ᠢᠮᠠᠬᠤ ᠵᠡᠭᠦᠦ ᠡᠴᠡ ᠰᠤᠨᠤᠯᠵᠠᠭᠰᠠᠨ ᠦᠭᠡᠳᠡᠯᠡᠬᠦ᠌ ᠠᠮᠢᠳᠤᠷᠠᠯ᠎ᠤᠨ ᠬᠠᠷᠭᠤᠢ
2023-07-28 20:12:04
ᠵᠣᠬᠢᠶᠠᠭ᠍ᠴᠢ᠄
ᠵᠤᠤ ᠮᠢᠩ ᠯᠢᠶᠠᠩ ᠰᠡᠷᠭᠦᠯᠡᠩᠴᠡᠴᠡᠭ ᠬᠦᠪᠴᠢᠨ
ᠣᠩᠱᠢᠭ᠍ᠰᠠᠨ ᠣᠳᠠᠭ᠎ᠠ᠄
★★★☆☆

● ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤ 《ᠨᠢᠭᠡ ᠬᠤᠱᠢᠭᠤ ᠶᠢᠰᠦᠨ ᠱᠢᠶᠠᠩ᠎ᠤᠨ ᠲᠠᠪᠤᠨ ᠵᠦᠢᠯ᠎ᠤᠨ ᠪᠤᠳᠠᠰ᠎ᠤᠨ ᠪᠤᠰᠤ ᠰᠤᠶᠤᠯ᠎ᠤᠨ ᠥᠪ》 ᠤ᠋ᠨ ᠰᠤᠶᠤᠯ᠎ᠤᠨ ᠨᠠᠷᠢᠨ ᠠᠭᠤᠯᠭ᠎ᠠ᠎ᠳᠤ ᠰᠠᠭᠤᠷᠢᠯᠠᠨ᠂ ᠦᠨᠳᠦᠰᠦᠳᠡᠨ᠎ᠨᠦᠭᠦᠳ᠎ᠤᠨ ᠤᠯᠠᠨ ᠲᠦᠮᠡᠨ᠎ᠳᠤ ᠢᠳᠡᠪᠬᠢᠳᠠᠢ᠎ᠪᠠᠷ 《ᠵᠠᠮ ᠳᠡᠪᠢᠰᠴᠤ᠌᠂ ᠲᠠᠪᠴᠠᠩ ᠪᠠᠢᠭᠤᠯᠤᠨ᠂ ᠱᠠᠲᠤ ᠪᠤᠰᠭᠠᠵᠤ》᠂ ᠰᠤᠶᠤᠯ ᠤᠷᠠᠯᠢᠭ᠎ᠢ ᠤᠬᠠᠭᠤᠯᠤᠨ ᠤᠯᠠᠮᠵᠢᠯᠠᠬᠤ ᠠᠷᠭ᠎ᠠ ᠠᠪᠴᠠᠯ᠎ᠢᠶᠠᠷ ᠲᠠᠮᠵᠢᠭᠤᠯᠤᠨ᠂ ᠳᠤᠮᠳᠠᠳᠤ᠎ᠶ᠋ᠢᠨ ᠤᠯᠠᠮᠵᠢᠯᠠᠯᠳᠤ ᠰᠤᠶᠤᠯ᠂ ᠬᠤᠪᠢᠰᠭᠠᠯᠳᠤ ᠰᠤᠶᠤᠯ᠂ ᠨᠡᠢᠭᠡᠮ ᠵᠢᠷᠤᠮ᠎ᠤᠨ ᠲᠡᠷᠢᠭᠦᠨ᠎ᠤ ᠰᠤᠶᠤᠯ᠎ᠢ ᠪᠠᠳᠠᠷᠠᠭᠤᠯᠤᠨ ᠲᠡᠯᠭᠡᠷᠡᠭᠦᠯᠦᠨ᠎ᠡ᠃

● 2016 ᠣᠨ᠎ᠠᠴᠠ ᠡᠬᠢᠯᠡᠵᠦ᠍᠂ ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤ ᠲᠠᠷᠢᠶᠠᠴᠢᠳ᠎ᠤᠨ ᠤᠷᠤᠯᠭ᠎ᠠ᠎ᠶ᠋ᠢ ᠨᠡᠮᠡᠭ᠌ᠳᠡᠭᠦᠯᠬᠦ᠌ ᠵᠤᠷᠢᠯᠭ᠎ᠠ᠎ᠪᠠᠷ ᠦᠨ᠎ᠡ ᠲᠦᠯᠦᠪᠦᠷᠢ ᠦᠭᠡᠢ 《ᠤᠷᠠᠨ ᠬᠠᠳᠭᠤᠮᠠᠯ》 ᠤ᠋ᠨ ᠪᠤᠯᠪᠠᠰᠤᠷᠠᠯ᠎ᠤᠨ ᠠᠩᠭᠢ᠎ᠶ᠋ᠢ 30 ᠭᠠᠷᠤᠢ ᠤᠳᠠᠭ᠎ᠠ ᠡᠷᠬᠢᠯᠡᠨ᠂ ᠨᠡᠢᠲᠡ 200 ᠭᠠᠷᠤᠢ ᠡᠯ᠎ᠡ ᠦᠨᠳᠦᠰᠦᠳᠡᠨ᠎ᠤ ᠬᠠᠳᠭᠤᠮᠠᠯᠴᠢᠳ᠎ᠢ ᠬᠦᠮᠦᠵᠢᠭᠦᠯᠪᠡ᠃

● 《ᠳᠥᠷᠪᠡᠨ ᠨᠢᠭᠡᠳᠦᠯ》 ᠤ᠋ᠨ ᠠᠷᠭ᠎ᠠ ᠬᠡᠮᠵᠢᠶ᠎ᠡ᠄ ᠲᠠᠷᠤᠢ ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠮᠣᠩᠭᠣᠯ ᠦᠨᠳᠦᠰᠦᠲᠡᠨ᠎ᠤ ᠬᠠᠳᠭᠤᠮᠠᠯ᠎ᠤᠨ ᠨᠡᠢᠭᠡᠮᠯᠢᠭ᠎ᠠᠴᠠ ᠡᠯ᠎ᠡ ᠦᠨᠳᠦᠰᠦᠲᠡᠨ᠎ᠤ ᠬᠠᠳᠭᠤᠮᠠᠯᠴᠢᠳ ᠲᠦ᠍ ᠨᠢᠭᠡᠳᠦᠯᠲᠡᠢ ᠪᠤᠯᠪᠠᠰᠤᠷᠠᠭᠤᠯᠤᠨ᠂ ᠨᠢᠭᠡᠳᠦᠯᠲᠡᠢ ᠬᠠᠮᠢᠶᠠᠷᠴᠤ᠌᠂ ᠨᠢᠭᠡᠳᠦᠯᠲᠡᠢ ᠵᠠᠬᠢᠶᠠᠯᠠᠨ᠂ ᠨᠢᠭᠡᠳᠦᠯᠲᠡᠢ ᠳ᠋ᠦᠩᠨᠡᠨ ᠪᠣᠳᠣᠬᠤ᠎ᠶ᠋ᠢ ᠬᠡᠷᠡᠭ᠌ᠵᠢᠭᠦᠯᠵᠦ᠍ ᠪᠠᠢᠭ᠎ᠠ᠎ᠶ᠋ᠢᠨ ᠵᠤᠷᠢᠯᠭ᠎ᠠ᠎ᠨᠢ ᠲᠡᠳᠡ ᠨᠡᠷ᠎ᠤᠨ ᠡᠨᠡ ᠬᠦ᠌ ᠶᠠᠪᠤᠴᠠ᠎ᠳᠤ ᠬᠠᠷᠢᠯᠴᠠᠨ ᠲᠡᠳᠭᠦᠨ ᠲᠡᠮᠵᠢᠵᠦ᠍᠂ ᠬᠠᠮᠲᠤ᠎ᠪᠠᠷ ᠬᠦᠭ᠌ᠵᠢᠨ᠂ ᠬᠠᠮᠳᠤ᠎ᠪᠠᠷ ᠪᠠᠶᠠᠵᠢᠬᠤ ᠎ᠶ᠋ᠢ ᠪᠡᠶᠡᠯᠡᠭᠦᠯᠬᠦ᠌᠎ᠶ᠋ᠢᠨ ᠲᠦᠯᠦᠭᠡ ᠶᠤᠮ᠃



