ᠠᠯᠳᠠᠨ ᠲᠤᠤᠷᠠᠢ ᠶ᠋ᠢᠨ ᠪᠠᠶᠠᠷᠴᠢᠮᠡᠭ ᠠᠷᠠᠳ᠎ᠤᠨ᠎ᠢᠶᠡᠨ ᠲᠥᠯᠥᠭᠡ ᠶᠠᠪ ᠶᠠᠭᠠᠷᠠᠸ᠋
2023-09-01 10:54:30
ᠵᠣᠬᠢᠶᠠᠭ᠍ᠴᠢ᠄
ᠪᠤᠤ ᠥᠷᠭᠡᠨ ᠂ ᠪᠡᠶᠡᠷᠴᠡᠡᠭᠭᠡᠯ ᠂ ᠬᠥᠭᠵᠢᠯᠳᠤ ᠂ ᠮᠡᠷᠭᠡᠨᠪᠢᠯᠢᠭ
ᠣᠩᠱᠢᠭ᠍ᠰᠠᠨ ᠣᠳᠠᠭ᠎ᠠ᠄
★★★☆☆

ᠬᠤᠯᠪᠤᠭᠠᠰᠦ ᠄

● ᠡᠵᠡᠨ᠎ᠠ ᠬᠤᠰᠢᠭᠤ᠎ᠶᠢᠨ 11.46 ᠲᠥᠮᠡᠨ ᠲᠡᠭᠰᠢ ᠲᠥᠷᠪᠡᠯᠵᠢᠨ ᠺᠢᠯᠥᠮᠸᠲᠷ ᠭᠠᠵᠠᠷ ᠨᠤᠳᠤᠬ ᠲᠡᠭᠡᠷ᠎ᠠ ᠬᠢᠳᠠᠳ᠂ ᠮᠤᠡᠭᠭᠤᠯ᠂ ᠬᠤᠳᠤᠡᠭ᠂ ᠮᠠᠨᠵᠥ᠂ ᠲᠥᠵᠢᠶᠠ᠂ ᠡᠸᠠᠡᠭᠭᠢ ᠵᠡᠷᠭᠡ 12 ᠥᠨᠳᠤᠰᠤᠳᠡᠨ ᠎ᠤ 3.5 ᠲᠥᠮᠡᠨ ᠬᠥᠮᠥᠨ ᠠᠮᠠ ᠨᠤᠳᠤᠬᠰᠢᠨ ᠰᠠᠭᠤᠷᠢᠰᠢᠵᠥ ᠪᠤᠢ᠃

●ᠥᠢᠷ᠎ᠠ᠎ᠶᠢᠨ ᠵᠢᠯ᠎ᠳᠤ᠂ ᠡᠵᠡᠨ᠎ᠠ ᠬᠤᠰᠢᠭᠤ ᠥᠪᠡᠷᠮᠢᠴᠠ ᠤᠨᠴᠠᠯᠢᠬᠳᠤ ᠥᠨᠳᠤᠰᠤᠳᠠᠨ᠎ᠤ ᠪᠥᠯᠬᠥᠮᠳᠡᠯ ᠲᠠᠪᠰᠢᠯᠳᠠ ᠶ᠋ᠢ ᠡᠬᠥᠳᠬᠥ ᠵᠠᠮ᠎ᠢᠶᠡᠷ ᠵᠠᠮᠨᠠᠵᠥ᠂ 2019 ᠤᠨ᠎ᠳᠤ《ᠪᠥᠬᠥ ᠤᠯᠤᠰ᠎ᠤᠨ ᠥᠨᠳᠤᠰᠤᠳᠠᠨ᠎ᠤ ᠪᠥᠯᠬᠥᠮᠳᠡᠯ ᠲᠠᠪᠰᠢᠯᠳᠠ᠎ᠶᠢᠨ ᠵᠢᠱ᠌ᠢᠶ᠎ᠠ ᠥᠵᠡᠬᠥᠯᠬᠥ ᠬᠤᠰᠢᠭᠤ》 ᠪᠡᠷ ᠨᠠᠷᠠᠢᠳᠥᠭᠳᠡᠪᠠ᠃

●1983 ᠤᠨ ᠡᠴᠡ ᠨᠠᠭᠠᠰᠢ ᠡᠵᠡᠨ᠎ᠠ ᠬᠤᠰᠢᠭᠤ ᠡᠴᠡ ᠠᠢᠮᠠᠬ᠎ᠤᠨ ᠲᠡᠰ᠎ᠤᠨ ᠥᠨᠳᠤᠰᠤᠳᠠᠨ᠎ᠤ ᠪᠥᠯᠬᠥᠮᠳᠡᠯ ᠲᠠᠪᠰᠢᠯᠳᠠ ᠶ᠋ᠢᠨ  ᠵᠢᠱ᠌ᠢᠶᠡᠴᠢ ᠬᠠᠮᠳᠤ ᠨᠢᠬᠡᠴᠢ  5᠂ ᠵᠢᠱ᠌ᠢᠶᠡᠴᠢ ᠬᠤᠪᠢ ᠬᠥᠮᠥᠨ 71 ᠴᠤᠯᠭᠤᠷᠠᠵᠠᠢ᠃



— ᠲᠠ ᠰᠠᠢᠨ ᠪᠠᠢᠨ᠎ᠠ ᠤᠤ᠂ ᠪᠢᠳᠡ ᠲᠠᠨ᠎ᠢ ᠰᠤᠷᠪᠤᠯᠵᠢᠯᠠᠬᠤ ᠪᠡᠷ ᠬᠤᠰᠢᠭᠤᠨ᠎ᠳᠦ ᠴᠢᠨᠢ ᠢᠷᠡᠭᠡᠳ ᠪᠠᠢᠨ᠎ᠠ᠂ ᠲᠠ ᠬᠡᠵᠢᠶ᠎ᠡ ᠵᠠᠪ ᠲᠠᠢ ᠪᠤᠯ?

— ᠵᠠ᠂ ᠰᠠᠢᠨ᠂ ᠰᠠᠢᠨ ᠪᠠᠢᠨ᠎ᠠ ᠤᠤ᠂ ᠪᠢ ᠤᠳᠤ ᠶᠠᠭ ᠢᠷᠭᠠᠢ ᠬᠤᠳᠠ᠎ᠳᠦ ᠢᠷᠡᠭᠡᠳ 2023 ᠤᠨ᠎ᠤ ᠤᠯᠠᠨ ᠤᠯᠤᠰ᠎ᠤᠨ ᠮᠢᠬᠠᠨ᠎ᠤ ᠲᠦᠷᠦᠯ᠎ᠤᠨ ᠦᠵᠡᠰᠬᠦᠯᠡᠩ᠎ᠳᠦ ᠤᠷᠤᠯᠴᠠᠵᠤ ᠪᠤᠢ᠂ ᠥᠵᠡᠰᠬᠥᠯᠠᠡᠭ 7 ᠰᠠᠷ᠎ᠠ᠎ᠶᠢᠨ 18 ᠎ᠤ᠋ ᠡᠳᠤᠷ ᠲᠠᠭᠤᠰᠬᠤ ᠶᠤᠮ᠃ ᠡᠬᠦᠨ ᠵᠢᠨᠨ ᠪᠠᠷᠠᠩᠭᠤᠳᠠ ᠬᠤᠷᠳᠤᠬᠠᠨ ᠬᠠᠷᠢᠶ᠎ᠡ!

ᠡᠨᠡ ᠪᠤᠯ ᠰᠤᠷᠪᠤᠯᠵᠢᠯᠠᠬᠴᠢ ᠵᠢᠨ 7 ᠰᠠᠷ᠎ᠠ᠎ᠶᠢᠨ15 ᠤ᠋ ᠡᠳᠤᠷ ᠪᠠᠶᠠᠷᠴᠢᠮᠡᠭ ᠲᠠᠢ ᠤᠳᠠᠰᠤ ᠪᠡᠷ ᠬᠢᠭᠰᠡᠨ ᠶᠠᠷᠢᠯᠴᠠᠭ᠎ᠠ᠃ ᠦᠨᠡᠬᠡᠷ ᠦᠵᠡᠰᠬᠦᠯᠡᠩ ᠪᠠᠶᠠᠷᠴᠢᠮᠡᠭ ᠨᠢ ᠪᠠᠷᠠᠩᠭᠤᠳᠠ ᠠᠯᠠᠱᠠ ᠵᠡᠬᠦᠨ ᠬᠤᠰᠢᠭᠤᠨ᠎ᠳᠦ ᠬᠦᠷᠴᠦ᠂ ᠲᠡᠷᠡᠭ᠎ᠠ ᠡᠳᠤᠷ᠎ᠤᠨ ᠦᠷ᠎ᠤᠨ 4 ᠴᠠᠭ ᠵᠢᠨᠷ ᠮᠠᠰᠢᠨ ᠵᠢᠨᠨ ᠪᠠᠷᠢᠨ ᠡᠵᠡᠨ᠎ᠡ ᠬᠤᠰᠢᠭᠤᠨ ᠳ᠋ᠠᠭᠠᠨ ᠢᠷᠡᠭᠰᠡᠨ ᠪᠢᠯᠡ᠃

