● ᠪᠠᠶᠠᠨ ᠨᠡᠢᠬᠡᠮ ᠳᠤᠭᠤᠷᠢᠭ ᠪᠦᠬᠦ ᠤᠯᠤᠰᠤᠨ 《ᠬᠠᠮᠤᠭ ᠤᠨ ᠨᠠᠭᠠᠳᠦ ᠵᠠᠬ᠎ᠠ ᠵᠢᠨ ᠠᠮᠢᠳᠤᠷᠠᠯᠤᠨ ᠪᠠᠳᠤᠯᠠᠭ᠎ᠠ ᠵᠢᠨ ᠠᠵᠢᠯᠤᠨ ᠳᠠᠩᠰᠠ ᠡᠪᠬᠡᠮᠡᠯᠤᠨ ᠪᠠᠷᠢᠮᠵᠢᠶᠠᠵᠢᠭᠤᠯᠤᠯᠳᠠ ᠵᠢᠨ ᠳᠡᠷᠢᠬᠦᠨᠤ ᠨᠢᠬᠡᠴᠢ》 ᠂ ᠤᠷᠤᠨᠤ ᠳᠡᠰᠤᠨ ᠪᠠ ᠬᠤᠳᠠ ᠵᠢᠨ ᠳᠡᠰ ᠤᠨ ᠦᠨᠳᠦᠰᠦᠨ ᠱᠠᠳᠤᠨ ᠤ ᠨᠠᠮᠤᠨ ᠵᠤᠬᠢᠶᠠᠨ ᠪᠠᠢᠭᠤᠯᠤᠯᠳᠠ ᠵᠢᠨ ᠳᠡᠷᠢᠬᠦᠨᠤ ᠨᠢᠬᠡᠴᠢ᠂ ᠬᠤᠳᠠ ᠵᠢᠨ ᠳᠡᠰ ᠤᠨ ᠦᠨᠳᠦᠰᠦᠳᠡᠨ ᠤ ᠪᠦᠯᠬᠦᠮᠳᠡᠯ ᠳᠠᠪᠰᠢᠯᠳᠠ ᠵᠢᠨ ᠳᠡᠷᠢᠬᠦᠨᠤ ᠨᠢᠬᠡᠴᠢ ᠵᠡᠷᠬᠡ19 ᠬᠤᠪᠢ ᠢᠷᠠᠭᠤ ᠠᠯᠳᠠᠷᠢ ᠬᠦᠷᠳᠡᠵᠦ ᠦᠩᠬᠡᠷᠡᠪᠡ ᠃
● ᠪᠠᠶᠠᠨ ᠨᠡᠢᠭᠡᠮ ᠳᠤᠭᠤᠷᠢᠭ ᠦᠨᠳᠦᠰᠦᠳᠡᠨ ᠤ ᠪᠦᠯᠬᠦᠮᠳᠡᠯᠤᠨ ᠵᠢᠱ᠌ᠢᠶᠠ ᠦᠵᠡᠬᠦᠯᠬᠦ ᠨᠡᠢᠬᠡᠮ ᠳᠤᠭᠤᠷᠢᠭᠢ ᠴᠤᠬᠴᠠᠯᠠᠬᠤ ᠪᠡᠷ ᠮᠡᠷᠡᠢᠵᠦ᠂ 《ᠦᠨᠳᠦᠰᠦᠳᠡᠨ ᠨᠤᠬᠦᠳ ᠤᠨ ᠬᠡᠷ ᠪᠦᠯᠢ》 ᠠᠵᠢᠯᠯᠠᠭ᠎ᠠ ᠵᠢᠨ ᠦᠷᠦᠬᠡ ᠪᠤᠯᠤᠨ ᠨᠤᠮ ᠤᠩᠰᠢᠬᠤ ᠬᠡᠷ ᠭᠠᠷᠭᠠᠵᠦ ᠡᠯ᠎ᠠ ᠦᠨᠳᠦᠰᠦᠳᠡᠨᠤ ᠤᠯᠠᠨ ᠳᠦᠮᠡᠨᠳᠦ ᠰᠤᠷᠤᠯᠴᠠᠨ ᠦᠢᠯᠠᠭᠠᠯᠴᠠᠬᠤ ᠳᠠᠪᠴᠠᠩ ᠬᠠᠩᠭᠠᠪᠠ᠃
● ᠪᠠᠶᠠᠨ ᠨᠡᠢᠭᠡᠮ ᠳᠤᠭᠤᠷᠢᠭ ᠠᠬᠠᠮᠠᠳ ᠨᠠᠮ ᠤᠨ ᠬᠡᠰᠢᠬᠦᠨ᠂ ᠠᠬᠠᠮᠠᠳ ᠪᠠᠬᠰᠢ ᠪᠡᠷ ᠪᠦᠷᠢᠯᠳᠦᠭᠰᠡᠨ 《ᠦᠨᠳᠦᠰᠦᠳᠡᠨᠤ ᠪᠦᠯᠬᠦᠮᠳᠡᠯᠤᠨ ᠤᠬᠠᠭᠤᠯᠭ᠎ᠠ ᠵᠢᠨ ᠪᠦᠯᠬᠦᠮ》ᠪᠠᠢᠭᠤᠯᠵᠦ᠂ ᠰᠤᠷᠭᠠᠭᠤᠯᠢ᠂ ᠠᠵᠦ ᠠᠬᠤᠢᠯᠠᠯ᠂ ᠭᠠᠴᠠᠭ᠎ᠠ ᠳᠤᠰᠬᠤᠨ ᠳᠦ ᠬᠦᠷᠴᠦ ᠤᠬᠠᠭᠤᠯᠭ᠎ᠠ ᠬᠢᠬᠦ ᠵᠢᠨ ᠬᠠᠮᠳᠦ 《ᠦᠨᠳᠦᠰᠦᠳᠡᠨᠤ ᠪᠦᠯᠬᠦᠮᠳᠡᠯᠤᠨ ᠬᠠᠮᠤᠭᠤᠨ ᠰᠠᠢᠬᠠᠨ ᠬᠡᠷ ᠪᠦᠯᠢ》 《ᠮᠠᠨ ᠤ ᠳᠡᠷᠬᠡᠳᠡᠬᠢ ᠰᠠᠢᠨ ᠬᠦᠮᠦᠨ》 ᠵᠡᠷᠬᠡ ᠵᠢ ᠰᠤᠩᠭᠤᠨ ᠰᠢᠯᠭᠠᠷᠠᠭᠤᠯᠵᠤ᠂ ᠦᠨᠳᠦᠰᠦᠳᠡᠨ ᠤ ᠪᠦᠯᠬᠦᠮᠳᠡᠯ ᠤᠨ ᠮᠡᠳᠡᠯᠭᠡ ᠵᠢᠨ ᠤᠷᠤᠯᠳᠤᠭᠠᠨ᠂ ᠬᠡᠷᠡᠯ ᠵᠢᠷᠤᠭ ᠤᠨ ᠤᠷᠤᠯᠳᠤᠭᠠᠨ ᠦᠷᠨᠢᠬᠦᠯᠵᠦ᠂ ᠡᠳᠦᠷ ᠤᠨ ᠳᠤᠳᠤᠮ ᠤᠨ ᠠᠮᠢᠳᠤᠷᠠᠯ ᠳᠤᠮᠳᠠ ᠦᠨᠳᠦᠰᠦᠳᠡᠨ ᠤ ᠪᠦᠯᠬᠦᠮᠳᠡᠯ ᠢ ᠰᠤᠷᠳᠠᠯᠴᠢᠯᠠᠨ᠂ ᠤᠯᠠᠨ ᠤ ᠰᠡᠳᠬᠢᠯᠳᠦ ᠰᠠᠭᠤᠬᠳᠠᠭᠤᠯᠪᠠ᠃
ᠬᠦᠯᠦᠨ ᠪᠤᠢᠷ ᠬᠤᠲᠠ ᠵᠢᠨ ᠬᠠᠭᠤᠴᠢᠨ ᠪᠠᠷᠭᠤ ᠬᠤᠰᠢᠭᠤᠨᠤ ᠪᠠᠶᠠᠨᠬᠦ᠋ᠷᠢᠶ᠎ᠠ ᠪᠠᠯᠭᠠᠰᠤᠨᠤ ᠪᠠᠶᠠᠨ ᠨᠡᠢᠭᠡᠮ ᠲᠤᠭᠤᠷᠢᠭ ᠲᠤ᠌ ᠪᠢᠳᠡ ᠠᠢᠯ ᠰᠠᠭᠠᠬᠠᠯᠳᠠ ᠨᠠᠢᠵᠢ ᠨᠦᠬᠦᠳᠤᠨ ᠵᠢᠡᠨ ᠠᠵᠦ ᠠᠮᠢᠳᠤᠷᠠᠯᠳᠤᠨᠢ ᠬᠡᠷᠡᠯ ᠬᠡᠬᠡ ᠪᠤᠯᠵᠦ ᠶᠠᠪᠤᠭ᠎ᠠ ᠡᠬᠡᠯ ᠵᠢᠷᠤᠨ ᠠᠳᠠᠯ᠎ᠠ ᠪᠡᠨ ᠡᠭᠡᠯ ᠪᠤᠰᠤ ᠬᠦᠮᠦᠰ ᠲᠠᠢ ᠳᠠᠨᠢᠯᠴᠠᠵᠦ᠂ ᠦᠯᠢᠭᠡᠷ ᠤᠴᠠᠷᠠᠯᠢ ᠨᠢ ᠰᠤᠨᠤᠰᠤᠨ ᠵᠦᠪ ᠡᠨ᠋ᠸᠷᠬᠢ ᠪᠡᠷ ᠨᠢ ᠰᠡᠳᠬᠢᠯ ᠳᠦᠬᠦᠷᠬᠡᠵᠦ ᠶᠠᠪᠤᠯ᠎ᠠ᠃
