ᠵᠡᠷᠭᠡᠯᠭᠡᠨᠳᠤ ᠭᠤᠪᠢ ᠶ᠋ᠢᠨ ᠡᠶ᠎ᠠ ᠲᠤᠬᠳᠠᠯᠴᠠᠭ᠎ᠠ
2023-08-24 11:55:22
ᠵᠣᠬᠢᠶᠠᠭ᠍ᠴᠢ᠄
ᠪᠤᠤ ᠦᠷᠭᠡᠨ ᠯᠢᠤ ᠬᠤᠩ ᠵᠠᠩ ᠬᠦᠭᠵᠢᠯᠲᠦ ᠪᠠᠶᠠᠷᠴᠡᠩᠭᠡᠯ ᠮᠡᠷᠭᠡᠨᠪᠢᠯᠢᠭ
ᠣᠩᠱᠢᠭ᠍ᠰᠠᠨ ᠣᠳᠠᠭ᠎ᠠ᠄
★★★☆☆

● ᠡᠵᠡᠨ᠎ᠡ ᠬᠤᠰᠢᠭᠤᠨ᠎ᠡᠴᠡ ᠦᠨᠳᠦᠰᠦᠳᠡᠨ᠎ᠤ ᠪᠦᠯᠬᠦᠮᠳᠡᠯ ᠳᠠᠪᠰᠢᠯᠳᠠ᠎ᠶᠢᠨ ᠤᠯᠤᠰ᠎ᠤᠨ ᠳᠡᠰ᠎ᠤᠨ ᠵᠢᠱ᠌ᠢᠶᠡᠴᠢ ᠬᠠᠮᠳᠦ ᠨᠢᠭᠡᠴᠢ 4᠂ ᠵᠢᠱ᠌ᠢᠶᠡᠴᠢ ᠬᠤᠪᠢ ᠬᠦᠮᠦᠨ 4᠂ ᠦᠪᠡᠷᠳᠡᠭᠡᠨ ᠵᠠᠰᠠᠬᠤ ᠤᠷᠤᠨ᠎ᠤ ᠳᠡᠰ᠎ᠤᠨ ᠵᠢᠱ᠌ᠢᠶᠡᠴᠢ ᠬᠠᠮᠳᠦ ᠨᠢᠭᠡᠴᠢ 22᠂ ᠵᠢᠱ᠌ᠢᠶᠡᠴᠢ ᠬᠤᠪᠢ ᠬᠦᠮᠦᠨ13 ᠬᠦᠮᠦᠨ ᠴᠤᠯᠭᠤᠷᠠᠵᠠᠢ᠃

●ᠡᠵᠡᠨ᠎ᠡ ᠬᠤᠰᠢᠭᠤᠨ᠎ᠳᠤ᠂ ᠦᠨᠳᠦᠰᠦᠳᠡᠨ᠎ᠤ ᠪᠦᠯᠬᠦᠮᠳᠡᠯ ᠳᠠᠪᠰᠢᠯᠳᠠ᠎ᠶᠢᠨ ᠪᠦᠳᠦᠭᠡᠨ ᠪᠠᠢᠭᠤᠯᠤᠯᠳᠠ᠎ᠶᠢᠨ ᠦᠯᠢᠭᠡᠷ ᠳᠠᠭᠤᠷᠢᠶᠠᠯ᠎ᠤᠨ ᠵᠢᠱ᠌ᠢᠶ᠎ᠡ ᠦᠵᠡᠬᠦᠯᠬᠦ ᠴᠡᠭ 15 ᠪᠠᠢᠨ᠎ᠠ᠃

●1992 ᠤᠨ᠎ᠡᠴᠡ ᠨᠠᠭᠠᠰᠢ᠂ ᠡᠵᠡᠨ᠎ᠡ ᠬᠤᠰᠢᠭᠤ ᠵᠠᠯᠭᠠᠭ᠎ᠠ ᠪᠡᠷ 6 ᠤᠳᠠᠭ᠎ᠠ《ᠪᠦᠬᠦ ᠤᠯᠤᠰ᠎ᠤᠨ ᠬᠤᠶᠠᠷ᠎ᠢ ᠬᠦᠷᠢᠶᠡᠯᠡᠭᠰᠡᠨ ᠵᠢᠱ᠌ᠢᠶᠡᠴᠢ ᠰᠢᠶᠠᠨ》 ᠤ᠋ ᠢᠷᠠᠭᠤ ᠠᠯᠳᠠᠷ᠎ᠢ ᠬᠦᠷᠳᠡᠵᠡᠢ᠃

●4 ᠳ᠋ᠦ᠋ᠩᠰᠢᠭᠤᠷ ᠲᠦᠬᠦᠷᠢᠭ᠎ᠤᠨ ᠪᠡᠯᠡ ᠤᠷᠤᠭᠤᠯᠵᠦ᠂ ᠦᠨᠳᠦᠰᠦᠳᠡᠨ᠎ᠤ ᠪᠦᠯᠬᠦᠮᠳᠡᠯ᠎ᠤᠨ ᠭᠤᠤᠯ ᠰᠡᠳᠦᠪᠳᠦ ᠠᠭᠤᠳᠠᠮ ᠳᠠᠯᠠᠪᠠᠢ 1᠂ ᠴᠡᠴᠡᠷᠯᠢᠭ 1᠂ ᠦᠵᠡᠬᠦᠯᠭᠡ᠎ᠶᠢᠨ ᠲᠢᠩᠬᠢᠮ 5᠂ ᠰᠤᠷᠭᠠᠨ ᠬᠦᠮᠦᠵᠢᠯ᠎ᠤᠨ ᠰᠠᠭᠤᠷᠢᠨ ᠎ᠢ᠋ 9 ᠪᠠᠢᠭᠤᠯᠵᠠᠢ᠃

ᠠᠯᠤᠰ ᠡᠴᠡ ᠪᠠᠷᠠᠯᠠᠬᠤ᠎ᠳᠤ ᠠᠭᠤᠯᠨ ᠬᠠᠢᠷᠬᠠᠨ᠂ ᠲᠤᠪᠤ ᠲᠤᠯᠤᠭᠠᠳ᠂ ᠭᠤᠪᠢ ᠴᠢᠯᠠᠭᠤᠳ ᠠᠷ ᠲᠠᠳᠠᠨ ᠪᠥᠷᠳᠥᠯᠵᠡᠨ ᠬᠠᠷᠠᠬᠳᠠᠬᠤ ᠪᠡᠷ ᠬᠥᠮᠥᠰ ᠡᠵᠡᠨ᠎ᠠ ᠨᠤᠳᠤᠬ᠎ᠢ 《ᠵᠡᠷᠭᠡᠯᠭᠡᠨᠳᠤ ᠭᠤᠪᠢ 》 ᠬᠡᠵᠥ ᠲᠤᠳᠤᠨᠤᠴᠢᠯᠠᠨ ᠲᠠᠭᠤᠳᠠᠳᠠᠬ᠃ ᠡᠵᠡᠨ᠎ᠠ ᠬᠤᠰᠢᠭᠤᠨ᠎ᠤ ᠲᠥᠪ ᠲᠠᠯᠠᠢᠬᠥ᠋ᠪ ᠪᠠᠯᠭᠠᠰᠤᠨ ᠡᠴᠡ ᠪᠠᠷᠠᠭᠤᠨ ᠡᠮᠥᠨᠡᠰᠢ ᠵᠠᠭᠤ ᠭᠠᠷᠤᠢ ᠺᠢᠯᠥᠮᠸᠲᠷ ᠵᠠᠢᠳᠠᠢ ᠪᠠᠢᠷᠢᠯᠠᠭ᠎ᠠ ᠳ᠋ᠦᠩ ᠹᠧᠩ ᠪᠠᠯᠭᠠᠰᠤᠨ᠎ᠤ ᠡᠬᠢᠨᠴᠠᠭᠠᠨ ᠭᠠᠴᠠᠭ᠎ᠠ ᠭᠤᠪᠢ ᠵᠢᠨ ᠬᠡᠪᠡᠯᠢ᠎ᠳ᠋ᠤ ᠪᠠᠢᠷᠢᠯᠠᠵᠥ᠂ ᠡᠨᠳᠡᠬᠢ᠎ᠶᠢᠨ ᠰᠠᠭᠤᠭᠠᠯᠢ ᠠᠷᠠᠳ ᠡᠪ ᠨᠠᠢᠷᠰᠠᠬ ᠶᠠᠪᠤᠯᠴᠠᠭ᠎ᠠ᠂ ᠡᠶ᠎ᠠ ᠨᠠᠢᠷᠠᠮᠳᠠᠭᠤ ᠲᠤᠭᠳᠠᠯᠴᠠᠭ᠎ᠠ᠂ ᠡᠯᠢᠭᠡᠰᠡᠭ ᠲᠤᠳᠤᠨᠤ ᠬᠠᠪᠰᠤᠷᠤᠯᠴᠠᠭ᠎ᠠ ᠪᠡᠷ ᠰᠠᠬᠢᠨ ᠪᠠᠷᠠᠯᠠᠵᠥ ᠬᠠᠷᠢᠯᠴᠠᠨ ᠬᠠᠪᠰᠤᠷᠤᠯᠴᠠᠨ ᠂ ᠨᠢᠬᠡ ᠭᠡᠷ᠎ᠤᠨ ᠬᠥᠮᠥᠰ ᠰᠢᠭ ᠲᠤᠳᠤᠨᠤ ᠪᠡᠷ ᠭᠤᠪᠢ ᠨᠤᠳᠤᠬ᠎ᠤᠨ ᠥᠭᠡᠳᠡᠷᠭᠡᠭ ᠠᠮᠢᠳᠤᠷᠠᠯ᠎ᠢᠶᠡᠨ ᠴᠤᠬᠴᠠᠯᠠᠵᠥ ᠶᠠᠪᠤᠨ᠎ᠠ᠃

ᠡᠪ ᠨᠠᠢᠷᠰᠠᠬ ᠶᠠᠪᠤᠯᠴᠠᠭ᠎ᠠ

ᠪᠥᠭᠴᠢᠮ ᠬᠠᠯᠠᠭᠤᠨ ᠵᠤᠨ᠎ᠤ 7 ᠰᠠᠷ᠎ᠠ ᠶ᠋ᠢᠨ 16᠎ᠤ᠋ ᠥᠳᠡ᠎ᠶᠢᠨ ᠬᠤᠢᠨ᠎ᠠ᠂ ᠡᠡᠭ ᠠᠭᠤᠳᠠᠮ ᠭᠤᠪᠢ ᠨᠤᠲᠤᠭ᠎ᠤᠨ ᠪᠤᠷᠤ ᠵᠠᠮ᠎ᠢᠶᠡᠷ ᠪᠢᠳᠡ ᠡᠬᠢᠨᠴᠠᠭᠠᠨ ᠭᠠᠴᠠᠭᠠᠨ᠎ᠤ ᠮᠠᠯᠴᠢᠨ ᠪᠡᠶᠡᠨᠳᠠᠯᠠᠢ᠎ᠶᠢᠨ ᠰᠠᠭᠤᠷᠢᠰᠢᠯ᠎ᠢ ᠵᠤᠷᠢᠪᠠ᠃ ᠬᠤᠷ᠎ᠠ ᠪᠤᠷᠤᠭᠠᠨ ᠶᠡᠬᠡᠳᠠᠢ ᠵᠢᠯ᠎ᠳᠤ ᠤᠷᠤᠰᠬᠠᠯ ᠤᠰᠤ ᠨᠢ ᠭᠤᠪᠢ᠎ᠶᠢᠨ ᠬᠥᠨᠳᠠᠢ ᠪᠡᠷ ᠤᠷᠤᠰᠤᠨ ᠥᠡᠭᠭᠡᠷᠡᠭᠥ ᠳ᠋ᠤᠨᠢ ᠥᠨᠳᠡᠭᠡᠨ ᠴᠠᠭᠠᠨ ᠴᠢᠯᠠᠭᠤᠳ᠎ᠨᠢ ᠭᠤᠤᠯ᠎ᠤᠨ ᠬᠤᠶᠠᠷ ᠡᠷᠬᠢ ᠵᠢ ᠲᠠᠭᠠᠨ ᠲᠠᠨ᠎ᠠ ᠰᠤᠪᠤᠳ ᠰᠢᠬ  ᠴᠠᠢᠯᠵᠠᠨ ᠬᠠᠷᠠᠬᠳᠠᠳᠠᠬ᠎ᠢᠶᠡᠷ᠎ᠢᠶᠡᠨ ᠭᠠᠴᠠᠭ᠎ᠠ ᠪᠠᠨ ᠡᠬᠢᠨᠴᠡᠭᠠᠨ ᠬᠡᠵᠥ ᠨᠡᠷᠡᠯᠡᠭᠰᠡᠨ ᠭᠡᠳᠡᠭ᠃ ᠪᠠᠶᠠᠨᠳᠠᠯᠠᠢ᠎ᠶᠢᠨ ᠪᠡᠯᠴᠢᠭᠡᠷ ᠬᠠᠳᠤᠯᠠᠡᠭ ᠨᠢ ᠮᠠᠯᠴᠢᠨ ᠡᠸ᠋ ᠴᠸᠡᠭ ᠢᠤᠢ᠎ᠶᠢᠨ ᠪᠡᠯᠴᠢᠭᠡᠷ ᠲᠠᠢ ᠵᠠᠬ᠎ᠠ ᠨᠠᠢᠯᠠᠵᠦ᠂ ᠡᠨᠡ ᠬᠤᠶᠠᠷ ᠠᠢᠯ ᠨᠢ ᠬᠦᠷᠰᠢ ᠵᠠᠷᠭᠡᠯᠡᠳᠡᠭᠡ ᠰᠠᠭᠤᠬᠰᠠᠨ ᠭᠤᠴᠢᠭᠠᠳ ᠵᠢᠯ᠎ᠤᠨ ᠲᠠᠤᠭᠡ ᠲᠠᠢ ᠃ ᠥᠳᠡ ᠶ᠋ᠢᠨ ᠬᠤᠢᠨ᠎ᠠ ᠪᠡᠶᠡᠨᠳᠠᠯᠠᠢ ᠡᠳᠡᠨᠡᠢᠬᠢᠨ᠎ᠳᠤ ᠢᠷᠡᠵᠥ᠂ ᠠᠳᠤᠭᠤ ᠪᠠᠨ ᠰᠠᠯᠭᠠᠬᠤ ᠪᠡᠷ ᠶᠠᠭᠠᠷᠠᠵᠥ ᠪᠢᠯᠠ᠃

