● 2022 ᠤᠨᠳᠦ ᠡᠨᠭᠬᠡ ᠰᠢᠶᠠᠩ 45 ᠲᠦᠮᠡᠨ ᠵᠢᠭᠤᠯᠴᠢᠯᠠᠬᠴᠢ ᠵᠢ ᠬᠦᠯᠢᠶᠡᠨ ᠵᠤᠴᠢᠯᠠᠵᠦ᠂ ᠵᠢᠭᠤᠯᠴᠢᠯᠠᠯᠤᠨ ᠪᠦᠬᠦ ᠤᠷᠤᠯᠭ᠎ᠠ 1980 ᠲᠦᠮᠡᠨ ᠳᠦᠬᠦᠷᠢᠭ ᠲᠦ᠍ ᠬᠦᠷᠴᠦ᠂ ᠡᠷᠦᠬᠡ ᠳᠤᠮᠳᠠᠴᠢ ᠵᠢᠨ ᠵᠢᠯ ᠤᠨ ᠤᠷᠤᠯᠭ᠎ᠠ 2 ᠲᠦᠮᠡᠨ ᠲᠦᠭᠦᠷᠢᠭ ᠬᠦᠷᠬᠦ ᠦᠬᠡᠢ ᠪᠠᠢᠬᠰᠠᠨ ᠡᠴᠡ ᠪᠡᠨ 7 ᠲᠦᠮᠡᠨ ᠳᠦᠬᠦᠷᠢᠭ ᠪᠤᠯᠪᠠ᠃
● 2019 ᠤᠨᠳᠦ ᠡᠨᠭᠬᠡ ᠰᠢᠶᠠᠩ ᠪᠦᠬᠦ ᠤᠯᠤᠰ ᠤᠨ ᠦᠨᠳᠦᠰᠦᠳᠡᠨᠤ ᠪᠦᠯᠬᠦᠮᠳᠡᠯ ᠳᠠᠪᠰᠢᠯᠳᠠ ᠵᠢᠨ ᠵᠢᠱ᠌ᠢᠶᠡᠴᠢ ᠬᠠᠮᠳᠦ ᠨᠡᠢᠳᠡ ᠵᠢᠨ ᠢᠷᠠᠭᠤ ᠠᠯᠳᠠᠷᠢ ᠬᠦᠷᠳᠡᠪᠡ᠃ 2020 ᠤᠨᠳᠦ ᠪᠦᠬᠦ ᠤᠯᠤᠰ ᠤᠨ ᠬᠦᠳᠡᠬᠡ ᠳᠤᠰᠬᠤᠨᠤ ᠵᠢᠭᠤᠯᠴᠢᠯᠠᠯ ᠤᠨ ᠭᠤᠤᠯᠳᠠᠯᠭ᠎ᠠ ᠳᠠᠢ ᠰᠢᠶᠠᠩ ᠳᠤᠰᠬᠤᠨ ᠪᠤᠯᠵᠠᠢ᠃
● 2021 ᠤᠨᠳᠦ ᠡᠨᠭᠬᠡ ᠰᠢᠶᠠᠩ ᠳᠡᠯᠡᠬᠡᠢ ᠵᠢᠨ ᠵᠢᠭᠤᠯᠴᠢᠯᠠᠯ ᠤᠨ ᠬᠤᠯᠪᠤᠭ᠎ᠠ ᠊᠊᠊᠊᠊᠊᠊᠊ ᠵᠢᠭᠤᠯᠴᠢᠯᠠᠯ ᠵᠢᠡᠷ ᠬᠦᠳᠡᠬᠡ ᠳᠤᠰᠬᠤᠨᠢ ᠬᠦᠭᠵᠢᠬᠦᠯᠦᠨ ᠮᠠᠨᠳᠤᠭᠤᠯᠬᠤ ᠨᠡᠢᠳᠡᠯᠢᠭ ᠵᠢᠱ᠌ᠢᠶᠠ ᠪᠡᠷ ᠰᠤᠨᠭᠭᠤᠬᠳᠠᠵᠠᠢ᠃
ᠡᠩᠬᠡ ᠤᠷᠤᠰ ᠦᠨᠳᠦᠰᠦᠲᠡᠨᠤ ᠰᠢᠶᠠᠩ ᠪᠤᠯ ᠬᠦᠯᠦᠨ ᠪᠤᠢᠷ ᠬᠤᠲᠠ ᠵᠢᠨ ᠡᠷᠭᠦᠨ᠎ᠡ ᠬᠤᠲᠠ ᠳ᠋ᠤ ᠪᠠᠢᠳᠠᠭ ᠮᠠᠨᠤ ᠤᠯᠤᠰᠤᠨ ᠴᠤᠷᠤᠨ ᠭᠠᠭᠴᠠ ᠤᠷᠤᠰ ᠦᠨᠳᠦᠰᠦᠲᠡᠨᠤ ᠰᠢᠶᠠᠩ ᠶᠤᠮ᠃ ᠡᠨᠳᠡ ᠬᠢᠲᠠᠳ᠂ ᠤᠷᠤᠰ᠂ ᠮᠤᠩᠭᠤᠯ᠂ ᠬᠤᠲᠤᠩ ᠁ ᠵᠡᠷᠭᠡ ᠤᠯᠠᠨ ᠦᠨᠳᠦᠰᠦᠲᠡᠨ ᠬᠤᠯᠢᠯᠳᠤᠨ ᠰᠠᠭᠤᠷᠢᠰᠢᠵᠤ᠂ ᠦᠨᠳᠦᠰᠦᠲᠡᠨᠤ ᠪᠦᠯᠬᠦᠮᠳᠡᠯᠤᠨ ᠢᠷᠠᠭᠤ ᠲᠡᠤᠬᠡ ᠵᠢ ᠵᠠᠭᠤᠨ ᠳᠠᠮᠵᠢᠨ ᠪᠢᠴᠢᠭᠯᠡᠭᠰᠡᠭᠡᠷ ᠪᠠᠢᠨ᠎ᠠ᠃
ᠵᠠᠭᠤᠨ ᠵᠢᠯᠤᠨ ᠲᠡᠤᠬᠡᠨ ᠤᠯᠪᠠᠭ᠎ᠠ ᠲᠠᠢ ᠨᠠᠨᠳᠢᠨ ᠨᠦᠬᠦᠷᠯᠡᠯ
