ᠬᠤᠯᠪᠤᠭᠠᠰᠦ ᠄
●ᠣᠲᠣᠭ᠎ᠤᠨ ᠡᠮᠦᠨᠡᠲᠦ ᠬᠣᠱᠢᠭᠤᠨ᠎ᠳᠦ ᠤᠷᠤᠨ᠎ᠤ ᠲᠡᠰ᠎ᠤᠨ ᠦᠨᠳᠦᠰᠦᠲᠡᠨ᠎ᠦ ᠪᠦᠯᠬᠦᠮᠳᠡᠯ᠎ᠦᠨ ᠵᠢᠱ᠌ᠢᠶ᠎ᠡ ᠦᠵᠡᠭᠦᠯᠬᠦ᠌ ᠨᠢᠭᠡᠴᠢ 2᠂ ᠬᠣᠲᠠ᠎ᠶ᠋ᠢᠨ ᠳᠡᠰ᠎ᠤᠨ 28᠂ ᠬᠣᠱᠢᠭᠤᠨ᠎ᠤ ᠳᠡᠰ᠎ᠤᠨ 50 ᠪᠤᠢ᠃
● 2022 ᠣᠨ᠎ᠳᠤ᠂ ᠣᠲᠣᠭ᠎ᠤᠨ ᠡᠮᠦᠨᠡᠲᠦ ᠬᠣᠱᠢᠭᠤᠨ᠎ᠤ 1 ᠬᠠᠮᠲᠤ ᠨᠢᠭᠡᠴᠢ ᠪᠠ 2 ᠬᠤᠪᠢ ᠬᠥᠮᠦᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶᠡᠴᠢ ᠬᠠᠮᠲᠤ ᠨᠢᠭᠡᠴᠢ ᠪᠠ ᠬᠤᠪᠢ ᠬᠥᠮᠦᠨ᠎ᠢᠶᠡᠷ ᠰᠣᠩᠭᠣᠭ᠍ᠳᠠᠵᠦ᠂ 1 ᠬᠤᠪᠢ ᠬᠥᠮᠦᠨ ᠤᠯᠤᠰ᠎ᠤᠨ ᠳᠡᠰ᠎ᠤᠨ ᠦᠨᠳᠦᠰᠦᠲᠡᠨ᠎ᠦ ᠪᠦᠯᠬᠦᠮᠳᠡᠯ᠎ᠦᠨ ᠵᠢᠱ᠌ᠢᠶᠡᠴᠢ ᠬᠤᠪᠢ ᠬᠥᠮᠦᠨ᠎ᠢᠶᠡᠷ ᠰᠣᠩᠭᠣᠭ᠍ᠳᠠᠪᠠ᠃
● ᠣᠲᠣᠭ᠎ᠤᠨ ᠡᠮᠦᠨᠡᠲᠦ ᠬᠣᠱᠢᠭᠤᠳᠤᠮᠳᠠᠳᠤᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ ᠵᠢᠨ ᠤᠬᠠᠮᠰᠠᠷ᠎ᠢ ᠪᠠᠲᠤ ᠴᠤᠭᠴᠠᠯᠠᠬᠤ ᠦᠢᠯᠡᠳᠦᠯᠭᠡ ᠬᠥᠮᠦᠵᠢᠯ᠎ᠦᠨ ᠰᠠᠭᠤᠷᠢᠨ ᠭᠠᠵᠠᠷ᠎ᠢ ᠪᠠᠢᠭᠤᠯᠵᠦ᠂ 2023 ᠣᠨ᠎ᠳᠤ ᠬᠣᠱᠢᠭᠤᠨ᠎ᠤ ᠨᠠᠮ᠎ᠤᠨ ᠬᠣᠷᠢᠶ᠎ᠠ᠎ᠶ᠋ᠢᠨ ᠤᠬᠠᠭᠤᠯᠬᠤ ᠬᠡᠯᠲᠡᠰ᠂ ᠨᠠᠮ᠎ᠤᠨ ᠬᠣᠷᠢᠶ᠎ᠠ᠎ᠶ᠋ᠢᠨ ᠨᠢᠭᠡᠳᠦᠮᠡᠯ ᠹᠷᠣᠨᠲ᠎ᠤᠨ ᠬᠡᠯᠲᠡᠰ᠂ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠂ ᠬᠠᠸ᠋ᠯᠢ ᠴᠠᠭᠠᠵᠠ᠎ᠶ᠋ᠢᠨ ᠲᠣᠪᠴᠢᠶ᠎ᠠ ᠵᠡᠷᠭᠡ ᠨᠢᠭᠡᠴᠢ ᠬᠣᠯᠪᠣᠭᠠᠯᠠᠨ᠂《ᠦᠨᠳᠦᠰᠦᠲᠡᠨ᠎ᠦ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ᠎ᠶ᠋ᠢᠨ ᠰᠠᠷ᠎ᠠ》᠂《ᠦᠨᠳᠦᠰᠦᠲᠡᠨ᠎ᠦ ᠬᠠᠸ᠋ᠯᠢ᠎ᠪᠠᠷ ᠵᠠᠰᠠᠬᠤ ᠤᠬᠠᠭᠤᠯᠭ᠎ᠠ᠎ᠶ᠋ᠢᠨ ᠭᠠᠷᠠᠭ》 ᠢ᠋ ᠲᠤᠬᠢᠶᠠᠯᠳᠤᠭᠤᠯᠤᠨ 252 ᠤᠳᠠᠭ᠎ᠠ᠎ᠶ᠋ᠢᠨ ᠱᠢᠷᠢᠰ ᠠᠵᠢᠯᠯᠠᠭ᠎ᠠ᠎ᠶ᠋ᠢ ᠥᠷᠨᠢᠭᠦᠯᠵᠦ᠍᠂ ᠨᠠᠮ᠎ᠤᠨ ᠦᠨᠳᠦᠰᠦᠲᠡᠨ᠎ᠦ ᠣᠨᠣᠯ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ ᠬᠥᠮᠦᠵᠢᠯ᠎ᠢ ᠪᠥᠬᠥ᠌ ᠲᠠᠯ᠎ᠠ᠎ᠪᠠᠷ ᠪᠦᠷᠢᠨ ᠪᠦᠷᠬᠦᠭᠦᠯᠬᠦ᠌ ᠪᠠ ᠪᠠᠢᠩᠭᠤᠵᠢᠭᠤᠯᠬᠤ᠂ ᠪᠥᠬᠥ᠌ ᠠᠵᠢᠯᠲᠠᠨ᠎ᠢᠶᠠᠷ ᠥᠷᠨᠢᠭᠦᠯᠬᠦ᠌᠎ᠶ᠋ᠢ ᠪᠦᠲᠦᠮᠵᠢᠲᠡᠶ ᠠᠬᠢᠭᠤᠯᠪᠠ᠃
● ᠤᠲᠤᠭ᠎ᠤᠨ ᠡᠮᠦᠨᠡᠲᠦ ᠬᠤᠰᠢᠭᠤᠨ᠎ᠤ 《ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠵᠠᠮ》 ᠪᠤᠯ ᠬᠤᠪᠢᠰᠭᠠᠯ᠎ᠤᠨ ᠰᠣᠶᠣᠯ᠎ᠤᠨ ᠳᠠᠮᠵᠢᠭᠤᠯᠭ᠎ᠠ᠎ᠶ᠋ᠢᠨ ᠵᠠᠮ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠵᠤ ᠠᠷᠠᠳ᠎ᠲᠤ ᠠᠱᠢᠭ ᠬᠦᠷᠲᠡᠭᠡᠬᠦ᠌ ᠵᠠᠮ᠂ ᠠᠮᠢ ᠠᠬᠤᠢ᠎ᠶ᠋ᠢᠨ ᠬᠥᠭ᠌ᠵᠢᠯᠲᠡ᠎ᠶ᠋ᠢᠨ ᠬᠡᠪ ᠳᠠᠭᠤᠷᠢᠶᠠᠯ᠎ᠤᠨ ᠵᠠᠮ᠂ ᠨᠡᠩ ᠴᠤ᠌ ᠦᠨᠳᠦᠰᠦᠲᠡᠨ᠎ᠦ ᠪᠦᠯᠬᠦᠮᠳᠡᠯ᠎ᠦᠨ ᠵᠢᠱ᠌ᠢᠢ᠎ᠡ ᠦᠵᠡᠭᠦᠯᠬᠦ᠌ ᠵᠠᠮ ᠪᠤᠯᠬᠤ ᠶᠤᠮ᠃
ᠤᠳᠤᠭ᠎ᠤᠨ ᠡᠮᠦᠨᠡᠲᠦ ᠬᠤᠰᠢᠭᠤ ᠦᠪᠦᠷ ᠮᠤᠨᠭᠭᠤᠯ ᠤᠷᠤᠨ᠎ᠤ ᠪᠠᠷᠠᠭᠤᠨ ᠡᠮᠦᠨᠡᠲᠦ ᠬᠡᠰᠡᠭ ᠲᠦ᠍ ᠪᠠᠢᠷᠢᠯᠠᠵᠤ᠂ ᠪᠠᠷᠠᠭᠤᠨ ᠲᠠᠯ᠎ᠠ ᠪᠡᠷ᠎ᠢᠶᠡᠨ ᠨᠢᠨᠭᠰᠢᠶᠠ ᠵᠢᠨ ᠬᠤᠳᠤᠩ ᠦᠨᠳᠦᠰᠦᠳᠡᠨ᠎ᠤ ᠦᠪᠡᠷᠳᠡᠭᠡᠨ ᠵᠠᠰᠠᠬᠤ ᠤᠷᠤᠨ᠂ ᠡᠮᠦᠨ᠎ᠡ ᠲᠠᠯ᠎ᠠ ᠪᠡᠷ᠎ᠢᠶᠡᠨ ᠱᠠᠨᠰᠢ ᠮᠤᠵᠢ ᠲᠡᠢ ᠨᠢᠭᠤᠷᠯᠠᠵᠤ᠂ ᠤᠨᠴᠠ ᠲᠠᠪᠠᠭᠤᠯᠢᠭ ᠭᠠᠵᠠᠷ ᠵᠦᠢ ᠵᠢᠨ ᠪᠠᠢᠷᠢᠰᠢᠯ᠂ ᠦᠨᠡᠲᠦ ᠵᠤᠵᠠᠭᠠᠨ ᠰᠤᠶᠤᠯ᠎ᠤᠨ ᠬᠦᠷᠦᠰᠦ ᠰᠢᠷᠤᠢ ᠪᠡᠷ᠎ᠢᠶᠡᠨ ᠤᠯᠠᠨ ᠦᠨᠳᠦᠰᠦᠳᠡᠨ ᠬᠠᠮᠳᠤᠷᠠᠨ ᠤᠷᠤᠰᠢᠬᠰᠠᠨ ᠦᠪᠡᠷᠮᠢᠴᠠ ᠰᠤᠳᠤᠨ ᠦᠨᠭᠭᠡ ᠲᠦᠷᠬᠦ ᠵᠢ ᠱᠤᠭᠤᠵᠤ᠂ ᠡᠯ᠎ᠡ ᠦᠨᠳᠦᠰᠦᠳᠡᠨ᠎ᠤ ᠠᠷᠠᠳ ᠲᠦᠮᠡᠨ ᠬᠠᠶᠠᠭ᠎ᠠ ᠬᠠᠶᠠᠭ᠎ᠠ ᠪᠡᠨ ᠲᠦᠰᠢᠨ ᠠᠢᠯ ᠰᠠᠭᠠᠬᠠᠯᠳᠠ ᠰᠠᠭᠤᠵᠦ᠂ ᠲᠤᠮᠳᠠᠳᠤ ᠵᠢᠨ ᠦᠨᠳᠦᠰᠦᠳᠡᠨ᠎ᠤ ᠬᠠᠮᠳᠦ ᠵᠢᠨ ᠴᠤᠭᠴᠠ ᠵᠢᠨ ᠤᠬᠠᠮᠰᠠᠷ᠎ᠢ ᠪᠠᠲᠦ ᠴᠤᠭᠴᠠᠯᠠᠬᠤ ᠡᠪ ᠨᠢᠭᠲᠠᠷᠠᠯ᠎ᠤᠨ ᠢᠷᠠᠭᠤ ᠲᠠᠭᠤᠤ ᠵᠢ ᠤᠶᠠᠨᠭᠭᠠᠯᠠᠨ ᠪᠢᠴᠢᠭᠯᠡᠵᠦ ᠶᠠᠪᠤᠨ᠎ᠠ᠃
