● 2021 ᠣᠨᠳᠤ᠂ ᠬᠦᠷᠢᠶ᠎ᠡ ᠬᠣᠰᠢᠭᠤ ᠥᠪᠡᠷᠲᠡᠭᠡᠨ ᠵᠠᠰᠠᠬᠤ ᠣᠷᠣᠨᠤ ᠦᠨᠳᠦᠰᠦᠲᠡᠨᠦ ᠪᠦᠯᠬᠦᠮᠳᠡᠯ ᠳᠠᠪᠰᠢᠯᠲᠠᠶᠢᠨ ᠵᠢᠱ᠌ᠢᠶ᠎ᠡ ᠦᠵᠡᠭᠦᠯᠬᠦ ᠬᠣᠰᠢᠭᠤᠪᠠᠷ ᠦᠨᠡᠯᠡᠭᠳᠡᠪᠡ᠃ ᠣᠢᠷᠠᠶᠢᠨ ᠭᠤᠷᠪᠠᠨ ᠵᠢᠯᠳᠦ᠂ ᠬᠦᠷᠢᠶ᠎ᠡ ᠬᠣᠰᠢᠭᠤᠨᠡᠴᠡ 3 ᠥᠪᠡᠷᠲᠡᠭᠡᠨ ᠵᠠᠰᠠᠬᠤ ᠣᠷᠣᠨᠤ ᠲᠠᠰᠤᠨ ᠦᠨᠳᠦᠰᠦᠲᠡᠨᠦ ᠪᠦᠯᠬᠦᠮᠳᠡᠯ ᠳᠠᠪᠰᠢᠯᠲᠠᠶᠢᠨ ᠵᠢᠱ᠌ᠢᠶ᠎ᠡ ᠦᠵᠡᠭᠦᠯᠬᠦ ᠨᠢᠭᠡᠴᠢ᠂ 2 ᠵᠢᠱ᠌ᠢᠶᠡᠴᠢ ᠬᠠᠮᠲᠤ᠂ 2 ᠵᠢᠱ᠌ᠢᠶᠡᠴᠢ ᠬᠤᠪᠢ ᠬᠥᠮᠥᠨ ᠴᠤᠯᠭᠤᠷᠠᠪᠠ᠃
● ᠬᠦᠷᠢᠶ᠎ᠠ ᠬᠣᠰᠢᠭᠤᠨᠤ ᠨᠠᠮᠤᠨ ᠬᠣᠷᠢᠶᠠᠨᠤ ᠯᠧᠺᠲ᠋ᠣᠷᠤᠨ ᠪᠦᠯᠬᠦᠮ ᠰᠤᠷᠤᠯᠴᠠᠵᠤ ᠤᠬᠠᠭᠤᠯᠤᠨ ᠲᠠᠢᠯᠪᠤᠷᠢᠯᠠᠬᠤ ᠠᠵᠢᠯᠯᠠᠭ᠎ᠠᠶᠢ ᠪᠠᠢᠩᠭᠤᠵᠢᠭᠤᠯᠤᠨ ᠥᠷᠨᠢᠭᠦᠯᠵᠦ᠂ ᠵᠢᠯ ᠪᠦᠷᠢ ᠲᠤᠰᠬᠠᠢ ᠰᠡᠳᠦᠪᠲᠦ ᠪᠣᠯᠪᠠᠰᠤᠷᠠᠯ᠂ ᠲᠠᠢᠯᠤᠮᠵᠢᠶᠢ 100 ᠭᠠᠷᠤᠢ ᠤᠳᠠᠭ᠎ᠠ ᠥᠷᠨᠢᠭᠦᠯᠵᠦ᠂ ᠳᠤᠮᠳᠠᠳᠤᠶᠢᠨ ᠦᠨᠳᠦᠰᠦᠲᠡᠨᠦ ᠬᠠᠮᠲᠤᠶᠢᠨ ᠴᠣᠭᠴᠠᠶᠢᠨ ᠤᠬᠠᠮᠰᠠᠷᠢ ᠦᠨᠳᠦᠰᠦᠲᠡᠨᠨᠦᠭᠦᠳᠦᠨ ᠣᠯᠠᠨ ᠲᠦᠮᠡᠨᠦ ᠰᠡᠳᠬᠢᠯᠳᠦ ᠦᠨᠳᠦᠰᠦᠯᠡᠭᠦᠯᠦᠨ ᠰᠣᠶᠣᠭᠠᠯᠠᠭᠤᠯᠪᠠ᠃
● 《ᠬᠦᠷᠢᠶ᠎ᠡ ᠬᠣᠰᠢᠭᠤ ᠵᠢᠨ 〈ᠲᠠᠪᠤᠨ ᠵᠦᠢᠯᠦᠨ ᠠᠵᠢᠯᠯᠠᠭ᠎ᠠ〉 ᠶ᠋ᠢ ᠠᠬᠢᠭᠤᠯᠤᠨ᠂ 〈ᠲᠦᠷᠪᠡᠨ ᠰᠢᠨᠡᠶᠢ ᠡᠭᠦᠳᠬᠦ〉 ᠵᠢ ᠲᠤᠪᠤᠢ᠍ᠢᠯᠭᠠᠵᠦ᠂ ᠳᠤᠮᠳᠠᠳᠤᠶᠢᠨ ᠦᠨᠳᠦᠰᠦᠲᠡᠨᠦ ᠬᠠᠮᠲᠤᠶᠢᠨ ᠴᠣᠭᠴᠠᠶᠢᠨ ᠤᠬᠠᠮᠰᠠᠷᠢ ᠨᠢᠳᠦᠨᠳᠦ ᠦᠵᠡᠭᠳᠡᠮᠠ ᠰᠡᠳᠭᠢᠯᠳᠦ ᠰᠠᠭᠤᠭᠳᠠᠮ᠎ᠠ ᠭᠠᠷᠲᠦ ᠪᠠᠷᠢᠭᠳᠠᠮ᠎ᠠ ᠪᠠᠲᠤ ᠴᠤᠬᠴᠠᠯᠠᠬᠤ ᠵᠢ ᠰᠦᠪᠡᠭᠴᠢᠯᠡᠬᠦ》 ᠲᠤᠷᠰᠢᠯᠭᠠᠶᠢᠨ ᠳ᠋ᠦᠩᠨᠡᠯᠲᠡ ᠨᠢ ᠥᠪᠡᠷᠲᠡᠭᠡᠨ ᠵᠠᠰᠠᠬᠤ ᠣᠷᠣᠨᠤ ᠨᠢᠭᠡᠳᠦᠮᠡᠯ ᠹᠷᠣᠨᠲᠤᠨ ᠠᠵᠢᠯᠤᠨ ᠦᠢᠯᠡᠳᠦᠯᠭᠡᠶᠢᠨ ᠰᠢᠨᠡᠶᠢ ᠡᠭᠦᠳᠦᠭᠰᠡᠨ ᠦᠷ᠎ᠡ ᠪᠦᠲᠦᠭᠡᠯᠦᠨ ᠱᠠᠩᠨᠠᠯᠢ ᠬᠦᠷᠲᠡᠵᠡᠢ᠃
● ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠰᠢᠪᠲᠤᠯᠬᠤ ᠦᠷ᠎ᠡ ᠪᠦᠲᠦᠭᠡᠯᠢ ᠪᠡᠬᠢᠵᠢᠭᠦᠯᠦᠨ ᠥᠷᠭᠡᠳᠬᠡᠬᠦ ᠪᠠ ᠬᠥᠳᠡᠭᠡ ᠲᠣᠰᠬᠣᠨᠢ ᠬᠥᠭᠵᠢᠭᠦᠯᠦᠨ ᠮᠠᠨᠳᠤᠭᠤᠯᠬᠤᠶᠢ ᠪᠦᠲᠦᠮᠵᠢᠲᠡᠢ ᠵᠣᠯᠭᠠᠭᠤᠯᠬᠤᠶᠢ ᠯᠠᠪᠳᠠᠭᠤᠨ ᠪᠠᠲᠤᠲᠠᠢ ᠠᠬᠢᠭᠤᠯᠵᠤ᠂ ᠣᠢᠷᠠᠶᠢᠨ ᠭᠤᠷᠪᠠᠨ ᠵᠢᠯᠳᠦ᠂ ᠴᠥᠭᠡᠨ ᠲᠣᠭᠠᠲᠤ ᠦᠨᠳᠦᠰᠦᠲᠡᠨᠦ ᠬᠥᠭᠵᠢᠯᠲᠡᠶᠢᠨ ᠡᠭᠦᠷᠭᠡᠶᠢᠨ ᠪᠡᠯᠡ ᠮᠥᠩᠭᠥᠶᠢ 2615 ᠲᠦᠮᠡᠨ ᠲᠥᠭᠥᠷᠢᠭ ᠤᠯᠵᠦ᠂ ᠨᠡᠢᠲᠡ 24 ᠲᠦᠷᠦᠯ ᠵᠦᠢᠯᠢ ᠬᠡᠷᠡᠭᠵᠢᠭᠦᠯᠵᠦ᠂ 5 ᠲᠦᠮᠡ ᠭᠠᠷᠤᠢ ᠬᠥᠮᠥᠨᠳᠦ ᠠᠰᠢᠭ᠋ ᠬᠦᠷᠲᠡᠭᠡᠵᠡᠢ᠃
