ᠬᠤᠯᠪᠤᠭᠠᠰᠦ ᠄
●ᠡᠵᠡᠨ ᠬᠤᠷᠤᠭ᠎ᠠ ᠬᠤᠰᠢᠭᠤᠨᠦ ᠵᠠᠰᠠᠭ ᠪᠠᠯᠭᠠᠰᠤᠨᠦ ᠮᠦᠨᠭᠭᠡᠴᠢ ᠭᠠᠴᠠᠭᠠᠨᠦ ᠨᠠᠮᠤᠨ ᠡᠭᠦᠷᠤᠨ ᠤᠤᠯᠤᠨ ᠱᠦᠵᠢ ᠠᠸᠠᠨᠭᠰᠠᠷᠡᠩ 2014 ᠤᠨᠳᠤ ᠪᠦᠬᠦ ᠤᠯᠤᠰᠤᠨ ᠦᠨᠳᠦᠰᠦᠳᠠᠨᠦ ᠪᠦᠯᠬᠦᠮᠳᠠᠯ ᠲᠠᠪᠰᠢᠯᠳᠠ ᠵᠢᠨ ᠵᠢᠱ᠌ᠢᠶᠠᠴᠢ ᠬᠤᠪᠢ ᠬᠦᠮᠦᠨ ᠵᠢᠡᠷ ᠰᠤᠨᠭᠭᠤᠭᠳᠠᠪᠠ᠃
●ᠮᠦᠨᠭᠭᠡᠴᠢ ᠭᠠᠴᠠᠭ᠎ᠠ 2021 ᠤᠨᠳᠤ ᠤᠷᠳᠤᠰ ᠬᠤᠳᠠ ᠵᠢᠨ ᠦᠨᠳᠦᠰᠦᠳᠠᠨᠦ ᠪᠦᠯᠬᠦᠮᠳᠠᠯ ᠲᠠᠪᠰᠢᠯᠳᠠ ᠵᠢᠨ ᠵᠢᠱ᠌ᠢᠶᠠ ᠦᠵᠡᠬᠦᠯᠬᠦ ᠨᠢᠭᠡᠴᠢ ᠪᠠᠷ ᠰᠤᠨᠭᠭᠤᠭᠳᠠᠪᠠ᠃
●ᠮᠦᠨᠭᠭᠡᠴᠢ ᠭᠠᠴᠠᠭ᠎ᠠ ᠰᠢᠨ᠎ᠠ ᠴᠠᠭ ᠦᠶ᠎ᠠ ᠵᠢᠨ ᠪᠤᠯᠪᠠᠰᠤᠨᠦ ᠦᠢᠯᠡᠳᠦᠯᠭᠡ ᠵᠢᠨ ᠦᠷᠳᠡᠭᠡ ᠪᠠᠷ ᠬᠦᠬᠦᠷᠭᠡ ᠬᠤᠯᠪᠤᠭᠠᠰᠤ ᠪᠤᠯᠭᠠᠵᠦ᠂ ᠵᠢᠯ ᠪᠤᠯᠭᠠᠨ ᠤᠯᠠᠮᠵᠢᠯᠠᠯᠳᠤ ᠪᠠᠶᠠᠷ ᠲᠤᠷᠠᠰᠬᠠᠯᠤᠨ ᠡᠳᠦᠷ ᠮᠤᠷᠢ ᠤᠷᠤᠯᠳᠤᠬᠤ᠂ ᠪᠦᠭᠡ ᠪᠠᠷᠢᠯᠳᠤᠬᠤ᠂ ᠤᠪᠤᠭ᠎ᠠ ᠲᠠᠬᠢᠬᠤ᠂ ᠰᠠᠢᠨ ᠲᠤᠷ᠎ᠠ ᠵᠢᠨ ᠦᠢᠯᠡᠴᠢᠯᠡᠭᠡ ᠵᠡᠷᠭᠡ ᠤᠯᠠᠨ ᠵᠦᠢᠯᠤᠨ ᠠᠵᠢᠯᠯᠠᠭ᠎ᠠ ᠦᠷᠨᠢᠬᠦᠯᠤᠨ᠂ ᠡᠯ᠎ᠠ ᠦᠨᠳᠦᠰᠦᠳᠡᠨᠦ ᠠᠷᠠᠳ ᠲᠦᠮᠠᠨᠦ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯᠢ ᠠᠬᠢᠭᠤᠯᠵᠤ᠂ ᠰᠤᠷᠳᠠᠯ ᠪᠤᠯᠪᠠᠰᠤᠨ᠂ ᠦᠨᠳᠦᠰᠦᠳᠡᠨ ᠪᠦᠯᠬᠦᠮᠳᠡᠨ ᠨᠢᠭᠳᠠᠷᠠᠬᠰᠠᠨ ᠠᠭᠤᠷ ᠠᠮᠢᠰᠬᠤᠯᠢ ᠨᠠᠩ ᠦᠳᠭᠡᠷᠡᠭᠦᠯᠵᠤ ᠪᠤᠢ᠃
ᠡᠵᠡᠨ ᠬᠤᠷᠤᠭ᠎ᠠ ᠬᠤᠰᠢᠭᠤᠨᠦ ᠵᠠᠰᠠᠭ ᠪᠠᠯᠭᠠᠰᠤ — ᠤᠤᠯᠤᠨ ᠤᠷᠳᠤᠰᠴᠢᠭᠤᠯᠭᠠᠨᠦ ᠲᠤᠯᠤᠭᠠᠨ ᠬᠤᠰᠢᠭᠤᠨᠦ ᠨᠢᠭᠡ ᠪᠤᠯᠬᠤ ᠵᠠᠰᠠᠭ ᠬᠤᠰᠢᠭᠤᠨᠦ ᠨᠤᠶᠠᠨ ᠱᠠᠩ ᠪᠤᠶᠤ ᠸᠠᠩᠤᠨ ᠤᠷᠳᠤᠨ ᠪᠠᠢᠷᠢᠯᠠᠵᠦ ᠪᠠᠢᠭᠰᠠᠨ ᠵᠢᠡᠷ ᠵᠢᠡᠨ ᠢᠨᠭᠭᠢᠵᠦ ᠨᠠᠷᠠᠢᠳᠦᠭᠳᠡᠵᠠᠢ᠃ ᠵᠢᠷᠭᠤᠭᠠᠨ ᠰᠠᠷ᠎ᠠ ᠵᠢᠨ ᠰᠡᠬᠦᠯᠴᠢ ᠪᠠᠷ ᠪᠢᠳᠠ ᠬᠢᠶ᠎ᠠ ᠪᠠᠭᠰᠢ ᠲᠤᠭᠤᠷᠢᠭ ᠡᠴᠡ ᠮᠤᠷᠳᠠᠵᠦ ᠵᠠᠰᠠᠭ ᠪᠠᠯᠭᠠᠰᠤᠨᠦ ᠮᠦᠨᠭᠭᠡᠴᠢ ᠭᠠᠴᠠᠭᠠᠵᠢ ᠴᠢᠭᠯᠡᠨ ᠲᠠᠪᠬᠢᠭᠤᠯᠬᠤ ᠳ᠋ᠤ ᠵᠠᠮᠤᠨ ᠬᠤᠶᠠᠷ ᠬᠠᠵᠠᠭᠤ ᠪᠠᠷ ᠡᠪᠡᠰᠦ ᠮᠤᠳᠤ ᠨᠤᠭᠤᠭᠠᠷᠠᠵᠦ ᠂ ᠬᠡᠬᠡᠷ᠎ᠠ ᠵᠢᠨ ᠲᠠᠭᠠᠳᠠᠢ ᠰᠠᠯᠬᠢ ᠰᠡᠨᠭᠭᠢᠨᠠᠭᠡᠳ ᠲᠠᠨᠭᠳᠠ ᠪᠠᠨ ᠡᠨᠳᠡ ᠭᠠᠩ ᠲᠠᠢ ᠪᠠᠢᠨ᠎ᠠ᠂ ᠲᠠᠨᠳᠠ ᠭᠠᠴᠢᠭ ᠲᠠᠢ ᠪᠠᠢᠨ᠎ᠠ ᠬᠡᠰᠡᠨ ᠴᠢᠮᠡᠭᠡ ᠵᠢ ᠤᠯᠠᠨ ᠲᠤᠭᠤᠯᠵᠦ ᠪᠠᠢᠬᠰᠠᠨ ᠪᠢᠳᠠᠨᠳᠤ ᠤᠨᠴᠠᠭᠠᠢ ᠨᠠᠨᠳᠢᠨ ᠰᠠᠨᠠᠭᠳᠠᠭᠰᠠᠨ ᠶᠤᠮ᠂ ᠬᠡᠳᠦ ᠬᠡᠳᠦ ᠪᠠᠷ ᠪᠤᠶᠤ ᠬᠡᠰᠡᠭ ᠬᠡᠰᠡᠭ ᠵᠢᠡᠷ ᠲᠠᠷᠢᠬᠰᠠᠨ ᠮᠤᠳᠤ ᠨᠢ ᠬᠠᠶᠠ ᠵᠠᠷᠢᠮ ᠭᠠᠵᠠᠷ ᠨᠠᠢᠯᠡᠨ ᠵᠠᠯᠭᠠᠯᠳᠤᠵᠤ ᠤᠢ ᠪᠤᠯᠤᠭᠠᠳ ᠤᠢᠵᠢᠭᠤᠯᠤᠯᠳᠠ ᠬᠡᠳᠡᠭ ᠦᠭᠡ ᠵᠢᠨ ᠤᠳᠬ᠎ᠠ ᠵᠢ ᠵᠢᠨᠭᠭᠢᠨᠢ ᠤᠢᠯᠠᠭᠠᠭᠤᠯᠤᠨᠠ᠃ 《ᠮᠠᠨᠦ ᠡᠨᠳᠡ ᠡᠨᠡ ᠵᠢᠯ ᠬᠤᠷ᠎ᠠ ᠪᠤᠷᠤᠭ᠎ᠠ ᠭᠠᠢᠭᠤᠢ》 ᠬᠡᠵᠦ ᠪᠢᠳᠠᠨᠢ ᠮᠠᠰᠢᠨ ᠵᠢᠡᠷ ᠵᠢᠡᠨ ᠲᠤᠰᠤᠨ ᠠᠪᠴᠤ ᠮᠦᠨᠭᠭᠡᠴᠢ ᠭᠠᠴᠠᠭᠠᠨᠳᠤ ᠬᠦᠷᠭᠡᠵᠦ ᠶᠠᠪᠤᠭ᠎ᠠ ᠵᠠᠰᠠᠭ ᠪᠠᠯᠭᠠᠰᠤᠨᠦ ᠵᠠᠰᠠᠭᠤᠨ ᠤᠷᠳᠤᠨᠦ ᠠᠵᠢᠯᠳᠠᠨ ᠨᠠᠷᠠᠨᠪᠠᠶᠠᠷ ᠶᠠᠷᠢᠵᠤ ᠪᠠᠢᠯ᠎ᠠ᠃

ᠯᠢ ᠴᠢ ᠰᠢᠶᠠᠩ (ᠵᠡᠬᠦᠨᠳᠡᠬᠢ) ᠪᠤᠯᠤᠨ ᠰᠢᠯᠢᠨᠪᠠᠭᠠᠳᠤᠷ
— ᠶᠠᠷᠤ ᠨᠢ ᠡᠨᠡ ᠬᠠᠪᠢ ᠪᠠᠷ ᠪᠤᠷᠤᠭᠠᠨ ᠤᠷᠤᠬᠤ ᠨᠢ ᠢᠯᠡᠬᠦᠦ᠂ ᠵᠠᠷᠢᠮ ᠳ᠋ᠠᠭᠠᠨ ᠤᠢᠷ᠎ᠠ ᠬᠠᠪᠢ ᠵᠢᠨ ᠭᠠᠵᠠᠷ ᠵᠢᠡᠷ ᠤᠷᠤᠭᠰᠠᠨ ᠦᠭᠡᠢ ᠪᠠᠢᠳᠠᠯ᠎ᠠ ᠡᠨᠡᠬᠦᠷ ᠯᠡ ᠪᠤᠷᠤᠭᠠᠯᠠᠴᠢᠬᠠᠭᠰᠠᠨ ᠪᠠᠢᠳᠠᠭ᠃
— ᠤᠢᠵᠢᠭᠤᠯᠤᠯᠳᠠ ᠵᠢ ᠰᠠᠢᠨ ᠬᠢᠭᠰᠡᠨᠦ ᠯᠠ ᠤᠴᠢᠷ᠃
