ᠪᠠᠶᠠᠵᠢᠯ᠎ᠤᠨ ᠬᠡᠰᠢᠭ ᠲᠠᠯᠠᠯᠤᠭᠰᠠᠨ ᠪᠠᠢᠭᠠᠯᠢ ᠡᠬᠡ ᠵᠢᠨ ᠰᠤᠶᠤᠷᠬᠠᠯ
2023-08-17 13:00:24
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠤᠯᠪᠤᠭᠠᠰᠦ ᠄

● ᠷᠠᠱᠢᠶᠠᠨ ᠬᠤᠳᠠ ᠤᠬᠢ ᠱᠢᠯᠢᠳᠡᠭ ᠦᠨᠳᠦᠰᠦᠳᠡᠨ᠎ᠤ ᠰᠤᠶᠤᠯ᠎ᠢ ᠤᠯᠠᠮᠵᠢᠯᠠᠨ ᠵᠠᠯᠭᠠᠮᠵᠢᠯᠠᠬᠤ ᠪᠠ ᠬᠦᠭ᠌ᠵᠢᠬᠦᠯᠬᠦ᠌᠎ᠪᠠᠷ ᠠᠵᠢᠯ᠎ᠤᠨ ᠭᠤᠤᠯᠳᠠᠯᠭ᠎ᠠ ᠪᠤᠯᠭᠠᠵᠤ᠂ ᠪᠤᠳᠠᠰ᠎ᠤᠨ ᠪᠤᠰᠤ ᠰᠤᠶᠤᠯ᠎ᠤᠨ ᠦᠪ᠎ᠢ ᠬᠠᠮᠠᠭᠠᠯᠠᠨ ᠤᠯᠠᠮᠵᠢᠯᠠᠵᠤ ᠬᠠᠮᠳᠤ᠎ᠪᠠᠷ ᠤᠷᠤᠱᠢᠬᠤ᠎ᠶ᠋ᠢ ᠠᠬᠢᠭᠤᠯᠵᠤ᠂ ᠲᠤᠮᠳᠠᠳᠤ᠎ᠶ᠋ᠢᠨ ᠦᠨᠳᠦᠰᠦᠳᠡᠨ᠎ᠤ ᠬᠠᠮᠳᠤ᠎ᠶ᠋ᠢᠨ ᠴᠤᠬ᠍ᠴᠠ᠎ᠶ᠋ᠢᠨ ᠤᠬᠠᠮᠰᠠᠷ᠎ᠢ ᠪᠠᠲᠤ ᠴᠤᠭ᠍ᠴᠠᠯᠠᠬᠤ᠎ᠪᠠᠷ ᠭᠤᠤᠯ ᠱᠢᠵᠢᠮ ᠪᠤᠯᠭᠠᠨ᠂ ᠰᠤᠶᠤᠯ᠎ᠤᠨ ᠤᠯᠠᠨ ᠡᠱᠢᠵᠢᠵᠦ ᠨᠢᠭᠡ ᠴᠤᠭ᠍ᠴᠠᠵᠢᠭ᠍ᠰᠠᠨ ᠬᠠᠮᠳᠤ᠎ᠶ᠋ᠢᠨ ᠴᠤᠭ᠍ᠴᠠ᠎ᠶ᠋ᠢᠨ ᠬᠡᠯᠪᠡᠷᠢ ᠪᠠᠢᠳᠠᠯ᠎ᠢ ᠪᠤᠢ ᠪᠤᠯᠭᠠᠨ᠎ᠠ᠃

●ᠷᠠᠱᠢᠶᠠᠨ ᠬᠤᠳᠠ᠎ᠶ᠋ᠢᠨ ᠪᠠᠢ ᠯᠠᠩ ᠪᠠᠯᠭᠠᠰᠤ ᠵᠢᠨ ᠤᠢᠰᠤᠨ ᠵᠢᠷᠤᠭ ᠤᠤᠯ᠎ᠤᠨ ᠤᠯᠠᠮᠵᠢᠯᠠᠯᠳᠤ ᠮᠠᠶᠢᠭ᠎ᠤᠨ 20 ᠭᠠᠷᠤᠢᠬᠠᠨ ᠲᠦᠷᠦᠯ ᠵᠦᠢᠯ᠎ᠪᠠᠢᠭ᠍ᠰᠠᠨ᠎ᠠᠴᠠ ᠪᠡᠨ ᠣᠳᠣ᠎ᠶ᠋ᠢᠨ 200 ᠭᠠᠷᠤᠢ ᠲᠦᠷᠦᠯ ᠵᠦᠢᠯ ᠪᠤᠯᠵᠤ ᠭᠦᠭ᠌ᠵᠢᠨ᠂ ᠵᠢᠯ᠎ᠤᠨ ᠪᠤᠷᠤᠯᠠᠭᠤᠯᠭ᠎ᠠ᠎ᠶ᠋ᠢᠨ ᠲᠤᠭ᠎ᠠ 2000 ᠬᠤᠪᠢ᠎ᠶ᠋ᠢ ᠲᠠᠪᠠᠵᠤ᠂ ᠨᠡᠩ ᠤᠯᠠᠨ ᠬᠦᠮᠦᠰ᠎ᠲᠤ ᠤᠷᠤᠯᠭ᠎ᠠ᠎ᠪᠠᠨ ᠨᠡᠮᠡᠭ᠌ᠳᠡᠭᠦᠯᠬᠦ᠌ ᠵᠠᠪᠱᠢᠶᠠᠨ᠎ᠢ ᠤᠯᠭᠤᠵᠦ᠍ ᠡᠬᠢᠯᠡᠪᠡ᠃

●ᠷᠠᠱᠢᠶᠠᠨ ᠬᠤᠳᠠ᠎ᠶ᠋ᠢᠨ ᠪᠠᠢ ᠯᠠᠩ ᠪᠠᠯᠭᠠᠰᠤ ᠵᠢᠨ ᠤᠢᠰᠤᠨ ᠵᠢᠷᠤᠭ᠎ᠤᠨ ᠤᠷᠠᠯᠠᠯ100 ᠭᠠᠷᠤᠢ ᠬᠦᠮᠦᠨ᠎ᠳᠤ ᠱᠢᠨ᠎ᠡ᠎ᠪᠠᠷ ᠠᠵᠢᠯ ᠤᠯᠭᠤᠨ᠂ 46 ᠶᠠᠳᠠᠭᠤ᠎ᠠᠴᠠ ᠠᠩᠭᠢᠵᠢᠷᠠᠭ᠍ᠰᠠᠨ ᠡᠷᠦᠬᠡ᠎ᠶ᠋ᠢᠨ 72 ᠬᠦᠮᠦᠨ᠎ᠳᠤ ᠨᠡᠢᠲᠡ 34 ᠲᠦᠮᠡᠨ ᠲᠥᠭᠥᠷᠢᠭ᠎ᠤᠨ ᠠᠱᠢᠭ ᠬᠤᠪᠢᠶᠠᠷᠢᠯᠠᠬ᠍ᠰᠠᠨ ᠮᠦᠩᠭᠦ᠌ ᠲᠠᠷᠬᠠᠭᠠᠪᠠ᠃