ᠤᠷᠤᠰᠤᠨ ᠠᠷᠪᠠᠨ ᠰᠠᠷ᠎ᠠ ᠵᠢᠨ ᠬᠤᠪᠢᠰᠬᠠᠯ ᠡᠴᠡ ᠡᠮᠦᠨᠡᠬᠡᠨ ᠳᠤᠮᠳᠠᠳᠤ ᠤᠷᠤᠰᠤᠨ ᠬᠢᠯᠢ ᠵᠢᠨ ᠤᠢᠷᠠᠯᠴᠠᠭ᠎ᠠ ᠨᠢᠭᠡᠨ ᠰᠠᠢᠬᠠᠨ ᠦᠯᠢᠭᠡᠷ ᠡᠭᠦᠰᠦᠭᠰᠡᠨ ᠨᠢ ᠤᠳᠤ ᠪᠤᠯᠲᠠᠯ᠎ᠠ ᠡᠩᠬᠡ ᠰᠢᠶᠠᠩᠤᠨ ᠠᠷᠠᠳ ᠤᠯᠠᠨᠤ ᠳᠤᠮᠳᠠ ᠤᠯᠠᠮᠵᠢᠯᠠᠭᠳᠠᠨ ᠶᠠᠷᠢᠭᠳᠠᠭᠰᠠᠭᠠᠷ ᠪᠠᠢᠨ᠎ᠠ᠃ ᠲᠡᠷᠡ ᠪᠤᠯ ᠳᠠᠷᠤᠢ 《ᠠᠳᠬᠤᠨ ᠳ᠋ᠤ ᠪᠠᠭᠳᠠᠳᠠᠭ ᠪᠠᠩᠵᠠᠯ》 ᠤᠨ ᠦᠯᠢᠭᠡᠷ ᠶᠤᠮ᠃

ᠪᠤᠭᠤᠮᠲᠠ ᠡᠴᠡ ᠭᠠᠷᠬᠤ ᠬᠦᠮᠦᠨᠤ ᠤᠷᠤᠰᠬᠠᠯᠢ ᠳᠠᠭᠠᠵᠤ᠂ ᠱᠠᠨᠳᠦ᠋ᠩ ᠡᠴᠡ ᠭᠠᠷᠴᠤ ᠢᠷᠡᠭᠰᠡᠨ ᠴᠢᠤᠢ ᠬᠤᠩ ᠱᠧᠩ ᠬᠡᠳᠦᠨ ᠨᠠᠢᠵᠠ ᠲᠠᠢ ᠪᠠᠨ ᠤᠳᠤ ᠵᠢᠨ ᠮᠠᠨᠵᠤᠤᠷ ᠤᠷᠴᠢᠮ ᠢᠷᠡᠵᠦ᠂ ᠵᠠᠯᠠᠢᠨᠠᠭᠤᠷᠤᠨ ᠨᠡᠭᠦᠷᠡᠰᠦᠨ ᠠᠭᠤᠷᠬᠠᠢ ᠳ᠋ᠤ ᠠᠵᠢᠯᠯᠠᠵᠠᠢ᠃ ᠲᠡᠭᠡᠵᠦ ᠪᠠᠢᠲᠠᠯ᠎ᠠ ᠬᠢᠵᠢᠭ ᠳᠡᠯᠭᠡᠷᠡᠵᠦ᠂ ᠠᠭᠤᠷᠬᠠᠢ ᠵᠢᠨ ᠠᠵᠢᠯᠲᠠᠨ ᠦᠬᠦᠭᠰᠡᠨ ᠳ᠋ᠤ ᠠᠭᠤᠷᠬᠠᠢ ᠵᠢᠨ ᠡᠵᠡᠨᠲᠡᠨ ᠡᠴᠡ ᠴᠢᠤᠢ ᠬᠤᠩ ᠱᠧᠩ ᠵᠡᠷᠭᠡ ᠬᠡᠲᠦᠨ ᠬᠦᠮᠦᠨᠵᠢᠡᠷ ᠬᠡᠭᠦᠷ ᠵᠦᠭᠡᠭᠡᠯᠭᠡᠵᠦ ᠰᠢᠲᠠᠭᠠᠯᠭᠠᠬᠤ ᠠᠵᠢᠯ ᠬᠢᠯᠬᠡᠪᠡ᠃ ᠬᠢᠵᠢᠭ ᠲᠤ᠌ ᠬᠠᠯᠳᠠᠪᠤᠷᠢᠯᠠᠭᠳᠠᠬᠤ ᠡᠴᠡ ᠠᠶᠤᠭᠰᠠᠨ ᠲᠡᠳᠡ ᠨᠠᠷ ᠨᠡᠬᠦᠷᠡᠰᠦᠨ ᠠᠭᠤᠷᠬᠠᠢ ᠡᠴᠡ ᠰᠠᠯᠵᠦ᠂ ᠪᠤᠰᠤᠳᠤᠨ ᠲᠠᠨᠢᠯᠴᠠᠭᠤᠯᠭ᠎ᠠ ᠪᠡᠷ ᠤᠷᠤᠰᠲᠦ ᠠᠯᠲᠠ ᠮᠠᠯᠲᠠᠬᠤ ᠪᠡᠷ ᠬᠦᠷᠴᠡᠢ᠃ ᠡᠷᠬᠦᠨ᠎ᠠ ᠭᠤᠤᠯᠤᠨ ᠴᠢᠨᠠᠳᠦ ᠡᠷᠬᠢᠳᠡᠬᠢ ᠠᠯᠳᠠᠨᠤ ᠠᠭᠤᠷᠬᠠᠢᠳᠦ ᠦᠶᠡᠷᠬᠡᠵᠦ ᠳᠠᠰᠤᠯᠴᠠᠬᠰᠠᠨ ᠤᠷᠤᠰ ᠨᠠᠢᠵᠠ ᠨᠠᠷ ᠨᠢ ᠳᠡᠬᠦᠨᠳᠦ 《ᠸᠠᠰᠢᠯᠢ》 ᠬᠡᠳᠡᠭ ᠨᠡᠷ᠎ᠠ ᠬᠠᠢᠷᠠᠯᠠᠵᠠᠢ᠃ ᠨᠢᠳᠦ ᠢᠷᠮᠡᠬᠦ ᠵᠠᠭᠤᠷ᠎ᠠ ᠬᠡᠳᠦᠨ ᠵᠢᠯ ᠪᠤᠯᠴᠢᠬᠠᠯ᠎ᠠ᠂ ᠨᠢᠬᠡᠨ ᠡᠳᠦᠷ ᠴᠢᠤᠢ ᠬᠤᠩ ᠱᠧᠩ ᠭᠤᠤᠯᠤᠨ ᠬᠦᠪᠡᠭᠡᠨ ᠳ᠋ᠤ ᠤᠰᠤ ᠳᠠᠮᠨᠠᠬᠤ ᠪᠡᠷ ᠤᠴᠢᠭᠠᠳ ᠨᠢᠭᠡᠨ ᠤᠷᠤᠰ ᠬᠡᠦᠬᠡᠨ ᠲᠠᠢ ᠲᠠᠨᠢᠯᠴᠠᠵᠤ᠂ ᠤᠯᠠᠮ ᠵᠢᠡᠷ ᠬᠠᠢᠷ᠎ᠠ ᠰᠡᠳᠬᠢᠯ ᠲᠠᠢ ᠪᠤᠯᠵᠤ ᠡᠬᠢᠯᠡᠵᠡᠢ᠃ ᠳᠡᠬᠡᠬᠦᠳᠦ ᠤᠷᠤᠰ ᠬᠡᠦᠬᠡᠨ᠄
︱ ᠴᠢ ᠨᠠᠳᠠᠳᠤ ᠠᠳᠬᠤᠨ ᠳ᠋ᠤ ᠪᠠᠭᠲᠠᠳᠠᠭ ᠪᠠᠩᠵᠠᠯ ᠠᠪᠴᠢᠷᠠᠵᠤ ᠦᠭᠪᠡᠯ ᠪᠢ ᠡᠬᠡᠨᠡᠷ ᠴᠢᠨᠢ ᠪᠤᠯᠤᠶ᠎ᠠ ᠭᠡᠵᠡᠢ᠃