ᠪᠢᠳᠠ ᠪᠠᠶᠠᠨᠳᠠᠯᠠᠢ᠎ᠲᠠᠢ ᠠᠭᠤᠯᠵᠠᠬᠤ ᠪᠡᠷ ᠡᠸ᠋ ᠴᠸᠡᠭ ᠢᠤᠢ᠎ᠶᠢᠨ ᠰᠠᠭᠤᠷᠢᠰᠢᠯ᠎ᠤᠢᠷᠠᠳᠬᠤ᠎ᠳᠤ ᠳᠡᠳᠡᠨᠡᠷ ᠠᠷᠤ ᠶ᠋ᠢᠨ ᠬᠠᠰᠢᠶᠠᠨ᠎ᠳᠠᠭᠠᠨ ᠡᠮᠨᠢᠭ ᠤᠷᠭᠠᠯᠠᠬᠤ ᠭᠡᠵᠦ ᠲᠤᠭᠤᠰᠤ ᠪᠤᠵᠢᠬᠢᠨᠠᠭᠤᠯᠤᠨ ᠶᠠᠭᠠᠷᠠᠯᠳᠤᠵᠦ ᠪᠠᠢᠯ᠎ᠠ᠃ ᠪᠠᠶᠠᠨᠳᠠᠯᠠᠢ ᠬᠡᠵᠥ ᠬᠦᠳᠡᠷ ᠲᠤᠮᠤ ᠪᠡᠶ᠎ᠠ ᠪᠢᠯᠳᠡᠷ ᠲᠠᠢ᠂ ᠶᠡᠷᠢᠶ᠎ᠠ ᠬᠥᠭᠡᠷᠥᠭᠡ ᠲᠠᠢ ᠬᠥᠡᠭᠭᠡᠮᠰᠥᠭ ᠵᠠᠡᠭ ᠲᠠᠢ ᠬᠥᠮᠥᠨ ᠰᠠᠨ᠃ 《 ᠯᠢᠦ ᠠᠬ᠎ᠠ ᠡ!ᠤᠳᠤ ᠨᠦᠬᠦᠭᠡ ᠰᠠᠷᠠᠳᠠᠢ ᠵᠡᠭᠡᠷᠳᠡ ᠵᠢ ᠪᠠᠷᠢᠶ᠎ᠠ 》 ᠭᠡᠳ ᠪᠠᠶᠠᠨᠳᠠᠯᠠᠢ ᠰᠢᠭᠤᠷᠬᠠᠢᠯᠠᠨ᠎ᠠ᠃ ᠤᠤᠯ ᠨᠢ ᠪᠠᠶᠠᠨᠳᠠᠯᠠᠢ᠎ᠶᠢᠨ 3 ᠠᠳᠤᠭᠤ ᠨᠢ ᠡᠸ᠋ ᠴᠸᠡᠭ ᠢᠤᠢ ᠶ᠋ᠢᠨ ᠠᠳᠤᠭᠤ ᠲᠠᠢ ᠨᠡᠢᠯᠡᠭᠡᠳ 2 ᠰᠠᠷ᠎ᠠ ᠭᠠᠷᠤᠢ ᠪᠤᠯᠵᠦ᠂ ᠡᠮᠨᠢᠭ ᠰᠤᠷᠭᠠᠬᠤ ᠭᠡᠵᠦ ᠪᠠᠶᠠᠨᠳᠠᠯᠠᠢ ᠠᠳᠤᠭᠤ ᠪᠠᠨ ᠰᠠᠯᠭᠠᠵᠥ ᠪᠠᠢᠭ᠎ᠠ ᠨᠢ ᠡᠨᠡ ᠪᠠᠢᠵᠠᠢ᠃ 《 ᠮᠠᠨ᠎ᠤ ᠬᠤᠶᠠᠷ ᠠᠢᠯ᠎ᠤᠨ ᠠᠳᠤᠭᠤ ᠲᠡᠮᠡᠭᠡᠳ ᠪᠠᠢᠡᠭᠭᠤ ᠨᠠᠢᠯᠠᠵᠥ ᠪᠡᠯᠴᠢᠳᠡᠭ᠂ ᠬᠡᠨ᠎ᠤ ᠪᠡᠯᠴᠢᠭᠡᠷ ᠲᠸ᠋ ᠨᠡᠢᠯᠡᠪᠡᠯ ᠲᠡᠷᠡ ᠠᠢᠯ᠎ᠤᠨ ᠬᠢᠨ ᠨᠢ ᠠᠳᠤᠭᠤ ᠮᠠᠯ᠎ᠢ ᠬᠠᠷᠠᠵᠥ ᠤᠰᠤᠯᠠᠵᠥ ᠡᠪᠡᠰᠥᠯᠡᠨ ᠠᠡᠭᠬᠠᠷᠴᠤ ᠠᠷᠠᠴᠢᠯᠠᠳᠡᠬ ᠨᠠᠢᠷᠰᠠᠬ ᠰᠠᠢᠬᠠᠨ ᠵᠠᠡᠭᠰᠢᠯ ᠲᠠᠢ ᠶᠤᠮ᠃ ᠮᠠᠨ᠎ᠤ ᠡᠨᠳᠡ ᠶᠡᠷᠦᠨᠢ ᠬᠡᠳᠦᠨ ᠦᠶ᠎ᠡ ᠪᠡᠷ᠎ᠢᠶᠡᠨ ᠢᠩᠬᠢᠵᠦ ᠯᠡ ᠬᠠᠷᠢᠯᠴᠠᠨ ᠬᠠᠪᠰᠤᠷᠤᠯᠴᠠᠵᠦ ᠢᠷᠡᠭᠰᠡᠨ᠂ ᠠᠯᠢ ᠨᠢᠭᠡ ᠠᠢᠯ᠎ᠤᠨ ᠬᠢᠨᠢ ᠮᠠᠯ ᠤᠨᠤᠭ᠎ᠠ ᠨᠢ ᠨᠦᠬᠦᠭᠡ ᠠᠢᠯ᠎ᠤᠨ ᠲᠤᠤᠷ ᠬᠠᠰᠢᠶ᠎ᠠ᠎ᠵᠢ ᠡᠪᠳᠡᠴᠢᠬᠡᠯ᠎ᠡ ᠭᠡᠳ ᠨᠢᠭᠤᠷ ᠤᠯᠠᠢᠯᠴᠠᠳᠠᠭ ᠥᠬᠡᠢ》 ᠬᠡᠵᠥ ᠪᠠᠶᠠᠨᠳᠠᠯᠠᠢ ᠢᠨᠢᠶᠡᠮᠰᠥᠭᠯᠡᠨ ᠶᠠᠷᠢᠨ᠎ᠠ᠃


4751557_erban_1691505536314_m.jpg


ᠠᠳᠤᠭᠤ ᠪᠠᠨ ᠰᠠᠯᠭᠠᠵᠥ ᠲᠠᠭᠤᠰᠴᠤ᠂ 《ᠮᠡᠨᠳᠦ ᠠᠮᠤᠷ!》 ᠭᠡᠵᠦ ᠡᠦ ᠴᠧᠩ ᠢᠥᠢ ᠪᠢᠳᠠᠨ᠎ᠢ ᠭᠡᠷ᠎ᠲᠡᠭᠡᠨ ᠵᠠᠯᠠᠪᠠ᠃ ᠭᠤᠪᠢ ᠨᠤᠲᠤᠭ᠎ᠤᠨ ᠡᠪᠡᠰᠤ ᠤᠷᠭᠤᠮᠠᠯ ᠢᠬᠴᠤ ᠭᠠᠵᠠᠷ ᠪᠠᠷᠢᠬᠰᠠᠨ ᠬᠡᠷ᠎ᠤᠨ ᠰᠠᠭᠤᠷᠢᠰᠢᠯ᠎ᠤᠨ ᠬᠥᠷᠢᠶ᠎ᠠ ᠬᠠᠰᠢᠶᠠᠨ ᠳ᠋ᠤᠨᠢ ᠡᠯᠳᠡᠪ ᠵᠢᠮᠢᠰ᠎ᠤᠨ ᠮᠤᠳᠤ ᠢᠳᠡ ᠬᠥᠴᠥ ᠲᠠᠢ ᠤᠷᠭᠤᠵᠥ᠂ ᠭᠠᠬᠠᠢ ᠨᠤᠬᠠᠢ᠂ ᠨᠤᠭᠤᠰᠤ ᠳᠠᠬᠢᠶ᠎ᠠ ᠮᠠᠳᠤ᠎ᠶᠢᠨ ᠭᠡᠷ᠎ᠤᠨ ᠲᠡᠵᠢᠭᠡᠪᠦᠷᠢ ᠡᠯᠳᠡᠡᠭ ᠬᠠᠷᠠᠬᠳᠠᠨ᠎ᠠ᠃《ᠪᠠᠶᠠᠨᠳᠠᠯᠠᠢ ᠰᠢᠷᠡᠭᠡ ᠠᠷᠴᠢᠭᠠᠳ ᠲᠠᠷᠪᠤᠰ ᠭᠠᠷᠭᠠᠭᠠᠴᠢ》 ᠭᠡᠵᠦ ᠠᠪᠠᠭ᠎ᠠ ᠶ᠋ᠢᠨ ᠤᠪᠤᠷ᠎ᠢᠶᠡᠷ ᠡᠦ ᠴᠧᠩ ᠢᠥᠢ ᠵᠠᠬᠢᠵᠥ᠂ ᠪᠠᠶᠠᠨᠳᠠᠯᠠᠢ᠎ᠴᠦ ᠦᠪᠡᠷ᠎ᠤᠨ ᠭᠡᠷ ᠲᠡᠭᠡᠨ ᠪᠠᠢᠬᠤ ᠰᠢᠬ ᠡᠷᠢᠶᠠᠯᠠᠯ ᠥᠬᠡᠢ ᠡᠸ᠋ ᠴᠸᠡᠭ ᠢᠤᠢ᠎ᠶᠢᠨ ᠭᠡᠷ ᠲᠡᠬᠢ ᠲᠠᠷᠪᠤᠰ᠎ᠢ ᠵᠥᠰᠥᠮᠯᠡᠨ ᠪᠢᠳᠠᠨ ᠲᠠᠢ ᠵᠤᠭᠤᠭ ᠳᠡᠯᠭᠡᠵᠦ ᠰᠠᠭᠤᠯ᠎ᠠ᠃《ᠮᠠᠨ᠎ᠤ ᠭᠠᠴᠠᠭᠠᠨ᠎ᠤ ᠥᠢᠷ᠎ᠠ ᠬᠠᠪᠢ᠎ᠳᠤ ᠰᠠᠭᠤᠬᠰᠠᠨ ᠮᠠᠯᠴᠢᠳ᠎ᠤᠨ ᠬᠡᠨ ᠨᠢᠭᠡᠨ᠎ᠤ ᠬᠢᠨ ᠡᠪᠡᠰᠤ ᠪᠤᠷᠳᠤᠭ᠎ᠠ ᠨᠢ ᠳᠤᠳᠠᠴᠢᠬᠠᠪᠠᠯ ᠪᠦᠷ ᠯᠡ ᠯᠢᠦ ᠠᠬ᠎ᠠ ᠳ᠋ᠦ ᠬᠡᠯᠡᠳᠡᠭ᠃ ᠯᠢᠤ ᠠᠬ᠎ᠠ ᠠᠷᠪᠠ ᠳᠠᠪᠤᠨ ᠪᠤᠭᠤᠯᠳᠠ᠎ᠡᠪᠡᠰᠥ ᠵᠢ ᠵᠦᠭᠡᠷ ᠦᠭᠴᠢᠬᠡᠳᠡᠭ ᠮᠦᠷᠳᠡᠭᠡᠨ ᠦᠪᠡᠷ᠎ᠤᠨ ᠮᠠᠰᠢᠨ ᠮᠧᠬᠠᠨᠢᠭ᠎ᠢᠶᠡᠨ ᠴᠸ᠋ ᠵᠦᠭᠡᠷ ᠬᠡᠷᠡᠭᠯᠡᠬᠦᠯᠵᠦ ᠤᠢᠷ᠎ᠠ ᠵᠠᠭᠤᠷ᠎ᠠ᠎ᠶᠢᠨ ᠮᠠᠯᠴᠢᠳ᠎ᠤᠨ ᠰᠡᠳᠬᠢᠯ᠎ᠢ ᠤᠯᠤᠬᠰᠠᠨ ᠲᠤᠰᠠᠷᠬᠠᠬ ᠬᠦᠮᠦᠨ》 ᠬᠡᠵᠥ ᠪᠠᠶᠠᠨᠳᠠᠯᠠᠢ ᠰᠡᠳᠬᠢᠯ ᠬᠥᠭᠰᠡᠨ ᠲᠠᠨᠢᠯᠴᠠᠭᠤᠯᠵᠥ ᠭᠠᠷᠴᠠᠢ᠃


