ᠬᠠᠯᠠᠮᠵᠢ ᠬᠠᠯᠬᠢᠯᠠᠬᠰᠠᠨ ᠬᠠᠯᠠᠭᠤᠨ ᠪᠦᠯᠢ
2023-08-07 10:16:11
ᠵᠣᠬᠢᠶᠠᠭ᠍ᠴᠢ᠄
ᠴᠠᠩ ᠡᠾᠸ ᠰᠢᠨᠡᠪᠢᠯᠢᠭ ᠶᠢᠰᠦᠨ᠎ᠡ ᠰᠢᠶᠤᠤ ᠯᠦ᠍
ᠣᠩᠱᠢᠭ᠍ᠰᠠᠨ ᠣᠳᠠᠭ᠎ᠠ᠄
★★★☆☆

●ᠤᠩᠨᠢᠭᠤᠳ ᠬᠤᠰᠢᠭᠤᠨ ᠳ᠋ᠤ ᠤᠳᠤ ᠮᠤᠩᠭᠤᠯ᠂ ᠬᠢᠳᠠᠳ᠂ ᠬᠤᠳᠤᠩ ᠵᠡᠷᠬᠡ 27 ᠦᠨᠳᠦᠰᠦᠳᠡᠨ ᠤᠷᠤᠰᠢᠨ ᠠᠮᠢᠳᠤᠷᠠᠵᠤ᠂ ᠴᠦᠬᠡᠨ ᠲᠤᠭᠠᠳᠤ ᠦᠨᠳᠦᠰᠦᠳᠡᠨ ᠤ᠋ ᠬᠦᠮᠦᠨ ᠠᠮᠠ ᠪᠦᠬᠦ ᠬᠤᠰᠢᠭᠤᠨ ᠤ᠋ ᠬᠦᠮᠦᠨ ᠠᠮᠠ ᠵᠢᠨ 17.75% ᠵᠢ ᠡᠵᠡᠯᠡᠨ᠂ ᠦᠪᠡᠷᠳᠡᠬᠡᠨ ᠵᠠᠰᠠᠬᠤ ᠤᠷᠤᠨ ᠤ᠋ ᠲᠡᠰ ᠤ᠋ᠨ ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢᠨ ᠵᠢᠱ᠌ᠢᠶ᠎ᠡ ᠦᠵᠡᠬᠦᠯᠬᠦ ᠬᠤᠰᠢᠭᠤ ᠪᠤᠯᠤᠨ᠎ᠠ᠃

●ᠬᠠᠢᠯᠠᠰᠤ ᠪᠠᠯᠭᠠᠰᠤ ᠵᠢᠨ ᠬᠦᠭᠵᠢᠯᠳᠡ ᠵᠢᠨ ᠦᠵᠡᠬᠦᠯᠬᠡ ᠵᠢᠨ ᠤᠷᠳᠤᠨ᠂ ᠤᠯᠠᠭᠠᠠᠠᠤᠳᠤ ᠵᠢᠨ ᠲᠤᠷᠠᠰᠬᠠᠯ ᠤ᠋ᠨ ᠤᠷᠳᠤᠨ᠂ ᠤᠯᠠᠭᠠᠠᠮᠦ᠋ᠴᠢᠷ ᠤ᠋ᠨ ᠮᠡᠨᠳᠦᠯᠡᠭᠰᠡᠨ ᠭᠠᠵᠠᠷ ᠤ᠋ᠨ ᠲᠤᠷᠠᠰᠬᠠᠯ ᠤ᠋ᠨ ᠤᠷᠳᠤᠨ ᠵᠡᠷᠬᠡ ᠦᠨᠳᠦᠰᠦᠳᠡᠨ ᠤ᠋ ᠪᠦᠯᠬᠦᠮᠳᠡᠯ ᠲᠠᠪᠰᠢᠯᠳᠠ ᠵᠢᠨ ᠬᠦᠮᠦᠵᠢᠯ ᠦᠢᠯᠡᠳᠦᠯᠬᠡ ᠵᠢᠨ ᠰᠠᠭᠤᠷᠢᠨ ᠢ᠋ ᠨᠢᠮᠪᠠᠢ ᠰᠠᠢᠬᠠᠨ ᠴᠤᠬᠴᠠᠯᠠᠨ ᠪᠠᠢᠭᠤᠯᠪᠠ᠃

●ᠹᠦ ᠰᠢᠩ ᠨᠡᠢᠬᠡᠮ ᠲᠤᠭᠤᠷᠢᠬ 《1+6+N》 ᠠᠵᠢᠯ ᠤ᠋ᠨ ᠵᠠᠬᠪᠤᠷ ᠢ᠋ ᠲᠤᠬᠳᠠᠭᠠᠨ ᠬᠡᠷᠡᠭᠵᠢᠬᠦᠯᠵᠦ᠂ ᠲᠤᠮᠳᠠᠳᠤ ᠵᠢᠨ ᠦᠨᠳᠦᠰᠦᠳᠡᠨ ᠤ᠋ ᠬᠠᠮᠳᠤ ᠵᠢᠨ ᠴᠤᠬᠴᠠ ᠵᠢᠨ ᠤᠬᠠᠮᠰᠠᠷ ᠢ᠋ ᠪᠠᠳᠤ ᠴᠤᠬᠴᠠᠯᠠᠬᠤ ᠨᠢᠭᠡ ᠭᠤᠤᠯ ᠰᠢᠵᠢᠮ ᠲᠠᠢ ᠨᠢᠬᠳᠠ ᠤᠶᠠᠯᠳᠤᠭᠤᠯᠤᠨ᠂ ᠦᠢᠯᠡᠴᠢᠯᠡᠬᠡ᠂ ᠬᠠᠮᠢᠶᠠᠷᠤᠯᠳᠠ᠂ ᠰᠤᠶᠤᠯ᠂ ᠪᠠᠳᠤᠯᠠᠭ᠎ᠠ᠂ ᠠᠵᠤ ᠦᠢᠯᠡᠰ᠂ ᠠᠵᠢᠯ ᠤᠯᠭᠤᠯᠳᠠ ᠵᠡᠷᠭᠡ 6 ᠲᠠᠯ᠎ᠠ ᠵᠢᠨ ᠭᠤᠤᠯᠳᠠᠯᠭ᠎ᠠ ᠲᠠᠢ ᠠᠵᠢᠯ ᠢ᠋ ᠰᠠᠢᠳᠤᠷ ᠬᠢᠵᠦ ᠪᠤᠰᠤᠳ N ᠵᠤᠢᠯ᠎ᠳᠦ ᠦᠷᠭᠡᠳᠭᠡᠨ ᠠᠵᠢᠯᠯᠠᠵᠦ ᠪᠤᠢ᠃



ᠤᠩᠨᠢᠭᠤᠳ ᠬᠤᠰᠢᠭᠤᠨ᠎ᠤ ᠪᠤᠷᠤᠬᠤᠳᠠ ᠪᠠᠯᠭᠠᠰᠤᠨ᠎ᠳᠦ ᠡᠢᠮᠦ ᠨᠢᠭᠡᠨ ᠲᠤᠯᠠᠭᠠᠨ ᠪᠠᠭᠤᠴᠠ ᠪᠠᠢᠳᠠᠭ᠃ ᠲᠠᠳᠠ ᠭᠠᠵᠠᠷ ᠭᠠᠵᠠᠷ ᠡᠴᠨ ᠬᠦᠷᠤᠯᠴᠡᠨ ᠢᠷᠡᠵᠦ᠂ ᠬᠠᠢᠷ᠎ᠠ ᠬᠠᠢᠷ᠎ᠠ ᠪᠡᠷ ᠵᠢᠡᠨ ᠲᠦᠰᠢᠯᠴᠡᠵᠦ᠂ ᠬᠠᠯᠠᠭᠤᠨ ᠪᠦᠯᠢ ᠪᠡᠨ ᠪᠤᠰᠬᠠᠵᠤ᠂ ᠬᠠᠯᠠᠮᠵᠢ ᠵᠢᠨ ᠨᠠᠷᠠ ᠲᠠᠢ ᠲᠤᠯᠠᠭᠠᠨ ᠪᠠᠭᠤᠴᠠᠨ ᠳ᠋ᠠᠭᠠᠨ ᠪᠠᠶᠠᠷ ᠤ᠋ᠨ ᠢᠨᠢᠶᠡᠳᠦ ᠴᠠᠯᠬᠢᠭᠤᠯᠤᠨ᠂ ᠬᠤᠯᠠ ᠤᠢᠷ᠎ᠠ ᠵᠢᠨ ᠰᠠᠢᠬᠠᠨ ᠰᠤᠨᠤᠰᠬᠠᠯ ᠪᠤᠯᠤᠨ ᠶᠠᠷᠢᠬᠳᠠᠵᠤ᠂ ᠦᠵᠡᠭᠰᠡᠨ ᠰᠤᠨᠤᠰᠤᠬᠰᠠᠨ ᠪᠦᠬᠦᠨ ᠤ᠋ ᠭᠠᠢᠬᠠᠰᠢᠷᠠᠯ ᠪᠠᠬᠠᠷᠬᠠᠯ ᠢ᠋ ᠲᠠᠳᠠᠨ᠎ᠠ᠃ ᠡᠨᠡ ᠪᠤᠯ ᠪᠠᠶᠠᠵᠢᠯ ᠬᠤᠷᠤᠢᠯᠠᠨ ᠬᠦᠭᠵᠢᠯ ᠲᠠᠯᠠᠯᠬᠤ᠎ᠵᠢ ᠪᠡᠯᠬᠡᠳᠡᠭᠰᠡᠨ ᠹᠦ᠋ ᠰᠢᠩ ᠬᠡᠮᠡᠬᠦ ᠨᠡᠢᠬᠡᠮ ᠲᠤᠭᠤᠷᠢᠬ ᠪᠢᠯᠡ᠃


微信图片_20230807173731.jpg


微信图片_20230807174555.jpg


ᠭᠡᠬᠦ᠎ᠳᠦ᠂ ᠬᠤᠳᠠ ᠭᠠᠵᠡᠷ᠎ᠤᠨ ᠨᠡᠢᠭᠡᠮ ᠲᠤᠭᠤᠷᠢᠭ ᠲᠠᠢ ᠮᠦᠴᠡᠭᠡᠷᠭᠡᠮᠡᠷ ᠭᠤᠢᠳᠠ ᠰᠠᠢᠬᠠᠨ ᠤᠷᠴᠢᠨ ᠲᠠᠢ ᠮᠦᠷᠳᠡᠭᠡᠨ 6 ᠦᠨᠳᠤᠰᠤᠳᠡᠨ᠎ᠤ ᠠᠬᠠᠨ ᠲᠡᠬᠦᠤᠰ ᠪᠦᠬᠦᠢ 1556 ᠡᠷᠦᠬᠡ᠎ᠶᠢᠨ 4000 ᠭᠠᠷᠤᠢ ᠬᠦᠮᠦᠨ ᠠᠮᠠ ᠲᠠᠢ ᠵᠢᠷᠭᠠᠯᠠᠩᠳᠤ ᠲᠤᠮᠤ ᠪᠦᠯᠢ᠎ᠶᠢ 13 ᠰᠤᠮᠤ ᠪᠠᠯᠭᠠᠰᠤᠨ᠎ᠤ ᠠᠮᠢᠳᠤᠷᠡᠯ ᠪᠠᠳᠤᠯᠠᠭ᠎ᠠ ᠦᠭᠡᠢ᠂ ᠤᠷᠤᠯᠭ᠎ᠠ ᠲᠤᠬᠳᠡᠪᠦᠷᠢ ᠦᠭᠡᠢ᠂ ᠮᠠᠬᠠᠪᠤᠳ ᠡᠮᠵᠡᠭ ᠲᠠᠢ ᠬᠦᠭᠰᠢᠨ ᠵᠠᠯᠠᠭᠤ ᠬᠡᠤᠭᠡᠳ ᠨᠢᠯᠬᠠᠰ᠎ᠢ᠋ᠢᠡᠷ ᠪᠦᠷᠢᠯᠳᠦᠭᠰᠡᠨ ᠪᠦᠬᠦ ᠤᠷᠤᠨ ᠤ᠋ ᠬᠠᠮᠤᠬ ᠤ᠋ᠨ ᠲᠤᠮᠤ ᠤᠨᠳᠤᠤ ᠭᠠᠵᠠᠷ ᠲᠦ᠍ ᠨᠡᠬᠦᠯᠬᠡᠵᠦ ᠲᠦᠪᠬᠢᠨᠡᠬᠦᠯᠦᠭᠰᠡᠨ  ᠨᠡᠢᠭᠡᠮ ᠲᠤᠭᠤᠷᠢᠬ ᠬᠡᠵᠦ ᠬᠡᠨ ᠰᠠᠨᠠᠯ᠎ᠠ᠎ᠳᠠ!