ᠲᠤᠰ ᠤᠳᠠᠭ᠎ᠠ ᠵᠢᠨ ᠦᠵᠡᠰᠬᠦᠯᠡᠩ ᠨᠢ ᠪᠠᠶᠠᠷᠴᠢᠮᠡᠭ᠎ᠤᠨ ᠬᠢᠵᠦ ᠵᠤᠷᠢᠵᠤ ᠪᠠᠢᠭ᠎ᠠ ᠦᠢᠯᠡᠰ ᠲᠠᠢ ᠶᠠᠭᠠᠬᠢᠬᠤ ᠵᠢᠨ ᠠᠷᠭ᠎ᠠ ᠦᠭᠡᠢ ᠶᠠᠪ ᠴᠠᠪ ᠨᠡᠢᠴᠡᠭᠰᠡᠨ ᠪᠤᠯᠬᠤᠷ ᠲᠡᠷᠡ ᠪᠡᠷ᠎ᠴᠦ ᠳᠡᠨᠳᠡᠬᠢ ᠪᠡᠨ ᠤᠷᠬᠢᠭᠠᠳ ᠪᠠᠷᠢᠨ ᠳᠤᠤᠷ᠎ᠠ ᠨᠢ ᠢᠷᠡᠬᠦ ᠪᠤᠯᠤᠮᠵᠢ ᠦᠭᠡᠢ ᠪᠠᠢᠯ᠎ᠠ᠃ ᠳᠠᠬᠢᠭᠠᠳ ᠬᠡᠯᠡᠪᠡᠯ ᠥᠩ ᠦᠷᠬᠡᠨ ᠠᠯᠠᠱᠠ ᠭᠡᠵᠦ ᠬᠤᠭᠤᠰᠤᠨ ᠨᠡᠷ᠎ᠡ ᠮᠠᠨᠳᠤᠬᠰᠠᠨ ᠤᠴᠢᠷ ᠪᠢᠰᠢ᠂ ᠠᠯᠠᠱᠠ ᠠᠢᠮᠠᠬ᠎ᠤᠨ ᠭᠤᠷᠪᠠᠨ ᠬᠤᠰᠢᠭᠤ ᠨᠢ ᠬᠤᠭᠤᠷᠤᠨᠳᠤ ᠪᠡᠨ ᠳᠠᠪᠤ ᠵᠢᠷᠭᠤᠭᠠᠨ ᠵᠠᠭᠤᠨ ᠺᠢᠯᠦᠮᠧᠲᠷ ᠵᠠᠢᠳᠠᠢ ᠪᠠᠢᠳᠠᠬ ᠪᠤᠯᠬᠤᠷ ᠢᠷᠡᠨ᠎ᠡ ᠭᠡᠪᠡᠯ ᠢᠷᠡᠴᠢᠬᠡᠳᠡᠭ ᠲᠡᠢᠮᠦ᠎ᠴᠦ ᠤᠢᠷ᠎ᠠ ᠭᠠᠵᠠᠷ ᠪᠢᠰᠢ ᠠᠵᠢ᠃ ᠡᠵᠡᠨ᠎ᠠ ᠬᠤᠰᠢᠭᠤ ᠪᠤᠯ ᠬᠤᠡᠭᠭᠤᠷ ᠨᠠᠮᠤᠷ᠎ᠤᠨ ᠲᠤᠤᠷᠠᠢ ᠶ᠋ᠢᠨ ᠤᠢ ᠶ᠋ᠢᠨ ᠥᠵᠡᠮᠵᠢ ᠪᠡᠷ ᠬᠤᠯᠠ ᠥᠢᠷ᠎ᠠ᠎ᠶᠢᠨ ᠵᠢᠭᠤᠯᠴᠢᠯᠠᠬᠰᠠᠳ᠎ᠢ ᠲᠠᠳᠠᠬᠰᠠᠨ ᠰᠠᠢᠬᠠᠨ ᠨᠤᠳᠤᠬ ᠪᠤᠯᠬᠤ ᠶᠤᠮ᠃ ᠪᠠᠶᠠᠷᠴᠢᠮᠠᠡᠭ ᠪᠤᠯ ᠲᠤᠤᠷᠠᠢ ᠶ᠋ᠢᠨ ᠤᠢ᠎ᠶᠢᠨ ᠲᠤᠮᠳᠠ ᠪᠠᠢᠷᠢᠯᠠᠭ᠎ᠠ ᠪᠠᠶᠠᠨᠳᠤᠤᠷᠠᠢ ᠰᠤᠮᠤᠨ᠎ᠤ ᠥᠰᠥᠷᠥᠡᠭᠬᠥᠢ ᠭᠠᠴᠠᠭ᠎ᠠ ᠶ᠋ᠢᠨ ᠮᠠᠯᠴᠢᠨ᠃ ᠲᠡᠷᠨ 《ᠮᠠᠯᠴᠢᠨ + ᠠᠵᠤ ᠠᠬᠤᠢᠯᠠᠯᠳᠠᠨ+  ᠭᠠᠴᠠᠭᠠᠨ ᠤ᠋ ᠨᠠᠮ᠎ᠤᠨ ᠡᠬᠥᠷ᠎ᠤᠨ ᠱᠥᠵᠢ》 ᠶ᠋ᠢᠨ ᠠᠵᠢᠯ᠎ᠤᠨ ᠹᠷᠤᠡᠲ ᠲᠸ᠋ ᠨᠢᠬᠡ ᠰᠡᠳᠬᠢᠯ ᠨᠡᠢᠳᠡ᠎ᠶᠢᠨ ᠬᠥᠴᠤᠨ᠎ᠢᠶᠡᠷ ᠭᠠᠪᠰᠢᠭᠠᠢᠯᠠᠬᠤ ᠳ᠋ᠠᠭᠠᠨ ᠠᠵᠢᠯ ᠨᠢᠬᠡᠳᠡᠨ᠂ ᠠᠢᠯ ᠰᠠᠭᠠᠬᠠᠯᠳᠠ᠎ᠶᠢᠨ᠎ᠢᠶᠡᠨ ᠬᠥᠮᠥᠰ᠎ᠢᠶᠡᠨ ᠪᠠᠳᠮ᠎ᠠ ᠴᠡᠴᠡᠭ᠎ᠤᠨ ᠨᠠᠪᠴᠢᠰ ᠰᠢᠬ ᠨᠢᠬᠳᠠᠷᠠᠭᠤᠯᠤᠨ  ᠲᠥᠷᠥᠬᠡ ᠴᠢᠡᠭᠭᠠᠯᠠᠨ ᠲᠠᠪᠬᠢᠭᠤᠯᠤᠨᠠᠮ!