ᠬᠢᠩᠭᠠᠨ ᠠᠢᠮᠠᠭ᠎ᠤᠨ ᠨᠠᠮ ᠵᠠᠰᠠᠭ᠎ᠤᠨ ᠶᠡᠷᠦᠩᠭᠡᠢᠯᠡᠭ᠌ᠰᠡᠨ ᠲᠤᠮᠤ ᠠᠰᠠᠷ ᠲᠦ᠍ ᠠᠯᠬᠤᠨ ᠤᠷᠤᠬᠤ᠎ᠲᠠᠢ ᠵᠡᠷᠭᠡ ᠡᠰᠡᠷᠭᠦ᠌ ᠲᠠᠯ᠎ᠠ᠎ᠶ᠋ᠢᠨ ᠲᠤᠮᠤ ᠴᠢᠯᠠᠭᠤᠨ ᠬᠠᠨ᠎ᠠ᠎ᠶ᠋ᠢᠨ ᠭᠤᠤᠯ ᠲᠤᠮᠳᠠ 3.8 ᠮᠧᠲᠷ ᠦᠨᠳᠤᠷ᠂ 7.16 ᠮᠧᠲᠷ ᠦᠷᠭᠡᠨ ᠶᠡᠭᠡ ᠬᠢᠩᠭᠠᠨ᠎ᠤ ᠤᠢᠳᠤ ᠤᠷᠤᠨ᠎ᠤ ᠦᠩᠭᠡ ᠦᠵᠡᠮᠵᠢ᠎ᠶ᠋ᠢ ᠤᠷᠠᠯᠠᠭ᠍ᠰᠠᠨ ᠤᠢᠰᠤᠨ ᠵᠢᠷᠤᠭ ᠡᠯᠭᠦᠭ᠌ᠳᠡᠵᠦ᠍᠂ ᠬᠦᠮᠦᠰ᠎ᠤᠨ ᠠᠩᠬᠠᠷᠤᠯ᠎ᠢ ᠲᠠᠳᠠᠭ᠍ᠰᠠᠭᠠᠷ ᠪᠠᠢᠳᠠᠭ᠃ ᠡᠨᠡ ᠪᠣᠯ ᠤᠢᠰᠤᠨ ᠵᠢᠷᠤᠭ᠎ᠤᠨ ᠭᠠᠷ ᠤᠷᠠᠯᠠᠯ᠎ᠤᠨ ᠣᠷᠣᠨ᠎ᠤ ᠲᠡᠰ᠎ᠤᠨ ᠦᠪᠯᠡᠨ ᠤᠯᠠᠮᠵᠢᠯᠠᠭ᠍ᠴᠢ ᠯᠢ ᠱᠤ᠌ ᠶᠢᠩ᠎ᠤᠨ ᠬᠠᠭᠠᠰ ᠵᠢᠯ᠎ᠤᠨ ᠬᠤᠭᠤᠴᠠᠭ᠎ᠠ ᠵᠠᠷᠤᠴᠠᠭᠤᠯᠵᠤ ᠪᠦᠳᠦᠭᠡᠭ᠌ᠰᠡᠨ ᠴᠤᠯ ᠭᠠᠷ ᠤᠷᠠᠯᠠᠯ᠎ᠤᠨ ᠪᠦᠳᠦᠭᠡᠯ ᠪᠤᠯᠬᠤ ᠶᠤᠮ᠃

ᠵᠤᠨ᠎ᠤ ᠲᠤᠮᠳᠠ ᠰᠠᠷ᠎ᠠ᠎ᠶ᠋ᠢᠨ ᠬᠢᠩᠭᠠᠨ ᠲᠠᠪᠠᠭ᠎ᠠ ᠬᠤᠰᠤᠨ ᠤᠢ ᠮᠦᠩᠭᠦᠨ ᠵᠡᠷᠭᠡᠯᠭᠡ ᠬᠦᠬᠡᠭᠡᠴᠡᠯᠳᠦᠵᠦ᠍᠂ ᠠᠭᠤᠯᠠ ᠨᠢᠷᠤᠭᠤᠳ ᠬᠦᠬᠡᠷᠡᠨ᠂ ᠪᠤᠭᠤ ᠵᠢᠨ ᠤᠷᠤᠮᠳᠠᠭ᠎ᠠ ᠱᠢᠪᠠᠭᠤᠳ᠎ᠤᠨ ᠵᠢᠷᠭᠢᠶ᠎ᠡ ᠰᠤᠨᠤᠰᠳᠠᠵᠤ᠂ ᠱᠢᠭᠤᠢᠳᠤ ᠣᠷᠣᠨ᠎ᠤ ᠦᠵᠡᠮᠵᠢ ᠤᠯᠠᠮ ᠴᠤ᠌ ᠪᠦᠷ ᠰᠤᠨᠢᠭᠤᠴᠢ ᠰᠦᠷᠳᠡᠢ ᠬᠠᠷᠠᠭ᠍ᠳᠠᠨ᠎ᠠ᠃


ᠪᠢᠳᠡ ᠡᠨᠡ ᠬᠦ᠌ ᠦᠪᠡᠷᠮᠢᠴᠡ ᠭᠤᠴᠤ᠌ ᠦᠵᠡᠮᠵᠢ᠎ᠶ᠋ᠢ ᠬᠠᠴᠢᠷᠬᠠᠭ᠍ᠰᠠᠭᠠᠷ ᠨᠢᠭᠡ ᠮᠡᠳᠡᠬᠦ᠌᠎ᠳᠤ ᠤᠢ ᠬᠦᠪᠴᠢ᠎ᠶ᠋ᠢᠨ ᠬᠦᠨ᠎ᠳᠤ ᠪᠠᠢᠷᠢᠯᠠᠭ᠎ᠠ ᠪᠠᠢ ᠯᠠᠩ ᠪᠠᠯᠭᠠᠰᠤᠨ᠎ᠳᠤ ᠬᠦᠷᠴᠦ᠍ ᠢᠷᠡᠯ᠎ᠡ᠃ ᠷᠠᠱᠢᠶᠠᠨ ᠬᠤᠳᠠ᠎ᠶ᠋ᠢᠨ ᠪᠠᠢ ᠯᠠᠩ ᠪᠠᠯᠭᠠᠰᠤ  ᠶᠡᠭᠡ ᠬᠢᠩᠭᠠᠨ ᠲᠠᠪᠠᠭ᠎ᠠ᠎ᠶ᠋ᠢᠨ ᠡᠮᠦᠨ᠎ᠡ ᠬᠤᠷᠮᠤᠢ᠎ᠳᠤ᠂ ᠷᠠᠱᠢᠶᠠᠨ ᠬᠤᠳᠠ᠎ᠶ᠋ᠢᠨ ᠵᠠᠰᠠᠭ᠎ᠤᠨ ᠤᠷᠳᠤᠨ᠎ᠤ ᠰᠠᠭᠤᠭ᠎ᠠ ᠭᠠᠵᠠᠷ᠎ᠠᠴᠠ ᠵᠡᠭᠦᠨ ᠡᠮᠦᠨᠡᠰᠢ 30 ᠺᠢᠯᠤᠮᠧᠲᠷ ᠵᠠᠢᠳᠠᠢ ᠪᠠᠢᠷᠢᠯᠠᠵᠤ᠂ ᠭᠠᠵᠠᠷ ᠵᠦᠢ ᠵᠢᠨ ᠪᠠᠢᠷᠢᠱᠢᠯ ᠲᠠᠪᠠᠭᠤᠯᠢᠭ᠂ ᠵᠢᠭᠤᠯᠴᠢᠯᠠᠯ᠎ᠤᠨ ᠡᠬᠢ ᠪᠠᠶᠠᠯᠢᠭ ᠡᠯᠪᠡᠭ ᠪᠠᠢᠳᠠᠭ᠎ᠢᠶᠠᠷ᠎ᠢᠶᠠᠨ ᠤᠷᠴᠢᠮᠬᠠᠨ ᠰᠣᠶᠣᠯ ᠵᠢᠭᠤᠯᠴᠢᠯᠠᠯ᠎ᠤᠨ ᠶᠠᠮᠤᠨ᠎ᠤ ᠬᠣᠶᠠᠳᠤᠭᠠᠷ ᠪᠦᠯᠦᠭ ᠪᠦᠬᠦ᠌ ᠤᠯᠤᠰ᠎ᠤᠨ ᠬᠦᠳᠡᠭᠡ ᠲᠤᠰᠭᠤᠨ᠎ᠤ ᠵᠢᠭᠤᠯᠴᠢᠯᠠᠯ᠎ᠤᠨ ᠭᠤᠤᠯᠳᠠᠯᠭ᠎ᠠ᠎ᠲᠠᠶ ᠪᠠᠯᠭᠠᠰᠤ᠎ᠪᠠᠷ ᠪᠦᠷᠢᠳᠭᠡᠭ᠌ᠳᠡᠨ᠂ ᠮᠠᠨ᠎ᠤ ᠤᠷᠤᠨ᠎ᠤ ᠡᠨᠡ ᠬᠦ᠌ ᠢᠷᠠᠭᠤ ᠠᠯᠳᠠᠷ᠎ᠢ ᠬᠦᠷᠲᠡᠭ᠌ᠰᠡᠨ ᠭᠤᠷᠪᠠᠳᠠᠬᠢ ᠪᠠᠯᠭᠠᠰᠤ ᠪᠤᠯᠤᠭ᠍ᠰᠠᠨ ᠪᠢᠯᠡ᠃