ᠲᠦᠱᠢᠶᠡᠳᠤ ᠨᠤᠲᠤᠭ᠎ᠤᠨ ᠡᠯᠢᠭᠡᠨ᠎ᠳᠤ ᠬᠡᠳᠤᠨ ᠵᠠᠭᠤᠨ ᠵᠢᠯ᠎ᠢᠶᠠᠷ ᠰᠦᠭ᠌ᠯᠡᠢᠨ ᠤᠷᠭᠤᠭ᠎ᠠ ᠪᠠᠳᠤᠴᠠᠭᠠᠨ ᠮᠤᠳᠤ᠎ᠨᠢ ᠨᠠᠮᠠᠭ᠎ᠠ ᠨᠠᠮᠠᠭ᠎ᠠ᠎ᠪᠠᠨ ᠲᠡᠷᠡᠯᠡᠨ᠂ ᠦᠨᠳᠦᠰᠦ ᠦᠨᠳᠦᠰᠦ᠎ᠪᠠᠷ᠎ᠢᠶᠠᠨ ᠬᠤᠯᠪᠤᠯᠳᠤᠭ᠍ᠰᠠᠭᠠᠷ ᠡᠯᠪᠡᠭ ᠬᠤᠷᠢᠶᠠᠯᠳᠠ᠂ ᠡᠪ ᠪᠦᠯᠭᠦᠮᠳᠡᠯ᠎ᠤᠨ ᠪᠡᠯᠭᠡᠳᠡᠯ ᠪᠤᠯᠤᠭ᠍ᠰᠠᠭᠠᠷ ᠢᠷᠡᠵᠦ᠍ ᠪᠢᠯᠡ᠃

《ᠲᠠᠷᠢᠶᠠᠴᠢᠨ ᠪᠦᠰᠡᠭᠦᠢ ᠬᠦᠸᠧ ᠱᠤ᠌ ᠬᠤᠩ 15000 ᠲᠦᠭᠦᠷᠢᠭ᠎ᠤᠨ ᠬᠦᠯᠦᠰᠦ᠎ᠪᠠᠷ ᠮᠤᠩᠭᠤᠯ ᠬᠠᠳᠭᠤᠮᠠᠯ ᠤᠷᠠᠯᠠᠬᠤ ᠠᠵᠢᠯ ᠲᠤᠰᠤᠭᠠᠳ ᠬᠢᠵᠦ᠍ ᠪᠤᠢ》 ᠭᠡᠰᠡᠨ ᠰᠤᠷᠠᠭ᠎ᠢᠶᠠᠷ ᠮᠠᠨ᠎ᠤ ᠰᠤᠷᠪᠤᠯᠵᠢᠯᠠᠭ᠎ᠠ᠎ᠶ᠋ᠢᠨ ᠵᠢᠯᠤᠭᠤ ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠲᠠᠢᠴᠢᠨᠳᠠᠯ᠎ᠠ ᠰᠤᠮᠤ᠎ᠶ᠋ᠢᠨ᠎ᠶ᠋ᠢᠨ ᠱᠢᠩ ᠭᠠᠴᠠᠭ᠎ᠠ᠎ᠶ᠋ᠢ ᠴᠢᠭ᠌ᠯᠡᠭ᠌ᠰᠡᠨ ᠪᠢᠯᠡ᠃

ᠡᠷᠲᠡ᠎ᠶ᠋ᠢᠨ ᠨᠠᠷᠠ᠎ᠶ᠋ᠢ ᠤᠭ᠍ᠳᠤᠨ ᠪᠠᠳᠤᠴᠠᠭᠠᠨ᠎ᠤ ᠤᠢ ᠲᠤᠮᠳᠠᠭᠤᠷ ᠬᠠᠭᠠᠰ ᠴᠠᠭ ᠬᠢᠷᠢᠳᠠᠢ ᠠᠶᠠᠯᠠᠭᠠᠳ᠎ᠶ᠋ᠢᠨ ᠱᠢᠩ ᠭᠠᠴᠠᠭᠠᠨ᠎ᠳᠤ ᠬᠦᠷᠪᠡᠯ᠂ ᠮᠦᠷᠦ᠍ ᠲᠠᠷᠠᠭᠠᠯᠠᠨ ᠵᠢᠭ᠌ᠳᠡᠷᠡᠭ᠌ᠰᠡᠨ ᠬᠤᠷᠤᠭ᠎ᠠ ᠬᠠᠱᠢᠶ᠎ᠠ᠂ ᠨᠢᠭᠡᠳᠦᠯᠳᠠᠢ ᠲᠦᠯᠦᠪᠵᠢᠭᠦᠯᠦᠨ ᠴᠡᠭ᠌ᠴᠡᠯᠡᠭ᠌ᠰᠡᠨ ᠰᠠᠭᠤᠭᠠᠯᠢ ᠠᠷᠠᠳ᠎ᠤᠨ ᠭᠡᠷ ᠪᠠᠢᠱᠢᠩ᠎ᠤᠨ ᠲᠤᠮᠳᠠᠭᠤᠷ ᠴᠡᠪᠡᠷ ᠲᠠᠷᠳᠠᠩ ᠵᠠᠰᠠᠮᠠᠯ ᠵᠠᠮ ᠲᠡᠷᠲᠡᠭᠡ ᠠᠯᠤᠰ᠎ᠢ ᠵᠤᠷᠢᠨ ᠰᠤᠨᠤᠯᠵᠠᠵᠦ᠂ ᠴᠡᠩᠬᠡᠭ ᠤᠰᠤᠨ ᠢᠷᠠᠯᠵᠠᠨ ᠱᠢᠰᠢ᠎ᠶ᠋ᠢᠨ ᠲᠠᠷᠢᠶ᠎ᠠ ᠬᠠᠯᠢᠭᠤᠷᠠᠵᠤ᠂ ᠬᠦᠳᠡᠭᠡ ᠲᠤᠰᠭᠤᠨ᠎ᠤ ᠬᠦᠭ᠌ᠵᠢᠯ᠎ᠤᠨ ᠱᠢᠨ᠎ᠡ ᠲᠦᠷᠬᠦ᠌ ᠬᠠᠷᠠᠭ᠎ᠠ᠎ᠶ᠋ᠢ ᠮᠢᠯᠢᠶᠠᠨ᠂ ᠰᠡᠳᠭᠢᠯ᠎ᠢ ᠪᠠᠶᠠᠰᠭᠠᠨ᠎ᠠ᠃