QQ图片20230901111039.jpg



ᠥᠰᠥᠷᠥᠡᠭᠬᠥᠢ  ᠭᠠᠴᠠᠭ᠎ᠠ ᠎ᠶ᠋ᠢᠨ  ᠬᠡᠰᠡᠭ ᠥᠵᠡᠮᠵᠢ


ᠮᠠᠯᠴᠢᠨ ᠠᠵᠤ ᠠᠬᠤᠢᠯᠠᠯᠳᠠᠨ᠎ᠤ ᠵᠥᠷᠢᠭ ᠵᠠᠮ᠎ᠢᠶᠡᠷ

7 ᠰᠠᠷ᠎ᠠ᠎ᠶᠢᠨ ᠲᠤᠮᠳᠠᠴᠢ᠎ᠶᠢᠨ ᠡᠵᠡᠨ᠎ᠡ ᠨᠤᠳᠤᠭ᠎ᠤᠨ ᠬᠠᠯᠠᠭᠤᠨ᠎ᠢ ᠥᠪᠡᠷ ᠲᠡᠭᠡᠨ ᠯᠠ ᠮᠡᠳᠡᠷᠡᠬᠦ ᠦᠭᠡᠢ ᠪᠤᠯ ᠥᠭᠡᠷ᠎ᠡ ᠬᠦᠮᠦᠨ ᠬᠡᠳᠦᠢ ᠬᠡᠯᠡᠭᠰᠡᠨ᠎ᠴᠦ ᠮᠡᠳᠡᠬᠦ ᠦᠭᠡᠢ ᠭᠡᠳᠡᠭ ᠦᠨᠡᠨ᠃ ᠪᠠᠶᠠᠷᠴᠢᠮᠡᠭ ᠲᠤᠤᠷᠠᠢᠳᠤ ᠨᠤᠳᠤᠬ᠎ᠤᠨ᠎ᠢᠶᠡᠨ ᠠᠷᠠᠳ ᠤᠯᠠᠨ᠎ᠤ ᠲᠦᠯᠦᠬᠡ ᠤᠷᠬᠢᠯᠤᠮ᠎ᠠ ᠬᠠᠯᠠᠭᠤᠨ ᠰᠡᠳᠬᠢᠯ ᠵᠢᠨᠷ ᠵᠢᠳᠬᠦᠬᠡ ᠨᠢᠬᠡᠨ ᠶᠡᠷᠦ ᠪᠤᠰᠤ ᠵᠢᠨ ᠡᠮᠡᠭᠳᠡᠢ᠃ ᠪᠠᠶᠠᠷᠴᠢᠮᠡᠭ᠎ᠤᠨ ᠠᠪᠤ ᠡᠵᠢ ᠨᠢ ᠪᠦᠷ ᠠᠯᠪᠠᠨ ᠠᠵᠢᠯ ᠲᠠᠢ ᠬᠦᠮᠦᠰ ᠪᠤᠯᠪᠠᠴᠤ ᠲᠡᠷᠡ ᠪᠡᠷ ᠬᠠᠷᠠᠬᠠᠨ ᠪᠠᠭ᠎ᠠ ᠡᠴᠡ ᠪᠡᠨ ᠡᠮᠡᠭᠡ ᠲᠠᠢ ᠪᠡᠨ ᠴᠤᠬ ᠬᠦᠳᠡᠬᠡ ᠮᠠᠯ ᠬᠠᠷᠢᠭᠤᠯᠤᠨ ᠦᠰᠴᠠᠢ᠃ ᠰᠡᠬᠦᠯᠡᠷ ᠨᠢ ᠰᠤᠷᠭᠠᠭᠤᠯᠢ ᠰᠤᠶᠤᠯ᠎ᠤᠨ ᠮᠦᠷ ᠬᠦᠬᠡᠬᠡᠭᠰᠡᠨ᠎ᠴᠦ ᠡᠯᠢᠬᠡ ᠵᠢᠷᠦᠬᠡ ᠨᠢ ᠳᠠᠳᠠᠯᠳᠤᠭᠠᠳ ᠪᠠᠢᠳᠠᠬ ᠡᠬᠡ ᠨᠤᠳᠤᠭ ᠲᠠᠭᠠᠨ ᠪᠤᠴᠠᠨ ᠢᠷᠡᠵᠦ ᠠᠮᠢᠳᠤᠷᠠᠨ ᠰᠠᠭᠤᠷᠢᠰᠢᠬᠰᠠᠨ ᠭᠡᠳᠡᠭ᠃ ᠡᠢᠮᠦ ᠪᠤᠯᠬᠤᠷ ᠲᠡᠷᠡ ᠪᠡᠷ ᠦᠯᠦᠬᠡᠢ ᠨᠤᠳᠤᠭ᠎ᠤᠨ ᠵᠢᠨᠨ ᠠᠵᠤ ᠠᠮᠢᠳᠤᠷᠠᠯ᠎ᠢ ᠲᠤᠳᠤᠷᠬᠠᠢ ᠤᠢᠯᠠᠭᠠᠵᠤ᠂ ᠠᠷᠠᠳ ᠤᠯᠠᠨ᠎ᠤ ᠪᠡᠨ ᠲᠦᠯᠦᠬᠡ ᠶᠠᠭᠤ ᠨᠢᠬᠡ᠎ᠶᠢ ᠬᠢᠬᠦ ᠪᠡᠷ ᠬᠢᠴᠢᠶᠡᠨ ᠵᠢᠳᠬᠦᠭᠰᠡᠭᠡᠷ ᠢᠷᠡᠵᠡᠢ᠃