微信图片_20230807174521.jpg


2018 ᠤᠨ ᠤ᠋ 12 ᠰᠠᠷ᠎ᠠ ᠳ᠋ᠤ ᠡᠷᠦᠬᠡ ᠪᠡᠨ ᠰᠡᠬᠦᠵᠦ᠂ ᠰᠢᠨ᠎ᠠ ᠠᠢᠯ ᠪᠤᠰᠬᠠᠬᠰᠡᠨ ᠹᠦ᠋ ᠰᠢᠩ ᠨᠡᠢᠭᠡᠮ ᠲᠤᠭᠤᠷᠢᠭ᠎ᠤᠨ ᠦᠨᠤᠳᠤᠷ ᠴᠤᠬᠤᠮ ᠶᠠᠮᠠᠷ ᠪᠠᠢᠳᠠᠭ ᠪᠤᠯ? ᠲᠡᠳᠡᠭᠡᠷ 《ᠶᠠᠳᠠᠷᠠᠬᠰᠡᠨ》 ᠤᠯᠡᠨ ᠲᠦᠮᠡᠨ᠎ᠤ ᠠᠮᠢᠳᠤᠷᠡᠯ ᠠᠬᠤᠢ ᠶᠠᠭᠤ ᠪᠤᠯᠵᠦ ᠪᠠᠢᠭ᠎ᠠ ᠪᠤᠯ? ᠰᠤᠨᠢᠭᠤᠴᠢ ᠬᠦᠳᠡᠯᠭᠡᠭᠰᠡᠨ ᠡᠨᠡ ᠪᠦᠬᠦᠨ᠎ᠤ ᠨᠢᠭᠤᠴᠠ ᠵᠢ ᠠᠯᠳᠠᠷᠠᠭᠠᠬᠤ ᠭᠡᠵᠦ ᠰᠤᠷᠪᠤᠯᠵᠢᠯᠠᠬᠴᠢ  ᠲᠡᠯᠭᠡᠷ ᠵᠤᠨ᠎ᠤ ᠨᠢᠭᠡᠨ ᠦᠷᠯᠦᠭᠡ ᠨᠠᠷᠠ ᠲᠤᠯᠠᠢᠬᠤ ᠵᠢᠨ ᠪᠠᠷᠤᠬ ᠵᠢᠨᠷ ᠹᠦ᠋ ᠰᠢᠩ ᠨᠡᠢᠭᠡᠮ ᠲᠤᠭᠤᠷᠢᠭ ᠲᠸ᠋ ᠬᠦᠷᠬᠦ᠎ᠳᠤ᠂ ᠬᠦᠷᠵᠠ ᠰᠡᠪᠡᠷ᠎ᠢ᠋ᠢᠡᠨ ᠠᠳᠬᠤᠨ᠂ ᠮᠠᠯᠠᠭᠠᠢ ᠪᠡᠭᠡᠯᠡᠢ ᠪᠡᠷ ᠪᠡᠬᠢᠯᠡᠭᠰᠡᠨ ᠵᠠᠭᠤ ᠭᠠᠷᠤᠢ ᠬᠦᠮᠦᠨ ᠡᠮᠬᠢ ᠵᠠᠮᠪᠠᠷᠠᠭ᠎ᠠ ᠲᠠᠢ ᠮᠦᠷᠯᠡᠨ ᠲᠤᠮᠤᠬᠠᠨ ᠬᠡᠭᠴᠢ ᠭᠤᠷᠪᠡᠨ ᠠᠶᠠᠨᠴᠢᠳ᠎ᠤᠨ ᠮᠠᠰᠢᠨ᠎ᠳᠦ ᠲᠦᠭᠦᠷᠡᠳᠡᠯ᠎ᠠ ᠰᠠᠭᠤᠯᠴᠡᠨ ᠬᠤᠷᠳᠦ ᠨᠡᠮᠡᠨ ᠠᠵᠢᠯ᠎ᠳᠠᠭᠠᠨ ᠭᠠᠷᠤᠯ᠎ᠠ᠃ ᠡᠪᠡᠰᠦ ᠮᠤᠳᠤᠳ᠎ᠤᠨ ᠲᠤᠮᠳᠠᠭᠤᠷ ᠲᠡᠪᠢᠰᠦᠭᠰᠡᠨ ᠦᠡᠭᠭᠡᠳᠦ ᠲᠤᠭᠤᠰᠬᠠᠨ ᠵᠦᠷᠢᠭ ᠵᠠᠮ ᠵᠢᠡᠷ ᠤᠷᠤᠬᠰᠢ ᠠᠯᠬᠤᠯᠠᠬᠤ᠎ᠳᠦ ᠴᠢᠬᠢᠭ᠎ᠤᠨ ᠦᠨᠤᠷ ᠬᠠᠮᠠᠷ ᠴᠤᠷᠬᠢᠨ᠂ ᠬᠦᠭᠰᠢᠨ ᠵᠠᠯᠠᠭᠤᠰ ᠡᠡᠭᠬᠦᠷᠠᠢ ᠠᠮᠢᠳᠡᠳ᠎ᠢ᠋ᠢᠡᠨ ᠲᠠᠭᠠᠭᠤᠯᠤᠨ ᠰᠤᠯᠠ ᠠᠯᠬᠤᠯᠡᠨ᠎ᠠ; ᠲᠦᠷᠪᠡ ᠲᠠᠪᠤᠭᠤᠯᠡ ᠪᠠᠨ ᠠᠭᠤᠯᠵᠠᠭᠠᠳ ᠶᠠᠷᠢᠶ᠎ᠠ ᠬᠦᠬᠡᠷᠦᠭᠡ ᠪᠤᠯᠤᠨ᠎ᠠ; ᠨᠤᠭᠤᠭ᠎ᠠ ᠴᠠᠭ᠎ᠠ ᠲᠡᠬᠦᠵᠢᠯᠡᠭᠡᠳ ᠨᠠᠭᠠᠰᠢ ᠴᠠᠭᠠᠰᠢ ᠰᠦᠯᠵᠢᠯᠳᠤᠨ᠎ᠠ; ᠠᠵᠢᠯ ᠠᠯᠪᠡᠨ᠎ᠳᠠᠭᠠᠨ ᠶᠠᠪᠤᠬᠤ ᠪᠡᠷ ᠤᠨᠤᠭ᠎ᠠ ᠬᠦᠰᠬᠡ ᠪᠡᠨ ᠲᠡᠭᠰᠢᠯᠡᠨ᠎ᠡ ᠁