ᠬᠠᠢᠷ᠎ᠠ ᠵᠢᠨ ᠬᠦᠴᠦᠨ᠎ᠳᠦ ᠬᠤᠷᠸ᠎ᠠ ᠵᠢᠵᠢᠭᠷᠡᠨᠡ
ᠤᠳᠤᠭ᠎ᠤᠨ ᠡᠮᠦᠨᠡᠲᠦ ᠬᠤᠰᠢᠭᠤᠨ᠎ᠤ ᠤᠯᠵᠠᠴᠢ ᠪᠠᠯᠭᠠᠰᠤᠨ᠎ᠳᠦ ᠪᠠᠢᠭ᠎ᠠ ᠵᠡᠮᠳᠡᠭᠴᠤᠳ᠎ᠤᠨ ᠠᠵᠢᠯ ᠤᠯᠵᠤ ᠠᠳᠠᠯ ᠪᠤᠰᠬᠠᠬᠤ ᠴᠢᠳᠠᠪᠤᠷᠢ ᠵᠢ ᠨᠡᠪᠴᠢᠭᠦᠯᠦᠨ ᠪᠤᠢᠵᠢᠭᠤᠯᠬᠤ ᠰᠠᠭᠤᠷᠢᠨ ᠭᠠᠵᠠᠷ ᠲᠦ᠍ ᠬᠦᠷᠬᠦ᠎ᠳᠦ᠂ ᠡᠭᠦᠳᠡᠨ ᠲᠡᠭᠡᠷ᠎ᠡ ᠨᠢ ᠬᠦᠮᠦᠰ ᠮᠤᠨᠭᠭᠤᠯ ᠬᠢᠳᠠᠳ᠎ᠢᠶᠡᠷ ᠵᠤᠭᠤᠭᠳᠠᠨ᠂ ᠲᠤᠳᠤᠭᠰᠢ ᠤᠷᠤᠪᠠᠯ ᠵᠠᠷᠢᠮ ᠬᠤᠶᠠᠷ ᠨᠢ ᠴᠠᠢ ᠤᠭᠤᠴᠢᠨ ᠰᠢᠳᠠᠷ᠎ᠠ ᠲᠠᠯᠪᠢᠵᠦ᠂ ᠴᠠᠭᠠᠨ᠎ᠠ ᠨᠢ ᠠᠷᠠᠰᠤᠨ ᠤᠷᠠᠯᠠᠯ᠂ ᠲᠤᠯᠤᠭᠠᠢ ᠵᠢᠨ ᠵᠠᠰᠠᠯ᠂ ᠵᠢᠵᠢᠭ ᠴᠢᠮᠡᠭᠯᠡᠯ ᠤᠷᠠᠯᠠᠭᠰᠠᠨ ᠪᠦᠰᠡᠭᠦᠢᠴᠤᠳ ᠬᠤᠭᠤᠷᠤᠨᠳᠦ ᠪᠡᠨ ᠬᠤᠯᠠ ᠤᠢᠷ᠎ᠠ ᠵᠢᠨ ᠶᠠᠷᠢᠶ᠎ᠠ ᠡᠭᠦᠰᠭᠡᠨ᠂ ᠨᠢᠭᠤᠷ ᠲᠠᠭᠠᠨ ᠢᠨᠢᠶᠡᠳᠦ ᠲᠤᠳᠤᠷᠠᠭᠤᠯᠤᠨ ᠪᠠᠢᠯ᠎ᠠ᠃ ᠠᠭᠤᠷ ᠠᠮᠢᠰᠬᠤᠯ᠂ ᠬᠦᠷ ᠨᠠᠷᠬᠢᠶᠠᠨ᠂ ᠵᠢᠷᠤᠭ ᠰᠠᠮᠪᠠᠷ᠎ᠠ ᠡᠴᠡ ᠨᠢ ᠬᠠᠷᠠᠬᠤ᠎ᠳᠦ ᠡᠭᠡᠭᠡ ᠯᠡ ᠨᠡᠢᠭᠡᠮ ᠲᠤᠭᠤᠷᠢᠭ᠎ᠤᠨ ᠦᠢᠯᠡᠴᠢᠯᠡᠭᠡᠨ᠎ᠤ ᠭᠠᠵᠠᠷ ᠲᠦ᠍ ᠬᠦᠷᠦᠭᠡᠳ ᠢᠷᠡᠭᠰᠡᠨ ᠶᠤᠮ ᠰᠢᠬ ᠰᠠᠨᠠᠭᠳᠠᠨ᠂ ᠬᠦᠷᠳᠦᠳᠦ ᠰᠠᠨᠳᠠᠯᠢ ᠲᠡᠭᠡᠷ᠎ᠡ ᠰᠠᠭᠤᠭᠰᠠᠨ ᠮᠠᠰᠢ ᠲᠠᠷᠤᠤᠬᠠᠨ ᠠᠭᠠᠳ ᠴᠠᠭᠠᠨ᠎ᠠ ᠪᠡᠨ ᠨᠢᠭᠡ ᠯᠡ ᠬᠢᠨᠠᠮᠠᠭᠠᠢ ᠲᠦᠷᠬᠦ ᠲᠡᠢ ᠮᠤᠨᠭᠭᠤᠯ ᠵᠠᠯᠠᠭᠤ ᠪᠢᠳᠡᠨ᠎ᠢ ᠤᠭᠳᠤᠨ ᠠᠪᠴᠦ ᠠᠭᠤᠯᠵᠠᠵᠦ ᠮᠡᠨᠳᠦᠯᠡᠭᠡᠳ ᠴᠠᠭᠠᠨᠠᠬᠢ ᠤᠳᠬ᠎ᠠ ᠤᠴᠢᠷ᠎ᠢ ᠨᠢ ᠲᠠᠢᠯᠪᠤᠷᠢᠯᠠᠵᠦ ᠦᠭᠬᠦᠭᠰᠡᠨ ᠪᠢᠯᠡ᠃
ᠲᠡᠭᠦᠨ᠎ᠤ ᠨᠡᠷ᠎ᠡ ᠵᠢ ᠮᠸᠲᠠᠯ ᠭᠡᠳᠡᠭ᠂ ᠤᠳᠤᠭ᠎ᠤᠨ ᠡᠮᠦᠨᠡᠳᠦ ᠬᠤᠰᠢᠭᠤᠨ᠎ᠤ ᠵᠡᠮᠳᠡᠭᠴᠤᠳ᠎ᠤᠨ ᠬᠤᠯᠪᠤᠭᠠᠳᠦ ᠠᠵᠢᠯ ᠠᠯᠪᠠ ᠲᠡᠢ᠃ 2010 ᠤᠨ᠎ᠳᠦ ᠶᠠᠫᠤᠨ ᠤᠯᠤᠰ ᠲᠦ᠍ ᠠᠵᠤ ᠠᠬᠤᠢ ᠵᠢᠨ ᠬᠠᠮᠢᠶᠠᠷᠤᠯᠳᠠ ᠵᠢᠨ ᠮᠡᠷᠭᠡᠵᠢᠯ᠎ᠢᠶᠡᠷ ᠶᠡᠬᠡ ᠰᠤᠷᠭᠠᠭᠤᠯᠢ ᠪᠡᠨ ᠲᠡᠭᠦᠰᠭᠡᠭᠰᠡᠨ ᠲᠠᠷᠠ ᠪᠠᠷ ᠨᠤᠳᠤᠭ ᠲᠠᠭᠠᠨ ᠬᠠᠷᠢᠵᠦ ᠢᠷᠡᠭᠰᠡᠨ᠎ᠦ ᠲᠠᠷᠠᠭ᠎ᠠ ᠠᠵᠠ ᠪᠤᠰᠤ ᠪᠡᠷ ᠲᠡᠷᠭᠡᠨ ᠡᠨᠳᠡᠯ ᠭᠠᠷᠴᠦ ᠬᠦᠯ ᠵᠡᠮᠳᠡᠭᠷᠡᠵᠠᠢ᠃ ᠲᠤᠰ ᠰᠠᠭᠤᠷᠢᠨ ᠭᠠᠵᠠᠷ᠎ᠢ ᠲᠡᠭᠦᠨ᠎ᠤ ᠬᠠᠳᠠᠮ ᠠᠪᠤ ᠯᠢ ᠵᠢᠨ ᠸᠠᠩ 20 ᠰᠢᠬᠠᠮ ᠲᠦᠮᠡᠨ ᠲᠦᠭᠦᠷᠢᠭ ᠵᠠᠷᠤᠴᠠᠭᠤᠯᠤᠨ ᠪᠠᠢᠭᠤᠯᠵᠤ᠂ 2023 ᠤᠨ᠎ᠤ 2 ᠰᠠᠷ᠎ᠠ᠎ᠡᠴᠡ ᠠᠵᠢᠯᠯᠠᠭᠤᠯᠵᠤ ᠡᠬᠢᠯᠡᠵᠡᠢ᠃ ᠵᠢᠯ᠎ᠤᠨ ᠲᠦᠷᠢᠶᠡᠰᠦ 3 ᠰᠢᠬᠠᠮ ᠲᠦᠮᠡᠨ ᠲᠦᠭᠦᠷᠢᠭ᠂ 300 ᠤᠷᠴᠢᠮ ᠲᠡᠭᠰᠢ ᠲᠦᠷᠪᠡᠯᠵᠢᠨ ᠮᠸᠲᠷ ᠲᠠᠯᠠᠪᠠᠢ ᠲᠡᠢ ᠡᠨᠡ ᠬᠦ᠌ ᠰᠠᠭᠤᠷᠢᠨ ᠭᠠᠵᠠᠷ ᠲᠤᠰᠬᠠᠢᠯᠠᠨ ᠵᠡᠮᠳᠡᠭᠴᠤᠳ ᠲᠦ᠍ ᠵᠤᠷᠢᠭᠤᠯᠤᠭᠰᠠᠨ ᠰᠠᠭᠠᠳ ᠦᠭᠡᠢ ᠲᠦᠬᠦᠭᠡᠷᠦᠮᠵᠢ᠂ ᠡᠷᠡᠬᠦᠯᠵᠢᠯ᠎ᠤᠨ ᠬᠡᠷᠡᠭᠰᠡᠯ ᠤᠭᠰᠠᠷᠠᠵᠦ ᠲᠠᠭᠠᠷᠠᠭᠤᠯᠤᠭᠰᠠᠨ ᠪᠦᠭᠡᠳ ᠡᠭᠦᠷᠭᠡ ᠴᠢᠳᠠᠪᠬᠢ ᠪᠠᠷ ᠨᠢ ᠢᠯᠢᠵᠦ ᠨᠤᠬᠤᠯᠠᠬᠤ ᠲᠠᠰᠤᠭ᠂ ᠮᠤᠨᠭᠭᠤᠯ ᠡᠮ ᠡᠮᠨᠡᠯᠭᠡ᠂ ᠬᠠᠷᠠᠵᠦ ᠰᠠᠭᠠᠳᠠᠭᠤᠯᠬᠤ ᠦᠷᠦᠭᠡ᠂ ᠨᠤᠮ ᠰᠤᠨᠤᠰᠬᠤ᠂ ᠺᠢᠨᠤ᠋ ᠦᠵᠡᠬᠦ ᠲᠠᠰᠤᠭ᠂ ᠤᠯᠠᠨ ᠴᠢᠳᠠᠮᠵᠢᠲᠦ ᠲᠢᠨᠭᠬᠢᠮ ᠬᠡᠮᠡᠨ ᠤᠯᠠᠨ ᠲᠠᠰᠤᠯᠵᠤ ᠠᠨᠭᠭᠢᠯᠡᠵᠠᠢ᠃