2001ᠣᠨ᠎ᠳᠤ ᠠᠯᠠᠱᠠ ᠠᠢᠮᠠᠬ᠎ᠤᠨ ᠠᠵᠢᠯ ᠮᠡᠷᠭᠡᠵᠢᠯ᠎ᠤᠨ ᠲᠤᠮᠳᠠᠳᠤ ᠰᠤᠷᠭᠠᠭᠤᠯᠢ ᠶ᠋ᠢᠨ  ᠪᠠᠭᠤᠳᠠᠯ᠎ᠤᠨ ᠬᠠᠮᠢᠶᠠᠷᠤᠯᠲᠠ᠎ᠶᠢᠨ ᠲᠤᠰᠬᠠᠢ ᠮᠡᠷᠭᠡᠵᠢᠯ᠎ᠡᠴᠡ ᠲᠡᠭᠦᠰᠦᠭᠰᠡᠨ ᠪᠠᠶᠠᠷᠴᠢᠮᠡᠭ ᠨᠢᠭᠡᠨ ᠵᠤᠭ᠎ᠠ ᠰᠡᠯᠡᠬᠥᠴᠡᠯ᠎ᠤᠨ ᠠᠮᠠᠷᠠᠯᠲᠠ᠎ᠶᠢᠨ ᠭᠠᠵᠠᠷ᠎ᠲᠤ ᠠᠵᠢᠯ᠎ᠤᠨ ᠠᠶᠠᠨ ᠵᠢᠨᠨ ᠡᠬᠢᠯᠡᠭᠦᠯᠵᠡᠢ᠃ ᠲᠡᠷᠡ ᠨᠢᠭᠡ ᠲᠠᠯ᠎ᠠ᠎ᠪᠠᠷ ᠠᠵᠢᠯᠯᠠᠬᠤ ᠵᠢᠨ ᠲᠠᠭᠠᠤ ᠴᠠᠭ᠎ᠢᠶᠠᠨ ᠰᠢᠪᠬᠠᠨ ᠮᠣᠩᠭᠣᠯ ᠬᠣᠭᠣᠯᠠ ᠬᠢᠬᠦ ᠪᠠ ᠪᠠᠭᠤᠳᠠᠯ᠎ᠤᠨ ᠡᠵᠡᠩᠨᠡᠯᠲᠡ ᠬᠠᠮᠢᠶᠠᠷᠤᠯᠲᠠ᠎ᠶᠢ ᠦᠢᠯᠡᠳᠦᠯᠬᠡ ᠲᠠᠢ ᠤᠶᠠᠯᠳᠤᠭᠤᠯᠤᠨ ᠰᠤᠷᠤᠯᠴᠠᠵᠤ᠂ ᠥᠪᠡᠷ᠎ᠦᠨ ᠮᠡᠳᠡᠯᠭᠡ᠎ᠶᠢᠨ ᠨᠥᠭᠡᠴᠡ᠎ᠪᠡᠨ ᠲᠠᠰᠤᠷᠠᠯᠲᠠ ᠦᠭᠡᠢ ᠪᠠᠶᠠᠯᠢᠬᠵᠢᠭᠤᠯᠪᠠ᠃ ᠲᠡᠬᠥᠨ᠎ᠤ ᠬᠡᠯᠡᠬᠥ ᠪᠡᠷ᠂ ᠡᠨᠡ ᠬᠦ᠌ ᠥᠩᠭᠡᠷᠡᠯᠲᠡ ᠨᠢ ᠬᠣᠢᠰᠢᠳᠠ᠎ᠶᠢᠨ ᠬᠢᠨᠢ ᠠᠳᠠᠯ ᠦᠢᠯᠡᠰ ᠪᠣᠰᠬᠠᠬᠤ᠎ᠳᠤᠨᠢ ᠰᠠᠭᠤᠷᠢ ᠲᠠᠯᠪᠢᠵᠤ ᠥᠭᠭᠥᠭᠰᠡᠨ᠎ᠢᠶᠡᠷ ᠥᠯᠥ ᠪᠠᠷᠠᠮ 2003 ᠣᠨ᠎ᠳᠤ ᠲᠠᠷᠢᠶᠠᠯᠠᠬᠤ᠎ᠶᠢ ᠵᠣᠭᠰᠣᠭᠠᠵᠤ ᠤᠢ ᠰᠢᠭᠤᠢ᠎ᠶᠢ ᠰᠡᠷᠭᠦᠭᠡᠬᠦ ᠳᠦᠷᠦ᠎ᠶᠢᠨ ᠪᠣᠳᠣᠯᠭ᠎ᠠ᠎ᠶᠢ ᠴᠤᠤᠷᠢᠶᠠᠲᠤᠨ ᠳᠠᠭᠠᠵᠤ᠂ ᠦᠢᠯᠡᠰ ᠪᠣᠰᠬᠠᠬᠤ ᠵᠠᠮ᠎ᠢᠶᠠᠷ ᠵᠠᠮᠨᠠᠭᠤᠯᠪᠠ᠃ ᠬᠠᠮᠤᠭ᠎ᠤᠨ ᠠᠩᠬ᠎ᠠ ᠬᠥᠯᠥᠰᠦᠨ ᠠᠵᠢᠯ ᠬᠢᠵᠦ ᠴᠤᠭᠯᠠᠭᠤᠯᠤᠭᠰᠠᠨ ᠬᠡᠳᠦᠨ ᠮᠢᠩᠭᠠᠨ ᠲᠥᠭᠥᠷᠢᠭ᠎ᠢᠶᠡᠷ᠎ᠢᠶᠡᠨ ᠰᠢᠷᠡᠭᠡ ᠰᠠᠨᠳᠠᠯᠢ ᠬᠤᠳᠠᠯᠳᠤᠨ ᠠᠪᠴᠤ ᠥᠪᠡᠷ᠎ᠤᠨ ᠮᠤᠩᠭᠤᠯ ᠬᠡᠷ ᠲᠡᠭᠡᠨ ᠬᠤᠭᠤᠯᠠᠨ ᠬᠡᠷ ᠡᠷᠬᠢᠯᠡᠨ ᠮᠠᠢᠮᠠᠢ ᠪᠡᠨ ᠡᠬᠢᠯᠡᠬᠦᠯᠪᠠ᠃ ᠣᠯᠠᠨ ᠵᠢᠯ᠎ᠦᠨ ᠮᠣᠩᠭᠣᠯ ᠬᠣᠭᠣᠯᠠᠨ ᠬᠡᠷ ᠡᠷᠬᠢᠯᠡᠭᠰᠡᠨ ᠲᠤᠷᠰᠢᠯᠭ᠎ᠠ ᠨᠢ ᠲᠡᠭᠦᠨ᠎ᠤ ᠬᠠᠮᠤᠭ᠎ᠤᠨ ᠶᠡᠬᠡ ᠤᠯᠤᠯᠳᠠ ᠪᠤᠯᠵᠤ᠂ ᠠᠮᠵᠢᠯᠳᠠ᠎ᠳᠦ ᠮᠠᠴᠤᠬᠤ  ᠵᠠᠮ᠎ᠢ ᠨᠢ ᠰᠢᠯᠥᠭᠤᠳᠬᠠᠬᠰᠠᠨ ᠬᠡᠨ᠎ᠠ᠃