ᠡᠬᠦᠨ᠎ᠳᠦ᠂ ᠲᠦᠰᠢᠯᠭᠡᠳᠡᠢ ᠰᠠᠨᠳᠠᠯᠢ ᠲᠡᠭᠡᠷ᠎ᠠ ᠬᠦᠯ ᠰᠤᠯᠪᠢᠨ ᠰᠡᠯᠡᠬᠦᠤ ᠲᠠᠭᠠᠳᠠᠢ ᠰᠠᠭᠤᠨ ᠨᠠᠷᠡᠨ᠎ᠳᠦ ᠡᠬᠡᠬᠡᠵᠦ ᠪᠠᠢᠬᠰᠡᠨ ᠵᠠᠵᠢᠨ ᠦᠰᠦ ᠨᠢ ᠪᠠᠭ᠎ᠠ ᠴᠠᠢᠵᠤ᠂ ᠬᠠᠷ᠎ᠠ ᠡᠸᠦ᠋ᠷᠦᠫᠡ ᠬᠤᠪᠴᠠᠰᠤ ᠡᠮᠦᠰᠦᠭᠰᠡᠨ ᠮᠢ ᠭᠦᠢ ᠼᠠᠢ ᠨᠠᠰᠤᠳᠠᠨ ᠮᠠᠨ ᠤ᠋ ᠢᠷᠡᠭᠰᠡᠨ ᠤᠴᠢᠷ ᠵᠤᠷᠢᠯᠭ᠎ᠠ ᠵᠢ ᠤᠢᠯᠠᠭᠠᠵᠤ ᠮᠡᠳᠡᠬᠡᠳ ᠨᠡᠢᠬᠡᠮ ᠲᠤᠭᠤᠷᠢᠬ ᠤ᠋ᠨ ᠵᠢᠡᠨ ᠠᠯᠪᠠᠯᠠᠬᠤ ᠠᠰᠠᠷ ᠲᠦ᠍ ᠬᠦᠷᠬᠡᠬᠦ ᠪᠡᠷ ᠪᠤᠯᠤᠯ᠎ᠠ᠃ 2018 ᠤᠨ ᠳ᠋ᠤ ᠤᠯᠤᠰ ᠤ᠋ᠨ ᠤᠨᠴᠠ ᠬᠦᠴᠢᠷᠳᠡᠯᠳᠡᠢ ᠬᠡᠷ ᠪᠦᠯᠢ ᠵᠢ ᠲᠤᠬᠢᠷᠠᠭᠤᠯᠬᠤ ᠲᠦᠷᠦ ᠵᠢᠨ ᠪᠤᠳᠤᠯᠭ᠎ᠠ ᠵᠢᠨ ᠠᠴᠢ ᠪᠡᠷ᠂ ᠬᠦᠭᠰᠢᠨ ᠲᠠᠢ ᠪᠡᠨ ᠬᠤᠶᠠᠭᠤᠯᠠ ᠤᠩᠨᠢᠭᠤᠳ ᠬᠤᠰᠢᠭᠤᠨ ᠤ᠋ ᠶᠡᠬᠡ ᠬᠦᠩ ᠪᠠᠯᠭᠠᠰᠤᠨ ᠡᠴᠨ ᠹᠦ ᠰᠢᠩ  ᠨᠡᠢᠬᠡᠮ ᠲᠤᠭᠤᠷᠢᠬ ᠲᠡᠬᠢ ᠰᠠᠷᠠᠭᠤᠯ ᠠᠭᠤᠵᠢᠮᠬᠠᠨ ᠠᠰᠠᠷ ᠲᠦ᠍ ᠰᠡᠳᠬᠢᠯ ᠲᠡᠨᠢᠬᠦᠨ ᠠᠮᠢᠳᠤᠷᠡᠵᠦ ᠪᠠᠢᠭ᠎ᠠ ᠲᠠᠷᠠ ᠪᠡᠷ ᠠᠢᠯ ᠰᠠᠭᠠᠬᠠᠯᠳᠠ᠎ᠶᠢᠨ᠎ᠢ᠋ᠢᠡᠨ ᠦᠯᠢᠭᠡᠷ᠎ᠢ ᠴᠠᠭ᠎ᠢ ᠠᠮᠵᠢᠨ ᠲᠡᠯᠬᠡᠵᠦ ᠪᠢᠯᠡ᠃ 2020 ᠤᠨ ᠤ᠋ ᠡᠪᠦᠯ ᠪᠠᠢᠵᠤ ᠪᠢᠯᠡ᠃ ᠮᠠᠨ᠎ᠤ  ᠨᠡᠢᠬᠡᠮ ᠲᠤᠭᠤᠷᠢᠬ ᠲᠦ᠍ ᠰᠠᠭᠤᠭ᠎ᠠ ᠡᠷᠳᠡᠨᠢᠰᠠᠩ ᠤ᠋ᠨ ᠡᠬᠡᠨᠡᠷ ᠨᠢ ᠴᠤᠩᠬᠤᠨ ᠰᠢᠯ ᠵᠢᠡᠨ ᠵᠦᠯᠬᠦᠵᠦ ᠪᠠᠢᠭᠠᠳ ᠬᠢᠴᠢᠶᠡᠮᠵᠢ ᠦᠬᠡᠢ ᠪᠡᠷ ᠤᠢᠴᠢᠭᠠᠳ ᠬᠦᠯ ᠵᠢᠡᠨ ᠬᠡᠮᠳᠦᠬᠡᠴᠢᠬᠡᠪᠡ᠃ ᠡᠨᠡ ᠴᠸ᠋ ᠶᠠᠭᠠᠬᠢᠬᠤᠪ᠎ᠳ᠋ᠸ! ᠰᠢᠬᠡᠰᠦᠨ ᠬᠤᠤᠷᠳᠠᠯ ᠤ᠋ᠨ ᠡᠪᠡᠳᠴᠢᠨ ᠳ᠋ᠤ ᠨᠡᠷᠪᠡᠭᠳᠡᠭᠡᠳ ᠡᠮᠨᠡᠯᠬᠡ ᠵᠢᠨ ᠬᠤᠷᠢᠶᠠᠨ ᠳ᠋ᠤ ᠪᠠᠢᠡᠭᠭᠤ ᠤᠴᠢᠵᠤ ᠡᠮᠨᠡᠬᠦᠯᠵᠦ ᠪᠠᠢᠳᠠᠭ ᠲᠠᠷᠠ ᠭᠠᠷᠴᠦ ᠤᠷᠤᠬᠤ᠎ᠳᠦ ᠲᠦᠬᠦᠮ ᠦᠭᠡᠢ ᠪᠤᠯᠤᠯ᠎ᠠ᠃ ᠡᠬᠦᠨ᠎ᠤ ᠲᠠᠭᠡᠷ᠎ᠠ ᠡᠷ᠎ᠡ ᠨᠦᠬᠦᠷ ᠨᠢ ᠡᠷᠳᠡᠨᠢᠰᠠᠩ ᠪᠠᠰᠠ ᠪᠡᠶ᠎ᠡ ᠮᠠᠭᠤ ᠪᠤᠯᠬᠤᠷ ᠡᠬᠡᠨᠡᠷ ᠵᠢᠡᠨ ᠡᠬᠦᠷᠴᠦ᠂ ᠠᠰᠠᠷ ᠡᠴᠨ ᠪᠠᠭᠤᠵᠤ ᠲᠡᠢᠯᠬᠦ ᠦᠬᠡᠢ ᠪᠠᠢᠯ᠎ᠠ᠃ ᠡᠨᠡ ᠪᠠᠢᠳᠠᠯ ᠢ᠋ ᠮᠡᠳᠡᠬᠡᠳ ᠮᠢ ᠭᠦᠢ ᠼᠠᠢ ᠲᠤᠤᠷ᠎ᠠ ᠨᠢ ᠡᠷᠳᠡᠨᠢᠰᠠᠩ ᠤ᠋ᠨ ᠬᠡᠷ ᠲᠤᠨᠢ ᠬᠦᠷᠴᠦ᠂ ᠡᠬᠡᠨᠡᠷ ᠢ᠋ ᠨᠢ ᠡᠬᠦᠷᠦᠨ ᠠᠰᠠᠷ ᠡᠴᠨ ᠨᠢ ᠪᠠᠭᠤᠯᠭᠠᠪᠠ᠃ ᠬᠡᠳᠡᠯ᠎ᠡ ᠮᠠᠰᠢᠨ ᠲᠡᠷᠬᠡ ᠠᠰᠠᠷ ᠤ᠋ᠨ ᠲᠤᠤᠷ᠎ᠠ ᠨᠢ ᠬᠦᠷᠴᠦ ᠲᠡᠢᠯᠬᠦ ᠦᠬᠡᠢ ᠲᠤᠯᠠ ᠨᠡᠢᠬᠡᠮ ᠲᠤᠭᠤᠷᠢᠬ ᠤ᠋ᠨ ᠡᠬᠦᠳᠡᠨ ᠳ᠋ᠤ ᠬᠦᠷᠳᠡᠯ᠎ᠡ ᠡᠬᠦᠷᠴᠦ ᠬᠦᠷᠬᠡᠬᠦ ᠬᠡᠷᠡᠭᠳᠡᠢ ᠪᠤᠯᠤᠯ᠎ᠠ᠃ ᠮᠢ ᠭᠦᠢ ᠼᠠᠢ ᠲᠠᠬᠢᠨ ᠡᠷᠳᠡᠨᠢᠰᠠᠩ ᠤ᠋ᠨ ᠡᠬᠡᠨᠡᠷ ᠢ᠋ ᠡᠬᠦᠷᠦᠨ 400 ᠭᠠᠷᠤᠢ ᠮᠸᠲᠷ ᠶᠠᠪᠤᠭᠠᠳ ᠨᠡᠢᠬᠡᠮ ᠲᠤᠭᠤᠷᠢᠬ ᠤ᠋ᠨ ᠡᠬᠦᠳᠡᠨ ᠳ᠋ᠤ ᠬᠦᠷᠬᠡᠬᠦ᠎ᠳᠦ ᠪᠦᠬᠦ ᠪᠡᠶ᠎ᠠ ᠨᠢ ᠬᠦᠯᠦᠰᠦ ᠴᠢᠬᠢᠭᠯᠡᠵᠦ᠂ ᠪᠦᠳᠦᠬᠦᠨ ᠭᠤᠶ᠎ᠠ ᠨᠢ ᠴᠢᠨᠦᠷᠡᠭᠰᠡᠨ ᠬᠡᠳᠡᠭ᠃ ᠮᠠᠨ ᠢ᠋ ᠲᠠᠭᠠᠨ ᠵᠤᠭᠤᠬ ᠰᠤᠨᠤᠰᠤᠬᠰᠡᠨ ᠯᠢᠦ ᠢᠦᠢ ᠵᠦᠸᠸ ᠨᠠᠰᠤᠳᠠᠨ ᠮᠠᠨᠤᠰ ᠤ᠋ᠨ ᠶᠠᠷᠢᠶᠠᠨ ᠲᠤᠮᠳᠠ ᠦᠬᠡ ᠬᠠᠪᠴᠢᠭᠤᠯᠤᠨ᠎ᠠ᠃ ᠯᠢᠦ ᠢᠦᠢ ᠵᠦᠸᠸ 2018 ᠤᠨ ᠳ᠋ᠤ ᠤᠩᠨᠢᠭᠤᠳ ᠬᠤᠰᠢᠭᠤᠨ ᠤ᠋ ᠪᠠᠶᠠᠨᠳᠠᠯ᠎ᠠ ᠰᠤᠮᠤᠨ ᠡᠴᠨ ᠹᠦ ᠰᠢᠩ ᠨᠡᠢᠬᠡᠮ ᠲᠤᠭᠤᠷᠢᠬ ᠲᠦ᠍ ᠢᠷᠡᠵᠦ ᠰᠠᠭᠤᠷᠢᠰᠢᠬᠰᠡᠨ ᠭᠡᠳᠡᠭ᠃ 2022 ᠤᠨ ᠤ᠋ ᠨᠠᠮᠤᠷ ᠪᠠᠢᠵᠤ ᠪᠢᠯᠡ᠃ ᠯᠢᠦ ᠢᠦᠢ ᠵᠦᠸᠸ ᠵᠢᠨ 85 ᠨᠠᠰᠤ ᠲᠠᠢ ᠬᠠᠳᠠᠮ ᠠᠪᠤ ᠨᠢ ᠵᠡᠬᠡᠯᠢ ᠲᠤᠭᠤᠷᠢᠬᠤ ᠪᠡᠷ ᠭᠠᠷᠤᠭᠠᠳ ᠠᠯᠠᠭ᠎ᠠ ᠪᠤᠯᠴᠢᠬᠠᠵᠠᠢ᠃ ᠭᠠᠴᠢᠬᠳᠡᠨ ᠰᠠᠨᠳᠤᠷᠤᠬᠰᠡᠨ ᠲᠠᠷᠠ ᠪᠡᠷ ᠤᠢᠷ᠎ᠠ ᠬᠠᠪᠢ ᠪᠡᠷ᠎ᠢ᠋ᠢᠡᠨ ᠡᠷᠢᠭᠰᠡᠨ ᠴᠦ᠍ ᠤᠯᠤᠬᠰᠡᠨ ᠦᠭᠡᠢ ᠲᠤᠯᠡ ᠶᠠᠭᠠᠬᠢᠬᠤ ᠪᠡᠨ ᠤᠯᠬᠤ ᠦᠭᠡᠢ ᠪᠠᠯᠠᠭ ᠠᠯᠳᠡᠨ ᠪᠡᠴᠢᠮᠳᠡᠵᠦ ᠪᠠᠢᠯ᠎ᠠ᠃ ᠭᠡᠨᠡᠤᠨᠳᠠ ᠬᠠᠵᠠᠭᠤ ᠠᠰᠠᠷ ᠲᠦ᠍ᠨᠢ ᠰᠠᠭᠤᠳᠠᠬ ᠠᠯᠳᠠᠠᠬᠤᠶᠠᠬ ᠬᠡᠳᠡᠭ ᠵᠠᠯᠠᠭᠤ ᠲᠡᠬᠦᠨ᠎ᠤ ᠪᠠᠴᠢᠮᠳᠡᠨ ᠰᠠᠨᠳᠤᠷᠴᠦ ᠪᠠᠢᠭ᠎ᠠ ᠪᠠᠢᠳᠠᠯ᠎ᠢ ᠦᠵᠡᠭᠡᠳ ᠬᠤᠯᠡ ᠡᠴᠠ ᠲᠠᠪᠬᠢᠭᠤᠯᠤᠨ ᠢᠷᠡᠭᠡᠳ ᠤᠴᠢᠷ ᠢ᠋ ᠠᠰᠠᠭᠤᠬᠰᠡᠨ᠎ᠤ ᠲᠠᠷᠠᠭ᠎ᠠ ᠄ 《ᠬᠤᠷᠳᠤᠨ! ᠲᠠᠷᠬᠡᠨ᠎ᠳᠦ ᠭᠠᠷ》 ᠭᠡᠳ ᠮᠠᠰᠢᠨ ᠲᠡᠷᠬᠡᠨ ᠳ᠋ᠡᠬᠡᠨ ᠰᠠᠭᠤᠯᠭᠠᠵᠤ᠂ ᠨᠡᠢᠬᠡᠮ ᠲᠤᠭᠤᠷᠢᠬ ᠤ᠋ᠨ ᠡᠷᠬᠢᠨ ᠲᠤᠭᠤᠷᠢᠨ ᠤ᠋ ᠵᠡᠬᠡᠯᠢ ᠭᠤᠳᠤᠮᠵᠢ᠂ ᠬᠤᠷᠰᠢᠶ᠎ᠠ ᠲᠡᠯᠬᠡᠬᠦᠷ᠎ᠢ ᠠᠯᠳᠡᠯ ᠦᠭᠡᠢ ᠠᠵᠢᠨ᠂ ᠪᠠᠢᠨ ᠪᠠᠢᠨ ᠲᠡᠷᠭᠡᠨ ᠡᠴᠠ ᠪᠠᠨ ᠪᠠᠭᠤᠵᠦ ᠰᠤᠷᠠᠭ ᠲᠠᠯᠪᠢᠬᠰᠡᠨ᠎ᠴᠸ᠋ ᠪᠠᠷ᠎ᠠ ᠰᠤᠷᠠᠭ ᠤᠯᠳᠠᠬᠰᠡᠨ ᠦᠭᠡᠢ᠃ ᠯᠢᠦ ᠢᠦᠢ ᠵᠦᠸᠸ ᠠᠷᠭ᠎ᠠ ᠦᠬᠡᠢ ᠠᠯᠳᠠᠠᠬᠤᠶᠠᠬ ᠲᠠᠢ ᠬᠠᠮᠳᠤ  ᠨᠡᠢᠬᠡᠮ  ᠲᠤᠭᠤᠷᠢᠬ ᠲᠠᠭᠠᠨ ᠪᠤᠴᠠᠨ ᠢᠷᠡᠬᠦᠯᠡᠷ᠂ ᠵᠡᠷᠬᠡᠯᠡᠳᠡᠬᠡ ᠠᠰᠠᠷ ᠤ᠋ᠨ ᠬᠢᠨᠢ ᠨᠢᠬᠡᠨ ᠰᠠᠭᠠᠬᠠᠯᠳᠠ ᠬᠠᠳᠠᠮ ᠠᠪᠤ ᠵᠢ ᠨᠢ ᠲᠦᠰᠢᠵᠦ ᠠᠪᠴᠢᠷᠠᠭᠠᠳ ᠬᠦᠯᠢᠶᠡᠵᠦ ᠪᠠᠢᠯ᠎ᠠ᠃ ᠯᠢᠦ ᠢᠦᠢ ᠵᠦᠸᠸ ᠬᠠᠳᠠᠮ ᠠᠪᠤ ᠪᠡᠨ ᠤᠯᠵᠤ ᠠᠪᠤᠭᠠᠳ ᠠᠯᠳᠠᠨᠬᠤᠶᠠᠬ ᠲᠦ᠍ ᠲᠠᠯᠠᠷᠬᠠᠬᠰᠠᠨ ᠰᠡᠳᠬᠢᠯᠬᠡ ᠪᠡᠨ ᠢᠯᠡᠳᠬᠡᠬᠦ ᠬᠡᠳ ᠮᠦᠡᠭᠭᠦ ᠵᠤᠭᠤᠰ ᠦᠭᠬᠦ  ᠬᠡᠬᠦ᠎ᠳᠦ ᠲᠠᠷᠠ ᠭᠠᠷ ᠰᠠᠵᠢᠨ ᠬᠤᠷᠳᠤᠬᠠᠨ ᠶᠠᠪᠤᠬᠰᠡᠨ ᠬᠡᠯ᠎ᠠ᠃