ᠴᠢᠨ᠋ᠸ᠎ᠠ ᠵᠢᠨ ᠲᠠᠪᠠᠭᠠᠨ᠎ᠤ ᠮᠥᠰᠥᠲᠦᠯᠭᠡ᠂ ᠲᠤᠭᠤᠷ᠎ᠤᠨ ᠭᠤᠤᠯ᠎ᠤᠨ ᠬᠦᠪᠡᠭᠡ᠎ᠳᠡᠬᠢ ᠤᠯᠠᠭᠠᠨ ᠤᠳᠠ᠂ ᠰᠠᠨᠲ᠋ᠠᠨ ᠬᠠᠪᠴᠢᠯ᠎ᠤᠨ ᠭᠤᠤᠯ᠎ᠤᠨ ᠦᠵᠡᠮᠵᠢ᠂ ᠢᠳᠡᠷᠡᠭᠦᠨ ᠠᠯᠬᠤᠭ᠎ᠠ᠎ᠲᠠᠢ ᠤᠷᠤᠯᠳᠤᠭᠠᠨ᠎ᠤ ᠮᠤᠷᠢ᠂ ᠡᠷᠭᠢᠯᠳᠦᠨ ᠨᠠᠬᠢᠯᠵᠠᠭ᠎ᠠ ᠤᠷᠠᠨ ᠪᠦᠵᠢᠭ᠌ᠴᠢᠨ ᠁  ᠬᠤᠰᠤ ᠮᠤᠳᠤᠨ᠎ᠤ ᠬᠠᠯᠢᠰᠤ᠂ ᠬᠥᠪᠳᠥ᠂ ᠬᠠᠳᠠᠭᠠᠮᠠᠯ ᠴᠡᠴᠡᠭ᠂ ᠮᠣᠳᠣᠨ ᠨᠠᠪᠴᠢ ᠵᠡᠷᠭᠡ᠎ᠪᠡᠷ ᠲᠦᠭᠦᠬᠡᠶ ᠮᠠᠲ᠋ᠧᠷᠢᠶᠠᠯ ᠪᠣᠯᠭᠠᠨ ᠤᠷᠠᠯᠠᠭ᠍ᠰᠠᠨ ᠡᠳᠡᠭᠡᠷ ᠠᠯᠢ ᠤᠯᠠᠨ ᠤᠷᠠᠨ ᠪᠦᠳᠦᠭᠡᠯ᠎ᠤᠳ᠎ᠨᠢ ᠬᠤᠯᠠ ᠤᠢᠷ᠎ᠠ᠎ᠶ᠋ᠢᠨ ᠵᠢᠭᠤᠯᠴᠢᠯᠠᠭ᠍ᠰᠠᠳ᠎ᠤᠨ ᠪᠠᠭ᠍ᠠᠷᠬᠠᠯ᠎ᠢ ᠲᠠᠲᠠᠵᠦ ᠦᠵᠡᠰᠭᠦᠯᠡᠩ᠎ᠤᠨ ᠲᠢᠩᠬᠢᠮ᠎ᠳᠤ ᠲᠡᠯᠭᠡᠭ᠌ᠳᠡᠨ᠎ᠡ᠃ ᠡᠳᠡᠭᠡᠷ ᠭᠠᠵᠠᠷ ᠣᠷᠣᠨ᠎ᠤ ᠣᠨᠴᠠᠯᠢᠭ ᠵᠢᠡᠷ ᠢᠯᠡ ᠲᠤᠳᠤ᠂ ᠭᠤᠢᠳᠡ ᠰᠠᠢᠬᠠᠨ ᠭᠠᠷ ᠤᠷᠠᠯᠠᠯ᠎ᠤᠨ ᠪᠦᠳᠦᠭᠡᠯ᠎ᠤᠳ ᠪᠤᠯ ᠲᠠᠷᠤᠢ ᠷᠠᠱᠢᠶᠠᠨ ᠬᠤᠳᠠ᠎ᠶ᠋ᠢᠨ ᠵᠢᠭᠤᠯᠴᠢᠯᠠᠯ᠎ᠤᠨ ᠤᠷᠠᠯᠢᠭ᠎ᠤᠨ ᠨᠡᠷ᠎ᠡ᠎ᠶ᠋ᠢᠨ ᠬᠠᠭᠤᠳᠠᠰᠤ ᠬᠡᠮᠡᠭ᠌ᠳᠡᠭ᠌ᠰᠡᠨ ᠤᠷᠤᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ — ᠤᠢᠰᠤᠨ ᠵᠢᠷᠤᠭ ᠪᠤᠯᠬᠤ ᠶᠤᠮ᠃


0a121029108f76a49f0d5a64f79d6134_6376168509906846416975907.jpg


— ᠤᠢᠰᠤᠨ ᠵᠢᠷᠤᠭ ᠪᠣᠯ ᠱᠢᠭᠤᠢᠳᠤ ᠤᠷᠤᠨ᠎ᠳᠤ ᠯᠠ ᠤᠨᠴᠠ ᠪᠠᠢᠳᠠᠭ ᠭᠠᠷ ᠤᠷᠠᠯᠠᠯ᠎ᠤᠨ ᠪᠦᠳᠦᠭᠡᠭ᠌ᠳᠡᠭᠦᠨ ᠪᠤᠯᠤᠨ᠎ᠠ᠃ ᠲᠡᠷᠡ᠎ᠨᠢ ᠭᠤᠤᠯᠳᠠᠭᠤ ᠬᠤᠰᠤ ᠮᠤᠳᠤᠨ᠎ᠤ ᠬᠠᠯᠢᠰᠤ᠎ᠪᠠᠷ ᠲᠦᠭᠦᠭᠡᠢ ᠮᠠᠲ᠋ᠧᠷᠢᠶᠠᠯ ᠪᠤᠯᠭᠠᠵᠤ᠂ ᠬᠠᠢᠴᠢᠯᠠᠬᠤ᠂ ᠰᠠᠢᠯᠬᠦ᠂ ᠨᠠᠭᠠᠬᠤ ᠵᠡᠷᠭᠡ ᠮᠡᠷᠭᠡᠵᠢᠯ᠎ᠢᠶᠠᠷ ᠨᠠᠷᠢᠯᠢᠭ ᠤᠷᠠᠯᠠᠵᠤ ᠦᠢᠯᠡᠳᠦᠭ᠌ᠰᠡᠨ ᠪᠤᠯᠬᠤᠷ ᠪᠠᠢᠭᠠᠯᠢᠯᠢᠭ᠂ ᠦᠩᠭᠡ᠎ᠨᠢ ᠬᠡᠵᠢᠶᠡᠳᠡ ᠬᠤᠪᠢᠷᠠᠬᠤ ᠦᠭᠡᠢ᠂ ᠬᠠᠳᠠᠭᠠᠯᠠᠬᠤ᠎ᠳᠤ ᠲᠤᠬᠢᠷᠠᠮᠵᠢᠳᠠᠢ ᠵᠡᠷᠭᠡ ᠤᠯᠠᠨ ᠲᠠᠪᠠᠭᠤᠯᠢᠭ ᠲᠠᠯ᠎ᠠ᠎ᠲᠠᠢ ᠪᠠᠢᠵᠤ᠂ ᠮᠤᠳᠤᠨ ᠬᠠᠯᠢᠰᠤ᠎ᠶ᠋ᠢ ᠲᠡᠭᠦᠵᠦ᠍ ᠬᠡᠷᠡᠭ᠌ᠯᠡᠭ᠌ᠰᠡᠨ ᠵᠢᠡᠷ ᠬᠤᠪᠬᠤᠷᠠᠵᠤ ᠤᠨᠠᠭ᠍ᠰᠠᠨ ᠮᠣᠳᠣᠨ ᠬᠠᠯᠢᠰᠤ ᠡᠪᠡᠰᠤ᠎ᠶ᠋ᠢ ᠬᠤᠴᠢᠬᠤ ᠦᠭᠡᠢ᠂ ᠪᠠᠰᠠ ᠭᠠᠯ᠎ᠤᠨ ᠠᠶᠤᠯ᠎ᠤᠨ ᠬᠡᠮ ᠰᠤᠭᠤᠭ᠎ᠢ ᠵᠤᠬᠢᠬᠤ ᠬᠡᠮᠵᠢᠶᠡᠨ᠎ᠳᠤ ᠪᠠᠭᠠᠰᠭᠠᠨ᠂ ᠠᠮᠢ ᠠᠬᠤᠶ᠎ᠶ᠋ᠢ ᠬᠠᠮᠠᠭᠠᠯᠠᠬᠤ᠎ᠳᠤ ᠵᠤᠬᠢᠬᠤ ᠦᠢᠯᠡᠳᠣᠯ᠎ᠢ ᠦᠵᠡᠭᠦᠯᠵᠦ᠍ ᠪᠠᠢᠳᠠᠭ᠎ᠢᠶᠠᠷ ᠮᠠᠰᠢ ᠥᠨᠳᠥᠷ ᠦᠵᠡᠮᠦᠷᠢ᠎ᠶ᠋ᠢᠨ ᠦᠨ᠎ᠡ ᠦᠷᠳᠡᠭ᠂ ᠬᠠᠮᠠᠭᠠᠯᠠᠯᠲᠠ᠎ᠶ᠋ᠢᠨ ᠦᠨ᠎ᠡ ᠦᠷᠳᠡᠭ᠂ ᠡᠷᠳᠡᠮ ᠱᠢᠨᠵᠢᠯᠡᠭᠡᠨ᠎ᠤ ᠦᠨ᠎ᠡ ᠦᠷᠳᠡᠭ ᠪᠠ ᠬᠤᠷᠢᠶᠠᠨ ᠬᠠᠳᠠᠭᠠᠯᠠᠬᠤ ᠦᠨ᠎ᠡ ᠦᠷᠳᠡᠭ᠎ᠲᠠᠢ ᠪᠠᠢᠳᠠᠭ ᠭᠡᠵᠦ᠍ ᠲᠤᠰ ᠦᠵᠡᠰᠭᠦᠯᠡᠩ᠎ᠤᠨ ᠲᠢᠩᠭᠢᠮ᠎ᠤᠨ ᠡᠵᠡᠨ ᠯᠢ ᠶᠠᠨ ᠬᠤᠩ ᠲᠠᠢᠯᠪᠤᠷᠢᠯᠠᠨ᠎ᠠ᠃


6379019562444620485545707.jpg


ᠯᠢ ᠶᠠᠨ ᠬᠤᠩ ᠪᠤᠯ ᠯᠢ ᠱᠤ᠌ ᠶᠢᠩ᠎ᠤᠨ ᠠᠴᠢ ᠦᠬᠢᠨ᠂ ᠤᠢᠰᠤᠨ ᠵᠢᠷᠤᠭ᠎ᠤᠨ ᠤᠷᠠᠯᠠᠯ᠎ᠤᠨ ᠲᠦᠷᠪᠡᠳᠤᠭᠡᠷ ᠦᠶ᠎ᠡ᠎ᠶ᠋ᠢᠨ ᠵᠠᠯᠭᠠᠮᠵᠢᠯᠠᠬ᠍ᠴᠢ᠂ ᠮᠦᠨ ᠴᠤ᠌ ᠪᠠᠢ ᠯᠠᠩ ᠪᠠᠯᠭᠠᠰᠤ᠎ᠶ᠋ᠢᠨ ᠯᠢᠨ ᠰᠤ᠌ ᠰᠤᠶᠤᠯ᠎ᠤᠨ ᠠᠵᠤ ᠦᠢᠯᠡᠰ᠎ᠤᠨ ᠬᠢᠵᠠᠭᠠᠷᠳᠤ ᠺᠤᠮᠫᠠᠨᠢ᠎ᠶ᠋ᠢᠨ ᠤᠢᠰᠤᠨ ᠵᠢᠷᠤᠭ᠎ᠤᠨ ᠭᠤᠣᠯ ᠮᠡᠷᠭᠡᠵᠢᠯᠳᠡᠨ ᠪᠤᠯᠬᠤ ᠶᠤᠮ᠃ ᠲᠡᠷᠡ ᠬᠠᠷ᠎ᠠ ᠪᠠᠭ᠎ᠠ᠎ᠠᠴᠠ᠎ᠪᠠᠨ ᠨᠠᠭᠠᠴᠤ᠌ ᠡᠮᠡᠭᠡ ᠪᠤᠯᠤᠨ ᠨᠠᠭᠠᠴᠤ᠌ ᠡᠵᠢ᠎ᠶ᠋ᠢᠨ᠎ᠢᠶᠠᠨ ᠵᠢᠭᠠᠨ ᠵᠢᠯᠤᠭᠤᠳᠤᠯᠭ᠎ᠠ ᠲᠤᠤᠷ᠎ᠠ ᠤᠢᠰᠤᠨ ᠵᠢᠷᠤᠭ ᠤᠷᠠᠯᠠᠬᠤ ᠮᠡᠷᠭᠡᠵᠢᠯ᠎ᠳᠤ ᠭᠠᠷᠱᠢᠵᠤ᠂ ᠤᠢᠰᠤᠨ ᠵᠢᠷᠤᠭ ᠤᠷᠠᠯᠠᠬᠤ᠎ᠶ᠋ᠢ ᠦᠪᠡᠷ᠎ᠤᠨ᠎ᠢᠶᠠᠨ ᠲᠤᠷ᠎ᠠ ᠪᠠᠬ᠎ᠠ ᠲᠡᠳᠤᠢ ᠦᠭᠡᠢ ᠠᠵᠢᠯ ᠦᠢᠯᠡᠰ᠎ᠢᠶᠠᠨ ᠪᠤᠯᠭᠠᠭ᠍ᠰᠠᠭᠠᠷ᠂ 2016 ᠣᠨ᠎ᠳᠤ ᠨᠠᠢᠵᠠ᠎ᠲᠠᠢ᠎ᠪᠠᠨ ᠬᠠᠮᠳᠤ ᠯᠢᠨ ᠰᠤ᠌ ᠰᠤᠶᠤᠯ᠎ᠤᠨ ᠠᠵᠤ ᠦᠢᠯᠡᠰ᠎ᠤᠨ ᠬᠢᠵᠠᠭᠠᠷᠳᠤ ᠺᠤᠮᠫᠠᠨᠢ ᠵᠢ ᠠᠵᠢᠯᠯᠠᠭᠤᠯᠵᠤ᠂ ᠤᠢᠰᠤᠨ ᠵᠢᠷᠤᠭ ᠤᠷᠠᠯᠠᠬᠤ ᠮᠡᠷᠭᠡᠵᠢᠯ᠎ᠢ ᠲᠦᠭᠡᠮᠡᠯᠵᠢᠭᠦᠯᠵᠦ᠍ ᠬᠦᠭ᠌ᠵᠢᠭᠦᠯᠦᠨ᠂ ᠤᠢᠰᠤᠨ ᠵᠢᠷᠤᠭ᠎ᠤᠨ ᠪᠦᠳᠦᠭᠡᠭ᠌ᠳᠡᠭᠦᠨ᠎ᠢ ᠦᠢᠯᠡᠳᠪᠦᠷᠢᠯᠡᠨ ᠪᠤᠷᠤᠯᠠᠭᠤᠯᠵᠤ᠂ ᠮᠤᠩᠭᠤᠯ᠂ ᠰᠤᠯᠤᠩᠭᠤᠰ᠂ ᠡᠸᠡᠩᠭᠢ᠂ ᠤᠷᠴᠣᠨ ᠵᠡᠷᠭᠡ ᠡᠯ᠎ᠡ ᠦᠨᠳᠦᠰᠦᠳᠡᠨ᠎ᠤ ᠡᠭᠡᠴᠢ ᠲᠡᠭᠦᠦ ᠨᠠᠷ᠎ᠲᠤ ᠡᠨᠡ ᠬᠦ᠌ ᠤᠷᠠᠯᠠᠯ᠎ᠢ ᠵᠢᠭᠠᠵᠤ ᠤᠯᠠᠮᠵᠢᠯᠠᠭ᠍ᠰᠠᠭᠠᠷ ᠢᠷᠡᠵᠦ᠍ ᠪᠢᠯᠡ᠃