ᠴᠢᠤᠢ ᠬᠤᠩ ᠱᠧᠩ ᠳᠤᠤᠷᠠᠬᠠᠨ ᠵᠢᠡᠨ ᠵᠦᠪᠰᠢᠶᠡᠷᠡᠵᠦ᠂ ᠨᠠᠢᠵᠠ ᠡᠴᠡ ᠪᠠᠨ ᠮᠤᠷᠢ ᠵᠢᠭᠡᠯᠡᠵᠦ ᠤᠨᠤᠭᠠᠳ᠂ ᠬᠡᠳᠦᠨ ᠡᠳᠦᠷᠤᠨ ᠳᠤᠲᠤᠷ᠎ᠠ ᠵᠢᠷᠭᠤᠭᠠᠨ ᠵᠠᠭᠤ ᠭᠠᠷᠤᠢ ᠭᠠᠵᠠᠷᠠᠶᠠᠯᠠᠨ ᠮᠠᠨᠵᠤᠤᠷ ᠡᠴᠡ ᠳᠤᠷᠭᠠᠨ ᠪᠠᠩᠵᠠᠯ ᠠᠪᠤᠭᠠᠳ ᠳᠤᠷᠠᠯᠠᠯᠲᠤ ᠪᠦᠰᠡᠭᠦᠢ ᠳ᠋ᠡᠭᠡᠨ ᠭᠠᠷᠳᠠᠭᠤᠯᠤᠯ᠎ᠠ᠃
ᠲᠡᠭᠡᠭᠡᠳ ᠲᠡᠷᠡ ᠬᠤᠶᠠᠭᠤᠯᠠ ᠠᠢᠯ ᠭᠡᠷ ᠪᠤᠯᠵᠤ ᠠᠮᠢᠳᠤᠷᠠᠯ ᠵᠢᠡᠨ ᠪᠤᠰᠬᠠᠨ ᠠᠮᠢᠳᠤᠷᠠᠵᠤ ᠪᠠᠢᠲᠠᠯ᠎ᠠ ᠤᠷᠤᠰ ᠲᠤ᠌ ᠠᠷᠪᠠᠨ ᠰᠠᠷ᠎ᠠ ᠵᠢᠨ ᠬᠤᠪᠢᠰᠬᠠᠯ ᠦᠷᠨᠢᠵᠡᠢ᠂ ᠶᠠᠭ ᠡᠨᠡ ᠦᠶ᠎ᠡ ᠳ᠋ᠤ ᠠᠯᠲᠠᠨᠤ ᠠᠭᠤᠷᠬᠠᠢ ᠵᠢᠨ ᠡᠵᠡᠨ ᠨᠢ ᠴᠢᠤᠢ ᠬᠤᠩ ᠱᠧᠩ ᠳ᠋ᠤ ᠠᠯᠲᠠ ᠨᠢᠭᠤᠭᠰᠠᠨ ᠬᠡᠷᠡᠭ ᠨᠦᠮᠦᠷᠥᠭᠦᠯᠵᠦ ᠪᠠᠷᠢᠬᠤ ᠭᠡᠰᠡᠨ ᠳ᠋ᠤ ᠳᠡᠷᠡ ᠤᠷᠭᠤᠵᠦ ᠤᠳᠤ ᠵᠢᠨ ᠡᠩᠬᠡ ᠳᠤᠰᠬᠤᠨᠳᠦ ᠢᠷᠡᠵᠦ ᠰᠠᠭᠤᠷᠢᠰᠢᠭᠰᠠᠨ ᠪᠠᠢᠨ᠎ᠠ᠃
ᠵᠠᠭᠤ ᠭᠠᠷᠤᠢ ᠵᠢᠯᠤᠨ ᠡᠮᠦᠨᠡᠬᠢ ᠬᠢᠲᠠᠳ ᠤᠷᠤᠰ ᠬᠤᠶᠠᠷ ᠦᠨᠳᠦᠰᠦᠲᠡᠨᠤ ᠨᠦᠬᠦᠷᠯᠡᠯᠤᠨ ᠦᠯᠢᠭᠡᠷ ᠢᠩᠭᠢᠵᠦ ᠡᠩᠬᠡ ᠨᠤᠳᠤᠭᠲᠦ ᠠᠩᠬᠠᠨᠤ ᠰᠠᠭᠤᠷᠢ ᠵᠢ ᠲᠠᠯᠪᠢᠭᠰᠠᠨ ᠪᠤᠯ ᠬᠤᠵᠢᠮ ᠨᠢ ᠲᠡᠳᠡᠨ ᠲᠠᠢ ᠠᠳᠠᠯᠢ ᠤᠷᠤᠰ ᠡᠴᠡ ᠨᠡᠭᠦᠵᠦ ᠢᠷᠡᠭᠰᠡᠨ ᠬᠦᠮᠦᠰ ᠡᠨᠳᠡ ᠲᠦᠪᠯᠡᠷᠡᠨ᠂ ᠤᠳᠤ ᠵᠢᠨ ᠡᠩᠬᠡ ᠰᠢᠶᠠᠩᠢ ᠪᠦᠷᠢᠯᠳᠦᠭᠦᠯᠦᠭᠰᠡᠨ ᠪᠠᠢᠵᠠᠢ᠃

ᠴᠢᠤᠢ ᠤᠪᠤᠭᠲᠤ ᠵᠢᠨ ᠬᠢᠨ ᠤᠳᠤ ᠪᠤᠯᠬᠤ ᠳ᠋ᠤ ᠡᠩᠬᠡ ᠰᠢᠶᠠᠩᠤᠨ ᠲᠤᠮᠤᠬᠠᠨ ᠤᠪᠤᠭ ᠪᠦᠯᠢ ᠪᠤᠯᠵᠤ ᠬᠦᠭᠵᠢᠭᠰᠡᠨ ᠪᠠᠢᠨ᠎ᠠ᠃ ᠴᠢᠤᠢ ᠳᠧ ᠼᠠᠢ ᠪᠤᠯ ᠶᠠᠭ 《ᠠᠳᠬᠤᠨᠳᠦ ᠪᠠᠬᠳᠠᠳᠠᠬ ᠪᠠᠩᠵᠠᠯ》 ᠤᠨ ᠦᠯᠢᠭᠡᠷ ᠲᠤ᠌ ᠭᠠᠷᠳᠠᠭ ᠴᠢᠤᠢ ᠬᠤᠩ ᠱᠧᠩᠤᠨ ᠤᠮᠪᠤᠯᠤ ᠨᠢ ᠶᠤᠮ᠃ ᠲᠡᠷᠡ ᠪᠡᠷ ᠬᠤᠶᠠᠷ ᠬᠡᠤᠬᠡᠨ ᠲᠠᠢ ᠪᠠᠢᠵᠤ᠂ ᠨᠢᠭᠡ ᠨᠢ ᠬᠢᠲᠠᠳ ᠬᠦᠷᠭᠡᠨ ᠳ᠋ᠤ ᠮᠤᠷᠳᠠᠵᠤ᠂ ᠨᠢᠭᠡ ᠨᠢ ᠮᠤᠩᠭᠤᠯ ᠵᠠᠯᠠᠭᠤ ᠲᠠᠢ ᠭᠡᠷᠯᠡᠨ᠂ ᠮᠦᠨ ᠯᠡ ᠨᠢᠭᠡᠨ ᠤᠯᠠᠨ ᠦᠨᠳᠦᠰᠦᠲᠡᠨ ᠪᠦᠯᠬᠦᠮᠳᠡᠭᠰᠡᠨ ᠳᠤᠮᠤ ᠭᠡᠷ ᠪᠦᠯᠢ ᠪᠤᠯᠵᠠᠢ᠃

《ᠰᠦᠨ ᠵᠢᠨ ᠬᠤᠸᠠ ᠵᠢᠨ ᠭᠡᠷ ᠪᠦᠯᠢ ᠵᠢᠨ ᠪᠠᠭᠤᠳᠠᠯ》 ᠭᠡᠰᠡᠨ ᠢᠯᠡᠷᠬᠡᠢᠯᠡᠯ ᠲᠠᠢ ᠭᠡᠷ ᠲᠤ᠌ ᠪᠢᠳᠡᠨᠢ ᠤᠭᠲᠤᠨ ᠠᠪᠤᠭᠰᠠᠨ ᠨᠢ ᠳᠠᠷᠤᠢ ᠴᠢᠤᠢ ᠳᠧ ᠼᠠᠢ ᠬᠢᠭᠡᠳ ᠲᠡᠭᠦᠨᠤ ᠡᠬᠡᠨᠡᠷ ᠰᠦᠨ ᠵᠢᠨ ᠬᠤᠸᠠ ᠪᠠᠢᠯ᠎ᠠ᠃ ᠭᠤᠤᠯ ᠦᠷᠦᠭᠡᠨ ᠳ᠋ᠡᠭᠡᠨ ᠮᠠᠰᠢ ᠤᠯᠠᠨ ᠬᠠᠭᠤᠴᠢᠨ ᠳᠤᠷᠠᠰᠬᠠᠯᠲᠤ ᠪᠤᠳᠠᠰ ᠦᠷᠦᠨ ᠲᠠᠯᠪᠢᠵᠤ᠂ ᠭᠡᠷ ᠦᠷᠦᠭᠡ ᠪᠠᠨ ᠶᠡᠬᠡ ᠯᠡ ᠦᠪᠡᠷᠮᠢᠴᠡ ᠵᠠᠰᠠᠨ ᠴᠢᠮᠡᠭᠯᠡᠭᠰᠡᠨ ᠲᠡᠳᠡᠨᠤ ᠬᠢᠨ ᠪᠤᠯ ᠡᠨᠳᠡᠬᠢ ᠵᠢᠭᠤᠯᠴᠢᠯᠠᠯ ᠡᠷᠬᠢᠯᠡᠭᠰᠡᠨ ᠠᠩᠬᠠᠨᠤ ᠳᠦᠷᠪᠡᠨ ᠡᠷᠦᠬᠡ ᠵᠢᠨ ᠨᠢᠭᠡ ᠨᠢ ᠠᠵᠢ᠃
︱ 2007 ᠤᠨᠳᠦ ᠡᠬᠢᠯᠡᠵᠦ ᠵᠢᠭᠤᠯᠴᠢᠯᠠᠯ ᠡᠷᠬᠢᠯᠡᠬᠦ ᠳ᠋ᠡᠭᠡᠨ ᠲᠤᠷᠰᠢᠯᠭ᠎ᠠ ᠦᠭᠡᠢ ᠪᠤᠯᠬᠤᠷ ᠶᠠᠭᠠᠬᠢᠵᠤ ᠬᠢᠬᠦ ᠪᠠᠨ ᠮᠡᠳᠡᠬᠦ ᠦᠭᠡᠢ ᠮᠡᠩᠳᠡᠭᠦᠷᠡᠵᠦ ᠪᠠᠢᠯ᠎ᠠ᠃ ᠰᠢᠶᠠᠩᠤᠨ ᠵᠠᠰᠠᠭᠤᠨ ᠤᠷᠳᠤᠨ ᠡᠴᠡ ᠡᠬᠢᠯᠡᠯᠲᠡ ᠵᠢᠨ ᠪᠡᠯᠡ ᠮᠦᠩᠭᠦ ᠭᠡᠵᠦ ᠲᠦᠮᠡ ᠭᠠᠷᠤᠢ ᠲᠦᠭᠦᠷᠢᠭ ᠦᠭᠭᠦᠭᠰᠡᠨ ᠳᠡᠭᠡᠷ᠎ᠡ ᠨᠢ ᠦᠪᠡᠷ ᠲᠡᠭᠡᠨ ᠪᠠᠭ᠎ᠠ ᠰᠠᠭ᠎ᠠ ᠵᠤᠭᠤᠰ ᠨᠡᠮᠡᠵᠦ᠂ ᠦᠷᠦᠭᠡᠨ ᠳ᠋ᠡᠭᠡᠨ ᠭᠤᠷᠪᠠᠨ ᠤᠷᠤ ᠨᠡᠮᠡᠭᠡᠳ ᠵᠤᠴᠢᠨ ᠢᠷᠡᠪᠡᠯ ᠰᠠᠭᠤᠯᠭᠠᠬᠤ ᠪᠡᠷ ᠪᠡᠯᠡᠳᠬᠡᠭᠰᠡᠨ ᠶᠤᠮ᠃ ᠡᠬᠢᠯᠡᠭᠡᠳ ᠢᠷᠡᠬᠦ ᠵᠤᠴᠢᠨ ᠦᠭᠡᠢ ᠪᠠᠢᠭᠰᠠᠨ ᠵᠢᠡᠨ ᠰᠡᠭᠦᠯ ᠳ᠋ᠤᠨᠢ ᠭᠡᠨᠡᠳᠲᠡ ᠲᠠᠪᠤᠨ ᠵᠤᠴᠢᠨ ᠬᠦᠷᠦᠭᠡᠳ ᠢᠷᠡᠳᠡᠭ ᠪᠠᠢᠨ᠎ᠠ᠃ ᠤᠷᠤ ᠬᠦᠷᠦᠯᠴᠡᠬᠦ ᠦᠭᠡᠢ ᠠᠷᠭ᠎ᠠ ᠶᠠᠳᠠᠬᠤ ᠳ᠋ᠠᠭᠠᠨ ᠪᠢᠳᠡ ᠤᠷᠤ ᠪᠠᠨ ᠶᠡᠭᠦᠯᠡᠵᠦ ᠦᠭᠭᠦᠭᠡᠳ ᠦᠪᠡᠷ ᠵᠢᠡᠨ ᠰᠠᠭᠠᠬᠠᠯᠲᠠ ᠠᠢᠯᠤᠨ ᠬᠢ ᠪᠡᠷ ᠵᠢᠡᠨ ᠤᠴᠢᠵᠤ ᠬᠤᠨᠤᠭᠰᠠᠨ ᠪᠠᠢᠯ᠎ᠠ ᠭᠡᠵᠦ ᠴᠢᠤᠢ ᠳᠧ ᠼᠠᠢ ᠵᠢᠭᠤᠯᠴᠢᠯᠠᠯ ᠡᠷᠬᠢᠯᠡᠬᠦ ᠡᠬᠢᠨᠤ ᠦᠶ᠎ᠡ ᠵᠢᠨ ᠪᠠᠢᠳᠠᠯ ᠵᠢᠡᠨ ᠳᠤᠷᠠᠰᠤᠯ᠎ᠠ᠃