ᠪᠠᠶᠠᠨ ᠳᠤᠭᠤᠷᠢᠭᠤᠨ ᠪᠠᠶᠠᠨ ᠰᠡᠳᠬᠢᠯᠳᠦ ᠨᠠᠰᠤᠳᠠᠢᠴᠤᠳ
ᠪᠠᠶᠠᠨᠬᠦ᠋ᠷᠢᠶ᠎ᠠ ᠪᠠᠯᠭᠠᠰᠤᠨᠤ ᠪᠠᠶᠠᠨ ᠨᠡᠢᠭᠡᠮ ᠲᠤᠭᠤᠷᠢᠭ ᠲᠤ᠌ ᠨᠢᠭᠡᠨ ᠬᠢᠮᠲᠠ ᠲᠦᠷᠢᠶᠡᠰᠦᠨ ᠤᠷᠤᠨ ᠰᠠᠭᠤᠴᠠ ᠵᠢᠨ ᠬᠤᠷᠢᠶᠠᠯᠠᠯ ᠪᠠᠢᠵᠤ᠂ ᠡᠨᠳᠡ ᠬᠤᠰᠢᠭᠤᠨᠤ ᠡᠯ᠎ᠡ ᠭᠠᠵᠠᠷ ᠡᠴᠡ ᠴᠤᠭᠯᠠᠷᠠᠭᠰᠠᠨ ᠠᠮᠢᠳᠤᠷᠠᠯ ᠬᠦᠴᠢᠷᠲᠡᠢ ᠨᠠᠰᠤᠲᠠᠳ ᠰᠠᠭᠤᠳᠠᠭ ᠠᠵᠢ᠃
ᠮᠤᠩᠭᠤᠯ᠂ ᠬᠢᠲᠠᠳ᠂ ᠡᠸᠠᠩᠬᠢ᠂ ᠳᠠᠭᠤᠷ᠂ ᠬᠤᠲᠤᠩ ᠁ ᠵᠡᠷᠭᠡ ᠤᠯᠠᠨ ᠦᠨᠳᠦᠰᠦᠲᠡᠨᠤ ᠬᠦᠮᠦᠰ ᠴᠤᠭᠯᠠᠷᠠᠭᠰᠠᠨ ᠡᠨᠡ ᠳᠤᠮᠤ ᠪᠦᠯᠢᠳᠦ ᠬᠦᠮᠦᠰ ᠬᠤᠭᠤᠷᠤᠨᠳᠤ ᠪᠠᠨ ᠡᠶ᠎ᠡ ᠨᠠᠢᠷᠲᠠᠢ ᠬᠠᠷᠢᠴᠠᠨ᠂ ᠨᠢᠭᠡ ᠭᠡᠷᠤᠨ ᠬᠦᠮᠦᠨ ᠮᠡᠲᠦ ᠡᠯᠢᠬᠡᠰᠡᠭ ᠳᠤᠲᠤᠨᠤ ᠪᠠᠢᠳᠠᠭ᠃ ᠨᠡᠢᠭᠡᠮ ᠲᠤᠭᠤᠷᠢᠭᠤᠨ ᠵᠢᠡᠨ ᠨᠡᠷ᠎ᠡ ᠵᠢ ᠳᠠᠭᠤᠷᠢᠶᠠᠭᠰᠠᠨ ᠬᠡᠮᠡᠷ ᠦᠨᠳᠦᠰᠦᠲᠡᠨ ᠵᠢᠡᠷ 《ᠪᠠᠶᠠᠨ》 ᠡᠨᠡ ᠬᠦ᠌ ᠬᠤᠷᠢᠶᠠᠯᠠᠯ ᠳ᠋ᠤ ᠰᠡᠳᠬᠢᠯ ᠵᠢᠡᠷ ᠪᠠᠶᠠᠨ ᠶᠠᠪᠤᠭ᠎ᠠ ᠵᠢᠮᠢᠰ ᠨᠠᠰᠤᠳᠠᠨᠤ ᠦᠯᠢᠭᠡᠷ ᠠᠮᠠ ᠳᠠᠮᠵᠢᠭᠰᠠᠨ ᠰᠠᠢᠬᠠᠨ ᠵᠤᠭᠤᠭ ᠪᠤᠯᠵᠤ ᠤᠯᠠᠮᠵᠢᠯᠠᠭᠳᠠᠨ᠎ᠠ᠃
ᠡᠨᠡ ᠵᠢᠯ 73 ᠲᠠᠢ ᠵᠢᠮᠢᠰ ᠨᠠᠰᠤᠳᠠᠨ ᠪᠤᠯ ᠬᠤᠷᠢᠶᠠᠯᠠᠯᠤᠨ ᠵᠢᠡᠨ ᠬᠦᠷᠰᠢ ᠰᠠᠭᠠᠬᠠᠯᠲᠠ ᠵᠢᠨ ᠬᠤᠭᠤᠷᠤᠨᠳᠤ ᠡᠶ᠎ᠡ ᠡᠪ ᠲᠠᠢ ᠶᠠᠪᠤᠯᠴᠠᠬᠤᠳᠦ ᠬᠤᠪᠢ ᠨᠡᠮᠡᠷᠢ ᠪᠠᠨ ᠦᠵᠡᠭᠦᠯᠦᠭᠰᠡᠨ ᠨᠢᠬᠡᠨ ᠪᠠᠢᠯ᠎ᠠ᠃ ᠲᠡᠷᠡ ᠬᠡᠵᠢᠶᠡᠳᠡ ᠠᠢᠯ ᠵᠡᠷᠭᠡᠯᠡᠳᠡᠭᠡ ᠵᠢᠨ ᠬᠢᠨ ᠵᠢᠡᠷ ᠵᠢᠡᠨ ᠤᠷᠤᠵᠤ ᠭᠠᠷᠤᠨ᠂ ᠠᠮᠢᠳᠤᠷᠠᠯᠤᠨ ᠪᠠᠢᠳᠠᠯᠢ ᠨᠢ ᠠᠰᠠᠭᠤᠵᠤ ᠰᠤᠷᠠᠨ᠂ ᠬᠦᠴᠢᠷᠳᠡᠵᠦ ᠲᠦᠪᠡᠭᠳᠡᠭᠰᠡᠳᠢ ᠬᠠᠪᠰᠤᠷᠴᠤ ᠳᠡᠮᠵᠢᠵᠦ ᠶᠠᠪᠤᠳᠠᠭ ᠡᠴᠡ ᠤᠯᠠᠨᠤ ᠳᠤᠮᠳᠠ ᠪᠠᠨ ᠬᠦᠷᠢᠶᠡᠯᠡᠯ ᠲᠠᠢ ᠪᠤᠯᠵᠠᠢ᠃
ᠬᠤᠷᠢᠶᠠᠯᠠᠯᠤᠨ ᠬᠢᠨᠢ ᠨᠢᠭᠡᠨ 99 ᠲᠠᠢ ᠨᠠᠰᠤᠲᠠᠨ ᠤᠷᠤᠭ ᠰᠠᠯᠤᠭᠰᠠᠨ ᠬᠦᠦ ᠲᠠᠢ ᠪᠠᠨ ᠬᠠᠮᠲᠤ ᠠᠮᠢᠳᠤᠷᠠᠳᠠᠭ᠃ ᠬᠦᠦ ᠨᠢ ᠸᠠᠩ ᠵᠧᠨ ᠯᠠᠢ ᠭᠡᠵᠦ ᠦᠭᠡ ᠳᠠᠭᠤ ᠴᠦᠬᠡᠨ ᠲᠠᠢ᠂ ᠬᠦᠮᠦᠨ ᠬᠠᠷ᠎ᠠ ᠲᠠᠢ ᠳᠡᠮᠡᠢ ᠬᠠᠷᠢᠯᠴᠠᠵᠤ ᠶᠠᠪᠤᠯᠴᠠᠬᠤ ᠦᠭᠡᠢ ᠪᠠᠢᠭᠰᠠᠨ ᠴᠤ᠌ ᠵᠢᠮᠢᠰ ᠵᠡᠷᠭᠡ ᠨᠠᠮᠤᠨ ᠭᠡᠰᠢᠭᠦᠳ ᠬᠠᠮᠲᠤ ᠳ᠋ᠠᠭᠠᠨ ᠲᠡᠳᠡᠨᠤ ᠬᠢ ᠪᠡᠷ ᠦᠷᠭᠦᠯᠵᠢ ᠬᠦᠷᠴᠦ᠂ ᠠᠮᠢᠳᠤᠷᠠᠯᠤᠨ ᠪᠠᠢᠳᠠᠯᠢ ᠨᠢ ᠬᠠᠯᠠᠮᠵᠢᠯᠠᠵᠤ᠂ ᠶᠠᠷᠢᠶ᠎ᠠ ᠬᠦᠭᠡᠷᠦᠭᠡ ᠡᠭᠦᠰᠭᠡᠳᠡᠭ ᠡᠴᠡ ᠸᠠᠩ ᠵᠧᠨ ᠯᠠᠢ ᠴᠤ᠌ ᠠᠭᠠᠵᠢᠮ ᠳ᠋ᠠᠭᠠᠨ ᠰᠡᠳᠬᠢᠯ ᠰᠠᠨᠠᠭ᠎ᠠ ᠨᠢ ᠰᠡᠷᠭᠦᠵᠦ᠂ ᠬᠤᠷᠢᠶᠠᠯᠠᠯᠤᠨ ᠵᠢᠡᠨ ᠶᠠᠩᠭᠠᠷ ᠪᠦᠵᠢᠭᠤᠨ ᠪᠦᠯᠬᠦᠮ ᠳ᠋ᠤ ᠤᠷᠤᠵᠠᠢ᠃ ᠪᠠᠶᠠᠷ ᠳᠤᠷᠠᠰᠬᠠᠯᠤᠨ ᠡᠳᠦᠷ ᠲᠠᠭᠠᠷᠠᠬᠤ ᠪᠦᠷᠢ ᠵᠢᠮᠢᠰ ᠨᠠᠰᠤᠲᠠᠨ ᠪᠠᠩᠰᠢ ᠪᠤᠤᠵᠠ ᠪᠠᠷᠢᠵᠤ᠂ ᠲᠡᠳᠡᠨᠤ ᠳ᠋ᠤ ᠬᠦᠷᠭᠡᠨ ᠦᠭᠳᠡᠭ ᠪᠦᠭᠡᠳ ᠦᠨᠳᠦᠷ ᠨᠠᠰᠤᠲᠠᠢ ᠡᠵᠢ ᠵᠢ ᠨᠢ ᠨᠠᠷᠠ ᠰᠠᠯᠬᠢᠨ ᠳ᠋ᠤ ᠠᠪᠴᠤ ᠭᠠᠷᠤᠨ ᠰᠡᠯᠡᠭᠦᠴᠡᠭᠦᠯᠵᠦ᠂ ᠴᠢᠳᠠᠬᠤ ᠵᠢᠨ ᠬᠢᠷᠢ ᠳ᠋ᠡᠭᠡᠨ ᠬᠠᠪᠰᠤᠷᠴᠤ ᠶᠠᠪᠤᠳᠠᠭ ᠃
ᠨᠢᠭᠡ ᠤᠳᠠᠭ᠎ᠠ ᠬᠤᠷᠢᠶᠠᠯᠠᠯᠤᠨ ᠬᠢᠨᠢ ᠠᠰᠠᠷᠤᠨ ᠲᠤᠯᠠᠭᠠᠯᠠᠭ᠎ᠠ ᠮᠠᠭᠤᠲᠠᠭᠰᠠᠨ ᠳ᠋ᠤ ᠬᠦᠮᠦᠰ ᠰᠠᠨᠠᠯ ᠪᠠᠢᠭᠠᠳ ᠬᠡᠯᠡᠬᠦ ᠬᠦᠮᠦᠨ ᠵᠢᠡᠨ ᠤᠯᠬᠤ ᠦᠭᠡᠢ ᠭᠠᠴᠢᠭᠳᠠᠵᠤ ᠭᠠᠷᠴᠠᠢ᠃ ᠵᠠᠷᠢᠮ ᠨᠢ ᠨᠡᠢᠭᠡᠮ ᠲᠤᠭᠤᠷᠢᠭᠤᠨ ᠤᠳᠤᠷᠢᠳᠤᠯᠭ᠎ᠠ ᠵᠢ ᠡᠷᠢᠬᠦ ᠪᠡᠷ ᠪᠤᠵᠢᠭᠢᠨᠠᠬᠤ ᠳ᠋ᠤ ᠵᠢᠮᠢᠰ ᠨᠠᠰᠤᠲᠠᠨ ᠤᠯᠠᠨᠢ ᠲᠠᠢᠳᠬᠤᠷᠠᠭᠤᠯᠵᠤ᠂ ᠬᠤᠷᠢᠶᠠᠯᠠᠯᠤᠨ ᠬᠡᠳᠦᠨ ᠨᠠᠮᠤᠨ ᠭᠡᠰᠢᠭᠦᠨ ᠲᠠᠢ ᠬᠠᠮᠲᠤ ᠪᠡᠷ ᠳᠤᠯᠠᠭᠠᠯᠠᠭ᠎ᠠ ᠵᠢᠨ ᠺᠤᠮᠫᠠᠨᠢ ᠳ᠋ᠤ ᠡᠷᠢᠵᠦ ᠬᠦᠷᠦᠨ ᠪᠠᠢᠳᠠᠯ ᠵᠢᠡᠨ ᠲᠤᠰᠬᠠᠵᠠᠢ᠃ ᠳᠤᠯᠠᠭᠠᠯᠠᠭ᠎ᠠ ᠵᠢᠨ ᠺᠤᠮᠫᠠᠨᠢ ᠵᠢᠨ ᠬᠢᠨ ᠠᠬᠠᠮᠠᠳ ᠨᠠᠮᠤᠨ ᠭᠡᠰᠢᠭᠦᠳᠤᠨ ᠳᠡᠪᠰᠢᠭᠦᠯᠦᠭᠰᠡᠨ ᠪᠠᠢᠳᠠᠯᠢ ᠬᠦᠨᠳᠦᠳᠬᠡᠨ ᠰᠢᠢᠳᠪᠦᠷᠢᠯᠡᠵᠦ᠂ ᠪᠤᠭᠤᠨᠢᠬᠠᠨ ᠬᠤᠭᠤᠴᠠᠭᠠᠨᠤ ᠳᠤᠲᠤᠷ᠎ᠠ ᠳᠤᠯᠠᠭᠠᠯᠠᠭᠠᠢ ᠨᠢ ᠰᠡᠷᠭᠦᠭᠡᠨ ᠵᠠᠰᠠᠵᠤ ᠦᠭᠴᠡᠢ᠃
ᠲᠡᠭᠦᠨᠤ ᠪᠤᠰᠤᠳᠢ ᠬᠠᠪᠰᠤᠷᠤᠭᠰᠠᠨ ᠦᠯᠢᠭᠡᠷ ᠦᠢᠯᠡ ᠡᠨᠡᠬᠡᠨ ᠵᠢᠡᠷ ᠵᠤᠭᠰᠤᠬᠤ ᠦᠭᠡᠢ᠃ ᠬᠤᠭ ᠨᠤᠪᠰᠢ ᠴᠡᠪᠡᠷᠯᠡᠬᠦ᠂ ᠤᠰᠤᠨᠤ ᠰᠦᠢᠳᠬᠡᠯᠢ ᠨᠢ ᠳᠡᠮᠳᠡᠭᠯᠡᠵᠦ ᠳᠤᠰᠢᠶᠠᠬᠤ᠂ ᠪᠤᠰᠤᠳᠢ ᠬᠠᠪᠰᠤᠷᠤᠨ ᠪᠡᠶ᠎ᠡ ᠵᠢᠨ ᠪᠠᠢᠴᠠᠭᠠᠯᠲᠠ ᠬᠢᠵᠦ ᠦᠭᠬᠦ᠂ ᠡᠮᠨᠡᠯᠭᠡ ᠳ᠋ᠤ ᠬᠦᠷᠭᠡᠬᠦ᠂ ᠰᠤᠶᠤᠯ ᠲᠠᠮᠢᠷᠤᠨ ᠬᠦᠳᠡᠯᠭᠡᠭᠡᠨ ᠵᠤᠬᠢᠶᠠᠨ ᠪᠠᠢᠭᠤᠯᠬᠤ ᠁ ᠭᠡᠳ ᠵᠢᠮᠢᠰ ᠨᠠᠰᠤᠲᠠᠨᠤ ᠬᠢᠳᠡᠭ ᠠᠵᠢᠯ ᠴᠤ᠌ 《ᠪᠠᠶᠠᠨ》 ᠃ 《ᠮᠠᠨᠤ ᠠᠰᠠᠷ ᠲᠤ᠌ ᠨᠢᠭᠡᠨ ᠠᠪᠤ ᠡᠵᠢ ᠪᠠᠨ ᠠᠯᠳᠠᠭᠰᠠᠨ ᠦᠨᠦᠴᠢᠨ ᠵᠡᠮᠳᠡᠭ ᠬᠡᠤᠬᠡᠳ ᠪᠠᠢᠳᠠᠭ᠂ ᠵᠢᠮᠢᠰ ᠲᠡᠭᠦᠨᠢ ᠴᠤ᠌ ᠦᠷᠭᠦᠯᠵᠢ ᠡᠷᠭᠢᠵᠦ ᠦᠵᠡᠨ᠂ ᠳᠡᠯᠭᠡᠭᠦᠷ ᠡᠴᠡ ᠡᠨᠡ ᠲᠡᠷᠡ ᠶᠠᠭᠤᠮ᠎ᠠ ᠠᠪᠴᠢᠷᠠᠵᠤ ᠦᠭᠳᠡᠭ᠃ ᠲᠡᠷᠡ ᠬᠡᠵᠢᠶᠡᠳᠡ ᠪᠤᠰᠤᠳᠢ ᠬᠠᠪᠰᠤᠷᠴᠤ ᠶᠠᠪᠤᠳᠠᠭ ᠰᠠᠢᠨ ᠰᠠᠭᠠᠬᠠᠯᠲᠠ ᠰᠢᠦ》 ᠭᠡᠵᠦ ᠸᠠᠩ ᠵᠧᠨ ᠯᠠᠢ ᠬᠡᠯᠡᠨ᠎ᠡ᠃