ᠲᠡᠷᠭᠡᠨᠲᠤᠳᠤᠷᠠ ᠡᠢᠮᠦᠷᠬᠦᠦ ᠶᠠᠷᠢᠶ᠎ᠠ ᠬᠦᠬᠡᠷᠦᠭᠡ ᠦᠷᠬᠦᠯᠵᠢᠯᠠᠨ᠎ᠠ᠃ ᠬᠤᠷ᠎ᠠ ᠪᠤᠷᠤᠭᠠᠨ ᠡᠯᠪᠡᠭ ᠪᠤᠯ ᠡᠪᠡᠰᠦ ᠪᠡᠯᠴᠢᠭᠡᠷ ᠰᠠᠢᠨ᠂ ᠮᠠᠯᠤᠨ ᠬᠦᠴᠦ ᠲᠠᠷᠭᠤ ᠰᠠᠢᠨ; ᠪᠤᠳᠠᠭ᠎ᠠ ᠲᠠᠷᠢᠶ᠎ᠠ ᠤᠷᠭᠤᠴᠠ ᠰᠠᠢᠨ᠂ ᠬᠤᠷᠢᠶᠠᠯᠳᠠ ᠡᠯᠪᠡᠭ᠂ ᠮᠠᠯᠴᠢᠨ ᠲᠠᠷᠢᠶᠠᠴᠢᠳ ᠮᠠᠨᠢ ᠴᠸ᠋ ᠮᠠᠨᠭᠨᠠᠢ ᠲᠠᠨᠢᠢᠭᠡᠳ ᠶᠠᠭᠤᠮ᠎ᠠ ᠪᠦᠬᠦᠨ ᠦᠭᠡᠳᠡ ᠡᠰᠡᠷᠡᠭ᠂ ᠬᠠᠮᠤᠭ ᠠᠷᠠᠳ ᠠᠮᠤᠷᠵᠢᠬᠤ ᠨᠢ ᠲᠠᠷᠠ᠃ ᠲᠠᠢᠨ ᠬᠦ᠌ 《ᠬᠠᠷ᠎ᠠ ᠮᠤᠷᠢ ᠬᠦᠷᠪᠡᠭᠰᠡᠨ ᠭᠠᠵᠠᠷ ᠲᠸ᠋ \ ᠬᠠᠭᠠᠨᠦ ᠱᠠᠩᠢ ᠪᠠᠢᠭᠤᠯᠤᠭᠰᠠᠨ ᠰᠠᠢᠨ \ ᠬᠠᠭᠠᠨᠦ ᠱᠠᠩᠢ ᠪᠠᠢᠭᠤᠯᠤᠭᠰᠠᠨ ᠡᠴᠡ ᠬᠤᠢᠰᠢ \ ᠬᠠᠮᠤᠭ ᠠᠷᠠᠳ ᠠᠮᠤᠷᠵᠢᠭᠰᠠᠨ ᠰᠠᠢᠨ 》 ᠬᠡᠰᠡᠨ ᠤᠷᠳᠤᠰ ᠠᠷᠠᠳᠤᠨ ᠨᠢᠭᠡᠨ ᠲᠠᠭᠤᠤ ᠵᠢᠨ ᠮᠦᠷ ᠪᠠᠳᠠᠭ ᠡᠷᠭᠡ ᠦᠭᠡᠢ ᠴᠠᠭᠡᠵᠢᠨᠳᠤ ᠪᠠᠭᠤᠵᠤ ᠪᠠᠢᠪᠠ᠃

ᠮᠦᠨᠭᠭᠡᠴᠢ ᠭᠠᠴᠠᠭᠠᠨᠤ ᠯᠢᠤᠢ ᠶᠤᠸᠠᠨ ᠥᠭᠡᠷ ᠲᠡᠵᠢᠭᠡᠬᠥ ᠤᠳᠤᠭᠢᠴᠢᠯᠠᠬᠰᠡᠨ ᠲᠠᠯᠠᠪᠠᠢ
ᠭᠠᠭᠴᠠ ᠬᠦᠮᠦᠨ ᠠᠢᠯ ᠪᠤᠯᠬᠤ ᠦᠭᠡᠢ
ᠭᠠᠭᠴᠠ ᠮᠤᠳᠤ ᠭᠠᠯ ᠪᠤᠯᠬᠤ ᠦᠭᠡᠢ
ᠪᠢᠳᠠᠨᠦ ᠰᠠᠭᠤᠭᠰᠠᠨ ᠮᠠᠰᠢᠨ ᠮᠦᠨᠭᠭᠡᠴᠢ ᠭᠠᠴᠠᠭᠠᠨᠦ ᠨᠢᠭᠡᠳᠦᠭᠡᠷ ᠲᠤᠭᠤᠢᠯᠠᠩᠤᠨ ᠰᠢᠯᠢᠨᠪᠠᠭᠠᠳᠤᠷᠤᠨ ᠭᠠᠳᠠᠨ᠎ᠠ ᠬᠦᠷᠦᠭᠡᠳ ᠵᠤᠭᠰᠤᠪᠠ᠃ ᠬᠤᠶᠠᠳᠤᠭᠠᠷ ᠲᠤᠭᠤᠢᠯᠠᠩᠤᠨ ᠯᠢ ᠴᠢ ᠰᠢᠶᠠᠩ ᠡᠷ᠎ᠠ ᠡᠮ᠎ᠠ ᠬᠤᠶᠠᠭᠤᠯᠠ᠂ ᠭᠠᠴᠠᠭᠠᠨᠦ ᠨᠠᠮᠤᠨ ᠡᠭᠦᠷᠤᠨ ᠱᠦᠵᠢ ᠯᠢ ᠰᠢᠦ ᠪᠤᠤ ᠪᠦᠷ ᠡᠨᠡ ᠠᠢᠯᠳᠤ ᠢᠷᠡᠭᠡᠳ ᠪᠢᠳᠠᠨᠢ ᠬᠦᠯᠢᠶᠠᠵᠦ ᠪᠠᠢᠪᠠ᠃ ᠮᠦᠨᠭᠭᠡᠴᠢ ᠭᠠᠴᠠᠭ᠎ᠠ ᠬᠤᠶᠠᠷ ᠲᠤᠭᠤᠢᠯᠠᠩ ᠲᠠᠢ᠂ ᠨᠠᠢᠳᠠ 319 ᠡᠷᠦᠭᠡ 732 ᠬᠦᠮᠦᠨ ᠲᠠᠢ᠂ ᠬᠢᠳᠡᠳ ᠮᠤᠨᠭᠭᠤᠯ ᠪᠠᠷᠤᠭ ᠬᠠᠭᠠᠰ ᠬᠠᠭᠠᠰᠢ ᠡᠵᠡᠯᠡᠳᠡᠭ ᠪᠠᠢᠨ᠎ᠠ᠃
ᠰᠢᠯᠢᠨᠪᠠᠭᠠᠳᠤᠷ 220 ᠲᠡᠭᠰᠢ ᠲᠦᠷᠪᠡᠯᠵᠢᠨ ᠮᠸᠲᠷ ᠪᠦᠬᠦᠢ ᠡᠨᠡ ᠪᠠᠢᠰᠢᠩ ᠵᠢᠡᠨ ᠨᠠᠯᠢᠶᠠᠳ ᠡᠷᠳᠡ ᠪᠠᠷᠢᠬᠰᠠᠨ ᠬᠡᠬᠦ ᠪᠤᠯᠪᠠᠴᠤ ᠵᠤᠴᠢᠨᠦ ᠦᠷᠦᠭᠡ᠂ ᠭᠠᠯ ᠲᠤᠭᠤᠭᠠᠨᠦ ᠦᠷᠦᠭᠡ᠂ ᠤᠨᠳᠠᠯᠭ᠎ᠠ ᠵᠢᠨ ᠦᠷᠦᠭᠡ ᠬᠡᠳ ᠤᠯᠠᠨ ᠲᠠᠰᠤᠯᠵᠤ ᠬᠤᠪᠢᠶᠠᠭᠠᠳ ᠵᠠᠰᠠᠵᠦ ᠴᠢᠮᠡᠭᠰᠡᠨ ᠨᠢ ᠬᠤᠳᠠ ᠵᠢᠨ ᠬᠢ ᠲᠠᠢ ᠢᠯᠭᠠᠭ᠎ᠠ ᠦᠭᠡᠢ ᠶᠡᠭᠡ ᠲᠤᠬᠢᠯᠢᠭ᠂ ᠴᠠᠪᠠᠷ ᠴᠡᠮᠴᠡᠭᠡᠷ᠂ ᠰᠢᠨᠠᠷᠭᠡᠭ ᠬᠠᠷᠠᠭᠳᠠᠵᠦ ᠪᠠᠢᠪᠠ᠃ ᠵᠤᠴᠢᠨᠦ ᠦᠷᠦᠭᠡᠨᠦ ᠲᠤᠭᠤᠷᠢᠭ ᠰᠢᠷᠡᠭᠡ ᠲᠡᠭᠡᠷ᠎ᠠ ᠬᠠᠳᠠᠭᠰᠠᠨ ᠮᠢᠬ᠎ᠠ᠂ ᠴᠢᠨᠠᠭᠰᠠᠨ ᠮᠢᠬ᠎ᠠ᠂ ᠬᠤᠷᠤᠳ ᠱᠦᠬᠦᠮᠡᠯ᠂ ᠠᠢᠷᠠᠭ ᠰᠢᠷ᠎ᠠ ᠲᠤᠰᠤ᠂ ᠠᠮᠤ ᠪᠤᠭᠤᠷᠰᠤᠭ ᠵᠡᠷᠭᠡ ᠵᠢ ᠲᠦᠭᠦᠷᠳᠡᠯ᠎ᠠ ᠦᠷᠦᠵᠠᠢ᠃
ᠵᠠᠮ ᠵᠠᠭᠤᠷ᠎ᠠ ᠡᠢᠰᠢ ᠲᠠᠢᠰᠢ ᠬᠠᠷᠠᠵᠦ᠂ ᠵᠤᠭᠤᠭᠳᠠᠵᠦ ᠶᠠᠪᠤᠬᠤ ᠳ᠋ᠠᠭᠠᠨ ᠮᠦᠨᠭᠭᠡᠴᠢ ᠭᠠᠴᠠᠭ᠎ᠠ ᠬᠡᠭᠴᠢ ᠪᠡᠯᠴᠢᠭᠡᠷ ᠤᠰᠤ ᠰᠠᠢᠨ᠂ ᠪᠠᠶᠠᠨ ᠴᠢᠨᠡᠭᠡᠯᠢᠭ ᠭᠠᠴᠠᠭ᠎ᠠ ᠶᠤᠮ ᠪᠠᠢᠨ᠎ᠠ ᠬᠡᠰᠡᠨ ᠠᠨᠭᠬᠠᠨᠦ ᠤᠢᠯᠠᠭᠠᠯᠳᠠ ᠲᠠᠢ ᠪᠤᠯᠤᠭᠰᠠᠨ ᠪᠢᠳᠠ ᠡᠨᠡ ᠠᠢᠯᠳᠤ ᠢᠷᠡᠭᠡᠳ 《ᠬᠠᠯᠴᠠᠭᠠᠢ ᠮᠠᠨᠭᠬᠠ ᠲᠠᠢ》᠂ 《ᠶᠠᠳᠠᠭᠤ ᠵᠦᠳᠡᠬᠦᠦ》 ᠪᠠᠢᠭᠰᠠᠨ ᠬᠡᠬᠦ ᠮᠠᠳᠤ ᠪᠠᠷ ᠬᠦᠮᠦᠰᠤᠨ ᠶᠠᠷᠢᠬᠤ ᠵᠢ ᠰᠤᠨᠤᠰᠤᠭᠠᠳ ᠡᠬᠢᠯᠡᠭᠡᠳ ᠡᠨᠳᠡᠬᠦᠦ ᠪᠤᠷᠤᠭᠤ ᠰᠤᠨᠤᠰᠴᠢᠬᠠᠪᠠ ᠤᠤ ᠬᠡᠵᠦ ᠤᠢᠯᠠᠭᠠᠵᠦ ᠶᠠᠳᠠᠭᠰᠠᠨ ᠶᠤᠮ᠃ ᠲᠡᠭᠡᠬᠦᠳᠤ《ᠮᠠᠨᠦ ᠡᠨᠳᠠᠬᠢ ᠴᠢᠨᠢ ᠬᠤᠰᠢᠭᠤᠨᠦ ᠪᠠᠨ ᠬᠠᠮᠤᠭᠤᠨ ᠪᠠᠷᠠᠭᠤᠨ ᠡᠮᠦᠨ᠎ᠠ ᠦᠵᠦᠬᠦᠷ᠂ ᠮᠤᠤᠠᠤᠰᠤ ᠡᠯᠡᠰᠦᠨᠦ ᠬᠦᠪᠡᠭᠡ ᠵᠠᠬ᠎ᠠ ᠳ᠋ᠠᠭᠠᠨ ᠪᠠᠭᠳᠠᠨ᠎ᠠ᠃ 2000 ᠤᠨ ᠪᠤᠯᠳᠠᠯ᠎ᠠ ᠪᠢᠳᠠ ᠤᠷᠤᠵᠤ ᠭᠠᠷᠬᠤ ᠳ᠋ᠠᠭᠠᠨ ᠶᠠᠪᠠᠭᠠᠨ ᠪᠤᠶᠤ ᠤᠨᠤᠭ᠎ᠠ ᠲᠠᠢ ᠯᠠ ᠶᠠᠪᠤᠳᠠᠭ ᠪᠠᠢᠬᠰᠠᠨ᠂ ᠲᠡᠷᠭᠡ ᠤᠷᠤᠵᠤ ᠲᠠᠢᠯᠬᠦ ᠦᠭᠡᠢ᠂ ᠵᠠᠰᠠᠮᠠᠯ ᠵᠠᠮ ᠦᠭᠡᠢ ᠶᠤᠮ ᠴᠢᠨᠢ᠂ ᠲᠤᠰᠬᠠᠢ ᠲᠡᠮᠡᠭᠡᠨ ᠠᠩᠭᠢ ᠬᠡᠵᠦ ᠪᠠᠢᠬᠰᠠᠨ ᠶᠤᠮ》 ᠬᠡᠵᠦ ᠰᠢᠯᠢᠨᠪᠠᠭᠠᠳᠤᠷ ᠭᠤᠸᠠᠢ ᠪᠢᠳᠠᠨᠳᠤ ᠤᠯᠠᠨ ᠲᠠᠯ᠎ᠠ ᠡᠴᠡ ᠲᠠᠢᠯᠪᠤᠷᠢᠯᠠᠵᠤ ᠪᠠᠢᠪᠠ᠃
ᠬᠡᠳᠡᠯ᠎ᠠ ᠦᠨᠦᠳᠤᠷᠤᠨ ᠪᠠᠢᠳᠠᠯ ᠵᠢᠡᠷ ᠡᠨᠡ ᠪᠦᠬᠦᠨᠢ ᠲᠦᠰᠦᠭᠡᠯᠡᠬᠦ ᠵᠢᠨ ᠠᠷᠭ᠎ᠠ ᠤᠭᠳᠤ ᠦᠭᠡᠢ ᠪᠤᠯᠵᠠᠢ᠃ ᠡᠨᠡ ᠶᠡᠭᠡ ᠬᠤᠪᠢᠷᠠᠯᠳᠠ ᠵᠢ ᠶᠠᠷᠢᠬᠤᠳᠤ ᠤᠴᠠᠷᠠᠭᠰᠠᠨ ᠬᠦᠮᠦᠨ ᠪᠤᠯᠭᠠᠨ 《ᠮᠠᠨᠦ ᠭᠠᠴᠠᠭᠠᠨᠦ ᠨᠠᠮᠤᠨ ᠡᠭᠦᠷᠤᠨ ᠤᠤᠯᠤᠨ ᠱᠦᠵᠢ ᠠᠸᠠᠨᠭᠰᠡᠷᠡᠩᠤᠨ ᠭᠠᠪᠢᠶ᠎ᠠ ᠮᠠᠰᠢ ᠶᠡᠭᠡ》 ᠬᠡᠵᠦ ᠪᠠᠢᠬᠰᠠᠨ ᠪᠢᠯᠡ᠃ ᠠᠸᠠᠨᠭᠰᠡᠷᠡᠩ ᠮᠦᠨᠭᠭᠡᠴᠢ ᠭᠠᠴᠠᠭᠠᠨᠦ ᠲᠠᠷᠤᠭ᠎ᠠ ᠪᠠ ᠨᠠᠮᠤᠨ ᠡᠭᠦᠷᠤᠨ ᠱᠦᠵᠢ ᠵᠢᠨ ᠲᠤᠰᠢᠶᠠᠯᠳᠤ ᠤᠷᠢᠳ ᠬᠤᠵᠢᠳ 25 ᠵᠢᠯ ᠵᠢᠳᠭᠦᠨ ᠠᠵᠢᠯᠯᠠᠬᠤ ᠳ᠋ᠠᠭᠠᠨ᠂ ᠨᠢᠭᠡ ᠲᠠᠯ᠎ᠠ ᠪᠠᠷ ᠤᠳᠤᠷᠢᠳᠬᠤ ᠪᠠᠭᠤᠨ ᠨᠦᠬᠦᠳ ᠵᠢᠡᠨ ᠲᠠᠭᠠᠭᠤᠯᠤᠨ ᠲᠡᠭᠡᠳᠦ ᠱᠠᠳᠤᠨ ᠡᠴᠡ ᠲᠠᠮᠵᠢᠯᠭᠡ᠂ ᠪᠡᠯᠡ ᠮᠦᠨᠭᠭᠦ ᠭᠤᠶᠤᠴᠢᠯᠠᠵᠤ ᠭᠠᠴᠠᠭᠠᠨ ᠳ᠋ᠠᠭᠠᠨ ᠴᠠᠬᠢᠯᠭᠠᠨ ᠨᠠᠪᠳᠡᠷᠡᠭᠦᠯᠵᠤ᠂ ᠵᠠᠮ ᠲᠠᠪᠢᠰᠬᠦ ᠵᠢᠨ ᠬᠠᠮᠳᠤ᠂ ᠨᠦᠬᠦᠭᠡ ᠲᠠᠯ᠎ᠠ ᠪᠠᠷ ᠭᠠᠴᠠᠭᠠᠨᠦᠪᠦᠬᠦ ᠬᠡᠰᠢᠬᠦᠳ ᠵᠢᠡᠨ ᠲᠠᠭᠠᠭᠤᠯᠤᠨ ᠮᠤᠳᠤ ᠪᠤᠷᠭᠠᠰᠤ ᠲᠠᠷᠢᠬᠤ ᠲᠠᠢᠯᠠᠯᠳᠤᠭᠠᠨᠢ ᠬᠦᠴᠦᠳᠠᠢ ᠦᠷᠨᠢᠬᠦᠯᠵᠠᠢ᠃ ᠮᠦᠨ ᠤᠷᠢᠳ ᠬᠤᠵᠢᠳ 6 ᠤᠳᠠᠭ᠎ᠠ ᠨᠢᠰᠭᠡᠯ ᠵᠢᠡᠷ ᠦᠷ᠎ᠠ ᠰᠠᠴᠤᠨ ᠮᠤᠳᠤ ᠲᠠᠷᠢᠵᠠᠢ᠃
《ᠮᠠᠨᠦ ᠭᠠᠴᠠᠭ᠎ᠠ 19 ᠲᠦᠮᠠ ᠭᠠᠷᠤᠢ ᠮᠸ᠋ ᠭᠠᠵᠠᠷ ᠨᠤᠳᠤᠭ ᠲᠠᠢ᠂ ᠤᠷᠭᠤᠮᠠᠯᠤᠨ ᠪᠦᠷᠬᠦᠴᠡ 2000 ᠤᠨᠦ ᠦᠶ᠎ᠠ ᠵᠢᠨ 10 % ᠡᠴᠡ ᠪᠠᠨ ᠦᠨᠦᠳᠤᠷ ᠪᠤᠯᠬᠤ ᠳ᠋ᠤ 90% ᠳ᠋ᠤ ᠬᠦᠷᠴᠤ ᠪᠠᠢᠨ᠎ᠠ᠃ ᠡᠨᠡ ᠪᠤᠯ ᠨᠢᠭᠡ ᠬᠤᠶᠠᠷ ᠬᠦᠮᠦᠨᠦ ᠨᠢᠭᠡ ᠬᠤᠶᠠᠷᠵᠢᠯᠤᠨ ᠴᠢᠷᠮᠠᠢᠯᠭ᠎ᠠ ᠪᠠᠷ ᠪᠦᠳᠦᠬᠦ ᠵᠦᠢᠯ ᠪᠢᠰᠢ᠂ ᠪᠦᠬᠦ ᠭᠠᠴᠠᠭᠠᠨᠦ ᠡᠯ᠎ᠠ ᠦᠨᠳᠦᠰᠦᠳᠡᠨᠦ ᠪᠦᠬᠦ ᠬᠡᠰᠢᠬᠦᠳᠤᠨ ᠤᠯᠠᠨ ᠵᠢᠯᠤᠨ ᠬᠠᠮᠳᠤ ᠵᠢᠨ ᠴᠢᠷᠮᠠᠢᠯᠭ᠎ᠠ ᠶᠤᠮ》 ᠬᠡᠵᠦ ᠯᠢ ᠰᠢᠦ ᠪᠤᠤ ᠶᠠᠷᠢᠨ᠎ᠠ᠃ ᠶᠡᠭᠡ ᠬᠡᠮᠵᠢᠶᠠᠨᠦ ᠨᠤᠭᠤᠭᠠᠷᠠᠭᠤᠯᠤᠯᠳᠠ ᠤᠢᠵᠢᠭᠤᠯᠤᠯᠳᠠ ᠨᠢ ᠠᠮᠢ ᠠᠬᠤᠢ ᠵᠢ ᠰᠡᠷᠭᠦᠭᠡᠨ ᠰᠠᠢᠵᠢᠷᠠᠭᠤᠯᠵᠤ ᠬᠦᠮᠦᠰᠤᠨ ᠤᠷᠤᠰᠢᠨ ᠰᠠᠭᠤᠷᠢᠰᠢᠬᠤᠳᠤ ᠲᠠᠭᠠᠳᠠᠢ ᠪᠤᠯᠤᠭᠰᠠᠨ ᠵᠢᠡᠷ ᠪᠠᠷᠠᠬᠤ ᠦᠭᠡᠢ᠂ ᠠᠵᠤ ᠠᠬᠤᠢ ᠵᠢᠨ ᠤᠷᠤᠯᠭ᠎ᠠ ᠵᠢ ᠨᠡᠮᠡᠭᠳᠡᠬᠦᠯᠵᠤ ᠵᠦᠪᠭᠡᠨ ᠪᠤᠷᠭᠠᠰᠤ ᠬᠠᠳᠤᠵᠤ ᠬᠤᠳᠠᠯᠳᠤᠭᠠᠳ ᠬᠦᠮᠦᠨ ᠲᠤᠮᠳᠠᠴᠢ ᠪᠠᠷ ᠵᠢᠯᠳᠤ 1000 ᠲᠦᠭᠦᠷᠢᠭᠡᠴᠡ ᠲᠡᠭᠡᠭᠰᠢ ᠤᠷᠤᠯᠭ᠎ᠠ ᠲᠠᠢ ᠪᠤᠯᠵᠠᠢ᠃ ᠬᠠᠳᠤᠵᠤ ᠬᠠᠮᠤᠬᠤ ᠡᠪᠡᠰᠦ ᠡᠯᠪᠡᠭ᠂ ᠱᠤᠯᠤᠵᠦ ᠰᠢᠨᠭᠭᠡᠯᠡᠬᠦ ᠰᠠᠯᠠᠭ᠎ᠠ ᠨᠠᠮᠠᠭ᠎ᠠ ᠤᠯᠠᠨ ᠪᠤᠯᠤᠭᠰᠡᠨ ᠡᠴᠡ ᠬᠦᠮᠦᠰᠤᠨ ᠮᠠᠯ ᠵᠢᠡᠨ ᠬᠠᠰᠢᠶᠠᠯᠠᠵᠦ ᠪᠤᠷᠳᠤᠵᠦ ᠲᠠᠵᠢᠭᠡᠬᠦ ᠡᠪᠡᠰᠦ ᠪᠤᠷᠳᠤᠭᠠᠨᠦ ᠢᠷᠠᠯᠳᠠ ᠵᠢ ᠴᠸ᠋ ᠦᠷᠭᠡᠳᠭᠡᠵᠠᠢ᠃
ᠲᠤᠤᠭᠠᠷᠪᠠᠯ ᠲᠠᠭᠤᠨ ᠨᠢᠭᠡ
ᠲᠤᠭᠳᠤᠷᠪᠠᠯ ᠬᠦᠴᠦᠨ ᠨᠢᠭᠡ
ᠡᠵᠡᠨ ᠬᠤᠷᠤᠭ᠎ᠠ ᠬᠤᠰᠢᠭᠤ ᠠᠵᠤ ᠠᠬᠤᠢ ᠡᠳ᠋ᠤᠨ ᠵᠠᠰᠠᠭᠤᠨ ᠬᠦᠴᠦᠨ ᠵᠢᠡᠷ ᠵᠢᠠᠨ ᠪᠦᠬᠦ ᠤᠯᠤᠰ ᠲᠸ᠋ ᠴᠸ᠋ ᠲᠡᠭᠡᠬᠦᠷ ᠶᠠᠪᠤᠵᠤ ᠪᠠᠢᠭ᠎ᠠ ᠪᠢᠯᠡ᠃ 2022 ᠤᠨᠦ ᠪᠠᠢᠳᠠᠯ ᠵᠢᠡᠷ ᠠᠪᠴᠤ ᠦᠵᠡᠪᠡᠯ᠂ ᠪᠦᠬᠦ ᠤᠯᠤᠰᠤᠨ ᠰᠢᠶᠠᠨᠦ ᠠᠵᠤ ᠠᠬᠤᠢ ᠵᠢᠨ ᠶᠠᠷᠦᠨᠭᠭᠡᠢᠯᠡᠭᠰᠡᠨ ᠦᠷᠢᠰᠦᠯᠳᠦᠬᠦ ᠬᠦᠴᠦᠨ ᠪᠦᠬᠦᠢ 100 ᠬᠦᠴᠦᠷᠭᠡᠭᠤᠨ ᠵᠢᠭᠰᠠᠭᠠᠯᠳᠠᠳᠤ 22 ᠳ᠋ᠤᠭᠠᠷ ᠲᠸ᠋ ᠤᠷᠤᠵᠠᠢ᠃ ᠲᠡᠭᠡᠭᠦᠳᠤ᠂ ᠮᠦᠨᠭᠭᠡᠴᠢ ᠭᠠᠴᠠᠭ᠎ᠠ ᠠᠵᠤ ᠠᠬᠤᠢ ᠡᠳ᠋ᠤᠨ ᠵᠠᠰᠠᠭᠤᠨ ᠬᠦᠴᠦᠨ ᠵᠢᠡᠷ ᠵᠢᠡᠨ ᠪᠦᠬᠦ ᠬᠤᠰᠢᠭᠤᠨᠦ ᠡᠯ᠎ᠠ ᠭᠠᠴᠠᠭ᠎ᠠ ᠲᠤᠰᠬᠤᠨᠦ ᠲᠤᠳᠤᠷ᠎ᠠ ᠪᠠᠨ ᠬᠤᠶᠠᠳᠤᠭᠠᠷ ᠲᠤᠨᠢ ᠤᠷᠤᠳᠠᠭ ᠪᠠᠢᠨ᠎ᠠ᠃