ᠵᠢᠷᠠᠭᠠᠳ ᠵᠢᠯᠤᠨ ᠲᠡᠷᠳᠡᠭᠡ᠂ ᠬᠦᠷᠢᠶ᠎ᠠ ᠪᠠᠯᠭᠠᠰᠦ ᠲᠠᠢ ᠬᠠᠪᠢᠳᠠᠵᠦ ᠰᠠᠭᠤᠷᠢᠰᠢᠬᠰᠠᠨ ᠰᠢ ᠪᠸᠢ ᠨᠡᠷᠡᠳᠤ ᠲᠤᠰᠬᠤᠨᠳᠤ ᠮᠠᠯ ᠲᠠᠷᠢᠶ᠎ᠠ᠂ ᠮᠠᠢᠮᠠᠢ ᠱᠤᠤᠮᠠᠢ ᠡᠷᠬᠢᠯᠡᠳᠡᠭ ᠬᠦᠮᠦᠰ ᠤᠪᠤᠨ ᠴᠤᠪᠤᠨ ᠨᠡᠭᠦᠨ ᠢᠷᠡᠭᠰᠡᠭᠡᠷ ᠪᠠᠢᠵᠦ᠂ ᠬᠦᠮᠦᠨ ᠠᠮᠠ ᠨᠢ ᠤᠯᠠᠰᠢᠷᠠᠵᠦ᠂ ᠬᠦᠭᠵᠢᠶᠡᠨ ᠨᠠᠷᠬᠢᠶᠠᠨ ᠶᠡᠭᠡᠳᠪᠡ᠃ ᠰᠡᠭᠦᠯᠡᠷ ᠨᠢ᠂ ᠡᠨᠳᠡ ᠬᠤᠷᠰᠢᠶ᠎ᠠ ᠪᠠᠢᠭᠤᠯᠵᠦ᠂ ᠭᠠᠳᠠᠨ᠎ᠠ ᠣᠷᠣᠨ ᠡᠴᠡ ᠢᠷᠡᠭᠰᠡᠨ ᠬᠦᠯᠦᠰᠦᠨ ᠠᠵᠢᠯᠴᠢᠨ ᠤᠯᠠᠰᠢᠷᠠᠬᠤ ᠪᠡᠷ ᠲᠤᠰᠬᠤᠨᠤ ᠨᠡᠷ᠎ᠠ ᠵᠢ 《ᠪᠦᠯᠬᠦᠮᠳᠠᠯ ᠲᠤᠰᠬᠤᠨ》 ᠬᠡᠮᠡᠨ ᠬᠠᠯᠠᠬᠰᠠᠨ ᠪᠠᠢᠯ᠎ᠠ᠃

ᠪᠦᠯᠬᠦᠮᠳᠠᠯ ᠲᠤᠰᠬᠤᠨ ᠪᠤᠯ ᠬᠦᠷᠢᠶ᠎ᠡ ᠬᠤᠰᠢᠭᠤᠨᠤ ᠵᠠᠰᠠᠭᠤᠨ ᠤᠷᠳᠤᠨᠤ ᠰᠠᠭᠤᠭ᠎ᠠ ᠭᠠᠵᠠᠷ ᠬᠦᠷᠢᠶ᠎ᠠ ᠪᠠᠯᠭᠠᠰᠤᠨ ᠡᠴᠡ ᠪᠠᠷᠠᠭᠤᠨ ᠡᠮᠦᠨ᠎ᠡ 3 ᠺᠢᠯᠤᠮᠸᠲᠷ ᠲᠸ᠋ ᠪᠠᠢᠷᠢᠯᠠᠵᠦ ᠪᠠᠢᠭ᠎ᠠ ᠬᠢᠲᠠᠳ᠂ ᠮᠣᠩᠭᠣᠯ᠂ ᠬᠣᠲᠣᠩ᠂ ᠮᠠᠨᠵᠤ᠂ ᠰᠢᠪᠡᠭᠡ ᠵᠡᠷᠭᠡ ᠦᠨᠳᠦᠰᠦᠲᠡᠨᠤ 188 ᠡᠷᠤᠬᠡ 369 ᠬᠥᠮᠥᠨ ᠠᠮᠠ ᠪᠦᠭᠦᠢ ᠬᠤᠳᠠ ᠲᠤᠮᠳᠡᠭᠢ ᠲᠤᠰᠬᠤᠨ ᠪᠤᠯᠬᠤ ᠶᠤᠮ᠃ ᠲᠤᠰᠬᠤᠨᠤ ᠵᠦᠪᠯᠡᠯᠤᠨ ᠡᠮᠦᠨᠡᠭᠦᠷᠬᠢ 《ᠪᠦᠯᠭᠦᠮᠳᠠᠯ ᠵᠠᠮ》 ᠵᠢᠡᠷ ᠲᠤᠳᠤᠬᠰᠢᠯᠠᠬᠤᠳᠤ᠂ ᠬᠠᠨ᠎ᠠ ᠬᠠᠨ᠎ᠠ ᠪᠠᠨ ᠨᠠᠯᠠᠬᠰᠠᠨ ᠰᠠᠭᠤᠷᠢᠰᠢᠯ᠂ ᠡᠷᠦᠭᠡ ᠡᠷᠦᠭᠡ ᠵᠢ ᠬᠤᠯᠪᠤᠬᠰᠠᠨ ᠵᠠᠮ ᠨᠢ ᠪᠦᠯᠭᠦᠮᠳᠠᠯ ᠨᠢᠬᠳᠠᠷᠠᠯ᠂ ᠦᠭᠡᠳᠡᠯᠡᠯ ᠲᠠᠪᠰᠢᠯᠤᠨ ᠲᠡᠮᠳᠡᠭ ᠪᠤᠯᠵᠦ ᠲᠤᠳᠤᠷᠨᠨᠠ᠃
ᠦᠷᠦᠪᠴᠢ ᠰᠡᠳᠭᠢᠯᠤᠨ ᠤᠶᠠᠡᠭᠭᠠ
ᠰᠤᠷᠪᠤᠯᠵᠢᠯᠠᠬᠴᠢ ᠵᠢ ᠬᠦᠷᠭᠦᠳᠤ᠂ ᠪᠦᠯᠬᠦᠮᠳᠠᠯ ᠲᠤᠰᠬᠤᠨᠳᠤ ᠪᠠᠢᠷᠢᠯᠠᠭ᠎ᠠ ᠬᠦᠷᠢᠶ᠎ᠠ ᠬᠤᠰᠢᠭᠤᠨᠤ ᠰᠢ ᠹᠸᠩ ᠱᠸᠦ ᠲᠠᠷᠢᠶᠠᠯᠠᠩᠤᠨ ᠮᠠᠰᠢᠨ ᠪᠠ ᠲᠠᠷᠢᠮᠠᠯᠤᠨ ᠲᠤᠰᠬᠠᠢ ᠬᠤᠷᠰᠢᠶᠠᠢ᠋ᠢᠨ ᠬᠦᠷᠢᠶᠡᠨᠳᠤ ᠲᠡᠷᠭᠡ ᠬᠦᠰᠭᠡ ᠵᠦᠷᠢᠯᠳᠤᠨ᠂ ᠲᠤᠰᠬᠤᠨᠤ ᠠᠷᠠᠳ ᠬᠤᠷᠰᠢᠶ᠎ᠠ ᠵᠢᠨ ᠬᠦᠮᠦᠷᠭᠡ ᠡᠴᠡ ᠲᠠᠷᠢᠶᠠᠨ ᠦᠷ᠎ᠡ᠂ ᠪᠤᠷᠳᠤᠭᠤᠷ ᠵᠦᠭᠡᠭᠡᠨ ᠶᠠᠭᠠᠷᠠᠯᠳᠤᠵᠦ ᠪᠠᠢᠪᠠ᠃
ᠲᠤᠰᠬᠤᠨᠤ ᠠᠷᠠᠳ ᠮᠠ ᠬᠦᠸᠸ ᠮᠢᠨ ᠭᠤᠷᠪᠠᠨ ᠬᠦᠷᠲᠦᠲᠦ ᠲᠡᠷᠭᠡ ᠪᠠᠨ ᠵᠢᠯᠤᠭᠤᠳᠤᠨ ᠲᠤᠰᠬᠠᠢ ᠬᠤᠷᠰᠢᠶᠠᠳᠤ ᠬᠦᠷᠴᠦ᠂ ᠲᠤᠰᠬᠠᠢ ᠬᠤᠷᠰᠢᠶ᠎ᠠ ᠢ᠋ᠢᠨ ᠬᠠᠷᠢᠭᠤᠴᠠᠯᠭᠠᠲᠠᠨ ᠵᠢᠶᠠᠩ ᠵᠢᠩ ᠫᠢᠩ ᠲᠠᠢ ᠬᠡᠲᠦᠨ ᠦᠭᠡ ᠬᠡᠯᠡᠯᠴᠡᠭᠡᠳ 10 ᠤᠭᠤᠲᠠ ᠪᠤᠷᠳᠤᠭᠤᠷ 5 ᠤᠭᠤᠳᠠ ᠡᠷᠲᠡᠨᠢ ᠰᠢᠰᠢ ᠢ᠋ᠢᠨ ᠦᠷ᠎ᠡ ᠵᠢ ᠲᠡᠷᠭᠡᠨᠳᠡᠭᠡᠨ ᠲᠡᠭᠡᠭᠡᠭᠡᠳ ᠬᠠᠷᠢᠯ᠎ᠠ᠃ ᠤᠤᠯ ᠨᠢ᠂ ᠮᠠ ᠬᠦᠸᠸ ᠮᠢᠨ ᠲᠤᠰᠬᠠᠢ ᠬᠤᠷᠰᠢᠶ᠎ᠠ ᠡᠴᠡ ᠲᠠᠷᠢᠶᠠᠨ ᠦᠷ᠎ᠠ᠂ ᠪᠤᠷᠳᠤᠭᠤᠷ ᠱᠡᠭᠡᠯᠡᠵᠦ ᠠᠪᠠᠴᠢᠭᠠᠳ ᠨᠠᠮᠤᠷᠤᠨ ᠬᠤᠷᠢᠶᠠᠯᠲᠠ ᠢ᠋ᠢᠨ ᠦᠶᠡᠳᠤ ᠲᠠᠡᠭᠰᠠ ᠪᠠᠨ ᠪᠤᠳᠤᠬᠤ ᠪᠡᠷ ᠬᠡᠯᠡᠯᠴᠡᠵᠦ ᠲᠤᠬᠳᠠᠬᠰᠠᠨ ᠪᠠᠢᠪᠠ᠃