QQ图片20230901111045.jpg


ᠪᠠᠶᠠᠷᠴᠢᠮᠡᠭ


ᠵᠤᠷᠢᠬᠰᠠᠨ ᠵᠦᠭ ᠲᠡᠭᠡᠨ ᠵᠤᠷᠢᠮᠠᠬ ᠵᠢᠳᠬᠦᠳᠡᠭ᠎ᠤᠨ ᠨᠢᠬᠡ ᠨᠢ ᠪᠠᠶᠠᠷᠴᠢᠮᠡᠭ ᠪᠠᠢᠯ᠎ᠠ᠃ ᠬᠤᠵᠢᠮ ᠨᠢ ᠲᠡᠷᠡ ᠡᠵᠡᠨ᠎ᠡ ᠨᠤᠳᠤᠭ᠎ᠤᠨ ᠠᠵᠤ  ᠦᠢᠯᠡᠰ᠎ᠤᠨ  ᠪᠥᠳᠥᠴᠠ ᠶ᠋ᠢᠨ  ᠲᠠᠯ᠎ᠠ  ᠪᠡᠷ  ᠨᠥᠬᠥᠪᠤᠷᠢᠯᠡᠬᠥ  ᠴᠢᠬᠤᠯᠠ ᠲᠠᠢ ᠬᠤᠭᠤᠰᠤᠨ ᠵᠠᠢ ᠪᠤᠢ ᠬᠡᠬᠥ ᠲᠠᠨᠢᠯᠳᠠ ᠲᠠᠢ ᠪᠤᠯᠵᠥ᠂ 2019 ᠣᠨ᠎ᠳᠤ ᠠᠯᠠᠱᠠ ᠠᠢᠮᠠᠭ᠎ᠤᠨ ᠠᠩᠬᠠᠳᠠᠭ᠍ᠴᠢ ᠠᠯᠠᠵᠤ ᠨᠢᠲᠤᠯᠬᠤ᠂ ᠡᠳ᠋ᠰᠢᠭᠦᠯᠵᠦ ᠪᠤᠯᠪᠠᠰᠤᠷᠠᠭᠤᠯᠬᠤ᠂ ᠬᠥᠯᠳᠡᠭᠡᠵᠦ ᠬᠠᠳᠠᠭᠠᠯᠠᠬᠤ᠂ ᠲᠣᠬᠢᠷᠠᠭᠤᠯᠤᠨ ᠬᠦᠷᠭᠡᠬᠦ᠎ᠶᠢ ᠨᠢᠭᠡ ᠴᠣᠭᠴᠠᠵᠢᠭᠤᠯᠤᠭᠰᠠᠨ ᠡᠵᠡᠨ᠎ᠡ ᠬᠣᠰᠢᠭᠤᠨ᠎ᠤ ᠠᠯᠲᠠᠨ ᠲᠣᠣᠷᠠᠢ ᠢᠳᠡᠭᠡᠨ᠎ᠦ ᠬᠢᠵᠠᠭᠠᠷᠲᠤ ᠺᠣᠮᠫᠠᠨᠢ᠎ᠶᠢ ᠡᠭᠦᠰᠬᠡᠨ ᠪᠠᠢᠭᠤᠯᠪᠠ᠃ ᠪᠠᠶᠠᠷᠴᠢᠮᠡᠭ᠄《ᠨᠠᠳᠠ᠎ᠳᠤ ᠡᠪᠤᠭᠡ ᠲᠡᠭᠡᠳᠤᠰ ᠡᠴᠡ ᠥᠪᠯᠡᠵᠥ ᠢᠷᠡᠭᠰᠡᠨ ᠮᠠᠯᠵᠢᠯ᠎ᠤᠨ ᠥᠢᠯᠡᠳᠪᠤᠷᠢᠯᠡᠯ ᠠᠮᠢᠳᠤᠷᠠᠯ᠎ᠤᠨ ᠵᠠᠡᠭ ᠵᠠᠡᠭᠰᠢᠯ ᠲᠠᠢ᠂ ᠲᠤᠷᠭᠤᠳ ᠮᠤᠡᠭᠭᠤᠯ ᠪᠤᠯᠤᠬᠰᠠᠨ᠎ᠤ ᠬᠤᠪᠢ᠎ᠳᠤ ᠥᠬᠡᠷ ᠬᠤᠨᠢ ᠲᠡᠮᠡᠭᠡ ᠵᠢ ᠠᠯᠠᠵᠥ ᠨᠢᠳᠤᠯᠬᠤ᠂ ᠥᠶ᠎ᠠ ᠬᠡᠰᠢᠬᠥᠥ ᠰᠠᠯᠭᠠᠬᠤ᠂ ᠡᠳ᠋ᠰᠢᠬᠥᠯᠬᠥ ᠪᠤᠯᠪᠠᠰᠤᠷᠠᠭᠤᠯᠬᠤ ᠵᠡᠷᠭᠡ ᠲᠠᠯ᠎ᠠ ᠪᠡᠷ ᠥᠪᠡᠷᠮᠢᠴᠠ ᠤᠯᠠᠮᠵᠢᠯᠠᠯᠳᠤ ᠤᠷ᠎ᠠ ᠮᠡᠷᠭᠡᠰᠢᠯ ᠲᠠᠢ ᠪᠠᠢᠳᠠᠬ ᠪᠤᠯᠬᠤᠷ ᠨᠤᠳᠤᠭ᠎ᠤᠨ ᠴᠢᠨᠠᠷ ᠰᠠᠢᠲᠠᠢ ᠮᠢᠬᠠᠨ᠎ᠤ ᠲᠥᠷᠥᠯ᠎ᠢ ᠣᠷᠣᠨ ᠪᠦᠰᠡ᠎ᠶᠢᠨ ᠨᠠᠷᠠᠲᠤ ᠲᠡᠮᠳᠡᠭ ᠪᠣᠯᠭᠠᠬᠤ ᠪᠡᠷ ᠮᠠᠷᠠᠢᠨ ᠴᠢᠷᠮᠠᠢᠬᠰᠠᠨ ᠶᠤᠮ》 ᠬᠡᠵᠥ ᠰᠢᠭᠤᠳᠮᠠᠬ ᠶᠠᠷᠢᠯ᠎ᠠ᠃