ᠮᠦᠨᠭᠭᠡᠴᠢ ᠭᠠᠴᠠᠭᠠᠨ ᠡᠴᠡ ᠶᠡᠭᠡ ᠬᠡᠮᠵᠢᠶᠠᠨᠦ ᠪᠠᠢᠭᠠᠯᠢ ᠵᠢᠨ ᠰᠢᠳᠠᠮᠠᠬᠠᠢ ᠬᠡᠢ᠂ ᠴᠢᠯᠠᠭᠤᠨ ᠲᠤᠰᠤ ᠪᠤᠯᠤᠨ ᠨᠡᠬᠦᠷᠡᠰᠦᠨᠦ ᠡᠬᠢ ᠪᠠᠶᠠᠯᠢᠭᠢ ᠬᠠᠢᠨ ᠢᠯᠡᠷᠡᠭᠦᠯᠦᠭᠰᠡᠨᠦ ᠲᠠᠷᠠᠭ᠎ᠠ᠂ ᠤᠯᠤᠰᠤᠨ ᠦᠮᠴᠢᠯᠠᠯᠳᠤ ᠲᠤᠮᠤ ᠲᠤᠮᠤ ᠠᠵᠤ ᠠᠬᠤᠢᠯᠠᠯ ᠵᠠᠯᠭᠠᠭ᠎ᠠ ᠪᠠᠷ ᠤᠷᠤᠵᠤ ᠢᠷᠡᠵᠦ ᠨᠡᠭᠡᠭᠡᠨ ᠠᠰᠢᠬᠯᠠᠯᠳᠠ ᠬᠢᠭᠰᠡᠨ ᠪᠠᠢᠨ᠎ᠠ᠃ ᠡᠢᠮᠦᠷᠬᠦᠦ ᠪᠠᠢᠳᠠᠯ ᠲᠤᠤᠷ᠎ᠠ ᠭᠠᠴᠠᠭᠠᠨᠦ ᠠᠷᠠᠳ ᠲᠸ᠋ ᠪᠠᠶᠠᠵᠢᠬᠤ ᠠᠵᠠ ᠲᠤᠬᠢᠶᠠᠯ ᠪᠠᠢᠨ᠎ᠠ ᠤᠤ? ᠠᠵᠠ ᠲᠤᠬᠢᠶᠠᠯᠪᠠᠢᠪᠠᠯ ᠬᠡᠷᠬᠢᠨ ᠠᠳᠬᠤᠵᠤ ᠠᠪᠬᠤ ᠪᠤᠢ ?2008 ᠤᠨᠦ 3 ᠰᠠᠷᠠᠳᠤ᠂ ᠭᠠᠴᠠᠭᠠᠨᠦ ᠨᠠᠮᠤᠨ ᠡᠭᠦᠷᠤᠨ ᠤᠤᠯᠤᠨ ᠱᠦᠵᠢ ᠠᠸᠠᠨᠭᠰᠡᠷᠡᠩ ᠬᠡᠰᠢᠬᠦᠳ ᠵᠢᠡᠨ ᠲᠠᠢᠴᠢᠯᠠᠨ 《ᠨᠠᠮᠤᠨ ᠡᠭᠦᠷ + ᠺᠤᠮᠫᠠᠨᠢ + ᠮᠠᠯᠴᠢᠨ ᠲᠠᠷᠢᠶᠠᠴᠢᠨ ᠡᠷᠦᠭᠡ》 ᠬᠡᠯᠪᠡᠷᠢ ᠪᠠᠷ ᠮᠦᠨᠭᠭᠡᠴᠢ ᠭᠠᠴᠠᠭᠠᠨᠦ ᠦᠢᠯᠡᠳᠪᠤᠷᠢ ᠬᠤᠳᠠᠯᠳᠤᠭᠠᠨᠦ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠵᠢ ᠪᠠᠢᠭᠤᠯᠤᠭᠰᠠᠨ ᠪᠠᠢᠨ᠎ᠠ᠃ ᠲᠡᠭᠦᠨᠦ ᠲᠠᠢᠴᠢᠯᠠᠯᠳᠠ ᠲᠤᠤᠷ᠎ᠠ᠂ 200 ᠡᠷᠦᠭᠡ ᠡᠷᠦᠭᠡ ᠪᠤᠯᠭᠠᠨ 3000 ᠲᠦᠭᠦᠷᠢᠭ ᠭᠠᠷᠭᠠᠨ ᠬᠤᠪᠢ ᠤᠷᠤᠵᠤ᠂ ᠭᠠᠴᠠᠭᠠᠨ ᠡᠴᠡ 19 ᠲᠦᠮᠠᠨ ᠲᠦᠭᠦᠷᠢᠭ ᠭᠠᠷᠭᠠᠵᠦ᠂ ᠤᠯᠠᠨᠦ ᠬᠦᠴᠦᠨᠳᠤ ᠨᠠᠢᠳᠠ 79 ᠲᠦᠮᠠᠨ ᠲᠦᠭᠦᠷᠢᠭ ᠬᠤᠷᠠᠮᠳᠤᠭᠤᠯᠵᠤ ᠺᠤᠮᠫᠠᠨᠢ ᠵᠢᠨ ᠵᠢᠠᠨ ᠠᠨᠭᠬᠠᠨᠦ ᠬᠦᠷᠦᠨᠭᠭᠡ ᠢᠨᠭᠭᠢᠵᠦ ᠪᠦᠷᠢᠯᠳᠦᠭᠰᠡᠨ ᠪᠠᠢᠨ᠎ᠠ᠃ ᠲᠤᠰ ᠺᠤᠮᠫᠠᠨᠢ ᠠᠨᠭᠬᠠᠨᠦ ᠵᠢᠯ ᠳ᠋ᠡᠭᠡᠨ ᠲᠤᠮᠳᠠᠳᠤ ᠤᠯᠤᠰᠤᠨ ᠴᠢᠯᠠᠭᠤᠨ ᠲᠤᠰᠤ ᠬᠢᠮᠢ ᠵᠢᠨ ᠪᠦᠯᠦᠭᠯᠡᠯᠤᠨ 5 ᠺᠢᠯᠤᠮᠸᠲᠷᠤᠨ ᠴᠠᠷᠳᠠᠮᠠᠯ ᠵᠠᠮᠢ ᠲᠡᠪᠢᠰᠬᠦ᠂ 3 ᠲᠦᠮᠠᠨ ᠮᠸᠲᠷᠤᠨ ᠲᠠᠮᠵᠢᠭᠤᠯᠬᠤ ᠬᠤᠭᠤᠯᠠᠢ ᠪᠤᠯᠠᠬᠤ ᠪᠠ 10 ᠲᠦᠮᠠᠨ ᠪᠤᠰᠤᠭ᠎ᠠ ᠲᠦᠷᠪᠡᠯᠵᠢᠨ ᠮᠸᠲᠷᠤᠨ ᠰᠢᠳᠠᠮᠠᠬᠠᠢ ᠬᠡᠢ ᠬᠤᠷᠢᠶᠠᠨ ᠬᠠᠳᠠᠭᠠᠯᠠᠬᠤ ᠦᠷᠳᠡᠭᠡ ᠵᠢ ᠪᠠᠢᠭᠤᠯᠬᠤ ᠠᠵᠢᠯᠢ ᠲᠠᠭᠠᠭᠠᠴᠢᠯᠠᠨ ᠠᠪᠴᠤ ᠬᠢᠭᠡᠳ ᠵᠢᠯᠤᠨ ᠰᠡᠭᠦᠯᠴᠢ ᠪᠠᠷ ᠬᠤᠪᠢ ᠤᠷᠤᠭᠰᠠᠨ ᠡᠷᠦᠭᠡ ᠪᠤᠯᠭᠠᠨ ᠳ᠋ᠠᠭᠠᠨ 1995 ᠲᠦᠭᠦᠷᠢᠭᠤᠨ ᠠᠰᠢᠭ ᠬᠤᠪᠢᠶᠠᠷᠢᠯᠠᠵᠦ᠂ ᠭᠠᠴᠠᠭᠠᠨ ᠳ᠋ᠠᠭᠠᠨ 11 ᠲᠦᠮᠠᠨ ᠲᠦᠭᠦᠷᠢᠭᠤᠨ ᠬᠠᠮᠳᠤ ᠵᠢᠨ ᠤᠷᠤᠯᠭ᠎ᠠ ᠡᠭᠦᠳᠴᠠᠢ᠃
ᠲᠤᠰ ᠺᠤᠮᠫᠠᠨᠢ ᠭᠤᠤᠯᠳᠠᠭᠤ ᠲᠤᠰ ᠭᠠᠴᠠᠭᠠᠨᠳᠤ ᠨᠤᠳᠤᠭᠰᠢᠬᠰᠠᠨ ᠤᠯᠤᠰᠤᠨ ᠦᠮᠴᠢᠯᠠᠯᠤᠨ ᠲᠤᠮᠤ ᠲᠤᠮᠤ ᠠᠵᠤ ᠠᠬᠤᠢᠯᠠᠯᠤᠳ ᠲᠸ᠋ ᠦᠢᠯᠡᠴᠢᠯᠠᠵᠦ ᠵᠠᠮ ᠲᠠᠪᠢᠰᠬᠦ᠂ ᠰᠤᠪᠠᠭ ᠮᠠᠯᠳᠠᠵᠤ ᠲᠠᠮᠵᠢᠭᠤᠯᠬᠤ ᠬᠤᠭᠤᠯᠠᠢ ᠪᠤᠯᠠᠬᠤ᠂ ᠰᠢᠷᠤᠢ ᠢᠷᠠᠬᠤ᠂ ᠨᠡᠬᠦᠷᠡᠰᠦ ᠵᠦᠭᠡᠭᠡᠬᠦ᠂ ᠭᠠᠵᠠᠷ ᠲᠡᠭᠰᠢᠯᠡᠬᠦ᠂ ᠪᠠᠷᠢᠯᠭ᠎ᠠ ᠪᠠᠷᠢᠬᠤ ᠵᠠᠷᠭᠡ ᠤᠯᠠᠨ ᠵᠦᠢᠯᠤᠨ ᠠᠵᠢᠯᠢ ᠨᠢ ᠲᠠᠭᠠᠭᠠᠴᠢᠯᠠᠨ ᠬᠢᠵᠦ᠂ ᠦᠨᠤᠳᠤᠷ ᠪᠤᠯᠬᠤᠳᠤ ᠠᠴᠢᠶᠠᠨᠦ ᠮᠠᠰᠢᠨ ᠲᠡᠷᠭᠡ ᠠᠨᠭᠬᠠᠨᠦ 26 ᠡᠴᠡ ᠪᠠᠨ 200 ᠭᠠᠷᠤᠢ ᠪᠤᠯᠵᠤ᠂ ᠲᠡᠭᠡᠭᠡᠪᠤᠷᠢ ᠵᠢᠨ ᠺᠤᠮᠫᠠᠨᠢ ᠬᠡᠵᠦ ᠪᠠᠰᠠ ᠠᠰᠳᠠᠭᠠᠨ ᠪᠠᠢᠭᠤᠯᠵᠠᠢ᠃ 2008 ᠤᠨᠳᠤ ᠪᠠᠢᠭᠤᠯᠤᠭᠳᠠᠭᠰᠠᠨ ᠡᠴᠡ ᠨᠠᠭᠠᠰᠢ᠂ ᠬᠤᠪᠢ ᠤᠷᠤᠭᠰᠠᠨ ᠡᠷᠦᠭᠡ ᠪᠦᠷᠢ ᠳ᠋ᠸ᠋ ᠤᠷᠢᠳ ᠬᠤᠵᠢᠳ ᠨᠠᠢᠳᠠ 26 ᠲᠦᠮᠡ ᠭᠠᠷᠤᠢ ᠲᠦᠭᠦᠷᠢᠭᠤᠨ ᠠᠰᠢᠭ ᠬᠤᠪᠢᠶᠠᠷᠢᠯᠠᠵᠦ᠂ 6500 ᠭᠠᠷᠤᠢ ᠲᠦᠮᠠᠨ ᠲᠦᠭᠦᠷᠢᠭᠤᠨ ᠬᠠᠮᠳᠤ ᠵᠢᠨ ᠠᠵᠤ ᠠᠬᠤᠢ ᠵᠢᠨ ᠤᠷᠤᠯᠭ᠎ᠠ ᠡᠬᠦᠳᠴᠠᠢ᠃
2022 ᠤᠨᠦ ᠡᠴᠤᠰᠤᠨ ᠪᠠᠢᠳᠠᠯ ᠡᠴᠡ ᠦᠵᠡᠪᠡᠯ᠂ ᠲᠤᠰ ᠭᠠᠴᠠᠭᠠᠨᠦ ᠬᠠᠮᠳᠤ ᠵᠢᠨ ᠤᠷᠤᠯᠭ᠎ᠠ 3400 ᠲᠦᠮᠠᠨ ᠲᠦᠭᠦᠷᠢᠭ ᠲᠸ᠋ ᠬᠦᠷᠴᠤ᠂ ᠬᠦᠮᠦᠨ ᠲᠤᠮᠳᠠᠴᠢ ᠵᠢᠨ ᠡᠵᠡᠮᠳᠡᠵᠦ ᠪᠤᠯᠬᠤ ᠤᠷᠤᠯᠭ᠎ᠠ 3.8 ᠲᠦᠮᠠᠨ ᠲᠦᠭᠦᠷᠢᠭ ᠲᠸ᠋ ᠬᠦᠷᠴᠠᠢ᠃