5 ᠰᠠᠷ᠎ᠠ ᠳ᠋ᠤ ᠶᠠᠭ ᠵᠢᠭᠤᠯᠴᠢᠯᠠᠯᠤᠨ ᠬᠦᠭᠵᠢᠶᠡᠨᠲᠦ ᠤᠯᠠᠷᠢᠯ ᠤᠢᠷᠠᠳᠴᠤ ᠪᠠᠢᠭᠰᠠᠨ ᠪᠤᠯᠬᠤᠷ ᠴᠢᠤᠢ ᠳᠧ ᠼᠠᠢ ᠮᠤᠳᠤᠨ ᠬᠡᠷᠤᠨ ᠵᠢᠡᠨ ᠤᠷᠤᠢᠵᠢ ᠰᠡᠯᠪᠢᠵᠦ ᠵᠠᠰᠠᠭᠠᠳ ᠶᠠᠭᠠᠷᠠᠵᠤ ᠪᠠᠢᠯ᠎ᠠ᠃ ᠢᠩᠬᠢᠵᠦ ᠰᠡᠯᠪᠢᠨ ᠵᠠᠰᠠᠬᠤ ᠨᠢ ᠲᠡᠭᠦᠨᠤ ᠵᠢᠯ ᠵᠢᠯᠤᠨ ᠬᠢᠵᠦ ᠳᠠᠳᠤᠬᠰᠠᠨ ᠠᠵᠢᠯ ᠶᠤᠮ᠂ ᠡᠬᠢᠯᠡᠭᠡᠳ 100 ᠭᠠᠷᠤᠢ ᠲᠡᠭᠰᠢ ᠳᠦᠷᠪᠡᠯᠵᠢᠨ ᠮᠧᠲᠷᠤᠨ ᠭᠡᠷ ᠲᠠᠢ ᠪᠠᠢᠭᠰᠠᠨ ᠵᠢᠡᠨ ᠢᠳᠡᠭ ᠢᠳᠡᠭ ᠵᠢᠡᠷ ᠨᠡᠮᠡᠭᠰᠡᠭᠡᠷ 400 ᠭᠠᠷᠤᠢ ᠲᠡᠭᠰᠢ ᠳᠦᠷᠪᠡᠯᠵᠢᠨ ᠮᠧᠲᠷ ᠲᠠᠯᠠᠪᠠᠢ ᠲᠠᠢ ᠪᠤᠯᠭᠠᠨ ᠦᠷᠭᠡᠳᠬᠡᠵᠦ᠂ ᠤᠳᠤ ᠪᠤᠯᠬᠤ ᠳ᠋ᠤ ᠵᠢᠯᠤᠨ ᠤᠷᠤᠯᠭ᠎ᠠ ᠨᠢ ᠠᠷᠪᠠᠭᠠᠳ ᠲᠦᠮᠡᠡ ᠲᠦᠬᠦᠷᠢᠭ ᠲᠦ ᠬᠦᠷᠦᠭᠰᠡᠨ ᠲᠡᠳᠦᠢ ᠦᠭᠡᠢ᠂ ᠬᠠᠪᠢ ᠵᠡᠷᠭᠡᠯᠡᠳᠡᠭᠡ ᠵᠢᠨ ᠬᠢᠨ ᠵᠢᠡᠨ ᠳᠠᠭᠠᠭᠤᠯᠤᠨ᠂ ᠵᠢᠭᠤᠯᠴᠢᠯᠠᠯ ᠵᠢᠡᠷ ᠬᠦᠷᠦᠨᠭᠬᠡᠵᠢᠬᠦ ᠵᠠᠮ ᠳ᠋ᠤ ᠬᠦᠲᠦᠯᠦᠭᠰᠡᠨ ᠪᠠᠢᠵᠠᠢ᠃

ᠤᠳᠤ ᠪᠤᠯᠬᠤ ᠳ᠋ᠤ ᠡᠩᠬᠡ ᠤᠷᠤᠰ ᠦᠨᠳᠦᠰᠦᠲᠡᠨᠤ ᠰᠢᠶᠠᠩ ᠨᠢ ᠭᠡᠷ ᠪᠦᠯᠢ ᠵᠢᠨ ᠵᠢᠭᠤᠯᠴᠢᠯᠠᠯ ᠵᠢᠡᠷ ᠭᠤᠤᠯᠳᠠᠭᠤᠯᠤᠭᠰᠠᠨ ᠵᠢᠭᠤᠯᠴᠢᠯᠠᠯ ᠰᠡᠯᠡᠭᠦᠴᠡᠯᠤᠨ ᠤᠨᠴᠠᠯᠢᠭᠲᠤ ᠭᠠᠵᠠᠷ ᠪᠤᠯᠵᠤ᠂ ᠬᠤᠯᠠ ᠤᠢᠷ᠎ᠠ ᠳ᠋ᠠᠭᠠᠨ ᠠᠯᠳᠠᠷᠰᠢᠭᠰᠠᠨ ᠪᠠᠢᠨ᠎ᠠ᠃ ᠲᠡᠳᠡ ᠪᠦᠬᠦ ᠤᠯᠤᠰᠤᠨ ᠡᠯ᠎ᠡ ᠭᠠᠵᠠᠷ᠂ ᠴᠢᠨᠠᠭᠰᠢᠯᠠᠭᠠᠳ ᠤᠯᠤᠰᠤᠨ ᠭᠠᠳᠠᠭᠠᠳᠤ ᠡᠴᠡ ᠢᠷᠡᠭᠰᠡᠨ ᠭᠡᠢᠴᠢᠨᠢ ᠤᠭᠲᠤᠨ ᠵᠤᠴᠢᠯᠠᠵᠤ᠂ ᠤᠷᠤᠰ ᠦᠨᠳᠦᠰᠦᠲᠡᠨᠤ ᠦᠪᠡᠷᠮᠢᠴᠡ ᠰᠤᠶᠤᠯᠢ ᠤᠢᠯᠠᠭᠠᠭᠤᠯᠬᠤ ᠵᠢᠨ ᠬᠠᠮᠲᠤ ᠡᠬᠡ ᠤᠯᠤᠰᠤᠨ ᠤᠮᠠᠷᠠᠲᠤ ᠬᠢᠯᠢ ᠵᠢᠨ ᠵᠢᠵᠢᠭᠬᠡᠨ ᠰᠢᠶᠠᠩ ᠳ᠋ᠤ ᠦᠨᠳᠦᠰᠦᠲᠡᠨᠤ ᠪᠦᠯᠬᠦᠮᠳᠡᠯᠤᠨ ᠡᠪ ᠨᠠᠢᠷᠢ ᠪᠢᠴᠢᠭᠯᠡᠨ ᠪᠠᠢᠨ᠎ᠠ᠃