— ᠪᠠᠳᠤᠴᠠᠭᠠᠨ᠎ᠢ ᠤᠷᠠᠯᠠᠬᠤ᠎ᠳᠤ ᠨᠢᠭᠡ ᠬᠦᠭ᠎ᠢᠶᠠᠷ ᠲᠡᠭ᠌ᠰᠢᠭᠡᠨ ᠬᠠᠳᠭᠤᠭᠠᠳ ᠪᠤᠯᠬᠤ ᠪᠢᠰᠢ᠂ ᠬᠠᠷᠢᠨ ᠤᠳᠠᠰᠤᠨ᠎ᠤ᠎ᠪᠠᠨ ᠨᠠᠷᠢᠨ ᠪᠦᠳᠦᠭᠦᠨ᠎ᠢ ᠵᠤᠬᠢᠰᠳᠠᠢ ᠲᠤᠬᠢᠷᠠᠭᠤᠯᠵᠤ ᠪᠠᠢᠭᠠᠳ ᠵᠠᠷᠢᠮ ᠭᠠᠵᠠᠷ᠎ᠢ᠎ᠨᠢ ᠵᠡᠷᠭᠡᠴᠡᠭᠡ᠎ᠪᠠᠷ ᠵᠠᠷᠢᠮ ᠭᠠᠵᠠᠷ᠎ᠢ᠎ᠨᠢ ᠰᠤᠯᠪᠢᠴᠠᠭᠤᠯᠤᠨ ᠱᠢᠪᠡᠵᠦ᠍᠂ ᠨᠠᠪᠴᠢ ᠨᠠᠮᠠᠭ᠎ᠠ᠎ᠶ᠋ᠢ᠎ᠨᠢ ᠨᠠᠷᠢᠯᠢᠭ ᠱᠢᠤᠬᠠᠨ᠂ ᠮᠦᠴᠢᠷ ᠰᠠᠯᠠᠭ᠎ᠠ᠎ᠶ᠋ᠢ᠎ᠨᠢ ᠪᠦᠳᠦᠭᠦᠯᠢᠭ ᠱᠢᠭ ᠬᠠᠳᠭᠤᠪᠠᠯ ᠰᠠᠶᠢ ᠦᠩᠭᠡ ᠢᠯᠭᠠᠷᠠᠨ᠂ ᠲᠡᠰ ᠬᠤᠪᠢᠶᠠᠭ᠍ᠳᠠᠵᠤ ᠤᠯᠠᠮ ᠪᠤᠯᠪᠠᠰᠤᠷᠠᠩᠭᠤᠢ ᠪᠦᠳᠦᠭᠡᠯ ᠪᠤᠯᠵᠤ ᠴᠢᠳᠠᠬᠤ ᠶᠤᠮ ᠭᠡᠵᠦ᠍ ᠲᠤᠮᠳᠠ᠎ᠶ᠋ᠢᠨ ᠨᠠᠰᠤᠨ᠎ᠤ ᠨᠢᠭᠡᠨ ᠡᠮᠡᠭ᠌ᠳᠡᠢ ᠦᠪᠡᠷ᠎ᠢ᠎ᠨᠢ ᠲᠤᠭᠤᠷᠢᠵᠤ ᠰᠠᠭᠤᠭ᠎ᠠ ᠪᠦᠰᠡᠭᠦᠢᠴᠤᠳ᠎ᠲᠤ ᠬᠠᠨᠳᠤᠨ ᠲᠠᠢᠯᠪᠤᠷᠢᠯᠠᠵᠤ ᠪᠠᠢᠭ᠍ᠰᠠᠨ᠎ᠨᠢ ᠮᠠᠨ᠎ᠤ ᠰᠤᠷᠪᠤᠯᠵᠢᠯᠠᠭ᠎ᠠ᠎ᠶ᠋ᠢᠨ ᠡᠵᠡᠨ ᠭᠦᠸᠧ ᠱᠤ᠌ ᠬᠤᠩ ᠪᠠᠢᠯ᠎ᠠ᠃


微信图片_20230730174821.jpg


ᠠᠯᠠᠭᠠᠨ ᠴᠢᠨᠡᠭᠡᠭᠡᠨ ᠪᠠᠳᠤᠴᠠᠭᠠᠨ᠎ᠤ ᠰᠡᠭᠦᠳᠡᠷ᠎ᠢ ᠠᠯᠳᠠ ᠬᠢᠷᠢᠳᠠᠢ ᠲᠤᠮᠤᠬᠠᠨ ᠪᠦᠰᠡᠡ ᠲᠡᠭᠡᠷ᠎ᠡ ᠤᠷᠠᠨ ᠬᠤᠶᠠᠷ ᠭᠠᠷ᠎ᠢᠶᠠᠷ᠎ᠢᠶᠠᠨ ᠠᠮᠢᠯᠠᠭᠤᠯᠤᠨ ᠪᠠᠭᠤᠯᠭ᠎ᠠ ᠭᠦᠸᠧ ᠱᠤ᠌ ᠬᠤᠩ ᠪᠤᠯ ᠤᠳᠤᠬᠠᠨ ᠪᠤᠯᠳᠠᠯᠠᠬᠢ ᠭᠠᠴᠠᠭᠠᠨ᠎ᠤ᠎ᠪᠠᠨ ᠴᠤᠷ᠎ᠤᠨ ᠭᠠᠭ᠍ᠴᠠ᠂ ᠮᠦᠨ ᠴᠤ᠌ ᠬᠤᠱᠢᠭᠤᠨ᠎ᠤ᠎ᠪᠠᠨ ᠲᠤᠭ᠎ᠠ᠎ᠲᠠᠢ ᠭᠡᠳᠤᠭᠡᠨ ᠮᠤᠩᠭᠤᠯ ᠬᠠᠳᠭᠤᠮᠠᠯ ᠤᠷᠠᠯᠠᠯ᠎ᠤᠨ ᠨᠢᠭᠡᠳᠤᠭᠡᠷ ᠲᠡᠰ᠎ᠤᠨ ᠬᠠᠳᠭᠤᠮᠠᠯᠴᠢᠨ ᠪᠤᠯᠬᠤ ᠶᠤᠮ᠃


微信图片_20230730174817.jpg


微信图片_20230730174817_1.jpg


微信图片_20230730174818.jpg


ᠪᠠᠳᠠᠷᠠᠨ ᠲᠡᠯᠭᠡᠷᠡᠭᠡ ᠠᠨᠠᠷ᠎ᠤᠨ ᠴᠡᠴᠡᠭ᠂ ᠪᠠᠶᠠᠰᠭᠤᠯᠠᠩᠳᠤ ᠨᠠᠮᠤᠷ᠎ᠤᠨ ᠪᠠᠳᠤᠴᠠᠭᠠᠨ᠂ ᠪᠠᠶᠠᠵᠢᠯ ᠬᠤᠷᠤᠢᠯᠠᠭ᠍ᠰᠠᠨ ᠬᠦᠳᠡᠭᠡ ᠨᠤᠳᠤᠭ᠂ ᠪᠠᠭ᠍ᠠᠷᠬᠠᠯᠳᠠᠢ ᠰᠠᠢᠬᠠᠨ ᠪᠢᠷ᠎ᠤᠨ ᠤᠭᠤᠲᠠ ᠁ ᠬᠠᠨᠵᠤᠨ᠎ᠤ ᠲᠡᠭᠡᠭᠦᠷ ᠬᠠᠶᠠᠭ᠎ᠠ ᠲᠠᠭᠠᠵᠤ ᠳᠡᠯᠭᠡᠭ᠌ᠳᠡᠭᠡ ᠡᠳᠡᠭᠡᠷ ᠭᠤᠶᠤ ᠬᠡᠭᠡᠨᠴᠢᠷ ᠬᠠᠳᠭᠤᠮᠠᠯ᠎ᠨᠤᠭᠤᠳ ᠪᠣᠯ ᠭᠦᠸᠧ ᠱᠤ᠌ ᠬᠤᠩ᠎ᠤᠨ ᠤᠢᠷ᠎ᠠ᠎ᠶ᠋ᠢᠨ ᠵᠢᠯ ᠭᠠᠷᠤᠢ᠎ᠶ᠋ᠢᠨ ᠬᠤᠭᠤᠴᠠᠭᠠᠨ᠎ᠳᠤ ᠤᠷᠠᠯᠠᠭ᠍ᠰᠠᠨ ᠮᠤᠩᠭᠤᠯ ᠬᠠᠳᠭᠤᠮᠠᠯ ᠤᠷᠠᠯᠠᠯ᠎ᠤᠨ ᠪᠦᠳᠦᠭᠡᠯ᠎ᠤᠳ ᠪᠤᠯᠬᠤ ᠶᠤᠮ᠃ ᠲᠡᠳᠡᠭᠡᠷ᠎ᠤᠨ ᠨᠠᠭᠠᠨ᠎ᠠ ᠤᠷᠠᠨ ᠬᠠᠵᠢᠨ᠂ ᠲᠤᠭᠤᠰ᠂ ᠮᠠᠨᠳᠠᠷᠠᠸ᠎ᠠ᠂ ᠯᠢᠩᠬᠤᠸ᠎ᠠ᠂ ᠦᠬᠡᠷ ᠬᠤᠨᠢ ᠵᠡᠷᠭᠡ ᠵᠢᠵᠢᠭ ᠵᠢᠵᠢᠭ ᠬᠠᠳᠭᠤᠮᠠᠯ ᠤᠷᠠᠯᠠᠯ᠎ᠤᠨ ᠵᠦᠢᠯᠡᠰ ᠪᠠᠢᠬ᠍ᠰᠠᠨ᠎ᠨᠢ ᠭᠠᠴᠠᠭᠠᠨ᠎ᠤ ᠪᠤᠰᠤᠳ ᠬᠠᠳᠭᠤᠮᠠᠯᠴᠢᠨ ᠪᠦᠰᠡᠭᠦᠢᠴᠦᠳ᠎ᠤᠨ ᠤᠶᠤᠵᠤ ᠬᠠᠳᠭᠤᠬ᠍ᠰᠠᠨ ᠮᠤᠩᠭᠤᠯ ᠬᠠᠳᠭᠤᠮᠠᠯ ᠤᠷᠠᠯᠠᠯ᠎ᠤᠳ ᠪᠠᠢᠯ᠎ᠠ᠃