4751556_zt_1691507401818_m.jpg


ᠡᠦ ᠴᠧᠩ ᠢᠥᠢ ᠬᠡᠵᠥ ᠡᠴᠡᠡᠭᠭᠡᠢ ᠦᠨᠳᠦᠷᠬᠡᠨ ᠪᠡᠶ᠎ᠡ ᠲᠠᠢ᠂ ᠬᠦᠷᠦᠰᠦᠯᠢᠭ ᠪᠤᠷᠤ ᠴᠢᠷᠠᠢ᠎ᠳᠠᠭᠠᠨ ᠢᠨᠢᠶᠡᠮᠰᠥᠭᠯᠡᠯ ᠲᠤᠳᠤᠷᠠᠭᠤᠯᠤᠬᠰᠠᠨ ᠭᠠᠨᠰᠤ ᠨᠤᠳᠤᠬ ᠲᠠᠢ ᠡᠬᠢᠨᠴᠡᠭᠠᠨ ᠭᠠᠴᠠᠭᠠᠨ᠎ᠤ ᠮᠠᠯᠴᠢᠨ᠃ ᠲᠡᠷᠡ ᠬᠠᠷᠠᠬᠠᠨ ᠪᠠᠭ᠎ᠠ ᠡᠴᠡ ᠪᠠᠨ ᠲᠤᠰ ᠭᠠᠴᠠᠭᠠᠨ᠎ᠳᠤ ᠥᠰᠴᠤ ᠲᠥᠷᠥᠭᠰᠡᠨ ᠪᠤᠯᠬᠤᠷ ᠮᠠᠯ ᠤᠨᠤᠭᠠᠨ᠎ᠳᠦ ᠲᠤᠡᠭ ᠲᠡᠮᠳᠠᠢ ᠪᠤᠯᠤᠬᠰᠠᠨ᠎ᠢᠶᠡᠷ ᠥᠯᠥ ᠪᠠᠷᠠᠮ ᠤᠨᠴᠠ᠎ᠶᠢᠨ ᠬᠠᠢᠷᠠᠳᠠᠢ ᠪᠤᠯᠵᠠᠢ᠃ ᠪᠠᠶᠠᠨᠳᠠᠯᠠᠢ᠎ᠶᠢᠨ ᠲᠠᠨᠢᠯᠴᠠᠭᠤᠯᠬᠤ ᠪᠡᠷ᠂ ᠡᠦ ᠴᠧᠩ ᠢᠥᠢ᠎ᠶᠢᠨ ᠪᠠᠭ᠎ᠠ᠎ᠶᠢᠨ ᠨᠡᠷ᠎ᠡ ᠨᠢ 《ᠯᠢᠦ ᠸᠠ》 ᠭᠡᠳᠡᠭ᠃ ᠪᠠᠶᠠᠨᠳᠠᠯᠠᠢ᠎ᠳᠤ ᠠᠪᠠᠭ᠎ᠠ ᠶ᠋ᠢᠨ ᠥᠶ᠎ᠠ ᠲᠠᠢ ᠴᠸ᠋ ᠤᠢᠷ᠎ᠠ ᠬᠠᠪᠢ᠎ᠶᠢᠨ ᠵᠠᠯᠠᠭᠤᠰ ᠲᠡᠬᠥᠨ᠎ᠢ ᠠᠬ᠎ᠠ ᠬᠡᠵᠥ ᠲᠤᠳᠤᠨᠤᠴᠢᠯᠠᠨ ᠲᠠᠭᠤᠳᠠᠳᠠᠬ᠃ ᠲᠡᠷᠡ ᠠᠵᠢᠯ᠎ᠤᠨ ᠰᠡᠯᠡᠬᠦᠦ ᠪᠡᠷ᠎ᠢᠶᠡᠨ ᠭᠠᠨᠰᠤ᠂ ᠰᠢᠨᠵᠢᠶᠠᠩ ᠵᠡᠷᠭᠡ ᠭᠠᠵᠠᠷ ᠤᠷᠤᠨ᠎ᠢᠶᠡᠷ ᠶᠠᠪᠤᠵᠦ ᠰᠠᠢᠨ ᠡᠬᠦᠯᠳᠡᠷ᠎ᠤᠨ ᠠᠵᠢᠷᠭ᠎ᠠ᠂ ᠪᠤᠤᠷ᠎ᠠ᠂ ᠬᠤᠴᠠ ᠤᠬᠤᠨ᠎ᠠ ᠵᠡᠷᠭᠡ ᠵᠢ ᠤᠷᠤᠭᠤᠯᠤᠨ᠎ᠠᠪᠴᠢᠷᠠᠵᠦ ᠮᠠᠯ ᠰᠦᠷᠦᠭ᠎ᠤᠨ᠎ᠢᠶᠡᠨ ᠡᠬᠦᠯᠳᠡᠷ᠎ᠢ ᠰᠠᠢᠵᠢᠷᠠᠭᠤᠯᠬᠤ ᠵᠢ ᠤᠬᠠᠵᠥ ᠰᠤᠪᠢᠬᠤ᠎ᠶᠢᠨ ᠲᠠᠭᠠᠤ ᠠᠢᠯ᠎ᠰᠠᠭᠠᠬᠠᠯᠳᠠ ᠳ᠋ᠠᠭᠠᠨ ᠭᠡᠷᠡᠭᠴᠡᠭᠡ ᠵᠢ ᠨᠢ ᠥᠨᠳᠤᠰᠤᠯᠠᠨ ᠥᠨ᠎ᠠ ᠲᠥᠯᠥᠪᠤᠷᠢ ᠥᠬᠡᠢ ᠪᠡᠷ ᠭᠡᠷᠡᠭᠯᠡᠬᠥᠯᠵᠥ ᠪᠠᠢᠳᠠᠬ᠃

ᠡᠵᠡᠨ᠎ᠠ ᠭᠤᠪᠢ  ᠨᠤᠲᠤᠭ᠎ᠲᠦ ᠲᠡᠮᠡᠭᠡ ᠮᠠᠯ᠎ᠤᠨ ᠰᠦᠷᠦᠭ ᠵᠤᠵᠠᠭᠠᠨ ᠪᠠᠢᠳᠠᠬ᠎ᠢᠶᠡᠷ ᠲᠡᠮᠡᠭᠡ ᠨᠤᠤᠰᠤᠯᠠᠬᠤ᠂ ᠢᠮᠠᠭ᠎ᠠ ᠰᠠᠮᠨᠠᠬᠤ᠂ ᠠᠳᠤᠭᠤ ᠲᠡᠯᠯᠡᠬᠦ᠂ ᠳᠠᠭ᠎ᠠ ᠲᠠᠮᠠᠭᠠᠯᠠᠬᠤ᠂ ᠮᠠᠯ᠎ᠳᠦ ᠳᠠᠷᠢᠯᠭ᠎ᠠ ᠬᠢᠬᠦ᠂ ᠡᠪᠡᠰᠤ ᠬᠠᠳᠤᠬᠤ᠂ ᠲᠠᠷᠢᠶ᠎ᠠ ᠬᠤᠷᠢᠶᠠᠬᠤ᠂ ᠲᠤᠤᠷ ᠬᠠᠰᠢᠶ᠎ᠠ ᠰᠡᠯᠪᠢᠬᠦ ᠠᠵᠢᠯ ᠵᠢᠯ ᠲᠤᠷᠰᠢ ᠶᠠᠭᠠᠷᠠᠯᠳᠠᠢᠬᠠᠨ ᠦᠷᠬᠦᠯᠵᠢᠯᠡᠨ᠎ᠡ᠃ ᠳᠡᠬᠡᠬᠦ᠎ᠳᠦ ᠡᠬᠢᠨᠴᠠᠭᠠᠨ ᠭᠠᠴᠠᠭ᠎ᠠ᠎ᠶᠢᠨ ᠮᠡᠯᠴᠢᠳ ᠶᠠᠭᠠᠷᠠᠯᠳᠠᠢ ᠴᠠᠬ ᠪᠤᠯᠤᠬᠰᠠᠭᠠᠷ ᠯᠡ ᠥᠪᠡᠷ ᠪᠤᠰᠤᠳ ᠬᠡᠵᠦ ᠢᠯᠭᠠᠯ ᠦᠬᠡᠢ ᠳᠠᠪᠢ ᠵᠠᠭᠤᠨ ᠺᠢᠯᠤᠮᠧᠲᠷ᠎ᠤᠨ ᠬᠤᠯᠠ ᠡᠴᠡ ᠬᠥᠷᠥᠯᠴᠠᠨ ᠢᠷᠡᠵᠥ ᠬᠠᠷᠢᠯᠴᠠᠨ ᠬᠠᠪᠰᠤᠷᠤᠯᠴᠠᠵᠦ᠂ ᠠᠵᠢᠯ᠎ᠤᠨ ᠶᠠᠭᠠᠷᠠᠤ ᠴᠠᠬ᠎ᠢ ᠬᠠᠮᠳᠤ᠎ᠳᠠᠭᠠᠨ ᠥᠡᠭᠭᠡᠷᠡᠬᠥᠯᠳᠡᠭ ᠃ ᠡᠦ ᠴᠧᠩ ᠢᠥᠢ ᠡᠷᠬᠢᠴᠡᠬᠥᠯᠬᠥ ᠳ᠋ᠡᠭᠡᠨ᠄《 ᠪᠠᠶᠠᠨᠳᠠᠯᠠᠢ᠎ᠶᠢᠨ ᠡᠴᠢᠭᠡ ᠵᠢ ᠪᠠᠳᠤᠨᠠᠰᠤᠨ ᠭᠡᠳᠡᠭ᠂ ᠪᠠᠬᠰᠢ᠎ᠶᠢᠨ ᠠᠵᠢᠯ ᠠᠯᠪᠠ ᠡᠴᠡ  ᠠᠮᠠᠷᠠᠯᠳᠠ᠎ᠪᠠᠨ ᠠᠪᠤᠬᠰᠠᠨ ᠬᠥᠮᠥᠨ᠃ ᠨᠢᠭᠡ ᠤᠳᠠᠭ᠎ᠠ ᠬᠠᠵᠠᠭᠤ ᠠᠢᠯ᠎ᠤᠨ ᠬᠢᠨ ᠨᠠᠰᠤᠳᠠᠨ᠎ᠤ ᠪᠤᠤᠷ᠎ᠠ᠎ᠵᠢ ᠭᠡᠷ ᠵᠦᠭ ᠨᠢ ᠵᠠᠯᠠᠵᠦ ᠶᠠᠪᠤᠭᠤᠯᠤᠭᠠᠳ ᠭᠤᠤᠯ᠎ᠳᠤ ᠰᠢᠪᠠᠷᠳᠠᠴᠢᠬᠠᠭᠰᠠᠠ ᠲᠤᠯᠠ ᠪᠢ ᠥᠢᠷ᠎ᠠ ᠬᠠᠪᠢ᠎ᠶᠢᠨ ᠮᠠᠯᠴᠢᠳ᠎ᠢᠶᠡᠨ ᠲᠠᠭᠤᠳᠠᠭᠠᠳ ᠳᠠᠳᠠᠵᠦ ᠭᠠᠷᠭᠠᠭᠠᠳ ᠮᠠᠷᠭᠠᠰᠢ ᠨᠢ ᠭᠡᠷ ᠵᠦᠭ ᠨᠢ ᠵᠠᠯᠠᠭᠰᠠᠨ ᠶᠤᠮ᠃ ᠳᠡᠭᠡᠭᠰᠡᠨ ᠴᠢᠨᠢ ᠦᠨᠦ ᠪᠤᠤᠷ᠎ᠠ ᠳᠠᠬᠢᠭᠠᠳ ᠭᠤᠤᠯ᠎ᠳᠤ ᠰᠢᠪᠠᠷᠳᠠᠴᠢᠬᠠᠯ᠎ᠠ᠃ ᠪᠢ ᠳᠠᠳᠠᠵᠦ ᠭᠠᠷᠭᠠᠬᠤ ᠭᠡᠵᠦ ᠬᠡᠳᠦᠢ ᠤᠷᠤᠯᠳᠤᠭᠠᠳ ᠲᠡᠢᠯᠥᠭᠰᠡᠨ ᠦᠬᠡᠢ  ᠪᠠᠳᠤᠨᠠᠰᠤᠨ ᠪᠠᠬᠰᠢ᠎ᠳᠦ ᠵᠠᠬᠢᠶ᠎ᠠ ᠶᠠᠪᠤᠭᠤᠯᠤᠭᠠᠳ ᠵᠠᠷᠭᠡᠯᠡᠳᠡᠭᠡ ᠠᠢᠯ᠎ᠤᠨ ᠠᠬ᠎ᠠ ᠲᠡᠬᠥᠤ ᠨᠠᠷ᠎ᠤᠨ ᠬᠠᠪᠰᠤᠷᠤᠯᠭ᠎ᠠ ᠪᠡᠷ ᠪᠦᠷᠦᠢ ᠪᠤᠯᠬᠤ᠎ᠳᠤ ᠳᠠᠳᠠᠵᠦ ᠭᠠᠷᠭᠠᠭᠰᠠᠨ ᠶᠤᠮ᠃ ᠤᠳᠤ ᠪᠤᠳᠤᠪᠠᠯ ᠪᠠᠰᠠ 30 ᠵᠢᠯ᠎ᠤᠨ ᠡᠮᠦᠨᠡᠬᠢ ᠤᠴᠢᠷ ᠪᠤᠯᠴᠢᠬᠠᠵᠠᠢ 》 ᠬᠡᠵᠥ ᠶᠡᠷᠢᠨ᠎ᠠ᠃