ᠬᠤᠲᠠ ᠵᠢᠨ ᠬᠡᠤᠬᠡᠨᠤ ᠬᠦᠳᠡᠭᠡ ᠵᠢᠨ ᠠᠮᠢᠳᠤᠷᠠᠯ
ᠬᠠᠪᠤᠯ ᠭᠤᠤᠯᠤᠨ ᠲᠦᠯᠭᠡᠨ ᠤᠷᠤᠰᠬᠠᠯ ᠡᠷᠭᠢ ᠪᠠᠨ ᠬᠠᠯᠢᠨ ᠤᠷᠤᠰᠬᠤ ᠳ᠋ᠤ ᠬᠤᠰᠤ ᠮᠤᠳᠤᠨᠤ ᠲᠤᠶᠢᠬᠠᠨ ᠮᠦᠴᠢᠷ ᠰᠢᠭᠦᠷᠦᠨ ᠠᠯᠳᠠᠭᠠᠳ ᠨᠠᠢᠭᠤᠨ᠎ᠠ᠃ ᠬᠦᠪᠡᠭᠡ ᠵᠢ ᠨᠢ ᠳᠠᠭᠠᠭᠰᠠᠨ ᠬᠠᠷ᠎ᠠ ᠲᠦᠩ ᠰᠤᠨᠢᠷᠬᠠᠯᠢ ᠭᠡᠵᠢᠭᠡᠳᠡᠭᠡᠳ᠂ ᠬᠤᠩᠬᠤᠷ ᠲᠤ᠌ ᠲᠤᠭᠲᠠᠭᠰᠠᠨ ᠭᠤᠷᠤᠬ᠎ᠠ ᠵᠢᠨ ᠤᠰᠤᠨ ᠳ᠋ᠤ ᠬᠦᠪᠦᠩ ᠡᠭᠦᠯᠡ ᠤᠢᠨᠠ᠃ ᠦᠨᠳᠦᠷ ᠤᠷᠤᠢ ᠡᠷᠭᠢᠭᠦᠯᠭᠡᠨ ᠭᠠᠨᠵᠢᠷ᠎ᠠ ᠲᠠᠢ ᠤᠷᠤᠰ ᠪᠠᠷᠢᠯᠭ᠎ᠠ ᠵᠢᠨ ᠦᠵᠡᠮᠵᠢ ᠡᠨᠡ ᠨᠤᠲᠤᠭᠤᠨ ᠤᠨᠴᠠᠯᠢᠭᠢ ᠭᠠᠢᠬᠠᠭᠤᠯᠵᠤ᠂ ᠨᠠᠮᠵᠢᠭᠤᠨ ᠪᠠᠢᠭᠠᠯᠢ ᠲᠠᠢ ᠠᠭᠤᠰᠤᠯᠴᠠᠨ᠎ᠠ᠃

ᠲᠡᠢᠮᠦ ᠡ᠂ ᠡᠩᠬᠡ ᠰᠢᠶᠠᠩᠤᠨ ᠪᠠᠢᠭᠠᠯᠢ ᠤᠷᠴᠢᠨ᠂ ᠰᠤᠶᠤᠯ ᠢᠷᠬᠡᠨᠰᠢᠯ ᠨᠢ ᠤᠯᠠᠨ ᠵᠢᠭᠤᠯᠴᠢᠳᠤᠨ ᠰᠡᠳᠬᠢᠯᠢ ᠲᠠᠲᠠᠬᠤ ᠡᠴᠢᠨ᠎ᠡ ᠲᠠᠯᠳᠠ ᠵᠢᠨ ᠤᠪᠠᠳᠢᠰ ᠲᠠᠢ ᠬᠡᠮᠡᠷ᠃ ᠲᠡᠢᠮᠦ ᠪᠡᠷ ᠵᠢᠡᠨ ᠡᠨᠳᠡ ᠠᠩᠠᠬᠨᠤ ᠳᠦᠷᠪᠡᠨ ᠡᠷᠦᠬᠡ ᠵᠢᠨ ᠡᠵᠡᠨᠭᠨᠡᠭᠰᠡᠨ ᠵᠢᠭᠤᠯᠴᠢᠯᠠᠯᠤᠨ ᠦᠢᠯᠡᠰ ᠡᠴᠡ ᠪᠡᠨ ᠬᠦᠭᠵᠢᠭᠡᠳ ᠤᠳᠤ ᠪᠤᠯᠬᠤ ᠳ᠋ᠤ 127 ᠭᠠᠷᠤᠢ ᠡᠷᠦᠬᠡ ᠵᠢᠭᠤᠯᠴᠢᠯᠠᠯᠤᠨ ᠦᠢᠯᠡᠰ ᠡᠵᠡᠨᠭᠨᠡᠬᠦ ᠪᠤᠯᠵᠠᠢ᠃

《ᠸᠠᠰᠢᠯᠢ ᠵᠢᠨ ᠭᠡᠷ ᠪᠦᠯᠢ ᠵᠢᠨ ᠵᠢᠭᠤᠯᠴᠢᠯᠠᠯ》 ᠪᠤᠯ ᠲᠡᠳᠡᠭᠡᠷᠤᠨ ᠳᠤᠲᠤᠷᠠᠬᠢ ᠲᠤᠮᠤᠬᠠᠨ ᠨᠢᠭᠡ ᠨᠢ ᠂ ᠴᠢᠤᠢ ᠳᠧ ᠼᠠᠢ ᠵᠢᠨ ᠠᠴᠢ ᠬᠦᠦ ᠨᠢ ᠪᠤᠯᠬᠤ ᠴᠢᠤᠢ ᠪᠦᠸᠧ ᠵᠢᠨ ᠭᠡᠷ ᠪᠦᠯᠢ ᠵᠢᠨ ᠬᠢᠨᠤ ᠪᠠᠢᠭᠤᠯᠤᠭᠰᠠᠨ ᠵᠢᠭᠤᠯᠴᠢᠯᠠᠯᠤᠨ ᠴᠡᠭ ᠶᠤᠮ᠃ ᠲᠡᠳᠡᠨᠤ ᠡᠭᠦᠳᠡᠨᠤ ᠬᠠᠵᠠᠭᠤᠳᠠᠬᠢ ᠵᠠᠮ ᠨᠢᠭᠤᠷᠯᠠᠭᠰᠠᠨ ᠨᠢᠭᠡᠨ ᠭᠡᠷ ᠲᠤ᠌ ᠬᠢᠯᠢᠶᠧᠪ ᠬᠤᠳᠠᠯᠳᠤᠳᠠᠭ ᠳᠡᠯᠭᠡᠭᠦᠷ ᠪᠠᠢᠳᠠᠭ ᠨᠢ ᠠᠬ᠎ᠠ ᠴᠢᠤᠢ ᠭᠠᠩᠤᠨ ᠬᠢᠨᠢ ᠪᠠᠢᠵᠠᠢ᠃