ᠲᠠᠮ ᠲᠠᠮ ᠳ᠋ᠡᠭᠡᠨ
ᠲᠡᠭᠡᠰᠦ ᠡᠷᠴᠢᠮ ᠳ᠋ᠡᠭᠡᠨ
ᠰᠢᠯᠢᠨᠪᠠᠭᠠᠳᠤᠷᠤᠨ ᠬᠢᠨ 100 ᠭᠠᠷᠤᠢ ᠬᠤᠨᠢ ᠲᠠᠢ᠂ ᠭᠤᠴᠢᠭᠠᠳ ᠦᠭᠡᠷ ᠲᠠᠢ᠂ 15 ᠮᠸ᠋ ᠭᠠᠵᠠᠷ ᠲᠡᠷᠢᠵᠤ ᠪᠠᠢᠳᠠᠭ ᠪᠤᠯ᠂ ᠯᠢ ᠴᠢ ᠰᠢᠶᠠᠩᠤᠨ ᠬᠢᠨ 100 ᠭᠠᠷᠤᠢ ᠮᠸ᠋ ᠭᠠᠵᠠᠷ ᠲᠠᠷᠢᠵᠤ ᠪᠠᠢᠬᠤ ᠡᠴᠡ ᠭᠠᠳᠠᠨ᠎ᠠ᠂ 150 ᠭᠠᠷᠤᠢ ᠬᠤᠨᠢ᠂ ᠠᠷᠪᠠᠭᠠᠳ ᠦᠭᠡᠷ ᠲᠠᠢ᠂ ᠵᠦᠪᠭᠡᠨ ᠮᠠᠯ ᠠᠵᠤ ᠠᠬᠤᠢ ᠲᠠᠷᠢᠶᠠᠯᠠᠩᠤᠨ ᠤᠷᠤᠯᠭ᠎ᠠ ᠬᠡᠬᠦᠳᠤ ᠬᠤᠶᠠᠷ ᠠᠢᠯ ᠴᠦᠮ ᠠᠷᠪᠠᠭᠠᠳ ᠲᠦᠮᠠᠨ ᠲᠦᠭᠦᠷᠢᠭᠡᠪᠤᠷᠳᠦᠯᠠᠴᠢᠬᠡᠳᠡᠭ ᠪᠠᠢᠨ᠎ᠠ᠃ ᠪᠦᠷ 60 ᠪᠠ 70 ᠵᠢ ᠲᠦᠭᠦᠵᠦ ᠶᠠᠪᠤᠭ᠎ᠠ ᠡᠳᠠ ᠬᠤᠶᠠᠭᠤᠯᠠ ᠰᠢᠨ᠎ᠠ ᠴᠠᠭ ᠦᠶ᠎ᠠ ᠵᠢᠨ ᠴᠢᠨᠡᠭᠡᠯᠢᠭ ᠠᠮᠢᠳᠤᠷᠠᠯ ᠵᠢᠡᠨ ᠪᠠᠬᠠᠳᠤᠬᠤ ᠪᠠᠷ ᠪᠠᠷᠠᠬᠤ ᠦᠭᠡᠢ᠂ ᠡᠨᠡ ᠬᠦ᠌ ᠰᠠᠢᠨ ᠰᠠᠢᠬᠠᠨ ᠠᠮᠢᠳᠤᠷᠠᠯ ᠵᠢᠡᠨ ᠬᠠᠮᠳᠤ ᠪᠠᠷ ᠴᠤᠭᠴᠠᠯᠠᠬᠰᠡᠨ ᠴᠠᠭ ᠮᠦᠴᠠ ᠪᠠᠨ ᠴᠸ᠋ ᠡᠷᠬᠢᠴᠡᠬᠦᠯᠬᠦ ᠲᠤᠷᠠᠳᠠᠢ᠃
ᠰᠢᠯᠢᠨᠪᠠᠭᠠᠳᠤᠷᠤᠨ ᠬᠢ ᠤᠤᠯᠤᠨ ᠰᠠᠭᠤᠵᠤ ᠪᠠᠢᠬᠰᠠᠨ ᠬᠠᠭᠤᠴᠢᠨ ᠪᠠᠢᠰᠢᠩ ᠵᠢᠡᠨ ᠰᠠᠨᠭᠰᠠᠨ ᠬᠡᠷ ᠪᠤᠯᠭᠠᠨ ᠠᠰᠢᠬᠯᠠᠵᠠᠢ᠃ 《1992 ᠤᠨᠳᠤ ᠡᠨᠡ ᠪᠠᠢᠰᠢᠩᠢ ᠪᠠᠷᠢᠬᠤᠳᠤ ᠲᠠ ᠪᠠᠰᠠ ᠪᠠᠶ᠎ᠠ ᠪᠡᠷ ᠵᠢᠡᠨ ᠤᠷᠤᠯᠴᠠᠭᠰᠠᠨ ᠰᠢᠳᠠ᠂ ᠴᠡᠭᠡᠵᠢᠯᠠᠵᠦ ᠪᠠᠢᠨ᠎ᠠ ᠤᠤ ?》 ᠬᠡᠵᠤ ᠰᠢᠯᠢᠨᠪᠠᠭᠠᠳᠤᠷ ᠯᠢ ᠴᠢ ᠰᠢᠶᠠᠩᠳᠤ ᠲᠠᠯᠠᠷᠬᠠᠵᠦ ᠪᠠᠢᠭ᠎ᠠ ᠴᠸ᠋ ᠰᠢᠭ᠋᠂ ᠬᠠᠭᠤᠴᠢᠨ ᠵᠢᠡᠨ ᠲᠤᠷᠠᠳᠬᠠᠵᠦ ᠪᠠᠢᠭ᠎ᠠ ᠴᠸ᠋ ᠰᠢᠭ᠋ ᠶᠠᠷᠢᠪᠠ᠃ ᠲᠠᠷᠠ ᠦᠶᠠᠳᠤ᠂ ᠲᠠᠳᠠᠨᠦ ᠭᠠᠴᠠᠭᠠᠨᠳᠤ ᠨᠢᠭᠡ ᠡᠷᠦᠭᠡ ᠨᠢ ᠪᠠᠢᠰᠢᠩ ᠪᠠᠷᠢᠬᠤᠳᠤ ᠬᠦᠷᠪᠠᠯ ᠠᠢᠯ ᠰᠠᠭᠠᠬᠠᠯᠳᠠ ᠤᠯᠠᠭᠤᠯᠠ ᠪᠠᠨ ᠬᠠᠪᠰᠤᠷᠤᠯᠴᠠᠳᠠᠭ ᠪᠠᠢᠵᠠᠢ᠃ ᠡᠭᠦᠳᠡ ᠴᠤᠨᠭᠬᠤ᠂ ᠨᠢᠷᠤᠭᠤ ᠲᠤᠯᠭᠠᠭᠤᠷᠢ ᠵᠡᠷᠭᠡ ᠪᠠᠢᠰᠢᠩ ᠪᠠᠷᠢᠬᠤᠳᠤ ᠬᠡᠷᠡᠭᠰᠡᠬᠦ ᠪᠦᠬᠦ ᠮᠠᠲᠸᠷᠢᠶᠠᠯ ᠵᠢᠡᠨ ᠪᠦᠷᠢᠳᠦᠬᠦᠯᠴᠢᠬᠡᠭᠡᠳ ᠠᠢᠯ ᠠᠢᠮᠠᠭ᠂ ᠭᠠᠴᠠᠭᠠᠨᠦ ᠬᠦᠮᠦᠰ ᠲᠠᠭᠡᠨ ᠪᠠᠢᠰᠢᠩ ᠪᠠᠷᠢᠬᠤ ᠡᠳᠦᠷ ᠰᠠᠷ᠎ᠠ ᠪᠠᠨ ᠮᠡᠳᠡᠭᠳᠡᠴᠢᠬᠡᠪᠡᠯ ᠬᠡᠷᠡᠮ ᠪᠤᠰᠬᠠᠵᠤ ᠲᠤᠭᠤᠰᠬ᠎ᠠ ᠦᠷᠦᠬᠦ ᠮᠡᠷᠭᠡᠵᠢᠯ ᠲᠠᠢ ᠬᠡᠷᠡᠮᠢ ᠨᠢ ᠪᠤᠰᠬᠠᠨ ᠲᠤᠭᠤᠰᠬ᠎ᠠ ᠦᠷᠦᠵᠤ᠂ ᠤᠨᠤᠭ᠎ᠠ ᠲᠠᠢ ᠬᠠᠰᠠᠭ ᠲᠡᠷᠭᠡ ᠲᠠᠢ ᠨᠢ ᠬᠠᠰᠠᠭ ᠲᠡᠷᠭᠡ ᠪᠠᠨ ᠬᠦᠯᠵᠦ ᠢᠷᠡᠭᠡᠳ ᠰᠢᠪᠠᠷ ᠤᠰᠤ ᠵᠢ ᠨᠢ ᠲᠠᠳᠠᠨ ᠤᠢᠷᠠᠳᠤᠭᠤᠯᠵᠤ᠂ ᠪᠤᠳᠠᠭ᠎ᠠ ᠭᠤᠯᠢᠷ ᠢᠯᠡᠬᠦᠦ ᠲᠠᠢ ᠨᠢ ᠬᠡᠷ ᠡᠴᠡ ᠪᠠᠨ ᠪᠤᠳᠠᠭ᠎ᠠ ᠭᠤᠯᠢᠷ ᠵᠢᠭᠠᠬᠠᠨ ᠵᠢᠭᠠᠬᠠᠨ ᠠᠪᠴᠤ ᠢᠷᠡᠭᠡᠳ᠂ ᠴᠠᠢ ᠪᠤᠳᠠᠭ᠎ᠠ ᠬᠢᠬᠦ ᠳ᠋ᠡᠭᠡᠨ ᠰᠠᠢᠨ ᠨᠢ ᠢᠷᠡᠵᠦ ᠴᠠᠢ ᠪᠤᠳᠠᠭ᠎ᠠ ᠵᠢ ᠨᠢ ᠲᠦᠭᠦᠭᠡᠷᠴᠤ᠂ ᠲᠦᠴᠢ ᠲᠠᠪᠢᠨ ᠬᠦᠮᠦᠨ ᠴᠤᠭᠯᠠᠷᠠᠭᠠᠳ ᠲᠠᠮᠠᠢ ᠴᠸ᠋ ᠤᠳᠠᠬᠤ ᠦᠭᠡᠢ ᠰᠢᠨ᠎ᠠ ᠪᠠᠢᠰᠢᠩ ᠪᠠᠷᠢᠭᠠᠳ ᠭᠠᠷᠭᠠᠴᠢᠬᠠᠨ᠎ᠠ᠃ ᠲᠡᠭᠡᠭᠡᠳ ᠢᠷᠡᠵᠦ ᠲᠤᠰᠠᠯᠠᠵᠠᠭᠠᠭᠰᠠᠨ ᠬᠦᠮᠦᠰ ᠬᠦᠯᠦᠰᠦ ᠬᠦᠴᠦ ᠬᠡᠵᠦ ᠰᠤᠬᠤᠷ ᠮᠦᠨᠭᠭᠦ ᠴᠸ᠋ ᠠᠪᠳᠠᠭ ᠦᠭᠡᠢ᠂ ᠡᠨᠡ ᠨᠢ ᠶᠠᠳᠠᠭᠤ ᠵᠦᠳᠡᠬᠦᠦ ᠂ ᠵᠤᠭᠤᠰ ᠮᠦᠨᠭᠭᠦ ᠬᠤᠪᠤᠷ ᠪᠠᠢᠬᠰᠠᠨ ᠲᠡᠷᠡ ᠦᠶ᠎ᠠ ᠪᠠᠢᠰᠢᠩ ᠪᠠᠷᠢᠬᠤ ᠡᠷᠦᠭᠡ ᠵᠢᠨ ᠲᠠᠷᠤᠭᠠᠰᠤ ᠵᠢ ᠪᠠᠭ᠎ᠠ ᠪᠤᠰᠤ ᠬᠦᠨᠭᠭᠡᠯᠡᠵᠦ ᠪᠠᠢᠬᠰᠠᠨ ᠨᠢ ᠯᠠᠪᠳᠠᠢ᠃ ᠡᠨᠡ ᠵᠠᠩ ᠲᠠᠳᠬᠠᠯ ᠶᠡᠭᠡᠳᠡ ᠲᠠᠯᠭᠡᠷᠡᠵᠦ ᠪᠦᠷ ᠶᠡᠷᠡᠭᠡᠳ ᠤᠨ ᠪᠤᠯᠳᠠᠯ᠎ᠠ ᠠᠷᠪᠠᠭᠠᠳ ᠵᠢᠯ ᠦᠷᠬᠦᠯᠵᠢᠯᠠᠵᠠᠢ᠃