ᠬᠦᠸᠧ ᠱᠤ᠌ ᠬᠤᠩ ᠤᠷ᠎ᠠ ᠮᠡᠷᠭᠡᠵᠢᠯ ᠦᠨᠳᠤᠷ᠂ ᠵᠢᠭᠠᠵᠤ ᠬᠤᠪᠢᠶᠠᠯᠴᠠᠬᠤ᠎ᠳᠠᠭᠠᠨ ᠰᠠᠢᠨ ᠪᠠᠢᠳᠠᠭ ᠪᠣᠯᠬᠤᠷ ᠭᠠᠴᠠᠭᠠᠨ᠎ᠤ ᠬᠢᠨᠢ ᠬᠠᠳᠭᠤᠮᠠᠯᠴᠢᠨ ᠪᠦᠰᠡᠭᠦᠢᠴᠤᠤᠯ ᠲᠠᠷᠢᠶᠠᠨ ᠠᠵᠢᠯ᠎ᠢᠶᠠᠨ ᠬᠢᠵᠦ᠍ ᠲᠠᠭᠤᠰᠤᠮᠠᠭ᠍ᠴᠠ ᠯᠡ ᠡᠳᠡᠨᠡᠢᠬᠢ᠎ᠪᠠᠷ ᠬᠦᠷᠦᠯᠴᠡᠨ ᠢᠷᠡᠵᠡᠭᠡᠵᠦ᠍᠂ ᠨᠢᠭᠡ ᠨᠢᠭᠡ ᠬᠤᠶᠠᠷ ᠬᠤᠶᠠᠷ᠎ᠢᠶᠠᠷ ᠴᠤᠪᠤᠷᠠᠨ ᠡᠨᠡ ᠲᠡᠷᠡ᠎ᠶ᠋ᠢ ᠠᠰᠠᠭᠤᠭ᠍ᠰᠠᠭᠠᠷ ᠪᠠᠢᠵᠤ᠂ ᠤᠳᠠᠯ ᠦᠭᠡᠢ ᠪᠠᠭ᠎ᠠ ᠬᠡᠪᠴᠢᠶᠡᠨ᠎ᠤ ᠪᠤᠯᠪᠠᠰᠤᠷᠠᠯ᠎ᠤᠨ ᠠᠩᠭᠢ ᠪᠤᠯᠵᠤ ᠡᠬᠢᠯᠡᠳᠡᠭ᠎ᠨᠢ ᠡᠨᠡ ᠪᠠᠢᠵᠤ ᠪᠢᠯᠡ᠃

— ᠪᠢ ᠮᠤᠩᠭᠤᠯ ᠬᠠᠳᠭᠤᠮᠠᠯ ᠰᠤᠷᠤᠭᠠᠳ ᠨᠢᠭᠡᠨᠳᠡ 7 ᠵᠢᠯ ᠪᠤᠯᠤᠬ᠍ᠰᠠᠨ᠃ ᠤᠤᠯ᠎ᠨᠢ ᠥᠮᠦᠳᠦᠨ᠎ᠤ ᠵᠠᠬ᠎ᠠ ᠱᠠᠬ᠍ᠯᠠᠬᠤ᠂ ᠤᠢᠮᠤᠰᠤ ᠨᠦᠬᠦᠬᠦ᠌᠎ᠠᠴᠠ ᠦᠭᠡᠷ᠎ᠡ ᠴᠠᠭ᠎ᠲᠤ ᠵᠡᠭᠦᠦ ᠤᠳᠠᠰᠤ᠎ᠲᠠᠢ ᠤᠢᠷᠠᠳᠤᠵᠤ ᠪᠠᠢᠭ᠎ᠠ ᠦᠭᠡᠢ᠃ ᠬᠡᠳᠤᠨ ᠵᠢᠯ᠎ᠤᠨ ᠡᠮᠦᠨ᠎ᠡ ᠭᠠᠴᠠᠭᠠᠨ᠎ᠠᠴᠠ ᠵᠤᠬᠢᠶᠠᠨ ᠪᠠᠢᠭᠤᠯᠵᠤ᠂ ᠮᠦᠩᠭᠦ᠌ ᠵᠤᠭᠤᠰ ᠬᠤᠷᠢᠶᠠᠬᠤ ᠦᠭᠡᠢ᠎ᠪᠠᠷ ᠬᠠᠳᠭᠤᠮᠠᠯ ᠰᠤᠷᠭᠠᠬᠤ ᠭᠡᠬᠦ᠌᠎ᠪᠠᠷ ᠡᠳᠦᠷᠵᠢᠨ ᠮᠠᠵᠢᠶᠠᠩ ᠨᠠᠭᠠᠳᠴᠤ᠌ ᠰᠠᠭᠤᠬᠤ᠎ᠪᠠᠷ ᠨᠢᠭᠡ ᠶᠠᠭᠤᠮ᠎ᠠ ᠰᠤᠷᠴᠤ᠌ ᠦᠵᠡᠶ᠎ᠡ ᠭᠡᠵᠤ ᠪᠤᠳᠤᠭᠠᠳ ᠭᠠᠴᠠᠭᠠᠨ᠎ᠤ᠎ᠪᠠᠨ ᠡᠭᠡᠴᠢ ᠲᠡᠭᠦᠦ ᠨᠠᠷ᠎ᠲᠠᠢ ᠬᠠᠮᠳᠤ ᠲᠡᠷᠡ ᠪᠤᠯᠪᠠᠰᠤᠷᠠᠯ᠎ᠳᠤᠨᠢ ᠤᠷᠤᠯᠴᠠᠭ᠍ᠰᠠᠨ ᠶᠤᠮ᠃ ᠬᠠᠷᠢᠨ ᠲᠡᠭᠡᠭᠡᠳ ᠯᠡ ᠤᠳᠠᠰᠤ ᠵᠡᠭᠦᠦ᠍᠎ᠠᠴᠠ ᠲᠠᠬᠢᠵᠤ ᠰᠠᠯᠵᠤ ᠴᠢᠳᠠᠬᠤ᠎ᠪᠠᠨ ᠪᠤᠯᠢᠬ᠍ᠰᠠᠨ᠂ ᠣᠳᠤ ᠮᠢᠨᠤ ᠡᠳᠤᠷ ᠪᠤᠯᠭᠠᠨ᠎ᠤ ᠬᠠᠮᠤᠭ᠎ᠤᠨ ᠠᠵᠠ ᠵᠢᠷᠭᠠᠯ᠎ᠲᠠᠢ ᠴᠠᠭ ᠮᠦᠴᠡ ᠪᠤᠯ ᠲᠠᠷᠤᠢ ᠦᠷᠯᠦᠭᠡ᠎ᠶ᠋ᠢᠨ ᠲᠠᠷᠢᠶᠠᠨ ᠠᠵᠢᠯ᠎ᠢᠶᠠᠨ ᠲᠠᠭᠤᠰᠤᠮᠠᠭ᠍ᠴᠠ ᠦᠷᠦᠭᠡᠨ᠎ᠳᠡᠭᠡᠨ ᠢᠷᠡᠵᠦ᠍ ᠬᠠᠳᠭᠤᠮᠠᠯ᠎ᠢᠶᠠᠨ ᠤᠷᠠᠯᠠᠵᠤ ᠰᠠᠭᠤᠬᠤ ᠦᠶ᠎ᠡ ᠪᠤᠯᠬᠤ ᠶᠤᠮ᠃

