠳᠠ ᠬᠤᠳᠠ᠎ᠶᠢᠨ ᠶᠤᠰᠦ ᠰᠤᠷᠳᠠᠬᠤᠨ᠎ᠤ ᠵᠢᠱ᠌ᠢᠶᠡᠴᠢ》 ᠵᠡᠷᠭᠡ ᠱᠠᠡᠭᠨᠠᠯ ᠬᠦᠬᠢᠬᠦᠯᠤᠯ᠎ᠢ ᠲᠤᠰᠤᠯ᠎ᠠ᠃ ᠡᠬᠦᠨ᠎ᠤ ᠪᠠᠨ ᠲᠤᠬᠠᠢ ᠤᠴᠢᠷᠯᠠᠬᠤ᠎ᠳᠦ ᠲᠠᠷᠠ᠄ 《ᠡᠨᠡ ᠪᠦᠬᠦᠨ ᠪᠤᠯ ᠮᠢᠨᠦ ᠬᠢᠬᠦ ᠶᠤᠰᠤᠳᠠᠢ ᠠᠵᠢᠯ ᠰᠢᠤ》 ᠬᠡᠵᠦ ᠲᠤᠪᠴᠢᠬᠠᠨ ᠬᠠᠷᠢᠭᠤᠯᠵᠦ ᠪᠢᠯᠡ᠃

ᠠᠷᠡᠳ ᠤᠯᠡᠨ᠎ᠢ᠋ᠢᠡᠨ ᠲᠡᠭᠡᠳᠦᠯᠡᠭᠰᠡᠨ ᠨᠤᠳᠤᠭ᠎ᠤᠨ ᠡᠮᠴᠢ

ᠠᠴᠢᠯᠠᠯ ᠬᠠᠢᠷ᠎ᠠ ᠵᠢᠨ ᠪᠦᠪᠡᠢ ᠳ᠋ᠤ ᠡᠯᠢᠬᠡ ᠪᠦᠳᠦᠨ ᠠᠮᠢᠳᠤᠷᠠᠯ ᠡᠬᠡᠰᠢᠭᠯᠡᠳᠡᠭ ᠪᠤᠯ ᠡᠷᠡᠬᠦᠯ ᠲᠡᠩᠬᠡᠯᠡᠬᠦᠨ ᠪᠡᠶ᠎ᠡ ᠡᠴᠨ ᠦᠬᠡᠳᠡ ᠡᠰᠡᠷᠡᠭ ᠠᠮᠢᠳᠤᠷᠠᠯ ᠡᠬᠢᠯᠡᠳᠡᠭ ᠰᠠᠨ᠃ 《ᠮᠠᠨ ᠤ᠋ ᠭᠠᠴᠠᠭᠠᠨ ᠳ᠋ᠤ ᠮᠢᠨᠤ ᠲᠤᠰᠤᠬᠰᠡᠨ ᠬᠡᠤᠭᠡᠳ 200 ᠭᠠᠷᠤᠢ ᠃ ᠵᠠᠷᠢᠮ ᠨᠢ ᠤᠯᠤᠰ ᠤᠷᠤᠨ ᠳ᠋ᠠᠭᠠᠨ ᠨᠡᠷᠡᠳᠡᠢ ᠲᠠᠮᠢᠷᠴᠢᠨ᠎ᠴᠦ ᠪᠤᠢ᠂  ᠵᠠᠷᠢᠮ ᠨᠢ ᠡᠷᠳᠡᠮᠳᠡᠨ ᠴᠢᠳᠠᠪᠦᠷᠢᠳᠡᠨ ᠴᠤᠯᠡ ᠲᠠᠢ ᠴᠤ᠌ ᠪᠤᠢ》 ᠬᠡᠵᠦ  ᠠᠷᠤ ᠬᠤᠷᠴᠢᠨ ᠬᠤᠰᠢᠭᠤᠨ ᠤ᠋ ᠪᠠᠶᠠᠠᠡᠦ᠋ᠨᠳᠦᠷ ᠰᠤᠮᠤ ᠵᠢᠨ ᠪᠠᠶᠠᠨᠪᠤᠯᠠᠬ ᠭᠠᠴᠠᠭ᠎ᠠ ᠵᠢᠨ ᠡᠨᠡ ᠵᠢᠯ ᠲᠠᠯᠠᠨ ᠨᠠᠰᠤ ᠲᠠᠢ ᠬᠦᠯ ᠨᠢᠴᠦᠬᠦᠨ ᠨᠤᠳᠤᠭ᠎ᠤᠨ ᠡᠮᠴᠢ ᠴᠸᠨ ᠹᠠ ᠤᠮᠤᠭ ᠪᠠᠬᠠᠳᠤᠯ ᠲᠠᠢ ᠬᠡᠯᠡᠬᠦ ᠶᠤᠮ᠃

ᠦᠳᠬᠡᠨ ᠵᠤᠵᠠᠭᠠᠨ ᠬᠦᠮᠦᠰᠬᠡ ᠲᠠᠢ ᠡᠨᠡ ᠨᠠᠰᠤᠳᠠᠨ ᠪᠠᠶᠠᠨᠪᠤᠯᠠᠬ ᠭᠠᠴᠠᠭᠠᠨ᠎ᠳᠦ ᠨᠤᠳᠤᠬᠰᠢᠭᠠᠳ  ᠬᠠᠭᠠᠰ ᠵᠠᠭᠤᠨ᠎ᠤ ᠨᠢᠭᠤᠷ ᠦᠵᠡᠯ᠎ᠠ᠃ 《1967 ᠤᠨ᠎ᠳᠦ ᠬᠤᠰᠢᠭᠤ ᠡᠮᠤᠨ᠎ᠠ ᠵᠠᠬ᠎ᠠ᠎ᠶᠢᠨ ᠲᠠᠷᠢᠶᠠᠯᠠᠬᠤ ᠭᠠᠵᠡᠷ ᠪᠤᠯᠬᠤ ᠭᠠᠡᠭᠭᠠᠳᠠᠢ ᠲᠤᠰᠬᠤᠨ ᠡᠴᠠ ᠮᠠᠨ᠎ᠤ 12 ᠡᠷᠦᠭᠡ᠎ᠶᠢᠨ ᠬᠢᠳᠡᠳ ᠲᠡᠷᠢᠶᠡᠴᠢᠳ᠎ᠢ ᠮᠠᠯᠵᠢᠬᠤ ᠤᠷᠤᠨ ᠳ᠋ᠤ ᠲᠤᠮᠢᠯᠡᠨ ᠬᠠᠰᠢᠶ᠎ᠠ ᠰᠡᠷᠡᠪᠴᠢ ᠪᠠᠷᠢᠬᠤ᠂ ᠡᠪᠡᠰᠦ ᠪᠤᠷᠳᠤᠭ᠎ᠠ ᠲᠠᠷᠢᠬᠤ᠂ ᠵᠢᠮᠢᠰ ᠨᠤᠭᠤᠭ᠎ᠠ ᠡᠵᠡᠡᠭᠨᠡᠬᠦ ᠪᠡᠷ ᠶᠠᠪᠤᠭᠤᠯᠤᠬᠰᠡᠨ ᠶᠤᠮ》 ᠬᠡᠵᠦ ᠬᠠᠭᠤᠴᠢ ᠲᠡᠯᠬᠡᠬᠦ ᠶᠤᠮ᠃ ᠲᠤᠬᠠᠢ᠎ᠶᠢᠨ ᠦᠶ᠎ᠠ᠎ᠳᠦ ᠮᠠᠯᠵᠢᠬᠤ ᠤᠷᠤᠨ᠎ᠳᠦ ᠡᠮᠴᠢ ᠲᠤᠮᠴᠢ ᠲᠤᠳᠠᠵᠦ ᠪᠠᠢᠬᠰᠡᠨ ᠪᠤᠯᠬᠤᠷ ᠴᠸᠨ ᠹᠡ ᠨᠠᠰᠤᠳᠠᠨ 17 ᠨᠠᠰᠤᠨ ᠡᠴᠠ ᠪᠠᠨ ᠭᠠᠴᠢᠬᠳᠠᠵᠦ ᠲᠦᠪᠡᠭᠳᠡᠭᠰᠡᠨ ᠮᠠᠯᠴᠢᠳ ᠲᠸ᠋  ᠪᠠᠭ᠎ᠠ ᠰᠠᠭ᠎ᠠ ᠬᠢᠮᠤᠷᠡᠭ᠎ᠠ ᠲᠠᠬᠰᠢᠭᠤᠷ᠎ᠢ ᠨᠢ ᠵᠠᠰᠠᠵᠦ ᠦᠭᠴᠦ ᠪᠠᠢᠭᠠᠳ 《ᠴᠸᠨ ᠡᠮᠴᠢ 》 ᠪᠤᠯᠴᠢᠬᠠᠯ᠎ᠠ᠃ ᠴᠸᠨ ᠹᠡ ᠭᠤᠸᠠᠢ᠎ᠶᠢᠨ ᠡᠷᠬᠢᠴᠡᠬᠦᠯᠬᠦ ᠪᠡᠷ᠂ ᠨᠢᠭᠡᠨ ᠵᠢᠯ ᠪᠠᠢᠵᠤ ᠪᠢᠯᠡ᠂  ᠨᠢᠭᠡᠨ ᠮᠠᠯᠴᠢᠨ ᠮᠤᠲ᠋ᠤᠷ ᠤᠨᠤᠵᠤ ᠮᠠᠯ ᠬᠠᠷᠢᠭᠤᠯᠵᠤ ᠪᠠᠢᠭᠠᠳ ᠬᠡᠨᠡᠳᠳᠡ ᠬᠡᠬᠡᠷ᠎ᠡ  ᠵᠢᠨ ᠭᠠᠬᠠᠢ᠎ᠶᠢᠨ ᠲᠠᠭᠠᠷᠢᠯᠳᠠ᠎ᠳᠦ ᠴᠤᠴᠢᠮᠠᠭ ᠤᠴᠠᠷᠡᠵᠦ ᠭᠠᠵᠡᠷ ᠤᠢᠴᠢᠴᠢᠬᠠᠪᠠ᠃ ᠲᠡᠭᠡᠭᠡᠳ ᠰᠠᠨᠳᠤᠷᠤᠨ  ᠪᠤᠰᠬᠤ ᠵᠢ ᠵᠠᠪᠳᠤᠳᠠᠯ᠎ᠠ  ᠤᠯᠠᠨᠭᠭᠠᠰᠤᠨ ᠲᠤᠬᠰᠢᠷᠠᠬᠰᠠᠨ ᠬᠡᠬᠡᠷ᠎ᠡ ᠵᠢᠨ  ᠭᠠᠬᠠᠢ ᠲᠡᠬᠢᠨ ᠬᠦᠶᠦᠵᠦ ᠢᠷᠡᠬᠡᠳ  ᠲᠡᠬᠦᠨ᠎ᠤ ᠭᠠᠷ ᠢ᠋ ᠨᠢ ᠴᠢᠰᠤ ᠨᠦᠵᠢ ᠭᠠᠷᠳᠠᠯ᠎ᠠ ᠬᠠᠵᠠᠭᠠᠳ ᠭᠤᠤᠨ ᠭᠠᠷᠤᠭᠠᠳ ᠲᠤᠳᠠᠭᠠᠵᠠᠢ᠃ ᠤᠳᠤᠷ  ᠤ᠋ᠨ ᠮᠠᠯᠴᠢᠳ ᠤᠯᠵᠦ ᠦᠵᠡᠭᠡᠳ  ᠪᠠᠷᠢᠨ ᠤᠳᠤᠷ  ᠡᠮᠨᠡᠯᠬᠡ ᠵᠢᠨ ᠠᠩᠬᠢ ᠳ᠋ᠤ ᠠᠪᠴᠢᠷᠠᠨ ᠴᠸᠨ ᠹᠠ ᠡᠮᠴᠢ ᠡᠴᠨ ᠲᠤᠰᠠᠯᠠᠮᠵᠢ ᠭᠤᠶᠤᠪᠠ᠃ ᠴᠸᠨ ᠹᠠ ᠡᠮᠴᠢ ᠤᠳᠠᠭᠠᠨ ᠵᠢᠯ᠎ᠤᠨ ᠲᠤᠷᠰᠢᠯᠭ᠎ᠠ ᠪᠡᠷ᠎ᠵᠢᠨᠨ ᠰᠢᠷᠬ᠎ᠠ  ᠵᠢ ᠪᠠᠢᠴᠠᠭᠠᠨ ᠦᠵᠡᠭᠰᠡᠨ ᠳ᠋ᠤ ᠭᠠᠷ  ᠤ᠋ᠨ ᠶᠠᠰᠤ ᠨᠢ  ᠬᠤᠭᠤᠷᠠᠵᠤ᠂ ᠴᠢᠰᠤ  ᠶᠡᠬᠡ ᠭᠠᠷᠤᠬᠰᠠᠨ  ᠪᠠᠢᠯ᠎ᠠ᠃  ᠲᠡᠭᠡᠭᠡᠳ ᠲᠠᠷᠠ ᠪᠠᠷᠢᠨ ᠰᠢᠷᠬ᠎ᠠ ᠵᠢᠨ ᠦᠷᠪᠢᠰᠦᠯ ᠢ᠋ ᠨᠢ ᠲᠠᠷᠤᠵᠤ ᠪᠤᠭᠤᠵᠤ ᠴᠢᠰᠤ ᠵᠢ ᠨᠢ ᠵᠤᠬᠰᠤᠭᠠᠭᠠᠳ᠂ ᠴᠢᠪᠠᠭ᠎ᠠ ᠪᠠᠯᠭᠠᠰᠤᠨ ᠳ᠋ᠡᠬᠢ ᠡᠮᠨᠡᠯᠬᠡ ᠵᠢᠨ ᠬᠤᠷᠢᠶᠠᠨ  ᠳ᠋ᠤ ᠲᠦᠷᠭᠡᠨ ᠬᠦᠷᠬᠡᠬᠦᠯᠪᠡ᠃ ᠲᠡᠬᠦᠨ᠎ᠤ ᠰᠢᠷᠬ᠎ᠠ  ᠨᠢ ᠬᠦᠨᠳᠦ  ᠴᠦ᠍ ᠴᠠᠭ᠎ᠢ ᠠᠮᠵᠢᠨ ᠴᠢᠰᠤ ᠵᠢ ᠨᠢ ᠵᠤᠬᠰᠤᠭᠠᠬᠰᠠᠨ ᠲᠤᠯᠠ ᠠᠮᠢ ᠨᠠᠰᠤᠨ᠎ᠳᠤᠨᠢ ᠰᠤᠢ᠍ᠷᠳᠠᠬᠦᠯᠤᠯ ᠪᠤᠯᠤᠬᠰᠡᠨ ᠦᠭᠡᠢ᠎ᠳᠦ ᠴᠸᠠ ᠡᠮᠴᠢ ᠬᠦᠯ ᠨᠢ ᠭᠠᠵᠡᠷ ᠬᠦᠷᠬᠦ ᠦᠭᠡᠢ ᠪᠠᠶᠠᠷᠯᠠᠵᠦ ᠭᠡᠨ᠎ᠡ᠃ ᠡᠢᠨ ᠬᠦ᠌ ᠮᠠᠯᠵᠢᠬᠤ ᠤᠷᠤᠨ᠎ᠤ ᠬᠦᠯ ᠨᠢᠴᠦᠬᠦᠨ ᠡᠮᠴᠢ ᠬᠡᠵᠦ ᠬᠡᠵᠢᠶ᠎ᠠ ᠬᠡᠨ ᠢᠷᠡᠪᠡᠯ ᠮᠤᠷᠳᠠᠬᠤ ᠯᠡ ᠬᠡᠷᠡᠭ᠃ ᠡᠪᠤᠯ ᠵᠤᠨ᠂ ᠡᠳᠤᠷ ᠰᠦᠨᠢ ᠬᠡᠵᠦ ᠬᠤᠪᠢᠶᠠᠬᠤ ᠤᠤ᠎ᠳᠠ! ᠵᠠᠷᠢᠮ ᠎ᠳᠠᠭᠠᠨ ᠮᠤᠷᠢ ᠪᠡᠷ 100 ᠭᠠᠷᠤᠢ ᠭᠠᠵᠡᠷ᠎ᠤᠨ ᠴᠠᠭᠠᠨᠠᠬᠢ ᠮᠠᠯᠴᠢᠨ ᠠᠢᠯ᠎ᠳᠦ ᠡᠮ ᠲᠠᠡᠭ ᠬᠦᠷᠬᠡᠨ᠎ᠠ; ᠵᠠᠷᠢᠮ᠎ᠳᠠᠭᠠᠨ ᠠᠭᠠᠳᠠᠷ ᠪᠤᠷᠤᠭᠠᠨ᠂ ᠲᠤᠬᠰᠢᠨ ᠰᠢᠭᠤᠷᠭ᠎ᠠ᠎ᠵᠢ ᠰᠦᠷᠤᠨ ᠶᠠᠭᠠᠷᠡᠪᠴᠢᠯᠡᠨ ᠬᠦᠶᠤᠨ᠎ᠠ ᠁ ᠰᠡᠬᠦᠯᠡᠷ ᠨᠢ ᠴᠸᠨ ᠹᠠ ᠡᠮᠴᠢᠯᠡᠬᠦ ᠵᠢᠨ ᠵᠢᠡᠨ ᠲᠠᠭᠠᠤ ᠭᠠᠴᠠᠭᠠᠨ ᠤ᠋ ᠪᠡᠨ ᠬᠢᠵᠢᠭ ᠢ᠋ ᠰᠡᠷᠬᠡᠢᠯᠡᠬᠦ ᠠᠵᠢᠯ ᠢ᠋ ᠡᠬᠦᠷᠬᠡᠯᠡᠨ ᠵᠢᠯ ᠲᠤᠮᠳᠠᠴᠢ ᠪᠡᠷ 600 ᠬᠦᠮᠦᠨ ᠳ᠋ᠤ ᠡᠮᠴᠢᠯᠡᠵᠤ ᠶᠠᠪᠤᠵᠠᠢ᠃

《ᠮᠠᠯᠴᠢᠳ ᠲᠠᠭᠠᠨ ᠪᠢ ᠬᠠᠢᠷᠠᠳᠠᠢ》 ᠭᠡᠵᠦ ᠴᠸᠨ ᠹᠠ ᠨᠠᠰᠤᠳᠡᠨ ᠮᠤᠡᠭᠭᠤᠯ᠎ᠢ᠋ᠢᠡᠷ ᠬᠡᠯᠡᠯ᠎ᠠ᠃ ᠲᠡᠬᠦᠨ᠎ᠤ ᠨᠠᠡᠭ ᠪᠠᠬᠠᠳᠤᠬᠤ ᠨᠢᠭᠡᠨ ᠶᠠᠪᠤᠳᠠᠯ ᠬᠡᠪᠡᠯ ᠲᠡᠬᠦᠨ᠎ᠤ ᠲᠦᠷᠤᠯ᠎ᠤᠨ ᠠᠴᠢ ᠬᠦᠤ ᠯᠢᠦᠢ ᠰᠢᠶᠤᠤ ᠪᠦᠸᠸ ᠡᠮᠴᠢ᠎ᠶᠢᠨ ᠰᠤᠷᠭᠠᠭᠤᠯᠢ ᠡᠴᠠ ᠲᠡᠭᠦᠰᠴᠦ ᠪᠠᠶᠠᠨᠪᠤᠯᠠᠬ ᠭᠠᠴᠠᠭᠠᠨ᠎ᠳᠠᠭᠠᠨ ᠢᠷᠡᠵᠦ ᠠᠪᠠᠭ᠎ᠠ ᠠᠪᠤ᠎ᠶᠢᠨ᠎ᠢ᠋ᠢᠡᠨ ᠭᠠᠷ ᠡᠴᠠ ᠮᠠᠯᠴᠢᠳ ᠲᠠᠭᠠᠨ ᠦᠢᠯᠡᠴᠢᠯᠡᠬᠦ ᠪᠤᠤᠬᠢᠶ᠎ᠠ ᠵᠢ ᠵᠠᠯᠭᠠᠨ ᠠᠪᠤᠬᠰᠡᠨ ᠤᠴᠢᠷ ᠪᠤᠯᠬᠤ ᠶᠤᠮ᠃《ᠪᠢ ᠴᠢᠨᠢ ᠬᠦᠯ ᠨᠢᠴᠦᠬᠦᠨ ᠨᠤᠳᠤᠭ᠎ᠤᠨ ᠡᠮᠴᠢ ᠬᠡᠬᠦ᠎ᠳᠦ ᠮᠠᠨ᠎ᠤ ᠯᠢᠦᠢ ᠰᠢᠶᠤᠤ ᠪᠦᠸᠸ ᠡᠮᠴᠢ  ᠵᠢᠨ ᠬᠢᠷᠢ  ᠬᠡᠮ  ᠤ᠋ᠨ ᠦᠨᠡᠮᠯᠡᠯ ᠲᠠᠢ ᠪᠦᠭᠡᠳ ᠬᠢᠳᠡᠳ ᠮᠤᠡᠭᠭᠤᠯ᠎ᠳᠦ ᠨᠡᠪᠳᠡᠷᠡᠭᠰᠡᠨ ᠬᠦᠮᠦᠨ ᠰᠢᠤ》 ᠬᠡᠵᠦ ᠰᠡᠳᠬᠢᠯ ᠬᠠᠩᠬᠤᠯᠤᠭᠤᠨ  ᠶᠡᠷᠢᠯ᠎ᠠ᠃ ᠬᠡᠯᠡᠬᠦ᠎ᠳᠦ᠂ ᠯᠢᠦᠢ ᠰᠢᠶᠤᠤ ᠪᠦᠸᠸ ᠨᠢᠭᠡᠨᠳᠡ 20 ᠭᠠᠷᠤᠢ ᠵᠢᠯ ᠡᠮᠴᠢᠯᠡᠭᠡ ᠬᠢᠵᠦ ᠮᠠᠯᠴᠢᠳ ᠲᠠᠭᠠᠨ ᠤᠢᠯᠡᠴᠢᠯᠡᠭᠰᠡᠨ ᠬᠦᠮᠦᠨ ᠪᠠᠢᠭ᠎ᠠ ᠶᠤᠮ᠃