ᠭᠠᠴᠠᠭᠠᠨᠦ ᠨᠢᠭᠡᠳᠦᠭᠡᠷ ᠲᠤᠭᠤᠢᠯᠠᠩ ᠨᠢ ᠮᠠᠯᠵᠢᠬᠤ ᠪᠠᠷ ᠭᠤᠤᠯᠳᠠᠭᠤᠯᠵᠤ᠂ ᠬᠤᠶᠠᠳᠤᠭᠠᠷ ᠲᠤᠭᠤᠢᠯᠠᠩ ᠨᠢ ᠲᠠᠷᠢᠶᠠᠯᠠᠬᠤ ᠪᠠᠷ ᠭᠤᠤᠯᠳᠠᠭᠤᠯᠵᠤ᠂ ᠬᠤᠶᠠᠷ ᠳᠤᠭᠤᠢᠯᠠᠩᠤᠨ ᠬᠦᠮᠦᠰ ᠨᠢᠭᠡ ᠨᠢᠭᠡ ᠡᠴᠡ ᠪᠠᠨ ᠡᠪᠡᠰᠦ ᠪᠤᠷᠳᠤᠭ᠎ᠠ᠂ ᠮᠢᠬ᠎ᠠ ᠱᠦᠯᠦ᠂ ᠰᠢᠭᠡᠭ ᠬᠦᠷᠵᠠᠩ ᠤᠷᠤᠭᠤᠯᠵᠤ᠂ ᠬᠠᠷᠢᠯᠴᠠᠨ ᠲᠦᠰᠢᠭᠯᠡᠵᠦ ᠬᠠᠷᠢᠯᠴᠠᠨ ᠨᠦᠬᠦᠪᠤᠷᠢᠯᠡᠬᠦ ᠲᠠᠯ᠎ᠠ ᠤᠯᠠᠨ ᠪᠤᠢ᠃ ᠨᠢᠭᠡᠳᠦᠭᠡᠷ ᠲᠤᠭᠤᠢᠯᠠᠩᠤᠨ ᠮᠠᠯᠴᠢᠳ ᠵᠤᠨ ᠪᠤᠯᠵᠤ ᠢᠮᠠᠭ᠎ᠠ ᠰᠠᠮᠨᠠᠵᠦ ᠬᠤᠨᠢ ᠬᠠᠢᠴᠢᠯᠠᠬᠤ᠂ ᠡᠰᠡᠪᠡᠯ ᠡᠮ ᠴᠢᠳᠬᠤᠬᠤ ᠦᠶᠡᠰ ᠬᠦᠮᠦᠨᠦ ᠬᠦᠴᠦ ᠬᠦᠷᠦᠯᠴᠠᠬᠦ ᠦᠭᠡᠢ᠂ ᠲᠡᠭᠡᠬᠦᠳᠤ ᠬᠤᠶᠠᠳᠤᠭᠠᠷ ᠲᠤᠭᠤᠢᠯᠠᠩᠤᠨ ᠲᠠᠷᠢᠶᠠᠴᠢᠳ ᠵᠢᠡᠨ ᠲᠠᠭᠤᠳᠠᠪᠠᠯ ᠲᠠᠳᠠ ᠲᠤᠤᠷ᠎ᠠ ᠨᠢ ᠤᠴᠢᠵᠦ ᠬᠠᠮᠵᠢᠨ᠎ᠠ; ᠬᠤᠶᠠᠳᠤᠭᠠᠷ ᠲᠤᠭᠤᠢᠯᠠᠩᠤᠨ ᠲᠠᠷᠢᠶᠠᠴᠢᠳ ᠨᠢ ᠬᠠᠪᠤᠷ ᠨᠠᠮᠤᠷ ᠲᠠᠭᠠᠨ ᠲᠠᠷᠢᠶ᠎ᠠ ᠠᠷᠴᠢᠬᠤ᠂ ᠬᠠᠳᠤᠵᠤ ᠬᠤᠷᠢᠶᠠᠬᠤ ᠦᠶᠡᠰ ᠬᠦᠮᠦᠨᠦ ᠬᠦᠴᠦ ᠬᠦᠷᠦᠯᠴᠠᠬᠦ ᠦᠭᠡᠢ᠂ ᠲᠡᠭᠡᠬᠦᠳᠤ ᠨᠢᠭᠡᠳᠦᠭᠡᠷ ᠲᠤᠭᠤᠢᠯᠠᠩᠤᠨ ᠮᠠᠯᠴᠢᠳ ᠵᠢᠡᠨ ᠲᠠᠭᠤᠳᠠᠪᠠᠯ ᠲᠠᠳᠠ ᠲᠤᠤᠷ᠎ᠠ ᠨᠢ ᠤᠴᠢᠵᠦ ᠬᠠᠮᠵᠢᠨ᠎ᠠ᠃ ᠮᠠᠰᠢᠨ ᠮᠸᠬᠠᠨᠢᠭ ᠬᠤᠪᠤᠷ ᠴᠤᠬᠠᠭ᠂ ᠨᠦᠰᠡᠷ ᠬᠦᠨᠳᠦ ᠬᠦᠴᠦᠨᠦ ᠠᠵᠢᠯᠢ ᠬᠤᠶᠠᠷ ᠭᠠᠷ᠂ ᠬᠤᠶᠠᠷ ᠮᠦᠷᠦ ᠪᠠᠷ ᠵᠢᠡᠨ ᠬᠠᠷᠢᠭᠤᠴᠠᠵᠦ ᠲᠤᠯᠳᠠᠭ ᠪᠠᠢᠭᠰᠠᠨ ᠲᠠᠳᠡᠭᠡᠷ ᠵᠢᠯᠤᠳ ᠲᠸ᠋ ᠢᠨᠭᠭᠢᠵᠦ ᠨᠢᠭᠡ ᠨᠢᠭᠡ ᠵᠢᠨ ᠵᠢᠡᠨ ᠬᠦᠴᠦᠨᠳᠤ ᠮᠠᠯ ᠠᠬᠤᠢ ᠲᠠᠷᠢᠶᠠᠯᠠᠩ ᠵᠢᠡᠨ ᠠᠬᠢᠭᠤᠯᠳᠠᠭ ᠪᠠᠢᠵᠠᠢ᠃
ᠢᠨᠭᠭᠢᠵᠦ ᠪᠠᠶ᠎ᠠ ᠪᠠᠶ᠎ᠠ ᠳ᠋ᠡᠭᠡᠨ ᠬᠠᠷᠢᠯᠴᠠᠨ ᠲᠤᠰᠠᠯᠠᠯᠴᠠᠵᠦ ᠶᠠᠪᠤᠯᠴᠠᠬᠤ ᠳ᠋ᠠᠭᠠᠨ ᠨᠢᠭᠡ ᠨᠢᠭᠡ ᠵᠢᠨ ᠵᠢᠡᠨ ᠬᠤᠭᠤᠯᠠ ᠤᠮᠳᠠ᠂ ᠵᠠᠩ ᠲᠠᠳᠬᠠᠯ ᠵᠢᠡᠨ ᠨᠠᠩ ᠰᠠᠢᠨ ᠤᠢᠯᠠᠭᠠᠯᠴᠠᠵᠤ ᠨᠢᠭᠡ ᠨᠢᠭᠡ ᠵᠢ ᠪᠠᠨ ᠨᠦᠯᠦᠭᠡᠯᠡᠵᠠᠢ᠃ ᠯᠢ ᠴᠢ ᠰᠢᠶᠠᠩ ᠡᠮᠦᠨ᠎ᠠ ᠨᠢ ᠦᠷᠦᠭᠰᠡᠨ ᠬᠠᠭᠤᠷᠤᠭᠰᠠᠨ ᠠᠮᠤ ᠡᠴᠡ ᠨᠢᠭᠡ ᠠᠳᠬᠤ ᠠᠪᠴᠤ ᠰᠦ ᠲᠠᠢ ᠴᠠᠢᠳᠠᠭᠠᠨ ᠤᠢᠵᠦ᠂ ᠲᠡᠭᠡᠷ᠎ᠠ ᠨᠢ ᠰᠢᠷ᠎ᠠ ᠲᠤᠰᠤ ᠨᠠᠮᠡᠴᠢᠭᠡᠭᠡᠳ᠂ ᠠᠭᠠᠷᠤᠤᠯ ᠱᠦᠬᠦᠮᠠᠯ ᠡᠴᠡ ᠨᠢ ᠠᠪᠴᠤ ᠠᠮᠠᠨ ᠳ᠋ᠠᠭᠠᠨ ᠬᠢᠭᠡᠳ ᠬᠠᠷᠴᠢᠬᠢᠨᠠᠳᠠᠯᠠ ᠵᠠᠵᠢᠯᠤᠭᠰᠠᠭᠠᠷ᠄ 《ᠡᠬᠢᠯᠡᠨᠭᠭᠦᠳᠡ ᠪᠠᠨ ᠡᠨᠡ ᠬᠤᠷᠤᠳ ᠱᠦᠬᠦᠮᠠᠯ ᠴᠢᠨᠢ ᠶᠡᠭᠡ ᠬᠦᠴᠢᠯᠯᠢᠭ ᠰᠠᠨᠠᠭᠳᠠᠵᠤ᠂ ᠢᠳᠡᠵᠦ ᠴᠢᠳᠠᠳᠠᠭ ᠦᠭᠡᠢ ᠪᠠᠢᠬᠰᠠᠨ᠂ ᠤᠳᠤ ᠪᠤᠯ ᠪᠢᠳᠠ ᠬᠡᠷ ᠲᠡᠭᠡᠨ ᠦᠷᠬᠦᠯᠵᠢ ᠦᠪᠡᠷᠰᠡᠳ ᠵᠢᠡᠨ ᠬᠤᠷᠤᠳ ᠱᠦᠬᠦᠮᠠᠯ ᠬᠢᠵᠤ ᠢᠳᠡᠬᠦ ᠪᠦᠭᠡᠳ ᠠᠢᠷᠠᠭ ᠪᠦᠯᠢᠵᠦ ᠰᠢᠷ᠎ᠠ ᠲᠤᠰᠤ ᠢᠯᠭᠠᠷᠠᠭᠤᠯᠵᠤ ᠪᠠᠢᠨ᠎ᠠ》 ᠬᠡᠬᠦᠳᠤ᠂ 《ᠡᠬᠢᠯᠡᠭᠡᠳ ᠪᠢᠳᠠ ᠰᠢᠨᠭᠭᠡᠨ ᠪᠤᠳᠠᠭ᠎ᠠ ᠪᠠᠷᠤᠭ ᠢᠳᠡᠳᠡᠭ ᠦᠭᠡᠢ ᠪᠠᠢᠯ᠎ᠠ᠂ ᠤᠳᠤ ᠪᠤᠯ ᠬᠠᠯᠠᠭᠤᠨ ᠲᠠᠭᠤᠬᠤᠳᠤ ᠰᠠᠢᠨ ᠬᠡᠳ ᠤᠤᠭᠤᠵᠠᠭᠠᠵᠤ ᠯᠠ ᠪᠠᠢᠨ᠎ᠠ ᠃ ᠪᠢᠳᠠ ᠦᠷᠬᠦᠯᠵᠢ ᠮᠢᠬ᠎ᠠ ᠲᠠᠢ ᠬᠤᠯᠢᠶ᠎ᠠ ᠪᠤᠳᠠᠭ᠎ᠠ ᠢᠳᠡᠳᠡᠭ ᠪᠠᠢᠭᠰᠠᠨ᠂ ᠰᠡᠬᠦᠯᠡᠷ ᠨᠢ ᠭᠠᠬᠠᠢ ᠵᠢᠨ ᠮᠢᠬ᠎ᠠ ᠲᠠᠢ ᠬᠤᠢᠼᠠᠢ ᠨᠤᠭᠤᠭ᠎ᠠ ᠢᠳᠡᠬᠦ ᠨᠢ ᠤᠯᠠᠨ ᠪᠤᠯᠤᠯ᠎ᠠ》 ᠬᠡᠵᠦ ᠰᠢᠯᠢᠨᠪᠠᠭᠠᠳᠤᠷ ᠭᠤᠸᠠᠢ ᠶᠠᠷᠢᠵᠤ ᠪᠠᠢᠯ᠎ᠠ᠃ 《ᠮᠠᠨᠦ ᠡᠨᠳᠡ ᠤᠳᠤ ᠬᠢᠳᠡᠳ ᠬᠦᠮᠦᠨ ᠴᠸ᠋ ᠬᠤᠷᠢᠮ ᠨᠠᠢᠷ ᠲᠡᠭᠡᠷ᠎ᠠ ᠪᠦᠷ ᠮᠤᠨᠭᠭᠤᠯ ᠬᠦᠮᠦᠨ ᠰᠢᠭ ᠴᠢᠨᠠᠭᠰᠠᠨ ᠮᠢᠬ᠎ᠠ ᠭᠠᠷᠭᠠᠳᠠᠭ ᠪᠤᠯᠤᠭᠰᠠᠨ》 ᠬᠡᠵᠦ ᠯᠢ ᠰᠢᠦ ᠪᠤᠤ ᠶᠠᠷᠢᠵᠦ ᠪᠠᠢᠪᠠ᠃
ᠬᠦᠮᠦᠨ ᠬᠦᠮᠦᠨ ᠦᠪᠠᠨ ᠬᠦᠴᠦᠨ ᠳᠤ
ᠵᠢᠭᠠᠰᠦ ᠤᠰᠤᠨᠦ ᠪᠠᠨ ᠬᠦᠴᠦᠨᠳᠤ
ᠬᠦᠴᠦᠷᠭᠡᠭ ᠶᠡᠭᠡ ᠬᠠᠮᠳᠤ ᠵᠢᠨ ᠠᠵᠤ ᠠᠬᠤᠢ ᠲᠠᠢ ᠪᠤᠯᠤᠭᠰᠠᠨ ᠵᠢᠡᠷ ᠮᠦᠨᠭᠭᠡᠴᠢ ᠭᠠᠴᠠᠭ᠎ᠠ ᠤᠯᠠᠨ ᠨᠠᠢᠳᠠ ᠵᠢᠨ ᠠᠰᠠᠷᠠᠮᠵᠢ ᠵᠢᠨ ᠦᠢᠯᠡᠰ ᠵᠢᠡᠨ ᠬᠦᠭᠵᠢᠬᠦᠯᠬᠦ ᠦᠷᠭᠡᠨ ᠪᠤᠯᠤᠮᠵᠢ ᠲᠠᠢ ᠪᠤᠯᠵᠠᠢ᠄ 2012 ᠤᠨ ᠡᠴᠡ ᠡᠬᠢᠯᠡᠭᠡᠳ ᠤᠶᠤᠳᠠᠨ ᠪᠤᠶᠤ ᠴᠡᠷᠢᠭ ᠲᠸ᠋ ᠡᠯᠰᠡᠭᠳᠡᠪᠠᠯ ᠭᠠᠴᠠᠭᠠᠨ ᠡᠴᠡ ᠨᠢᠭᠡ ᠯᠠ ᠤᠳᠠᠭ᠎ᠠ ᠵᠢᠨ ᠴᠢᠨᠠᠷᠳᠠᠢ ᠪᠠᠷ 1000 ᠲᠦᠭᠦᠷᠢᠭ ᠦᠭᠴᠤ᠂ ᠠᠰᠫᠢᠷᠠᠨᠲ ᠵᠢᠡᠷ ᠰᠢᠯᠭᠠᠵᠦ ᠤᠷᠤᠪᠠᠯ ᠨᠢᠭᠡ ᠯᠠ ᠤᠳᠠᠭ᠎ᠠ ᠵᠢᠨ ᠴᠢᠨᠠᠷᠳᠠᠢ ᠪᠠᠷ 2000 ᠲᠦᠭᠦᠷᠢᠭ ᠦᠭᠭᠦᠭᠰᠡᠭᠡᠷ ᠢᠷᠡᠵᠠᠢ; ᠬᠦᠨᠳᠦ ᠬᠡᠴᠡᠬᠦᠦ ᠡᠪᠡᠳᠴᠢᠨᠳᠤ ᠨᠡᠷᠪᠡᠭᠳᠡᠭᠰᠡᠳ ᠲᠸ᠋ ᠵᠢᠯ ᠪᠤᠯᠭᠠᠨ ᠠᠳᠠᠯᠢ ᠪᠤᠰᠤ ᠬᠡᠮᠵᠢᠶᠠᠨᠦ ᠲᠡᠳᠭᠦᠮᠵᠢ ᠲᠡᠳᠭᠦᠯᠭᠡ ᠦᠵᠡᠬᠦᠯᠦᠭᠰᠡᠭᠡᠷ ᠢᠷᠡᠵᠠᠢ᠃ ᠵᠠᠮᠳᠡᠭ ᠬᠦᠮᠦᠨ ᠪᠠ ᠪᠦᠬᠦᠯᠢ 60 ᠡᠴᠡ ᠲᠡᠭᠡᠭᠰᠢ ᠨᠠᠰᠤᠨᠦ ᠬᠦᠮᠦᠨ ᠪᠤᠯᠭᠠᠨ ᠳ᠋ᠤ ᠵᠢᠯᠤᠨ 600 ᠲᠦᠭᠦᠷᠢᠭ ᠤᠯᠭᠤᠵᠤ ᠪᠠᠢᠭᠰᠠᠨ ᠵᠢᠡᠨ 2018 ᠤᠨ ᠡᠴᠡ ᠨᠡᠮᠡᠭᠳᠡᠭᠦᠯᠦᠭᠡᠳ 1000 ᠲᠦᠭᠦᠷᠢᠭ ᠪᠤᠯᠭᠠᠵᠤ᠂ 2020 ᠤᠨ ᠡᠴᠡ ᠡᠬᠢᠯᠡᠭᠡᠳ ᠪᠦᠬᠦᠯᠢ 60 ᠡᠴᠡ ᠲᠤᠷᠤᠭᠰᠢ ᠨᠠᠰᠤᠨᠦ ᠪᠦᠬᠦ ᠬᠦᠮᠦᠰ ᠲᠸ᠋ ᠭᠠᠴᠠᠭᠠᠨ ᠡᠴᠡ ᠰᠠᠨᠠᠭᠠᠨᠳᠤ ᠦᠭᠡᠢ ᠡᠨᠳᠡᠯᠤᠨ ᠲᠠᠭᠠᠳᠬᠠᠯ ᠬᠤᠳᠠᠯᠳᠤᠨ ᠠᠪᠴᠤ ᠦᠭᠬᠦ ᠪᠤᠯᠵᠠᠢ᠃ 《ᠵᠠᠯᠠᠭᠤᠴᠤᠳ ᠭᠠᠳᠠᠭᠰᠢ ᠲᠤᠳᠤᠭᠰᠢ ᠶᠠᠪᠤᠵᠤ ᠬᠦᠯᠦᠰᠦ ᠬᠦᠴᠦᠨᠦ ᠠᠵᠢᠯ ᠬᠢᠬᠦ ᠨᠢ ᠤᠯᠠᠨ᠂ ᠢᠯᠡᠬᠦᠦ ᠨᠢᠭᠡ ᠲᠠᠭᠠᠳᠬᠠᠯ ᠲᠠᠢ ᠪᠤᠯ ᠢᠯᠡᠬᠦᠤ ᠨᠢᠭᠡ ᠬᠤᠪᠢ ᠵᠢᠨ ᠪᠠᠳᠤᠯᠠᠭ᠎ᠠ ᠲᠠᠢ ᠪᠢᠰᠢᠤ 》 ᠬᠡᠵᠦ ᠯᠢ ᠰᠢᠦ ᠪᠤᠤ ᠶᠠᠷᠢᠨ᠎ᠠ᠃
ᠯᠢ ᠰᠢᠦ ᠪᠤᠤ 1996 ᠤᠨᠳᠤ ᠠᠴᠢᠶᠠᠨᠦ ᠮᠠᠰᠢᠨ ᠲᠡᠷᠭᠡ ᠬᠤᠳᠠᠯᠳᠤᠨ ᠠᠪᠤᠭᠠᠳ ᠭᠠᠳᠠᠨ᠎ᠠ ᠭᠠᠵᠠᠷ ᠠᠵᠢᠯ ᠬᠢᠵᠦ ᠪᠠᠢᠵᠠᠢ᠃ ᠭᠠᠴᠠᠭᠠᠨ ᠡᠴᠡ ᠺᠤᠮᠫᠠᠨᠢ ᠪᠠᠢᠭᠤᠯᠵᠤ ᠬᠠᠮᠳᠤ ᠵᠢᠨ ᠠᠵᠤ ᠠᠬᠤᠢ ᠡᠷᠬᠢᠯᠡᠬᠦ ᠳ᠋ᠡᠭᠡᠨ ᠭᠠᠳᠠᠭᠰᠢ ᠭᠠᠷᠴᠤ ᠬᠦᠯᠦᠰᠦᠨ ᠠᠵᠢᠯ ᠬᠢᠵᠦ ᠪᠠᠢᠭ᠎ᠠ ᠭᠠᠴᠠᠭᠠᠨᠦ ᠪᠠᠨ ᠬᠦᠮᠦᠰ ᠵᠢᠡᠨ ᠬᠠᠷᠢᠵᠤ ᠢᠷᠡᠵᠡᠭᠡᠬᠦ ᠵᠢ ᠤᠷᠢᠶᠠᠯᠠᠨ ᠲᠠᠭᠤᠳᠠᠬᠤ ᠳ᠋ᠤ ᠯᠢ ᠰᠢᠦ ᠪᠤᠤ ᠨᠤᠳᠤᠭ ᠲᠠᠭᠠᠨ ᠪᠤᠴᠠᠨ ᠢᠷᠡᠵᠦ᠂ ᠺᠤᠮᠫᠠᠨᠢ ᠵᠢᠨ ᠲᠠᠭᠠᠭᠠᠮᠠᠯᠤᠨ ᠠᠵᠢᠯᠢ ᠬᠠᠷᠢᠭᠤᠴᠠᠭᠠᠳ 2015 ᠤᠨᠳᠤ ᠠᠸᠠᠨᠭᠰᠡᠷᠡᠩᠤᠨ ᠭᠠᠷ ᠡᠴᠡ ᠭᠠᠴᠠᠭᠠᠨᠦ ᠨᠠᠮᠤᠨ ᠡᠭᠦᠷᠤᠨ ᠱᠦᠵᠢ ᠵᠢᠨ ᠲᠤᠰᠢᠶᠠᠯᠢ ᠬᠦᠯᠢᠶᠠᠨ ᠠᠪᠴᠠᠢ᠃ 2022 ᠤᠨ ᠡᠴᠡ ᠲᠠᠷᠠ ᠤᠤᠯᠤᠨ ᠺᠤᠮᠫᠠᠨᠢ ᠵᠢᠨ ᠤᠷᠤᠯᠭ᠎ᠠ ᠵᠢ 49% ᠵᠢ ᠨᠢ ᠬᠤᠪᠢ ᠤᠷᠤᠭᠰᠠᠨ ᠡᠷᠦᠭᠡᠳᠤ ᠠᠰᠢᠭ ᠬᠤᠪᠢᠶᠠᠷᠢᠯᠠᠵᠦ 51%ᠵᠢ ᠨᠢ ᠦᠯᠡᠳᠡᠭᠡᠵᠤ ᠠᠪᠳᠠᠭ ᠪᠠᠢᠬᠰᠠᠨ ᠪᠠ ᠡᠷᠦᠭᠡ ᠪᠠᠷ ᠨᠢᠭᠡᠴᠢ ᠪᠤᠯᠭᠠᠨ ᠬᠤᠪᠢᠶᠠᠷᠢᠯᠠᠵᠦ ᠪᠠᠢᠬᠰᠠᠨ ᠵᠤᠷᠰᠢᠯᠢ ᠦᠭᠡᠷᠡᠴᠢᠯᠠᠵᠦ᠂ ᠬᠦᠮᠦᠨ ᠲᠤᠯᠤᠭᠠᠢ ᠪᠠᠷ ᠨᠢᠭᠡᠴᠢ ᠪᠤᠯᠭᠠᠵᠦ᠂ 60% ᠵᠢ ᠨᠢ ᠬᠤᠪᠢ ᠤᠷᠤᠭᠰᠠᠨ ᠳ᠋ᠤᠨᠢ᠂ 20% ᠵᠢ ᠨᠢ ᠬᠤᠪᠢ ᠤᠷᠤᠭᠰᠠᠨ ᠦᠭᠡᠢ ᠳ᠋ᠤᠨᠢ ᠬᠤᠪᠢᠶᠠᠷᠢᠯᠠᠵᠦ᠂ ᠦᠯᠡᠳᠡᠭᠰᠡᠨ 20% ᠵᠢ ᠨᠢ ᠬᠠᠮᠳᠤ ᠳ᠋ᠤ ᠦᠯᠡᠳᠡᠬᠡᠵᠤ᠂ ᠬᠤᠪᠢᠶᠠᠷᠢᠯᠠᠯᠳᠠ ᠵᠢ ᠤᠯᠠᠮ ᠲᠦᠪ ᠭᠤᠤᠯᠴᠢ ᠪᠤᠯᠭᠠᠵᠠᠢ᠃ ᠮᠦᠨ 2200 ᠲᠦᠮᠠᠨ ᠲᠦᠭᠦᠷᠢᠭᠤᠨ ᠪᠡᠯᠡ ᠤᠷᠤᠭᠤᠯᠵᠤ ᠪᠠᠢᠭᠤᠯᠤᠭᠰᠠᠨ ᠯᠢᠤᠢ ᠶᠤᠸᠠᠨ ᠦᠬᠡᠷ ᠳᠡᠵᠢᠬᠡᠬᠦ ᠤᠳᠤᠬᠢᠴᠢᠯᠠᠬᠰᠠᠨ ᠳᠠᠯᠠᠪᠠᠢ ᠨᠢ ᠡᠨᠡ ᠵᠢᠯᠤᠨ 2 ᠰᠠᠷ᠎ᠠ ᠡᠴᠡ ᠭᠠᠳᠠᠭᠠᠳᠤ ᠡᠴᠡ ᠰᠢᠯᠢᠳᠡᠭ ᠡᠭᠦᠯᠳᠡᠷᠤᠨ ᠮᠢᠬᠠᠨᠦ ᠦᠭᠡᠷ ᠤᠷᠤᠭᠤᠯᠤᠨ ᠠᠪᠴᠢᠷᠠᠵᠦ ᠡᠵᠡᠨᠭᠨᠡᠯᠳᠡ ᠪᠠᠨ ᠡᠬᠢᠯᠡᠬᠦᠯᠵᠠᠢ᠂ ᠡᠨᠡ ᠨᠢ ᠵᠢᠯᠳᠤ 320 ᠭᠠᠷᠤᠢ ᠲᠦᠮᠠᠨ ᠲᠦᠭᠦᠷᠢᠭᠤᠨ ᠤᠷᠤᠯᠭ᠎ᠠ ᠡᠬᠦᠳᠬᠦ ᠪᠤᠯᠤᠮᠵᠢ ᠲᠠᠢ᠃