ᠮᠠ ᠬᠦᠸᠸ ᠮᠢᠨᠤ ᠬᠢᠨ ᠬᠡᠲᠦᠨ ᠵᠢᠯᠤᠨ ᠡᠮᠦᠨ᠎ᠡ ᠶᠠᠳᠠᠭᠤ ᠡᠴᠡ ᠠᠩᠬᠢᠵᠢᠷᠠᠵᠠᠢ᠃ ᠲᠡᠷᠡ ᠨᠢᠷᠤᠭᠤᠨ ᠲᠠᠪᠠᠭ ᠨᠢ ᠬᠦᠲᠦᠢᠭᠰᠡᠨ ᠬᠠᠭᠤᠴᠢᠨ ᠠᠷᠬᠠᠬ ᠲᠠᠢ᠂ ᠬᠦᠭᠰᠢᠨ ᠨᠢ ᠤᠶᠤᠨ ᠮᠡᠳᠡᠷᠡᠯᠤᠨ ᠰᠠᠭᠠᠳ ᠲᠠᠢ ᠪᠠᠢᠵᠦ᠂ ᠬᠦᠦ ᠨᠢ ᠭᠠᠳᠠᠨ᠎ᠠ ᠤᠷᠤᠨᠳᠤ ᠬᠦᠯᠦᠰᠦᠨ ᠠᠵᠢᠯ ᠬᠢᠵᠦ ᠪᠠᠢᠨ᠎ᠠ᠃ ᠤᠨᠢᠨ ᠲᠡᠭᠡᠷ᠎ᠡ ᠨᠢ ᠶᠠᠳᠠᠭᠤ ᠵᠢ ᠲᠡᠳᠬᠦᠬᠦ ᠦᠶᠡᠳᠤ ᠦᠭᠭᠦᠭᠰᠡᠨ 2 ᠲᠦᠮᠡᠨ ᠲᠦᠭᠦᠷᠢᠭ ᠢ᠋ᠢᠡᠷ ᠢ᠋ᠢᠡᠨ ᠲᠡᠷᠡ ᠦᠭᠡᠷ ᠬᠤᠳᠠᠯᠳᠤᠨ ᠠᠪᠴᠤ ᠲᠡᠵᠢᠭᠡᠭᠡᠳ᠂ ᠵᠢᠯ ᠳ᠋ᠸ᠋ ᠭᠤᠷᠪᠠ ᠡᠴᠡ ᠲᠦᠷᠪᠡᠨ ᠲᠤᠭᠤᠯ ᠲᠤᠰᠳᠠᠬ ᠮᠦᠷᠲᠡᠭᠡᠨ ᠬᠤᠶᠠᠷ ᠭᠤᠷᠪᠠᠨ ᠦᠭᠡᠷ ᠬᠤᠳᠠᠯᠳᠤᠵᠦ᠂ ᠲᠡᠭᠡᠷ᠎ᠡ ᠨᠢ 14 ᠮᠸ᠋ ᠲᠠᠷᠢᠶ᠎ᠠ ᠵᠢᠨ ᠤᠷᠤᠯᠭ᠎ᠠ ᠪᠠᠨ ᠲᠦᠰᠢᠨ ᠠᠮᠢᠳᠤᠷᠠᠵᠦ ᠪᠠᠢᠨ᠎ᠠ᠃ 《ᠮᠠᠨᠤ ᠠᠮᠢᠳᠤᠷᠠᠯ ᠬᠦᠴᠢᠷᠲᠡᠢ ᠪᠠᠢᠬᠰᠠᠨ ᠦᠶᠡᠰ ᠲᠠᠡᠭᠳᠠ ᠵᠤᠭᠤᠰ ᠵᠢᠭᠡᠯᠡᠨ ᠬᠦᠷᠢᠶ᠎ᠠ ᠪᠠᠯᠭᠠᠰᠤᠨᠳᠤ ᠤᠴᠢᠵᠦ ᠲᠠᠷᠢᠶᠠᠨ ᠦᠷ᠎ᠡ᠂ ᠪᠤᠷᠳᠤᠭᠤᠷ ᠬᠤᠳᠠᠯᠳᠤᠨ ᠠᠪᠳᠠᠭ ᠪᠠᠢᠵᠠᠢ᠃ ᠲᠤᠰᠬᠤᠨᠳᠤ ᠲᠤᠰᠬᠠᠢ ᠬᠤᠷᠰᠢᠶ᠎ᠡ ᠲᠠᠢ ᠪᠤᠯᠤᠬᠰᠠᠨ ᠡᠴᠡ ᠨᠠᠭᠠᠰᠢ᠂ ᠬᠤᠯᠠ ᠵᠠᠮᠨᠠᠬᠤ ᠴᠢᠬᠤᠯᠠ ᠦᠭᠡᠢ ᠮᠦᠷᠲᠡᠭᠡᠨ ᠲᠠᠷᠢᠶᠠᠨ ᠦᠷ᠎ᠡ᠂ ᠪᠤᠷᠳᠤᠭᠤᠷ ᠱᠡᠭᠡᠯᠡᠨ ᠲᠠᠷᠢᠶ᠎ᠠ ᠪᠠᠨ ᠲᠠᠷᠢᠵᠦ᠂ ᠲᠦᠷ ᠵᠠᠭᠤᠷ᠎ᠠ ᠢ᠋ᠢᠨ ᠬᠦᠴᠢᠷᠳᠠᠯ ᠢ᠋ᠢᠡᠨ ᠰᠢᠢᠳᠪᠦᠷᠢᠯᠡᠳᠡᠭ ᠪᠤᠯᠪᠠ》 ᠬᠡᠵᠦ ᠮᠠ ᠬᠦᠸᠸ ᠮᠢᠨ ᠰᠤᠷᠪᠤᠯᠵᠢᠯᠠᠬᠴᠢᠳᠤ ᠶᠠᠷᠢᠨ᠎ᠠ᠃
ᠮᠠ ᠬᠦᠸᠸ ᠮᠢᠨ ᠰᠢᠭ ᠡᠢᠮᠦᠷᠬᠦᠦ ᠪᠠᠢᠲᠠᠯ ᠲᠠᠢ ᠡᠷᠦᠭᠡ ᠪᠦᠯᠬᠦᠮᠳᠠᠯ ᠲᠤᠰᠬᠤᠨᠳᠤ ᠲᠤᠯᠤᠭ᠎ᠠ ᠨᠠᠢ᠍ᠮᠠ ᠪᠠᠢᠳᠠᠭ᠃ ᠦᠷᠦᠪᠴᠢ ᠰᠡᠳᠭᠢᠯ ᠲᠠᠢ ᠵᠢᠶᠠᠡᠭ ᠵᠢᠡᠭ ᠫᠢᠡᠭ ᠶᠡᠷᠦ ᠨᠢ ᠡᠳᠡᠭᠡᠷ ᠡᠷᠦᠭᠡᠳᠤ ᠲᠠᠷᠢᠶᠠᠨ ᠦᠷ᠎ᠠ᠂ ᠪᠤᠷᠳᠤᠭᠤᠷ ᠵᠢᠡᠨ ᠲᠤᠤᠷ᠎ᠠ ᠦᠨ᠎ᠡ ᠪᠡᠷ ᠬᠤᠳᠠᠯᠳᠤᠨ ᠦᠭᠳᠡᠭ᠃

《ᠲᠤᠰᠬᠤᠨᠳᠠᠭᠠᠨ ᠲᠤᠰᠬᠠᠢ ᠬᠤᠷᠰᠢᠶ᠎ᠠ ᠲᠠᠢ ᠪᠤᠯᠤᠬᠰᠠᠨ ᠡᠴᠡ ᠨᠠᠭᠠᠰᠢ᠂ ᠪᠤᠰᠤᠳ ᠲᠤᠰᠬᠤᠨᠡᠴᠡ ᠦᠨᠳᠦᠷ ᠦᠨ᠎ᠡ ᠪᠡᠷ ᠲᠠᠷᠢᠶᠠᠯᠠᠩᠤᠨ ᠮᠠᠰᠢᠨ ᠲᠦᠷᠢᠶᠡᠰᠦᠯᠡᠬᠦ ᠴᠢᠬᠤᠯᠠ ᠦᠭᠡᠢ ᠪᠤᠯᠵᠠᠢ᠃ ᠲᠤᠰᠬᠠᠢ ᠬᠤᠷᠰᠢᠶ᠎ᠠ ᠢ᠋ᠢᠨ ᠬᠠᠷᠢᠭᠤᠴᠠᠯᠭᠠᠲᠠᠨ ᠨᠢᠭᠡᠨᠲᠡ ᠲᠤᠰᠬᠤᠨᠤ ᠬᠤᠶᠠᠷ ᠵᠦᠪᠯᠡᠯ ᠲᠠᠢ ᠬᠡᠯᠡᠯᠴᠡᠭᠡᠷ ᠲᠤᠬᠲᠠᠵᠦ᠂ ᠬᠠᠮᠤᠭᠤᠨ ᠲᠤᠤᠷ᠎ᠠ ᠦᠨ᠎ᠡ ᠪᠡᠷ ᠮᠠᠨᠤ ᠲᠤᠰᠬᠤᠨᠤ ᠲᠠᠷᠢᠶᠠᠴᠢᠳ ᠲᠸ᠋ ᠦᠢᠯᠡᠴᠢᠯᠡᠵᠦ ᠪᠠᠢᠭ᠎ᠠ ᠲᠤᠯᠠ ᠮᠠᠨᠤ ᠲᠠᠷᠢᠶᠠᠯᠠᠩ ᠦᠢᠯᠡᠳᠪᠤᠷᠢᠯᠡᠯᠤᠨ ᠦᠷᠲᠡᠭ 25% ᠪᠡᠷ ᠪᠠᠭᠤᠷᠠᠯ᠎ᠠ》 ᠬᠡᠵᠦ ᠲᠤᠰᠬᠤᠨᠤ ᠠᠷᠠᠳ ᠵᠤᠤ ᠬᠦᠸᠸᠳ᠋ᠦ᠋ᠩ ᠶᠠᠷᠢᠨ᠎ᠠ᠃

ᠰᠢ ᠹᠸᠩ ᠱᠸᠦ ᠲᠤᠰᠬᠠᠢ ᠬᠤᠷᠰᠢᠶ᠎ᠠ ᠵᠢᠨ ᠬᠠᠷᠢᠭᠤᠴᠠᠯᠭᠠᠳᠠᠨ ᠵᠢᠶᠠᠩ ᠵᠢᠩ ᠫᠢᠩ ᠪᠤᠯ ᠪᠦᠯᠬᠦᠮᠳᠠᠯ ᠲᠤᠰᠬᠤᠨᠳᠤ ᠲᠦᠷᠦᠵᠦ ᠦᠰᠦᠭᠰᠡᠨ ᠬᠦᠮᠦᠨ᠃ 2014 ᠤᠨᠳᠤ᠂ ᠲᠡᠷᠡ ᠨᠤᠳᠤᠭ ᠤᠷᠤᠨᠳᠠᠭᠠᠨ ᠬᠦᠴᠦ ᠪᠠᠨ ᠡᠷᠬᠦᠬᠦ ᠪᠤᠳᠤᠯ ᠵᠢᠡᠷ ᠲᠤᠰᠬᠤᠨᠳᠠᠭᠠᠨ ᠲᠤᠰᠬᠠᠢ ᠬᠤᠷᠰᠢᠶ᠎ᠠ ᠪᠠᠢᠭᠤᠯᠤᠬᠰᠠᠨ ᠪᠠᠢᠯ᠎ᠠ᠃ ᠠᠷᠪᠠ ᠰᠢᠬᠠᠮ ᠵᠢᠯᠤᠨ ᠲᠤᠷᠰᠢ᠂ ᠲᠤᠰᠬᠠᠢ ᠬᠤᠷᠰᠢᠶ᠎ᠠ ᠨᠢ ᠲᠤᠰᠬᠤᠨᠤ ᠠᠷᠠᠳ ᠲᠦᠮᠡᠨᠳ᠋ᠸ᠋ ᠠᠰᠢᠭ ᠬᠦᠷᠳᠡᠭᠡᠬᠦ ᠡᠭᠦᠳᠡᠨ ᠡᠴᠡ᠂ ᠲᠠᠷᠢᠶᠠᠯᠠᠩᠤᠨ ᠮᠠᠰᠢᠨ ᠢ᠋ᠢᠡᠨ ᠬᠢᠮᠲᠠ ᠦᠨ᠎ᠡ ᠪᠡᠷ ᠠᠷᠠᠳ ᠲᠠᠭᠠᠨ ᠲᠦᠷᠢᠶᠡᠰᠦᠯᠡᠨ ᠬᠡᠷᠡᠭᠯᠡᠭᠦᠯᠵᠦ᠂ ᠲᠠᠷᠢᠶᠠᠨ ᠦᠷ᠎ᠡ᠂ ᠪᠤᠷᠳᠤᠭᠤᠷ ᠢ᠋ᠢᠡᠨ ᠲᠤᠰᠬᠤᠨᠤ ᠠᠷᠠᠳ ᠲᠠᠭᠠᠨ ᠲᠤᠤᠷ᠎ᠡ ᠦᠨ᠎ᠡ ᠪᠡᠷ ᠬᠤᠳᠠᠯᠳᠤᠨ ᠦᠭᠴᠦ᠂ ᠠᠮᠢᠳᠤᠷᠠᠯ ᠨᠢ ᠬᠦᠴᠢᠷᠲᠡᠯᠲᠡᠢ ᠡᠷᠦᠭᠡᠳᠤ ᠤᠷᠢᠳ ᠢ᠋ᠢᠡᠷ ᠱᠡᠭᠡᠯᠡᠭᠦᠯᠵᠦ᠂ ᠤᠨᠴᠠ ᠬᠦᠴᠢᠷᠲᠡᠯᠲᠡᠢᠳᠤᠨᠢ ᠮᠦᠡᠭᠭᠦ ᠵᠤᠭᠤᠰ ᠴᠸ᠋ ᠬᠤᠷᠢᠶᠠᠬᠤ ᠦᠭᠡᠢ ᠪᠡᠷ ᠦᠭᠳᠡᠭ ᠪᠠᠢᠵᠠᠢ᠃

ᠡᠭᠦᠨ ᠢ᠋ᠢᠡᠷ ᠪᠠᠷᠠᠬᠤ ᠦᠭᠡᠢ᠂ ᠨᠠᠮᠤᠨ ᠬᠡᠰᠢᠭᠦᠨ ᠪᠤᠯᠤᠬᠰᠠᠨᠤ ᠬᠤᠪᠢᠳᠤ ᠵᠢᠶᠠᠩ ᠵᠢᠩ ᠫᠢᠩ ᠲᠤᠰᠬᠤᠨᠤ ᠪᠠᠨ 《7·1》 《3·8》 ᠵᠡᠷᠭᠡ ᠪᠠᠶᠠᠷ ᠲᠤᠷᠠᠰᠬᠠᠯᠤᠨ ᠡᠲᠦᠷ ᠢ᠋ ᠪᠡᠯᠭᠡᠯᠡᠬᠦ ᠪᠤᠶᠤ ᠪᠤᠰᠤᠳ ᠨᠡᠢᠲᠡ ᠢ᠋ᠢᠨ ᠬᠦᠲᠡᠯᠭᠡᠭᠡᠨ ᠡᠷᠬᠢᠯᠡᠬᠦ ᠲᠠᠰᠢᠷᠠᠮ ᠵᠢᠡᠷ ᠵᠤᠭᠤᠰ ᠮᠦᠩᠬᠦ᠂ ᠡᠳ᠋ ᠪᠤᠲᠠᠰ ᠭᠠᠷᠭᠠᠵᠦ ᠬᠠᠮᠳᠤ ᠵᠢᠨ ᠠᠵᠢᠯᠯᠠᠭ᠎ᠠ ᠵᠢ ᠲᠡᠮᠵᠢᠲᠡᠭ ᠶᠤᠮ᠃ 《ᠪᠢ ᠪᠤᠯ ᠲᠤᠰᠬᠤᠨᠤ ᠬᠦᠮᠦᠨ᠂ ᠨᠤᠳᠤᠭ ᠤᠰᠤᠨᠳᠠᠭᠠᠨ ᠠᠴᠢ ᠬᠠᠷᠢᠭᠤ ᠪᠤᠯᠭᠠᠵᠦ᠂ ᠪᠦᠬᠦ ᠲᠤᠰᠬᠤᠨᠤ ᠡᠯ᠎ᠡ ᠦᠨᠳᠦᠰᠦᠲᠡᠨᠤ ᠠᠷᠠᠳ ᠲᠦᠮᠡᠨ ᠲᠠᠢ ᠪᠠᠨ ᠬᠠᠮᠲᠦ ᠪᠡᠷ ᠴᠢᠨᠡᠭᠡᠯᠢᠭᠵᠢᠬᠦ ᠪᠤᠯ ᠮᠢᠨᠦ ᠡᠭᠦᠷᠢᠲᠡ ᠢ᠋ᠢᠨ ᠬᠦᠰᠡᠯ ᠶᠤᠮ᠃ ᠪᠢ ᠯᠠᠪᠲᠠᠢ ᠨᠤᠳᠤᠭ ᠤᠰᠤᠨᠤ ᠪᠠᠨ ᠬᠦᠭᠵᠢᠯᠳᠠ ᠵᠢᠨ ᠲᠦᠯᠦᠭᠡ ᠴᠢᠳᠠᠯᠤᠨ ᠬᠢᠷᠢ ᠪᠡᠷ ᠢ᠋ᠢᠡᠨ ᠴᠢᠷᠮᠠᠢᠨ᠎ᠠ》 ᠬᠡᠵᠦ ᠵᠢᠶᠠᠩ ᠵᠢᠩ ᠫᠢᠩ ᠰᠤᠷᠪᠤᠯᠵᠢᠯᠠᠬᠴᠢᠳᠤ ᠶᠠᠷᠢᠨ᠎ᠠ᠃
ᠬᠠᠯᠠᠭᠤᠨ ᠰᠡᠳᠬᠢᠯᠤᠨ ᠨᠠᠢᠷᠠᠬ
ᠡᠨᠡ ᠵᠢᠯ 59 ᠨᠠᠰᠤᠲᠠᠢ ᠬᠠᠨ ᠢᠦᠢ ᠰᠢᠶᠠ 32 ᠵᠢᠯ ᠳᠠᠷᠠᠭᠠᠯᠠᠨ ᠪᠦᠯᠬᠦᠮᠳᠠᠯ ᠲᠤᠰᠬᠤᠨᠤ ᠪᠠᠨ ᠡᠮᠡᠭᠲᠡᠢᠴᠦᠳᠦᠨ ᠬᠣᠯᠪᠣᠭᠠᠨᠤ ᠡᠷᠬᠢᠯᠡᠭᠴᠢᠶᠢᠨ ᠲᠤᠰᠢᠶᠠᠯᠢ ᠡᠭᠦᠷᠭᠡᠯᠡᠵᠦ ᠶᠠᠪᠤᠪᠠ᠃ ᠬᠡᠨᠤ ᠬᠢᠨᠢ ᠭᠡᠷ ᠲᠤᠨᠢ ᠶᠡᠬᠡ ᠪᠠᠭ᠎ᠠ ᠤᠴᠢᠷ ᠲᠤᠬᠢᠶᠠᠯᠳᠤᠪᠠᠯ ᠰᠠᠨᠠᠭᠠᠴᠢᠯᠠᠭ᠎ᠠ ᠠ᠋ᠴᠠᠪᠠᠨ ᠬᠠᠪᠰᠤᠷᠳᠠᠭ ᠪᠤᠯᠬᠤᠷ᠂ ᠣᠯᠠᠨᠢᠶᠠᠷᠢᠶᠠᠨ ᠲᠡᠭᠦᠨᠢ 《ᠬᠠᠯᠠᠭᠤᠨ ᠰᠡᠳᠬᠢᠯᠳᠤ ᠬᠠᠨ ᠡᠭᠡᠴᠢ》 ᠭᠡᠵᠦ ᠳᠣᠲᠣᠨᠣᠴᠢᠯᠠᠨ ᠳᠠᠭᠤᠳᠠᠳᠠᠭ ᠪᠢᠯᠡ᠃ ᠪᠦᠯᠬᠦᠮᠳᠠᠯ ᠲᠣᠰᠬᠣᠨᠤ ᠠᠷᠠᠳᠤᠨ ᠬᠡᠪ ᠰᠤᠷᠲᠠᠯ᠂ ᠵᠠᠩ ᠳᠠᠳᠬᠠᠯ ᠪᠠ ᠠᠢᠯ ᠰᠠᠭᠠᠬᠠᠯᠲᠠ ᠢ᠋ᠢᠨ ᠶᠠᠪᠤᠯᠴᠠᠭ᠎ᠠ ᠬᠠᠷᠢᠯᠴᠠᠭᠠᠶᠢᠨ ᠤᠴᠢᠷ ᠢ᠋ ᠶᠠᠷᠢᠬᠤᠳᠤ ᠬᠠᠨ ᠢᠦᠢ ᠰᠢᠶᠠ ᠵᠢᠨ ᠴᠢᠷᠠᠢ ᠳ᠋ᠸ᠋ ᠣᠮᠣᠭ ᠪᠠᠬᠠᠳᠤᠯ ᠪᠢᠯᠬᠠᠨ᠎ᠠ᠃