《ᠤᠳᠤ ᠵᠢᠭᠠᠬᠠᠨ ᠬᠡᠥᠬᠡᠳ ᠬᠦᠷᠳᠡᠯ᠎ᠡ ᠨᠠᠮ᠎ᠠ᠎ᠵᠢ ᠯᠢᠦ ᠸᠠ ᠡᠪᠤᠭᠡ ᠭᠡᠵᠦ ᠳᠠᠭᠤᠳᠠᠳᠠᠭ ᠪᠥᠬᠡᠳ ᠤᠯᠠᠡᠭᠭᠢ ᠨᠢ ᠪᠥᠷ ᠲᠠᠨᠢᠳᠠᠬ 》 ᠭᠡᠳ ᠡᠦ ᠴᠧᠩ ᠢᠥᠢ ᠬᠠᠨᠤᠮᠵᠢᠳᠠᠢᠬᠠᠨ ᠢᠨᠢᠶᠡᠨ᠎ᠡ᠃ ᠤᠳᠤ ᠡᠦ ᠴᠧᠩ ᠢᠥᠢ ᠬᠡᠷᠬᠡᠢ ᠲᠠᠢ ᠪᠠᠨ ᠬᠤᠶᠠᠭᠤᠯᠠ ᠳᠠᠯᠠᠢᠬᠦ᠋ᠪ ᠪᠠᠯᠭᠠᠰᠤᠨ᠎ᠳᠤ ᠳᠡᠯᠭᠡᠭᠦᠷ ᠡᠷᠬᠢᠯᠡᠬᠥ᠎ᠶᠢᠨ ᠬᠠᠮᠳᠤ᠂ ᠬᠤᠶᠠᠭᠤᠯᠠ ᠪᠠᠨ ᠬᠦᠳᠡᠭᠡ᠎ᠳᠡᠭᠡᠨ ᠮᠠᠯ ᠤᠨᠤᠭ᠎ᠠ ᠳᠠᠷᠢᠶ᠎ᠠ ᠲᠦᠮᠦᠰᠦ ᠭᠡᠳ ᠮᠤᠡᠭᠭᠠᠨᠢᠵᠤ ᠶᠠᠪᠤᠳᠠᠬ᠃ ᠤᠤᠯ᠎ᠡᠴᠡ ᠪᠠᠨ ᠠᠮᠢᠳᠤᠷᠠᠯ᠎ᠤᠨ ᠨᠥᠬᠥᠴᠡᠯ ᠰᠠᠢᠨ ᠪᠠᠢᠭᠰᠠᠨ ᠳᠡᠭᠡᠷ᠎ᠡ ᠠᠵᠢᠯᠴᠢ ᠬᠦᠳᠡᠯᠮᠦᠷᠢᠴᠢ ᠴᠢᠷᠮᠡᠢᠯᠭ᠎ᠠ ᠪᠡᠷ ᠡᠳᠡᠨᠡᠢᠬᠢᠨ ᠳᠠᠪᠤᠨ ᠬᠤᠰᠢᠭᠤ ᠮᠠᠯ ᠳᠡᠭᠰᠢᠬᠡᠨ ᠮᠠᠯᠵᠢᠵᠦ ᠪᠠᠢᠬᠤ ᠮᠦᠷᠳᠡᠭᠡᠨ 200 ᠮᠦ᠍ ᠡᠷᠳᠡᠨᠢ ᠰᠢᠰᠢ᠂ ᠪᠤᠷᠤ ᠴᠠᠷᠭᠠᠰᠤ᠎ᠶᠢᠨ ᠲᠠᠷᠢᠶ᠎ᠠ ᠳᠠᠷᠢᠵᠦ᠂ ᠴᠢᠨᠡᠭᠡᠯᠢᠭ ᠠᠮᠢᠳᠤᠷᠠᠯ᠎ᠤᠨ ᠵᠠᠮ᠎ᠢᠶᠡᠷ ᠰᠡᠳᠬᠢᠯ ᠲᠠᠨᠢᠬᠥᠨ ᠡᠷᠡᠮᠡᠭᠡᠢᠯᠡᠨ ᠤᠷᠤᠬᠰᠢᠯᠠᠨᠠᠮ᠃

ᠡᠯᠢᠭᠡᠰᠡᠭ ᠲᠤᠳᠤᠨᠤ ᠬᠠᠪᠰᠤᠷᠤᠯᠴᠠᠭ᠎ᠠ

ᠪᠠᠶᠠᠨᠳᠠᠯᠠᠢ᠎ᠶᠢᠨ ᠠᠪᠤ᠎ᠪᠠᠳᠤᠨᠠᠰᠤᠨ ᠪᠠᠭᠰᠢ ᠭᠡᠵᠦ 40 ᠵᠢᠯ ᠠᠷᠠᠳ᠎ᠤᠨ ᠪᠠᠭᠰᠢ ᠵᠢᠨ ᠠᠵᠢᠯ ᠠᠯᠪᠠ᠎ᠵᠢ ᠬᠦᠢᠴᠡᠳᠬᠡᠵᠦ᠂ ᠨᠠᠰᠤᠨ᠎ᠤ ᠠᠮᠠᠷᠠᠯᠳᠠ ᠪᠠᠨ ᠠᠪᠤᠬᠰᠠᠨ ᠬᠦᠮᠦᠨ ᠶᠤᠮ᠃ 7 ᠰᠠᠷ᠎ᠠ᠎ᠶᠢᠨ 17᠎ᠤ᠋ ᠥᠳᠡ᠎ᠶᠢᠨ ᠬᠤᠢᠨ᠎ᠠ᠂ ᠨᠡᠢᠳᠡ᠎ᠶᠢᠨ ᠠᠵᠢᠯ ᠬᠦᠳᠡᠯᠮᠦᠷᠢ ᠭᠡᠵᠦ ᠦᠰᠦ ᠪᠠᠨ ᠴᠠᠢᠳᠠᠯ᠎ᠠ ᠵᠢᠳᠬᠦᠭᠰᠡᠨ ᠪᠤᠶᠠᠨᠳᠦ ᠪᠤᠭᠤᠷᠤᠯ᠎ᠲᠠᠢ ᠵᠤᠯᠭᠠᠬᠤ ᠪᠡᠷ ᠪᠢᠳᠡ ᠵᠤᠰᠠᠭᠠᠯ᠎ᠳᠤᠨᠢ ᠬᠦᠷᠦᠭᠰᠡᠨ ᠶᠤᠮ᠃ ᠮᠡᠨᠳᠦ ᠤᠰᠤ ᠪᠠᠨ ᠮᠡᠳᠡᠯᠴᠡᠨ ᠳᠠᠨᠢᠯᠴᠠᠵᠦ᠂ ᠢᠷᠡᠭᠰᠡᠨ ᠶᠠᠪᠤᠭᠰᠠᠨ ᠤᠴᠢᠷ᠎ᠢᠶᠡᠨ ᠭᠠᠷᠭᠠᠵᠦ ᠬᠡᠯᠡᠬᠦ᠎ᠳᠤ᠂《 ᠶᠠᠷᠢᠬᠤ ᠶᠤᠮ ᠪᠤᠯ ᠪᠠᠢᠬᠤ ᠯᠡ ᠳ᠋ᠠ᠂ ᠮᠠᠨ᠎ᠤ ᠨᠤᠲᠤᠭ᠎ᠤᠨ ᠬᠦᠮᠦᠰ ᠴᠢᠨᠢ ᠮᠠᠯᠴᠢᠨ ᠲᠠᠷᠢᠶᠠᠴᠢᠨ ᠡᠴᠡ ᠤᠯᠤᠰ᠎ᠤᠨ ᠺᠠᠳ᠋ᠷ ᠬᠦᠷᠳᠡᠯ᠎ᠡ ᠬᠡᠨ ᠨᠢᠬᠡᠨ᠎ᠤ ᠪᠠᠨ ᠤᠯᠠᠭᠠᠨ ᠴᠠᠭᠠᠨ᠎ᠤ ᠶᠠᠪᠤᠳᠠᠯ᠎ᠳᠦ ᠬᠦᠷᠳᠡᠯ᠎ᠡ ᠠᠯᠳᠠᠯ ᠦᠬᠡᠢ ᠤᠴᠢᠳᠠᠭ ᠵᠠᠩᠰᠢᠯ ᠲᠠᠢ ᠬᠥᠮᠤᠰ ᠰᠢᠦ》 ᠭᠡᠳ ᠪᠠᠳᠤᠨᠠᠰᠤᠨ ᠨᠠᠰᠤᠳᠠᠨ ᠥᠯᠢᠭᠡᠷ ᠪᠤᠯᠭᠠᠨ ᠲᠡᠯᠭᠡᠨ ᠶᠠᠷᠢᠯ᠎ᠠ᠃

—  ᠤᠤᠯ ᠨᠢ ᠮᠠᠨ᠎ᠤ ᠡᠨᠳᠡ ᠨᠢᠭᠡ ᠮᠡᠷᠭᠡᠨᠪᠠᠭᠠᠳᠤᠷ ᠭᠡᠭᠴᠢ ᠮᠠᠯᠴᠢᠨ ᠠᠢᠯ ᠪᠠᠢᠭᠰᠠᠨ᠃ ᠳᠡᠳᠡᠨ᠎ᠤ ᠶᠡᠬᠡ ᠨᠢ 4 ᠨᠠᠰᠤᠳᠠᠢ᠂ ᠪᠠᠭ᠎ᠠ ᠨᠢ ᠲᠦᠩᠭᠡᠵᠢ 2 ᠬᠦᠷᠴᠦ ᠪᠠᠢᠭᠰᠠᠨ ᠬᠤᠶᠠᠷ ᠬᠡᠥᠬᠡᠳ ᠨᠢ ᠡᠴᠢᠬᠡ ᠡᠬᠡ ᠨᠢ ᠮᠠᠯ ᠤᠨᠤᠭᠠᠨ᠎ᠳᠤ ᠶᠠᠪᠤᠭᠰᠠᠨ ᠬᠤᠭᠤᠷᠤᠨᠳᠦ ᠬᠡᠷ᠎ᠲᠡᠭᠡᠨ ᠨᠠᠭᠠᠳᠴᠤ ᠪᠠᠢᠭᠰᠠᠭᠠᠷ ᠭᠠᠯ ᠠᠯᠳᠠᠵᠦ᠂ ᠬᠡᠷ ᠲᠡᠷᠭᠡ᠎ᠨᠢ ᠦᠨᠡᠰᠦᠨ ᠲᠤᠪᠷᠠᠭ ᠪᠤᠯᠵᠦ᠂ ᠵᠤᠯ᠎ᠢᠶᠡᠷ ᠬᠦᠮᠦᠨ ᠬᠠᠷ᠎ᠠ ᠡᠨᠳᠡᠵᠦ ᠰᠢᠷᠬᠠᠳᠤᠭᠰᠠᠨ ᠦᠬᠡᠢ᠃ ᠭᠠᠯ ᠤᠰᠤᠨ᠎ᠤ ᠭᠠᠰᠢᠭᠤᠨ ᠵᠤᠪᠠᠯᠠᠩ᠎ᠳᠦ ᠤᠨᠠᠵᠦ᠂ ᠤᠷᠤᠬᠤ ᠭᠡᠷ ᠤᠭᠤᠴᠢᠬᠤ ᠠᠶᠠᠭ᠎ᠠ ᠦᠬᠡᠢ ᠪᠤᠯᠤᠭᠰᠠᠨ ᠲᠡᠷᠡ ᠠᠢᠯ᠎ᠢ ᠪᠦᠬᠦᠳᠡᠭᠡᠷ᠎ᠢᠶᠡᠨ ᠵᠤᠭᠤᠰ ᠵᠤᠭ᠎ᠠ᠂ ᠡᠳ᠋ ᠪᠤᠳᠠᠰ᠂ ᠲᠠᠷᠢᠶ᠎ᠠ ᠪᠤᠳᠠᠭ᠎ᠠ᠂ ᠢᠰᠡᠬᠡᠢ ᠰᠢᠷᠢᠳᠡᠭ ᠬᠡᠬᠦᠴᠢᠯᠡᠨ ᠳᠠᠯ᠎ᠠ ᠳᠠᠯ᠎ᠠ ᠡᠴᠡ ᠲᠤᠰᠠᠯᠠᠨ ᠲᠡᠮᠵᠢᠵᠥ᠂ ᠬᠠᠯᠠᠭᠤᠨ ᠲᠤᠯᠠᠭᠠᠨ ᠠᠮᠢᠳᠤᠷᠠᠯ᠎ᠢ ᠨᠢ ᠲᠠᠬᠢᠨ  ᠪᠤᠰᠬᠠᠵᠦ ᠦᠭᠬᠦᠭᠰᠡᠨ ᠶᠤᠮ᠃

—  ᠨᠢᠭᠡ ᠤᠳᠠᠭ᠎ᠠ ᠡᠮᠦᠨ᠎ᠡ ᠠᠢᠯ᠎ᠤᠨ ᠸᠠᠩ ᡁᠢ ᠲᠦ᠋ᠩ᠎ᠤᠨ ᠬᠢᠨ ᠢᠮᠠᠭ᠎ᠠ ᠪᠠᠨ ᠬᠤᠷᠢᠵᠦ ᠳᠠᠯᠪᠢᠭᠠᠳ ᠲᠠᠷᠢᠶᠠᠨ᠎ᠳᠠᠭᠠᠨ ᠶᠠᠪᠤᠭᠰᠠᠨ ᠬᠤᠭᠤᠷᠤᠨᠳᠦ ᠢᠮᠠᠭ᠎ᠠ ᠨᠢ ᠬᠠᠰᠢᠶ᠎ᠠ ᠪᠠᠨ ᠡᠪᠳᠡᠨ ᠠᠯᠠᠭ᠎ᠠ ᠪᠤᠯᠴᠢᠬᠠᠭᠰᠠᠨ ᠪᠠᠢᠵᠠᠢ᠃ ᠬᠠᠷᠠᠵᠦ ᠰᠠᠭᠤᠵᠦ ᠴᠢᠳᠠᠭᠰᠠᠨ ᠦᠬᠡᠢ ᠪᠢ ᠭᠠᠷ᠎ᠲᠡᠬᠢ ᠠᠵᠢᠯ᠎ᠢᠶᠡᠨ ᠬᠠᠶᠠᠭᠠᠳ᠂ ᠶᠠᠪᠠᠭᠠᠨ᠎ᠢᠶᠡᠷ ᠮᠦᠷ ᠮᠦᠰᠬᠢᠵᠦ ᠶᠠᠪᠤᠭᠠᠳ᠂ ᠵᠡᠷᠭᠡᠯᠡᠳᠡᠭᠡ ᠰᠤᠮᠤ ᠬᠦᠷᠴᠦ ᠳᠡᠨᠳᠡᠬᠢ ᠠᠢᠯ᠎ᠡᠴᠡ ᠲᠡᠮᠡᠭᠡ ᠤᠯᠵᠦ ᠤᠨᠤᠭᠠᠳ ᠵᠢᠷᠭᠤᠭᠠᠨ ᠰᠠᠷ᠎ᠠ᠎ᠶᠢᠨ ᠬᠠᠯᠠᠭᠤᠨ᠎ᠳᠦ ᠪᠦᠬᠦᠯᠢ 4 ᠡᠳᠦᠷ ᠡᠷᠢᠵᠦ ᠰᠤᠷᠠᠵᠦ ᠪᠠᠢᠭᠠᠳ ᠠᠷᠪᠠᠨ ᠬᠡᠳᠦᠨ ᠢᠮᠠᠭ᠎ᠠ᠎ᠵᠢ ᠨᠢ ᠭᠤᠪᠢ ᠡᠴᠡ ᠤᠯᠵᠦ ᠠᠪᠴᠢᠷᠠᠵᠦ ᠦᠭᠬᠦᠭᠰᠡᠨ᠎ᠴᠦ ᠤᠳᠠᠭ᠎ᠠ ᠲᠠᠢ᠃

—  ᠬᠠᠵᠠᠭᠤ ᠠᠢᠯ᠎ᠤᠨ ᠹᠠᠨ ᠸᠧᠢ ᠵᠢᠶᠦ᠋ᠨ᠎ᠤ ᠬᠡᠥᠬᠡᠳ ᠡᠪᠡᠳᠴᠢᠯᠡᠭᠡᠳ ᠪᠠᠢᠬᠤ᠎ᠳᠤ ᠳᠡᠳᠬᠦᠪᠦᠷᠢ᠎ᠶᠢᠨ ᠮᠦᠩᠬᠦ᠎ᠡᠴᠡ ᠪᠠᠨ 500 ᠲᠦᠬᠦᠷᠢᠭ᠎ᠢᠶᠡᠷ ᠲᠤᠰᠠᠯᠠᠭᠰᠠᠨ᠂ ᠬᠢᠵᠢᠭ᠎ᠤᠨ ᠦᠶ᠎ᠡ᠎ᠳᠤ ᠦᠬᠠᠨ᠎ᠤ ᠬᠢᠵᠢᠭ᠎ᠢ ᠡᠰᠡᠷᠬᠦᠴᠡᠨ ᠬᠢᠵᠢᠭ ᠲᠠᠢ ᠲᠡᠮᠡᠴᠡᠬᠦ ᠡᠮᠦᠨ᠎ᠡ ᠹᠷᠤᠨᠲ᠎ᠲᠦ 2000 ᠲᠦᠬᠦᠷᠢᠭ ᠬᠠᠨᠳᠢᠪᠯᠠᠭᠰᠠᠨ ᠁

ᠪᠠᠳᠤᠨᠠᠰᠤᠨ ᠪᠠᠭᠰᠢ ᠳᠠᠯᠠ ᠬᠦᠷᠳᠡᠯ᠎ᠡ ᠢᠩᠬᠢᠵᠦ ᠯᠡ ᠪᠤᠰᠤᠳ᠎ᠤᠨ ᠲᠤᠰᠠ᠎ᠵᠢ ᠪᠤᠳᠤᠵᠦ᠂ ᠪᠤᠶᠠᠨ ᠦᠢᠯᠡᠳᠴᠦ ᠶᠠᠪᠤᠭᠰᠠᠨ ᠬᠦᠮᠦᠨ᠃ ᠤᠳᠤ ᠠᠵᠢᠯ᠎ᠡᠴᠡ ᠪᠠᠨ ᠠᠮᠠᠷᠠᠬᠰᠠᠨ᠎ᠴᠦ ᠠᠮᠤᠷ ᠰᠡᠯᠡᠬᠦᠦ ᠰᠠᠭᠤᠭ᠎ᠠ ᠦᠬᠡᠢ ᠬᠦᠭᠰᠢᠨ᠎ᠲᠠᠢ ᠪᠠᠨ ᠬᠤᠶᠠᠭᠤᠯᠠ ᠵᠤᠰᠠᠭᠠᠯ᠎ᠳᠠᠭᠠᠨ ᠬᠤᠨᠢ ᠢᠮᠠᠭ᠎ᠠ ᠪᠠᠨ ᠬᠠᠷᠢᠭᠤᠯᠵᠦ᠂ ᠬᠡᠥᠬᠡᠳ᠎ᠲᠡᠭᠡᠨ ᠲᠤᠰᠠ ᠪᠤᠯᠵᠦ ᠶᠠᠪᠤᠨ᠎ᠠ᠃