ᠴᠢᠤᠢ ᠭᠠᠩᠭᠡᠵᠦ ᠤᠷᠤᠰ ᠬᠦᠮᠦᠨᠤ ᠨᠡᠢᠲᠡᠯᠢᠭ ᠵᠢᠰᠤ ᠴᠢᠷᠠᠢ ᠲᠠᠢ ᠴᠤ᠌ ᠡᠬᠡᠨᠡᠷ ᠨᠢ ᠬᠠᠷᠢᠨ ᠰᠤᠨᠢᠶᠠ ᠭᠡᠬᠦ ᠤᠷᠤᠰ ᠨᠡᠷ᠎ᠡ ᠲᠠᠢ ᠪᠠᠢᠲᠠᠯ᠎ᠠ ᠪᠠᠨ ᠬᠠᠷᠠᠮᠦ᠋ᠷᠡᠨ ᠡᠴᠡ ᠡᠨᠳᠡ ᠮᠤᠷᠳᠠᠵᠤ ᠢᠷᠡᠭᠰᠡᠨ ᠬᠢᠲᠠᠳ ᠬᠦᠮᠦᠨ ᠠᠵᠢ᠃ ᠰᠤᠨᠢᠶᠠ ᠵᠢᠨ ᠤᠤᠯ ᠨᠡᠷ᠎ᠡ ᠨᠢ ᠰᠦᠩ ᠱᠤᠸᠠᠩ ᠶᠠᠨ᠂ ᠬᠠᠷᠠᠮᠦ᠋ᠷᠡᠨ ᠮᠤᠵᠢ ᠵᠢᠨ ᠬᠠᠷᠪᠢᠨ ᠬᠤᠲᠠ ᠵᠢᠨ ᠬᠤᠲᠠ ᠵᠢᠨ ᠲᠡᠭᠦᠷᠭᠡ ᠵᠢᠨ ᠬᠦᠮᠦᠨ ᠪᠠᠢᠵᠤ᠂ ᠪᠠᠭ᠎ᠠ ᠡᠴᠡ ᠪᠠᠨ ᠶᠡᠬᠡ ᠬᠤᠲᠠ ᠵᠢᠨ ᠦᠢᠮᠡᠭᠡᠨ ᠱᠤᠤᠭᠢᠶᠠᠨ ᠳ᠋ᠤ ᠳᠤᠷ᠎ᠠ ᠦᠭᠡᠢ ᠪᠠᠢᠳᠠᠭ ᠡᠴᠡ ᠬᠦᠯᠦᠨ ᠪᠤᠢᠷ ᠢ ᠵᠤᠷᠢᠨ ᠢᠷᠡᠵᠦ᠂ ᠬᠠᠢᠯᠠᠷ ᠲᠤ᠌ ᠪᠠᠭᠤᠵᠠᠢ᠃
︱ ᠡᠬᠢᠯᠡᠭᠡᠳ ᠪᠢ ᠬᠠᠢᠯᠠᠷ ᠲᠤ᠌ ᠢᠷᠡᠵᠦ᠂ ᠡᠨᠳᠡᠬᠢ ᠲᠠᠯ᠎ᠠ ᠨᠤᠲᠤᠭᠢ ᠮᠠᠰᠢ ᠪᠠᠬᠠᠷᠬᠠᠭᠰᠠᠨ᠃ ᠬᠤᠵᠢᠮ ᠨᠢ ᠡᠩᠬᠡ ᠳ᠋ᠤ ᠮᠤᠷᠳᠠᠵᠤ ᠢᠷᠡᠭᠰᠡᠨᠤ ᠳᠠᠷᠠᠭ᠎ᠠ ᠡᠨᠳᠡᠬᠢ ᠠᠯᠢᠪᠠ ᠪᠦᠬᠦᠨ ᠨᠢ ᠲᠡᠢᠮᠦ ᠯᠡ ᠲᠠᠢᠪᠤᠩ ᠠᠮᠤᠭᠤᠯᠠᠩ᠂ ᠰᠡᠳᠬᠢᠯ ᠳ᠋ᠤ ᠲᠠᠭᠠᠯᠠᠮᠵᠢᠲᠠᠢ ᠰᠠᠨᠠᠭᠳᠠᠭᠰᠠᠨ ᠪᠢᠯᠡ ᠭᠡᠵᠦ ᠰᠤᠨᠢᠶᠠ ᠢᠨᠢᠶᠡᠨ ᠬᠡᠯᠡᠨ᠎ᠡ᠃《ᠳᠡᠷᠬᠡ ᠬᠤᠳᠠᠯᠳᠤᠨ ᠠᠪᠬᠤ ᠳᠠᠭᠠᠨ ᠳᠠᠨᠢᠯᠴᠠᠬᠰᠠᠨ ᠪᠤᠯᠬᠤᠷ ᠪᠦᠰᠡᠬᠦᠢ ᠪᠡᠨ ᠪᠢ ᠳᠡᠷᠬᠡᠨᠤ ᠠᠪᠠᠬᠠᠢ ᠬᠡᠳᠡᠭ》 ᠬᠡᠵᠦ ᠴᠢᠤᠢ ᠭᠠᠩ ᠶᠦᠮᠦᠷᠯᠢᠭ ᠵᠢᠡᠷ ᠶᠠᠷᠢᠵᠦ ᠭᠠᠷᠤᠯ᠎ᠠ᠃
ᠰᠤᠨᠢᠶᠠ ᠡᠩᠬᠡ ᠰᠢᠶᠠᠩ ᠳ᠋ᠤ ᠠᠮᠢᠳᠤᠷᠠᠭᠰᠠᠨ ᠡᠴᠡ ᠰᠡᠭᠦᠯᠡᠷ ᠡᠨᠳᠡᠬᠢ ᠵᠠᠩ ᠵᠠᠩᠰᠢᠯ ᠳ᠋ᠤ ᠤᠳᠠᠵᠦ ᠲᠦᠳᠡᠯ ᠦᠭᠡᠢ ᠢᠳᠡᠭᠡᠰᠢᠵᠦ᠂ ᠡᠨᠳᠡᠬᠢ ᠬᠦᠮᠦᠰᠤᠨ ᠨᠠᠷᠢᠨ ᠤᠬᠠᠭᠠᠨ ᠵᠠᠷᠤᠬᠤ ᠦᠭᠡᠢ ᠰᠢᠭᠤᠳ ᠰᠢᠯᠤᠭᠤᠨ ᠵᠠᠩᠢ ᠮᠠᠰᠢ ᠲᠤᠭᠤᠵᠤ᠂ ᠢᠳᠡᠭᠡᠨ ᠤᠮᠳᠠᠭᠠᠨᠤ ᠰᠤᠶᠤᠯ ᠳ᠋ᠤᠨᠢ ᠴᠤ᠌ ᠠᠮᠠᠷᠬᠠᠨ ᠳᠠᠰᠴᠠᠢ᠃ ᠲᠡᠭᠡᠭᠡᠳ ᠬᠠᠳᠠᠮ ᠡᠵᠢ ᠵᠢᠨ ᠵᠢᠡᠨ ᠭᠠᠷ ᠡᠴᠡ ᠬᠢᠯᠢᠶᠧᠪ ᠬᠢᠬᠦ ᠵᠢ ᠰᠤᠷᠴᠤ᠂ ᠵᠢᠭᠤᠯᠴᠢᠯᠠᠯ ᠦᠷᠨᠢᠬᠦ ᠵᠢ ᠳᠠᠭᠠᠯᠳᠤᠨ ᠪᠤᠷᠤᠯᠠᠭᠤᠯᠵᠤ ᠡᠬᠢᠯᠡᠭᠰᠡᠨ ᠪᠠᠢᠨ᠎ᠠ᠃