QQ截图20230807161401.png


ᠦᠵᠡᠰᠭᠦᠯᠡᠩ᠎ᠤᠨ ᠲᠢᠩᠬᠢᠮ᠎ᠤᠨ ᠠᠷᠤ ᠲᠠᠯ᠎ᠠ᠎ᠶ᠋ᠢᠨ ᠦᠢᠯᠡᠳᠭᠡᠯ᠎ᠤᠨ ᠲᠠᠰᠤᠭ᠎ᠲᠤ ᠭᠤᠴᠢᠭᠠᠳ ᠨᠠᠰᠤᠨ᠎ᠤ ᠨᠢᠭᠡᠨ ᠡᠮᠡᠭ᠌ᠳᠡᠢ ᠲᠤᠮᠤᠬᠠᠨ ᠭᠡᠭ᠌ᠴᠢ ᠤᠷᠳᠤ ᠲᠦᠷᠪᠡᠯᠵᠢᠨ ᠱᠢᠷᠡᠭᠡᠨ᠎ᠤ ᠴᠠᠭᠠᠨ᠎ᠠ ᠰᠠᠭᠤᠭᠠᠳ ᠴᠠᠭᠠᠨ ᠬᠤᠰᠤ᠎ᠶ᠋ᠢᠨ ᠬᠠᠯᠢᠰᠤ᠎ᠪᠠᠷ ᠤᠢᠰᠤᠨ ᠵᠢᠷᠤᠭ ᠤᠷᠠᠯᠠᠵᠤ ᠪᠠᠢᠯ᠎ᠠ᠃

— ᠨᠠᠮᠠᠶ᠋ᠢ ᠶᠠᠩ ᠮᠧᠩ ᠭᠡᠳᠡᠭ᠂ ᠮᠤᠩᠭᠤᠯ ᠦᠨᠳᠦᠰᠦᠳᠡᠨ᠂ ᠤᠯᠠᠭᠠᠨᠬᠤᠳᠠ᠎ᠠᠴᠠ ᠡᠨᠳᠡ ᠢᠷᠡᠭᠡᠳ ᠭᠡᠳᠤᠨ ᠵᠢᠯ ᠪᠤᠯᠵᠤ ᠪᠠᠢᠭ᠎ᠠ᠂ ᠮᠢᠨᠤ ᠬᠠᠳᠠᠮ ᠠᠪᠤ ᠡᠵᠢ ᠪᠦᠷ ᠡᠨᠳᠡᠬᠢ᠎ᠶ᠋ᠢᠨ ᠤᠤᠭᠠᠯ᠂ ᠡᠮᠦᠨ᠎ᠡ᠎ᠨᠢ ᠪᠦᠷ ᠤᠢ ᠱᠢᠭᠤᠢ᠎ᠶ᠋ᠢᠨ ᠬᠠᠮᠠᠭᠠᠯᠠᠯᠳᠠ᠎ᠶ᠋ᠢᠨ ᠭᠠᠵᠠᠷ ᠠᠯᠪᠠᠯᠠᠵᠤ ᠪᠠᠢᠭ᠍ᠰᠠᠨ ᠬᠦᠮᠦᠰ᠃ ᠤᠷᠵᠢᠨᠤᠨ ᠠᠵᠠ᠎ᠪᠠᠷ ᠯᠢ ᠱᠤ᠌ ᠶᠢᠩ᠂ ᠯᠢ ᠶᠠᠨ ᠬᠤᠩ ᠬᠤᠶᠠᠷ ᠪᠠᠭ᠍ᠰᠢ᠎ᠳᠤ ᠱᠠᠪᠢᠯᠠᠵᠤ ᠤᠢᠰᠤᠨ ᠵᠢᠷᠤᠭ ᠤᠷᠠᠯᠠᠬᠤ ᠮᠡᠷᠭᠡᠵᠢᠯ ᠰᠤᠷᠤᠭᠠᠳ ᠵᠢᠯ ᠭᠠᠷᠤᠢ ᠪᠤᠯᠤᠯ᠎ᠠ᠂ ᠵᠢᠷᠤᠭ ᠲᠦᠰᠦᠪ ᠬᠢᠵᠦ᠍ ᠪᠠᠢᠭ᠍ᠰᠠᠨ ᠰᠠᠭᠤᠷᠢ᠎ᠲᠠᠢ ᠪᠤᠯᠬᠤᠷ ᠮᠠᠰᠢ ᠲᠦᠷᠭᠡᠨ ᠰᠤᠷᠴᠤ᠌ ᠡᠵᠡᠮᠱᠢᠭ᠌ᠰᠡᠨ᠃ ᠤᠭ᠎ᠨᠢ ᠪᠢ ᠨᠦᠬᠦᠷ᠎ᠲᠠᠢ᠎ᠪᠠᠨ ᠬᠤᠶᠠᠭᠤᠯᠠ ᠤᠯᠠᠭᠠᠨᠬᠤᠳᠠ᠎ᠳᠤ ᠵᠢᠷᠤᠭ ᠲᠦᠰᠦᠪ᠎ᠤᠨ ᠭᠠᠵᠠᠷ ᠠᠵᠢᠯᠯᠠᠭᠤᠯᠳᠠᠭ ᠪᠠᠢᠭ᠍ᠰᠠᠨ᠂ ᠬᠡᠳᠤᠨ ᠵᠢᠯ᠎ᠤᠨ ᠡᠮᠦᠨ᠎ᠡ ᠨᠦᠬᠦᠷ᠎ᠲᠠᠢ᠎ᠪᠠᠨ ᠪᠠᠢ ᠯᠠᠩ ᠪᠠᠯᠭᠠᠰᠤᠨ᠎ᠳᠤ ᠢᠷᠡᠵᠦ᠍ ᠠᠮᠢᠳᠤᠷᠠᠬᠤ᠎ᠪᠠᠷ ᠱᠢᠢᠳᠦᠭ᠌ᠰᠡᠨ᠃ ᠤᠢᠰᠤᠨ ᠵᠢᠷᠤᠭ ᠤᠷᠠᠯᠠᠭᠠᠳ ᠤᠳᠤᠬᠠᠨ᠎ᠳᠤ ᠰᠠᠷ᠎ᠠ᠎ᠳᠠᠭᠠᠨ ᠪᠠᠷᠤᠭ 2 ᠡᠴᠡ 3 ᠮᠢᠩᠭᠠᠨ ᠲᠦᠭᠦᠷᠢᠭ᠎ᠤᠨ ᠤᠷᠤᠯᠭ᠎ᠠ ᠤᠯᠵᠤ ᠪᠠᠢᠨ᠎ᠠ᠂ ᠬᠡᠳᠤᠢᠪᠡᠷ ᠤᠷᠤᠯᠭ᠎ᠠ ᠲᠡᠢᠮᠦ᠍ ᠦᠨᠳᠦᠷ ᠪᠢᠰᠢ ᠪᠤᠯᠪᠠᠴᠤ᠌ ᠲᠤᠭ᠍ᠳᠠᠪᠤᠷᠢᠳᠠᠢ᠂ ᠪᠢᠳᠡ ᠬᠤᠶᠠᠭᠤᠯᠠ ᠡᠬᠢᠯᠡᠭᠡᠳ ᠮᠦᠨ ᠡᠨᠡ ᠤᠷᠤᠯᠭ᠎ᠠ᠎ᠶ᠋ᠢ ᠲᠦᠱᠢᠵᠦ᠍ ᠪᠠᠢ ᠯᠠᠩ ᠪᠠᠯᠭᠠᠰᠤᠨ᠎ᠳᠤ ᠬᠦᠯ ᠲᠤᠭ᠍ᠳᠠᠭ᠍ᠰᠠᠨ ᠶᠤᠮ ᠭᠡᠵᠤ ᠶᠠᠩ ᠮᠧᠩ ᠤᠴᠢᠷᠯᠠᠨ᠎ᠠ᠃