— ᠪᠢᠳᠡ ᠬᠣᠶᠠᠭᠤᠯᠠ ᠭᠡᠷ᠎ᠲᠡᠭᠡᠨ ᠬᠦᠦ᠂ ᠬᠦᠦ ᠪᠡᠷᠢ᠂ ᠤᠮᠪᠤᠯᠤ᠎ᠲᠠᠢ᠎ᠪᠠᠨ ᠲᠠᠪᠤᠭᠤᠯᠠ ᠠᠮᠢᠳᠤᠷᠠᠳᠠᠭ᠂ ᠤᠤᠯ᠎ᠨᠢ ᠪᠣᠯ ᠲᠡᠭ᠌ᠷᠢ᠎ᠶ᠋ᠢᠨ ᠴᠢᠷᠠᠢ ᠬᠠᠷᠠᠵᠤ ᠬᠡᠳᠤᠨ ᠵᠠᠭᠤᠨ ᠮᠦ᠍ ᠭᠠᠵᠠᠷ᠎ᠢᠶᠠᠨ ᠠᠷᠠᠴᠢᠯᠠᠨ᠂ ᠵᠢᠯ ᠪᠦᠷᠢ ᠲᠤᠭ᠎ᠠ᠎ᠲᠠᠢ ᠬᠡᠳᠤᠨ ᠮᠦᠩᠭᠦ᠎ᠪᠠᠨ ᠤᠯᠤᠭᠠᠳ ᠬᠠᠳᠠᠭᠠᠯᠠᠮᠵᠢ ᠭᠡᠮᠡᠷ ᠶᠠᠭᠤᠮ᠎ᠠ ᠦᠯᠡᠳᠡᠬᠦ᠌ ᠦᠭᠡᠢ ᠶᠠᠪ ᠴᠠᠪ ᠵᠠᠷᠤᠭᠠᠳ ᠬᠦᠷᠳᠡᠭ ᠪᠠᠢᠭ᠍ᠰᠠᠨ᠂ ᠬᠠᠷᠢᠨ ᠮᠤᠩᠭᠤᠯ ᠬᠠᠳᠭᠤᠮᠠᠯ ᠤᠷᠠᠯᠠᠯ᠎ᠢ ᠰᠤᠷᠤᠭ᠍ᠰᠠᠨ᠎ᠠᠴᠠ ᠬᠤᠢᠰᠢ᠂ ᠤᠨᠴᠠᠭᠠᠢᠯᠠᠨ ᠤᠢᠷ᠎ᠠ᠎ᠶ᠋ᠢᠨ ᠭᠡᠳᠤᠨ ᠵᠢᠯ᠎ᠳᠤ ᠪᠤᠯ ᠲᠡᠭ᠌ᠰᠢᠳᠭᠡᠭᠡᠳ ᠵᠢᠯ ᠪᠦᠷᠢ 3 ᠲᠦᠮᠡ ᠭᠠᠷᠤᠢ ᠵᠤᠭᠤᠰ᠎ᠤᠨ ᠤᠷᠤᠯᠭ᠎ᠠ ᠤᠯᠵᠤ᠂ ᠭᠡᠷ ᠪᠦᠯᠢ᠎ᠶ᠋ᠢᠨ ᠠᠵᠤ ᠠᠬᠤᠢ᠎ᠶ᠋ᠢᠨ ᠨᠦᠬᠦᠴᠡᠯ ᠮᠡᠳᠡᠭ᠌ᠳᠡᠮ᠎ᠡ ᠲᠡᠭᠡᠭ᠌ᠰᠢᠯᠡᠭ᠌ᠰᠡᠨ᠃ ᠮᠠᠨ᠎ᠤ ᠪᠤᠯᠪᠠᠰᠤᠷᠠᠯ᠎ᠤᠨ ᠠᠩᠭᠢ᠎ᠨᠢ ᠵᠢᠯ᠎ᠳᠤ ᠨᠡᠯᠢᠶᠡᠳ ᠤᠯᠠᠨ ᠤᠳᠠᠭ᠎ᠠ ᠶᠠᠪᠤᠭ᠍ᠳᠠᠳᠠᠭ ᠪᠤᠯᠪᠠᠴᠤ᠌᠂ ᠲᠠᠷᠢᠶᠠᠨ ᠠᠵᠢᠯ ᠭᠡᠷ᠎ᠤᠨ ᠠᠵᠢᠯ ᠭᠡᠵᠤ ᠵᠢᠭᠤᠷᠠᠭ᠍ᠰᠠᠭᠠᠷ ᠲᠡᠷᠡ ᠪᠤᠯᠭᠠᠨ᠎ᠳᠤᠨᠢ ᠤᠷᠤᠯᠴᠠᠵᠤ ᠲᠡᠢᠯᠬᠦ᠌ ᠶᠤᠮ ᠪᠢᠰᠢ᠂ ᠲᠡᠭᠡᠭᠦᠯᠡᠷ ᠪᠢ ᠤᠷᠠᠯᠠᠵᠤ ᠬᠠᠳᠭᠤᠬᠤ ᠲᠤᠮᠳᠠ᠎ᠪᠠᠨ ᠶᠠᠮᠠᠷ ᠨᠢᠭᠡᠨ ᠠᠰᠠᠭᠤᠳᠠᠯ ᠲᠤᠯᠭᠠᠷᠠᠪᠠᠯ ᠲᠡᠷᠡ ᠲᠤᠤᠷ᠎ᠠ᠎ᠨᠢ ᠣᠶᠤᠨᠭᠤᠸ᠎ᠠ ᠪᠠᠭ᠍ᠰᠢ᠎ᠳᠠᠭᠠᠨ ᠤᠳᠠᠰᠤ ᠠᠪᠤᠭᠠᠳ ᠠᠰᠠᠭᠤᠳᠠᠭ᠂ ᠲᠡᠷᠡ ᠮᠠᠨᠢ ᠶᠤᠰᠤᠳᠠᠢ ᠬᠠᠯᠠᠭᠤᠮᠰᠤᠭ ᠰᠠᠢᠨ ᠬᠦᠮᠦᠨ ᠱᠢᠤ! ᠭᠡᠵᠢᠶᠡᠳᠡ ᠨᠠᠮᠠᠶ᠋ᠢ ᠵᠤᠷᠢᠬ᠍ᠵᠢᠭᠤᠯᠤᠨ᠂ ᠨᠠᠷᠢᠨ ᠬᠢᠨᠠᠮᠠᠭᠠᠢ ᠵᠢᠭᠠᠨ ᠲᠤᠳᠤᠮᠳᠠᠭ᠍ᠰᠠᠭᠠᠷ ᠪᠠᠢᠳᠠᠭ ᠭᠡᠵᠤ ᠬᠦᠸᠧ ᠱᠤ᠌ ᠬᠤᠩ ᠪᠠᠶᠠᠷᠳᠠᠢᠬᠠᠨ ᠶᠠᠷᠢᠨ᠎ᠠ᠃