ᠰᠤᠷᠪᠤᠯᠵᠢᠯᠠᠬᠴᠢ ᠨᠡᠢᠬᠡᠮ ᠲᠤᠭᠤᠷᠢᠬ᠎ᠤᠨ ᠵᠠᠮ ᠤ᠋ᠨ ᠬᠠᠵᠠᠭᠤ ᠪᠡᠷ ᠲᠠᠷᠢᠬᠰᠠᠨ ᠵᠤᠯᠵᠠᠭᠠᠨ ᠮᠤᠳᠤᠳ ᠢ᠋ ᠨᠢ ᠪᠠᠬᠠᠳᠤᠨ ᠬᠠᠷᠠᠵᠤ  ᠶᠠᠪᠤᠬᠤ ᠳ᠋ᠤ᠂ ᠵᠠᠮ ᠲᠡᠭᠡᠭᠦᠷ ᠬᠡᠰᠡᠭ ᠴᠠᠭᠠᠰᠤᠨ ᠦᠬᠡᠳᠡᠰᠦ᠂ ᠠᠳᠬᠤ ᠬᠤᠬ ᠴᠦ᠍ ᠦᠬᠡᠢ᠂ ᠴᠡᠪᠡᠷ ᠴᠡᠮᠴᠡᠬᠡᠷ ᠬᠠᠷᠠᠬᠳᠠᠨ᠎ᠠ᠃  ᠵᠠᠮ ᠤ᠋ᠨ ᠬᠠᠵᠠᠭᠤ ᠪᠡᠷ ᠱᠦᠬᠦᠷ ᠪᠤᠯᠤᠨ ᠬᠤᠬ ᠤ᠋ᠨ ᠤᠭᠤᠳᠠ ᠪᠠᠷᠢᠬᠰᠠᠨ ᠨᠠᠮᠬᠠᠨ ᠪᠡᠶ᠎ᠡ ᠲᠠᠢ ᠪᠦᠰᠡᠬᠦᠢ ᠵᠠᠮ ᠢ᠋ ᠨᠢᠮᠪᠠᠢᠬᠠᠨ ᠱᠦᠬᠦᠷᠳᠡᠨ᠂ 《ᠡᠨᠡ ᠵᠠᠮ ᠵᠡᠬᠡᠯᠢ᠎ᠶᠢᠨ ᠡᠵᠡᠨ ᠨᠢ ᠪᠢ ᠬᠡᠰᠡᠨ ᠶᠤᠮ ᠰᠢᠬ》 ᠤᠮᠤᠬᠳᠠᠢᠬᠠᠨ ᠶᠠᠪᠤᠨ᠎ᠠ᠃ ᠡᠨᠡ ᠡᠮᠡᠭᠳᠡᠢ ᠵᠢ ᠤᠷᠠᠨᠬᠦᠦ ᠬᠡᠳᠡᠭ᠃ ᠲᠠᠷᠠ 2019 ᠤᠨ ᠳ᠋ᠤ ᠡᠷ᠎ᠡ ᠨᠦᠬᠦᠷ ᠴᠸᠨ ᠬᠠᠨ ᠸᠸᠨ ᠲᠠᠢ ᠪᠡᠨ ᠬᠠᠮᠳᠤ ᠤᠩᠨᠢᠭᠤᠳ ᠬᠤᠰᠢᠭᠤᠨ ᠤ᠋ ᠶᠡᠬᠡ ᠬᠦᠩ ᠪᠠᠯᠭᠠᠰᠤᠨ ᠡᠴᠨ ᠹᠦ ᠰᠢᠩ ᠨᠡᠢᠬᠡᠮ ᠲᠤᠭᠤᠷᠢᠬ ᠲᠦ᠍ ᠨᠡᠬᠦᠨ ᠰᠠᠭᠤᠷᠢᠰᠢᠵᠠᠢ᠃ ᠤᠷᠠᠨᠬᠦᠦ ᠬᠡᠳᠦᠢᠪᠡᠷ ᠡᠷ᠎ᠡ ᠨᠦᠬᠦᠷ ᠲᠠᠢ ᠪᠡᠨ ᠬᠤᠶᠠᠭᠤᠯᠠ ᠠᠰᠠᠷ ᠲᠦ᠍ ᠤᠷᠤᠵᠤ ᠰᠠᠭᠤᠬᠰᠠᠨ ᠴᠦ᠍ ᠶᠡᠷᠦᠨᠢ ᠤᠷᠤᠯᠭ᠎ᠠ ᠪᠠᠷᠤᠬᠳᠠᠢ ᠪᠠᠢᠯ᠎ᠠ᠃ ᠡᠬᠦᠨ ᠤ᠋ ᠲᠡᠭᠡᠷ᠎ᠡ ᠤᠷᠠᠨᠬᠦᠦ ᠵᠢᠨ ᠬᠦᠦ ᠦᠬᠢᠨ ᠬᠤᠶᠠᠭᠤᠯᠠ ᠴᠦᠮ ᠰᠤᠷᠭᠠᠭᠤᠯᠢ ᠳ᠋ᠤ ᠰᠠᠭᠤᠭᠠᠳ ᠮᠦᠩᠬᠦ ᠵᠤᠭᠤᠰ ᠵᠠᠷᠤᠬᠤ ᠭᠠᠵᠠᠷ ᠤᠯᠠᠨ ᠪᠠᠢᠯ᠎ᠠ᠃ ᠡᠨᠡ ᠪᠠᠢᠳᠠᠯ᠎ᠢ ᠮᠡᠳᠡᠭᠡᠳ ᠹᠦ ᠰᠢᠩ ᠨᠡᠢᠬᠡᠮ ᠲᠤᠭᠤᠷᠢᠬ ᠤ᠋ᠨ ᠬᠢᠨ ᠲᠡᠬᠦᠨ ᠳ᠋ᠤ ᠨᠡᠢᠬᠡᠮ ᠲᠤᠭᠤᠷᠢᠬ ᠤ᠋ᠨ ᠲᠤᠤᠷᠵᠢᠯ ᠤ᠋ᠨ ᠠᠵᠢᠯᠳᠠᠨ ᠤ᠋ ᠠᠵᠢᠯ ᠬᠤᠪᠢᠶᠠᠷᠢᠯᠠᠬᠰᠡᠨ᠎ᠳᠦ ᠤᠷᠠᠡᠬᠦᠦ ᠡᠨᠡ ᠬᠦ᠌ ᠠᠵᠢᠯ ᠢ᠋ ᠤᠯᠤᠭᠠᠳ ᠬᠤᠪᠢ ᠲᠠᠬᠢᠨ ᠨᠠᠨᠳᠢᠩᠨᠠᠵᠤ᠂ ᠡᠳᠦᠷ ᠪᠤᠯᠭᠠᠨ ᠡᠷᠳᠡᠯᠡᠨ ᠪᠤᠰᠴᠤ᠂ ᠠᠰᠠᠷ ᠵᠡᠬᠡᠯᠢ ᠵᠢ ᠪᠠᠨ ᠴᠡᠪᠡᠷᠯᠡᠵᠦ᠂ ᠬᠦᠯ ᠭᠠᠷ ᠨᠢ ᠮᠠᠭᠤ ᠡᠪᠦᠬᠡᠳ ᠬᠦᠭᠰᠢᠳ ᠢ᠋ ᠲᠦᠰᠢᠵᠦ ᠲᠤᠯᠵᠤ᠂  ᠰᠠᠷ᠎ᠠ ᠵᠢᠨ 1000 ᠭᠠᠷᠤᠢ ᠲᠦᠬᠦᠷᠢᠭ ᠤ᠋ᠨ ᠴᠠᠯᠢᠩ ᠬᠦᠯᠦᠰᠦ ᠤᠯᠵᠦ ᠂ ᠠᠮᠢᠳᠤᠷᠠᠯ  ᠵᠢᠡᠨ ᠦᠬᠡᠳᠡ  ᠲᠠᠳᠠᠵᠤ ᠶᠠᠪᠤᠭ᠎ᠠ ᠤᠴᠡᠷᠡᠯ᠎ᠢ᠋ᠢᠡᠨ ᠶᠡᠷᠢᠯ᠎ᠠ᠃


微信图片_20230807174600.jpg


ᠰᠤᠷᠪᠤᠯᠵᠢᠯᠠᠬᠴᠢ ᠬᠦᠮᠦᠰ᠎ᠢ ᠰᠤᠷᠢᠨᠵᠢᠨ ᠰᠢᠬ ᠲᠠᠳᠠᠯ᠎ᠠ᠃ ᠪᠢᠳᠡᠨ᠎ᠢ ᠢᠷᠡᠭᠰᠡᠨ ᠴᠢᠮᠡᠭᠡ ᠪᠡᠷ ᠭᠤᠷᠪᠡ ᠲᠠᠪᠤ ᠪᠡᠷ ᠵᠤᠭᠤᠭ ᠲᠡᠯᠬᠡᠵᠦ ᠪᠠᠢᠬᠰᠡᠨ ᠬᠦᠮᠤᠰ ᠮᠠᠨ ᠲᠠᠢ ᠬᠦᠯ ᠨᠡᠢᠯᠡᠭᠡᠳ ᠢᠷᠡᠯ᠎ᠠ᠃ ᠪᠢᠳᠠ ᠵᠠᠮ᠎ᠤᠨ ᠬᠠᠵᠠᠭᠤᠳᠡᠬᠢ ᠭᠠᠨᠳᠢᠬ ᠴᠢᠯᠠᠭᠤᠨ ᠰᠢᠷᠡᠬᠡ ᠵᠢ ᠲᠤᠭᠤᠷᠢᠵᠤ ᠰᠠᠭᠤᠭᠠᠳ ᠲᠡᠳᠡᠨ᠎ᠤ ᠦᠯᠢᠭᠡᠷ᠎ᠢ ᠤᠷᠮᠠᠳᠠᠢᠬᠠᠨ ᠰᠤᠨᠤᠰᠴᠦ ᠪᠢᠯᠡ᠃ 《ᠬᠤᠳᠠ ᠵᠢᠨ ᠤᠯᠠᠩᠬᠢ ᠰᠠᠭᠤᠭᠠᠯᠢ ᠲᠤᠭᠤᠷᠢᠬ ᠲᠡᠬᠢ ᠬᠦᠮᠦᠰ ᠵᠡᠷᠬᠡᠯᠡᠳᠡᠬᠡ ᠰᠠᠭᠤᠭᠠᠯᠢ ᠲᠠᠢ ᠪᠡᠨ ᠲᠡᠳᠦᠢᠯᠡ ᠲᠤᠳᠤᠨᠤ ᠶᠠᠪᠤᠯᠴᠠᠬᠤ ᠦᠬᠡᠢ ᠲᠦᠩᠰᠦᠬᠡᠷ ᠬᠦᠢᠳᠡᠮᠰᠦᠭ ᠵᠠᠩ ᠲᠠᠢ ᠪᠠᠢᠳᠠᠬ ᠬᠡᠯ᠎ᠠ᠃ ᠭᠡᠶ᠎ᠠ ᠪᠢᠳᠠ ᠲᠠᠢᠮᠦ ᠪᠢᠰᠢ ᠰᠢᠤ!》 ᠬᠡᠳ ᠪᠤᠷᠤ ᠤᠯᠠᠭᠠᠨ ᠬᠦᠷᠮ᠎ᠡ ᠡᠮᠦᠰᠦᠬᠡᠳ ᠭᠠᠷ ᠲᠠᠭᠠᠨ ᠰᠢᠨᠡᠬᠡᠨ ᠴᠠᠬ ᠬᠢᠯᠠᠯᠵᠠᠭᠤᠯᠤᠬᠰᠠᠨ ᠲᠠᠯᠠᠨ ᠨᠠᠰᠤ ᠵᠢ ᠵᠤᠭᠤᠬᠯᠠᠵᠤ ᠶᠠᠪᠤᠭ᠎ᠠ ᠳ᠋ᠢᠩ ᠫᠸᠢ ᠰᠢᠶᠠᠨ ᠨᠠᠰᠤᠳᠡᠨ ᠦᠭᠡ ᠡᠬᠦᠰᠬᠡᠨ᠎ᠠ᠃ ᠲᠠᠷᠠ 2020 ᠤᠨ ᠳ᠋ᠤ ᠤᠩᠨᠢᠭᠤᠳ ᠬᠤᠰᠢᠭᠤᠨ ᠤ᠋ ᠡᠦ ᠹᠸᠨ ᠳ᠋ᠢ ᠪᠠᠯᠭᠠᠰᠤᠨ ᠡᠴᠨ ᠹᠦ᠋ ᠰᠢᠩ ᠨᠡᠢᠬᠡᠮ ᠲᠤᠭᠤᠷᠢᠬ ᠲᠦ᠍ ᠪᠠᠭᠤᠬᠰᠡᠨ ᠬᠡᠳᠡᠭ᠃ ᠨᠤᠳᠤᠬ ᠲᠠᠭᠠᠨ ᠪᠠᠢᠬᠤ ᠳ᠋ᠤ ᠡᠪᠤᠭᠡᠨ ᠨᠢ ᠪᠡᠶ᠎ᠡ ᠪᠠᠷᠤᠬᠳᠠᠢ ᠪᠦᠬᠡᠳ ᠠᠮᠢᠳᠤᠷᠠᠯ ᠨᠢ ᠬᠦᠴᠢᠷᠳᠡᠯᠳᠡᠢ ᠪᠠᠢᠬᠰᠠᠨ ᠪᠤᠯ ᠡᠨᠳᠠ ᠨᠡᠬᠦᠨ ᠢᠷᠡᠬᠡᠳ ᠰᠡᠳᠬᠢᠯ ᠲᠡᠨᠢᠬᠦᠨ ᠠᠮᠢᠳᠤᠷᠠᠬᠤ ᠪᠤᠯᠤᠬᠰᠡᠨ ᠴᠸ᠋ ᠵᠦᠭᠡᠷ ᠰᠠᠭᠤᠵᠦ ᠴᠢᠳᠠᠬᠤ ᠦᠭᠡᠢ᠃ ᠨᠠᠮ᠎ᠤᠨ ᠬᠡᠰᠢᠬᠦᠨ᠎ᠤ ᠡᠬᠦᠷᠭᠡ ᠬᠠᠷᠢᠭᠤᠴᠠᠯᠭ᠎ᠠ ᠪᠠᠨ ᠪᠡᠳᠦ ᠴᠡᠭᠡᠵᠢᠯᠡᠵᠦ ᠶᠠᠪᠤᠬᠰᠡᠨ ᠳ᠋ᠢᠩ ᠫᠸᠢ ᠰᠢᠶᠠᠨ ᠵᠠᠯᠠᠭᠤ᠎ᠶᠢᠨ ᠦᠶ᠎ᠠ᠎ᠳᠡᠭᠡᠨ ᠰᠤᠷᠤᠬᠰᠡᠨ ᠦᠰᠦ ᠵᠠᠰᠠᠬᠤ ᠡᠷᠳᠡᠮ ᠵᠢᠡᠨ ᠭᠠᠷᠭᠠᠨ ᠨᠡᠢᠬᠡᠮ ᠲᠤᠭᠤᠷᠢᠭ᠎ᠤᠨ ᠨᠠᠰᠤᠳᠠᠢᠴᠤᠳ᠂ ᠪᠠᠭᠤᠷᠠᠢᠴᠤᠤᠯ᠎ᠳᠦ ᠰᠠᠢᠨ ᠲᠤᠷ᠎ᠠ᠎ᠶᠢᠨ ᠤᠢᠯᠡᠴᠢᠯᠡᠭᠡ ᠬᠠᠡᠭᠭᠠᠵᠦ ᠭᠡᠷ ᠲᠡᠭᠡᠨ ᠦᠰᠦ ᠵᠠᠰᠠᠵᠦ ᠡᠬᠢᠯᠡᠪᠠ᠃ ᠶᠠᠪᠤᠵᠦ ᠰᠠᠭᠤᠬᠤ᠎ᠳᠦ ᠲᠦᠬᠦᠮ ᠦᠭᠡᠢ ᠠᠢᠯ᠎ᠳᠦ ᠪᠤᠯᠪᠡᠯ ᠪᠠᠭᠠᠵᠢ ᠬᠡᠷᠡᠭᠰᠡᠯ᠎ᠢ᠋ᠢᠡᠨ ᠲᠡᠬᠦᠵᠢᠯᠡᠭᠡᠳ ᠭᠡᠷ ᠲᠤᠨᠢ ᠬᠦᠷᠴᠦ ᠵᠠᠰᠠᠵᠦ ᠦᠭᠬᠦᠨ᠎ᠠ᠃ ᠬᠦᠮᠦᠰ ᠳ᠋ᠢᠩ ᠫᠸᠢ ᠰᠢᠶᠠᠨ ᠤ᠋ ᠲᠦᠯᠦᠪᠦᠷᠢ ᠦᠬᠡᠢ ᠦᠢᠯᠡᠴᠢᠯᠡᠵᠦ ᠪᠠᠢᠭ᠎ᠠ ᠵᠢ ᠮᠡᠳᠡᠳᠡᠭ ᠪᠤᠯᠪᠠᠴᠤ ᠵᠠᠷᠢᠮ ᠨᠢᠬᠡ ᠨᠢ ᠲᠠᠪᠤ ᠠᠷᠪᠠᠨ ᠲᠦᠬᠦᠷᠢᠭ ᠭᠠᠷᠭᠠᠵᠤ ᠪᠠᠶᠠᠷᠯᠠᠬᠰᠠᠨ ᠰᠡᠳᠬᠢᠯᠬᠡ ᠪᠡᠨ ᠢᠯᠡᠳᠬᠡᠨ᠎ᠡ᠃ ᠳ᠋ᠢᠩ ᠫᠸᠢ ᠰᠢᠶᠠᠨ ᠠᠭᠤᠷᠯᠠᠵᠤ ᠠᠷᠭᠠᠳᠠᠬᠤ ᠵᠢᠨ ᠬᠤᠭᠤᠷᠤᠨᠳᠤᠭᠤᠷ ᠵᠤᠭᠤᠰ ᠢ᠋ ᠨᠢ ᠪᠤᠴᠠᠭᠠᠨ ᠦᠭᠳᠡᠭ ᠪᠠᠢᠵᠠᠢ᠃ ᠡᠬᠦᠨ᠎ᠢ ᠰᠤᠨᠤᠰᠴᠦ ᠪᠠᠢᠳᠠᠯ᠎ᠠ᠂ 《ᠮᠠᠨ᠎ᠤ ᠡᠷᠦᠭᠡ ᠪᠤᠯᠭᠠᠨ 9 ᠲᠡᠭᠰᠢ ᠲᠦᠷᠪᠡᠯᠵᠢᠨ ᠮᠸᠲᠷ᠎ᠤᠨ ᠨᠤᠭᠤᠭ᠎ᠠ ᠲᠠᠷᠢᠬᠤ ᠭᠠᠵᠠᠷ ᠲᠠᠢ ᠰᠢᠤ》 ᠬᠡᠵᠦ ᠬᠡᠨ ᠨᠢᠭᠡ ᠨᠢ ᠦᠭᠡ᠎ᠶᠢᠨ ᠰᠡᠵᠢᠬᠦᠷ ᠭᠠᠷᠭᠠᠨ᠎ᠠ᠃ ᠰᠤᠷᠪᠤᠯᠵᠢᠯᠠᠬᠴᠢ ᠨᠢᠳᠦ ᠡᠷᠬᠦᠨ ᠬᠠᠷᠠᠬᠤᠯᠠᠷ᠂ ᠠᠰᠠᠷ ᠤ᠋ᠨ ᠬᠤᠭᠤᠷᠤᠨᠳᠤᠬᠢ ᠰᠤᠯᠠ ᠭᠠᠵᠠᠷ ᠲᠡᠭᠡᠷ᠎ᠡ ᠢᠳᠡᠰᠢᠨ ᠨᠤᠭᠤᠭ᠎ᠠ ᠰᠡᠷᠪᠡᠯᠵᠡᠨ᠂ ᠡᠪᠡᠰᠦ ᠨᠤᠭᠤᠭᠠᠨ ᠤ᠋ ᠠᠩᠬᠢᠯᠤᠮ᠎ᠠ ᠦᠨᠦᠷ ᠰᠡᠳᠬᠢᠯ ᠢ᠋ ᠰᠡᠷᠬᠦᠬᠡᠨ᠎ᠡ᠃ ᠨᠠᠷᠠᠨ ᠳ᠋ᠤ ᠰᠢᠷᠠᠬᠳᠠᠬᠰᠠᠨ ᠪᠤᠷᠤ ᠬᠠᠴᠠᠷ ᠲᠠᠢ᠂ ᠲᠡᠭᠰᠢᠬᠡᠨ ᠰᠠᠢᠬᠠᠨ ᠪᠡᠶ᠎ᠡ ᠲᠠᠢ᠂ ᠬᠦᠬᠡ ᠴᠠᠮᠴᠠᠨ ᠲᠡᠭᠡᠬᠦᠷ ᠵᠢᠡᠨ ᠬᠠᠷ᠎ᠠ ᠬᠠᠨᠳᠠᠭᠠᠰᠤ ᠲᠠᠪᠬᠤᠷᠯᠠᠵᠤ ᠡᠮᠦᠰᠦᠭᠰᠡᠨ ᠷᠸᠨ ᠵᠠᠨ ᠺᠦᠢ ᠬᠦᠷᠵᠡ ᠪᠠᠷᠢᠵᠤ ᠤᠰᠤ ᠵᠠᠯᠠᠵᠦ ᠪᠠᠢᠬᠰᠡᠨ᠎ᠢ᠋ᠢᠡᠨ ᠄《ᠮᠠᠨ ᠤ᠋ ᠡᠨᠳᠡ ᠰᠠᠭᠤᠭ᠎ᠠ ᠬᠦᠮᠦᠰ ᠨᠤᠭᠤᠭ᠎ᠠ ᠲᠠᠷᠢᠬᠤ  ᠳ᠋ᠠᠭᠠᠨ ᠠᠨᠠᠢᠬᠠᠨ ᠲᠤᠯᠠ ᠪᠢ ᠨᠤᠭᠤᠭ᠎ᠠ ᠲᠠᠷᠢᠬᠤ ᠤᠬᠠᠭᠠᠨ ᠢ᠋ ᠬᠡᠯᠡᠵᠦ ᠦᠭᠳᠡᠭ ᠶᠤᠮ》 ᠬᠡᠵᠦ ᠱᠤᠬᠰᠢᠮ᠎ᠠ ᠮᠤᠩᠭᠤᠯ ᠵᠢᠡᠷ ᠮᠠᠨᠤᠰ ᠲᠠᠢ ᠦᠬᠡ ᠰᠤᠯᠢᠵᠤ ᠬᠦᠬᠡᠷᠦᠨ᠎ᠡ᠃ ᠷᠸᠨ ᠵᠠᠨ ᠺᠦᠢ ᠤᠩᠨᠢᠭᠤᠳ ᠬᠤᠰᠢᠭᠤᠨ ᠤ᠋ ᠪᠠᠶᠠᠨᠳᠠᠯ᠎ᠠ ᠰᠤᠮᠤᠨ ᠡᠴᠨ ᠹᠦ᠋ ᠰᠢᠩ ᠨᠡᠢᠬᠡᠮ ᠲᠤᠭᠤᠷᠢᠬ ᠲᠦ᠍ ᠨᠡᠬᠦᠨ ᠰᠠᠭᠤᠷᠢᠰᠢᠭᠠᠳ ᠬᠡᠳᠤᠨ ᠵᠢᠯ ᠪᠤᠯᠵᠦ ᠪᠤᠢ᠃ 《ᠪᠢ ᠮᠠᠯᠵᠢᠬᠤ ᠤᠷᠤᠨ᠎ᠳᠦ ᠦᠰᠦᠭᠰᠡᠨ ᠪᠤᠯᠬᠤᠷ ᠮᠤᠡᠭᠭᠤᠯ ᠦᠭᠡ᠎ᠵᠢ ᠬᠦᠮᠦᠨ᠎ᠳᠦ ᠠᠪᠳᠠᠬᠤ ᠦᠭᠡᠢ ᠶᠠᠷᠢᠴᠢᠬᠠᠨ᠎ᠠ》 ᠬᠡᠵᠦ ᠬᠡᠯᠡᠬᠦ ᠪᠦᠭᠡᠳ ᠨᠢᠬᠡ ᠠᠰᠠᠷ ᠲᠦ᠍ ᠰᠠᠭᠤᠳᠠᠬ ᠪᠦᠷᠢᠨᠪᠠᠳᠤ ᠵᠢᠨ ᠬᠢᠨ ᠲᠠᠢ ᠪᠠᠨ ᠵᠢᠯ ᠪᠤᠯᠭᠠᠨ ᠠᠳᠠᠯᠢ ᠪᠤᠰᠦ ᠲᠦᠷᠦᠯ᠎ᠤᠨ ᠨᠤᠭᠤᠭ᠎ᠠ ᠲᠠᠷᠢᠵᠦ ᠬᠤᠶᠡᠷ ᠠᠢᠯ᠎ᠢ᠋ᠢᠡᠷ᠎ᠢ᠋ᠢᠡᠨ ᠬᠤᠪᠢᠶᠠᠵᠦ ᠢᠳᠡᠳᠡᠭ᠎ᠢ᠋ᠢᠡᠨ ᠬᠡᠯᠡᠬᠦ᠎ᠳᠦ 《ᠶᠠᠷᠢᠮᠡᠷ ᠴᠸ᠋ ᠶᠠᠭᠤᠮ᠎ᠠ ᠪᠢᠰᠢ》 ᠬᠡᠰᠡᠨ ᠮᠠᠶᠢᠭ ᠲᠠᠢ ᠬᠦᠭᠡ ᠨᠤᠭᠤᠭᠠᠨ᠎ᠳᠠᠭᠠᠨ ᠤᠰᠦ ᠵᠠᠯᠠᠵᠦ ᠶᠠᠭᠠᠷᠡᠯ᠎ᠠ᠃