微信图片_20230727111508_1.jpg


ᠨᠢᠭᠡ ᠬᠠᠢᠴᠢ᠂ ᠨᠢᠭᠡ ᠯᠤᠩᠬᠤ ᠨᠠᠭᠠᠯᠳᠠ᠂ ᠨᠢᠭᠡ ᠬᠤᠤᠰ ᠤᠷᠠᠨ ᠭᠠᠷ᠂ ᠡᠳᠡᠭᠡᠷ ᠪᠣᠯ ᠤᠢᠰᠤᠨ ᠵᠢᠷᠤᠭ᠎ᠢ ᠤᠷᠠᠯᠠᠬᠤ᠎ᠳᠤ ᠬᠡᠷᠡᠭ᠌ᠯᠡᠬᠦ᠌ ᠪᠦᠬᠦᠢᠯᠡ ᠬᠡᠷᠡᠭ᠌ᠰᠡᠯ ᠭᠡᠵᠤ ᠬᠡᠯᠡᠵᠦ᠍ ᠪᠤᠯᠤᠨ᠎ᠠ᠃ ᠶᠠᠷᠢᠶᠠᠨ ᠦᠭᠡᠢ ᠡᠭᠦᠨ᠎ᠤ ᠲᠡᠭᠡᠷ᠎ᠡ ᠤᠷᠠᠯᠠᠵᠤ ᠪᠦᠳᠦᠭᠡᠵᠦ᠍ ᠪᠠᠢᠭ᠎ᠠ ᠬᠦᠮᠦᠨ᠎ᠤ ᠤᠶᠤᠨ ᠤᠬᠠᠭᠠᠨ᠂ ᠬᠤᠯᠪᠤᠨ ᠪᠤᠳᠤᠯᠳᠠ᠂ ᠤᠷ᠎ᠠ ᠳᠡᠮ ᠬᠠᠮᠤᠭ᠎ᠤᠨ ᠴᠢᠬᠤᠯᠠ ᠦᠢᠯᠡᠳᠦᠯ᠎ᠢ ᠭᠠᠷᠭᠠᠵᠤ᠂ ᠲᠦᠳᠡᠭᠡᠨ ᠵᠠᠭᠤᠷ᠎ᠠ ᠬᠡᠳᠤᠬᠡᠨ ᠭᠡᠰᠡᠭ ᠮᠤᠳᠤᠨ ᠬᠠᠯᠢᠰᠤ᠎ᠨᠢ  ᠪᠤᠷᠤᠭ᠍ᠵᠢᠭᠤᠨ ᠠᠳᠠᠯ᠎ᠠ ᠭᠡᠭᠡᠨᠴᠢᠷ ᠤᠷᠠᠨ ᠪᠦᠳᠦᠭᠡᠯ ᠪᠤᠯᠵᠤ ᠬᠤᠪᠢᠷᠠᠳᠠᠭ᠎ᠨᠢ ᠭᠠᠢᠬᠠᠯᠳᠠᠢ᠃