ᠪᠠᠳᠤᠨᠠᠰᠤᠨ ᠪᠠᠭᠰᠢ᠎ᠶᠢᠨ ᠬᠠᠭᠤᠴᠢᠯᠠᠬᠤ ᠵᠢ ᠠᠮᠳᠠᠷᠬᠠᠨ ᠰᠤᠨᠤᠰᠴᠤ᠂ ᠰᠠᠢᠬᠠᠨ ᠬᠠᠷ᠎ᠠ ᠴᠠᠢ᠎ᠤᠤᠭᠤᠵᠦ ᠰᠠᠭᠤᠭᠰᠠᠭᠠᠷ᠎ᠨᠠᠷᠠ ᠪᠠᠷᠠᠭᠤᠨᠰᠢ ᠳᠡᠰᠢᠬᠤ᠎ᠪᠡᠷ ᠪᠢᠳᠡ ᠬᠤᠨᠤᠭ᠎ᠤᠨ ᠭᠠᠵᠠᠷ ᠵᠦᠭ᠎ᠢᠶᠡᠨ ᠬᠦᠳᠡᠯᠬᠦ᠎ᠳᠦ᠂ ᠪᠠᠶᠠᠨᠳᠠᠯᠠᠢ᠎ᠴᠦ ᠮᠠᠨ᠎ᠲᠠᠢ  ᠬᠠᠮᠳᠤ ᠶᠠᠪᠤᠯ᠎ᠠ᠃ ᠵᠠᠮ ᠵᠠᠭᠤᠷ᠎ᠠ ᠪᠢᠳᠡᠨ᠎ᠲᠠᠢ ᠨᠤᠲᠤᠭ᠎ᠤᠨ ᠪᠠᠢᠭᠠᠯᠢ ᠠᠬᠤᠢ᠂ ᠪᠡᠯᠴᠢᠭᠡᠷ ᠤᠰᠤ᠂ ᠮᠠᠯ ᠤᠨᠤᠭ᠎ᠠ ᠭᠡᠳ ᠤᠯᠠᠨ ᠵᠦᠢᠯ᠎ᠢ ᠶᠠᠷᠢᠵᠦ ᠂ ᠬᠡᠳᠦᠬᠦᠯᠡ ᠦᠪᠡᠷ᠎ᠤᠨ ᠬᠢᠨ ᠴᠤᠤᠷᠢᠶ᠎ᠠ᠎ᠳᠦ ᠨᠡᠢᠳᠡᠯᠡᠭᠰᠡᠨ ᠪᠦᠳᠦᠭᠡᠯ᠎ᠢ ᠦᠵᠡᠵᠦ ᠪᠠᠶᠠᠨᠳᠠᠯᠠᠢ᠎ᠶᠢᠨ ᠠᠮᠢᠳᠤᠷᠠᠯ ᠠᠬᠤᠢ᠎ᠵᠢ ᠤᠢᠯᠠᠭᠠᠵᠦ ᠶᠠᠪᠤᠯ᠎ᠠ᠃ᠪᠠᠶᠠᠨᠳᠠᠯᠠᠢ ᠶᠠᠷᠦ ᠨᠢ ᠬᠠᠪᠤᠷ᠎ᠲᠠᠭᠠᠨ ᠲᠦᠯ᠎ᠤᠨ ᠠᠵᠢᠯ᠎ᠢᠶᠡᠨ ᠳᠠᠭᠤᠰᠬᠠᠪᠠᠯ ᠢᠩᠭᠡ᠎ᠪᠠᠨ ᠰᠤᠷᠭᠠᠵᠦ ᠰᠠᠭᠠᠯᠢ ᠠᠪᠳᠠᠭ᠂ ᠵᠤᠨ᠎ᠨᠢ ᠤᠷᠤᠯᠳᠤᠭᠠᠨ᠎ᠤ ᠮᠤᠷᠢ ᠤᠶᠠᠵᠦ᠂ ᠲᠡᠮᠡᠭᠡᠨ ᠨᠤᠤᠰᠤ᠎ᠪᠡᠷ᠎ᠢᠶᠡᠨ ᠳᠡᠭᠡᠰᠦ ᠳᠠᠳᠠᠯᠭ᠎ᠠ ᠬᠢᠭᠡᠳ ᠵᠠᠷᠤᠴᠢᠬᠠᠳᠠᠭ᠂ ᠬᠠᠵᠠᠭᠤ᠎ᠪᠡᠷ ᠨᠢ ᠠᠢᠯ ᠠᠢᠮᠠᠭ᠎ᠤᠨ ᠬᠢᠨ᠎ᠤ ᠠᠵᠢᠯ ᠬᠦᠳᠡᠯᠮᠦᠷᠢ᠎ᠳᠦ ᠲᠤᠰᠠᠯᠠᠨ᠎ᠠ᠃ ᠨᠠᠮᠤᠷ ᠨᠢ ᠲᠡᠮᠡᠭᠡ ᠪᠠᠨ ᠰᠤᠷᠭᠠᠵᠦ᠂ ᠲᠤᠤᠷᠠᠢ᠎ᠶᠢᠨ ᠵᠢᠭᠤᠯᠴᠢᠯᠠᠯ᠎ᠤᠨ ᠴᠡᠭ᠎ᠲᠦ ᠬᠦᠷᠴᠦ᠂ ᠤᠷᠤᠯᠭ᠎ᠠ ᠪᠠᠨ ᠨᠡᠮᠡᠭᠳᠡᠬᠥᠯᠳᠡᠭ᠃ ᠲᠡᠷᠡ ᠪᠠᠰᠠ ᠭᠠᠴᠠᠭᠠᠨ᠎ᠤ ᠬᠡᠨ ᠨᠢᠭᠡᠨ᠎ᠤ ᠬᠢᠨᠢ ᠮᠠᠯ ᠤᠨᠤᠭ᠎ᠠ ᠨᠢ ᠬᠡᠮᠨᠡᠵᠦ ᠪᠡᠷᠭᠡᠳᠡᠪᠡᠯ ᠬᠡᠳᠦᠢ ᠶᠠᠭᠠᠷᠠᠯᠳᠠᠢ ᠪᠠᠢᠭᠰᠠᠨ᠎ᠴᠦ ᠤᠨᠤᠰᠢᠯᠠᠵᠦ ᠡᠮᠨᠡᠵᠦ ᠦᠭᠳᠡᠭ᠃

ᠡᠶ᠎ᠠ ᠨᠠᠢᠷᠠᠮᠳᠠᠭᠤ ᠲᠤᠭᠳᠠᠯᠴᠠᠭ᠎ᠠ

7 ᠰᠠᠷ᠎ᠠ᠎ᠶᠢᠨ 17 ᠤ᠋ ᠥᠷᠯᠥᠭᠡ ᠪᠤᠯᠵᠤᠭ᠎ᠠ ᠶᠤᠰᠤᠭᠠᠷ ᠪᠢᠳᠠ ᠪᠠᠶᠠᠨᠳᠠᠯᠠᠢ᠎ᠶᠢᠨ ᠬᠤᠰᠢᠭᠤᠨ᠎ᠳᠤ ᠪᠠᠢᠭ᠎ᠠ ᠰᠢᠨᠡᠭᠡᠨ ᠪᠠᠷᠢᠬᠰᠠᠨ ᠵᠤᠰᠠᠯᠠᠩ᠎ᠳᠤᠨᠢ ᠬᠥᠷᠴᠠᠢ᠃ ᠪᠠᠶᠠᠨᠳᠠᠯᠠᠢ᠎ᠶᠢᠨ ᠬᠤᠶᠠᠷ ᠳᠠᠪᠬᠤᠷ ᠵᠤᠰᠠᠯᠠᠩ᠎ᠤᠨ ᠠᠰᠠᠷ ᠨᠢ ᠴᠠᠪᠡᠷ ᠲᠤᠬᠢᠯᠢᠭ ᠬᠦᠷᠢᠶ᠎ᠡ ᠬᠠᠰᠢᠶ᠎ᠠ ᠲᠠᠢ᠂  ᠨᠢᠭᠡᠳᠦᠭᠡᠷ ᠲᠠᠪᠬᠤᠷ᠎ᠲᠦᠨᠢ ᠨᠠᠰᠤᠳᠠᠨ᠎ᠤ ᠬᠤᠨᠤᠬ᠎ᠤᠨ ᠦᠷᠦᠭᠡ ᠲᠤᠬᠢᠷᠠᠭᠤᠯᠵᠥ᠂ ᠳᠡᠭᠡᠷ᠎ᠡ ᠲᠠᠪᠬᠤᠷᠯᠢᠬ ᠲᠠᠭᠠᠨ ᠬᠤᠶᠠᠷ ᠬᠡᠥᠬᠡᠳ᠎ᠤᠨ ᠬᠤᠨᠤᠬ᠎ᠤᠨ ᠥᠷᠥᠭᠡ᠂ ᠨᠤᠮ᠎ᠤᠨ ᠦᠷᠦᠭᠡ ᠁ ᠭᠡᠳ ᠤᠳᠤᠬᠢᠴᠢᠯᠠᠭᠰᠠᠨ ᠮᠠᠶᠢᠭ᠎ᠢᠶᠡᠷ ᠴᠢᠮᠡᠵᠦ ᠵᠠᠰᠠᠭᠰᠠᠨ ᠬᠡᠬᠡᠨᠴᠢᠷ ᠬᠡᠷ ᠦᠷᠦᠭᠡ ᠨᠢ ᠬᠠᠷᠠᠬᠤ᠎ᠳᠤ ᠦᠩᠭᠡ ᠲᠠᠢ ᠦᠬᠡᠳᠡ ᠲᠠᠢ ᠠᠢᠯ᠎ᠤᠨ ᠰᠢᠨᠵᠢ᠎ᠵᠢ ᠪᠦᠷᠢᠨ ᠬᠠᠷᠠᠭᠤᠯᠤᠨ᠎ᠠ᠃《 ᠪᠢᠳᠡᠨ᠎ᠳᠦ ᠴᠠᠭᠠᠨ᠎ᠠ ᠪᠠᠰᠠ ᠨᠢᠭᠡ ᠭᠡᠷ ᠪᠠᠢᠳᠠᠭ᠂ ᠳᠦᠷᠪᠡᠳᠦᠭᠡᠷ ᠳᠠᠪᠬᠤᠷ᠎ᠲᠦ ᠪᠠᠢᠳᠠᠭ ᠪᠤᠯᠬᠤᠷ ᠮᠠᠨ᠎ᠤ ᠠᠪᠤ ᠡᠵᠢ ᠨᠠᠰᠤ ᠠᠬᠢᠵᠦ ᠪᠠᠭᠤᠵᠦ ᠰᠠᠭᠤᠬᠤ᠎ᠳᠤ ᠲᠦᠬᠦᠮ ᠦᠬᠡᠢ᠂᠎ᠳᠡᠭᠡᠭᠡᠳ ᠡᠨᠡ ᠭᠡᠷ᠎ᠢ ᠠᠪᠤᠭᠰᠠᠨ ᠶᠤᠮ 》 ᠭᠡᠵᠦ ᠪᠠᠶᠠᠨᠳᠠᠯᠠᠢ᠎ᠶᠢᠨ ᠪᠥᠰᠡᠬᠥᠢ ᠴᠧᠨ ᠶᠠᠨ ᠪᠢᠳᠡᠨ᠎ᠳᠦ ᠴᠠᠢ ᠤᠰᠤ ᠠᠶᠠᠭᠠᠯᠠᠬᠤ᠎ᠶᠢᠨ ᠳᠠᠭᠠᠤ ᠳᠠᠨᠢᠯᠴᠠᠭᠤᠯᠪᠠ᠃