微信图片_20230807174604.jpg


ᠭᠠᠵᠠᠷ  ᠭᠠᠵᠠᠷ ᠡᠴᠨ ᠬᠦᠷᠦᠯᠴᠡᠨ ᠢᠷᠡᠵᠦ  ᠹᠦ ᠰᠢᠩ ᠭᠡᠳᠡᠭ ᠬᠠᠯᠠᠭᠤᠨ ᠪᠠᠭᠤᠴᠠᠨ ᠳ᠋ᠤ ᠪᠠᠭᠤᠴᠠᠯᠠᠬᠰᠠᠨ ᠬᠦᠮᠦᠰ ᠨᠡᠢᠬᠡᠮ ᠲᠤᠭᠤᠷᠢᠬ ᠤ᠋ᠨ ᠵᠢᠡᠨ ᠬᠠᠪᠰᠤᠷᠤᠯᠭ᠎ᠠ ᠪᠡᠷ ᠠᠵᠢᠯᠴᠢ ᠬᠤᠶᠠᠷ ᠭᠠᠷ ᠠᠪᠢᠶᠠᠰ ᠤᠬᠠᠭᠠᠨ ᠳ᠋ᠠᠭᠠᠨ ᠲᠦᠰᠢᠭᠯᠡᠨ ᠠᠮᠢᠳᠤᠷᠠᠯ ᠵᠢᠡᠨ ᠦᠬᠡᠳᠡ ᠲᠠᠳᠠᠵᠤ᠂ ᠰᠡᠳᠬᠢᠯ ᠳ᠋ᠡᠬᠡᠨ ᠨᠠᠷᠠ ᠲᠠᠢ ᠶᠠᠪᠤᠭ᠎ᠠ᠎ᠵᠢ ᠪᠢᠳᠠ ᠰᠤᠷᠪᠤᠯᠵᠢᠯᠠᠭ᠎ᠠ ᠲᠤᠮᠳᠠ ᠪᠠᠨ ᠤᠬᠠᠵᠦ ᠪᠢᠯᠡ᠃ ᠦᠯᠢᠭᠡᠷ᠎ᠲᠦ ᠠᠮᠳᠠᠰᠢᠬᠰᠠᠨ ᠰᠤᠷᠪᠤᠯᠵᠢᠯᠠᠬᠴᠢ ᠠᠯᠬᠤᠭ᠎ᠠ ᠪᠡᠨ ᠬᠤᠷᠳᠤᠯᠡᠨ ᠹᠦ ᠰᠢᠩ ᠨᠡᠢᠬᠡᠮ ᠲᠤᠭᠤᠷᠢᠬ ᠤ᠋ᠨ ᠠᠯᠪᠠᠯᠠᠬᠤ ᠠᠰᠠᠷ  ᠤ᠋ᠨ ᠬᠤᠶᠠᠳᠤᠭᠠᠷ ᠲᠠᠪᠬᠤᠷᠯᠢᠬ ᠲᠤ᠌ ᠬᠦᠷᠬᠦ᠎ᠳᠦ᠂ ᠪᠦᠰᠡᠬᠦᠢᠴᠤᠳ ᠰᠢᠷᠡᠬᠡ  ᠲᠤᠭᠤᠷᠢᠵᠤ ᠰᠠᠭᠤᠭᠠᠳ ᠵᠡᠬᠦᠦ ᠤᠳᠠᠰᠤ ᠲᠠᠳᠠᠯᠠᠨ ᠤᠶᠤᠳᠠᠯ ᠤᠶᠤᠵᠠᠭᠠᠨ᠎ᠠ᠃ ᠡᠨᠡ ᠨᠢ 《ᠹᠦ ᠰᠢᠩ ᠨᠡᠢᠭᠡᠮ ᠲᠤᠭᠤᠷᠢᠭ᠎ᠤᠨ ᠬᠠᠳᠬᠤᠮᠠᠯ ᠤᠶᠤᠳᠡᠯ᠎ᠤᠨ ᠭᠠᠵᠡᠷ》 ᠪᠠᠢᠬᠰᠡᠨ ᠪᠠᠢᠵᠠᠢ᠃ ᠲᠤᠭᠤᠷᠢᠬ ᠰᠢᠷᠡᠬᠡᠨ ᠲᠡᠭᠡᠷ᠎ᠡ ᠬᠤᠸᠠᠷ ᠴᠡᠴᠡᠭ ᠬᠠᠳᠬᠤᠮᠠᠯᠯᠠᠬᠰᠠᠨ ᠲᠠᠮᠠᠬᠢᠨ ᠤᠭᠤᠳᠠ᠂ ᠨᠢᠰᠴᠦ ᠲᠡᠪᠳᠡᠷᠢᠭᠰᠡᠨ ᠰᠢᠪᠠᠭᠤ ᠤᠷᠠᠯᠠᠬᠰᠠᠨ ᠲᠡᠷ᠎ᠡ᠂ ᠬᠦᠬᠡᠷᠦᠬᠦᠨ ᠴᠤᠪᠤᠭᠤ ᠪᠦᠰ ᠬᠡᠦᠬᠡᠯᠳᠡᠢ ᠡᠪᠳᠡᠢᠬᠡᠨ ᠬᠠᠷᠠᠬᠳᠠᠨ᠎ᠠ᠃ ᠨᠤᠭᠤᠭᠠᠨ ᠲᠤᠷᠭᠠᠨ ᠠᠯᠴᠢᠭᠤᠷ ᠵᠢᠡᠷ ᠲᠤᠯᠤᠭᠠᠢ ᠪᠡᠨ ᠤᠷᠢᠶᠠᠬᠰᠠᠨ᠂ ᠨᠢᠳᠦᠨ ᠳ᠋ᠡᠬᠡᠨ ᠰᠢᠯ ᠲᠠᠢ ᠲᠠᠷᠢᠮ᠎ᠠ ᠨᠠᠰᠤᠳᠠᠨ ᠨᠢᠭᠡᠨ ᠵᠠᠯᠠᠭᠤ ᠪᠦᠰᠡᠬᠦᠢ᠎ᠳᠦ ᠮᠤᠩᠭᠤᠯ ᠭᠤᠳᠤᠯ ᠤᠷᠠᠯᠠᠬᠤ ᠤᠬᠠᠭᠠᠨ ᠢ᠋ ᠨᠢᠬᠡᠳ ᠨᠢᠬᠡ ᠪᠡᠷ ᠬᠡᠯᠡᠵᠦ ᠦᠭᠬᠦᠨ᠎ᠡ᠃ ᠲᠡᠯᠡ ᠭᠠᠷᠤᠬᠰᠡᠨ ᠲᠠᠷᠢᠮ᠎ᠠ  ᠨᠠᠰᠤᠳᠠᠨ ᠬᠠᠷᠠᠬᠠᠨ ᠪᠠᠭ᠎ᠠ ᠡᠴᠨ ᠪᠡᠨ ᠡᠵᠢ᠂ ᠠᠪᠠᠭ᠎ᠠ ᠡᠬᠡᠴᠢ ᠨᠠᠷ ᠡᠴᠨ ᠪᠡᠨ ᠬᠠᠳᠬᠤᠮᠠᠯ ᠤ᠋ᠨ ᠤᠷ᠎ᠠ ᠮᠡᠷᠬᠡᠵᠢᠯ ᠢ᠋ ᠰᠤᠷᠤᠯᠴᠠᠬᠰᠠᠨ ᠪᠦᠬᠡᠳ ᠠᠭᠠᠵᠢᠮ  ᠵᠢᠡᠷ  ᠲᠤᠯᠤᠭᠠᠢ ᠵᠢᠨ ᠡᠳ᠋ᠯᠡᠯ ᠬᠢᠭᠡᠳ ᠭᠤᠳᠤᠯ ᠤᠷᠠᠯᠠᠬᠤ ᠮᠡᠷᠬᠡᠵᠢᠯ ᠳ᠋ᠤ ᠴᠠᠭᠠᠷᠠᠬᠰᠡᠨ ᠭᠡᠳᠡᠭ᠃ ᠲᠠᠷᠢᠮ᠎ᠠ ᠹᠦ ᠰᠢᠩ ᠨᠡᠢᠬᠡᠮ ᠲᠤᠭᠤᠷᠢᠬ ᠲᠦ᠍ ᠢᠷᠡᠵᠦ ᠰᠠᠭᠤᠷᠢᠰᠢᠬᠰᠨᠨ ᠤ᠋ ᠪᠡᠨ ᠲᠠᠷᠠᠭ᠎ᠠ᠂  ᠰᠤᠯᠠ ᠰᠡᠯᠡᠬᠦᠦ ᠴᠠᠬ ᠵᠢᠡᠷ ᠵᠢᠡᠨ ᠤᠶᠤᠳᠠᠯ ᠤᠶᠤᠵᠤ ᠰᠠᠭᠤᠬᠤ᠎ᠳᠦ᠂ ᠲᠡᠬᠦᠨ᠎ᠤ ᠤᠷᠠᠯᠠᠬᠰᠡᠨ ᠮᠤᠩᠭᠤᠯ ᠭᠤᠳᠤᠯ ᠨᠢ 3000 ᠲᠦᠬᠦᠷᠢᠭ ᠡᠴᠠ ᠲᠡᠬᠡᠬᠦᠷ ᠬᠤᠳᠠᠯᠳᠤᠳᠠᠭ ᠴᠸ᠋ ᠬᠠᠩᠭᠠᠯᠭ᠎ᠠ ᠨᠢ ᠬᠡᠷᠡᠭᠴᠡᠬᠡ ᠳ᠋ᠡᠬᠡᠨ ᠬᠦᠷᠬᠦ ᠦᠬᠡᠢ ᠪᠤᠯᠵᠦ ᠨᠡᠢᠭᠡᠮ ᠲᠤᠭᠤᠷᠢᠭ ᠲᠠᠭᠠᠨ ᠨᠠᠷᠡᠳᠠᠢ ᠤᠶᠤᠳᠠᠯᠴᠢᠨ ᠪᠤᠯᠤᠯ᠎ᠠ᠃ 2020 ᠤᠨ ᠤ᠋ 6 ᠰᠠᠷ᠎ᠠ ᠡᠴᠨ ᠡᠬᠢᠯᠡᠬᠡᠳ᠂ ᠨᠡᠢᠬᠡᠮ ᠲᠤᠭᠤᠷᠢᠬ ᠤ᠋ᠨ ᠠᠵᠢᠯ ᠦᠬᠡᠢ ᠡᠮᠡᠭᠳᠡᠢᠴᠦᠳ᠂ ᠵᠡᠮᠳᠡᠭᠴᠦᠳ ᠵᠡᠷᠬᠡ ᠪᠠᠭᠤᠷᠠᠢᠴᠤᠤᠯ ᠳ᠋ᠤ ᠬᠠᠮᠵᠢᠨ ᠤᠷᠤᠯᠭ᠎ᠠ ᠵᠢ ᠨᠢ ᠨᠡᠮᠡᠭᠳᠡᠬᠦᠯᠬᠦ ᠵᠢᠨ ᠲᠤᠰᠠᠳᠠ᠂  ᠹᠦ ᠰᠢᠩ ᠨᠡᠢᠬᠡᠮ ᠲᠤᠭᠤᠷᠢᠬ  ᠤ᠋ᠨ ᠨᠠᠮ ᠤ᠋ᠨ ᠡᠬᠦᠷ ᠡᠴᠨ ᠰᠢᠨ᠎ᠡ ᠴᠠᠬ ᠦᠶ᠎ᠠ ᠵᠢᠨ ᠪᠤᠯᠪᠠᠰᠤᠨ ᠤ᠋ ᠦᠢᠯᠡᠳᠦᠯᠬᠡ ᠵᠢᠨ ᠦᠷᠳᠡᠬᠡ ᠳ᠋ᠡᠬᠡᠨ ᠤᠶᠤᠳᠠᠯ ᠤ᠋ᠨ ᠰᠠᠢᠨ ᠲᠤᠷᠠᠴᠤᠤᠯ ᠤ᠋ᠨ ᠦᠢᠯᠡᠴᠢᠯᠡᠬᠡᠨ ᠤ᠋ ᠲᠦᠷᠦᠯ ᠵᠦᠢᠯ ᠢ᠋ ᠡᠬᠦᠰᠬᠡᠨ ᠪᠠᠢᠭᠤᠯᠵᠤ᠂ ᠲᠦᠯᠦᠪᠦᠷᠢ ᠦᠬᠡᠢ ᠪᠡᠷ ᠬᠠᠳᠬᠤᠮᠠᠯ ᠤ᠋ᠨ ᠮᠡᠷᠬᠡᠵᠢᠯ ᠵᠢᠭᠠᠬᠤ᠎ᠳᠦ ᠲᠠᠷᠢᠮ᠎ᠠ ᠨᠠᠰᠤᠳᠡᠨ ᠪᠠᠬᠰᠢᠯᠠᠵᠦ ᠡᠬᠢᠯᠡᠯ᠎ᠠ᠃ ᠲᠡᠬᠦᠨ᠎ᠤ ᠠᠴᠢ ᠪᠡᠷ 66 ᠤᠶᠤᠳᠠᠯᠴᠢᠨ ᠱᠠᠪᠢ ᠬᠦᠮᠦᠵᠢᠭᠳᠡᠨ ᠭᠠᠷᠴᠤ ᠂ ᠲᠠᠳᠠ ᠰᠠᠷ᠎ᠠ ᠪᠦᠷᠢ 10 ᠪᠦᠳᠦᠬᠡᠯ ᠤᠷᠠᠯᠠᠭᠠᠳ᠂ 2 ᠵᠢᠯ᠎ᠳᠦ 6000 ᠭᠠᠷᠤᠢ ᠪᠦᠳᠦᠬᠡᠯ ᠬᠤᠳᠠᠯᠳᠤᠭᠠᠳ 10 ᠲᠦᠮᠡ ᠭᠠᠷᠤᠢ ᠲᠦᠬᠦᠷᠢᠭ ᠤ᠋ᠨ ᠦᠢᠯᠡᠳᠬᠦᠨ ᠪᠤᠷᠤᠯᠠᠭᠤᠯᠤᠬᠰᠠᠨ ᠪᠠᠢᠯ᠎ᠠ᠃ ᠤᠷᠡᠨ ᠪᠦᠰᠡᠬᠦᠢᠴᠦᠳ ᠤ᠋ᠨ ᠨᠢᠮᠪᠠᠢᠬᠠᠨ ᠤᠷᠠᠯᠠᠵᠤ ᠬᠠᠳᠬᠤᠮᠠᠯᠯᠠᠬᠰᠠᠨ ᠬᠤᠸᠠᠷ ᠴᠡᠴᠡᠭ ᠨᠠᠷᠠᠨ ᠤ᠋ ᠬᠡᠷᠡᠯ ᠳ᠋ᠤ ᠮᠢᠷᠠᠯᠵᠠᠨ ᠲᠡᠯᠬᠡᠷᠡᠬᠦ ᠠᠳᠠᠯᠢ ᠬᠠᠷᠠᠬᠳᠠᠵᠤ᠂ ᠤᠷᠠᠨ ᠬᠠᠵᠢᠨ ᠰᠢᠪᠠᠭᠤ ᠨᠢ ᠬᠠᠢᠴᠢᠨ ᠵᠢᠬᠦᠷ ᠵᠢᠡᠨ ᠲᠡᠯᠬᠡᠵᠦ ᠨᠢᠰᠦᠨ ᠲᠡᠪᠳᠡᠷᠢᠮᠡᠷ ᠦᠵᠡᠭᠳᠡᠨ᠎ᠡ᠃ ᠲᠡᠳᠡ ᠨᠡᠷ ᠤᠳᠤ ᠵᠠᠬ᠎ᠠ ᠲᠡᠯᠬᠡᠬᠦᠷ ᠤ᠋ᠨ ᠬᠡᠷᠡᠭᠴᠡᠬᠡ ᠱᠠᠭᠠᠷᠳᠠᠯᠭ᠎ᠠ ᠳ᠋ᠤ ᠵᠤᠬᠢᠴᠠᠬᠰᠠᠨ ᠪᠦᠳᠦᠬᠡᠯ ᠤᠷᠠᠯᠠᠵᠤ ᠬᠢᠬᠦ ᠲᠤᠬᠠᠢ ᠰᠦᠪᠡᠭᠴᠢᠯᠡᠵᠦ᠂ ᠭᠠᠷ ᠬᠠᠳᠬᠤᠮᠠᠯ ᠤ᠋ᠨ ᠵᠢᠭᠤᠯᠴᠢᠯᠠᠯ ᠤ᠋ᠨ ᠲᠤᠷᠠᠰᠬᠠᠯ ᠤ᠋ᠨ ᠪᠤᠳᠠᠰ ᠬᠢᠬᠦ ᠪᠡᠷ ᠰᠡᠳᠬᠢᠯ ᠰᠢᠭᠤᠳᠤᠨ ᠠᠵᠢᠯᠯᠠᠨ᠎ᠠ᠃