2007 ᠤᠨᠤ 10 ᠰᠠᠷ᠎ᠠ ᠢ᠋ᠢᠨ ᠰᠡᠭᠦᠯᠴᠢ ᠪᠡᠷ᠂ ᠪᠦᠯᠬᠦᠮᠳᠠᠯ ᠲᠤᠰᠬᠤᠨ ᠦᠭᠡᠷ ᠲᠡᠵᠢᠭᠡᠬᠦ ᠪᠠᠭ᠎ᠠ ᠲᠤᠭᠤᠷᠢᠭ ᠪᠠᠢᠭᠤᠯᠬᠤᠳᠤ᠂ ᠬᠠᠨ ᠢᠤᠢ ᠰᠢᠶᠠ ᠢ᠋ᠢᠨ ᠬᠢᠨ ᠬᠠᠮᠤᠭᠤᠨ ᠲᠦᠷᠦᠭᠦᠨᠳᠤ ᠨᠡᠭᠦᠵᠦ ᠢᠷᠡᠵᠡᠢ᠃ ᠲᠤᠬᠠᠢ ᠢ᠋ᠢᠨ ᠦᠶᠡᠳᠤ ᠪᠦᠯᠬᠦᠮᠳᠠᠯ ᠲᠤᠰᠬᠤᠨᠤ 20 ᠭᠠᠷᠤᠢ ᠡᠷᠦᠭᠡ ᠡᠨᠲᠡ ᠨᠡᠭᠦᠨ ᠢᠷᠡᠵᠦ ᠰᠠᠭᠠᠯᠢ ᠵᠢᠨ ᠦᠨᠢᠶ᠎ᠠ ᠲᠡᠵᠢᠭᠡᠨ᠂ ᠰᠦ ᠰᠠᠭᠠᠬᠤ ᠦᠷᠲᠡᠭᠡ ᠪᠠᠢᠭᠤᠯᠤᠬᠰᠠᠨ ᠪᠠᠢᠨ᠎ᠠ᠃ ᠭᠡᠵᠢᠶ᠎ᠠ ᠰᠡᠭᠦᠯᠳᠤᠨᠢ ᠵᠠᠷᠢᠮ ᠡᠷᠦᠭᠡ ᠨᠢ ᠨᠡᠭᠦᠵᠦ ᠶᠠᠪᠤᠬᠰᠠᠨ ᠪᠤᠶᠤ ᠪᠤᠰᠤᠳ ᠭᠠᠵᠠᠷᠤᠨ ᠦᠭᠡᠷ ᠲᠡᠵᠢᠭᠡᠬᠦ ᠡᠷᠦᠭᠡ ᠢᠷᠡᠵᠦ ᠰᠠᠭᠤᠷᠢᠰᠢᠬᠰᠠᠨ ᠡᠴᠡ ᠪᠤᠯᠵᠦ᠂ ᠤᠳᠤ ᠦᠭᠡᠷ ᠲᠡᠵᠢᠭᠡᠬᠦ ᠪᠠᠭ᠎ᠠ ᠲᠤᠭᠤᠷᠢᠭ ᠲᠸ᠋ ᠡᠯ᠎ᠡ ᠦᠨᠳᠦᠰᠦᠲᠡᠨᠤ 30 ᠡᠷᠦᠭᠡ ᠤᠯᠠᠨ ᠲᠦᠮᠡᠨ ᠰᠠᠭᠤᠷᠢᠰᠢᠵᠦ ᠪᠤᠢ᠃

ᠡᠬᠢᠨᠳᠡᠭᠡᠨ ᠦᠭᠡᠷ ᠲᠡᠵᠢᠭᠡᠬᠦ ᠪᠠᠭ᠎ᠠ ᠲᠤᠭᠤᠷᠢᠭ ᠲᠸ᠋ ᠦᠭᠡᠷ ᠢ᠋ᠢᠡᠨ ᠤᠰᠤᠯᠠᠬᠤ ᠨᠢ ᠲᠦᠪᠡᠭ ᠲᠠᠢ ᠶᠠᠪᠤᠳᠠᠯ ᠪᠤᠯᠵᠦ ᠪᠠᠢᠪᠠ᠃ ᠡᠷᠬᠡᠪᠰᠢ ᠲᠤᠰᠬᠤᠨᠤ ᠵᠡᠭᠦᠨᠲᠡᠢ ᠪᠠᠢᠬᠤ ᠬᠤᠳᠳᠤᠭᠤᠨ ᠨᠡᠭᠡᠭᠡᠯᠭᠡ ᠵᠢ ᠤᠴᠢᠵᠦ ᠨᠡᠭᠡᠭᠡᠪᠡᠯ ᠰᠠᠶᠢ ᠤᠰᠤ ᠨᠡᠪᠲᠡᠷᠡᠲᠡᠭ ᠪᠠᠢᠵᠠᠢ᠃ ᠡᠢᠨᠬᠦ ᠬᠠᠨ ᠢᠤᠢ ᠰᠢᠶᠠ ᠬᠡᠷ ᠡᠴᠡ ᠪᠠᠨ ᠮᠢᠩᠭᠠᠨ ᠮᠸᠲᠷ ᠬᠤᠯᠠ ᠪᠠᠢᠭ᠎ᠠ ᠬᠤᠳᠳᠤᠭᠤᠨ ᠨᠡᠭᠡᠭᠡᠯᠭᠡ ᠵᠢ ᠡᠷᠲᠡ ᠢ᠋ᠢᠨ 6 ᠴᠠᠬ᠂ ᠤᠷᠤᠢ ᠢ᠋ᠢᠨ 5 ᠴᠠᠭ ᠲᠸ᠋ ᠨᠡᠭᠡᠭᠡᠵᠦ ᠬᠠᠭᠠᠬᠤ ᠠᠵᠢᠯ ᠢ᠋ ᠲᠠᠭᠠᠭᠠᠨ ᠠᠪᠴᠠᠢ᠃ ᠢᠩᠬᠢᠵᠦ ᠬᠠᠨ ᠢᠤᠢ ᠰᠢᠶᠠ ᠡᠲᠦᠷ ᠠᠯᠳᠠᠯ ᠦᠭᠡᠢ᠂ ᠦᠨ᠎ᠠ ᠲᠦᠯᠦᠪᠦᠷᠢ ᠦᠭᠡᠢ ᠪᠡᠷ ᠦᠷᠭᠦᠯᠵᠢᠯᠡᠨ ᠠᠷᠪᠠᠭᠠᠳ ᠵᠢᠯ ᠦᠢᠯᠡᠴᠢᠯᠡᠵᠦ᠂ ᠬᠡᠷ ᠡᠴᠡ ᠪᠠᠨ ᠬᠤᠯᠠ ᠭᠠᠵᠠᠷ ᠢ᠋ᠢᠡᠷ ᠴᠸ᠋ ᠶᠠᠪᠤᠵᠦ ᠦᠩᠭᠡᠷᠡᠭᠰᠡᠨ ᠦᠭᠡᠢ ᠪᠠᠢᠯ᠎ᠠ᠃


ᠬᠠᠯᠠᠭᠤᠨ ᠰᠡᠳᠬᠢᠯ ᠲᠠᠢ᠂ ᠪᠤᠰᠤᠳ ᠢ᠋ ᠬᠠᠪᠰᠤᠷᠲᠠᠭ ᠬᠠᠨ ᠢᠤᠢ ᠰᠢᠶᠠ ᠳ᠋ᠸ᠋ ᠮᠦᠨ ᠦᠭᠡᠷ ᠲᠡᠵᠢᠭᠡᠬᠦ ᠪᠠᠭ᠎ᠠ ᠲᠤᠭᠤᠷᠢᠭ ᠲᠸ᠋ ᠰᠠᠢᠬᠠᠨ ᠲᠠᠰᠤᠯᠴᠠᠬᠰᠠᠨ ᠰᠠᠢᠨ ᠡᠭᠡᠴᠢ ᠲᠡᠭᠦᠦ ᠪᠠᠢᠳᠠᠭ᠂ ᠲᠡᠭᠦᠨᠢ ᠪᠤᠤ ᠬᠤᠸᠠ ᠭᠡᠳᠡᠭ᠃ ᠬᠢᠩᠭᠠᠨ ᠠᠢᠮᠠᠭᠤᠨ ᠤᠯᠠᠭᠠᠨᠬᠤᠲᠠᠳᠤ ᠤᠮᠪᠤᠯᠤ ᠪᠠᠨ ᠬᠠᠷᠠᠵᠦ ᠪᠠᠢᠬᠰᠠᠨ ᠪᠤᠤ ᠬᠤᠸᠠ ᠰᠠᠲᠤᠨᠤ ᠪᠠᠨ ᠬᠤᠷᠢᠮᠳᠤ ᠤᠷᠤᠯᠴᠠᠬᠤ ᠪᠡᠷ ᠬᠤᠶᠠᠷ ᠡᠳᠦᠷᠤᠨ ᠬᠢᠨᠢ ᠡᠮᠦᠨ᠎ᠠ ᠬᠠᠷᠢᠵᠦ ᠢᠷᠡᠭᠰᠡᠨ ᠢ᠋ ᠪᠢᠲᠠ ᠬᠠᠨ ᠢᠤᠢ ᠰᠢᠶᠠ ᠵᠢᠨ ᠲᠡᠨᠳᠡ ᠡᠴᠡ ᠲᠤᠭᠤᠯᠤᠬᠰᠠᠨ ᠶᠤᠮ᠃