— ᠮᠢᠨᠤ ᠬᠠᠳᠠᠮ ᠠᠪᠤ ᠵᠢᠨ ᠤᠭ ᠨᠤᠲᠤᠭ ᠪᠤᠯ ᠱᠠᠨᠰᠢ ᠮᠤᠵᠢ ᠵᠢᠨ ᠶᠠᠨ ᠠᠨ᠂ ᠬᠢᠳᠠᠳ ᠦᠨᠳᠦᠰᠦᠳᠡᠨ᠂ ᠬᠠᠳᠠᠮ ᠠᠪᠤ ᠡᠵᠢ ᠬᠤᠶᠠᠭᠤᠯᠠ ᠪᠡᠨ ᠪᠡᠶ᠎ᠡ ᠵᠡᠮᠳᠡᠭ ᠪᠤᠯᠬᠤᠷ ᠵᠡᠮᠳᠡᠭ ᠬᠦᠮᠦᠰ᠎ᠤᠨ ᠬᠦᠴᠢᠷ ᠵᠤᠪᠠᠯᠠᠩ᠎ᠢ ᠰᠠᠢᠨ ᠤᠢᠯᠠᠭᠠᠨ᠎ᠠ᠃ ᠦᠪᠡᠷ᠎ᠢᠶᠡᠨ ᠬᠦᠳᠡᠭᠡ᠎ᠳᠦ 200 ᠮᠦ᠍ ᠪᠤᠷᠤ ᠴᠠᠷᠭᠠᠰᠦ᠂ 70 ᠮᠦ᠍ ᠡᠷᠳᠡᠨᠢ ᠰᠢᠰᠢ ᠵᠢᠨ ᠲᠠᠷᠢᠶ᠎ᠠ ᠲᠡᠢ᠂ ᠪᠤᠭ ᠮᠠᠯ 200 ᠭᠠᠷᠤᠢ᠂ ᠪᠤᠳᠠ ᠮᠠᠯ 10 ᠭᠠᠷᠤᠢ ᠮᠠᠯᠵᠢᠳᠠᠭ᠂ ᠲᠠᠭᠠᠤ᠎ᠳᠤᠨᠢ ᠪᠠᠰᠠ ᠬᠦᠯᠦᠰᠦᠨ ᠠᠵᠢᠯ ᠬᠢᠳᠡᠭ᠃ ᠬᠡᠬᠦ ᠳ᠋ᠡᠭᠡᠨ ᠵᠡᠮᠳᠡᠭᠴᠤᠳ ᠲᠦ᠍ ᠲᠤᠰᠠ ᠲᠡᠮᠵᠢᠯᠭᠡ ᠦᠵᠡᠬᠦᠯᠵᠦ᠂ ᠲᠡᠳᠡᠨᠤᠰ᠎ᠢ ᠢᠯᠡᠭᠦᠭᠡᠨ ᠭᠡᠷ ᠡᠴᠡ ᠪᠠᠨ ᠭᠠᠷᠴᠤ ᠬᠦᠮᠦᠨ ᠬᠠᠷ᠎ᠠ ᠲᠠᠢ ᠢᠯᠡᠬᠦᠭᠡᠨ ᠠᠭᠤᠯᠵᠠᠭᠤᠯᠵᠤ ᠰᠠᠨᠠᠭ᠎ᠠ ᠰᠡᠳᠬᠢᠯ᠎ᠢ ᠨᠢ ᠦᠭᠡᠳᠡᠷᠬᠡᠭ ᠪᠠᠢᠯᠭᠠᠶ᠎ᠠ ᠭᠡᠰᠡᠨ ᠵᠤᠷᠢᠯᠭ᠎ᠠ ᠪᠡᠷ ᠡᠨᠡ ᠬᠦ᠌ ᠰᠠᠭᠤᠷᠢᠨ ᠭᠠᠵᠠᠷ᠎ᠢ ᠡᠭᠦᠰᠭᠡᠨ ᠪᠠᠢᠭᠤᠯᠤᠭᠰᠠᠨ ᠶᠤᠮ ᠭᠡᠵᠦ ᠮᠸᠲᠠᠯ ᠲᠠᠨᠢᠯᠴᠠᠭᠤᠯᠤᠨ ᠶᠠᠷᠢᠯ᠎ᠠ᠃ ᠤᠳᠤᠬᠠᠨ᠎ᠳᠦ ᠲᠤᠰ ᠰᠠᠭᠤᠷᠢᠨ ᠭᠠᠵᠠᠷ ᠲᠦ᠍ ᠡᠳᠦᠷ ᠲᠦ᠍ ᠲᠤᠮᠳᠠᠴᠢ ᠪᠠᠷ 50 ᠭᠠᠷᠤᠢ ᠵᠡᠮᠳᠡᠭᠴᠤᠳ ᠤᠷᠤᠵᠤ ᠭᠠᠷᠤᠨ᠂ ᠵᠤᠭᠤᠭ ᠲᠡᠯᠭᠡᠨ ᠰᠡᠯᠡᠭᠦᠴᠡᠨ ᠰᠠᠭᠤᠵᠤ᠂ ᠡᠳᠦᠷ ᠪᠦᠷᠢ ᠵᠢ ᠬᠦᠭᠵᠢᠶᠠᠨᠳᠠᠢ ᠦᠨᠭᠭᠡᠷᠡᠭᠦᠯᠦᠨᠡ᠃
ᠮᠸᠲᠠᠯ᠎ᠤᠨ ᠡᠵᠢ ᠮᠡᠯᠮᠢᠨᠭᠬᠤᠸᠠᠷ ᠠᠵᠢᠯ᠎ᠤᠨ ᠠᠮᠠᠷᠠᠯᠳᠠ ᠪᠠᠨ ᠠᠪᠤᠭᠰᠠᠨ ᠪᠤᠯᠬᠤᠷ ᠵᠦᠭᠡᠷ ᠰᠠᠭᠤᠬᠤ ᠪᠡᠷ ᠵᠦᠯᠭᠦᠵᠦ ᠰᠠᠭᠤᠶ᠎ᠠ ᠬᠡᠮᠡᠨ ᠲᠤᠰ ᠰᠠᠭᠤᠷᠢᠨ ᠭᠠᠵᠠᠷ ᠲᠦ᠍ ᠢᠷᠡᠵᠦ᠂ ᠮᠤᠨᠭᠭᠤᠯ ᠡᠮᠴᠢᠯᠡᠭᠡᠨ᠎ᠤ ᠲᠠᠰᠤᠭ ᠨᠡᠭᠡᠬᠡᠵᠦ ᠠᠵᠢᠯᠯᠠᠭᠤᠯᠵᠠᠢ᠃ ᠰᠠᠭᠤᠷᠢᠨ ᠭᠠᠵᠠᠷ ᠨᠢ ᠨᠡᠢᠭᠡᠮ᠎ᠳᠦ ᠬᠠᠨᠳᠤᠭᠤᠯᠤᠭᠰᠠᠨ ᠵᠡᠮᠳᠡᠭ ᠬᠦᠮᠦᠨ᠎ᠤ ᠢᠯᠢᠵᠦ ᠨᠤᠬᠤᠯᠠᠬᠤ ᠦᠢᠯᠡᠴᠢᠯᠡᠭᠡ ᠲᠡᠢ ᠪᠠᠢᠵᠦ᠂ ᠵᠡᠮᠳᠡᠭ ᠬᠦᠮᠦᠰ ᠲᠦ᠍ ᠦᠨ᠎ᠡ ᠲᠦᠯᠦᠪᠦᠷᠢ ᠦᠭᠡᠢ ᠦᠢᠯᠡᠴᠢᠯᠡᠨ᠂ ᠡᠩ᠎ᠤᠨ ᠬᠦᠮᠦᠰ ᠡᠴᠡ ᠨᠢᠭᠡ ᠤᠳᠠᠭ᠎ᠠ᠎ᠳᠦ 80 ᠲᠦᠭᠦᠷᠢᠭ᠎ᠤᠨ ᠰᠦᠢᠳᠬᠡᠯ ᠬᠤᠷᠢᠶᠠᠳᠠᠭ᠃ ᠵᠡᠮᠳᠡᠭᠴᠤᠳ᠎ᠤᠨ ᠠᠵᠢᠯ ᠤᠯᠵᠤ ᠠᠳᠠᠯ ᠪᠤᠰᠬᠠᠬᠤ ᠴᠢᠳᠠᠪᠤᠷᠢ ᠵᠢ ᠨᠡᠪᠴᠢᠭᠦᠯᠦᠨ ᠪᠤᠢᠵᠢᠭᠤᠯᠬᠤ ᠰᠠᠭᠤᠷᠢᠨ ᠭᠠᠵᠠᠷ ᠪᠤᠯᠤᠭᠰᠠᠨ᠎ᠤ ᠬᠤᠪᠢ᠎ᠳᠦ᠂ ᠡᠨᠳᠡ ᠢᠯᠢᠵᠦ ᠨᠤᠬᠤᠯᠠᠬᠤ ᠡᠴᠡ ᠭᠠᠳᠠᠨ᠎ᠠ᠂ ᠦᠢᠯᠡ ᠤᠶᠤᠳᠠᠯ ᠪᠠ ᠭᠠᠷ ᠤᠷᠠᠯᠠᠯ᠂ ᠠᠷᠠᠰᠤᠨ ᠤᠷᠠᠯᠠᠯ ᠵᠡᠷᠭᠡ ᠲᠠᠯ᠎ᠠ᠎ᠪᠠᠷ ᠮᠡᠷᠭᠡᠵᠢᠯ᠎ᠤᠨ ᠵᠢᠭᠠᠨ ᠵᠢᠯᠤᠭᠤᠳᠤᠯᠭ᠎ᠠ ᠬᠠᠨᠭᠭᠠᠵᠦ ᠪᠤᠯᠪᠠᠰᠤᠷᠠᠯ ᠬᠦᠷᠳᠡᠭᠡᠵᠤ᠂ ᠲᠠᠳᠤᠯᠭ᠎ᠠ ᠬᠢᠵᠦ ᠪᠤᠯᠪᠠᠰᠤᠷᠠᠵᠦ ᠴᠠᠭᠠᠷᠠᠬᠤ ᠤᠷᠤᠨ ᠵᠠᠢ ᠬᠠᠨᠭᠭᠠᠵᠤ ᠪᠤᠢ᠃ ᠰᠠᠭᠤᠷᠢᠨ ᠭᠠᠵᠠᠷ᠎ᠤᠨ ᠬᠤᠢᠨ᠎ᠠ ᠦᠷᠦᠭᠡᠨ᠎ᠳᠦ ᠤᠷᠤᠬᠤ᠎ᠳᠦ᠂ ᠬᠤᠷᠢᠭᠠᠳ ᠨᠠᠰᠤᠨ᠎ᠤ ᠨᠢᠭᠡ ᠦᠬᠢᠨ ᠠᠷᠠᠰᠤᠨ ᠤᠷᠠᠯᠠᠯ ᠬᠢᠵᠦ ᠪᠠᠢᠭᠰᠠᠨ ᠨᠢ ᠬᠤᠷᠸ᠎ᠠ ᠪᠠᠢᠯ᠎ᠠ᠃ ᠦᠪᠦᠷ ᠮᠤᠨᠭᠭᠤᠯ᠎ᠤᠨ ᠪᠠᠭᠰᠢ ᠵᠢᠨ ᠶᠡᠬᠡ ᠰᠤᠷᠭᠠᠭᠤᠯᠢ ᠡᠴᠡ ᠦᠨᠳᠦᠰᠦᠨ ᠠᠨᠭᠬᠢ ᠪᠡᠨ ᠳᠦᠭᠦᠷᠭᠡᠵᠦ᠂ ᠨᠢᠳᠤᠨᠤᠨ ᠵᠢᠯ ᠮᠤᠨᠭᠭᠤᠯ ᠤᠯᠤᠰ᠎ᠤᠨ ᠰᠤᠶᠤᠯ ᠤᠷᠠᠯᠢᠭ᠎ᠤᠨ ᠶᠡᠬᠡ ᠰᠤᠷᠭᠠᠭᠤᠯᠢ ᠡᠴᠡ ᠮᠠᠭᠢᠰᠲᠸᠷ ᠴᠤᠯᠠ ᠬᠠᠮᠠᠭᠠᠯᠠᠵᠦ ᠢᠷᠡᠭᠰᠡᠨ ᠬᠤᠷᠸ᠎ᠠ ᠲᠦᠷᠦᠯᠬᠢ ᠬᠠᠷᠠᠭ᠎ᠠ ᠮᠠᠭᠤ ᠵᠡᠮᠳᠡᠭ ᠬᠦᠮᠦᠨ ᠪᠤᠯᠬᠤᠷ ᠰᠠᠭᠤᠷᠢᠨ ᠭᠠᠵᠠᠷ ᠡᠴᠡ ᠲᠡᠭᠦᠨ᠎ᠳᠦ ᠦᠨ᠎ᠡ ᠲᠦᠯᠦᠪᠦᠷᠢ ᠦᠭᠡᠢ ᠪᠡᠷ ᠠᠷᠠᠰᠤᠨ ᠤᠷᠠᠯᠠᠯ᠎ᠤᠨ ᠲᠤᠰᠬᠠᠢ ᠲᠠᠰᠤᠭ ᠬᠠᠨᠭᠭᠠᠵᠤ ᠦᠭᠬᠦᠭᠰᠡᠨ ᠨᠢ ᠡᠨᠡ ᠠᠵᠢ᠃
— ᠶᠠᠮᠠᠷ ᠮᠠᠲᠸᠷᠢᠶᠠᠯ ᠬᠡᠷᠡᠭᠳᠡᠢ ᠭᠡᠳᠡᠭ᠎ᠢᠶᠡᠨ ᠬᠡᠯᠡᠪᠡᠯ ᠰᠠᠭᠤᠷᠢᠨ ᠭᠠᠵᠠᠷ ᠡᠴᠡ ᠨᠠᠳᠠᠳᠦ ᠬᠤᠳᠠᠯᠳᠤᠨ ᠠᠪᠴᠦ ᠦᠭᠳᠡᠭ᠂ ᠪᠦᠲᠦᠭᠡᠯ ᠮᠠᠨᠢ ᠦᠪᠡᠷ᠎ᠤᠨ ᠲᠦᠰᠦᠪᠯᠡᠵᠦ ᠤᠷᠠᠯᠠᠭᠰᠠᠨ ᠵᠢᠷᠤᠭ ᠬᠦᠷᠦᠭ ᠵᠢᠡᠷ ᠭᠤᠤᠯᠳᠠᠳᠠᠭ᠂ ᠰᠠᠭᠤᠷᠢᠨ ᠭᠠᠵᠠᠷ ᠡᠴᠡ ᠨᠠᠳᠠᠳᠦ ᠲᠤᠰᠠ ᠲᠡᠮᠵᠢᠯᠭᠡ ᠦᠵᠡᠭᠦᠯᠵᠦ᠂ ᠶᠠᠮᠠᠷ ᠴᠦ᠍ ᠮᠦᠨᠭᠬᠦ ᠵᠤᠭᠤᠰ ᠬᠤᠷᠢᠶᠠᠬᠤ ᠦᠭᠡᠢ ᠪᠡᠷ ᠠᠵᠢᠯᠯᠠᠬᠤ ᠲᠠᠰᠤᠭ ᠬᠠᠨᠭᠭᠠᠵᠤ ᠦᠭᠬᠦᠭᠰᠡᠨ᠎ᠳᠦ ᠪᠢ ᠬᠢᠵᠠᠭᠠᠯᠠᠰᠢ ᠦᠭᠡᠢ ᠪᠡᠶᠠᠷᠯᠠᠵᠤ ᠶᠠᠪᠤᠳᠠᠭ ᠭᠡᠵᠦ ᠬᠤᠷᠦᠠ ᠶᠠᠷᠢᠵᠦ ᠪᠠᠢᠯ᠎ᠠ᠃ ᠠᠷᠠᠰᠤᠨ ᠤᠷᠠᠯᠠᠯ ᠡᠴᠡ ᠭᠠᠳᠠᠨ᠎ᠠ ᠡᠨᠳᠡ ᠪᠠᠰᠠ ᠲᠤᠯᠤᠭᠠᠢ ᠵᠢᠨ ᠵᠠᠰᠠᠯ᠂ ᠡᠯᠳᠡᠪ ᠵᠦᠢᠯ᠎ᠤᠨ ᠵᠠᠰᠠᠯ ᠴᠢᠮᠡᠭᠯᠡᠯ ᠵᠡᠷᠭᠡ ᠵᠢᠵᠢᠭ ᠭᠠᠷ ᠤᠷᠠᠯᠠᠯ᠎ᠢ ᠪᠠᠭᠳᠠᠭᠠᠭᠰᠠᠨ ᠠᠵᠢᠯᠯᠠᠬᠤ ᠲᠠᠰᠤᠭ ᠪᠠᠢᠵᠦ᠂ ᠤᠯᠠᠨ ᠦᠨᠳᠦᠰᠦᠳᠡᠨ᠎ᠤ ᠠᠬᠠᠨ ᠲᠡᠭᠦᠦᠰ ᠨᠢᠭᠡ ᠦᠷᠦᠭᠡᠨ᠎ᠳᠦ ᠡᠳᠦᠷᠵᠢᠨ ᠢᠨᠢᠶᠡᠳᠦ ᠬᠦᠭᠡᠷᠦᠭᠡ ᠲᠡᠢ ᠮᠤᠨᠭᠭᠠᠨᠢᠵᠤ ᠲᠠᠭᠠᠷᠠᠳᠠᠭ ᠪᠠᠢᠯ᠎ᠠ᠃
ᠡᠳᠡᠭᠡᠷ ᠭᠠᠷ ᠤᠷᠠᠯᠠᠯ᠎ᠤᠨ ᠪᠦᠲᠦᠭᠡᠭᠳᠡᠬᠦᠨ᠎ᠢ ᠳᠠᠷᠠᠭᠠᠴᠢ ᠵᠢᠨ ᠠᠯᠬᠤᠮ᠎ᠳᠦ ᠪᠤᠳᠠᠳᠤ ᠲᠡᠯᠭᠡᠬᠦᠷ ᠪᠠ ᠡᠯᠸᠺᠲᠷᠤᠨ ᠬᠤᠳᠠᠯᠳᠤᠭ᠎ᠠ ᠵᠢ ᠬᠠᠪᠰᠤᠷᠭᠠᠭᠰᠠᠨ ᠪᠤᠷᠤᠯᠠᠭᠤᠯᠬᠤ ᠵᠠᠮ᠎ᠢ ᠬᠠᠢᠨ ᠰᠦᠪᠡᠭᠴᠢᠯᠡᠵᠦ᠂ ᠠᠵᠢᠯᠳᠠᠳ᠎ᠤᠨ ᠤᠷᠤᠯᠭ᠎ᠠ ᠵᠢ ᠲᠡᠭᠡᠭᠰᠢᠯᠡᠬᠦᠯᠬᠦ ᠵᠢᠨ ᠬᠠᠮᠳᠦ ᠰᠠᠭᠤᠷᠢᠨ ᠭᠠᠵᠠᠷ᠎ᠤᠨ᠎ᠢᠶᠡᠨ ᠡᠵᠡᠨᠭᠨᠡᠯᠳᠡ ᠡᠷᠬᠢᠯᠳᠡ ᠵᠢ ᠠᠬᠢᠭᠤᠯᠬᠤ ᠲᠦᠰᠦᠪ ᠲᠦᠯᠦᠪᠯᠡᠭᠡ ᠲᠡᠢ᠃ ᠮᠦᠨ ᠬᠦᠳᠡᠭᠡ ᠲᠤᠰᠬᠤᠨ᠎ᠳᠦ ᠴᠦ᠍ ᠵᠡᠮᠳᠡᠭ ᠬᠦᠮᠦᠨ ᠤᠯᠠᠨ ᠪᠠᠢᠳᠠᠭ ᠪᠠᠢᠳᠠᠯ᠎ᠳᠦ ᠬᠠᠨᠳᠤᠭᠤᠯᠤᠨ᠂ ᠲᠠᠷᠠᠭᠠᠴᠢ ᠵᠢᠨ ᠠᠯᠬᠤᠮ᠎ᠳᠦ ᠯᠢ ᠵᠢᠨ ᠸᠠᠩ ᠬᠦᠳᠡᠭᠡ ᠨᠤᠳᠤᠭ ᠲᠠᠭᠠᠨ ᠵᠡᠮᠳᠡᠭᠴᠤᠳ᠎ᠤᠨ ᠲᠠᠷᠢᠵᠦ ᠲᠡᠵᠢᠭᠡᠬᠦ ᠦᠢᠯᠡᠰ᠎ᠤᠨ ᠵᠢᠭᠠᠨ ᠵᠢᠯᠤᠭᠤᠳᠤᠯᠭ᠎ᠠ ᠵᠢᠨ ᠦᠷᠳᠡᠭᠡ ᠭᠠᠷᠭᠠᠵᠤ᠂ ᠬᠦᠳᠡᠭᠡ᠎ᠳᠦ ᠪᠠᠢᠭ᠎ᠠ ᠵᠡᠮᠳᠡᠭ ᠬᠦᠮᠦᠰ ᠲᠦ᠍ᠪᠤᠯᠪᠠᠰᠤᠷᠠᠯ ᠬᠦᠷᠳᠡᠭᠡᠵᠦ᠂ ᠠᠳᠠᠯ ᠠᠮᠢᠳᠤᠷᠠᠯ᠎ᠳᠦ᠎ᠨᠢ ᠮᠡᠷᠭᠡᠵᠢᠯ᠎ᠤᠨ ᠵᠢᠭᠠᠨ ᠵᠢᠯᠤᠭᠤᠳᠤᠯᠭ᠎ᠠ ᠬᠠᠨᠭᠭᠠᠬᠤ ᠪᠡᠷ ᠲᠦᠯᠦᠪᠯᠡᠵᠦ ᠪᠠᠢᠭ᠎ᠠ ᠵᠢ ᠮᠸᠲᠠᠯ ᠲᠤᠳᠤᠷᠠᠭᠤᠯᠤᠨ ᠶᠠᠷᠢᠵᠤ ᠪᠠᠢᠭᠰᠠᠨ ᠶᠤᠮ᠃
ᠬᠠᠢᠷ᠎ᠠ ᠵᠢᠨ ᠬᠦᠴᠦᠨ᠎ᠳᠦ ᠬᠤᠷᠸ᠎ᠠ ᠵᠢᠵᠢᠭᠷᠡᠳᠡᠭ᠃ ᠦᠷᠦᠭᠡᠰᠦᠨ ᠵᠡᠮᠳᠡᠭ᠎ᠢ ᠦᠷᠦᠪᠳᠦᠨ᠂ ᠦᠷᠦᠭᠡᠯ ᠪᠤᠰᠤᠳ᠎ᠢ ᠲᠤᠰᠠᠯᠠᠨ᠎ᠠ ᠭᠡᠰᠡᠨ ᠵᠢᠷ᠎ᠤᠨ ᠨᠢᠭᠡᠨ ᠵᠡᠮᠳᠡᠭ ᠬᠦᠮᠦᠨ ᠯᠢ ᠵᠢᠨ ᠸᠠᠩ᠎ᠤᠨ ᠶᠡᠬᠡ ᠬᠠᠢᠷ᠎ᠠ ᠵᠢᠨ ᠬᠦᠴᠦᠨ᠎ᠳᠦ ᠬᠤᠷᠸ᠎ᠠ ᠲᠡᠯᠡᠬᠡᠢ ᠵᠢᠵᠢᠭᠷᠡᠨ ᠲᠤᠯᠠᠭᠠᠴᠠᠨᠠ᠃ ᠯᠢ ᠵᠢᠨ ᠸᠠᠩ ᠮᠡᠳᠦ ᠬᠦᠮᠦᠰ᠎ᠤᠨ ᠴᠢᠷᠮᠠᠢᠯᠭ᠎ᠠ᠂ ᠨᠡᠢᠬᠡᠮ ᠨᠡᠢᠳᠡ ᠵᠢᠨ ᠬᠠᠪᠰᠤᠷᠤᠯᠭ᠎ᠠ ᠲᠡᠮᠵᠢᠯᠭᠡ ᠪᠡᠷ ᠬᠤᠵᠢᠮ ᠨᠡᠩ ᠤᠯᠠᠨ ᠵᠡᠮᠳᠡᠭ ᠬᠦᠮᠦᠰ ᠬᠡᠷ᠎ᠤᠨ ᠮᠤᠬᠤᠷ ᠡᠴᠡ ᠭᠠᠷᠴᠦ᠂ ᠡᠩ᠎ᠤᠨ ᠬᠦᠮᠦᠰ ᠲᠡᠢ ᠠᠳᠠᠯᠢ ᠡᠨᠡ ᠲᠡᠯᠡᠬᠡᠢ ᠵᠢᠨ ᠨᠠᠷᠠᠨ᠎ᠤ ᠭᠡᠷᠡᠯ᠎ᠢ ᠢᠵᠢᠯᠭᠡᠨ ᠬᠦᠷᠳᠡᠵᠦ ᠶᠠᠪᠤᠨ᠎ᠠ ᠭᠡᠳᠡᠭ ᠲᠦ᠍ ᠢᠳᠡᠭᠡᠯ ᠲᠡᠢ᠃
ᠬᠠᠷᠭᠤᠢ ᠵᠠᠮ ᠬᠤᠯᠠ ᠵᠢ ᠵᠤᠷᠢᠨ᠎ᠠ
ᠪᠢᠳᠡ ᠠᠨᠭᠬᠠᠨ᠎ᠤ ᠰᠤᠷᠪᠤᠯᠵᠢᠯᠠᠭ᠎ᠠ ᠵᠢᠨ ᠴᠡᠭ ᠡᠴᠡ ᠠᠶᠠᠷᠯᠠᠵᠦ᠂ ᠲᠠᠷᠠᠭᠠᠴᠢ ᠵᠢᠨ ᠭᠠᠵᠠᠷ᠎ᠢᠶᠡᠨ ᠴᠢᠭᠯᠡᠨ ᠭᠠᠷᠬᠤ᠎ᠳᠦ X628 ᠠᠩ ᠴᠧᠩ ᠱᠤᠭᠤᠮ ᠭᠡᠰᠡᠨ ᠵᠠᠰᠠᠮᠠᠯ ᠵᠠᠮ᠎ᠢᠶᠡᠷ ᠲᠠᠪᠬᠢᠯ᠎ᠠ᠃ ᠡᠨᠡ ᠵᠠᠮ ᠪᠤᠯ ᠤᠳᠤᠭ᠎ᠤᠨ ᠡᠮᠦᠨᠡᠳᠦ ᠬᠤᠰᠢᠭᠤᠨ᠎ᠤ ᠨᠠᠨᠭᠰᠦ ᠪᠠᠯᠭᠠᠰᠦ ᠪᠠ ᠪᠤᠷᠤᠪᠠᠯᠭᠠᠰᠦ ᠵᠢ ᠬᠤᠯᠪᠤᠵᠦ᠂ ᠵᠠᠮ ᠲᠠᠭᠠᠤ ᠬᠤᠪᠢᠰᠬᠠᠯ᠎ᠤᠨ ᠲᠤᠷᠠᠰᠬᠠᠯᠳᠦ ᠵᠢᠭᠤᠯᠴᠢᠯᠠᠯ᠎ᠤᠨ ᠦᠵᠡᠮᠵᠢ ᠵᠢᠨ ᠴᠡᠭ᠂ ᠬᠤᠪᠢᠰᠭᠠᠯ᠎ᠤᠨ ᠰᠤᠳᠤᠯᠭᠠᠨ᠎ᠤ ᠴᠡᠭ᠂ ᠮᠠᠯ ᠠᠵᠤ ᠠᠬᠤᠢ ᠲᠠᠷᠢᠶᠠᠯᠠᠩ᠎ᠤᠨ ᠠᠵᠤ ᠦᠢᠯᠡᠰ᠎ᠦᠨ ᠵᠢᠱ᠌ᠢᠢ᠎ᠡ ᠦᠵᠡᠭᠦᠯᠬᠦ᠌ ᠰᠠᠭᠤᠷᠢᠨ ᠭᠠᠵᠠᠷ ᠵᠡᠷᠭᠡ ᠮᠠᠰᠢ ᠤᠯᠠᠨ ᠵᠢᠱ᠌ᠢᠶ᠎ᠡ ᠦᠵᠡᠬᠦᠯᠬᠦ ᠴᠡᠭ᠎ᠢ ᠬᠠᠮᠤᠷᠤᠭᠰᠠᠨ 《ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠵᠠᠮ》 ᠪᠤᠯᠤᠨ᠎ᠠ᠃ ᠤᠳᠤᠭ᠎ᠤᠨ ᠡᠮᠦᠨᠡᠲᠦ ᠬᠣᠱᠢᠭᠤᠨ ᠡᠴᠡ ᠡᠭᠦᠨ᠎ᠢ ᠬᠤᠪᠢᠰᠭᠠᠯ᠎ᠤᠨ ᠰᠣᠶᠣᠯ᠎ᠤᠨ ᠳᠠᠮᠵᠢᠭᠤᠯᠭ᠎ᠠ᠎ᠶ᠋ᠢᠨ ᠵᠠᠮ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠵᠤ ᠠᠷᠠᠳ᠎ᠲᠤ ᠠᠱᠢᠭ ᠬᠦᠷᠲᠡᠭᠡᠬᠦ᠌ ᠵᠠᠮ᠂ ᠠᠮᠢ ᠠᠬᠤᠢ᠎ᠶ᠋ᠢᠨ ᠬᠥᠭ᠌ᠵᠢᠯᠲᠡ᠎ᠶ᠋ᠢᠨ ᠬᠡᠪ ᠳᠠᠭᠤᠷᠢᠶᠠᠯ᠎ᠤᠨ ᠵᠠᠮ ᠪᠣᠯᠭᠠᠵᠤ᠂ ᠨᠡᠩ ᠴᠤ᠌ ᠦᠨᠳᠦᠰᠦᠲᠡᠨ᠎ᠦ ᠪᠦᠯᠬᠦᠮᠳᠡᠯ᠎ᠦᠨ ᠵᠢᠱ᠌ᠢᠢ᠎ᠡ ᠦᠵᠡᠭᠦᠯᠬᠦ᠌ ᠵᠠᠮ ᠪᠣᠯᠭᠠᠭ᠍ᠰᠠᠨ ᠪᠠᠢᠨ᠎ᠠ᠃
ᠪᠠᠶᠠᠨ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠌᠎ᠶ᠋ᠢᠨ ᠵᠠᠩᠭᠢᠯᠠᠭ᠎ᠠ ᠨᠢ ᠬᠥᠳᠡᠭᠡ ᠲᠣᠰᠭᠣᠨ᠎ᠳᠤ ᠪᠤᠢ; ᠬᠥᠳᠡᠭᠡ ᠲᠣᠰᠭᠣᠨ᠎ᠢ ᠪᠠᠶᠠᠵᠢᠭᠤᠯᠬᠤ᠎ᠶ᠋ᠢᠨ ᠰᠠᠭᠤᠷᠢ ᠨᠢ ᠵᠠᠮ ᠬᠠᠷᠢᠯᠴᠠᠭ᠎ᠠ᠎ᠳᠤ ᠪᠤᠢ᠃ ᠶᠡᠷᠦᠩᠬᠡᠶ ᠱᠦᠵᠢ ᠰᠢ᠎ᠶ᠋ᠢᠨ ᠫᠢᠩ᠎ᠤᠨ《ᠬᠥᠳᠡᠭᠡ ᠲᠣᠰᠭᠣᠨ᠎ᠤ ᠵᠠᠰᠠᠮᠠᠯ ᠵᠠᠮ᠎ᠢ ᠰᠠᠢᠲᠤᠷ ᠪᠥᠲᠥᠭᠡᠨ ᠪᠠᠢᠭᠤᠯᠵᠤ᠂ ᠰᠠᠢᠲᠤᠷ ᠬᠠᠮᠢᠶᠠᠷᠬᠤ ᠬᠡᠷᠡᠭ᠌ᠲᠡᠶ᠂ ᠨᠠᠩ ᠴᠤ᠌ ᠰᠠᠢᠲᠤᠷ ᠠᠷᠠᠴᠢᠯᠠᠨ ᠬᠠᠮᠠᠭᠠᠯᠠᠵᠤ᠂ ᠰᠠᠢᠲᠤᠷ ᠡᠵᠡᠩᠨᠡᠬᠦ᠌ ᠬᠡᠷᠡᠭ᠌ᠲᠡᠶ》 ᠭᠡᠰᠡᠨ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠶ ᠨᠠᠢᠳᠠᠪᠤᠷᠢᠵᠢᠭᠤᠯᠤᠨ ᠲᠤᠭᠤᠰᠢᠯᠠᠭᠤᠯᠬᠤ᠎ᠶ᠋ᠢᠨ ᠲᠥᠯᠥᠭᠡ᠂ ᠣᠲᠣᠭ᠎ᠤᠨ ᠡᠮᠦᠨᠡᠲᠦ ᠬᠣᠱᠢᠭᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ《ᠬᠥᠳᠡᠭᠡ ᠲᠣᠰᠭᠣᠨ᠎ᠤ ᠳᠥᠷᠪᠡᠨ ᠰᠠᠢᠨ ᠵᠠᠮ》 ᠤ᠋ᠨ ᠪᠥᠲᠥᠭᠡᠨ ᠪᠠᠢᠭᠤᠯᠤᠯᠲᠠ᠎ᠶ᠋ᠢᠨ ᠠᠵᠢᠯ᠎ᠢ ᠯᠠᠪᠳᠠᠭᠤᠨ ᠪᠠᠲᠤᠲᠠᠶ ᠠᠬᠢᠭᠤᠯᠵᠤ᠂ 2022 ᠣᠨ᠎ᠳᠤ ᠲᠤᠰ ᠬᠤᠰᠢᠭᠤ 《ᠬᠥᠳᠡᠭᠡ ᠲᠣᠰᠭᠣᠨ᠎ᠤ ᠳᠥᠷᠪᠡᠨ ᠰᠠᠢᠨ ᠵᠠᠮ》 ᠤ᠋ᠨ ᠪᠥᠬᠥ᠌ ᠤᠯᠤᠰ᠎ᠤᠨ ᠵᠢᠱ᠌ᠢᠶ᠎ᠡ ᠦᠵᠡᠭᠦᠯᠬᠦ᠌ ᠱᠢᠶᠠᠨ᠎ᠤ ᠡᠭᠦᠳᠦᠨ ᠪᠠᠢᠭᠤᠯᠬᠤ ᠨᠡᠷᠡᠰ᠎ᠲᠦ ᠠᠮᠵᠢᠯᠲᠠ᠎ᠲᠠᠶ᠎ᠪᠠᠷ ᠰᠣᠩᠭᠣᠭ᠍ᠳᠠᠵᠠᠢ᠃
ᠬᠠᠷᠭᠤᠢ ᠵᠠᠮ ᠬᠤᠯᠠ ᠵᠢ ᠵᠤᠷᠢᠨ᠎ᠠ ᠃ ᠠᠩ ᠴᠧᠩ ᠱᠤᠭᠤᠮ᠎ᠢ 2020 ᠣᠨ᠎ᠡᠴᠡ ᠡᠬᠢᠯᠡᠨ ᠪᠠᠢᠭᠤᠯᠵᠤ᠂ ᠪᠥᠬᠥ᠌ ᠣᠷᠳᠣ ᠨᠢ 54.6 ᠺᠢᠯᠣᠮᠧᠲ᠋ᠷ ᠂ᠡᠮᠦᠨ᠎ᠠ ᠤᠮᠠᠷ᠎ᠠ ᠵᠢᠨ ᠴᠢᠭᠯᠡᠯ ᠲᠠᠢ ᠪᠠᠢᠵᠦ᠂ ᠬᠤᠢᠳᠤ ᠦᠵᠦᠬᠦᠷ ᠨᠢ ᠦᠷᠡᠭᠳᠡᠭᠰᠡᠨ ᠪᠠᠭᠠᠳᠤᠷ ᠪᠤᠷᠤᠪᠠᠭᠠᠲᠤᠷ ᠦᠯᠵᠡᠢᠬᠤᠲᠤᠭᠤᠨ ᠲᠤᠷᠠᠰᠬᠠᠯ᠎ᠤᠨ ᠬᠦᠷᠢᠶᠠᠯᠠᠩ᠂ ᠡᠮᠦᠨ᠎ᠠ ᠦᠵᠦᠬᠦᠷ ᠨᠢX663ᠲᠦᠩᠽᠢ᠎ᠡᠴᠡ ᠪᠤᠷᠤᠪᠠᠯᠭᠠᠰᠦ ᠬᠦᠷᠬᠦ᠌ ᠬᠣᠶᠠᠳᠤᠭᠠᠷ ᠳᠡᠰ᠎ᠤᠨ ᠵᠢᠭᠤᠯᠴᠢᠯᠠᠯ᠎ᠤᠨ ᠵᠠᠰᠠᠮᠠᠯ ᠵᠠᠮ᠎ᠲᠠᠶ ᠨᠡᠢᠯᠡᠵᠦ᠍᠂ ᠶᠠᠨ ᠠᠨ᠎ᠤ ᠦᠨᠳᠦᠰᠦᠲᠡᠨ᠎ᠦ ᠳᠡᠭᠡᠳᠦ ᠰᠤᠷᠭᠠᠭᠤᠯᠢ᠎ᠶ᠋ᠢᠨ ᠪᠤᠷᠤᠪᠠᠯᠭᠠᠰᠦᠳᠡᠬᠢ ᠳᠤᠷᠠᠰᠭᠠᠯ᠎ᠤᠨ ᠣᠷᠳᠣᠨ᠎ᠠᠴᠠ ᠲᠠᠪᠤᠬᠠᠨ ᠺᠢᠯᠤᠮᠸᠲᠷ ᠵᠠᠢᠲᠠᠢ ᠪᠠᠢᠳᠠᠭ᠃ ᠵᠠᠮ ᠳᠠᠭᠠᠸ᠋ ᠬᠤᠪᠢᠰᠭᠠᠯ᠎ᠤᠨ ᠳᠤᠷᠠᠰᠭᠠᠯᠲᠤ ᠵᠢᠭᠤᠯᠴᠢᠯᠠᠯ᠎ᠤᠨ ᠦᠵᠡᠮᠵᠢ᠎ᠶ᠋ᠢᠨ ᠴᠡᠭ᠂ ᠬᠤᠪᠢᠰᠭᠠᠯ᠎ᠤᠨ ᠰᠤᠳᠤᠯᠭᠠᠨ᠎ᠤ ᠴᠡᠭ᠎ᠲᠡᠶ ᠪᠠᠢᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠦ ᠴᠤᠭᠴᠠᠯᠠᠬᠤ ᠬᠥᠮᠦᠵᠢᠯ ᠦᠶ᠋ᠯᠡᠳᠦᠯᠭᠡ᠎ᠶ᠋ᠢᠨ ᠴᠡᠭ(ᠥᠷᠲᠡᠭᠡ)13᠂ ᠮᠠᠯᠴᠢᠨ ᠲᠠᠷᠢᠶᠠᠴᠢᠨ ᠠᠢᠯ᠎ᠤᠨ ᠵᠢᠭᠤᠯᠴᠢᠯᠠᠯ 8᠂ ᠮᠠᠯ ᠠᠵᠤ ᠠᠬᠤᠶ ᠲᠠᠷᠢᠶᠠᠯᠠᠩ᠎ᠤᠨ ᠵᠢᠱ᠌ᠢᠶ᠎ᠡ ᠦᠵᠡᠭᠦᠯᠬᠦ᠌ ᠰᠠᠭᠤᠷᠢᠨ ᠭᠠᠵᠠᠷ 20 ᠭᠠᠷᠤᠶ ᠪᠣᠶ᠃ ᠡᠭᠦᠨ᠎ᠳᠦ᠂ ᠦᠷᠡᠭᠳᠡᠭᠰᠡᠨ ᠪᠠᠭᠠᠳᠤᠷ ᠪᠤᠷᠤᠪᠠᠭᠠᠲᠤᠷ ᠦᠯᠵᠡᠢᠬᠤᠲᠤᠭᠤᠨ ᠲᠤᠷᠠᠰᠬᠠᠯ᠎ᠤᠨ ᠬᠦᠷᠢᠶᠡᠯᠡᠩ ᠨᠢ ᠪᠤᠷᠤᠪᠠᠭᠠᠲᠤᠷ ᠦᠯᠵᠡᠢᠬᠤᠲᠤᠭᠤᠨ ᠢᠷᠠᠭᠤ ᠠᠯᠳᠠᠷᠲᠤ ᠬᠤᠪᠢᠰᠭᠠᠯᠲᠤ ᠦᠶ᠋ᠯᠡ ᠠᠵᠢᠯᠯᠠᠭ᠎ᠠ᠎ᠶ᠋ᠢ ᠳᠤᠷᠠᠰᠭᠠᠬᠤ᠎ᠶ᠋ᠢᠨ ᠲᠥᠯᠥᠭᠡ᠂ ᠵᠢᠯ ᠪᠦᠷᠢ᠎ᠶ᠋ᠢᠨ ᠬᠠᠩᠰᠢ᠎ᠶ᠋ᠢᠨ ᠡᠳᠦᠷ ᠡᠯ᠎ᠡ ᠪᠠᠢᠭᠤᠯᠭ᠎ᠠ ᠠᠵᠢᠯ ᠦᠶ᠋ᠯᠡᠰ᠎ᠦᠨ ᠨᠢᠭᠡᠴᠢ᠂ ᠰᠤᠷᠭᠠᠭᠤᠯᠢ᠎ᠨᠤᠭᠤᠳ ᠡᠯ᠎ᠡ ᠦᠨᠳᠦᠰᠦᠲᠡᠨ᠎ᠦ ᠨᠠᠮ᠎ᠤᠨ ᠭᠡᠱᠢᠭᠦᠨ ᠺᠠᠳ᠋ᠷ ᠣᠯᠠᠨ ᠲᠦᠮᠡᠨ ᠰᠤᠷᠤᠭ᠍ᠴᠢᠳ᠎ᠢ ᠵᠣᠬᠢᠶᠠᠨ ᠪᠠᠢᠭᠤᠯᠵᠤ᠂ ᠡᠪ ᠬᠠᠮᠲᠤ ᠨᠠᠮ᠎ᠤᠨ ᠬᠤᠪᠢᠰᠭᠠᠯ᠎ᠤᠨ ᠬᠡᠷᠡᠯ ᠰᠠᠴᠤᠷᠠᠩᠭᠤᠶ ᠣᠨ ᠰᠠᠷᠠᠶ᠋ᠢ ᠳᠠᠬᠢᠨ ᠳᠤᠷᠠᠰᠭᠠᠵᠤ᠂ ᠨᠠᠮ᠎ᠤᠨ ᠲᠡᠸ᠋ᠬᠡ᠎ᠶ᠋ᠢ ᠰᠤᠷᠤᠯᠴᠠᠨ᠂ ᠦᠨᠳᠦᠰᠦᠳᠡᠨ ᠨᠤᠭᠦᠳ᠎ᠤᠨ ᠠᠷᠠᠳ ᠲᠦᠮᠡᠨ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ᠂ ᠨᠢᠭᠡ ᠭᠡᠷ ᠮᠡᠳᠦ ᠲᠤᠳᠤᠨᠤ ᠶᠠᠪᠤᠯᠴᠠᠬᠤ ᠦᠨᠳᠦᠰᠦᠳᠡᠨ᠎ᠤ ᠪᠦᠯᠬᠦᠮᠳᠡᠯ᠎ᠢ ᠠᠬᠢᠭᠤᠯᠵᠤ ᠪᠠᠢᠨ᠎ᠠ᠃
ᠬᠠᠯᠠᠮᠵᠢ ᠵᠢᠨ ᠲᠤᠶᠠᠭ᠎ᠠ ᠬᠠᠮᠤᠭᠢ ᠭᠡᠢᠭᠦᠯᠦᠨ᠎ᠡ
ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠵᠠᠮ᠎ᠢᠶᠡᠷ ᠰᠤᠶᠤᠯ ᠲᠡᠥᠬᠡ ᠵᠢᠨ ᠲᠤᠷᠠᠰᠬᠠᠯᠳᠦ ᠴᠡᠭ᠂ ᠮᠠᠯ ᠠᠵᠤ ᠠᠬᠤᠢ ᠲᠠᠷᠢᠶᠠᠯᠠᠩ᠎ᠤᠨ ᠵᠢᠱ᠌ᠢᠶ᠎ᠡ ᠦᠵᠡᠭᠦᠯᠬᠦ ᠴᠡᠭ ᠰᠠᠭᠤᠷᠢᠨ᠎ᠢ ᠤᠢᠯᠠᠭᠠᠨ ᠰᠤᠨᠢᠷᠬᠠᠭᠰᠠᠭᠠᠷ ᠪᠢᠳᠡᠨ᠎ᠤ ᠰᠤᠷᠪᠤᠯᠵᠢᠯᠠᠬᠤ ᠪᠦᠯᠬᠦᠮ᠎ᠤᠨ ᠬᠢᠨ ᠨᠠᠨᠭᠰᠦ ᠪᠠᠯᠭᠠᠰᠤᠨ᠎ᠤ ᠪᠠᠶᠠᠠᠠᠤᠰᠤ ᠭᠠᠴᠠᠭᠠᠨ᠎ᠤ ᠨᠠᠰᠤᠲᠠᠨ ᠷᠢᠨᠴᠢᠨᠰᠤᠪᠤᠳᠤᠨ ᠡᠭᠦᠳᠡᠨ᠎ᠳᠦ ᠪᠠᠭᠤᠯ᠎ᠠ᠃ ᠤᠨ ᠴᠠᠭ᠎ᠤᠨ ᠪᠤᠭᠤᠷᠤᠯ ᠰᠠᠯᠬᠢᠨ᠎ᠳᠦ ᠡᠯ᠎ᠡ ᠬᠠᠯᠠ ᠠᠮᠰᠠᠵᠤ᠂ ᠨᠢᠷᠤᠭᠤ ᠪᠦᠭᠲᠦᠢᠵᠦ ᠲᠠᠶᠠᠭ ᠲᠤᠯᠤᠭᠰᠠᠨ ᠬᠡᠳᠦᠢ ᠴᠦ᠍ ᠠᠯᠤᠰ ᠬᠤᠯᠠ ᠭᠠᠷᠤᠭᠰᠠᠨ ᠬᠦᠦ ᠪᠡᠨ ᠬᠦᠯᠢᠶᠡᠵᠤ ᠤᠭᠳᠤᠬᠤ ᠰᠢᠬ ᠠᠢᠯᠴᠢᠨ ᠬᠡᠢᠴᠢᠨ ᠢᠷᠡᠵᠦ ᠪᠠᠢᠨ᠎ᠠ ᠬᠡᠮᠡᠨ ᠪᠢᠳᠡᠨ᠎ᠢ ᠬᠠᠯᠠᠭᠤᠨ ᠢᠨᠢᠶᠡᠳᠦ ᠪᠡᠷ᠎ᠢᠶᠡᠨ ᠤᠭᠳᠤᠭᠰᠠᠨ ᠨᠠᠰᠤᠳᠠᠨ᠎ᠢ ᠬᠠᠷᠠᠭᠠᠳ ᠰᠤᠷᠪᠤᠯᠵᠢᠯᠠᠭᠴᠢ᠎ᠳᠦ ᠬᠦᠳᠡᠭᠡ ᠭᠡᠷ ᠲᠡᠭᠡᠨ ᠬᠠᠷᠢᠵᠦ ᠪᠠᠢᠬᠤ ᠰᠢᠬ ᠬᠠᠯᠠᠭᠤᠬᠠᠨ ᠰᠠᠨᠠᠭᠳᠠᠭᠰᠠᠨ ᠪᠢᠯᠡ᠃
ᠷᠢᠨᠴᠢᠨᠰᠤᠪᠤᠳ ᠨᠠᠰᠤᠳᠠᠨ ᠪᠤᠯ ᠵᠢᠷ᠎ᠤᠨ ᠨᠢᠭᠡᠨ ᠬᠦᠳᠡᠭᠡ ᠵᠢᠨ ᠬᠦᠭᠰᠢᠨ᠃ ᠦᠨᠦ ᠵᠢᠯ 70 ᠨᠠᠰᠤ ᠵᠢ ᠵᠤᠭᠤᠬᠯᠠᠵᠦ ᠶᠠᠪᠤᠭ᠎ᠠ ᠲᠡᠷᠡ ᠪᠡᠷ ᠡᠷᠳᠡᠨᠢᠪᠢᠯᠢᠭ ᠮᠦᠨᠭᠭᠡᠪᠢᠯᠢᠭ ᠭᠡᠰᠡᠨ ᠲᠤᠭᠤᠷᠭ᠎ᠠ ᠲᠤᠰᠠᠭᠠᠷ ᠪᠤᠯᠤᠭᠰᠠᠨ ᠬᠤᠶᠠᠷ ᠬᠦᠦ ᠲᠡᠢ ᠪᠠᠢᠵᠦ᠂ ᠶᠡᠷᠦ᠎ᠳᠡᠭᠡᠨ ᠡᠪᠦᠭᠡᠨ ᠲᠡᠢ ᠪᠡᠨ ᠬᠤᠶᠠᠭᠤᠯᠠ ᠮᠠᠯ ᠲᠠᠷᠢᠶ᠎ᠠ ᠪᠡᠨ ᠲᠤᠳᠤᠮᠳᠠᠭᠠᠳ ᠬᠦᠳᠡᠭᠡ ᠭᠡᠷ ᠲᠡᠭᠡᠨ ᠠᠮᠢᠳᠤᠷᠠᠳᠠᠭ᠃ ᠮᠠᠯ ᠲᠠᠷᠢᠶ᠎ᠠ ᠭᠡᠵᠦ ᠬᠡᠯᠡᠬᠦ᠎ᠡᠴᠡ100 ᠭᠠᠷᠤᠢ ᠪᠤᠭ ᠮᠠᠯ ᠮᠠᠯᠵᠢᠵᠦ᠂ 45 ᠮᠦ᠍ ᠡᠷᠳᠡᠨᠢ ᠰᠢᠰᠢ᠂ 15 ᠮᠦ᠍ ᠪᠤᠷᠤ ᠴᠠᠷᠭᠠᠰᠦ ᠲᠠᠷᠢᠳᠠᠭ ᠵᠢᠷ᠎ᠤᠨ ᠨᠢᠭᠡᠨ ᠤᠨᠳᠤᠷᠤᠯᠭ᠎ᠠ ᠲᠡᠢ ᠠᠢᠯ ᠪᠠᠢᠯ᠎ᠠ᠃ ᠶᠠᠳᠠᠭᠤᠬᠠᠨ ᠭᠡᠵᠦ ᠲᠤᠭᠠᠴᠢᠬᠤ ᠦᠬᠡᠢ᠎ᠳᠦ ᠶᠠᠳᠠᠷᠠᠭᠤᠬᠠᠨ ᠭᠡᠵᠦ ᠬᠡᠯᠡᠵᠦ ᠪᠤᠯᠬᠤ ᠠᠮᠢᠳᠤᠷᠠᠯ ᠲᠡᠢ ᠷᠢᠨᠴᠢᠨᠰᠤᠪᠤᠳ ᠨᠠᠰᠤᠳᠠᠨ ᠬᠠᠷᠢᠨ 30 ᠬᠡᠳᠦᠨ ᠵᠢᠯ᠎ᠤᠨ ᠲᠤᠷᠰᠢ᠂ ᠬᠦᠮᠦᠨ᠎ᠤ ᠦᠪᠡᠷ᠎ᠤᠨ ᠭᠡᠵᠦ ᠰᠠᠯᠭᠠᠯ ᠦᠭᠡᠢ᠂ ᠬᠢᠳᠠᠳ ᠮᠤᠨᠭᠭᠤᠯ ᠭᠡᠵᠦ ᠢᠯᠭᠠᠯ ᠦᠭᠡᠢ 10 ᠬᠡᠳᠦᠨ ᠦᠨᠦᠴᠢᠨ ᠦᠷᠦᠭᠡᠰᠦᠨ ᠠᠮᠢᠳᠤᠷᠠᠯ ᠬᠦᠴᠢᠷᠳᠡᠯᠳᠡᠢ ᠬᠡᠥᠬᠡᠳᠤᠳᠢ ᠰᠤᠷᠭᠠᠭᠤᠯᠢ ᠰᠤᠶᠤᠯ᠎ᠤᠨ ᠮᠦᠷ ᠬᠦᠭᠡᠭᠡᠯᠭᠡᠬᠦ ᠪᠡᠷ 10 ᠭᠠᠷᠤᠢ ᠲᠦᠮᠡᠨ ᠲᠦᠭᠦᠷᠢᠭ᠎ᠢᠶᠡᠷ ᠲᠤᠰᠠᠯᠠᠨ ᠲᠡᠮᠵᠢᠵᠦ᠂ ᠮᠤᠨᠭᠭᠤᠯ ᠡᠵᠢ ᠵᠢᠨ ᠠᠭᠤᠤ ᠬᠠᠢᠷ᠎ᠠ᠂ ᠬᠠᠯᠠᠭᠠᠰᠦ ᠨᠢᠮᠭᠡᠨ ᠴᠦ᠍ ᠬᠠᠢᠷ᠎ᠠ ᠵᠤᠵᠠᠭᠠᠨ ᠵᠤᠷᠢᠭ ᠰᠠᠨᠠᠭ᠎ᠠ ᠵᠢ ᠲᠦᠷᠦ ᠲᠦᠮᠡᠨ᠎ᠳᠡᠭᠡᠨ ᠬᠠᠷᠠᠭᠤᠯᠵᠤ ᠢᠷᠡᠵᠡᠢ᠃
ᠨᠠᠰᠤᠳᠠᠨ᠎ᠤ ᠭᠡᠷ ᠲᠦ᠍ ᠤᠷᠤᠬᠤ᠎ᠳᠦ ᠬᠠᠭᠠᠰ ᠨᠤᠬᠤᠵᠦ ᠲᠠᠯᠪᠢᠭᠰᠠᠨ ᠰᠠᠪᠠ ᠲᠡᠢ ᠭᠤᠯᠢᠷ ᠵᠤᠤᠬᠠᠨ ᠲᠤᠰᠢᠶ᠎ᠠ ᠬᠠᠷᠠᠭᠳᠠᠵᠤ᠂ ᠬᠦ ᠰᠠᠭᠤᠵᠤ ᠤᠳᠤᠭᠠᠰᠢᠭᠰᠠᠨ ᠬᠠᠨ᠎ᠠ ᠬᠠᠶᠠᠭ᠎ᠠ ᠡᠴᠡ ᠡᠨᠡ ᠪᠠᠢᠰᠢᠩ ᠭᠡᠷ ᠲᠦ᠍ ᠤᠳᠠᠭᠠᠨ ᠵᠢᠯᠰᠠᠭᠤᠭᠰᠠᠨ ᠢᠮ ᠲᠠᠮᠠᠭ᠎ᠠ ᠢᠯᠡᠬᠡᠨ ᠪᠠᠢᠯ᠎ᠠ᠃ ᠪᠢᠳᠡᠨ᠎ᠢ ᠭᠤᠤᠯ ᠦᠷᠦᠭᠡᠨ᠎ᠳᠡᠭᠡᠨ ᠵᠠᠯᠠᠵᠤ᠂ ᠲᠠᠶᠠᠭ᠎ᠢᠶᠡᠨ ᠲᠤᠯᠵᠦ ᠪᠦᠭᠴᠦᠭᠡᠨᠡᠨ 《ᠲᠠᠨᠤᠰᠢ ᠢᠷᠡᠨ᠎ᠡ ᠭᠡᠵᠦ ᠰᠤᠨᠤᠰᠤᠭᠠᠳ ᠬᠤᠭᠤᠯᠠ ᠤᠮᠳᠠ ᠪᠡᠯᠡᠳᠬᠡᠵᠦ ᠪᠠᠢᠭᠠᠳ ᠴᠦ᠍ ᠵᠠᠪᠳᠤᠭᠰᠠᠨ ᠦᠭᠡᠢ》 ᠭᠡᠵᠦ ᠭᠤᠮᠤᠷᠬᠠᠨ ᠤᠰᠤ ᠴᠠᠢ ᠠᠶᠠᠭᠠᠯᠠᠨ ᠠᠯᠢ ᠪᠠᠢᠭᠰᠠᠨ᠎ᠢᠶᠡᠨ ᠲᠡᠮᠳᠡᠷᠢᠵᠦ ᠶᠠᠭᠠᠷᠠᠨ᠎ᠠ᠃ ᠶᠡᠷᠦ ᠵᠢᠨ ᠦᠶ᠎ᠡ᠎ᠳᠦ ᠲᠠᠨᠭᠳᠠ ᠭᠠᠳᠠᠭᠤᠷ ᠮᠠᠰᠢᠨ ᠪᠠᠷᠢᠵᠦ ᠬᠦᠯᠦᠰᠦᠨ ᠠᠵᠢᠯ ᠬᠢᠵᠦ ᠶᠠᠭᠠᠷᠠᠵᠦ ᠶᠠᠪᠤᠳᠠᠭ ᠡᠪᠦᠭᠡᠨ᠎ᠢᠶᠡᠨ ᠡᠨᠡ ᠲᠡᠷᠡ᠎ᠳᠦ ᠵᠢᠭᠠᠬᠠᠨ ᠴᠦ᠍ ᠭᠡᠰᠡᠨ ᠬᠠᠮᠵᠢᠭᠤᠯᠬᠤ ᠵᠢᠨ ᠲᠤᠰᠠᠳᠠ ᠦᠨᠦᠳᠦᠷ ᠲᠠᠭᠤᠳᠠᠵᠦ ᠠᠪᠴᠢᠷᠠᠭᠰᠠᠨ ᠪᠠᠢᠯ᠎ᠠ᠃ ᠡᠪᠦᠭᠡᠨ ᠨᠢ ᠦᠨᠦ ᠵᠢᠯ 73 ᠨᠠᠰᠤ ᠵᠢ ᠵᠤᠭᠤᠭᠯᠠᠵᠦ ᠶᠠᠪᠤᠭ᠎ᠠ ᠬᠢᠳᠠᠳ ᠦᠨᠳᠦᠰᠦᠳᠡᠨ᠃ 1970 ᠤᠨ᠎ᠳᠦ ᠬᠤᠶᠠᠭᠤᠯᠠ ᠠᠢᠯ ᠭᠡᠷ ᠪᠤᠯᠵᠤ᠂ ᠨᠡᠭᠦᠷᠡᠰᠦᠨ ᠠᠭᠤᠷᠬᠠᠢ᠎ᠳᠦ ᠬᠡᠷᠡᠯᠳᠦᠬᠦᠯᠭᠡ ᠬᠢᠬᠦ᠂ ᠤᠰᠤ ᠵᠦᠭᠡᠭᠡᠬᠦ᠂ ᠲᠡᠷᠭᠡ ᠪᠠᠷᠢᠬᠤ᠂ ᠬᠤᠳᠳᠤᠭ ᠮᠠᠯᠳᠠᠬᠤ ᠵᠡᠷᠭᠡ ᠬᠠᠷ᠎ᠠ ᠪᠤᠷᠤ ᠬᠦᠯᠦᠰᠦᠨ ᠠᠵᠢᠯ ᠬᠢᠵᠦ᠂ ᠨᠠᠶᠠᠭᠠᠳ ᠤᠨ ᠪᠤᠯᠵᠦ ᠭᠠᠵᠠᠷ ᠨᠤᠳᠤᠭ᠎ᠢ ᠡᠷᠦᠭᠡ᠎ᠳᠦ ᠲᠠᠭᠠᠭᠠᠴᠢᠯᠠᠭᠤᠯᠵᠦ ᠮᠠᠯ ᠰᠦᠷᠦᠭ ᠬᠤᠪᠢᠶᠠᠬᠤ᠎ᠳᠦ ᠲᠡᠳᠡᠨ᠎ᠤ ᠬᠢᠨ 6 ᠢᠮᠠᠭ᠎ᠠ᠂ 1 ᠲᠤᠭᠤᠯ ᠬᠤᠪᠢᠳᠠᠵᠤ ᠦᠮᠴᠢᠯᠡᠭᠡᠳ ᠤᠨᠳᠤᠷᠤᠯᠭ᠎ᠠ ᠪᠡᠨ ᠪᠤᠰᠬᠠᠵᠡᠢ᠃
ᠪᠠᠭ᠎ᠠ ᠪᠠᠢᠬᠤ᠎ᠳᠤᠨᠢ ᠠᠮᠢᠳᠤᠷᠠᠯ ᠬᠦᠴᠢᠷᠳᠡᠯᠳᠡᠢ ᠨᠦᠭᠦᠴᠡᠯ ᠪᠠᠷᠤᠭᠳᠠᠢ ᠡᠴᠡ ᠪᠤᠯᠵᠤ᠂ ᠤᠯᠢᠭᠳᠠᠢᠬᠠᠨ ᠰᠤᠷᠭᠠᠭᠤᠯᠢ ᠰᠤᠶᠤᠯ᠎ᠤᠨ ᠮᠦᠷ ᠬᠦᠭᠡᠭᠡᠵᠦ ᠴᠢᠳᠠᠯ ᠦᠭᠡᠢ ᠭᠤᠷᠪᠠᠳᠤᠭᠠᠷ ᠤᠨ ᠵᠢᠡᠨ ᠲᠡᠭᠦᠰᠭᠡᠭᠡᠳ ᠠᠷᠭ᠎ᠠ ᠪᠤᠰᠤ ᠰᠤᠷᠤᠯᠭ᠎ᠠ ᠪᠠᠨ ᠲᠤᠷᠭᠤᠨ ᠵᠤᠭᠰᠤᠭᠰᠠᠨ ᠨᠢ ᠷᠢᠨᠴᠢᠨᠰᠤᠪᠤᠳᠤᠨ ᠨᠢᠭᠡ ᠨᠠᠰᠤᠨ᠎ᠤ ᠬᠢᠨᠢ ᠬᠠᠮᠤᠭ᠎ᠤᠨ ᠬᠠᠷᠠᠮᠰᠠᠯᠳᠠᠢ ᠤᠴᠢᠷ ᠪᠠᠢᠯ᠎ᠠ᠃ ᠦᠪᠡᠷ ᠲᠤᠨᠢ ᠲᠤᠯᠭᠠᠷᠠᠭᠰᠠᠨ ᠬᠠᠷᠠᠮᠰᠠᠯ᠎ᠢᠶᠡᠨ ᠦᠷᠦᠭᠡᠯ᠎ᠤᠨ ᠪᠡᠶ᠎ᠡ ᠲᠡᠭᠡᠷ᠎ᠡ ᠪᠡᠶᠡᠯᠡᠭᠦᠯᠦᠶ᠎ᠡ ᠬᠡᠮᠡᠨ ᠷᠢᠨᠴᠢᠨᠰᠤᠪᠤᠳ ᠨᠠᠰᠤᠳᠠᠨ ᠲᠡᠭᠡᠷ᠎ᠡ ᠵᠠᠭᠤᠨ᠎ᠤ ᠨᠠᠶᠠᠭᠠᠳ ᠤᠨ ᠡᠴᠡ ᠡᠬᠢᠯᠡᠨ ᠤᠯᠤᠭᠰᠠᠨ ᠬᠡᠳᠦᠨ ᠮᠦᠨᠭᠭᠦ ᠪᠡᠷ᠎ᠢᠶᠡᠨ ᠠᠮᠢᠳᠤᠷᠠᠯ ᠬᠦᠴᠢᠷᠳᠡᠯᠳᠡᠢ ᠡᠴᠡ ᠪᠤᠯᠵᠦ ᠰᠤᠷᠭᠠᠭᠤᠯᠢ᠎ᠳᠦ ᠶᠠᠪᠤᠵᠦ ᠲᠡᠢᠯᠬᠦ ᠦᠭᠡᠢ ᠪᠠᠢᠭᠰᠠᠨ ᠠᠢᠯ ᠠᠢᠮᠠᠭ᠎ᠤᠨ᠎ᠢᠶᠡᠨ ᠬᠡᠳᠦᠨ ᠦᠨᠦᠴᠢᠨ ᠦᠷᠦᠭᠡᠰᠦᠨ ᠬᠡᠥᠬᠡᠳ᠎ᠢ ᠲᠤᠰᠠᠯᠠᠨ ᠲᠡᠮᠵᠢᠭᠰᠡᠭᠡᠷ ᠢᠷᠡᠵᠠᠢ᠃ ᠡᠭᠦᠨ᠎ᠤ ᠲᠤᠳᠤᠷ᠎ᠠ ᠴᠡᠨᠭᠬᠡᠯᠳᠠᠯᠠᠢ ᠭᠡᠭᠴᠢ ᠦᠨᠦᠴᠢᠨ ᠬᠡᠥᠬᠡᠳ 9 ᠨᠠᠰᠤᠨ᠎ᠳᠠᠭᠠᠨ ᠷᠢᠨᠴᠢᠨᠰᠤᠪᠤᠳᠤᠨ ᠭᠡᠷ ᠲᠦ᠍ ᠢᠷᠡᠵᠦ 21 ᠨᠠᠰᠤᠯᠠᠳᠠᠯ᠎ᠠ ᠪᠡᠨ ᠨᠡᠢᠲᠡ 11 ᠵᠢᠯ ᠠᠮᠢᠳᠤᠷᠠᠨ ᠰᠠᠭᠤᠵᠤ᠂ ᠦᠨᠳᠦᠷ ᠲᠤᠮᠳᠠᠳᠤ ᠬᠦᠷᠳᠡᠯ᠎ᠡ ᠨᠢ ᠰᠤᠷᠤᠯᠭ᠎ᠠ ᠵᠢ ᠨᠢ ᠲᠡᠮᠵᠢᠭᠡᠳ᠂ ᠬᠤᠵᠢᠮ ᠨᠢ ᠠᠢᠯ ᠭᠡᠷ ᠪᠤᠯᠬᠤ᠎ᠳᠦ᠎ᠨᠢ ᠴᠦ᠍ 12 ᠬᠤᠨᠢ ᠬᠤᠪᠢᠶᠠᠵᠤ ᠦᠭᠴᠠᠢ᠃ ᠤᠳᠤ ᠴᠡᠨᠭᠭᠡᠯᠳᠡᠯᠠᠢ ᠵᠢᠨ ᠬᠢᠨ ᠦᠨᠦᠷᠯᠡᠬᠦ ᠡᠴᠡ ᠦᠷ᠎ᠡ ᠵᠢᠨ ᠵᠤᠯᠠᠢ ᠲᠡᠢ᠂ ᠬᠠᠷᠢᠭᠤᠯᠬᠤ ᠡᠴᠡ 200 ᠭᠠᠷᠤᠢ ᠪᠤᠭ ᠮᠠᠯ ᠲᠡᠢ ᠵᠡᠭᠡᠭᠡᠭᠰᠡᠨ ᠠᠮᠢᠳᠤᠷᠠᠯ ᠲᠡᠢ ᠮᠠᠯᠴᠢᠨ ᠠᠢᠯ ᠪᠤᠯᠵᠠᠢ᠃