微信图片_20230807174608.jpg


ᠲᠡᠯᠭᠡᠷ ᠵᠤᠨ᠎ᠤ ᠡᠬᠡᠯᠢᠳᠦ ᠨᠠᠷᠠᠨ ᠳ᠋ᠤ  ᠹᠦ ᠰᠢᠩ  ᠨᠡᠢᠬᠡᠮ ᠲᠤᠭᠤᠷᠢᠬ ᠤ᠋ᠨ ᠲᠤᠮᠤ ᠬᠦᠷᠢᠶ᠎ᠡ ᠲᠠᠢᠪᠤᠭᠤᠬᠠᠨ ᠠᠳᠠᠯ᠎ᠠ ᠬᠦᠭᠵᠢᠯᠳᠡᠢ᠃ ᠴᠢᠯᠠᠭᠤᠨ ᠰᠢᠷᠡᠬᠡ ᠵᠢ ᠲᠤᠭᠤᠷᠢᠵᠤ ᠰᠠᠭᠤᠭᠠᠳ ᠬᠦᠵᠦᠷ ᠲᠤᠬᠯᠠᠭ᠎ᠠ ᠨᠠᠰᠤᠳᠠᠢᠴᠤᠳ ᠨᠠᠰᠤ ᠶᠠᠪᠤᠬᠰᠠᠨ ᠵᠢᠡᠨ ᠤᠮᠠᠷᠳᠠᠨ ᠬᠦᠵᠦᠷ ᠵᠢᠡᠨ ᠬᠦᠴᠦᠳᠡᠢ ᠰᠢᠳᠡᠨ ᠬᠦᠬᠡᠷᠦᠯᠳᠦᠨ᠎ᠡ᠃ ᠲᠡᠢᠮᠦ ᠡ᠂ ᠤᠩᠨᠢᠭᠤᠳ ᠨᠤᠳᠤᠬ  ᠤ᠋ᠨ ᠭᠠᠵᠠᠷ ᠪᠤᠯᠭᠠᠨ ᠡᠴᠨ ᠬᠦᠷᠦᠯᠴᠡᠨ ᠢᠷᠡᠵᠦ  ᠠᠭᠤᠵᠢᠮᠬᠠᠨ ᠴᠡᠪᠡᠷᠬᠡᠨ ᠠᠰᠠᠷ ᠲᠦ᠍ ᠲᠠᠪᠠᠳᠠᠢᠬᠠᠨ ᠰᠠᠭᠠᠳᠠᠵᠤ᠂ ᠠᠢᠯ ᠵᠡᠷᠬᠡᠯᠡᠳᠡᠬᠡ ᠪᠡᠷ ᠵᠢᠡᠨ ᠬᠠᠢᠷ᠎ᠠ ᠵᠢᠨ ᠢᠯᠴᠢᠨ ᠳ᠋ᠤᠨᠢ ᠪᠦᠪᠡᠢᠯᠡᠭᠳᠡᠨ᠂ ᠬᠠᠯᠠᠭᠤᠨ ᠭᠠᠷ ᠵᠢᠡᠨ ᠰᠤᠩᠭᠠᠬᠰᠠᠨ ᠬᠠᠯᠠᠮᠵᠢ ᠬᠠᠢᠷ᠎ᠠ ᠳ᠋ᠤᠨᠢ ᠰᠤᠬᠳᠤᠭᠤᠷᠠᠵᠤ᠂ ᠨᠠᠮ ᠵᠠᠰᠠᠬ ᠤ᠋ᠨ ᠵᠢᠡᠨ ᠰᠠᠢᠨ ᠪᠤᠳᠤᠯᠭ᠎ᠠ ᠪᠡᠷ ᠡᠬᠡᠯᠢᠳᠦ ᠨᠠᠷᠠᠨ ᠳ᠋ᠤ ᠢᠪᠡᠭᠡᠭᠳᠡᠭᠰᠡᠨ ᠪᠠᠶᠠᠷ ᠵᠢᠷᠭᠠᠯ ᠢ᠋ ᠲᠡᠳᠡ ᠨᠡᠷ ᠦᠪᠡᠰᠦᠪᠡᠨ ᠯᠡ ᠲᠤᠳᠤᠷᠬᠠᠢ ᠮᠡᠳᠡᠨ᠎ᠡ᠃ ᠡᠢᠨ ᠬᠦ᠌᠂ ᠹᠦ ᠰᠢᠩ ᠨᠡᠢᠬᠡᠮ ᠲᠤᠭᠤᠷᠢᠬ᠎ᠤᠨ ᠠᠪᠢᠶᠠᠰᠳᠤ  ᠨᠢᠬᠡᠨ ᠨᠠᠰᠤᠳᠠᠨ ᠤ᠋ ᠰᠡᠳᠬᠢᠯ ᠤ᠋ᠨ ᠦᠬᠡ ᠪᠡᠨ ᠴᠠᠭᠠᠪᠤᠷᠯᠠᠨ ᠦᠬᠡ ᠬᠡᠯᠬᠢᠨ ᠪᠦᠳᠦᠭᠡᠭᠰᠡᠨ ᠮᠦᠷᠲᠦ ᠰᠢᠯᠦᠭ ᠵᠢᠡᠷ ᠡᠨᠡ ᠵᠤᠬᠢᠶᠠᠯ ᠳ᠋ᠠᠭᠠᠨ ᠲᠡᠬᠦᠰᠬᠡᠯ ᠪᠠᠷᠢᠰᠤᠭᠠᠢ᠃


微信图片_20230807174612.jpg


ᠺᠠᠳ᠋ᠷ ᠤᠯᠠᠨ ᠲᠦᠮᠡᠨ ᠪᠦᠬᠦᠳᠡᠬᠡᠷ ᠵᠢᠡᠨ ᠠᠭᠤᠤ ᠨᠠᠮ ᠵᠢᠡᠨ ᠮᠠᠬᠳᠠᠨ ᠲᠠᠭᠤᠯᠠᠨ᠎ᠠ᠂ ᠰᠢᠯᠦᠭ ᠲᠠᠭᠤᠯᠠᠯ ᠲᠠᠭᠤᠤ ᠪᠦᠵᠢᠭ ᠭᠠᠢᠬᠠᠯᠳᠠᠢ ᠰᠠᠢᠬᠠᠨ᠂ ᠲᠠᠨᠠᠷ ᠰᠤᠨᠢᠷᠬᠠᠭᠠᠷᠠᠢ !

ᠨᠠᠮ ᠤ᠋ᠨ ᠲᠦᠷᠦ ᠵᠢᠨ ᠪᠤᠳᠤᠯᠭ᠎ᠠ ᠲᠦᠭ ᠲᠦᠮᠡᠨ ᠡᠷᠦᠬᠡ ᠵᠢ ᠬᠡᠢᠬᠦᠯᠦᠨ᠎ᠡ᠂ ᠲᠦᠮᠡᠨ ᠤᠯᠠᠨ ᠭᠠᠵᠠᠷ  ᠭᠠᠵᠠᠷ ᠡᠴᠨ  ᠹᠦ ᠰᠢᠩ  ᠳ᠋ᠤ ᠴᠤᠬᠯᠠᠷᠠᠨ ᠰᠠᠭᠠᠳᠠᠭᠠᠳ᠂  ᠨᠢᠬᠡ ᠬᠡᠷ ᠤ᠋ᠨ ᠬᠦᠮᠦᠨ ᠮᠡᠳᠦ ᠲᠤᠳᠤᠨᠤᠬᠠᠨ !

ᠠᠰᠠᠷ ᠴᠡᠪᠡᠷᠬᠡᠨ ᠭᠡᠷ ᠠᠭᠤᠵᠢᠮᠬᠠᠨ᠂ ᠰᠢᠨ᠎ᠡ ᠰᠠᠭᠤᠴᠠ ᠳ᠋ᠠᠭᠠᠨ ᠨᠡᠬᠦᠵᠦ ᠮᠦᠷᠦᠬᠡᠳᠦᠯ ᠪᠡᠶᠡᠯᠡᠬᠡᠳ᠂ ᠠᠴᠢᠳᠠᠨ ᠭᠠᠪᠢᠶᠠᠳᠠᠨ ᠵᠢᠡᠨ ᠬᠡᠵᠢᠶᠡᠳᠡ ᠮᠠᠷᠳᠠᠬᠤ ᠦᠬᠡᠢ᠂ ᠨᠠᠮ ᠳ᠋ᠠᠭᠠᠨ ᠲᠠᠯᠠᠷᠬᠠᠯ᠎ᠠ!

ᠲᠡᠯᠬᠡᠷ ᠵᠤᠨ ᠤ᠋ ᠰᠠᠢᠬᠠᠨ ᠴᠠᠬ ᠵᠢᠡᠷ ᠬᠦᠮᠦᠨ ᠤᠯᠠᠨ ᠬᠦᠭᠵᠢᠯᠳᠦᠨ ᠪᠦᠵᠢᠭᠯᠡᠬᠡᠳ ᠨᠢᠬᠡ ᠰᠡᠳᠬᠢᠯ ᠵᠢᠡᠷ ᠨᠠᠮ ᠵᠢᠡᠨ ᠲᠠᠭᠠᠨ᠎ᠠ᠂ ᠡᠬᠦᠷᠢᠳᠡ ᠤᠷᠤᠬᠰᠢ ᠪᠡᠨ !


微信图片_20230807174616.png


ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号