ᠪᠠᠶᠠᠨᠳᠠᠯᠠᠢ᠎ᠶᠢᠨ ᠪᠥᠰᠡᠬᠥᠢ ᠴᠸᠨ ᠶᠠᠨ ᠬᠡᠵᠥ ᠡᠬᠢᠨᠴᠡᠭᠠᠨ ᠭᠠᠴᠠᠭ᠎ᠠ ᠶ᠋ᠢᠨ ᠨᠢᠬᠳᠠᠯᠠᠨ ᠪᠤᠳᠤᠬᠴᠢ᠎ᠶᠢᠨ ᠠᠵᠢᠯ ᠠᠯᠪᠠ ᠵᠢ ᠬᠠᠷᠢᠭᠤᠴᠠᠵᠥ ᠶᠠᠪᠤᠭ᠎ᠠ ᠰᠡᠷᠬᠥᠯᠠᠡᠭ ᠵᠠᠡᠭ ᠲᠠᠢ ᠬᠢᠨᠠᠮᠠᠭᠠᠢ ᠬᠥᠮᠥᠨ᠃ 2006 ᠤᠨ ᠤ᠋ ᠨᠠᠮᠤᠷ᠂ ᠪᠠᠶᠠᠨᠳᠠᠯᠠᠢ ᠵᠡᠷᠭᠡᠯᠡᠳᠡᠭᠡ ᠠᠢᠯ᠎ᠤᠨ ᠲᠠᠷᠢᠶᠠᠨ ᠠᠵᠢᠯ᠎ᠳᠦ ᠬᠠᠮᠵᠢᠵᠦ ᠪᠠᠢᠬᠤ᠎ᠳᠠᠭᠠᠨ ᠭᠠᠨᠰᠤ ᠮᠤᠵᠢ᠎ᠶᠢᠨ ᠵᠠᠩ ᠶᠧ ᠬᠤᠳᠠ᠎ᠡᠴᠡ ᠡᠵᠡᠨ᠎ᠡ ᠬᠤᠰᠢᠭᠤᠨ᠎ᠳᠤ ᠢᠷᠡᠵᠦ ᠡᠵᠢ ᠲᠠᠢ ᠪᠠᠨ ᠬᠠᠮᠳᠦ ᠬᠦᠴᠦᠨ᠎ᠤ ᠠᠵᠢᠯ ᠬᠢᠵᠦ ᠶᠠᠪᠤᠭᠰᠠᠨ ᠴᠧᠨ ᠶᠠᠨ ᠲᠠᠢ ᠳᠠᠨᠢᠯᠴᠠᠨ ᠦᠶᠡᠷᠭᠡᠵᠦ᠂  2007 ᠤᠨ᠎ᠤ ᠡᠪᠦᠯ ᠨᠢ ᠬᠠᠨᠢ᠎ᠶᠢᠨ ᠵᠠᠶᠠᠭ᠎ᠠ ᠬᠤᠯᠪᠤᠵᠦ ᠬᠠᠯᠠᠭᠤᠨ ᠲᠤᠯᠠᠭᠠᠨ ᠬᠡᠷ ᠪᠦᠯᠢ ᠪᠤᠰᠬᠠᠬᠰᠠᠨ ᠬᠡᠨ᠎ᠠ᠃ 《 ᠠᠩᠬ᠎ᠠ ᠡᠬᠢᠨ ᠳ᠋ᠡᠭᠡᠨ ᠮᠢᠨᠤ ᠠᠪᠤ ᠨᠠᠮᠠᠢ᠍ᠢ ᠬᠤᠯᠠ ᠭᠠᠵᠠᠷ᠎ᠮᠤᠷᠳᠠᠨ᠎ᠠ᠂ ᠳᠡᠭᠡᠷ᠎ᠡ ᠡᠴᠡ ᠪᠠᠨ ᠠᠮᠢᠳᠤᠷᠠᠯ᠎ᠤᠨ ᠤᠷᠴᠢᠨ ᠠᠬᠤᠢ᠂  ᠵᠠᠩ ᠳᠠᠳᠭᠠᠯ ᠠᠳᠠᠯᠢ ᠦᠬᠡᠢ ᠬᠦᠮᠦᠨ ᠲᠠᠢ ᠠᠮᠢᠳᠤᠷᠠᠬᠤ᠎ᠳᠤ ᠰᠠᠨᠠᠭ᠎ᠠ ᠪᠤᠯᠵᠦ ᠪᠠᠢᠭᠰᠠᠨ᠃ ᠮᠢᠨᠤ ᠡᠵᠢ ᠪᠠᠶᠠᠨᠳᠠᠯᠠᠢ᠎ᠵᠢ ᠳᠠᠨᠢᠵᠦ ᠮᠡᠳᠡᠬᠦ ᠶᠤᠮ ᠪᠤᠯᠬᠤᠷ ᠮᠠᠨᠤᠰ᠎ᠤᠨ ᠤᠷᠤᠬ ᠬᠤᠷᠢᠮ᠎ᠤᠨ ᠶᠠᠪᠤᠳᠠᠯ᠎ᠢ ᠶᠡᠬᠡ ᠲᠡᠮᠵᠢᠭᠰᠡᠨ᠃ ᠮᠢᠨᠤ ᠠᠪᠤ ᠡᠵᠢ ᠤᠳᠤ᠎ᠬᠠᠷᠢᠨ ᠪᠠᠶᠠᠨᠳᠠᠯᠠᠢ ᠬᠦᠷᠦᠭᠡᠳ ᠤᠴᠢᠪᠠᠯ ᠬᠦᠦ᠎ᠪᠠᠨ ᠰᠢᠭ ᠰᠠᠨᠠᠵᠦ᠂ ᠴᠠᠭ ᠴᠠᠭ ᠲᠤᠷᠠᠳᠠᠢ ᠬᠤᠭᠤᠯᠠ ᠪᠤᠳᠠᠭ᠎ᠠ᠎ᠵᠢ ᠨᠢ ᠬᠢᠵᠦ ᠦᠭᠳᠡᠭ ᠰᠢᠦ 》 ᠭᠡᠳ ᠴᠧᠨ ᠶᠠᠨ ᠨᠤᠳᠤᠬ᠎ᠤᠨ ᠠᠶᠠᠯᠭᠤ ᠪᠡᠷ ᠤᠷᠤᠰᠤᠮ᠎ᠠ ᠳᠤᠳᠤ ᠶᠠᠷᠢᠨ᠎ᠠ᠃ ᠪᠠᠶᠠᠨᠳᠠᠯᠠᠢ᠎ᠴᠦ ᠬᠠᠳᠠᠮ ᠠᠪᠤ ᠡᠵᠢ᠎ᠶᠢᠨ᠎ᠢᠶᠡᠨ ᠬᠠᠢᠷ᠎ᠠ ᠡᠨᠡᠷᠢᠯ᠎ᠢ ᠦᠳᠡᠭᠡᠷᠬᠡᠯ ᠦᠬᠡᠢ ᠡᠴᠢᠨᠡᠭᠡᠨ ᠵᠢᠯ ᠬᠦᠦ᠎ᠶᠢᠨ ᠳᠠᠢᠳᠠᠢ ᠠᠰᠠᠷᠠᠵᠦ ᠬᠠᠷᠠᠭᠠᠯᠵᠠᠵᠦ ᠢᠷᠡᠵᠡᠢ᠃ ᠲᠠᠷᠢᠶᠠᠨ ᠠᠵᠢᠯ᠂ ᠬᠦᠨᠳᠦ ᠨᠦᠰᠡᠷ ᠠᠵᠢᠯ ᠲᠠᠢ ᠦᠶ᠎ᠡ᠎ᠳᠤᠨᠢ ᠴᠠᠭ ᠵᠠᠪ᠎ᠢᠶᠡᠨ ᠵᠠᠢᠴᠢᠯᠠᠵᠦ ᠬᠠᠮᠵᠢᠬᠤ ᠪᠡᠷ ᠤᠴᠢᠳᠠᠬ᠃ ᠵᠠᠷᠤᠳᠠᠯ ᠮᠦᠩᠬᠦ ᠨᠢ ᠬᠦᠷᠦᠯᠴᠡᠭᠡ ᠦᠬᠡᠢ ᠦᠶ᠎ᠡ᠎ᠳᠤ ᠵᠤᠭᠤᠰ ᠮᠦᠩᠬᠦ ᠪᠡᠷ ᠲᠤᠰᠠᠯᠠᠳᠠᠭ᠃ ᠦᠰᠴᠦ ᠲᠦᠷᠦᠭᠰᠡᠨ ᠤᠷᠴᠢᠨ ᠠᠬᠤᠢ᠂ ᠰᠤᠶᠤᠯ ᠰᠡᠳᠬᠢᠯᠬᠡᠨ᠂ ᠵᠠᠩ ᠳᠠᠳᠭᠠᠯ ᠦᠰᠦᠳ ᠦᠬᠡᠷ᠎ᠡ ᠬᠦᠮᠦᠰ ᠬᠠᠮᠳᠦ ᠠᠮᠢᠳᠤᠷᠠᠨ᠎ᠠ ᠭᠡᠳᠡᠭ ᠬᠢᠯᠪᠡᠷ ᠪᠤᠰᠤ ᠵᠦᠢᠯ ᠭᠡᠳᠡᠭ᠎ᠢ ᠬᠡᠨ᠎ᠴᠦ ᠮᠡᠳᠡᠨ᠎ᠡ᠃ ᠭᠡᠯ᠎ᠡ᠎ᠴᠦ ᠪᠠᠶᠠᠨᠳᠠᠯᠠᠢ᠎ᠶᠢᠨ ᠠᠪᠤ ᠡᠵᠢ᠎ᠶᠢᠨ ᠬᠤᠯᠠᠴᠢ ᠤᠬᠠᠭᠠᠨ᠂ ᠠᠭᠤᠳᠠᠮ ᠪᠠᠭᠳᠠᠭᠠᠮᠵᠢ᠂ ᠦᠷᠦᠪᠴᠢ ᠰᠡᠳᠬᠢᠯ ᠵᠢᠴᠢ ᠴᠧᠨ ᠶᠠᠨ᠎ᠤ ᠠᠴᠢᠯᠠᠯ ᠵᠢᠷᠤᠮ᠂ ᠡᠶ᠎ᠡ ᠡᠪ᠎ᠢ ᠡᠷᠬᠢᠮᠯᠡᠳᠡᠭ ᠵᠠᠩ ᠡᠴᠡ ᠪᠤᠯᠵᠦ᠂ ᠡᠳᠡᠨᠡᠢᠬᠢᠨ ᠢᠨᠢᠶᠡᠳᠦ ᠪᠠᠶᠠᠷ ᠪᠢᠯᠬᠠᠬᠰᠠᠨ ᠦᠭᠡᠳᠡᠯᠡᠨ ᠳᠡᠭᠵᠢᠷᠡᠭᠰᠡᠨ ᠡᠶ᠎ᠠ ᠨᠠᠢᠷᠠᠮᠳᠠᠭᠤ ᠠᠢᠯ ᠪᠤᠯᠵᠥ᠂ ᠤᠯᠠᠨ᠎ᠤ ᠲᠤᠮᠳᠠ ᠤᠳᠤᠨ ᠰᠤᠳᠤᠨ᠎ᠢᠶᠡᠷ ᠴᠤᠯᠭᠤᠷᠠᠭᠰᠠᠨ ᠪᠢᠯᠠ᠃

《 ᠬᠡᠷᠯᠡᠵᠥ ᠰᠠᠭᠤᠬᠰᠠᠨ ᠠᠡᠭᠬᠠᠨ ᠵᠢᠯ᠎ᠤᠳ ᠲᠸ᠋ ᠪᠢ ᠬᠤᠭᠤᠯᠠ ᠤᠮᠳᠠ᠎ᠳᠦᠨᠢ ᠳᠠᠰᠬᠤ ᠦᠬᠡᠢ ᠪᠠᠢᠭᠰᠠᠨ᠃ ᠡᠵᠢ ᠬᠢᠳᠠᠳ ᠦᠬᠡ ᠮᠡᠳᠡᠬᠦ ᠦᠬᠡᠢ᠂ ᠪᠢ ᠮᠤᠨᠭᠭᠤᠯ ᠦᠬᠡ ᠮᠡᠳᠡᠳᠡᠭ ᠦᠬᠡᠢ ᠬᠤᠶᠠᠭᠤᠯᠠ ᠭᠠᠷ ᠲᠤᠬᠢᠶ᠎ᠠ ᠪᠡᠷ ᠰᠠᠨᠠᠭ᠎ᠠ ᠪᠤᠳᠤᠯ᠎ᠢᠶᠡᠨ ᠲᠦᠩᠭᠡᠵᠢ ᠤᠯᠤᠯᠴᠠᠳᠠᠭ ᠃ ᠬᠤᠵᠢᠮ ᠨᠢ ᠪᠠᠶᠠᠨᠳᠠᠯᠠᠢ ᠨᠠᠳᠠ᠎ᠳᠦ ᠮᠤᠨᠭᠭᠤᠯ ᠦᠬᠡ ᠵᠢᠭᠠᠵᠦ᠂ ᠪᠢ ᠦᠪᠡᠷ᠎ᠢᠶᠡᠨ ᠮᠤᠨᠭᠭᠤᠯ ᠬᠡᠯᠡ ᠰᠤᠷᠬᠤ ᠳᠡᠪᠳᠡᠷ ᠠᠪᠤᠭᠠᠳ ᠰᠤᠷᠤᠭᠰᠠᠨ᠃ ᠪᠠᠶᠠᠨᠳᠠᠯᠠᠢ᠎ᠴᠦ ᠮᠠᠨ᠎ᠤ ᠨᠤᠲᠤᠭ᠎ᠤᠨ ᠠᠶᠠᠯᠭᠤ᠎ᠪᠡᠷ ᠰᠠᠢᠨ ᠶᠠᠷᠢᠵᠦ ᠴᠢᠳᠠᠨ᠎ᠠ ᠰᠢᠦ 》 ᠭᠡᠳ ᠴᠧᠨ ᠶᠠᠨ ᠪᠠᠶᠠᠷᠳᠠᠢᠬᠠᠨ ᠶᠠᠷᠢᠨ᠎ᠠ᠃ ᠴᠧᠨ ᠶᠠᠨ ᠬᠡᠥᠬᠡᠨ᠎ᠢᠶᠡᠨ ᠦᠵᠡᠭᠳᠡᠭᠡᠳ ᠰᠠᠷ᠎ᠠ᠎ᠳᠤ ᠰᠠᠭᠤᠵᠦ ᠪᠠᠢᠬᠤ᠎ᠳᠤ᠂  ᠶᠡᠷᠦ ᠡᠴᠡ ᠭᠠᠯ ᠲᠤᠭᠤᠭ᠎ᠠ ᠲᠠᠢ ᠤᠢᠷᠠᠳᠤᠳᠠᠭ ᠦᠬᠡᠢ ᠬᠠᠳᠠᠮ ᠡᠵᠢ ᠨᠢ ᠪᠡᠷᠢ᠎ᠳᠡᠭᠡᠨ ᠰᠢᠮ᠎ᠠ ᠲᠠᠢ ᠱᠦᠯᠦ ᠲᠠᠢ ᠬᠤᠭᠤᠯᠠ ᠬᠢᠵᠦ᠂ ᠨᠢᠮᠪᠠᠢ ᠠᠰᠠᠷᠠᠭᠰᠠᠨ ᠨᠢ ᠴᠧᠨ ᠶᠠᠨ᠎ᠳᠤ ᠬᠡᠵᠢᠶᠡᠳᠡ ᠮᠠᠷᠳᠠᠭᠳᠠᠳᠠᠭ ᠦᠬᠡᠢ ᠬᠠᠮᠤᠭ ᠵᠢᠷᠭᠠᠯᠳᠠᠢ ᠨᠢᠭᠡ ᠤᠴᠢᠷ ᠪᠤᠯᠤᠬᠰᠠᠨ ᠭᠡᠳᠡᠭ᠃ ᠠᠢᠯ ᠭᠡᠷ ᠪᠤᠯᠵᠦ ᠠᠷᠪᠠᠨ ᠬᠡᠳᠦᠨ ᠵᠢᠯ ᠠᠮᠢᠳᠤᠷᠠᠬᠤ᠎ᠳᠤ᠂ ᠡᠳᠡᠨᠡᠢᠬᠢᠨ ᠶᠡᠷᠦ ᠡᠴᠡ ᠨᠢᠭᠤᠷ ᠤᠯᠠᠢᠯᠴᠠᠵᠦ ᠦᠩᠭᠡᠷᠡᠭᠡ ᠦᠬᠡᠢ ᠮᠦᠷᠳᠡᠭᠡᠨ ᠬᠦᠮᠦᠨ ᠡᠴᠡ ᠢᠯᠡᠬᠦᠦ ᠰᠠᠢᠬᠠᠨ ᠠᠮᠢᠳᠤᠷᠠᠵᠦ ᠪᠠᠢᠬᠤ᠎ᠵᠢ ᠬᠠᠷᠠᠭᠰᠠᠨ ᠪᠤᠯᠭᠠᠨ ᠪᠠᠬᠠᠷᠬᠠᠵᠦ ᠱᠠᠭᠰᠢᠬᠤ ᠨᠢ ᠶᠠᠷᠢᠶᠠᠨ ᠦᠬᠡᠢ᠃