︱ ᠮᠠᠨᠤ ᠪᠠᠶᠠᠨ ᠨᠡᠢᠭᠡᠮ ᠲᠤᠭᠤᠷᠢᠭᠡᠴᠡ ᠰᠤᠶᠤᠯᠤᠨ ᠭᠤᠤᠯ ᠰᠡᠳᠦᠪᠲᠦ ᠠᠵᠢᠯᠯᠠᠭ᠎ᠠ ᠦᠷᠨᠢᠭᠦᠯᠬᠦ ᠪᠦᠷᠢ ᠰᠠᠭᠤᠭᠠᠯᠢ ᠠᠷᠠᠳᠢ ᠲᠠᠢᠴᠢᠯᠠᠬᠤ ᠠᠵᠢᠯᠢ ᠵᠢᠮᠢᠰ ᠵᠡᠷᠭᠡ ᠨᠠᠮᠤᠨ ᠭᠡᠰᠢᠭᠦᠨ ᠺᠠᠳ᠋ᠷᠴᠤᠳ ᠢᠳᠡᠪᠬᠢᠲᠡᠢ ᠬᠠᠪᠰᠤᠷᠤᠨ ᠦᠷᠨᠢᠭᠦᠯᠳᠡᠭ ᠭᠡᠵᠦ ᠪᠠᠶᠠᠨ ᠨᠡᠢᠭᠡᠮ ᠲᠤᠭᠤᠷᠢᠭᠤᠨ ᠨᠠᠮᠤᠨ ᠡᠬᠦᠷᠤᠨ ᠱᠦᠵᠢ ᠭᠦᠩ ᠰᠢᠶᠤᠤ ᠵᠢᠶᠧ ᠡᠷᠡᠬᠡᠢ ᠭᠠᠷᠭᠠᠨ᠎ᠠ᠃
ᠠᠶᠠᠭᠠᠨᠤ ᠬᠠᠷᠢᠭᠤ 《 ᠠᠭᠲᠠ 》 ᠡᠷᠬᠦᠭᠰᠡᠨ ᠵᠠᠯᠠᠭᠤ
ᠸᠠᠩ ᠭᠦᠸᠧ ᠬᠠᠢ ᠪᠤᠯ ᠬᠠᠭᠤᠴᠢᠨ ᠪᠠᠷᠭᠤ ᠬᠤᠰᠢᠭᠤᠨ ᠳ᠋ᠤ ᠪᠤᠷᠤᠲᠤᠬᠤᠢ ᠠᠷᠢᠬᠢᠨ ᠦᠢᠯᠡᠰᠤᠨ ᠲᠤᠰᠬᠠᠢ ᠬᠤᠳᠠᠯᠳᠤᠭ᠎ᠠ ᠡᠷᠬᠢᠯᠡᠵᠦ ᠪᠠᠢᠭ᠎ᠠ ᠬᠤᠪᠢ ᠵᠢᠨ ᠠᠵᠤ ᠠᠬᠤᠢᠯᠠᠯᠲᠠᠨ᠃ ᠲᠡᠷᠡ ᠪᠡᠷ ᠪᠦᠬᠦ ᠬᠤᠰᠢᠭᠤᠨᠤ ᠠᠮᠢᠳᠤᠷᠠᠯ ᠨᠢ ᠬᠦᠴᠢᠷᠲᠡᠢ ᠬᠦᠮᠦᠰ ᠲᠤ᠌ ᠬᠠᠨᠳᠢᠪ ᠲᠤᠰᠠᠯᠠᠮᠵᠢ ᠦᠭᠬᠦ ᠠᠵᠢᠯᠢ ᠡᠬᠢᠯᠡᠭᠦᠯᠦᠭᠡᠳ ᠬᠡᠳᠦᠨ ᠵᠢᠯᠤᠨ ᠨᠢᠭᠤᠷᠢ ᠦᠵᠡᠵᠡᠢ᠃

︱ ᠠᠪᠤ ᠮᠢᠨᠢ ᠨᠠᠮᠢ᠋ᠢ ᠳᠦᠷᠪᠡᠲᠡᠢ ᠪᠠᠢᠬᠤ ᠳ᠋ᠤ ᠪᠤᠷᠬᠠᠨ ᠪᠤᠯᠵᠤ᠂ ᠡᠵᠢ ᠮᠢᠨᠢ ᠮᠠᠨᠤ ᠠᠬ᠎ᠠ ᠳᠡᠭᠦᠦ ᠭᠤᠷᠪᠠᠭᠤᠯᠠ ᠵᠢ ᠲᠠᠲᠠᠵᠤ ᠴᠢᠩᠭᠠᠭᠠᠵᠤ ᠬᠦᠮᠦᠨ ᠪᠤᠯᠭᠠᠭᠰᠠᠨ ᠶᠤᠮ᠃ ᠲᠡᠭᠡᠬᠦ ᠳ᠋ᠤ ᠭᠤᠷᠪᠠᠨ ᠬᠡᠤᠬᠡᠳ ᠲᠠᠢ ᠪᠡᠯᠪᠡᠰᠦᠨ ᠪᠦᠰᠡᠭᠦᠢ ᠵᠢᠨ ᠠᠮᠢᠳᠤᠷᠠᠯ ᠬᠦᠴᠢᠷᠲᠡᠢ ᠪᠠᠢᠭᠰᠠᠨ ᠨᠢ ᠮᠡᠳᠡᠭᠡᠵᠢ ᠪᠤᠯᠬᠤᠷ ᠨᠡᠢᠭᠡᠮ ᠨᠡᠢᠲᠡ ᠵᠢᠨ ᠬᠠᠨᠳᠢᠪ ᠲᠤᠰᠠᠯᠠᠮᠵᠢ ᠵᠢ ᠪᠢᠳᠡ ᠬᠦᠷᠲᠡᠵᠦ ᠪᠠᠢᠭᠰᠠᠨ ᠪᠢᠯᠡ᠃ ᠮᠦᠨ ᠲᠡᠷᠡ ᠦᠶ᠎ᠡ ᠡᠴᠡ ᠬᠤᠵᠢᠮ ᠨᠡᠢᠭᠡᠮ ᠳ᠋ᠤ ᠠᠴᠢ ᠬᠠᠷᠢᠭᠤᠯᠬᠤ ᠪᠤᠳᠤᠯ ᠮᠢᠨᠢ ᠦᠨᠳᠦᠰᠦᠯᠡᠭᠰᠡᠨ ᠶᠤᠮ ᠭᠡᠵᠦ ᠸᠠᠩ ᠭᠦᠸᠧ ᠬᠠᠢ ᠬᠠᠨᠳᠢᠪᠤᠨ ᠦᠢᠯᠡᠰ ᠲᠤ᠌ ᠬᠦᠯ ᠲᠠᠯᠪᠢᠭᠰᠠᠨ ᠲᠤᠬᠠᠢ ᠪᠠᠨ ᠤᠴᠢᠷᠯᠠᠵᠤ ᠪᠠᠢᠯ᠎ᠠ᠃