2018 ᠤᠨ  ᠳ᠋ᠤ  ᠪᠠᠢᠵᠤ ᠪᠢᠯᠡ᠃ ᠪᠠᠶᠠᠠᠠᠦ᠋ᠨᠳᠦᠷ ᠰᠤᠮᠤᠨ ᠤ᠋ ᠰᠢᠷᠠᠪᠤᠳᠠ ᠭᠠᠴᠠᠭᠠᠨ ᠤ᠋ ᠮᠠᠯᠴᠢᠨ ᠰᠡᠴᠡᠨᠮᠠᠨᠳᠤᠯ᠎ᠠ ᠲᠦᠪᠡᠳ ᠡᠮ ᠵᠠᠯᠠᠵᠤ ᠪᠤᠷᠤᠭᠤ ᠡᠮ ᠤᠤᠭᠤᠭᠠᠳ ᠬᠤᠤᠷᠳᠠᠬᠳᠠᠪᠠ᠃  ᠬᠡᠷ ᠤ᠋ᠨ ᠬᠦᠮᠦᠰ  ᠨᠢ ᠰᠠᠨᠳᠤᠷᠤᠨ  ᠯᠢᠦᠢ ᠰᠢᠶᠤᠤ ᠪᠦᠸᠸ ᠵᠢ ᠡᠷᠢᠵᠦ ᠢᠷᠡᠯ᠎ᠠ ᠃ ᠲᠤᠬᠠᠢ ᠵᠢᠨ ᠦᠶ᠎ᠡ  ᠳ᠋ᠤ ᠯᠢᠦᠢ ᠰᠢᠶᠤᠤ ᠪᠦᠸᠸ ᠪᠠᠶᠠᠠᠠᠦ᠋ᠨᠳᠦᠷ ᠰᠤᠮᠤᠨ ᠳ᠋ᠡᠬᠢ ᠠᠷᠤ ᠬᠤᠷᠴᠢᠨ ᠬᠤᠰᠢᠭᠤᠨ ᠤ᠋ ᠤᠳᠤᠷ ᠡᠮᠨᠡᠯᠬᠡ ᠵᠢᠨ ᠠᠩᠬᠢ ᠳ᠋ᠤ ᠰᠠᠭᠤᠨ ᠡᠮᠴᠢᠯᠡᠵᠦ ᠪᠠᠢᠯ᠎ᠠ᠃ ᠯᠢᠦᠢ ᠰᠢᠶᠤᠤ ᠪᠦᠸᠸ ᠶᠠᠭᠠᠷᠠᠤ ᠰᠠᠨᠳᠤᠷᠤᠤ ᠰᠡᠴᠡᠨᠮᠠᠨᠳᠤᠯ᠎ᠠ ᠵᠢᠨ ᠤᠳᠤᠷ ᠲᠡᠭᠡᠷ᠎ᠡ  ᠬᠦᠷᠴᠦ ᠤᠴᠢᠬᠤᠯᠠᠷ ᠲᠡᠬᠦᠨ᠎ᠤ ᠨᠢᠳᠦ ᠶᠠᠭᠤᠮ᠎ᠠ ᠬᠠᠷᠠᠬᠤ ᠦᠬᠡᠢ᠂ ᠦᠳᠬᠡᠨ ᠰᠢᠩᠬᠡᠨ ᠵᠢᠡᠨ ᠠᠯᠳᠠᠵᠤ᠂ ᠮᠠᠰᠢ ᠬᠡᠴᠡᠬᠦᠤ ᠪᠤᠯᠤᠭᠠᠳ ᠪᠠᠢᠪᠠ᠃ ᠯᠢᠦᠢ ᠰᠢᠶᠤᠤ ᠪᠦᠸᠸ ᠰᠡᠴᠡᠨᠮᠠᠨᠳᠤᠯ᠎ᠠ ᠳ᠋ᠤ ᠬᠤᠤᠷ ᠲᠠᠢᠯᠬᠤ ᠡᠮ ᠬᠠᠳᠬᠤᠵᠤ᠂ ᠪᠤᠰᠢᠭᠤᠬᠠᠨ ᠡᠮ ᠶᠡᠬᠦᠯᠡᠵᠦ᠂ ᠬᠤᠳᠤᠭᠤᠳᠤ ᠵᠢ ᠨᠢ ᠤᠬᠢᠶᠠᠪᠠ᠃ ᠬᠡᠯᠡᠬᠦ ᠡᠴᠨ᠂ ᠬᠤᠶᠠᠩ ᠰᠢᠷ᠎ᠠ ᠤᠰᠤ ᠪᠤᠯᠤᠨ ᠬᠤᠳᠤᠭᠤᠳᠤ ᠰᠦᠰᠦᠨ ᠤ᠋ ᠡᠪᠡᠳᠴᠢᠨ ᠢ᠋  ᠡᠮᠴᠢᠯᠡᠬᠦ᠎ᠳᠡᠭᠡᠨ ᠰᠤᠷᠮᠠᠭᠠᠢ ᠯᠢᠦᠢ ᠰᠢᠶᠤᠤ ᠪᠦᠸᠸ  ᠲᠡᠬᠦᠨ᠎ᠢ ᠲᠤᠬᠢᠳᠠᠢ ᠡᠮᠴᠢᠯᠡᠭᠰᠡᠨ ᠤ᠋ ᠠᠴᠢ ᠪᠡᠷ ᠰᠡᠴᠡᠨᠮᠠᠨᠳᠤᠯ᠎ᠠ ᠵᠢᠨ ᠡᠪᠡᠳᠴᠢᠨ ᠨᠢ ᠡᠮᠨᠡᠯᠬᠡ ᠵᠢᠨ ᠬᠤᠷᠢᠶᠠᠨ ᠳ᠋ᠤ ᠬᠦᠷᠬᠦ ᠡᠴᠨ ᠡᠮᠦᠨ᠎ᠡ  ᠰᠠᠢᠵᠢᠷᠠᠴᠢᠬᠠᠬᠰᠠᠨ ᠬᠡᠳᠡᠭ᠃

ᠡᠢᠨ ᠬᠦ᠌ ᠪᠠᠶᠠᠠᠠᠦ᠋ᠨᠳᠦᠷ ᠰᠤᠮᠤᠨ᠎ᠳᠦ  ᠴᠸᠨ ᠹᠠ ᠬᠢᠭᠡᠳ ᠯᠢᠦᠢ ᠰᠢᠶᠤᠤ ᠪᠦᠸᠸ ᠬᠤᠶᠡᠷ ᠦᠶ᠎ᠠ᠎ᠶᠢᠨ ᠡᠮᠴᠢ ᠬᠡᠪᠡᠯ ᠮᠡᠳᠡᠬᠦ ᠦᠭᠡᠢ ᠬᠦᠮᠦᠨ ᠬᠡᠵᠦ ᠪᠠᠷᠤᠭ ᠦᠬᠡᠢ᠃ ᠨᠠᠡᠭ᠎ᠴᠸ᠋᠂ ᠭᠠᠡᠭᠭᠠᠳᠠᠢ ᠲᠤᠰᠬᠤᠨ ᠡᠴᠠ ᠢᠷᠡᠭᠰᠡᠨ ᠬᠤᠶᠠᠳᠤᠭᠠᠷ ᠦᠶ᠎ᠠ᠎ᠶᠢᠨ ᠬᠢᠨ ᠪᠤᠯᠬᠤ ᠯᠢᠦᠢ ᠰᠢᠶᠤᠤ ᠪᠦᠸᠸ᠎ᠮᠠᠯᠴᠢᠨ ᠲᠦᠮᠡᠨ᠎ᠤ ᠪᠡᠨ ᠬᠦᠷᠢᠶᠡᠯᠡᠯ᠎ᠢ ᠤᠯᠵᠦ ᠪᠠᠶᠠᠨᠪᠤᠯᠠᠬ ᠭᠠᠴᠠᠭᠠᠨ᠎ᠤ ᠨᠠᠮ᠎ᠤᠨ ᠡᠬᠦᠷ᠎ᠤᠨ ᠱᠦᠵᠢ᠂ ᠠᠷᠡᠳ᠎ᠤᠨ ᠵᠦᠪᠯᠡᠯ᠎ᠤᠨ ᠡᠷᠬᠢᠯᠡᠭᠴᠢ ᠪᠡᠷ ᠰᠢᠭᠤᠷᠬᠠᠢᠯᠡᠨ ᠠᠵᠢᠯᠯᠠᠵᠦ ᠪᠠᠢᠭ᠎ᠠ ᠶᠤᠮ᠃ 《ᠮᠠᠯᠴᠢᠨ ᠲᠦᠮᠡᠨ᠎ᠳᠡᠭᠡᠨ ᠤᠢᠯᠡᠴᠢᠯᠡᠬᠦ ᠪᠤᠯ ᠮᠢᠨᠦ ᠲᠠᠷᠬᠠᠨ ᠬᠠᠷᠢᠭᠤᠴᠠᠯᠭ᠎ᠠ ᠮᠦᠨ》 ᠬᠡᠵᠦ ᠯᠢᠦᠢ ᠰᠢᠶᠤᠤ ᠪᠦᠸᠸ ᠬᠡᠯᠡᠬᠦ ᠶᠤᠮ᠃

ᠠᠵᠢᠯ ᠤᠢᠯᠡᠰ᠎ᠢ᠋ᠢᠡᠨ ᠲᠡᠭᠡᠳᠦᠯᠡᠭᠰᠡᠨ ᠰᠢᠨ᠎ᠠ ᠴᠠᠭ᠎ᠤᠨ ᠵᠠᠯᠠᠭᠤ

ᠬᠦᠰᠠᠯ ᠵᠤᠷᠢᠯᠳᠠ᠎ᠵᠢᠨ ᠵᠢᠨᠨ ᠲᠦᠯᠤᠭᠡ ᠬᠦᠴᠢᠷ᠎ᠢ ᠰᠦᠷᠤᠨ ᠪᠡᠷᠭᠡ᠎ᠵᠢ ᠲᠤᠭᠤᠯᠤᠨ ᠴᠤᠴᠠᠯᠳᠠ ᠦᠭᠡᠢ ᠤᠷᠤᠬᠰᠢᠯᠡᠬᠤ ᠭᠡᠭᠴᠢ ᠰᠠᠢᠬᠠᠨ᠃ ᠨᠠᠡᠭ᠎ᠴᠤ ᠲᠤᠬᠳᠠᠬᠰᠡᠨ ᠬᠠᠷᠠᠯᠳᠠ᠎ᠪᠠᠨ ᠪᠡᠶᠡᠯᠡᠭᠦᠯᠬᠦ ᠵᠢᠨ ᠲᠦᠯᠦᠭᠡ ᠶᠠᠮᠠᠷᠴᠦ ᠡᠷᠡᠭᠡᠯᠵᠡᠭᠡ ᠦᠭᠡᠢ ᠪᠡᠷ ᠨᠢᠭᠡ ᠰᠡᠳᠬᠢᠯ ᠭᠠᠭᠴᠠ ᠵᠤᠷᠢᠭ᠎ᠢ᠋ᠢᠡᠷ ᠵᠢᠳᠬᠦᠨ ᠴᠢᠷᠮᠠᠢᠬᠤ ᠭᠡᠭᠴᠢ ᠰᠢᠨ᠎ᠠ ᠴᠠᠭ ᠦᠶ᠎ᠠ᠎ᠶᠢᠨ ᠵᠠᠯᠠᠭᠤᠴᠤᠳ᠎ᠤᠨ ᠪᠠᠰᠠ ᠨᠢᠭᠡᠨ ᠤᠨᠴᠠᠯᠢᠭ ᠭᠡᠯᠳᠡᠢ᠃ ᠠᠷᠤ ᠬᠤᠷᠴᠢᠨ ᠬᠤᠰᠢᠭᠤᠨ ᠤ᠋ ᠪᠠᠯᠴᠢᠷᠤᠳ ᠰᠤᠮᠤ᠎ᠶᠢᠨ ᠲᠠᠯᠠᠨᠬᠤᠸᠠ ᠭᠠᠴᠠᠭᠠᠨ ᠤ᠋ ᠵᠤᠤ ᠶᠡᠨ ᠬᠤᠸᠠ ᠪᠤᠯ ᠶᠠᠭ ᠡᠬᠦᠨ᠎ᠤ ᠲᠤᠳᠤᠷᠡᠬᠢ ᠨᠢᠭᠡ ᠨᠢ ᠪᠤᠯᠤᠨ᠎ᠠ᠃

ᠲᠦᠴᠢᠨ ᠲᠠᠪᠤᠨ ᠨᠠᠰᠤᠨ᠎ᠤ ᠲᠦᠷᠦᠬᠡᠨ ᠳ᠋ᠤ ᠬᠢᠯᠠᠷᠠᠭ᠎ᠠ ᠵᠤᠤ ᠶᠠᠨ ᠬᠤᠸᠠ ᠪᠤᠯ ᠲᠠᠷᠢᠶᠠᠯᠠᠩ ᠤ᠋ᠨ ᠲᠤᠮᠤ ᠡᠷᠦᠭᠡ ᠪᠢᠯᠡ᠃ ᠬᠦᠬᠡ ᠤᠷᠤᠢ ᠲᠠᠢ ᠤᠷᠳᠦ ᠰᠡᠷᠡᠪᠴᠢᠨ᠎ᠤ ᠲᠤᠤᠷ᠎ᠠ ᠶᠡᠭᠡ ᠪᠠᠭ᠎ᠠ ᠨᠢ ᠠᠳᠠᠯᠢ ᠪᠤᠰᠦ᠂ ᠦᠪᠡᠷ ᠦᠪᠡᠷ᠎ᠤᠨ ᠤᠢᠯᠡᠳᠤᠯ ᠬᠡᠷᠡᠭᠴᠡᠭᠡ ᠲᠠᠢ᠂ ᠲᠡᠷᠢᠵᠦ ᠬᠠᠭᠠᠯᠪᠤᠷᠢᠯᠠᠬᠤ ᠡᠴᠠ ᠠᠪᠤᠭᠠᠳ ᠬᠠᠳᠤᠵᠦ ᠬᠤᠷᠢᠶᠡᠨ ᠪᠤᠭᠤᠳᠠᠯᠯᠡᠨ ᠠᠴᠢᠬᠤ ᠬᠦᠷᠳᠡᠯᠡᠬᠢ ᠠᠳᠠᠯᠢ ᠪᠤᠰᠦ ᠬᠡᠯᠪᠡᠷᠢ ᠪᠠᠢᠳᠠᠯ ᠲᠠᠢ ᠤᠯᠠᠨ ᠲᠠᠷᠢᠶᠠᠯᠠᠩ ᠎ᠤᠨ ᠮᠠᠰᠢᠨ ᠢ᠋ ᠵᠡᠷᠬᠡᠴᠡᠬᠦᠯᠦᠨ ᠲᠠᠯᠪᠢᠵᠠᠢ᠃ ᠴᠠᠭᠠᠨ᠎ᠠ ᠨᠢ ᠡᠷᠳᠡᠨᠢ ᠰᠢᠰᠢ ᠵᠢ ᠬᠠᠳᠠᠭᠠᠬᠤ ᠰᠤᠪᠤᠷᠭ᠎ᠠ ᠬᠤᠯᠡ ᠡᠴᠠ ᠢᠯᠡᠭᠡᠨ ᠬᠠᠷᠠᠬᠳᠠᠨ᠎ᠠ᠃ 