微信图片_20230730174816.jpg


微信图片_20230730174820.jpg


2016 ᠣᠨ᠎ᠠᠴᠠ ᠨᠠᠭᠠᠰᠢ᠂ ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤ ᠬᠤᠱᠢᠭᠤᠨ᠎ᠤ᠎ᠪᠠᠨ ᠮᠣᠩᠭᠣᠯ ᠦᠨᠳᠦᠰᠦᠲᠡᠨ᠎ᠤ ᠬᠠᠳᠭᠤᠮᠠᠯ᠎ᠤᠨ ᠨᠡᠢᠭᠡᠮᠯᠢᠭ᠎ᠲᠠᠢ ᠬᠠᠮᠳᠤᠷᠠᠨ ᠲᠠᠷᠢᠶᠠᠴᠢᠳ᠎ᠤᠨ ᠤᠷᠤᠯᠭ᠎ᠠ᠎ᠶ᠋ᠢ ᠨᠡᠮᠡᠭ᠌ᠳᠡᠭᠦᠯᠬᠦ᠌ ᠵᠤᠷᠢᠯᠭ᠎ᠠ᠎ᠪᠠᠷ 《ᠤᠷᠠᠨ ᠬᠠᠳᠭᠤᠮᠠᠯ》 ᠤ᠋ᠨ ᠪᠤᠯᠪᠠᠰᠤᠷᠠᠯ᠎ᠤᠨ ᠠᠩᠭᠢ᠎ᠶ᠋ᠢ ᠪᠦᠬᠦ᠌ ᠬᠤᠱᠢᠭᠤᠨ᠎ᠤ ᠬᠡᠪᠴᠢᠶᠡᠨ᠎ᠳᠤ ᠰᠤᠮᠤ ᠭᠠᠴᠠᠭᠠᠨ᠎ᠳᠤ ᠬᠦᠷᠳᠡᠯ᠎ᠡ ᠦᠷᠭᠡᠨ᠎ᠢᠶᠠᠷ ᠡᠷᠬᠢᠯᠡᠵᠦ᠍ ᠡᠬᠢᠯᠡᠵᠡᠢ᠃ ᠲᠤᠬᠠᠢ᠎ᠶ᠋ᠢᠨ ᠦᠶᠡᠰ᠂ ᠬᠦᠸᠧ ᠱᠤ᠌ ᠬᠤᠩ ᠵᠡᠷᠭᠡ ᠬᠤᠷᠢ ᠭᠠᠷᠤᠢ ᠬᠢᠲᠠᠳ ᠪᠦᠰᠡᠭᠦᠢᠴᠤᠤᠯ ᠭᠠᠴᠠᠭᠠᠨ᠎ᠤ᠎ᠪᠠᠨ ᠨᠢᠭᠡᠳᠦᠯᠳᠠᠢ ᠲᠤᠬᠢᠷᠠᠭᠤᠯᠭ᠎ᠠ᠎ᠪᠠᠷ ᠡᠨᠡ ᠬᠦ᠌ ᠦᠨ᠎ᠡ ᠲᠦᠯᠦᠪᠦᠷᠢ ᠦᠭᠡᠢ᠎ᠪᠠᠷ ᠮᠡᠷᠭᠡᠵᠢᠯ ᠵᠢᠭᠠᠬᠤ ᠮᠤᠩᠭᠤᠯ ᠤᠷᠠᠨ ᠬᠠᠳᠭᠤᠮᠠᠯ᠎ᠤᠨ ᠪᠤᠯᠪᠠᠰᠤᠷᠠᠯ᠎ᠤᠨ ᠠᠩᠭᠢ᠎ᠳᠤ ᠠᠩᠬ᠎ᠠ ᠤᠳᠠᠭ᠎ᠠ ᠤᠷᠤᠯᠴᠠᠵᠤ᠂ ᠪᠠᠢ ᠵᠢᠩ ᠶᠢᠩ᠂ ᠣᠶᠤᠨᠭᠭᠤᠸ᠎ᠠ ᠵᠡᠷᠭᠡ ᠮᠤᠩᠭᠤᠯ ᠬᠠᠳᠭᠤᠮᠠᠯ ᠤᠷᠠᠯᠠᠯ᠎ᠤᠨ ᠨᠡᠷᠡᠲᠦ ᠪᠠᠭ᠍ᠰᠢ ᠨᠠᠷ᠎ᠤᠨ ᠨᠠᠷᠢᠨ ᠬᠢᠨᠠᠮᠠᠭᠠᠢ ᠵᠢᠭᠠᠨ ᠵᠢᠯᠤᠭᠤᠳᠤᠯᠭ᠎ᠠ ᠲᠤᠤᠷ᠎ᠠ᠂ ᠤᠷᠠᠯᠠᠬᠤ ᠮᠡᠷᠭᠡᠵᠢᠯ᠎ᠤᠨ ᠲᠤᠬᠠᠢ ᠲᠠᠭ ᠮᠡᠳᠡᠬᠦ᠌ ᠦᠭᠡᠢ ᠪᠠᠢᠬ᠍ᠰᠠᠨ᠎ᠠᠴᠠ᠎ᠪᠠᠨ ᠤᠳᠠᠰᠤ ᠰᠤᠩᠭᠤᠨ ᠵᠡᠭᠦᠦ ᠬᠠᠳᠭᠤᠬᠤ᠎ᠠᠴᠠ ᠡᠬᠢᠯᠡᠨ ᠢᠳᠡᠭ ᠢᠳᠡᠭ᠎ᠢᠶᠠᠷ ᠰᠤᠷᠴᠤ᠌᠂ ᠦᠨᠦᠳᠤᠷ᠎ᠤᠨ ᠡᠨᠡ ᠬᠦ᠌ ᠲᠦᠮᠡ ᠭᠠᠷᠤᠢ ᠲᠦᠭᠦᠷᠢᠭ᠎ᠤᠨ ᠪᠦᠳᠦᠭᠡᠯ᠎ᠢ ᠪᠡᠶ᠎ᠡ᠎ᠪᠠᠨ ᠲᠠᠭᠠᠭᠠᠨ ᠤᠷᠠᠯᠠᠵᠤ ᠴᠢᠳᠠᠬᠤ ᠬᠡᠮᠵᠢᠶᠡᠨ᠎ᠳᠤ ᠬᠦᠷᠴᠠᠢ᠃