ᠯᠢ ᠰᠢᠦ ᠪᠤᠤ ᠤᠳᠤ ᠭᠠᠴᠠᠭᠠᠨᠦ ᠪᠠᠨ ᠤᠤᠯᠤᠨ ᠨᠠᠮ ᠤᠯᠠᠨ ᠲᠦᠮᠠᠨᠦ ᠦᠢᠯᠡᠴᠢᠯᠡᠭᠡᠨᠦ ᠲᠦᠪᠢ ᠦᠭᠡᠷᠡᠴᠢᠯᠠᠵᠦ ᠬᠠᠷᠢᠯᠴᠠᠨ ᠬᠠᠪᠰᠤᠷᠤᠯᠴᠠᠬᠤ ᠨᠠᠰᠤᠳᠠᠨᠦ ᠵᠢᠷᠭᠠᠯᠠᠨᠭᠳᠤ ᠬᠦᠷᠢᠶᠠᠯᠠᠩ ᠪᠤᠯᠭᠠᠨ ᠪᠠᠢᠭᠤᠯᠵᠤ ᠪᠠᠢᠬᠤ ᠪᠦᠭᠡᠳ 10 ᠰᠠᠷ᠎ᠠ ᠡᠴᠡ ᠡᠬᠢᠯᠡᠵᠦ ᠠᠰᠢᠬᠯᠠᠯᠳᠠᠳᠤ ᠤᠷᠤᠭᠤᠯᠬᠤ ᠲᠦᠯᠦᠪᠯᠡᠭᠡ ᠲᠠᠢ᠃ 70 ᠨᠠᠰᠤᠨ ᠡᠴᠡ ᠲᠡᠭᠡᠭᠰᠢᠬᠢ ᠨᠠᠰᠤᠳᠠᠨ ᠡᠳᠦᠷ ᠪᠦᠷᠢ 20 ᠲᠦᠭᠦᠷᠢᠭ ᠭᠠᠷᠭᠠᠪᠠᠯ᠂ ᠪᠤᠰᠤᠳ ᠵᠠᠷᠤᠯᠭ᠎ᠠ ᠵᠢ ᠨᠢ ᠪᠦᠷ ᠬᠠᠮᠳᠤ ᠡᠴᠡ ᠬᠠᠮᠢᠶᠠᠷᠤᠨ᠎ᠠ᠂ ᠢᠨᠭᠭᠢᠪᠠᠯ ᠦᠷ᠎ᠠ ᠬᠡᠦᠭᠡᠳ ᠨᠢ ᠴᠢᠯᠦᠭᠡᠯᠡᠭᠳᠡᠵᠦ ᠬᠡᠷ ᠡᠴᠡ ᠪᠠᠨ ᠭᠠᠷᠴᠤ ᠰᠠᠨᠠᠭ᠎ᠠ ᠠᠮᠤᠷ ᠠᠵᠢᠯ ᠵᠢᠡᠨ ᠬᠢᠬᠦ ᠪᠤᠯᠤᠮᠵᠢ ᠲᠠᠢ ᠪᠤᠯᠤᠨ᠎ᠠ᠃ ᠲᠡᠭᠦᠨᠦ ᠦᠵᠡᠬᠦ ᠪᠠᠷ᠂ ᠶᠠᠳᠠᠭᠤ ᠬᠤᠭᠤᠰᠤᠨ ᠪᠠᠢᠪᠠᠯ ᠵᠦᠷᠢᠴᠠᠯ ᠮᠦᠷᠬᠦᠯᠳᠦᠭᠡᠨ ᠤᠯᠠᠨ᠂ ᠭᠦᠭᠵᠢᠬᠦᠯᠦᠯᠳᠡ ᠪᠤᠯ ᠠᠯᠢᠪᠠ ᠠᠰᠠᠭᠤᠳᠠᠯᠢ ᠰᠢᠢᠳᠪᠤᠷᠢᠯᠡᠬᠦ ᠵᠠᠩᠭᠢᠯᠠᠭ᠎ᠠ ᠮᠦᠨ᠂ ᠤᠳᠤ ᠠᠮᠢᠳᠤᠷᠠᠯᠤᠨ ᠨᠦᠬᠦᠴᠡᠯ ᠡᠨᠡ ᠲᠠᠷᠠ ᠰᠠᠢᠵᠢᠷᠠᠵᠤ ᠬᠦᠮᠦᠨ ᠪᠤᠯᠭᠠᠨ ᠬᠢᠬᠦ ᠠᠵᠢᠯ ᠲᠠᠢ᠂ ᠶᠠᠭᠤᠮ᠎ᠠ ᠪᠤᠯᠭᠠᠨ ᠢᠯᠡ ᠲᠤᠳᠤ᠂ ᠲᠦᠪ ᠭᠤᠤᠯᠴᠢ ᠪᠤᠯᠵᠤ᠂ ᠵᠢᠭᠤᠷᠠᠯᠳᠤᠵᠤ ᠨᠤᠤᠷᠠᠯᠳᠤᠭᠠᠳ ᠪᠠᠢᠬᠤ ᠴᠠᠭ ᠵᠠᠪ ᠴᠸ᠋ ᠬᠦᠮᠦᠰ ᠲᠸ᠋ ᠠᠯᠠᠭ᠎ᠠ ᠬᠡᠵᠦ ᠪᠠᠢᠪᠠ᠃ ᠵᠦᠪᠭᠡᠨ ᠪᠦᠬᠦᠳᠡᠭᠡᠷ ᠡᠶ᠎ᠠ ᠨᠠᠢᠷᠳᠠᠢ᠂ ᠪᠦᠯᠬᠦᠮᠳᠡᠨ ᠨᠢᠬᠳᠠᠷᠠᠵᠦ ᠬᠠᠮᠳᠤ ᠪᠠᠷ ᠲᠠᠮᠠᠴᠠᠪᠠᠯ ᠰᠠᠶᠢ ᠵᠤᠯ ᠵᠢᠷᠭᠠᠯᠳᠤ ᠪᠠᠶᠠᠨ ᠴᠢᠨᠡᠭᠡᠯᠢᠭ ᠠᠮᠢᠳᠤᠷᠠᠯ ᠵᠢᠡᠨ ᠴᠤᠭᠴᠠᠯᠠᠵᠤ ᠴᠢᠳᠠᠨ᠎ᠠ ᠬᠡᠳᠡᠭ ᠨᠢ ᠨᠢᠭᠡᠨᠳᠡ ᠡᠯ᠎ᠠ ᠦᠨᠳᠦᠰᠦᠳᠠᠨᠦ ᠠᠷᠠᠳ ᠲᠦᠮᠠᠨ ᠦ ᠰᠡᠳᠬᠢᠯᠳᠤ ᠬᠦᠨ ᠬᠠᠳᠠᠨᠭᠰᠢᠵᠠᠢ᠃
《ᠶᠡᠭᠡ ᠰᠤᠷᠭᠠᠭᠤᠯᠢᠳᠤ ᠰᠢᠯᠭᠠᠨ ᠤᠷᠤᠭᠰᠠᠨ ᠬᠡᠦᠭᠡᠳ ᠲᠸ᠋ ᠪᠢ 1000 ᠲᠦᠭᠦᠷᠢᠭᠢ ᠨᠢ ᠭᠠᠷᠳᠠᠭᠤᠯᠬᠤ ᠳ᠋ᠠᠭᠠᠨ 〈ᠵᠠᠮᠤᠨ ᠵᠤᠭᠤᠰ〉 ᠬᠡᠵᠦ ᠬᠡᠯᠡᠳᠡᠭ᠂ ᠭᠤᠤᠯᠳᠠᠭᠤ ᠨᠤᠳᠤᠭ ᠡᠴᠡ ᠴᠢᠨᠢ ᠦᠭᠴᠤ ᠪᠤᠢ᠂ ᠬᠤᠵᠢᠮ ᠪᠤᠯᠤᠮᠵᠢ ᠪᠠᠢᠪᠠᠯ ᠨᠤᠳᠤᠭ ᠲᠠᠭᠠᠨ ᠬᠠᠷᠢᠭᠠᠳ ᠢᠷᠡᠵᠦ ᠪᠦᠳᠦᠭᠡᠨ ᠪᠠᠢᠭᠤᠯᠤᠯᠳᠠ ᠳ᠋ᠤ ᠤᠷᠤᠯᠴᠠᠭᠠᠷᠠᠢ ᠬᠡᠵᠦ ᠰᠠᠨᠠᠭᠤᠯᠵᠤ ᠪᠠᠢᠬᠤ ᠰᠠᠨᠠᠭ᠎ᠠ ᠲᠠᠢ》 ᠬᠡᠵᠦ ᠯᠢ ᠰᠢᠦ ᠪᠤᠤ ᠶᠠᠷᠢᠵᠤ ᠪᠠᠢᠪᠠ᠃ ᠤᠳᠤ ᠶᠡᠭᠡ ᠰᠤᠷᠭᠠᠭᠤᠯᠢ ᠪᠠᠨ ᠲᠡᠭᠦᠰᠦᠭᠡᠳ ᠭᠠᠴᠠᠭᠠᠨᠳᠠᠭᠠᠨ ᠬᠠᠷᠢᠵᠦ ᠢᠷᠡᠭᠰᠡᠨ ᠤᠶᠤᠳᠠᠨ 5 ᠪᠤᠢ᠃ ᠬᠡᠳᠦ ᠲᠡᠯᠭᠡᠬᠦᠷ ᠨᠡᠭᠡᠭᠡᠬᠦ ᠵᠠᠷᠭᠡ ᠠᠵᠢᠯ ᠬᠢᠵᠦ ᠭᠠᠳᠠᠨ᠎ᠠ ᠭᠠᠵᠠᠷ 7 ᠵᠢᠯ ᠶᠠᠪᠤᠭᠰᠠᠨ ᠯᠢ ᠴᠢ ᠰᠢᠶᠠᠩᠤᠨ ᠬᠦᠦ ᠪᠠᠰᠠ 2021 ᠤᠨᠳᠤ ᠬᠠᠷᠢᠵᠦ ᠢᠷᠡᠭᠰᠡᠨ ᠪᠦᠭᠡᠳ ᠤᠳᠤ ᠺᠤᠮᠫᠠᠨᠢ ᠵᠢᠨ ᠲᠠᠭᠠᠭᠠᠮᠠᠯᠤᠨ ᠬᠠᠪᠰᠤᠷᠤᠭᠴᠢ ᠪᠤᠯᠵᠤ ᠲᠠᠪᠰᠢᠭᠡᠳ ᠬᠢᠯᠠᠷᠠᠭᠤᠯᠵᠤ ᠪᠤᠢ᠃ ᠭᠠᠴᠠᠭᠠᠨᠦ ᠬᠠᠮᠳᠤ ᠵᠢᠨ ᠠᠵᠤ ᠠᠬᠤᠢ ᠬᠦᠭᠵᠢᠵᠦ ᠠᠵᠢᠯᠤᠨ ᠪᠠᠢᠷᠢ ᠤᠯᠠᠰᠢᠷᠠᠬᠰᠠᠨ ᠵᠢᠡᠷ ᠤᠤᠯᠤᠨ ᠭᠠᠳᠠᠭᠰᠢ ᠭᠠᠷᠴᠤ ᠬᠦᠯᠦᠰᠦᠨ ᠠᠵᠢᠯ ᠬᠢᠵᠦ ᠪᠠᠢᠭᠰᠠᠨ ᠨᠠᠩ ᠤᠯᠠᠨ ᠬᠦᠮᠦᠰ ᠤᠳᠤ ᠨᠤᠳᠤᠭ ᠲᠠᠭᠠᠨ ᠪᠤᠴᠠᠵᠦ ᠢᠷᠡᠵᠡᠭᠡᠵᠦ ᠪᠤᠢ᠃ ᠯᠢ ᠰᠢᠦ ᠪᠤᠤ ᠵᠢᠨ ᠦᠵᠡᠬᠦ ᠪᠠᠷ᠂ ᠰᠡᠬᠦᠯᠡᠷ ᠭᠠᠴᠠᠭᠠᠨᠦ ᠺᠠᠳ᠋ᠷ ᠤᠳᠤᠷᠢᠳᠤᠯᠭ᠎ᠠ ᠰᠤᠨᠭᠭᠤᠬᠤᠳᠤ ᠰᠤᠶᠤᠯ ᠮᠡᠳᠡᠯᠭᠡ ᠲᠠᠢ ᠴᠢᠳᠠᠪᠤᠷᠢᠯᠢᠭ ᠮᠠᠰᠢ ᠰᠠᠢᠨ ᠬᠦᠮᠦᠨᠦ ᠬᠦᠴᠤᠨᠦ ᠨᠦᠭᠡᠴᠡ ᠲᠠᠢ ᠪᠤᠯᠵᠤ᠂ ᠭᠠᠴᠠᠭᠠᠨᠦ ᠢᠷᠡᠭᠡᠳᠦᠢ ᠨᠠᠩ ᠬᠡᠭᠡᠨ ᠰᠠᠷᠠᠭᠤᠯ᠂ ᠴᠢᠨᠠᠷ ᠰᠠᠢᠳᠠᠢ ᠬᠦᠭᠵᠢᠨ ᠪᠠᠳᠠᠷᠠᠨ᠎ᠠ ᠬᠡᠳᠡᠭ ᠲᠸ᠋ ᠢᠳᠡᠭᠡᠯ ᠲᠡᠭᠦᠯᠳᠡᠷ ᠪᠠᠢᠪᠠ᠃