2013 ᠤᠨ ᠳ᠋ᠤ ᠸᠠᠩ ᠬᠦᠸᠧ ᠬᠠᠢ ᠦᠢᠯᠡᠰ ᠪᠤᠰᠬᠠᠬᠤ ᠠᠩᠬᠠᠨᠤ ᠭᠠᠷᠤᠭ᠎ᠠ ᠪᠠᠨ ᠠᠪᠴᠤ᠂ ᠪᠤᠷᠤᠲᠤᠬᠤᠢ ᠠᠷᠢᠬᠢᠨ ᠦᠢᠯᠡᠰᠤᠨ ᠬᠠᠭᠤᠴᠢᠨ ᠪᠠᠷᠭᠤ ᠳ᠋ᠡᠬᠢ ᠲᠤᠰᠬᠠᠢ ᠡᠵᠡᠩᠨᠡᠯᠲᠡ ᠵᠢᠨ ᠡᠷᠬᠡ ᠵᠢ ᠤᠯᠵᠠᠢ᠃ ᠨᠦᠬᠦᠷ ᠭᠡᠷᠬᠡᠢ ᠬᠤᠶᠠᠭᠤᠯᠠ ᠪᠠᠨ ᠠᠵᠢᠯ ᠳ᠋ᠤ ᠨᠠᠷᠢᠨ ᠬᠢᠨᠠᠮᠠᠭᠠᠢ᠂ ᠬᠦᠯᠢᠴᠡᠩᠭᠦᠢ ᠨᠠᠢᠳᠠᠪᠤᠷᠢᠲᠠᠢ ᠬᠠᠨᠳᠤᠳᠠᠭ ᠡᠴᠡ ᠠᠭᠠᠵᠢᠮ ᠵᠢᠡᠷ ᠲᠡᠳᠡᠨᠤ ᠠᠵᠢᠯ ᠦᠢᠯᠡᠰ ᠦᠭᠡᠳᠡ ᠲᠠᠢ ᠪᠤᠯᠵᠤ᠂ ᠤᠤᠯᠤᠨ ᠬᠦᠷᠲᠡᠵᠦ ᠪᠠᠢᠭᠰᠠᠨ ᠳᠤᠤᠷ᠎ᠠ ᠪᠠᠲᠤᠯᠠᠭ᠎ᠠ ᠵᠢᠨ ᠬᠠᠷᠠᠭᠠᠯᠵᠠᠯ ᠵᠢᠡᠨ ᠰᠠᠢᠨ ᠳᠤᠷ᠎ᠠ ᠡᠴᠡ ᠪᠠᠨ ᠰᠢᠯᠵᠢᠭᠦᠯᠵᠦ᠂ ᠪᠤᠴᠠᠭᠠᠳ ᠨᠡᠢᠭᠡᠮ ᠨᠡᠢᠲᠡ ᠳ᠋ᠤ ᠲᠤᠰᠠᠯᠠᠮᠵᠢ ᠵᠢᠨ ᠬᠠᠯᠠᠭᠤᠨ ᠭᠠᠷ ᠵᠢᠡᠨ ᠰᠤᠩᠭᠠᠬᠤ ᠬᠠᠨᠳᠢᠪ ᠤᠨ ᠠᠶᠠᠨ ᠵᠢᠡᠨ ᠡᠬᠢᠯᠡᠬᠦᠯᠵᠠᠢ᠃ 《ᠠᠮᠢᠳᠤᠷᠠᠯ ᠡᠬᠢᠯᠡᠭᠡᠳ ᠰᠠᠢᠵᠢᠷᠠᠬᠰᠠᠨ ᠪᠤᠯᠬᠤᠷ ᠳᠤᠤᠷ᠎ᠠ ᠪᠠᠲᠤᠯᠠᠭ᠎ᠠ ᠵᠢᠨ ᠬᠠᠷᠠᠭᠠᠯᠵᠠᠯᠢ ᠪᠤᠰᠤᠳ ᠬᠡᠷᠡᠭᠴᠡᠭᠡ ᠲᠠᠢ ᠬᠦᠮᠦᠨ ᠳ᠋ᠤ ᠨᠢ ᠦᠭᠭᠦᠶ᠎ᠡ ᠭᠡᠵᠦ ᠪᠤᠳᠤᠭᠰᠠᠨ ᠶᠤᠮ᠂ ᠲᠡᠭᠡᠭᠡᠳ ᠦᠪᠡᠷᠲᠡᠭᠡᠨ ᠬᠡᠯᠡᠵᠦ ᠪᠠᠢᠭᠠᠳ ᠳᠤᠤᠷ᠎ᠠ ᠪᠠᠲᠤᠯᠠᠭ᠎ᠠ ᠬᠦᠷᠲᠡᠬᠦ ᠡᠷᠦᠬᠡ ᠵᠢᠨ ᠲᠤᠭᠠᠨ ᠡᠴᠡ ᠭᠠᠷᠤᠭᠰᠠᠨ 》 ᠭᠡᠵᠦ ᠲᠡᠷᠡ ᠬᠡᠯᠡᠨ᠎ᠡ᠃
2016 ᠤᠨ ᠡᠴᠡ ᠸᠠᠩ ᠭᠦᠸᠧ ᠬᠠᠢ ᠬᠤᠰᠢᠭᠤᠨᠤ ᠪᠠᠨ ᠠᠷᠠᠳᠤᠨ ᠶᠠᠪᠤᠳᠠᠯᠤᠨ ᠲᠤᠪᠴᠢᠶ᠎ᠠ᠂ ᠶᠠᠳᠠᠭᠤ ᠵᠢ ᠲᠡᠳᠬᠦᠬᠦ ᠠᠯᠪᠠᠨ ᠭᠡᠷ ᠲᠠᠢ ᠬᠠᠷᠢᠴᠠᠵᠤ᠂ ᠪᠦᠬᠦ ᠬᠤᠰᠢᠭᠤᠨᠤ 7 ᠰᠤᠮᠤ ᠪᠠᠯᠭᠠᠰᠤᠨᠤ 435 ᠶᠠᠳᠠᠭᠤ ᠬᠦᠴᠢᠷᠳᠡᠯᠲᠡᠢ ᠡᠷᠦᠬᠡ ᠵᠢᠨ ᠮᠡᠳᠡᠭᠡ ᠵᠠᠩᠬᠢ ᠵᠢ ᠤᠯᠵᠤ᠂ ᠲᠡᠳᠡᠨᠢ ᠬᠠᠪᠰᠤᠷᠤᠨ ᠲᠡᠳᠬᠦᠬᠦ ᠠᠵᠢᠯ ᠵᠢᠡᠨ ᠡᠬᠢᠯᠡᠭᠦᠯᠵᠡᠢ᠃ ᠪᠠᠶᠠᠷ ᠳᠤᠷᠠᠰᠬᠠᠯᠤᠨ ᠡᠳᠦᠷ ᠪᠤᠯᠬᠤ ᠪᠦᠷᠢ ᠲᠡᠳᠡ ᠭᠡᠷ ᠪᠦᠯᠢ ᠪᠡᠷ ᠵᠢᠡᠨ ᠨᠠᠰᠤᠲᠠᠢᠴᠤᠳᠢ ᠠᠰᠠᠷᠠᠬᠤ ᠬᠦᠷᠢᠶᠡᠯᠡᠩ ᠳ᠋ᠤ ᠬᠦᠷᠴᠦ᠂ ᠲᠡᠨᠳᠡᠬᠢ ᠨᠠᠰᠤᠲᠠᠳ ᠲᠠᠢ ᠵᠤᠭᠤᠭ ᠵᠤᠭ᠎ᠠ ᠳᠡᠯᠭᠡᠵᠦ᠂ ᠰᠡᠳᠬᠢᠯ ᠰᠠᠨᠠᠭ᠎ᠠ ᠵᠢ ᠨᠢ ᠵᠠᠰᠠᠳᠠᠭ ᠪᠦᠭᠡᠳ ᠠᠮᠢᠳᠤᠷᠠᠯᠤᠨ ᠬᠡᠷᠡᠭᠯᠡᠭᠡᠨᠤ ᠡᠳ᠋ ᠪᠤᠳᠠᠰ ᠬᠦᠷᠭᠡᠨ ᠲᠤᠬᠤᠨᠢᠭᠤᠯᠳᠠᠭ ᠃
ᠢᠩᠬᠢᠵᠦ ᠶᠠᠪᠤᠬᠤ ᠳ᠋ᠠᠭᠠᠨ ᠲᠡᠷᠡ ᠠᠯᠠᠭ ᠡᠷᠢᠶᠡᠨ ᠶᠢᠷᠲᠢᠨᠴᠦ ᠵᠢᠨ ᠡᠯᠳᠡᠪ ᠠᠮᠲᠠ ᠵᠢ ᠪᠤᠰᠤᠳᠤᠨ ᠠᠮᠢᠳᠤᠷᠠᠯ ᠳᠤᠮᠳᠠ ᠡᠴᠡ ᠮᠡᠳᠡᠷᠡᠵᠦ᠂ ᠦᠪᠡᠷᠤᠨ ᠵᠢᠡᠨ ᠬᠢᠵᠦ ᠪᠠᠢᠭ᠎ᠠ ᠦᠢᠯᠡᠰ ᠲᠡᠭᠡᠨ ᠤᠯᠠᠮ ᠰᠡᠳᠬᠢᠯ ᠰᠢᠯᠤᠭᠤᠳᠤᠭᠰᠠᠨ ᠲᠡᠳᠦᠢ ᠦᠭᠡᠢ ᠬᠠᠵᠠᠭᠤ ᠬᠠᠪᠢ ᠵᠢᠨ ᠵᠢᠡᠨ ᠨᠠᠢᠵᠠ ᠨᠦᠬᠦᠳ ᠵᠢᠡᠨ ᠴᠤ᠌ ᠡᠨᠡ ᠵᠠᠮ ᠳ᠋ᠤ ᠬᠦᠲᠦᠯᠦᠭᠰᠡᠨ ᠪᠠᠢᠯ᠎ᠠ᠃ 《ᠨᠢᠭᠡ ᠤᠳᠠᠭ᠎ᠠ ᠪᠢ ᠠᠷᠠᠳᠤᠨ ᠶᠠᠪᠤᠳᠠᠯᠤᠨ ᠲᠤᠪᠴᠢᠶᠠᠨ ᠡᠴᠡ ᠾᠧᠤ ᠶᠤᠸᠠᠢ ᠺᠦᠨ ᠭᠡᠳᠡᠭ ᠬᠡᠤᠬᠡᠳᠤᠨ ᠲᠤᠬᠠᠢ ᠤᠢᠯᠠᠭᠠᠭᠠᠳ᠂ ᠲᠡᠭᠦᠨ ᠳ᠋ᠤ ᠪᠠᠭ᠎ᠠ ᠴᠤ᠌ ᠭᠡᠰᠡᠨ ᠲᠤᠰᠠ ᠳᠡᠮᠵᠢᠯᠭᠡ ᠪᠤᠯᠬᠤ ᠪᠡᠷ ᠡᠳ᠋ ᠪᠤᠳᠠᠰ ᠬᠦᠷᠭᠡᠵᠦ ᠤᠴᠢᠭᠰᠠᠨ ᠶᠤᠮ᠃ ᠨᠢ᠋ᠮᠠᠬᠠᠨ ᠨᠠᠰᠤᠲᠠᠢ ᠲᠡᠷᠡ ᠬᠡᠤᠬᠡᠳ ᠨᠢᠭᠡ ᠯᠡ ᠵᠢᠯᠤᠨ ᠳᠤᠲᠤᠷ᠎ᠠ ᠠᠪᠤ ᠡᠵᠢ ᠪᠠᠨ ᠬᠤᠢᠨ᠎ᠠ ᠬᠤᠢᠨ᠎ᠠ ᠡᠴᠡ ᠨᠢ ᠠᠯᠳᠠᠵᠤ᠂ ᠨᠠᠭᠠᠴᠤ ᠡᠪᠦᠭᠡ ᠡᠮᠡᠭᠡ ᠲᠠᠢ ᠪᠠᠨ ᠠᠮᠢᠳᠤᠷᠠᠵᠤ ᠪᠠᠢᠯ᠎ᠠ᠃ ᠮᠠᠰᠢ ᠲᠤᠷᠠᠩᠬᠠᠢ᠂ ᠨᠢᠭᠤᠷ ᠲᠠᠭᠠᠨ ᠭᠡᠷᠡᠯ ᠦᠭᠡᠢ ᠪᠤᠯᠤᠭᠰᠠᠨᠢ ᠨᠢ ᠬᠠᠷᠠᠬᠤ ᠳ᠋ᠤ ᠰᠡᠳᠬᠢᠯ ᠡᠪᠡᠳᠦᠮᠡᠷ᠃ ᠠᠩᠬ᠎ᠠ ᠠᠭᠤᠯᠵᠠᠬᠤ ᠳ᠋ᠤ ᠬᠢᠷᠪᠢᠰᠢᠨ ᠲᠤᠲᠠᠭᠠᠭᠠᠳ ᠪᠠᠢᠭᠰᠠᠨ ᠴᠤ᠌ ᠠᠭᠠᠵᠢᠮ ᠳ᠋ᠠᠭᠠᠨ ᠪᠦᠱᠦᠭᠦᠷᠭᠡᠬᠦ ᠪᠠᠨ ᠪᠤᠯᠢᠵᠤ᠂ ᠤᠢᠷᠠᠲᠤᠨ ᠡᠭᠡᠨᠡᠭᠰᠢᠭᠰᠡᠭᠡᠷ ᠰᠠᠨᠠᠭᠠᠨ ᠳ᠋ᠤ ᠦᠭᠡᠢ ᠵᠢᠨ ᠳᠤᠮᠳᠠ ᠭᠠᠷ ᠵᠢᠡᠨ ᠭᠠᠷ ᠳᠡᠭᠡᠷ᠎ᠡ ᠮᠢᠨᠢ ᠲᠠᠯᠪᠢᠬᠤ ᠳ᠋ᠤ ᠳᠤᠲᠤᠷ᠎ᠠ ᠨᠢᠭᠡ ᠯᠡ ᠬᠠᠴᠢᠨ ᠪᠤᠯᠤᠭᠠᠳ ᠶᠠᠪᠤᠴᠢᠬᠠᠭᠰᠠᠨ ᠶᠤᠮ᠃ ᠡᠢᠮᠦᠷᠬᠦᠦ ᠰᠡᠳᠬᠢᠯ ᠬᠦᠳᠡᠯᠭᠡᠬᠦ ᠮᠦᠴᠡ ᠳᠠᠩᠳᠠ ᠪᠠᠨ ᠳᠤᠬᠢᠶᠠᠯᠳᠤᠨ᠎ᠠ᠂ ᠲᠡᠭᠡᠬᠦ ᠪᠦᠷᠢ ᠦᠪᠡᠷᠤᠨ ᠵᠦᠪ ᠶᠠᠭᠤᠮ᠎ᠠ ᠬᠢᠵᠦ ᠪᠠᠢᠭ᠎ᠠ ᠪᠠᠨ ᠬᠦᠨᠵᠡᠭᠡᠢ ᠤᠢᠯᠠᠭᠠᠳᠠᠭ》 ᠭᠡᠵᠦ ᠸᠠᠩ ᠭᠦᠸᠧ ᠬᠠᠢ ᠬᠡᠯᠡᠬᠦ ᠳ᠋ᠤ ᠲᠤᠩᠭᠠᠯᠠᠭ ᠴᠡᠭᠡᠯᠬᠡᠨ ᠬᠤᠭᠤᠯᠠᠢ ᠨᠢ ᠦᠯᠦ ᠮᠡᠳᠡᠭᠳᠡᠮ᠎ᠡ ᠡᠷᠢᠶᠡᠨᠲᠦᠬᠦ ᠰᠢᠭ ᠪᠤᠯᠵᠤ ᠪᠠᠢᠯ᠎ᠠ᠃
︱ ᠪᠦᠬᠦ ᠬᠤᠰᠢᠭᠤᠨᠤ ᠠᠮᠢᠳᠤᠷᠠᠯ ᠬᠦᠴᠢᠷᠲᠡᠢ ᠬᠦᠮᠦᠰᠢ ᠲᠤᠰᠠᠯᠠᠵᠤ ᠶᠠᠪᠤᠬᠤ ᠳ᠋ᠤ ᠶᠠᠮᠠᠷ ᠴᠤ᠌ ᠦᠨᠳᠦᠰᠦᠲᠡᠨ ᠶᠠᠰᠤᠲᠠᠨᠤ ᠬᠦᠮᠦᠰ ᠪᠦᠷ ᠪᠠᠢᠨ᠎ᠠ᠃ ᠪᠢ ᠦᠪᠡᠷ ᠵᠢᠡᠨ ᠮᠤᠩᠭᠤᠯ ᠦᠨᠳᠦᠰᠦᠲᠡᠨ᠂ ᠰᠠᠶᠢᠬᠢ ᠾᠧᠤ ᠶᠤᠸᠠᠢ ᠺᠦᠨ ᠭᠡᠳᠡᠭ ᠬᠡᠤᠬᠡᠳ ᠪᠤᠯ ᠬᠢᠲᠠᠳ ᠦᠨᠳᠦᠰᠦᠲᠡᠨ ᠶᠤᠮ᠃ ᠭᠡᠬᠦ ᠳ᠋ᠡᠭᠡᠨ ᠪᠢ ᠲᠡᠳᠡᠨᠢ ᠢᠯᠭᠠᠵᠤ ᠦᠵᠡᠳᠡᠭ ᠦᠭᠡᠢ᠂ ᠠᠳᠠᠯᠢᠬᠠᠨ ᠨᠢᠭᠡ ᠨᠡᠢᠭᠡᠮᠤᠨ ᠪᠦᠷᠢᠯᠳᠦᠭᠦᠨᠤ ᠬᠤᠪᠢ ᠡᠴᠡ ᠬᠠᠢᠷ᠎ᠠ ᠬᠠᠯᠠᠮᠵᠢ ᠪᠠᠨ ᠵᠡᠷᠭᠡ ᠳ᠋ᠤᠨᠢ ᠬᠦᠷᠲᠡᠭᠡᠵᠦ ᠶᠠᠪᠤᠳᠠᠭ ᠶᠤᠮ ᠭᠡᠵᠦ ᠲᠡᠷᠡ ᠬᠡᠯᠡᠨ᠎ᠡ᠃