2015 ᠤᠨ ᠡᠴᠨ ᠡᠬᠢᠯᠡᠨ ᠬᠡᠪᠴᠢᠶᠡᠵᠢᠬᠦᠯᠤᠨ ᠲᠡᠷᠢᠶᠠᠯᠠᠬᠰᠡᠨ ᠲᠠᠷᠠ ᠪᠡᠷ 200 ᠮᠸ᠋ ᠡᠷᠳᠡᠨᠢ ᠰᠢᠰᠢ ᠲᠠᠷᠢᠵᠦ ᠡᠵᠡᠡᠭᠨᠡᠵᠦ ᠪᠠᠢᠭ᠎ᠠ ᠪᠦᠭᠡᠳ ᠲᠡᠷᠢᠶᠡᠯᠠᠡᠭ᠎ᠤᠨ ᠬᠡᠷᠡᠭᠰᠡᠯ᠎ᠤᠨ ᠮᠠᠢᠮᠠᠢ ᠡᠷᠬᠢᠯᠡᠭᠡᠳ ᠮᠠᠯᠴᠢᠨ ᠲᠡᠷᠢᠶᠡᠴᠢᠳ ᠲᠠᠭᠠᠨ ᠤᠢᠯᠡᠴᠢᠯᠡᠵᠦ ᠪᠤᠢ᠃ ᠲᠠᠷᠠ ᠪᠡᠯᠴᠢᠷᠤᠳ ᠰᠤᠮᠤᠨ᠎ᠤ ᠬᠠᠭᠠᠰ ᠲᠠᠷᠢᠶᠠᠯᠠᠬᠤ ᠬᠠᠭᠠᠰ ᠮᠠᠯᠵᠢᠬᠤ ᠪᠤᠳᠠᠳᠠᠢ ᠪᠠᠢᠳᠠᠯ ᠡᠴᠠ ᠡᠬᠦᠰᠤᠨ ᠮᠠᠯᠴᠢᠨ ᠲᠡᠷᠢᠶᠡᠴᠢᠳ ᠲᠠᠭᠠᠨ ᠮᠠᠯ ᠠᠵᠦ ᠠᠬᠤᠢ ᠬᠢᠭᠡᠳ ᠲᠡᠷᠢᠶᠡᠯᠠᠡᠭ᠎ᠤᠨ ᠲᠦᠬᠦᠮ ᠲᠦᠳᠠ ᠤᠢᠯᠡᠴᠢᠯᠡᠭᠡ ᠬᠠᠡᠭᠭᠠᠬᠤ ᠪᠡ ᠬᠤᠷᠰᠢᠶᠠᠵᠢᠯ ᠬᠠᠮᠳᠤᠷᠡᠯ᠎ᠤᠨ ᠬᠦᠴᠤᠨ᠎ᠢ᠋ᠢᠡᠷ ᠵᠠᠬ᠎ᠠ ᠲᠡᠯᠬᠡᠬᠦᠷ ᠲᠸ᠋ ᠬᠠᠨᠳᠤᠨ ᠮᠠᠯᠴᠢᠳ ᠲᠡᠷᠢᠶᠡᠴᠢᠳ᠎ᠤᠨ᠎ᠢ᠋ᠢᠡᠨ ᠤᠷᠤᠯᠭ᠎ᠠ᠎ᠵᠢ ᠨᠡᠮᠡᠭᠳᠡᠬᠦᠯᠬᠦ ᠪᠡᠷ ᠤᠶᠤᠨ ᠲᠡᠷᠢᠬᠢ ᠪᠡᠨ ᠰᠢᠪᠬᠠᠵᠦ ᠢᠷᠡᠵᠡᠢ᠃ ᠡᠨᠡ ᠬᠦ᠌ ᠬᠦᠰᠠᠯ ᠵᠤᠷᠢᠯᠳᠠ ᠡᠴᠠ ᠪᠤᠯᠵᠦ ᠵᠤᠤ ᠶᠡᠨ ᠬᠤᠸᠨ ᠪᠠᠷᠤᠬ ᠵᠢᠯ ᠪᠤᠯᠭᠠᠨ ᠮᠠᠯᠴᠢᠤᠨ᠎ᠢ ᠬᠠᠪᠰᠤᠷᠤᠨ ᠲᠡᠳᠡᠨ᠎ᠤ ᠲᠡᠷᠢᠶᠡᠨ ᠭᠠᠵᠠᠷ᠎ᠢ ᠨᠢ ᠤᠷᠪᠠᠭᠤᠯᠵᠦ ᠦᠭᠬᠦ ᠡᠴᠠ ᠠᠪᠤᠭᠠᠳ ᠲᠠᠷᠢᠶ᠎ᠠ ᠵᠢ ᠨᠢ  ᠲᠠᠷᠢᠵᠦ ᠦᠭᠬᠦ᠂ ᠲᠠᠷᠢᠶᠠᠨ ᠡᠮ ᠰᠦᠷᠴᠢᠬᠦ᠂ ᠬᠠᠳᠤᠵᠤ ᠬᠤᠷᠢᠶᠠᠬᠤ ᠬᠦᠷᠳᠡᠯ᠎ᠡ ᠪᠦᠬᠦ ᠶᠠᠪᠤᠴᠠ ᠳ᠋ᠤ ᠦᠢᠯᠡᠴᠢᠯᠡᠬᠦ ᠪᠦᠭᠡᠳ ᠺᠠᠢᠯᠤ ᠰᠢᠶᠠᠨ᠂ ᠴᠢᠪᠠᠭ᠎ᠠ ᠪᠠᠯᠭᠠᠰᠤᠨ ᠳ᠋ᠤ ᠬᠦᠷᠴᠦ᠂ ᠲᠡᠳᠡᠨ᠎ᠳᠦ ᠲᠠᠷᠢᠶᠠᠯᠠᠩ ᠤᠢᠯᠡᠳᠪᠦᠷᠢᠯᠡᠯ ᠤ᠋ᠨ ᠪᠠᠭᠠᠵᠢ ᠬᠡᠷᠡᠭᠰᠡᠯ᠂ ᠲᠠᠷᠢᠶᠠᠨ ᠦᠷ᠎ᠡ᠂ ᠬᠢᠮᠢ ᠵᠢᠨ ᠪᠤᠷᠳᠤᠭᠤᠷ᠂ ᠲᠤᠰᠤᠯᠭᠠᠨ ᠤᠰᠤᠯᠠᠬᠤ ᠭᠤᠤᠷᠰᠦ ᠵᠡᠷᠭᠡ᠎ᠵᠢ ᠬᠤᠳᠠᠯᠳᠤᠨ ᠠᠪᠴᠦ ᠦᠭᠳᠡᠭ᠃ ᠮᠦᠨ ᠴᠤ᠌ ᠨᠠᠮᠤᠷ ᠪᠤᠯᠪᠠᠯ ᠮᠠᠯᠴᠢᠳ ᠤ᠋ᠨ᠎ᠢ᠋ᠢᠡᠨ ᠡᠷᠳᠡᠨᠢ ᠰᠢᠰᠢ ᠵᠢ ᠵᠠᠬ᠎ᠠ ᠲᠡᠯᠬᠡᠬᠦᠷ᠎ᠤᠨ ᠬᠠᠡᠭᠰᠢ ᠡᠴᠠ ᠦᠨ᠎ᠠ ᠲᠠᠢ ᠬᠤᠳᠠᠯᠳᠤᠨ ᠠᠪᠴᠦ ᠲᠡᠳᠡᠨ᠎ᠤ ᠠᠮᠢᠳᠤᠷᠡᠯ ᠠᠬᠤᠢ᠎ᠳᠤᠨᠢ ᠲᠤᠰᠠᠯᠠᠳᠠᠭ ᠪᠠᠢᠨ᠎ᠠ᠃ ᠤᠨᠴᠠᠭᠠᠢᠯᠡᠨ ᠡᠨᠡ ᠵᠢᠯ 300 ᠭᠠᠷᠤᠢ ᠲᠦᠮᠡᠨ ᠲᠦᠬᠦᠷᠢᠭ ᠤ᠋ᠨ ᠲᠠᠷᠢᠶᠠᠯᠠᠩ ᠤ᠋ᠨ ᠬᠡᠷᠡᠭᠰᠡᠯ ᠤᠷᠤᠭᠤᠯᠤᠬᠰᠡᠨ ᠪᠤᠯᠪᠡᠴᠦ ᠮᠠᠯᠴᠢᠳ᠎ᠤᠨ ᠮᠠᠯ ᠤᠨᠤᠭ᠎ᠠ ᠲᠠᠷᠭᠤ ᠬᠦᠴᠦ ᠰᠤᠯᠠ ᠲᠤᠯᠡ ᠬᠤᠳᠠᠯᠳᠤᠵᠦ ᠠᠷᠠᠯᠵᠢᠶᠠᠯᠠᠬᠤ᠎ᠳᠦ ᠦᠨ᠎ᠠ ᠲᠤᠤᠷ᠎ᠠ᠎ᠵᠢ ᠪᠤᠳᠤᠵᠦ 200 ᠭᠠᠷᠤᠢ ᠲᠦᠮᠡᠨ ᠲᠦᠬᠦᠷᠢᠭ᠎ᠤᠨ ᠱᠠᠭᠡᠯᠡᠭᠡ ᠲᠠᠯᠪᠢᠵᠦ 《ᠬᠤᠷᠠᠭ᠎ᠠ ᠪᠠᠨ ᠬᠤᠳᠠᠯᠳᠤᠪᠠᠯ ᠦᠭᠴᠢᠭᠡ》  ᠬᠡᠵᠦ ᠬᠡᠯᠡᠭᠰᠡᠨ ᠪᠠᠢᠵᠠᠢ᠃ ᠡᠳᠤᠷ᠎ᠤᠨ ᠤᠳᠠᠭᠠᠨ᠎ᠳᠠᠭᠠᠨ ᠬᠢᠳᠡᠳ ᠵᠠᠯᠠᠭᠤ ᠵᠤᠤ ᠶᠡᠨ ᠬᠤᠸᠠ ᠮᠠᠯᠴᠢᠤᠨ᠎ᠤᠨ ᠲᠤᠳᠤᠨᠤ ᠬᠠᠨᠢ ᠪᠤᠯᠵᠦ 《ᠮᠠᠨ᠎ᠤ ᠶᠡᠨ ᠬᠤᠸᠠ ᠰᠡᠷᠬᠦᠯᠠᠡᠭ ᠵᠠᠯᠠᠭᠤ ᠰᠢᠤ》 ᠬᠡᠵᠦ ᠡᠷᠡᠬᠡᠢ ᠭᠠᠷᠭᠠᠨ ᠮᠠᠬᠳᠠᠵᠠᠭᠠᠨ᠎ᠠ᠃

ᠤᠷᠵᠢᠨᠤᠨ ᠵᠤᠨ᠎ᠤ ᠤᠴᠢᠷ ᠪᠠᠢᠵᠤ ᠪᠢᠯᠡ᠃ ᠮᠠᠯᠴᠢᠨ ᠰᠠᠩᠳᠦ᠋ᠬᠦᠷᠡᠩ ᠠᠷᠪᠠᠨ ᠬᠡᠳᠦᠨ ᠮᠸ᠋ ᠲᠠᠷᠢᠶᠠᠨ  ᠳ᠋ᠠᠭᠠᠨ ᠡᠪᠡᠰᠦ ᠠᠷᠢᠯᠭᠠᠬᠴᠢ ᠡᠮ ᠰᠦᠷᠴᠢᠭᠰᠡᠨ ᠪᠠᠢᠯ᠎ᠠ᠃ ᠵᠤᠤ ᠶᠠᠨ ᠬᠤᠸᠠ ᠲᠠᠷᠢᠶ᠎ᠠ ᠪᠡᠨ ᠡᠷᠬᠢᠨ ᠦᠵᠡᠬᠦ  ᠪᠡᠷ ᠬᠦᠷᠬᠦᠯᠡᠷ ᠲᠡᠳᠡᠨ᠎ᠤ ᠲᠠᠷᠢᠶ᠎ᠠ ᠲᠠᠢ ᠨᠠᠭᠠᠯᠳᠤᠵᠤ ᠪᠠᠢᠭ᠎ᠠ ᠰᠠᠩᠳᠦ᠋ᠬᠦᠷᠡᠩ ᠤ᠋ᠨ  ᠲᠠᠷᠢᠶᠠᠨ ᠤ᠋ ᠡᠷᠳᠡᠨᠢ ᠰᠢᠰᠢ ᠵᠢᠨ ᠴᠢᠬᠢ  ᠨᠢ ᠪᠦᠷ ᠰᠢᠷᠠᠯᠠᠨ ᠦᠬᠦᠰᠢᠷᠡᠴᠢᠬᠡᠭᠰᠡᠨ᠎ᠢ ᠤᠯᠵᠤ ᠬᠠᠷᠠᠪᠠ᠃ ᠵᠤᠤ ᠶᠠᠨ ᠬᠤᠸᠠ  ᠤᠯᠠᠨ ᠵᠢᠯ ᠤ᠋ᠨ ᠲᠠᠷᠢᠶ᠎ᠠ ᠲᠠᠷᠢᠬᠰᠠᠨ ᠲᠤᠷᠰᠢᠯᠭ᠎ᠠ  ᠪᠡᠷ  ᠵᠢᠡᠨ ᠡᠪᠡᠰᠦ ᠠᠷᠢᠯᠭᠠᠬᠤ ᠡᠮ  ᠨᠢ ᠬᠡᠳᠦᠷᠡᠭᠰᠡᠨ  ᠪᠤᠯᠬᠤ  ᠵᠢ ᠦᠵᠡᠮᠡᠭᠴᠡ  ᠭᠠᠳᠠᠷᠯᠠᠵᠦ᠂ ᠠᠪᠴᠤ ᠶᠠᠪᠤᠭ᠎ᠠ  ᠬᠤᠤᠷ ᠲᠠᠢᠯᠬᠤ ᠡᠮ ᠵᠢᠡᠨ ᠰᠠᠩᠳᠦ᠋ᠬᠦᠷᠡᠩ ᠤ᠋ᠨ ᠲᠠᠷᠢᠶᠠᠨ ᠳ᠋ᠦ ᠰᠦᠷᠴᠢᠵᠦ ᠦᠭᠪᠡ᠃ ᠬᠡᠳᠤᠨ ᠡᠳᠤᠷ᠎ᠤᠨ ᠲᠠᠷᠠᠭ᠎ᠠ᠂ ᠰᠠᠩᠳᠦ᠋ᠬᠦᠷᠡᠩ ᠲᠠᠷᠢᠶᠡᠨ᠎ᠳᠠᠭᠠᠨ ᠢᠷᠡᠬᠦ᠎ᠳᠦ᠂ ᠡᠮ  ᠳ᠋ᠤ ᠬᠤᠤᠷᠳᠠᠬᠳᠠᠬᠰᠠᠨ ᠨᠢᠯᠬ᠎ᠠ  ᠴᠢᠬᠢ ᠨᠢ ᠠᠭᠠᠵᠢᠮ ᠳ᠋ᠠᠭᠠᠨ ᠠᠮᠢᠯᠠᠭᠠᠳ ᠨᠠᠷᠠ ᠬᠤᠷ᠎ᠠ  ᠵᠢᠨ ᠰᠢᠮ᠎ᠡ  ᠪᠡᠷ ᠰᠡᠷᠪᠡᠯᠵᠡᠩᠬᠡᠨ ᠪᠠᠢᠯ᠎ᠠ᠃