ᠪᠢᠲᠠ ᠪᠤᠤ ᠬᠤᠸᠠ ᠢ᠋ᠢᠨᠳᠤ ᠬᠦᠷᠬᠦᠳᠤ᠂ ᠲᠡᠷᠡ ᠶᠠᠭ ᠨᠦᠬᠦᠷ ᠲᠦᠭᠦᠷᠡᠩ ᠲᠠᠢ ᠪᠠᠨ ᠮᠠᠯ ᠵᠢᠡᠨ ᠡᠪᠡᠰᠦᠯᠡᠵᠦ ᠪᠠᠢᠪᠠ᠃ ᠲᠡᠲᠡᠨᠤ ᠬᠢᠨ ᠪᠤᠯ ᠦᠭᠡᠷ ᠲᠡᠵᠢᠭᠡᠬᠦ ᠪᠠᠭ᠎ᠠ ᠲᠤᠭᠤᠷᠢᠭ ᠲᠠᠭᠠᠨ ᠴᠤᠷᠤᠨ ᠭᠠᠬᠴᠠ ᠰᠠᠭᠠᠯᠢ ᠢ᠋ᠢᠨ ᠦᠨᠢᠶ᠎ᠡ ᠲᠡᠵᠢᠭᠡᠵᠦ ᠪᠠᠢᠭ᠎ᠠ ᠡᠷᠦᠭᠡ ᠪᠤᠯᠤᠨ᠎ᠠ᠃ ᠡᠢᠮᠦ ᠪᠤᠯᠬᠤᠷ ᠭᠠᠳᠠᠨᠡᠭᠢ ᠬᠦᠮᠦᠰ ᠰᠦ ᠬᠤᠳᠠᠯᠳᠤᠨ ᠠᠪᠬᠤ ᠪᠡᠷ ᠢᠷᠡᠬᠦ ᠳ᠋ᠤᠨᠢ ᠬᠠᠨ ᠢᠤᠢ ᠰᠢᠶᠠ ᠲᠠᠡᠭᠳᠠ ᠪᠤᠤ ᠬᠤᠸᠠ ᠢ᠋ᠢᠨ ᠬᠢᠨ ᠢ᠋ ᠲᠠᠨᠢᠯᠴᠠᠭᠤᠯᠤᠨ ᠦᠭᠲᠡᠭ᠃
ᠪᠠᠶᠠᠰᠤᠩᠭᠤᠢ ᠵᠠᠩ ᠲᠠᠢ ᠪᠤᠤ ᠬᠤᠸᠠ 2008 ᠤᠨᠳᠤ ᠦᠭᠡᠷ ᠲᠡᠵᠢᠭᠡᠬᠦ ᠪᠠᠭ᠎ᠠ ᠲᠤᠭᠤᠷᠢᠭ ᠲᠸ᠋ ᠨᠡᠭᠦᠵᠦ ᠢᠷᠡᠩᠬᠦᠲᠡ ᠬᠠᠨ ᠢᠤᠢ ᠰᠢᠶᠠ ᠲᠠᠢ ᠵᠠᠩ ᠨᠡᠢᠯᠡᠵᠦ ᠬᠤᠶᠠᠷ ᠬᠡᠷ ᠢ᠋ᠢᠡᠷ ᠢ᠋ᠢᠡᠨ ᠰᠠᠢᠨ ᠶᠠᠪᠤᠯᠴᠠᠵᠦ ᠬᠠᠷᠢᠯᠴᠠᠨ ᠬᠠᠪᠰᠤᠷᠤᠯᠴᠠᠳᠠᠭ ᠪᠤᠯᠵᠠᠢ᠃ ᠪᠤᠤ ᠬᠤᠸᠠ ᠢ᠋ᠢᠨ ᠬᠢᠨ ᠬᠤᠷᠢᠭᠠᠳ ᠵᠢᠯᠮᠠᠯ ᠲᠡᠵᠢᠭᠡᠭᠰᠡᠨ ᠲᠤᠷᠰᠢᠯᠭ᠎ᠠ ᠲᠠᠢ ᠪᠤᠯᠬᠤᠷ᠂ ᠦᠩᠭᠡᠷᠡᠭᠰᠡᠨᠳᠤ ᠬᠠᠨ ᠢᠤᠢ ᠰᠢᠶᠠ ᠢ᠋ᠢᠨ ᠰᠠᠭᠠᠯᠢ ᠢ᠋ᠢᠨ ᠦᠨᠢᠶ᠎ᠡ ᠨᠢ ᠶᠠᠮᠠᠷ ᠭᠡᠮ ᠬᠢᠵᠢᠭ ᠲᠤᠰᠪᠠᠯ ᠪᠦᠷ ᠰᠢᠢᠳᠪᠦᠷᠢᠯᠡᠵᠦ ᠦᠭᠲᠡᠭ᠃ ᠪᠤᠤ ᠬᠤᠸᠠ ᠢ᠋ᠢᠨ ᠬᠢᠨ ᠴᠸ᠋ ᠶᠠᠮᠠᠷ ᠤᠴᠢᠷ ᠲᠤᠯᠭᠠᠷᠠᠪᠠᠯ ᠬᠠᠨ ᠢᠤᠢ ᠰᠢᠶᠠ ᠵᠢ ᠡᠷᠢᠲᠡᠭ ᠶᠤᠮ᠃ ᠤᠷᠵᠢᠨᠤᠨᠤ ᠨᠢᠭᠡᠨ ᠰᠦᠨᠢ ᠢ᠋ᠢᠨ 12 ᠴᠠᠬ ᠲᠸ᠋᠂ ᠪᠤᠤ ᠬᠤᠸᠠ ᠢ᠋ᠢᠨ ᠦᠨᠢᠶ᠎ᠡ ᠨᠢ ᠲᠤᠭᠤᠯᠯᠠᠬᠰᠠᠨ ᠬᠤᠢᠨ᠎ᠠ ᠲᠠᠮᠪᠠᠷᠠᠵᠦ᠂ ᠲᠤᠰᠬᠤᠨᠤ ᠲᠡᠵᠢᠭᠡᠨ ᠦᠷᠡᠵᠢᠭᠦᠯᠬᠦ ᠲᠠᠯᠠᠪᠠᠢᠳᠤ ᠬᠦᠷᠬᠡᠵᠦ ᠬᠤᠳᠠᠯᠳᠤᠬᠤ ᠭᠡᠳ ᠵᠦᠭᠡᠭᠡᠬᠦ ᠲᠡᠷᠭᠡ ᠤᠯᠬᠤ ᠦᠭᠡᠢ ᠬᠠᠨ ᠢᠤᠢ ᠰᠢᠶᠠᠳᠤ ᠤᠳᠠᠰᠤ ᠠᠪᠬᠤ ᠳ᠋ᠸ᠋᠂ ᠲᠡᠷᠡ ᠵᠢᠭᠡ ᠬᠦᠦ ᠪᠠᠨ ᠲᠠᠭᠤᠲᠠᠨ ᠪᠤᠤ ᠬᠤᠸᠠ ᠵᠢ ᠬᠠᠪᠰᠤᠷᠤᠨ ᠦᠨᠢᠶ᠎ᠡ ᠵᠢ ᠨᠢ ᠬᠦᠷᠭᠡᠵᠦ ᠦᠭᠭᠦᠭᠰᠡᠨ ᠪᠠᠢᠨ᠎ᠠ᠃ ᠦᠨᠢᠶ᠎ᠠ ᠲᠤᠭᠤᠯᠯᠠᠬᠤ᠂ ᠨᠤᠭᠤᠭᠠᠨ ᠲᠠᠷᠤᠰᠢ ᠲᠠᠷᠤᠬᠤ᠂ ᠦᠭᠡᠷ ᠬᠤᠳᠠᠯᠳᠤᠬᠤ ᠵᠡᠷᠭᠡ ᠡᠲᠦᠷ ᠲᠤᠲᠤᠮᠤᠨ ᠠᠷᠰᠠᠷ ᠶᠠᠪᠤᠳᠠᠯᠳᠤ ᠬᠠᠷᠢᠯᠴᠠᠨ ᠬᠠᠪᠰᠤᠷᠤᠬᠰᠠᠨ ᠤᠴᠢᠷ ᠶᠠᠪᠤᠲᠠᠯ ᠲᠤᠡᠭ ᠤᠯᠠᠨ ᠪᠠᠢᠨ᠎ᠠ ᠬᠡᠵᠦ ᠬᠠᠨ ᠢᠤᠢ ᠰᠢᠶᠠ ᠬᠡᠯᠡᠨ᠎ᠡ᠃
ᠪᠢᠲᠡᠨ ᠢ᠋ ᠰᠤᠷᠪᠤᠯᠵᠢᠯᠠᠵᠦ ᠪᠠᠢᠬᠰᠠᠨ ᠲᠡᠷᠡ ᠡᠲᠦᠷ᠂ ᠪᠤᠤ ᠬᠤᠸᠠ ᠬᠠᠭᠠᠰ ᠵᠢᠯ ᠠᠭᠤᠯᠵᠠᠭ᠎ᠠ ᠦᠭᠡᠢ ᠬᠠᠨ ᠡᠬᠡᠴᠢ ᠪᠠᠨ ᠦᠵᠡᠬᠦ ᠪᠡᠷ ᠢᠷᠡᠵᠦ᠂ ᠬᠤᠶᠠᠭᠤᠯᠠ ᠠᠭᠤᠯᠵᠠᠮᠠᠬᠴᠠ ᠭᠠᠷ ᠭᠠᠷ ᠢ᠋ᠢᠡᠨ ᠠᠳᠬᠤᠯᠴᠠᠨ ᠠᠮᠤᠷ ᠮᠡᠨᠳᠤ ᠪᠠᠨ ᠠᠰᠠᠭᠤᠯᠴᠠᠨ᠂ ᠪᠤᠤ ᠬᠤᠸᠠ ᠭᠠᠷ ᠤᠳᠠᠰᠦ ᠪᠠᠨ ᠭᠠᠷᠭᠠᠨ ᠬᠦᠬᠡᠷᠦᠭᠦᠨ ᠤᠮᠪᠤᠯᠤ ᠢ᠋ᠢᠨ ᠢ᠋ᠢᠡᠨ ᠰᠡᠭᠦᠲᠡᠷᠢ ᠲᠡᠯᠭᠡᠨ ᠦᠵᠡᠭᠦᠯᠦᠨ᠎ᠡ᠃ ᠪᠤᠤ ᠬᠤᠸᠠ ᠲᠠᠭᠤᠤ ᠰᠠᠢᠬᠠᠨ ᠲᠠᠭᠤᠯᠠᠳᠠᠬ ᠪᠤᠯᠬᠤᠷ ᠵᠢᠡᠨ ᠪᠠᠢᠨ ᠪᠠᠢᠨ ᠲᠠᠭᠤᠤ ᠰᠢᠩᠭᠡᠭᠡᠵᠦ ᠪᠤᠰᠢᠭᠤ ᠭᠠᠷ ᠲᠠᠪᠴᠠᠡᠭᠳᠤ ᠨᠡᠢᠲᠡᠯᠡᠲᠡᠭ᠃ ᠲᠠᠭᠤᠤ ᠪᠦᠵᠢᠭ ᠲᠡᠭᠡᠨ ᠠᠪᠢᠶᠠᠰ ᠲᠠᠢ ᠪᠤᠤ ᠬᠤᠸᠠ ᠮᠦᠨ ᠬᠠᠨ ᠡᠬᠡᠴᠢᠳᠡᠭᠡᠨ ᠲᠠᠭᠤᠤ ᠡᠷᠭᠦᠵᠦ ᠪᠠᠶᠠᠷᠯᠠᠬᠰᠠᠨ ᠰᠡᠳᠬᠢᠯ ᠢ᠋ᠢᠡᠨ ᠢᠯᠡᠳᠭᠡᠭᠰᠡᠨ ᠪᠠᠢᠨ᠎ᠠ᠃