ᠲᠤᠮᠳᠠᠳᠤ ᠤᠯᠤᠰ᠎ᠤᠨ ᠨᠡᠭᠡᠮᠡᠯ᠎ᠤᠨ ᠪᠤᠳᠠᠰ᠎ᠤᠨ ᠪᠤᠰᠤ ᠰᠤᠶᠤᠯ᠎ᠤᠨ ᠥᠪ᠎ᠤᠨ ᠲᠡᠯᠭᠡᠷᠡᠭᠦᠯᠬᠦ᠌ ᠡᠯᠴᠢᠨ ᠬᠣᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠤ ᠮᠣᠩᠭᠣᠯ ᠦᠨᠳᠦᠰᠦᠲᠡᠨ᠎ᠤ ᠬᠠᠳᠭᠤᠮᠠᠯ᠎ᠤᠨ ᠨᠡᠢᠭᠡᠮᠯᠢᠭ᠎ᠤᠨ ᠳᠠᠷᠤᠭ᠎ᠠ ᠪᠠᠢ ᠵᠢᠩ ᠶᠢᠩ ᠮᠠᠨ᠎ᠤ ᠰᠤᠷᠪᠤᠯᠵᠢᠯᠠᠭ᠎ᠠ᠎ᠶ᠋ᠢ ᠬᠦᠯᠢᠶᠡᠬᠦ᠌᠎ᠳᠡᠭᠡᠨ᠄《ᠪᠢᠳᠡ ᠮᠤᠩᠭᠤᠯ ᠬᠠᠳᠭᠤᠮᠠᠯ ᠤᠷᠠᠯᠠᠯ᠎ᠢ ᠤᠯᠠᠮᠵᠢᠯᠠᠨ ᠵᠢᠭᠠᠵᠤ᠂ ᠵᠠᠬ᠎ᠠ ᠲᠡᠯᠭᠡᠭᠦᠷ᠎ᠲᠤ ᠭᠠᠷᠭᠠᠬᠤ᠎ᠳᠠᠭᠠᠨ 〈ᠲᠦᠷᠪᠡᠨ ᠨᠢᠭᠡᠳᠦᠯ〉 ᠤ᠋ᠨ ᠠᠷᠭ᠎ᠠ ᠠᠪᠴᠠᠯ᠎ᠢ ᠶᠠᠪᠤᠭ᠍ᠳᠠᠭᠤᠯᠵᠤ ᠪᠠᠢᠭ᠎ᠠ᠂ ᠲᠠᠷᠤᠢ ᠡᠯ᠎ᠡ ᠦᠨᠳᠦᠰᠦᠲᠡᠨ᠎ᠤ ᠬᠠᠳᠭᠤᠮᠠᠯᠴᠢᠳ᠎ᠲᠤ ᠨᠢᠭᠡᠳᠦᠯᠲᠡᠢ ᠪᠤᠯᠪᠠᠰᠤᠷᠠᠭᠤᠯᠤᠨ᠂ ᠨᠢᠭᠡᠳᠦᠯᠲᠡᠢ ᠬᠠᠮᠢᠶᠠᠷᠴᠤ᠌᠂ ᠨᠢᠭᠡᠳᠦᠯᠲᠡᠢ ᠵᠠᠬᠢᠶᠠᠯᠠᠨ᠂ ᠨᠢᠭᠡᠳᠦᠯᠲᠡᠢ ᠳ᠋ᠦᠩᠨᠡᠨ ᠪᠣᠳᠣᠬᠤ ᠶᠠᠪᠤᠴᠠ᠎ᠶ᠋ᠢ ᠬᠡᠷᠡᠭ᠌ᠵᠢᠭᠦᠯᠵᠦ᠍᠂ ᠡᠭᠦᠪᠡᠷ ᠲᠠᠮᠵᠢᠭᠤᠯᠤᠨ ᠬᠠᠳᠭᠤᠮᠠᠯᠴᠢᠳ᠎ᠤᠨ ᠬᠠᠷᠢᠯᠴᠠᠨ ᠬᠠᠪᠰᠤᠷᠤᠯᠴᠠᠨ᠂ ᠬᠠᠷᠢᠯᠴᠠᠨ ᠲᠡᠳᠭᠦᠵᠦ᠍᠂ ᠬᠠᠮᠲᠤ᠎ᠪᠠᠷ ᠬᠦᠭ᠌ᠵᠢᠨ᠂ ᠬᠠᠮᠤᠭ ᠡᠴᠦᠰ᠎ᠲᠤ ᠬᠠᠮᠳᠤ᠎ᠪᠠᠷ ᠴᠢᠨᠡᠭᠡᠯᠢᠭ᠌ᠵᠢᠬᠦ᠌᠎ᠶ᠋ᠢ ᠪᠡᠶᠡᠯᠡᠭᠦᠯᠬᠦ᠌᠎ᠶ᠋ᠢᠨ ᠲᠦᠯᠦᠭᠡ ᠶᠤᠮ᠃ ᠪᠢᠳᠡ ᠤᠯᠠᠮᠵᠢᠯᠠᠯᠳᠤ ᠬᠠᠳᠭᠤᠮᠠᠯ᠎ᠢ ᠵᠠᠬ᠎ᠠ᠎ᠳᠤ ᠭᠠᠷᠭᠠᠨ ᠠᠵᠤ ᠠᠬᠤᠢ ᠪᠤᠯᠭᠠᠵᠤ᠂ ᠠᠯᠠᠭᠠᠨ ᠴᠢᠨᠡᠭᠡᠨ ᠬᠠᠳᠭᠤᠮᠠᠯ᠎ᠤᠨ ᠪᠥᠰ᠎ᠢᠶᠡᠷ ᠦᠨᠳᠦᠰᠦᠲᠡᠨ᠎ᠤ ᠪᠦᠯᠬᠦᠮᠳᠡᠯ ᠲᠠᠪᠱᠢᠯᠲᠠ ᠵᠢᠴᠢ ᠪᠣᠬᠢᠷᠲᠤᠯ ᠥᠬᠡᠢ ᠴᠢᠨᠠᠷ ᠰᠠᠢᠲᠠᠢ ᠬᠥᠭ᠌ᠵᠢᠯᠲᠡ᠎ᠶ᠋ᠢ ᠳᠡᠯᠭᠡᠨ ᠦᠵᠡᠭᠦᠯᠬᠦ᠌ ᠴᠤᠩᠬᠤᠪᠴᠢ ᠪᠤᠯᠭᠠᠬᠤ᠎ᠶ᠋ᠢ ᠪᠡᠶᠡᠯᠡᠬᠦᠯᠬᠦ᠌᠎ᠪᠠᠷ ᠴᠤᠴᠠᠯᠳᠠ ᠦᠭᠡᠢ ᠴᠢᠷᠮᠠᠢᠬ᠍ᠰᠠᠭᠠᠷ ᠢᠷᠡᠭ᠌ᠰᠡᠨ ᠶᠤᠮ》 ᠭᠡᠵᠤ ᠶᠠᠷᠢᠯ᠎ᠠ᠃


微信图片_20230730174825_1.jpg


ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤᠨ᠎ᠳᠤ ᠭᠦᠸᠧ ᠱᠤ᠌ ᠬᠤᠩ᠎ᠲᠠᠢ ᠠᠳᠠᠯᠢ ᠮᠤᠩᠭᠤᠯ ᠬᠠᠳᠭᠤᠮᠠᠯ ᠤᠷᠠᠯᠠᠯ ᠰᠤᠷᠴᠤ᠌᠂ ᠡᠭᠦᠨ᠎ᠢᠶᠠᠷ ᠦᠪᠡᠷ᠎ᠤᠨ᠎ᠢᠶᠠᠨ ᠲᠤᠷ᠎ᠠ ᠪᠠᠬ᠎ᠠ᠂ ᠴᠢᠨᠠᠭ᠍ᠰᠢᠯᠠᠪᠠᠯ ᠦᠪᠡᠷ᠎ᠤᠨ ᠠᠵᠢᠯ ᠦᠢᠯᠡᠰ᠂ ᠠᠮᠢᠳᠤᠷᠠᠯ᠎ᠤᠨ ᠤᠷᠤᠯᠭ᠎ᠠ᠎ᠪᠠᠨ ᠨᠡᠮᠡᠭ᠌ᠳᠡᠬᠦᠯᠬᠦ᠌ ᠠᠷᠭ᠎ᠠ ᠵᠠᠮ ᠪᠤᠯᠭᠠᠨ ᠠᠬᠤᠢᠯᠠᠵᠤ ᠶᠠᠪᠤᠭ᠎ᠠ ᠮᠤᠩᠭᠤᠯ᠂ ᠬᠢᠳᠠᠳ᠂ ᠰᠤᠯᠤᠩᠭᠤᠰ ᠁ ᠵᠡᠷᠭᠡ ᠡᠯ᠎ᠡ ᠦᠨᠳᠦᠰᠦᠳᠡᠨ᠎ᠤ ᠪᠦᠰᠡᠬᠦᠢᠴᠤᠤᠯ ᠤᠯᠠᠨ ᠴᠦ᠍ ᠪᠤᠢ᠃