ᠪᠠᠢ ᠯᠠᠩ ᠪᠠᠯᠭᠠᠰᠤ ᠵᠢᠨ ᠤᠢ ᠱᠢᠭᠤᠢ᠎ᠶ᠋ᠢᠨ ᠵᠠᠡᠭ ᠦᠢᠯᠡ᠎ᠶ᠋ᠢᠨ ᠰᠣᠶᠣᠯ ᠭᠦᠨ ᠵᠤᠵᠠᠭᠠᠨ᠂ ᠡᠷᠬᠢᠨ ᠲᠣᠭᠣᠷᠢᠨ᠎ᠳᠤᠨᠢ ᠬᠠᠯᠠᠭᠤᠨ ᠷᠠᠱᠢᠶᠠᠨ᠂ ᠬᠠᠨᠠᠭᠠᠷ ᠲᠠᠯ᠎ᠠ᠂ ᠭᠠᠯᠲᠤ ᠠᠭᠤᠯᠠ᠂ ᠨᠤᠭᠤ ᠭᠠᠵᠠᠷ ᠤᠯᠠᠨ ᠲᠠᠷᠬᠠᠵᠤ᠂ ᠳᠠᠭᠤᠷ᠂ ᠡᠸᠡᠩᠬᠢ᠂ ᠣᠷᠴᠣᠨ ᠭᠤᠷᠪᠠᠨ ᠴᠥᠭᠡᠨ ᠲᠣᠭᠠᠲᠤ ᠦᠨᠳᠦᠰᠦᠲᠡᠨ ᠤᠤᠯ᠎ᠠᠴᠠ᠎ᠪᠠᠨ ᠤᠷᠤᠱᠢᠨ ᠠᠮᠢᠳᠤᠷᠠᠵᠦ᠍᠂ ᠰᠡᠭᠦᠯᠡᠷ᠎ᠨᠢ 20 ᠳ᠋ᠤᠭᠠᠷ ᠵᠠᠭᠤᠨ᠎ᠤ ᠬᠤᠷᠢᠭᠠᠳ ᠣᠨ᠎ᠤ ᠰᠡᠭᠦᠯᠴᠢ᠎ᠪᠠᠷ ᠷᠠᠱᠢᠶᠠᠨ ᠬᠦᠷᠬᠦ᠌ ᠲᠡᠮᠦᠷ ᠵᠠᠮ ᠲᠠᠭᠠᠤ ᠤᠢ ᠱᠢᠭᠤᠢ᠎ᠶ᠋ᠢᠨ ᠠᠵᠢᠯᠯᠠᠬᠤ ᠦᠷᠲᠡᠭᠡ ᠪᠠᠢᠭᠤᠯᠬᠤ᠎ᠶ᠋ᠢ ᠲᠠᠭᠠᠯᠳᠤᠨ ᠬᠢᠳᠠᠳ᠂ ᠮᠤᠩᠭᠤᠯ᠂ ᠰᠤᠯᠤᠩᠭᠤᠰ ᠵᠡᠷᠭᠡ ᠤᠯᠠᠨ ᠦᠨᠳᠦᠰᠦᠳᠡᠨ᠎ᠤ ᠠᠬᠠᠨ ᠲᠡᠭᠦᠤᠰ ᠲᠦᠷᠪᠡᠨ ᠵᠦᠭ ᠨᠠᠢ᠍ᠮᠠᠨ ᠵᠤᠪᠬᠢᠰ᠎ᠠᠴᠠ ᠬᠤᠷᠠᠵᠤ᠂ ᠡᠨᠡ ᠬᠦ᠌ ᠤᠢᠲᠦ ᠤᠷᠤᠨ᠎ᠤ ᠵᠢᠵᠢᠭ ᠪᠠᠯᠭᠠᠰᠤ᠎ᠶ᠋ᠢ ᠬᠠᠮᠳᠤ᠎ᠪᠠᠷ ᠪᠦᠳᠦᠭᠡᠨ ᠪᠠᠢᠭᠤᠯᠵᠤ ᠡᠬᠢᠯᠡᠭ᠌ᠰᠡᠨ᠎ᠢᠶᠠᠷ ᠡᠨᠳᠡᠬᠢ ᠤᠯᠠᠨ ᠡᠱᠢᠳᠦ ᠰᠤᠶᠤᠯ᠎ᠤᠨ ᠬᠦᠭ᠌ᠵᠢᠯᠲᠡ᠎ᠳᠤ ᠨᠡᠩ ᠠᠱᠢᠬ᠍ᠳᠠᠢ ᠱᠢᠨ᠎ᠡ ᠬᠥᠳᠡᠯᠭᠡᠬᠦ᠌ ᠬᠦᠴᠦᠨ᠎ᠢ ᠨᠡᠮᠡᠷᠢᠯᠡᠭ᠌ᠰᠡᠨ ᠪᠠᠢᠯ᠎ᠠ᠃

2016 ᠣᠨ᠎ᠠᠴᠠ ᠨᠡᠭᠠᠰᠢ ᠪᠠᠢ ᠯᠠᠩ ᠪᠠᠯᠭᠠᠰᠤ᠎ᠶ᠋ᠢᠨ ᠵᠠᠰᠠᠭ᠎ᠤᠨ ᠤᠷᠳᠤᠨ ᠯᠢ ᠱᠤ᠌ ᠶᠢᠩ᠂ ᠯᠢ ᠶᠠᠨ ᠬᠤᠩ ᠨᠠᠷ᠎ᠤᠨ ᠰᠠᠨᠠᠭᠠᠴᠢᠯᠠᠭ᠎ᠠ᠎ᠪᠠᠷ ᠲᠡᠳᠡ ᠨᠡᠷ᠎ᠲᠠᠢ ᠬᠠᠮᠳᠤᠷᠠᠨ᠂ ᠣᠶ ᠱᠢᠭᠤᠢ᠎ᠶ᠋ᠢᠨ ᠰᠣᠶᠣᠯ᠎ᠤᠨ ᠲᠤᠰᠭᠤᠨ᠂ ᠶᠠᠳᠠᠭᠤ᠎ᠠᠴᠠ ᠠᠩᠭᠢᠵᠢᠷᠠᠭᠤᠯᠵᠤ ᠤᠶᠤᠨ᠎ᠢ ᠲᠡᠳᠭᠦᠨ ᠠᠵᠢᠯ ᠤᠯᠭᠤᠬᠤ ᠰᠠᠭᠤᠷᠢᠨ ᠭᠠᠵᠠᠷ ᠵᠡᠷᠭᠡ᠎ᠶ᠋ᠢ ᠪᠠᠢᠭᠤᠯᠵᠤ᠂ ᠶᠠᠳᠠᠭᠤ᠎ᠠᠴᠠ ᠠᠩᠭᠢᠵᠢᠷᠠᠭ᠍ᠰᠠᠨ ᠡᠷᠦᠬᠡ ᠎ᠶᠢᠨ ᠣᠷᠣᠯᠭ᠎ᠠ᠎ᠶ᠋ᠢ ᠤᠯᠠᠮ ᠪᠠᠳᠤᠳᠭᠠᠨ ᠨᠡᠮᠡᠭ᠌ᠳᠡᠭᠦᠯᠬᠦ᠌ ᠵᠤᠷᠢᠯᠭ᠎ᠠ᠎ᠪᠠᠷ ᠵᠢᠯ᠎ᠤᠨ ᠡᠴᠦᠰ᠎ᠲᠤ ᠠᠱᠢᠭ ᠬᠤᠪᠢᠶᠠᠷᠢᠯᠠᠬᠤ ᠠᠷᠭ᠎ᠠ᠎ᠶ᠋ᠢ ᠬᠡᠷᠡᠭ᠌ᠯᠡᠨ᠂ 46 ᠡᠷᠦᠭᠡ᠎ᠶ᠋ᠢᠨ 72 ᠬᠦᠮᠦᠨ᠎ᠳᠤ ᠨᠡᠢᠲᠡ 34 ᠲᠦᠮᠡᠨ ᠲᠥᠭᠥᠷᠢᠭ᠎ᠤᠨ ᠠᠱᠢᠭ ᠬᠤᠪᠢᠶᠠᠷᠢᠯᠠᠬ᠍ᠰᠠᠨ ᠮᠦᠩᠭᠦ᠌ ᠲᠠᠷᠬᠠᠭᠠᠨ᠂ 2017 ᠣᠨ᠎ᠳᠤ ᠤᠯᠠᠭᠠᠨᠬᠤᠲᠠ᠂ ᠬᠥᠬᠡᠬᠣᠲᠠ᠂ ᠪᠡᠭᠡᠵᠢᠩ᠎ᠳᠤ ᠤᠷᠢᠳ ᠬᠣᠵᠢᠳ ᠠᠷᠪᠠᠭᠠᠳ ᠲᠠᠯᠠᠪᠤᠷ ᠤᠢᠰᠤᠨ ᠵᠢᠷᠤᠭ᠎ᠤᠨ ᠪᠤᠯᠪᠠᠰᠤᠷᠠᠯ᠎ᠤᠨ ᠠᠩᠭᠢ ᠡᠷᠬᠢᠯᠡᠵᠤ᠂ 1000 ᠭᠠᠷᠤᠢ ᠬᠦᠮᠦᠨ᠎ᠳᠤ ᠪᠤᠯᠪᠠᠰᠤᠷᠠᠯ ᠬᠦᠷᠳᠡᠭᠡᠨ᠂ ᠡᠭᠦᠨ᠎ᠳᠦ 100 ᠭᠠᠷᠤᠢ ᠬᠦᠮᠦᠨ᠎ᠨᠢ ᠤᠢᠰᠤᠨ ᠵᠢᠷᠤᠭ ᠤᠷᠠᠯᠠᠬᠤ ᠮᠡᠷᠭᠡᠵᠢᠯ᠎ᠳᠤ ᠴᠠᠭᠠᠷᠠᠵᠤ᠂ ᠲᠤᠭ᠍ᠳᠠᠭ᠍ᠰᠠᠨ ᠺᠤᠮᠫᠠᠨᠢ᠎ᠲᠠᠢ ᠤᠷᠳᠦ ᠬᠤᠭᠤᠴᠠᠭᠠᠨ᠎ᠤ ᠠᠵᠢᠯ᠎ᠤᠨ ᠭᠡᠷ᠎ᠡ ᠪᠠᠢᠭᠤᠯᠪᠠ᠃