ᠪᠦᠯᠬᠦᠮᠳᠠᠯ ᠲᠣᠰᠬᠣᠨᠳᠤ᠂ ᠬᠠᠨ ᠢᠦᠢ ᠰᠢᠶᠠ ᠪᠣᠯᠣᠨ ᠪᠦᠦ ᠬᠤᠸᠠ ᠰᠢᠭ᠋ᠢᠶᠡᠷ ᠬᠠᠷᠢᠯᠴᠠᠨ ᠶᠠᠪᠤᠯᠴᠠᠵᠦ ᠬᠠᠷᠢᠯᠴᠠᠨ ᠬᠠᠪᠰᠤᠷᠤᠯᠴᠠᠬᠤ ᠳᠤᠮᠳᠠ ᠭᠦᠨ ᠵᠤᠵᠠᠭᠠᠨ ᠨᠠᠢᠷ ᠰᠡᠳᠬᠢᠯᠭᠡᠲᠠᠢ ᠪᠣᠯᠤᠭᠰᠠᠨ ᠦᠨᠳᠦᠰᠦᠲᠡᠨᠦ ᠪᠦᠯᠬᠦᠮᠳᠡᠯᠦᠨ ᠦᠯᠢᠭᠡᠷ ᠤᠯᠠᠨ ᠪᠠᠢᠵᠦ᠂ ᠡᠯ᠎ᠡ ᠦᠨᠳᠦᠰᠦᠲᠡᠨᠤ ᠤᠯᠠᠨ ᠲᠦᠮᠡᠨ ᠪᠦᠯᠬᠦᠮᠲᠡᠨ ᠲᠡᠮᠡᠴᠡᠬᠦ ᠪᠡᠷ ᠲᠠᠮᠵᠢᠨ᠂ ᠪᠦᠯᠬᠦᠮᠳᠠᠯ ᠲᠤᠰᠬᠤᠨᠤ ᠠᠮᠢᠳᠤᠷᠠᠯ ᠶᠠᠪᠤᠬᠤ ᠲᠤᠲᠤᠮ ᠰᠠᠢᠵᠢᠷᠠᠵᠠᠢ᠃
ᠦᠨᠡᠨ ᠰᠡᠳᠭᠢᠯᠤᠨ ᠡᠭᠡᠰᠢᠭ
ᠵᠢᠯ ᠪᠦᠷᠢ ᠢ᠋ᠢᠨ ᠮᠠᠴᠠᠭ ᠲᠠᠢᠯᠬᠤ ᠡᠲᠦᠷ ᠬᠦᠷᠴᠦ ᠢᠷᠡᠬᠦ ᠪᠤᠯᠭᠠᠨ᠂ ᠬᠤᠳᠤᠩ ᠦᠨᠳᠦᠰᠦᠲᠡᠨᠤ ᠤᠯᠠᠨ ᠲᠦᠮᠡᠨ ᠪᠦᠷ ᠮᠠᠭᠠᠵᠢ ᠢ᠋ᠢᠨ ᠲᠤᠰᠤᠨᠳᠤ ᠪᠤᠴᠠᠯᠭᠠᠬᠰᠠᠨ ᠪᠤᠤᠪᠤ ᠬᠢᠲᠡᠭ᠃ ᠬᠤᠳᠤᠡᠭ ᠦᠨᠳᠦᠰᠦᠲᠡᠨᠤ ᠵᠠᠩᠰᠢᠯ ᠢ᠋ᠢᠡᠷ ᠪᠤᠯ᠂ ᠲᠡᠳᠡ ᠮᠠᠭᠠᠵᠢ ᠢ᠋ᠢᠨ ᠲᠤᠰᠤᠨᠳᠤ ᠪᠤᠴᠠᠯᠭᠠᠬᠰᠠᠨ ᠪᠤᠤᠪᠤ ᠪᠠᠨ ᠬᠢᠵᠦ ᠭᠠᠷᠭᠠᠮᠠᠬᠴᠠ ᠰᠠᠲᠤᠨ ᠲᠦᠷᠦᠯ᠂ ᠨᠠᠢᠵᠠ ᠨᠦᠭᠦᠳ ᠪᠤᠶᠤ ᠵᠡᠷᠭᠡᠯᠡᠳᠡᠭᠡ ᠠᠢᠯ ᠡᠷᠦᠭᠡᠳᠡᠭᠡᠨ ᠨᠢᠭᠡ ᠨᠢᠭᠡ ᠬᠤᠤᠰ ᠢ᠋ᠢᠡᠷ ᠬᠦᠷᠭᠡᠵᠦ ᠦᠭᠲᠡᠭ᠃ ᠬᠤᠳᠤᠩ ᠦᠨᠳᠦᠰᠦᠲᠡᠨᠤ ᠡᠨᠡᠬᠦ ᠪᠤᠤᠪᠤ ᠨᠢ ᠬᠦᠰᠡᠯ ᠵᠦᠩᠨᠡᠯ ᠪᠠ ᠬᠠᠢᠷ᠎ᠠ ᠬᠠᠯᠠᠮᠵᠢ ᠵᠢ ᠲᠦᠯᠦᠭᠡᠯᠡᠵᠦ ᠪᠠᠢᠳᠠᠭ᠃

ᠲᠤᠰᠬᠤᠨᠤ ᠠᠷᠠᠳ ᠶᠠᠩ ᠰᠢᠦ ᠴᠢᠩ ᠡᠨᠡ ᠵᠢᠯ 20 ᠵᠢᠩ ᠭᠤᠯᠢᠷᠢ᠋ᠢᠡᠷ ᠵᠢᠷᠠᠨ ᠬᠤᠤᠰ ᠪᠤᠤᠪᠤ ᠬᠢᠵᠡᠢ᠃ 《ᠮᠠᠨᠤ ᠬᠢ ᠡᠨᠡ ᠵᠢᠯ ᠬᠠᠭᠠᠰ ᠢᠯᠡᠭᠦᠦ ᠵᠢ ᠨᠢ ᠠᠢᠯ ᠰᠠᠭᠠᠬᠠᠯᠲᠠᠳᠠᠭᠠᠨ ᠬᠦᠷᠭᠡᠵᠡᠢ᠃ ᠬᠤᠳᠤᠩ ᠦᠨᠳᠦᠰᠦᠲᠡᠨᠤ ᠬᠢ ᠪᠤᠯ ᠪᠤᠴᠠᠭᠠᠳ ᠦᠪᠡᠷᠤᠨ ᠬᠢᠭᠰᠡᠨ ᠪᠤᠤᠪᠤ ᠪᠠᠨ ᠮᠠᠨᠳᠦ ᠬᠦᠷᠭᠡᠨ᠎ᠡ᠃ ᠪᠤᠰᠤᠳ ᠠᠢᠯ ᠰᠠᠭᠠᠬᠠᠯᠳᠠᠤᠳ ᠪᠤᠯ ᠬᠤᠷᠤᠳ ᠦᠷᠦᠮ᠎ᠡ᠂ ᠪᠤᠤᠪᠤ ᠪᠤᠭᠤᠷᠰᠤᠬ ᠵᠢᠡᠨ ᠪᠢᠲᠡᠨᠳᠤ ᠬᠠᠷᠢᠭᠤ ᠪᠤᠯᠭᠠᠨ ᠦᠭᠳᠡᠭ 》 ᠬᠡᠵᠦ ᠶᠠᠩ ᠰᠢᠦ ᠴᠢᠩ ᠶᠠᠷᠢᠨ᠎ᠠ᠃
《ᠪᠤᠤᠪᠤ ᠬᠦᠷᠬᠡᠬᠦ ᠨᠢ ᠪᠠᠰᠠ ᠴᠸ᠋ ᠰᠡᠳᠭᠢᠯᠤᠨ ᠵᠠᠩᠬᠢᠷᠠᠭ᠎ᠠ ᠪᠠᠨ ᠠᠯᠲᠠᠷᠠᠭᠠᠬᠤ ᠨᠢᠭᠡ ᠵᠦᠢᠯᠤᠨ ᠬᠡᠯᠪᠡᠷᠢ ᠶᠤᠮ᠃ ᠬᠡᠷᠪᠡ ᠬᠤᠶᠠᠷ ᠬᠦᠮᠦᠨ ᠬᠤᠭᠤᠷᠤᠨᠲᠦ ᠪᠠᠨ ᠶᠠᠮᠠᠷ ᠨᠢᠭᠡᠨ ᠵᠦᠷᠢᠴᠡᠯ ᠵᠠᠭᠤᠷᠠᠯᠳᠤᠭᠠᠨ ᠲᠠᠢ ᠪᠠᠢᠬᠰᠠᠨ ᠪᠤᠯ ᠬᠠᠷᠢᠯᠴᠠᠨ ᠪᠤᠤᠪᠤ ᠬᠦᠷᠭᠡᠬᠦ ᠪᠡᠷ ᠲᠠᠮᠵᠢᠨ ᠵᠦᠷᠢᠴᠡᠯ ᠢ᠋ᠢᠡᠨ ᠰᠢᠢᠳᠪᠦᠷᠢᠯᠡᠴᠢᠭᠡᠲᠡᠭ᠃ ᠪᠤᠤᠪᠤ ᠪᠤᠴᠠᠭᠠᠨ ᠬᠦᠷᠬᠡᠪᠡᠯ ᠮᠦᠨ ᠰᠡᠳᠬᠢᠯ ᠡᠷᠬᠢᠵᠠᠢ ᠭᠡᠳᠡᠭᠢ ᠨᠢ ᠢᠯᠡᠳᠭᠡᠵᠦ ᠪᠠᠢᠳᠠᠭ》 ᠬᠡᠵᠦ ᠪᠦᠯᠬᠦᠮᠳᠠᠯ ᠲᠤᠰᠬᠤᠨᠤ ᠨᠠᠮᠤᠨ ᠡᠭᠦᠷᠤᠨ ᠲᠡᠳ᠋ ᠱᠦᠵᠢ ᠮᠠ ᡁᠢ ᠯᠢᠶᠠᠩ ᠲᠠᠢᠯᠪᠤᠷᠢᠯᠠᠨ ᠶᠠᠷᠢᠨ᠎ᠠ᠃ ᠪᠡᠯᠭᠡᠳᠡᠯ ᠵᠦᠡᠭᠨᠡᠯᠢ ᠠᠴᠢᠶᠠᠯᠠᠬᠰᠠᠨ ᠮᠠᠭᠠᠵᠢ ᠵᠢᠨ ᠲᠤᠰᠤᠳᠠᠢ ᠪᠤᠤᠪᠤ ᠨᠢ ᠪᠦᠯᠬᠦᠮᠳᠠᠯ ᠲᠤᠰᠬᠤᠨᠤ ᠡᠯ᠎ᠡ ᠦᠨᠳᠦᠰᠦᠲᠡᠨᠤ ᠤᠯᠠᠨ ᠲᠦᠮᠡᠨᠤ ᠬᠤᠭᠤᠷᠤᠨᠲᠤᠬᠢ ᠬᠠᠢᠷ᠎ᠠ ᠨᠠᠢᠷᠢ ᠵᠢᠯ ᠡᠴᠡ ᠵᠢᠯᠳᠤ ᠵᠤᠵᠠᠭᠠᠳᠬᠠᠬᠰᠠᠨ ᠨᠢ ᠡᠨᠡ ᠠᠵᠢ᠃