ᠦᠪᠡᠷᠤᠨ ᠭᠠᠷ ᠵᠢᠡᠷ ᠵᠢᠡᠨ ᠬᠢᠵᠦ᠂ ᠶᠠᠮᠠᠷ ᠴᠤ᠌ ᠨᠡᠮᠡᠯᠲᠡ ᠡᠳ᠋ ᠬᠢᠳᠡᠭ ᠦᠭᠡᠢ ᠴᠡᠪᠡᠷ ᠢᠳᠡᠭᠡᠨ ᠪᠤᠯᠬᠤᠷ ᠤᠳᠠᠯ ᠦᠭᠡᠢ ᠬᠦᠮᠦᠰ ᠲᠤ᠌ ᠳᠠᠭᠠᠰᠢᠶᠠᠬᠳᠠᠵᠦ᠂ ᠬᠢᠯᠢᠶᠧᠪᠤᠨ ᠬᠢᠨᠢ ᠪᠤᠷᠤᠯᠠᠭᠤᠯᠭ᠎ᠠ ᠴᠤ᠌ ᠰᠠᠢᠵᠢᠷᠠᠵᠠᠢ᠃
︱ ᠮᠠᠨᠤ ᠬᠠᠳᠠᠮᠤᠨ ᠬᠢᠨ ᠭᠡᠵᠦ ᠮᠠᠰᠢ ᠬᠠᠯᠠᠭᠤᠮᠰᠤᠭ ᠵᠠᠩ ᠲᠠᠢ᠂ ᠮᠢᠨᠦ ᠬᠠᠳᠠᠮ ᠡᠵᠢ ᠨᠠᠮᠢ᠋ᠢ ᠲᠦᠷᠦᠭᠰᠡᠨ ᠬᠡᠤᠬᠡᠨ ᠲᠠᠢ ᠪᠡᠨ ᠠᠳᠠᠯᠢ ᠦᠵᠡᠵᠦ᠂ ᠰᠦᠨᠢ ᠲᠦᠯᠢ ᠪᠡᠷ ᠪᠤᠰᠴᠤ ᠬᠢᠯᠢᠶᠧᠪᠤᠨ ᠭᠤᠯᠢᠷ ᠨᠤᠬᠤᠬᠤ ᠳ᠋ᠠᠭᠠᠨ ᠬᠦᠷᠲᠡᠯ᠎ᠡ ᠳᠠᠭᠤᠳᠠᠵᠤ ᠰᠡᠷᠢᠭᠡᠬᠦ ᠦᠭᠡᠢ ᠪᠠᠢᠳᠠᠭ᠂ ᠵᠠᠯᠠᠭᠤ ᠬᠦᠮᠦᠨᠤ ᠨᠤᠢᠷ ᠶᠡᠬᠡ ᠶᠤᠮ ᠭᠡᠵᠦ ᠮᠢᠨᠦ ᠡᠮᠦᠨ᠎ᠡ ᠡᠴᠡ ᠪᠤᠳᠤᠭᠰᠠᠨ ᠳ᠋ᠠᠭᠠᠨ ᠪᠤᠯᠤᠭᠠᠳ ᠯᠡ ᠲᠡᠷᠡ ᠰᠢᠦ ᠳᠠ᠃ ᠰᠡᠭᠦᠯᠡᠷ ᠨᠢ ᠬᠢᠯᠢᠶᠧᠪ ᠵᠢᠡᠨ ᠢᠯᠡᠭᠦᠦ ᠪᠤᠷᠤᠯᠠᠭᠤᠯᠬᠤ ᠵᠢ ᠪᠤᠳᠤᠵᠤ᠂ ᠵᠠᠮ ᠨᠢᠭᠤᠷᠯᠠᠭᠰᠠᠨ ᠭᠡᠷ ᠲᠦᠷᠢᠶᠡᠰᠦᠯᠡᠬᠦ ᠬᠡᠷᠡᠭᠲᠡᠢ ᠪᠤᠯᠬᠤ ᠳ᠋ᠤ ᠬᠠᠳᠠᠮ ᠳᠡᠭᠦᠦ ᠴᠢᠤᠢ ᠪᠦᠸᠧ ᠵᠢᠨ ᠬᠢᠨ ᠴᠤ᠌ ᠡᠨᠡ ᠭᠡᠷᠢ ᠲᠤᠰᠬᠠᠢᠯᠠᠨ ᠮᠠᠨ ᠳ᠋ᠤ ᠦᠯᠡᠳᠡᠭᠡᠵᠦ ᠦᠭᠭᠦᠭᠰᠡᠨ ᠶᠤᠮ ᠭᠡᠵᠦ ᠰᠤᠨᠢᠶᠠ ᠳᠤᠭᠲᠤᠯᠤᠨ ᠬᠡᠯᠡᠨ᠎ᠡ᠃
ᠠᠬ᠎ᠠ ᠳᠡᠭᠦᠦ᠂ ᠠᠢᠯ ᠰᠠᠭᠠᠬᠠᠯᠲᠠ᠂ ᠡᠬᠡᠨᠡᠷ ᠨᠦᠬᠦᠷ᠂ ᠬᠠᠳᠠᠮ ᠪᠡᠷᠢ ᠁ ᠭᠡᠳ ᠬᠦᠮᠦᠨ ᠬᠦᠮᠦᠨᠤ ᠬᠤᠭᠤᠷᠤᠨᠳᠤᠬᠢ ᠡᠯ᠎ᠡ ᠵᠦᠢᠯᠤᠨ ᠬᠠᠷᠢᠴᠠᠭᠠᠨ ᠳ᠋ᠤ ᠳᠡᠲᠡ ᠠᠭᠤᠳᠠᠮᠴᠢ ᠪᠠᠬᠳᠠᠭᠠᠮᠵᠢᠳᠠᠢ ᠦᠨᠡᠨᠴᠢ ᠴᠠᠢᠯᠭᠠᠨ ᠰᠡᠳᠬᠢᠯ ᠵᠢᠡᠷ ᠦᠢᠯᠠᠭᠠᠨ ᠤᠯᠤᠯᠴᠠᠵᠦ᠂ ᠦᠨᠳᠦᠰᠦᠲᠡᠨ ᠤᠭᠰᠠᠭᠠᠲᠠᠨ ᠢᠯᠭᠠᠯ ᠦᠭᠡᠢ᠂ ᠡᠶ᠎ᠡ ᠨᠠᠢᠷᠲᠠᠢ᠂ ᠡᠷᠬᠡ ᠲᠡᠭᠰᠢ ᠪᠡᠷ ᠶᠠᠪᠤᠯᠴᠠᠭᠰᠠᠨ ᠡᠴᠡ ᠬᠡᠨ ᠠᠯᠢᠨ ᠨᠢ ᠴᠤ᠌ ᠠᠰᠢᠭ ᠬᠦᠷᠲᠡᠵᠦ᠂ ᠬᠠᠮᠲᠤ ᠵᠢᠨ ᠬᠦᠴᠦᠨ ᠵᠢᠡᠷ ᠲᠠᠢᠪᠤᠩ ᠠᠮᠢᠳᠤᠷᠠᠯ ᠵᠢᠡᠨ ᠴᠤᠭᠴᠠᠯᠠᠵᠤ ᠶᠠᠪᠤᠨ᠎ᠠ᠃