2021 ᠣᠨ᠎ᠠᠴᠠ 2022 ᠣᠨ᠎ᠤ ᠬᠤᠭᠤᠷᠤᠨᠳᠤ᠂ ᠲᠡᠳᠡ ᠨᠡᠷ ᠪᠠᠰᠠ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠠᠵᠢᠯ ᠣᠯᠭᠤᠯᠲᠠ᠎ᠶ᠋ᠢᠨ ᠦᠢᠯᠡᠳᠭᠡᠯ᠎ᠤᠨ ᠭᠠᠵᠠᠷ᠎ᠤᠨ ᠪᠠᠯᠠ ᠮᠥᠩᠭᠦ᠎ᠪᠠᠷ ᠳᠠᠮᠵᠢᠭᠤᠯᠤᠨ᠂ ᠤᠢᠰᠤᠨ ᠵᠢᠷᠤᠭ ᠤᠷᠠᠯᠠᠬᠤ ᠮᠡᠷᠭᠡᠵᠢᠯ᠎ᠤᠨ ᠪᠣᠯᠪᠠᠰᠤᠷᠠᠯ᠎ᠤᠨ ᠠᠩᠭᠢ᠎ᠶ᠋ᠢ 7 ᠬᠤᠭᠤᠴᠠᠭ᠎ᠠ ᠡᠷᠬᠢᠯᠡᠵᠦ᠍᠂ ᠷᠠᠱᠢᠶᠠᠨ ᠬᠤᠲᠠ᠎ᠠᠴᠠ ᠢᠷᠡᠭ᠌ᠰᠡᠨ ᠠᠵᠢᠯ ᠥᠬᠡᠶ᠂ ᠳᠠᠬᠢᠨ ᠠᠵᠢᠯ ᠤᠯᠬᠤ᠎ᠳᠤ ᠬᠦᠴᠢᠷᠲᠡᠶ᠂ ᠵᠡᠮᠳᠡᠭ ᠡᠪᠡᠳᠴᠢᠳᠠᠢ ᠵᠡᠷᠭᠡ ᠵᠠᠭᠤ ᠱᠢᠬᠠᠮ ᠬᠥᠮᠦᠨ᠎ᠳᠤ ᠪᠣᠯᠪᠠᠰᠤᠷᠠᠯ ᠬᠦᠷᠳᠡᠭᠡᠨ᠂ ᠴᠧᠩ ᠴᠧᠩ ᠵᠡᠷᠭᠡ ᠨᠢᠭᠡ ᠪᠦᠯᠦᠭ ᠭᠠᠷ ᠦᠢᠯᠡᠳᠪᠦᠷᠢ᠎ᠶ᠋ᠢᠨ ᠺᠣᠮᠫᠠᠨᠢ᠎ᠲᠠᠢ ᠡᠭᠡᠭᠦᠯᠦᠨ ᠬᠤᠷᠢᠶᠠᠬᠤ ᠬᠡᠯᠡᠯᠴᠡᠭᠡᠷ ᠲᠣᠭ᠍ᠲᠠᠵᠤ᠂ 20 ᠱᠢᠬᠠᠮ ᠬᠦᠮᠦᠨ᠎ᠳᠤ ᠠᠵᠢᠯ ᠤᠯᠭᠤᠭ᠍ᠰᠠᠨ ᠪᠠᠢᠨ᠎ᠠ᠃

ᠡᠢᠨ ᠬᠦ᠌ ᠤᠳᠤᠬᠠᠨ᠎ᠳᠤ᠂ ᠪᠠᠢ ᠯᠠᠩ ᠪᠠᠯᠭᠠᠰᠤ ᠵᠢᠨ ᠤᠢᠰᠤᠨ ᠵᠢᠷᠤᠭ ᠨᠢ ᠲᠠᠩ ᠴᠤᠯᠭᠤᠶ ᠤᠯᠠᠮᠵᠢᠯᠠᠯᠲᠤ ᠴᠢᠮᠡᠭ᠌ᠯᠡᠯ᠎ᠦᠨ ᠭᠠᠷ ᠤᠷᠠᠯᠠᠯ ᠡᠴᠡ ᠺᠠᠷᠲ᠋ᠣᠨ ᠵᠢᠷᠤᠭ᠂ ᠭᠡᠷ᠎ᠤᠨ ᠲᠠᠪᠢᠯᠭ᠎ᠠ᠂ ᠪᠢᠴᠢᠭ᠎ᠤᠨ ᠬᠡᠷᠡᠭ᠌ᠰᠡᠯ᠂ ᠵᠠᠰᠠᠯ ᠵᠢᠮᠰᠡᠭ ᠵᠡᠷᠭᠡ ᠤᠯᠠᠨ ᠬᠦᠷᠢᠶᠡᠨ᠎ᠳᠤ ᠦᠷᠭᠡᠵᠢᠨ ᠬᠦᠭ᠌ᠵᠢᠵᠦ᠍᠂ ᠡᠲᠡᠭᠡᠳ ᠭᠤᠶᠤ ᠤᠷᠠᠯᠠᠯ᠎ᠨᠢ ᠬᠤᠯᠠ ᠤᠢᠷ᠎ᠠ᠎ᠶ᠋ᠢᠨ ᠬᠡᠷᠡᠭ᠌ᠯᠡᠭ᠌ᠴᠢᠳ ᠵᠢᠭᠤᠯᠴᠢᠯᠠᠭ᠍ᠰᠠᠳ᠎ᠤᠨ ᠬᠦᠷᠢᠶᠡᠯᠡᠯ᠎ᠢ ᠤᠯᠤᠭ᠍ᠰᠠᠨ᠎ᠢᠶᠠᠷ ᠪᠠᠷᠠᠬᠤ ᠦᠭᠡᠢ ᠡᠳᠤᠷ᠎ᠠᠴᠠ ᠡᠳᠤᠷ ᠨᠡᠮᠡᠭ᠌ᠳᠡᠵᠦ᠍ ᠪᠠᠢᠭ᠎ᠠ ᠪᠤᠷᠤᠯᠠᠭᠤᠯᠭ᠎ᠠ᠎ᠶ᠋ᠢᠨ ᠦᠷ᠎ᠡ ᠠᠱᠢᠭ᠎ᠨᠢ ᠡᠯ᠎ᠡ ᠦᠨᠳᠦᠰᠦᠳᠡᠨ᠎ᠤ ᠠᠷᠠᠳ ᠤᠯᠠᠨ᠎ᠢ ᠲᠠᠢᠴᠢᠯᠠᠨ ᠱᠢᠨ᠎ᠡ ᠨᠢᠭᠡᠨ ᠪᠠᠶᠠᠵᠢᠯ᠎ᠤᠨ ᠵᠠᠮ ᠪᠤᠯᠵᠤ ᠵᠤᠷᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号