ᠤᠳᠤᠬᠠᠨᠳᠤ᠂ ᠲᠣᠰᠬᠣᠨᠤ ᠠᠷᠠᠳᠤᠨ ᠬᠠᠷᠢᠯᠴᠠᠨ ᠬᠠᠪᠰᠤᠷᠤᠯᠴᠠᠬᠤ ᠨᠢ ᠨᠢᠭᠡᠨᠲᠡ ᠬᠡᠪ ᠵᠠᠩᠰᠢᠯ ᠪᠤᠯᠵᠦ᠂ ᠪᠦᠯᠬᠦᠮᠳᠡᠯᠦᠨ ᠴᠡᠴᠡᠭᠡᠰ ᠲᠤᠰᠬᠤᠨᠤ ᠭᠠᠵᠠᠷ ᠪᠤᠯᠭᠠᠨᠳᠤ ᠮᠢᠷᠠᠯᠵᠠᠨ ᠳᠡᠯᠭᠡᠷᠡᠨ᠎ᠡ᠃ ᠡᠨᠡ ᠨᠢ ᠮᠦᠨ ᠪᠦᠯᠬᠦᠮᠳᠠᠯ ᠲᠤᠰᠬᠤᠨᠤ ᠬᠤᠶᠠᠷ ᠵᠦᠪᠯᠡᠯᠤᠨ ᠤᠳᠤᠷᠢᠳᠬᠤ ᠪᠠᠭᠤᠨ ᠤᠯᠠᠨ ᠵᠢᠯᠤᠨ ᠲᠤᠷᠰᠢᠬᠢ ᠲᠠᠭᠠᠭᠤᠯᠭ᠎ᠠ ᠡᠴᠡ ᠰᠠᠯᠵᠦ ᠴᠢᠲᠠᠬᠤ ᠦᠭᠡᠢ ᠶᠤᠮ᠃

2012 ᠣᠨᠳᠤ᠂ ᠲᠣᠰᠬᠣᠨᠤ ᠠᠬᠠᠮᠠᠳ ᠨᠠᠮᠤᠨ ᠭᠡᠰᠢᠭᠦᠨ ᠼᠤᠤ ᠬᠦᠢᠶᠢᠨ ᠲᠣᠰᠬᠣᠨᠤ ᠨᠠᠮᠤᠨ ᠡᠭᠦᠷᠤᠨ ᠱᠦᠵᠢᠪᠡᠷ ᠲᠣᠮᠢᠯᠠᠭᠳᠠᠵᠤ᠂ ᠮᠠ ᡁᠢ ᠯᠢᠶᠠᠩ ᠲᠡᠳ᠋ ᠱᠦᠵᠢ ᠪᠡᠷ᠂ ᠵᠢᠶᠠᠩ ᠯᠢ ᠵᠢᠶᠦ᠋ᠨ ᠨᠢᠭ᠍ᠲᠠᠯᠠᠨ ᠪᠤᠳᠤᠭ᠍ᠴᠢ ᠪᠡᠷ ᠲᠤᠮᠢᠯᠠᠬᠲᠠᠪᠠ᠃ ᠲᠡᠳᠡ ᠭᠤᠷᠪᠠᠭᠤᠯᠠ ᠪᠠᠨ ᠪᠦᠯᠬᠦᠮᠳᠠᠯ ᠲᠣᠰᠬᠣᠨᠤ ᠡᠯ᠎ᠡ ᠦᠨᠳᠦᠰᠦᠲᠡᠨᠦ ᠠᠷᠠᠳ ᠲᠦᠮᠡᠨᠳᠦ ᠪᠤᠶᠠᠨ ᠵᠢᠷᠭᠠᠯ ᠡᠳ᠋ᠯᠡᠭᠦᠯᠬᠦ ᠠᠳᠠᠯᠢᠬᠠᠨ ᠬᠦᠰᠡᠯ ᠡᠷᠡᠮᠡᠯᠵᠡᠯᠢ ᠡᠪᠤᠷᠯᠡᠵᠦ ᠪᠠᠢᠳᠠᠭ᠃

ᠠᠷᠪᠠᠨ ᠵᠢᠯᠦᠨ ᠲᠤᠷᠰᠢ᠂ ᠪᠠᠭ᠎ᠠ ᠡᠴᠡ ᠭᠡᠷ ᠪᠦᠯᠢᠶᠢᠨ ᠵᠥᠷᠢᠴᠡᠯ᠂ ᠬᠥᠷᠰᠢ ᠵᠡᠷᠭᠡᠯᠡᠳᠡᠭᠡᠶᠢᠨ ᠵᠠᠭᠤᠷᠠᠯᠳᠤᠭᠠᠨ᠂ ᠶᠡᠬᠡᠡᠴᠡ ᠬᠠᠮᠲᠤᠶᠢᠨ ᠠᠵᠤ ᠠᠬᠤᠢᠶᠢ ᠪᠤᠵᠠᠭᠠᠢᠷᠠᠭᠤᠯᠤᠨ᠂ ᠰᠠᠭᠤᠷᠢ ᠲᠥᠬᠦᠭᠡᠷᠦᠮᠵᠢᠶᠢ ᠪᠦᠲᠦᠭᠡᠨ ᠪᠠᠶ᠋ᠢᠭᠤᠯᠬᠤ ᠬᠦᠷᠲᠡᠯ᠎ᠡ᠂ ᠪᠦᠯᠬᠦᠮᠳᠠᠯ ᠲᠣᠰᠬᠣᠨᠤ ᠬᠣᠶᠠᠷ ᠵᠥᠪᠯᠡᠯᠦᠨ ᠤᠳᠤᠷᠢᠳᠬᠤ ᠪᠠᠭᠤᠨ ᠬᠢᠨ ᠦᠨᠳᠦᠰᠦᠲᠡᠨᠨᠦᠭᠦᠳᠦᠨ ᠣᠯᠠᠨ ᠲᠦᠮᠡᠨᠦ ᠬᠣᠭᠣᠷᠣᠨᠳᠣᠬᠢ ᠬᠠᠢᠷ᠎ᠠ ᠰᠡᠳᠬᠢᠯᠭᠡᠶᠢᠨ ᠬᠦᠬᠦᠷᠭᠡ ᠪᠣᠯᠵᠤ᠂ ᠲᠣᠰᠬᠣᠨᠤ ᠠᠷᠠᠳᠢ ᠨᠢᠭ᠍ᠲᠠᠷᠠᠭᠤᠯᠤᠨ᠂ ᠬᠠᠮᠲᠤᠪᠠᠷ ᠪᠦᠯᠬᠦᠮᠳᠡᠨ ᠲᠡᠮᠡᠴᠡᠵᠦ᠂ ᠲᠤᠰᠬᠤᠨᠤ ᠪᠠᠨ ᠴᠡᠴᠡᠭᠯᠡᠨ ᠬᠥᠭᠵᠢᠯᠢ ᠠᠬᠢᠭᠤᠯᠵᠦ ᠢᠷᠡᠪᠡ᠃

ᠪᠦᠯᠭᠦᠮᠳᠠᠯ ᠪᠤᠯ ᠲᠠᠷᠤᠢ ᠬᠦᠴᠤᠨ ᠮᠦᠨ᠃ ᠦᠨᠦᠲᠦᠷᠤᠨ ᠪᠦᠯᠬᠦᠮᠳᠠᠯ ᠲᠣᠰᠬᠣᠨᠳᠤ ᠡᠯ᠎ᠡ ᠦᠨᠳᠦᠰᠦᠲᠡᠨᠦ ᠤᠯᠠᠨ ᠲᠦᠮᠡᠨ ᠪᠦᠯᠬᠦᠮᠳᠡᠨ ᠬᠠᠪᠰᠤᠷᠤᠯᠴᠠᠵᠦ᠂ ᠡᠶ᠎ᠡ ᠨᠠᠢᠷᠲᠠᠢ ᠠᠭᠤᠰᠤᠯᠴᠠᠨ ᠨᠢᠬᠳᠠᠷᠠᠬᠰᠠᠨ ᠠᠭᠤᠷ ᠠᠮᠢᠰᠬᠤᠯ ᠭᠠᠵᠠᠷ ᠪᠣᠯᠭᠠᠨᠳᠤ ᠮᠡᠳᠡᠭᠲᠡᠵᠦ᠂ ᠦᠨᠳᠦᠰᠦᠲᠡᠨᠨᠦᠭᠦᠳᠦᠨ ᠤᠯᠠᠨ ᠲᠦᠮᠡᠨ ᠵᠣᠪᠠᠯ ᠵᠢᠷᠭᠠᠯᠢᠶᠠᠨ ᠬᠠᠮᠲᠤᠳᠬᠠᠨ᠂ ᠡᠶ᠎ᠡ ᠨᠠᠶ᠋ᠢᠷᠠᠮᠳᠠᠭᠤ᠂ ᠦᠭᠡᠳᠡᠯᠡᠨ ᠬᠦᠭᠵᠢᠭᠰᠡᠨ ᠪᠦᠯᠭᠦᠮᠳᠠᠯᠤᠨ ᠨᠤᠲ ᠢ ᠬᠠᠮᠲᠤᠪᠠᠷ ᠪᠢᠴᠢᠭᠯᠡᠵᠦ ᠪᠠᠢᠨ᠎ᠠ᠃