— ᠲᠤᠰᠠᠯᠠᠨ ᠲᠡᠮᠵᠢᠭᠰᠡᠨ ᠬᠡᠥᠬᠡᠳᠤᠳᠤᠨ ᠲᠤᠳᠤᠷ᠎ᠠ ᠶᠠᠷᠢᠶᠠᠨ ᠦᠭᠡᠢ ᠮᠢᠨᠤ ᠰᠠᠳᠤᠨ᠎ᠤ ᠬᠡᠥᠬᠡᠳ ᠴᠦ᠍ ᠪᠤᠢ᠂ ᠲᠦᠷᠪᠡᠳᠦᠭᠡᠷ ᠲᠡᠭᠦᠦ ᠵᠢᠨ ᠬᠡᠥᠬᠡᠨ ᠮᠦᠨᠭᠭᠦᠨᠵᠢᠮᠢᠰ ᠪᠤᠯ ᠲᠦᠷᠦᠯᠬᠢ ᠪᠡᠶ᠎ᠡ ᠵᠡᠮᠳᠡᠭ ᠪᠤᠯᠬᠤᠷ ᠰᠤᠷᠤᠯᠭ᠎ᠠ ᠠᠮᠢᠳᠤᠷᠠᠯ᠎ᠢ ᠨᠢ ᠤᠳᠠᠭᠠᠨ ᠵᠢᠯ ᠲᠡᠮᠵᠢᠨ ᠲᠤᠰᠠᠯᠠᠭᠰᠠᠨ᠂ ᠬᠤᠵᠢᠮ ᠨᠢ ᠲᠡᠷᠡ ᠵᠡᠮᠳᠡᠭᠴᠤᠳ᠎ᠤᠨ ᠤᠯᠢᠮᠫᠢᠺ᠎ᠤᠨ ᠤᠷᠤᠯᠳᠤᠭᠠᠨ᠎ᠳᠦ ᠠᠯᠳᠠᠨ ᠮᠸᠲᠠᠯ ᠰᠢᠭᠦᠷᠡᠭᠰᠡᠨ᠃ ᠡᠭᠦᠨ ᠡᠴᠡ ᠭᠠᠳᠠᠨ᠎ᠠ ᠪᠠᠰᠠ ᠤᠯᠠᠭᠠᠨ ᠵᠠᠭᠠᠯᠮᠠᠢᠳᠠᠨ᠎ᠤ ᠨᠡᠢᠭᠡᠮᠯᠢᠭ ᠡᠴᠡ ᠡᠷᠬᠢᠯᠡᠭᠰᠡᠨ ᠲᠤᠰᠠᠯᠠᠨ ᠲᠡᠮᠵᠢᠬᠦ ᠠᠵᠢᠯᠯᠠᠭ᠎ᠠ ᠪᠡᠷ ᠠᠮᠢᠳᠤᠷᠠᠯ ᠬᠦᠴᠢᠷᠳᠡᠯᠳᠡᠢ ᠨᠡᠷ᠎ᠡ ᠵᠢ ᠨᠢ ᠮᠡᠳᠡᠬᠦ ᠦᠬᠡᠢ᠂ ᠵᠢᠰᠦ ᠵᠢ ᠨᠢ ᠲᠠᠨᠢᠬᠤ ᠦᠬᠡᠢ ᠬᠢᠳᠠᠳ ᠮᠤᠨᠭᠭᠤᠯ ᠬᠡᠥᠬᠡᠳᠤᠳᠢ ᠤᠯᠠᠨ ᠤᠳᠠᠭ᠎ᠠ ᠲᠡᠮᠵᠢᠵᠦ ᠢᠷᠡᠭᠰᠡᠨ ᠭᠡᠵᠦ ᠷᠢᠨᠴᠢᠨᠰᠤᠪᠤᠳ ᠨᠠᠰᠤᠳᠠᠨ ᠰᠤᠷᠪᠤᠯᠵᠢᠯᠠᠭ᠎ᠠ ᠬᠦᠯᠢᠶᠡᠬᠦ᠎ᠳᠡᠭᠡᠨ ᠶᠠᠷᠢᠯ᠎ᠠ᠃
ᠠᠯᠳᠠᠭ᠎ᠠ ᠤᠨᠤᠭ᠎ᠠ ᠵᠡᠷᠭᠡᠴᠡᠨ ᠢᠷᠡᠳᠡᠭ ᠡᠨᠡ ᠬᠤᠷᠸ᠎ᠠ᠎ᠳᠦ ᠬᠠᠷᠠᠮᠰᠠᠬᠤ ᠦᠶ᠎ᠡ ᠪᠠᠢᠳᠠᠭ ᠴᠦ᠍ ᠪᠠᠶᠠᠷᠯᠠᠬᠤ ᠴᠠᠭ ᠴᠦ᠍ ᠪᠠᠢᠳᠠᠭ᠃ ᠬᠠᠷᠠᠬᠠᠨ ᠪᠠᠭ᠎ᠠ ᠨᠠᠰᠤᠨ᠎ᠳᠠᠭᠠᠨ ᠰᠤᠷᠭᠠᠭᠤᠯᠢ ᠰᠤᠶᠤᠯ᠎ᠤᠨ ᠮᠦᠷ᠎ᠢᠶᠡᠷ ᠤᠯᠢᠭᠳᠠᠢ ᠵᠠᠮᠨᠠᠵᠤ ᠴᠢᠳᠠᠭᠰᠠᠨ ᠦᠭᠡᠢ ᠨᠢ ᠷᠢᠨᠴᠢᠨᠰᠤᠪᠤᠳᠤᠨ ᠬᠠᠮᠤᠭ ᠡᠴᠡ ᠬᠠᠷᠠᠮᠰᠠᠳᠠᠭ ᠤᠴᠢᠷ ᠪᠤᠯ 60 ᠨᠠᠰᠤᠨ᠎ᠳᠠᠭᠠᠨ ᠡᠪ ᠬᠠᠮᠳᠦ ᠨᠠᠮ᠎ᠳᠦ ᠡᠯᠰᠡᠭᠳᠡᠨ ᠤᠷᠤᠭᠰᠠᠨ ᠶᠠᠪᠤᠳᠠᠯ ᠨᠢ ᠲᠡᠭᠦᠨ᠎ᠤ ᠨᠢᠭᠡ ᠨᠠᠰᠤᠨ᠎ᠳᠡᠬᠢ ᠬᠠᠮᠤᠭ᠎ᠤᠨ ᠵᠢᠷᠭᠠᠯᠳᠠᠢ ᠮᠦᠴᠡ ᠪᠠᠢᠯ᠎ᠠ᠃
— 2013 ᠤᠨ᠎ᠳᠦ 60 ᠨᠠᠰᠤᠲᠡᠢ᠎ᠳᠠᠭᠠᠨ ᠲᠤᠮᠳᠠᠳᠤ ᠤᠯᠤᠰ᠎ᠤᠨ ᠡᠪ ᠬᠠᠮᠳᠦ ᠨᠠᠮ᠎ᠳᠦ ᠡᠯᠰᠡᠭᠳᠡᠨ ᠤᠷᠤᠭᠰᠠᠨ ᠮᠦᠴᠡ ᠪᠡᠨ ᠬᠡᠵᠢᠶᠡᠳᠡ ᠲᠤᠷᠠᠰᠤᠨ ᠰᠠᠨᠠᠭᠠᠯᠵᠠᠵᠤ ᠪᠠᠶᠠᠷᠯᠠᠵᠤ ᠶᠠᠪᠤᠳᠠᠭ᠂ ᠨᠠᠮ᠎ᠤᠨ᠎ᠢᠶᠡᠨ ᠠᠴᠢ ᠡᠨᠡᠷᠢᠯ᠎ᠳᠦ ᠬᠦᠮᠦᠨ ᠪᠤᠯᠵᠤ᠂ ᠠᠬᠢᠭᠠᠳ ᠨᠠᠮ᠎ᠤᠨ ᠭᠡᠰᠢᠬᠦᠨ᠎ᠤ ᠬᠤᠪᠢ ᠡᠴᠡ ᠬᠠᠵᠠᠭᠤ ᠬᠠᠪᠢ ᠵᠢᠨ ᠠᠮᠢᠳᠤᠷᠠᠯ ᠬᠦᠴᠢᠷᠳᠡᠯᠳᠡᠢ ᠬᠦᠮᠦᠰ᠎ᠢᠶᠡᠨ ᠲᠤᠰᠠᠯᠠᠨ ᠲᠡᠮᠵᠢᠵᠦ ᠶᠠᠪᠤᠨ᠎ᠠ ᠭᠡᠳᠡᠭ ᠮᠠᠰᠢ ᠤᠮᠤᠭᠰᠢᠯᠳᠠᠢ ᠶᠠᠪᠤᠳᠠᠯ ᠪᠤᠯᠬᠤ ᠶᠤᠮ ᠭᠡᠵᠦ ᠷᠢᠨᠴᠢᠨᠰᠤᠪᠤᠳ ᠨᠠᠰᠤᠳᠠᠨ ᠡᠨᠭᠭᠡᠷ ᠲᠡᠬᠢ ᠨᠠᠮ᠎ᠤᠨ ᠰᠦᠯᠳᠡ ᠪᠡᠨ ᠵᠠᠰᠠᠨ ᠵᠠᠰᠠᠨ ᠬᠡᠯᠡᠨ᠎ᠡ᠃
ᠠᠮᠢᠳᠤᠷᠠᠯ᠎ᠳᠦ ᠡᠳ᠋ ᠮᠦᠨᠭᠬᠦ ᠪᠡᠷ ᠲᠤᠳᠠᠪᠠᠴᠦ ᠬᠠᠯᠠᠮᠵᠢ ᠬᠠᠢᠷ᠎ᠠ ᠪᠡᠷ ᠡᠰᠡ ᠲᠤᠳᠠᠨ᠎ᠠ᠃ ᠶᠠᠳᠠᠭᠤ ᠵᠦᠳᠡᠬᠦᠦ ᠨᠢᠭᠡᠨ᠎ᠢᠶᠡᠨ ᠲᠤᠰᠠᠯᠠᠨ ᠲᠡᠮᠵᠢᠵᠦ᠂ ᠡᠩ ᠶᠢᠷᠳᠢᠨᠴᠦ ᠵᠢ ᠬᠠᠢᠷ᠎ᠠ ᠪᠡᠷ ᠲᠤᠯᠠᠭᠠᠴᠠᠭᠤᠯᠤᠨ᠎ᠠ ᠭᠡᠵᠦ ᠦᠪᠡᠷ᠎ᠤᠨ ᠠᠷᠪᠢᠴᠢ ᠪᠤᠷᠤᠭᠵᠢᠭᠤᠨ ᠠᠮᠢᠳᠤᠷᠠᠯ᠎ᠤᠨ᠎ᠢᠶᠡᠨ ᠲᠠᠯ᠎ᠠ ᠮᠦᠨᠭᠭᠦ ᠪᠡᠷ ᠦᠷᠦᠭᠡᠯ ᠪᠤᠰᠤᠳ᠎ᠤᠨ ᠬᠡᠥᠬᠡᠳ᠎ᠢ ᠲᠤᠰᠠᠯᠠᠨ ᠲᠡᠮᠵᠢᠵᠦ᠂ ᠠᠮᠢᠳᠤᠷᠠᠯ ᠰᠤᠷᠤᠯᠭ᠎ᠠ ᠵᠢᠨ ᠬᠢᠨᠢ ᠠᠯᠳᠠᠨ ᠬᠠᠷᠭᠤᠢ ᠵᠦᠭ ᠵᠠᠯᠠᠵᠤ᠂ 30 ᠵᠢᠯ᠎ᠢ ᠨᠢᠭᠡ ᠡᠳᠦᠷ ᠮᠡᠳᠦ ᠦᠨᠭᠭᠡᠷᠡᠭᠦᠯᠦᠭᠰᠡᠭᠡᠷ ᠢᠷᠡᠭᠰᠡᠨ ᠷᠢᠨᠴᠢᠨᠰᠤᠪᠤᠳ ᠨᠠᠰᠤᠳᠠᠨ᠎ᠤ ᠦᠯᠢᠭᠡᠷ ᠦᠯᠢᠭᠡᠷ ᠪᠢᠰᠢ ᠦᠨᠡᠨ ᠤᠴᠢᠷ ᠪᠠᠢᠭᠰᠠᠨ ᠶᠤᠮ ᠁