ᠠᠷᠤᠨ ᠬᠤᠰᠢᠭᠤᠨ ᠡᠴᠡ ᠬᠠᠭᠤᠴᠢᠨ ᠪᠠᠷᠭᠤ ᠳ᠋ᠤ ᠢᠷᠡᠵᠦ ᠠᠵᠢᠯᠯᠠᠵᠤ ᠠᠮᠢᠳᠤᠷᠠᠵᠤ ᠪᠠᠢᠭ᠎ᠠ ᠵᠦᠩ ᠪᠤᠤ ᠪᠤᠯ ᠸᠠᠩ ᠭᠦᠸᠧ ᠬᠠᠢ ᠵᠢᠨ ᠨᠠᠢᠵᠠ᠃ ᠶᠡᠷᠡᠬᠡᠳ ᠤᠨ ᠳᠦ ᠲᠦᠷᠦᠭᠰᠡᠨ ᠲᠡᠷᠡ ᠴᠤ᠌ ᠭᠡᠷ ᠪᠦᠯᠢ ᠵᠢᠨ ᠬᠢᠨ ᠲᠠᠢ ᠪᠠᠨ ᠸᠠᠩ ᠭᠦᠸᠧ ᠬᠠᠢ ᠵᠢᠨ ᠬᠠᠨᠳᠢᠪ ᠲᠤᠰᠠᠯᠠᠮᠵᠢ ᠵᠢᠨ ᠦᠢᠯᠡᠰ ᠲᠤ᠌ ᠬᠦᠴᠦᠨ ᠨᠢᠭᠡᠳᠴᠡᠢ᠃ 《ᠪᠢ 1998 ᠤᠨᠤ ᠦᠶᠡᠷᠤᠨ ᠦᠶ᠎ᠡ ᠳ᠋ᠤ ᠨᠡᠢᠭᠡᠮᠤᠨ ᠬᠠᠯᠠᠭᠤᠨ ᠰᠡᠳᠬᠢᠯᠲᠡᠨᠤ ᠬᠠᠨᠳᠢᠪᠯᠠᠭᠰᠠᠨ ᠬᠤᠪᠴᠠᠰᠤ ᠵᠢ ᠡᠮᠦᠰᠴᠦ ᠦᠩᠭᠡᠷᠡᠭᠰᠡᠨ ᠶᠤᠮ᠃ ᠲᠡᠢᠮᠦ ᠡᠴᠡ ᠨᠡᠢᠭᠡᠮ ᠨᠡᠢᠲᠡ ᠳ᠋ᠤ ᠠᠴᠢ ᠬᠠᠷᠢᠭᠤᠯᠬᠤ ᠲᠤᠬᠠᠢ ᠪᠤᠳᠤᠵᠤ ᠶᠠᠪᠤᠭᠰᠠᠭᠠᠷ ᠬᠤᠵᠢᠮ ᠨᠢ ᠸᠠᠩ ᠠᠬ᠎ᠠ ᠵᠢᠨ ᠡᠨᠡ ᠠᠵᠢᠯᠯᠠᠭ᠎ᠠ ᠵᠢ ᠦᠵᠡᠭᠡᠳ ᠬᠠᠮᠲᠤ ᠬᠢᠬᠦ ᠰᠠᠨᠠᠭ᠎ᠠ ᠤᠷᠤᠵᠠᠢ》 ᠭᠡᠵᠦ ᠲᠡᠷᠡ ᠬᠡᠯᠡᠨ᠎ᠡ᠃
ᠮᠤᠩᠭᠤᠯ ᠤᠶᠤᠳᠠᠯᠳᠦ ᠪᠠᠬᠠᠳᠠᠢ ᠬᠢᠲᠠᠳ ᠪᠦᠰᠡᠭᠦᠢ
《ᠢᠪᠡᠭᠡᠯ ᠬᠤᠪᠴᠠᠰᠤ ᠬᠢᠬᠦ ᠳᠡᠯᠭᠡᠭᠦᠷ》ᠭᠡᠰᠡᠨ ᠫᠠᠢᠰᠠ ᠢᠯᠡᠷᠬᠡᠢᠯᠡᠯᠢ ᠨᠢ ᠬᠠᠷᠠᠭᠰᠠᠨ ᠬᠡᠨ ᠬᠦᠮᠦᠨ ᠴᠤ᠌ ᠮᠤᠩᠭᠤᠯ ᠬᠦᠮᠦᠨᠤ ᠡᠷᠬᠢᠯᠡᠭᠰᠡᠨ ᠬᠤᠪᠴᠠᠰᠤᠨᠤ ᠳᠡᠯᠭᠡᠭᠦᠷ ᠭᠡᠵᠦ ᠪᠤᠳᠤᠬᠤ ᠪᠠᠢᠬ᠎ᠠ᠃ ᠭᠡᠲᠡᠯ᠎ᠡ ᠲᠡᠢᠮᠦ ᠪᠢᠰᠢ᠂ ᠡᠨᠡ ᠬᠦ᠌ ᠳᠡᠯᠭᠡᠭᠦᠷ ᠨᠢ ᠬᠢᠲᠠᠳ ᠪᠦᠰᠡᠭᠦᠢ ᠸᠧᠢ ᠯᠢ ᠵᠢᠨ ᠡᠷᠬᠢᠯᠡᠭᠰᠡᠨ ᠮᠤᠩᠭᠤᠯ ᠬᠤᠪᠴᠠᠰᠤ ᠵᠠᠰᠠᠯᠤᠨ ᠳᠡᠯᠭᠡᠭᠦᠷ ᠠᠵᠢ᠃ ᠳᠡᠯᠬᠡᠬᠦᠷᠲᠦ ᠤᠷᠤᠪᠠᠯ ᠳᠡᠬᠦᠨ ᠤ ᠭᠠᠷ ᠵᠢᠡᠨ ᠭᠠᠷᠭᠠᠵᠦ ᠤᠶᠤᠬᠰᠠᠨ ᠰᠦᠬᠡᠬᠡᠢ ᠭᠤᠳᠤᠯ᠂ ᠤᠷᠤᠯᠳᠤᠭᠠᠨᠳᠦ ᠤᠷᠤᠯᠴᠠᠬᠤ ᠪᠡᠷ ᠪᠠᠢᠭ᠎ᠠ ᠦᠨᠳᠦᠰᠦᠳᠡᠨ ᠤ ᠤᠨᠴᠠᠯᠢᠬᠳᠦ ᠭᠠᠷ ᠤᠷᠠᠯᠠᠯ᠂ ᠦᠨᠭᠬᠡ ᠵᠠᠬᠪᠤᠷ ᠬᠤᠤᠰᠯᠠᠬᠠᠰᠠᠨ ᠭᠤᠶᠤ ᠳᠡᠷᠯᠢᠭ ᠳᠡᠯᠬᠡᠭᠳᠡᠵᠦ᠂ ᠡᠵᠡᠨᠤ ᠪᠡᠨ ᠤᠷᠠᠨ ᠭᠠᠷ ᠤᠬᠠᠭᠠᠨ ᠠᠪᠬᠠᠯᠵᠢ ᠵᠢ ᠭᠠᠢᠬᠠᠭᠤᠯᠤᠨ᠎ᠠ᠃
ᠸᠧᠢ ᠯᠢ 1993 ᠤᠨ ᠳ᠋ᠤ ᠬᠠᠭᠤᠴᠢᠨ ᠪᠠᠷᠭᠤ ᠵᠢᠨ ᠠᠵᠢᠯ ᠮᠡᠷᠭᠡᠵᠢᠯᠤᠨ ᠦᠨᠳᠦᠷ ᠳᠤᠮᠳᠠᠳᠤ ᠰᠤᠷᠭᠠᠭᠤᠯᠢ ᠡᠴᠡ ᠲᠡᠭᠦᠰᠦᠭᠡᠳ᠂ ᠬᠤᠪᠴᠠᠰᠤ ᠵᠠᠰᠠᠯ ᠤᠷᠠᠯᠠᠵᠤ ᠡᠰᠭᠡᠬᠦ ᠠᠵᠢᠯ ᠬᠢᠵᠡᠢ᠃ ᠮᠤᠩᠭᠤᠯ ᠨᠤᠲᠤᠭ ᠲᠤ᠌ ᠲᠦᠷᠦᠵᠦ ᠦᠰᠦᠭᠡᠳ᠂ ᠮᠤᠩᠭᠤᠯ ᠰᠤᠶᠤᠯᠤᠨ ᠰᠢᠳᠢ ᠬᠦᠴᠦᠨ ᠳ᠋ᠤ ᠭᠦᠨ᠎ᠡ ᠲᠠᠲᠠᠭᠳᠠᠭᠰᠠᠨ ᠲᠡᠷᠡ ᠪᠡᠷ ᠦᠨᠳᠦᠰᠦᠲᠡᠨᠤ ᠭᠠᠷ ᠤᠷᠠᠯᠠᠯᠤᠨ ᠲᠦᠷᠦᠯ ᠳ᠋ᠤ ᠰᠤᠨᠢᠷᠬᠠᠯᠲᠠᠢ ᠪᠤᠯᠵᠤ᠂ ᠬᠠᠭᠤᠴᠢᠨ ᠪᠠᠷᠭᠤ ᠵᠢᠨ ᠰᠦᠭᠡᠭᠡᠢ ᠭᠤᠳᠤᠯᠤᠨ ᠤᠷᠤᠨᠤ ᠳᠡᠰᠤᠨ ᠪᠤᠳᠠᠰᠤᠨ ᠪᠤᠰᠤ ᠰᠤᠶᠤᠯᠤᠨ ᠦᠪᠤᠨ ᠤᠯᠠᠮᠵᠢᠯᠠᠭᠴᠢ ᠠᠯᠲᠠᠨᠭᠤᠷᠭᠤᠤᠯᠲᠠᠢ ᠭᠤᠸᠠᠢ ᠳ᠋ᠤ ᠱᠠᠪᠢᠯᠠᠨ᠂ ᠮᠤᠩᠭᠤᠯ ᠬᠤᠪᠴᠠᠰᠤ ᠵᠠᠰᠠᠯ ᠤᠷᠠᠯᠠᠵᠤ ᠡᠰᠭᠡᠬᠦ ᠵᠢ ᠰᠤᠷᠴᠠᠢ᠃