ᠪᠠᠶᠠᠨᠳᠠᠯᠠᠢ᠎ᠶᠢᠨ ᠡᠶ᠎ᠠ ᠨᠠᠢᠷᠠᠮᠳᠠᠭᠤ ᠭᠡᠷ ᠪᠥᠯᠢ᠂ ᠡᠸ᠋ ᠴᠸᠡᠭ ᠢᠤᠢ᠎ᠶᠢᠨ ᠡᠪ ᠨᠠᠢᠷᠰᠠᠬ ᠶᠠᠪᠤᠯᠴᠠᠭ᠎ᠠ ᠵᠢ ᠡᠬᠢᠨᠴᠠᠭᠠᠨ ᠭᠠᠴᠠᠭ᠎ᠠ ᠶ᠋ᠢᠨ ᠱᠥᠵᠢ ᠪᠠᠳᠤᠵᠢᠷᠠᠭᠠᠯ ᠲᠤᠳᠤᠬᠠᠨ ᠮᠡᠳᠡᠨ᠎ᠠ᠃ ᠪᠠᠳᠤᠵᠢᠷᠭᠠᠯ ᠱᠥᠵᠢ ᠬᠡᠵᠥ ᠭᠠᠴᠠᠭᠠᠨ᠎ᠤ ᠰᠠᠭᠤᠭᠠᠯᠢ ᠠᠷᠠᠳ᠎ᠤᠨ ᠪᠠᠢᠳᠠᠯ᠂ ᠥᠢᠯᠡᠳᠪᠤᠷᠢᠯᠡᠯ ᠠᠮᠢᠳᠤᠷᠠᠯ᠎ᠢ ᠠᠯᠠᠭᠠᠨ ᠵᠢᠷᠤᠭᠠᠰᠤ ᠪᠠᠨ ᠰᠢᠬ ᠲᠤᠪ ᠲᠤᠳᠤᠷᠬᠠᠢ ᠮᠡᠳᠡᠳᠡᠭ ᠤᠷᠤᠨ᠎ᠤ ᠲᠡᠰ᠎ᠤᠨ ᠠᠷᠠᠳ᠎ᠤᠨ ᠲᠥᠯᠥᠭᠡᠯᠡᠭᠴᠢ ᠪᠡᠷ ᠬᠢᠯᠠᠷᠠᠭᠤᠯᠵᠥ ᠪᠠᠢᠬᠰᠠᠨ ᠬᠥᠯ ᠬᠥᠡᠭᠭᠡᠨ ᠰᠢᠭᠤᠳᠮᠠᠬ ᠵᠠᠡᠭ ᠲᠠᠢ ᠲᠠᠷᠤᠭ᠎ᠠ ᠪᠤᠯᠬᠤ ᠶᠤᠮ᠃ 《〈ᠮᠠᠨ᠎ᠤ ᠡᠸ᠋ ᠴᠸᠡᠭ ᠢᠤᠢ ᠬᠠᠷᠢᠨ ᠮᠠᠯ ᠠᠬᠤᠢ᠎ᠳᠤ ᠬᠠᠴᠢᠨ ᠪᠠᠬᠠᠳᠠᠢ ᠬᠦᠮᠦᠨ ᠰᠢᠦ〉᠂ 〈ᠪᠠᠶᠠᠨᠳᠠᠯᠠᠢ᠎ᠬᠡᠵᠥ ᠠᠵᠢᠯᠰᠠᠭ ᠰᠠᠢᠨ ᠵᠠᠯᠠᠭᠤ᠂ ᠭᠠᠴᠠᠭᠠᠨ᠎ᠤ ᠮᠠᠯ᠎ᠤᠨ ᠡᠮᠴᠢ᠂ ᠰᠤᠮᠤᠨ᠎ᠤ ᠠᠷᠠᠳ᠎ᠤᠨ ᠲᠦᠯᠦᠭᠡᠯᠡᠭᠴᠢ᠂ ᠮᠠᠯ᠎ᠤᠨ ᠳᠠᠷᠢᠯᠭ᠎ᠠ ᠳᠠᠷᠢᠬᠤ᠎ᠳᠤ᠎ᠴᠦ ᠬᠦᠴᠦ ᠬᠦᠯᠦᠰᠦ ᠭᠡᠵᠦ ᠠᠪᠳᠠᠭ ᠦᠬᠡᠢ ᠠᠢᠯ ᠠᠢᠮᠠᠭ᠎ᠲᠠᠭᠠᠨ ᠬᠦᠷᠢᠶᠡᠯᠡᠯ ᠲᠠᠢ ᠬᠦᠮᠦᠨ〉᠃ ᠡᠨᠡ ᠬᠤᠶᠠᠷ ᠠᠢᠯ ᠰᠢᠬ ᠡᠶ᠎ᠠ ᠲᠤᠬᠳᠠᠯᠴᠠᠭ᠎ᠠ ᠡᠯᠢᠭᠡᠰᠡᠭ ᠲᠤᠳᠤᠨᠤ ᠬᠠᠪᠰᠤᠷᠤᠯᠭ᠎ᠠ ᠲᠠᠢ ᠠᠢᠯ ᠰᠠᠭᠠᠬᠠᠯᠳᠠ ᠮᠠᠨ᠎ᠤ ᠭᠠᠴᠠᠭᠠᠨ᠎ᠳᠤ ᠴᠥᠭᠡᠨ ᠪᠤᠰᠤ ᠪᠠᠢᠨ᠎ᠠ 》 ᠭᠡᠵᠦ ᠪᠠᠳᠤᠵᠢᠷᠭᠠᠯ ᠱᠥᠵᠢ ᠪᠠᠷᠳᠠᠮ ᠬᠡᠯᠡᠨ᠎ᠠ᠃ ᠪᠠᠳᠤᠵᠢᠷᠭᠠᠯ ᠱᠥᠵᠢ᠎ᠶᠢᠨ ᠬᠡᠯᠡᠬᠥ ᠪᠡᠷ᠂ ᠡᠬᠢᠨᠴᠡᠭᠠᠨ ᠭᠠᠴᠠᠭ᠎ᠠ᠎ᠶᠢᠨ ᠮᠡᠯᠴᠢᠳ᠂ 1958 ᠤᠨ᠎ᠳᠤ ᠤᠯᠤᠰ᠎ᠤᠨ ᠪᠠᠳᠤᠯᠠᠨ ᠬᠠᠮᠠᠭᠠᠯᠠᠯᠳᠠ᠎ᠶᠢᠨ ᠦᠢᠯᠡᠰ᠎ᠢ ᠲᠡᠮᠵᠢᠵᠦ᠂ ᠬᠡᠳᠦᠨ ᠵᠠᠭᠤᠨ ᠤᠨ ᠠᠮᠢᠳᠤᠷᠠᠨ ᠰᠠᠭᠤᠷᠢᠰᠢᠭᠰᠠᠨ ᠬᠠᠮᠤᠭ᠎ᠤᠨ ᠦᠩ ᠰᠢᠮᠡᠯᠢᠭ ᠪᠡᠯᠴᠢᠭᠡᠷ ᠨᠤᠲᠤᠭ᠎ᠢᠶᠡᠨ ᠶᠡᠬᠦᠯᠡᠵᠦ ᠦᠭᠬᠦᠨ᠂ ᠪᠤᠳᠠᠳᠦ ᠠᠵᠢᠯᠯᠠᠭ᠎ᠠ ᠪᠡᠷ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠭᠰᠠᠨ ᠢᠷᠠᠭᠤ ᠲᠡᠥᠬᠡ᠎ᠲᠠᠢ ᠭᠠᠵᠠᠷ ᠪᠤᠯᠬᠤ᠎ᠪᠡᠷ ᠥᠯᠥ ᠪᠠᠷᠠᠮ ᠰᠢᠨ᠎ᠠ ᠴᠠᠭ ᠦᠶ᠎ᠡ᠎ᠶᠢᠨ ᠡᠶ᠎ᠠ ᠲᠤᠬᠳᠠᠯᠴᠠᠭ᠎ᠠ ᠰᠢᠯᠢᠳᠡᠭ ᠤᠯᠠᠮᠵᠢᠯᠠᠯ᠎ᠢᠶᠡᠨ ᠪᠠᠳᠠᠷᠠᠭᠤᠯᠬᠤ ᠡᠬᠥᠳᠡᠨ ᠡᠴᠡ 2016 ᠤᠨ᠎ᠳᠤ ᠭᠠᠴᠠᠭᠠᠨ᠎ᠤ ᠠᠩᠬᠠᠳᠤᠭᠠᠷ ᠤᠳᠠᠭᠠᠨ᠎ᠤ ᠮᠠᠯᠴᠢᠨ ᠲᠠᠷᠢᠶᠠᠴᠢᠨ᠎ᠤ ᠲᠠᠮᠢᠷ᠎ᠤᠨ ᠴᠤᠭᠯᠠᠭᠠᠨ ᠡᠷᠬᠢᠯᠡᠵᠦ᠂ ᠲᠡᠪᠡᠭ ᠢᠰᠬᠦᠯᠬᠦ᠂ ᠳᠡᠭᠡᠰᠦ ᠳᠠᠳᠠᠬᠤ᠂ ᠪᠤᠤᠬᠢᠶ᠎ᠠ ᠲᠠᠮᠵᠢᠭᠤᠯᠬᠤ᠂ ᠳᠠᠭᠤᠤ ᠪᠦᠵᠢᠭ᠎ᠤᠨ ᠦᠳᠡᠰᠢᠯᠡᠭᠡ ᠵᠡᠷᠭᠡ ᠭᠠᠴᠠᠭᠠᠨ᠎ᠤ ᠮᠠᠯᠴᠢᠳ ᠪᠦᠬᠦᠨ᠎ᠢᠶᠡᠷ᠎ᠢᠶᠡᠨ ᠤᠷᠤᠯᠴᠠᠬᠰᠠᠨ ᠤᠷᠮ᠎ᠠ ᠪᠠᠬᠠᠳᠠᠢ ᠰᠤᠶᠤᠯ ᠪᠡᠶ᠎ᠡ ᠲᠠᠮᠢᠷ᠎ᠤᠨ ᠠᠵᠢᠯᠯᠠᠭ᠎ᠠ᠎ᠦᠷᠨᠢᠬᠦᠯᠵᠦ᠂ ᠪᠦᠬᠦ ᠭᠠᠴᠠᠭᠠᠨ᠎ᠤ ᠬᠦᠮᠦᠰ᠎ᠤᠨ ᠡᠶ᠎ᠡ ᠨᠠᠢᠷ᠂ ᠨᠦᠬᠦᠷᠯᠡᠯ᠎ᠢ ᠤᠯᠠᠮ ᠵᠤᠵᠠᠭᠠᠳᠬᠠᠵᠦ᠂ ᠤᠢᠯᠠᠭᠠᠯᠴᠠᠭ᠎ᠠ ᠬᠠᠷᠢᠯᠴᠠᠭ᠎ᠠ᠎ᠵᠢ ᠤᠯᠠᠮ ᠨᠢᠭᠳᠠᠷᠠᠭᠤᠯᠤᠬᠰᠠᠨ᠎ᠢᠶᠡᠷ᠂ ᠡᠨᠡ ᠬᠥ᠌ ᠠᠵᠢᠯᠯᠠᠭ᠎ᠠ ᠨᠢ ᠳ᠋ᠦ᠋ᠩ ᠹᠧᠩ ᠪᠠᠯᠭᠠᠰᠤᠨ᠎ᠤ ᠬᠡᠪᠴᠢᠶᠡᠨ᠎ᠳᠤ ᠦᠷᠨᠢᠬᠦᠯᠬᠦ ᠠᠵᠢᠯᠯᠠᠭ᠎ᠠ ᠪᠤᠯᠤᠬᠰᠠᠨ ᠶᠤᠮ ᠭᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号