ᠮᠤᠩᠭᠤᠯ ᠬᠠᠳᠭᠤᠮᠠᠯ ᠤᠷᠠᠯᠠᠯ᠎ᠢ ᠤᠷᠠᠯᠠᠬᠤ᠎ᠳᠤ᠂ ᠴᠠᠭ ᠮᠦᠴᠡ ᠬᠢᠭᠡᠳ ᠭᠠᠵᠠᠷ ᠤᠷᠤᠨ᠎ᠳᠦ ᠪᠠᠷᠢᠬ᠍ᠳᠠᠬᠤ ᠴᠢᠬᠤᠯᠠ ᠦᠭᠡᠢ ᠪᠤᠯᠬᠤᠷ ᠡᠨᠡ᠎ᠨᠢ ᠬᠦᠳᠡᠭᠡ ᠨᠤᠳᠤᠭ ᠲᠠᠷᠢᠶᠠᠯᠠᠬᠤ ᠤᠷᠤᠨ᠎ᠤ ᠬᠦᠮᠦᠰ᠎ᠲᠤ ᠲᠤᠬᠢᠷᠠᠭ᠍ᠰᠠᠨ ᠪᠠᠰᠠ ᠨᠢᠭᠡᠨ ᠤᠷᠤᠯᠭ᠎ᠠ᠎ᠪᠠᠨ ᠨᠡᠮᠡᠭ᠌ᠳᠡᠬᠦᠯᠬᠦ᠌ ᠲᠤᠬᠢᠳᠠᠢ ᠠᠷᠭ᠎ᠠ ᠵᠠᠮ ᠪᠠᠢᠵᠤ᠂ ᠬᠦᠸᠧ ᠱᠤ᠌ ᠬᠤᠩ ᠨᠠᠷ᠎ᠤᠨ ᠨᠦᠯᠦᠭᠡ ᠲᠤᠰᠭᠠᠯ ᠵᠢᠴᠢ ᠪᠠᠢ ᠵᠢᠩ ᠶᠢᠩ᠂ ᠣᠶᠤᠨᠭᠭᠤᠸ᠎ᠠ ᠵᠡᠷᠭᠡ ᠮᠤᠩᠭᠤᠯ ᠬᠠᠳᠭᠤᠮᠠᠯ ᠤᠷᠠᠯᠠᠯ᠎ᠤᠨ ᠪᠠᠭ᠍ᠰᠢ ᠨᠠᠷ᠎ᠤᠨ ᠲᠠᠢᠴᠢᠯᠠᠭ᠎ᠠ᠎ᠪᠠᠷ ᠨᠡᠩ ᠤᠯᠠᠨ ᠲᠠᠷᠢᠶᠠᠴᠢᠨ ᠪᠦᠰᠡᠭᠦᠢᠴᠤᠳ ᠬᠠᠳᠭᠤᠮᠠᠯᠴᠢᠨ᠎ᠤ ᠡᠩᠨᠡᠭᠡ᠎ᠳᠤ ᠤᠷᠤᠯᠴᠠᠨ᠂ ᠦᠩᠭᠡᠷᠡᠭ᠌ᠰᠡᠨ᠎ᠤ ᠲᠠᠷᠢᠶᠠᠨ ᠠᠵᠢᠯ᠎ᠢᠶᠠᠨ ᠲᠠᠭᠤᠰᠭᠠᠪᠠᠯ ᠠᠢᠯ ᠭᠡᠰᠦᠵᠤ ᠮᠠᠵᠢᠶᠠᠩ ᠲᠤᠭ᠍ᠯᠠᠨ ᠡᠳᠦᠷ ᠬᠤᠨᠤᠭ᠎ᠢ ᠡᠯᠡᠭᠡᠳᠡᠭ ᠪᠠᠢᠳᠠᠯ᠎ᠢᠶᠠᠨ ᠦᠭᠡᠷᠡᠴᠢᠯᠡᠨ᠂ ᠠᠷᠢᠭᠤᠨ ᠴᠡᠪᠡᠷ᠎ᠢ ᠡᠷᠬᠢᠮᠯᠡᠨ᠂ ᠭᠡᠷ ᠲᠡᠷᠭᠡ᠎ᠪᠠᠨ ᠴᠢᠮᠡᠭ᠌ᠯᠡᠵᠦ᠍᠂ ᠬᠠᠮᠲᠤ᠎ᠪᠠᠷ ᠰᠤᠷᠴᠤ᠌ ᠰᠤᠳᠤᠯᠬᠤ ᠪᠤᠯᠵᠤ᠂ ᠪᠠᠰᠠ ᠭᠠᠳᠠᠭ᠍ᠰᠢ ᠭᠠᠷᠴᠤ᠌ ᠰᠤᠷᠤᠯᠴᠠᠨ ᠨᠢᠳᠦ ᠨᠡᠭᠡᠭᠡᠨ ᠬᠠᠷᠠᠭ᠎ᠠ ᠲᠡᠯᠡᠵᠦ᠍᠂ ᠬᠦᠮᠦᠰ᠎ᠤᠨ ᠬᠤᠭᠤᠷᠤᠨᠳᠤᠬᠢ ᠬᠠᠷᠢᠯᠴᠠᠭ᠎ᠠ ᠴᠤ᠌ ᠤᠯᠠᠮ ᠦᠭᠡᠳᠡᠷᠭᠡᠭ᠂ ᠤᠯᠠᠮ ᠡᠷᠡᠭᠦᠯ ᠰᠠᠢᠬᠠᠨ ᠪᠤᠯᠵᠤ ᠡᠬᠢᠯᠡᠭ᠌ᠰᠡᠨ ᠪᠠᠢᠪᠠ᠃


微信图片_20230730174827.jpg


ᠡᠢᠨ ᠬᠦ᠌ ᠦᠪᠡᠷᠮᠢᠴᠡ ᠤᠶᠤᠨ ᠰᠠᠨᠠᠭᠠᠨ᠎ᠤ ᠦᠨ᠎ᠡ ᠦᠷᠲᠡᠭ᠂ ᠰᠡᠳᠭᠢᠬᠦᠢ᠎ᠶ᠋ᠢᠨ ᠬᠡᠯᠪᠡᠷᠢ᠂ ᠲᠦᠰᠦᠭᠡᠯᠡᠨ ᠪᠤᠳᠤᠯᠳᠠ᠎ᠶ᠋ᠢᠨ ᠴᠢᠳᠠᠪᠦᠷᠢ᠎ᠶ᠋ᠢ ᠠᠭᠤᠯᠤᠨ᠂ ᠠᠮᠢᠵᠢᠷᠠᠯ᠎ᠤᠨ ᠬᠦᠴᠦᠨ᠂ ᠪᠦᠳᠦᠭᠡᠯᠴᠢ ᠴᠢᠳᠠᠪᠦᠷᠢ᠎ᠶ᠋ᠢ ᠢᠯᠡᠷᠡᠭᠦᠯᠦᠭ᠌ᠰᠡᠨ ᠮᠤᠩᠭᠤᠯ ᠬᠠᠳᠭᠤᠮᠠᠯ ᠤᠷᠠᠯᠠᠯ᠎ᠨᠢ ᠬᠦᠸᠧ ᠱᠤ᠌ ᠬᠤᠩ ᠨᠠᠷ᠎ᠤᠨ ᠤᠷᠠᠨ ᠬᠤᠶᠠᠷ ᠭᠠᠷ᠎ᠢᠶᠠᠷ ᠲᠠᠮᠵᠢᠨ ᠰᠠᠬᠤᠯᠢᠭ ᠰᠠᠢᠬᠠᠨ ᠪᠠᠳᠤᠴᠠᠭᠠᠨ ᠪᠤᠯᠵᠤ ᠡᠯᠪᠡᠭ ᠬᠤᠷᠢᠶᠠᠯᠳᠠ᠂ ᠡᠪ ᠪᠦᠯᠬᠦᠮᠳᠡᠯ᠎ᠢ ᠪᠡᠯᠭᠡᠳᠡᠨ ᠰᠡᠬᠦᠢᠨ ᠤᠷᠭᠤᠭ᠍ᠰᠠᠭᠠᠷ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号