︱ ᠡᠨᠡ ᠠᠵᠢᠯᠢ ᠬᠢᠵᠦ ᠡᠬᠢᠯᠡᠭᠰᠡᠨ ᠡᠴᠡ ᠬᠤᠢᠰᠢ ᠠᠮᠵᠢᠯᠲᠠ ᠵᠢᠨ ᠮᠡᠳᠡᠷᠡᠮᠵᠢ ᠲᠠᠰᠤᠷᠠᠭ᠎ᠠ ᠦᠭᠡᠢ᠂ ᠤᠯᠠᠮ ᠡᠴᠡ ᠤᠯᠠᠮ ᠳᠤᠷ᠎ᠠ ᠰᠤᠨᠢᠷᠬᠠᠯ ᠳ᠋ᠠᠭᠠᠨ ᠬᠦᠲᠦᠯᠦᠭᠳᠡᠨ ᠤᠷᠤᠯᠳᠤᠭᠰᠠᠭᠠᠷ ᠤᠳᠤ ᠪᠤᠯᠬᠤ ᠳ᠋ᠤ ᠦᠪᠡᠷᠤᠨ ᠡᠢᠮᠦ ᠨᠢᠭᠡᠨ ᠳᠡᠯᠭᠡᠭᠦᠷ ᠲᠠᠢ ᠪᠤᠯᠵᠤ᠂ ᠠᠮᠢᠳᠤᠷᠠᠯ ᠳ᠋ᠠᠭᠠᠨ ᠲᠤᠰᠠ ᠪᠤᠯᠬᠤ ᠪᠡᠷ ᠤᠷᠤᠯᠭ᠎ᠠ ᠲᠠᠢ ᠪᠤᠯᠤᠭᠰᠨᠨ ᠡ ᠭᠡᠵᠦ ᠸᠧᠢ ᠯᠢ ᠬᠡᠯᠡᠵᠦ ᠪᠠᠢᠯ᠎ᠠ᠃
ᠳᠡᠯᠭᠡᠭᠦᠷ ᠡᠷᠬᠢᠯᠡᠭᠰᠡᠨ ᠡᠴᠡ ᠪᠠᠨ ᠬᠤᠢᠰᠢ ᠬᠤᠪᠴᠠᠰᠤ ᠵᠠᠰᠠᠯ᠂ ᠭᠠᠷ ᠤᠷᠠᠯᠠᠯᠤᠨ ᠪᠦᠲᠦᠭᠡᠭᠳᠡᠭᠦᠨ ᠨᠢ ᠪᠤᠷᠤᠯᠠᠭᠤᠯᠭ᠎ᠠ ᠰᠠᠢᠲᠠᠢ ᠪᠤᠯᠵᠤ᠂ ᠵᠠᠷᠢᠮ ᠳ᠋ᠠᠭᠠᠨ ᠭᠠᠭᠴᠠᠭᠠᠷ ᠬᠢᠭᠡᠳ ᠵᠠᠪᠳᠤᠬᠤ ᠦᠭᠡᠢ ᠪᠤᠯᠪᠠᠯ ᠰᠠᠢᠬᠠᠨ ᠶᠠᠪᠤᠯᠴᠠᠳᠠᠭ ᠡᠭᠡᠴᠢ ᠲᠡᠭᠦᠦᠰ ᠵᠢᠡᠷ ᠵᠢᠡᠨ ᠬᠠᠪᠰᠤᠷᠤᠭᠤᠯᠤᠨ ᠬᠢᠯᠭᠡᠳᠡᠭ ᠪᠤᠯᠵᠠᠢ᠃ ᠰᠠᠢᠬᠠᠨ ᠶᠠᠪᠤᠯᠴᠠᠳᠠᠭ ᠡᠭᠡᠴᠢ ᠲᠡᠭᠦᠤᠰ ᠭᠡᠵᠦ ᠬᠡᠯᠡᠬᠦ ᠡᠴᠡ ᠸᠧᠢ ᠯᠢ ᠲᠠᠢ ᠳᠤᠷ᠎ᠠ ᠰᠤᠨᠢᠷᠬᠠᠯ ᠨᠢᠭᠡᠲᠡᠳ ᠪᠠᠢᠵᠤ᠂ ᠦᠨᠳᠦᠰᠦᠲᠡᠨᠤ ᠭᠠᠷ ᠤᠷᠠᠯᠠᠯᠤᠨ ᠮᠡᠷᠭᠡᠵᠢᠯ ᠴᠢᠳᠠᠪᠤᠷᠢ ᠪᠠᠨ ᠬᠠᠷᠢᠯᠴᠠᠨ ᠰᠤᠯᠢᠯᠴᠠᠵᠤ᠂ ᠪᠡᠶ᠎ᠡ ᠪᠡᠶ᠎ᠡ ᠳ᠋ᠡᠭᠡᠨ《ᠪᠠᠭᠰᠢᠯᠠᠵᠤ》 ᠶᠠᠪᠤᠳᠠᠭ ᠨᠠᠢᠵᠠ ᠨᠦᠬᠦᠳ ᠨᠢ ᠠᠵᠢ᠃
︱ ᠲᠡᠳᠡᠨᠤ ᠳᠤᠲᠤᠷ᠎ᠠ ᠬᠢᠲᠠᠳ ᠮᠤᠩᠭᠤᠯ ᠦᠨᠳᠦᠰᠦᠲᠡᠨ ᠪᠦᠷ ᠪᠠᠢᠨ᠎ᠠ᠃ ᠨᠠᠳᠠ ᠳ᠋ᠤ ᠠᠷᠢᠭᠤᠯᠠ ᠭᠡᠵᠦ ᠮᠤᠩᠭᠤᠯ ᠨᠠᠢᠵᠠ ᠪᠠᠢᠳᠠᠭ᠂ ᠲᠡᠷᠡ ᠴᠤ᠌ ᠮᠦᠨ ᠮᠢᠨᠦ ᠡᠨᠳᠡ ᠡᠴᠡ ᠤᠶᠤᠳᠠᠯ ᠤᠷᠠᠯᠠᠯᠤᠨ ᠠᠵᠢᠯ ᠠᠪᠠᠴᠢᠨ ᠬᠢᠵᠦ᠂ ᠮᠡᠳᠡᠬᠦ ᠦᠭᠡᠢ ᠴᠢᠳᠠᠬᠤ ᠦᠭᠡᠢ ᠪᠠᠨ ᠠᠰᠠᠭᠤᠵᠤ ᠰᠤᠷᠠᠨ᠂ ᠦᠪᠡᠷ ᠵᠢᠡᠨ ᠴᠤ᠌ ᠨᠠᠳᠠᠳᠤ ᠤᠯᠠᠨ ᠵᠦᠢᠯᠢ ᠵᠢᠭᠠᠵᠤ ᠦᠭᠭᠦᠭᠰᠡᠨ᠃ ᠮᠠᠨᠤᠰ ᠬᠤᠭᠤᠷᠤᠨᠳᠤ ᠪᠠᠨ ᠦᠨᠳᠦᠰᠦᠲᠡᠨ ᠦᠭᠡᠷ᠎ᠡ ᠴᠤ᠌ ᠳᠤᠷ᠎ᠠ ᠰᠤᠨᠢᠷᠬᠠᠯ ᠵᠢᠡᠷ ᠵᠢᠡᠨ ᠨᠢᠬᠡᠳᠦᠭᠰᠡᠨ ᠶᠤᠮ ᠭᠡᠵᠦ ᠸᠧᠢ ᠯᠢ ᠬᠡᠯᠡᠵᠦ ᠪᠢᠯᠡ᠃
ᠪᠦᠯᠬᠦᠮᠳᠡᠯ ᠨᠢᠬᠳᠠᠷᠠᠯ ᠬᠡᠭᠴᠢ ᠦᠢ ᠤᠯᠠᠨ ᠡᠬᠡᠯ ᠬᠦᠮᠦᠰᠤᠨ ᠡᠪ ᠨᠠᠢᠷ ᠦᠢᠯᠠᠭᠠᠯᠴᠠᠭ᠎ᠠ ᠶᠠᠪᠤᠯᠴᠠᠭ᠎ᠠ ᠵᠢᠨ ᠰᠠᠭᠤᠷᠢᠨ ᠳᠡᠬᠡᠷ᠎ᠠ ᠴᠤᠬᠴᠠᠯᠠᠬᠳᠠᠨ ᠪᠠᠳᠤᠵᠢᠳᠠᠭ ᠬᠡᠰᠡᠨᠢ ᠪᠠᠶᠠᠨᠬᠦ᠋ᠷᠢᠶ᠎ᠠ ᠵᠢᠨ 《ᠪᠠᠶᠠᠨ》 ᠬᠦᠮᠦᠰ ᠮᠠᠨᠢ ᠴᠠᠭᠠᠬᠠᠨᠨ ᠢᠨᠢᠶᠡᠮᠰᠦᠭᠯᠡᠯ ᠵᠢᠡᠷ ᠵᠢᠡᠨ ᠬᠡᠯᠡᠬᠡᠳ ᠪᠠᠢᠬᠰᠠᠨ ᠶᠤᠮᠳᠠ!