ᠪᠤᠳᠤᠬᠰᠠᠨ ᠵᠤᠷᠢᠬᠰᠠᠨ᠎ᠤ ᠪᠡᠨ ᠬᠤᠢᠨ᠎ᠠ ᠡᠴᠡ ᠪᠤᠷᠪᠢ ᠪᠤᠬᠢᠰᠬᠢᠯ ᠦᠭᠡᠢ ᠵᠢᠳᠭᠦᠵᠦ ᠶᠠᠪᠤᠬᠰᠡᠨ ᠲᠠᠷᠠ ᠤᠷᠢᠳ ᠬᠤᠵᠢᠳ ᠠᠷᠤ ᠬᠤᠷᠴᠢᠨ ᠬᠤᠰᠢᠭᠤᠨ ᠤ᠋ ᠪᠠᠯᠴᠢᠷᠤᠳ ᠰᠤᠮᠤ ᠵᠢᠨ ᠵᠤᠤ ᠶᠠᠨ ᠬᠤᠸᠠ ᠲᠠᠷᠢᠶᠠᠯᠠᠩ ᠤ᠋ᠨ ᠬᠡᠷᠡᠭᠰᠡᠯ ᠤ᠋ᠨ ᠪᠤᠷᠤᠯᠠᠭᠤᠯᠭ᠎ᠠ ᠵᠢᠨ ᠲᠡᠯᠬᠡᠬᠦᠷ ᠪᠤᠯᠤᠨ ᠠᠷᠤ ᠬᠤᠷᠴᠢᠨ ᠬᠤᠰᠢᠭᠤᠨ ᠤ᠋ ᠪᠠᠢ ᠵᠢᠶᠠ ᠠᠷᠠᠯᠵᠢᠶ᠎ᠠ ᠬᠤᠳᠠᠯᠳᠤᠭᠠᠨ ᠤ᠋ ᠬᠢᠵᠠᠭᠠᠷᠳᠤ ᠺᠤᠮᠫᠠᠨᠢ᠎ᠵᠢ ᠪᠠᠢᠭᠤᠯᠤᠨ ᠬᠤᠯᠡ᠎ᠶᠢᠨ ᠪᠤᠳᠤᠯ ᠲᠠᠢ ᠲᠡᠮᠡᠤᠯᠤᠨ᠎ᠠ᠃ 《ᠮᠠᠨ᠎ᠤ ᠲᠠᠯᠠᠨᠬᠤᠸᠠ ᠭᠠᠴᠠᠭ᠎ᠠ ᠪᠤᠯ 〈ᠦᠪᠡᠷᠳᠡᠬᠡᠨ ᠵᠠᠰᠠᠬᠤ ᠤᠷᠤᠨ ᠦᠨᠳᠦᠰᠦᠳᠡᠨ ᠤ᠋ ᠪᠦᠯᠬᠦᠮᠳᠡᠯ ᠲᠠᠪᠰᠢᠯᠳᠠ᠎ᠶᠢᠨ ᠵᠢᠱ᠌ᠢᠶ᠎ᠡ ᠦᠵᠡᠬᠦᠯᠬᠦ ᠭᠠᠴᠠᠭ᠎ᠠ〉 ᠬᠡᠬᠦ ᠰᠠᠢᠬᠠᠨ ᠠᠯᠳᠡᠷ ᠲᠠᠢ᠃ ᠡᠨᠡ ᠬᠦ᠌ ᠦᠡᠭᠭᠡ ᠬᠡᠷᠡᠯ ᠢᠷᠠᠭᠤ ᠠᠯᠳᠡᠷ᠎ᠢ᠋ᠢᠡᠨ ᠨᠠᠨᠳᠢᠡᠭᠨᠠᠨ᠂ ᠰᠢᠨ᠎ᠠ ᠴᠠᠭ ᠦᠶ᠎ᠠ᠎ᠶᠢᠨ ᠵᠠᠯᠠᠭᠤᠰ᠎ᠤᠨ ᠡᠬᠦᠷᠭᠡ ᠬᠠᠷᠢᠭᠤᠴᠠᠯᠭ᠎ᠠ ᠪᠠᠨ ᠵᠤᠷᠢᠬᠳᠠᠢ ᠡᠬᠦᠷᠭᠡᠯᠡᠵᠦ᠂ ᠮᠠᠯᠴᠢᠨ ᠲᠠᠷᠢᠶᠡᠴᠢᠳ ᠲᠠᠢ ᠪᠠᠨ ᠬᠠᠮᠳᠦ ᠦᠵᠡᠰᠬᠦᠯᠡᠡᠭᠳᠦ ᠰᠠᠢᠠᠬᠨ ᠬᠦᠳᠡᠭᠡ ᠨᠤᠳᠤᠭ᠎ᠢ᠋ᠢᠡᠨ ᠴᠤᠬᠴᠠᠯᠠᠨ᠎ᠠ》 ᠬᠡᠵᠦ ᠵᠤᠤ ᠶᠡᠨ ᠬᠤᠸᠠ ᠦᠪᠡᠷ᠎ᠤᠨ᠎ᠢ᠋ᠢᠡᠨ ᠲᠤᠬᠠᠢ  ᠢᠡᠭᠬᠢᠵᠦ ᠶᠡᠷᠢᠵᠦ ᠪᠢᠯᠡ᠃

ᠬᠠᠢᠷ᠎ᠠ᠎ᠶᠢᠨ ᠤᠶᠠᠡᠭᠭ᠎ᠠ᠂ ᠰᠡᠳᠬᠢᠯ᠎ᠤᠨ ᠤᠶᠠᠭ᠎ᠠ ᠲᠠᠢ ᠠᠮᠢᠳᠤᠷᠡᠯ ᠬᠡᠵᠦ ᠡᠢᠮᠦ ᠯᠠ ᠭᠤᠶᠤᠬᠠᠨ᠃ ᠲᠠᠳᠠ ᠰᠡᠳᠬᠢᠯ᠎ᠤᠨ ᠲᠡᠡᠭᠭᠡᠭᠡ ᠡᠴᠠ ᠤᠨᠳᠤᠷᠤᠬᠰᠡᠨ ᠢᠲᠡᠭᠡᠯ ᠎ᠦᠨ ᠬᠦᠴᠤᠨ᠎ᠳᠡᠭᠡᠨ ᠦᠢᠯᠡᠰ᠎ᠤᠨ ᠲᠦᠷᠦᠭᠡ ᠰᠤᠩᠭᠠᠵᠤ᠂ ᠠᠵᠢᠯᠴᠢ ᠪᠠᠭᠠᠳᠤᠷ ᠮᠠᠯᠴᠢᠨ ᠲᠡᠷᠢᠶᠡᠴᠢᠳ ᠲᠠᠭᠠᠨ ᠠᠬᠢᠯᠳᠠ ᠲᠠᠪᠰᠢᠯᠳᠠ ᠵᠢᠨ ᠵᠢᠯᠤᠭᠤ ᠠᠳᠬᠤᠭᠤᠯᠤᠨᠠᠮ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号