ᠬᠤᠷᠢᠭᠠᠳ ᠵᠢᠯ᠎ᠤᠨ ᠴᠦᠬᠦᠷᠡᠯ ᠦᠭᠡᠢ ᠴᠢᠷᠮᠠᠢᠯᠭ᠎ᠠ ᠪᠡᠷ ᠳᠠᠮᠵᠢᠨ᠂ 2017 ᠣᠨ᠎ᠳᠤ ᠲᠡᠷᠡ ᠪᠡᠷ ᠡᠵᠡᠨ᠎ᠡ ᠬᠣᠰᠢᠭᠤᠨ᠎ᠤ 《ᠳᠤᠤᠷᠠᠢᠳᠤ ᠪᠦᠰᠡᠬᠦᠢ》 ᠠᠵᠤ ᠦᠢᠯᠡᠰ᠎ᠦᠨ ᠬᠢᠵᠠᠭᠠᠷᠲᠤ ᠺᠣᠮᠫᠠᠨᠢ᠎ᠶᠢ ᠡᠬᠦᠰᠬᠡᠨ ᠪᠠᠢᠭᠤᠯᠵᠤ᠂ ᠮᠠᠯᠴᠢᠨ ᠪᠠᠢᠬᠰᠠᠨ ᠡᠴᠡ ᠪᠡᠨ ᠠᠵᠤ ᠠᠬᠤᠢᠯᠠᠯᠳᠠᠨ ᠪᠤᠯᠵᠥ᠂ ᠢᠩᠬᠡᠨ ᠰᠦ ᠲᠠᠢ ᠴᠠᠢ᠂ ᠬᠠᠭᠤᠷᠤᠭᠰᠠᠨ ᠪᠤᠳᠠᠭ᠎ᠠ ᠦᠨᠢᠶᠡᠨ ᠰᠦ᠎ᠲᠠᠢ ᠴᠠᠢ᠂ ᠴᠠᠭᠠᠨ ᠢᠳᠡᠬᠡ᠂ ᠬᠠᠳᠠᠭᠠᠬᠰᠠᠨ ᠪᠤᠷᠴᠠ᠂ ᠦᠬᠡᠷ᠎ᠦᠨ ᠮᠢᠬᠠᠨ ᠵᠢᠶᠠᠩ ᠵᠡᠷᠭᠡ ᠨᠤᠳᠤᠭ᠎ᠤᠨ ᠭᠠᠷᠤᠯᠳᠠ ᠪᠡᠷ ᠬᠢᠭᠰᠡᠨ ᠢᠳᠡᠬᠡᠨ᠎ᠢ ᠪᠡᠶ᠎ᠡ ᠪᠠᠨ ᠲᠠᠭᠠᠭᠠᠨ ᠰᠤᠳᠤᠯᠤᠨ ᠦᠢᠯᠡᠳᠬᠦ ᠵᠢᠨ ᠬᠠᠮᠳᠤ 《ᠳᠤᠤᠷᠠᠢᠳᠤ ᠪᠦᠰᠡᠬᠦᠢ》 ᠬᠡᠬᠦ ᠲᠠᠸᠠᠷ᠎ᠤᠨ ᠳᠡᠮᠳᠡᠭ᠎ᠢ ᠳᠠᠩᠰᠠᠯᠠᠭᠤᠯᠤᠬᠰᠠᠨ ᠪᠠᠢᠨ᠎ᠠ᠃

ᠵᠤᠤ ᠴᠢᠶᠠᠡᠭ ᠪᠤᠯ 《ᠳᠤᠤᠷᠠᠢᠳᠤ ᠪᠦᠰᠡᠬᠦᠢ》 ᠠᠵᠤ ᠦᠢᠯᠡᠰ᠎ᠦᠨ ᠬᠢᠵᠠᠭᠠᠷᠲᠤ ᠺᠣᠮᠫᠠᠨᠢ᠎ᠶᠢᠨ ᠵᠠᠬᠢᠷᠤᠯ᠎ᠤᠨ ᠠᠵᠢᠯ ᠠᠯᠪᠠ ᠲᠠᠢ᠂ ᠲᠤᠮᠳᠠ᠎ᠶᠢᠨ ᠪᠠᠶ᠎ᠠ ᠲᠠᠢ ᠬᠢᠨᠠᠭᠤᠷ ᠯᠠᠪᠳᠠᠭᠤᠨ ᠬᠥᠡᠭᠭᠡᠮᠰᠥᠭ ᠵᠠᠡᠭ ᠲᠠᠢ ᠬᠥᠮᠥᠨ᠃ ᠲᠡᠷᠡ ᠲᠤᠰ ᠺᠤᠮᠫᠠᠨᠢ᠎ᠶᠢᠨ ᠥᠢᠯᠡᠳᠪᠤᠷᠢᠯᠡᠯ ᠡᠵᠡᠡᠭᠨᠠᠯᠳᠠ᠎ᠶᠢᠨ ᠪᠠᠢᠳᠠᠯ᠎ᠢ ᠨᠢᠬᠡᠳᠤᠯᠳᠠᠢ ᠲᠤᠬᠢᠷᠠᠭᠤᠯᠵᠥ ᠠᠵᠢᠯᠳᠠᠨ᠎ᠤ ᠶᠠᠪᠤᠳᠠᠯ᠎ᠤᠨ ᠪᠥᠳᠥᠴᠡ ᠪᠥᠷᠢᠯᠳᠥᠬᠥᠨ ᠵᠢᠴᠢ ᠠᠵᠢᠯ᠎ᠤᠨ ᠬᠤᠪᠢᠶᠠᠷᠢᠯᠠᠯ᠎ᠢ ᠨᠠᠷᠢᠨ ᠡᠵᠡᠮᠰᠢᠵᠥ ᠪᠠᠢᠳᠠᠬ᠃ ᠲᠡᠬᠥᠨ᠎ᠤ ᠲᠠᠨᠢᠯᠴᠠᠭᠤᠯᠬᠤ ᠪᠡᠷ᠂ 2020 ᠣᠨ᠎ᠳᠤ ᠺᠤᠮᠫᠠᠨᠢ ᠪᠡᠨ ᠵᠢᠩᠬᠢᠨᠢ᠎ᠪᠡᠷ ᠡᠵᠡᠩᠨᠡᠭᠰᠡᠨ᠎ᠡᠴᠡ ᠤᠳᠤ ᠪᠣᠯᠲᠠᠯ᠎ᠠ ᠭᠠᠳᠠᠨ᠎ᠠ ᠡᠴᠡ ᠵᠠᠡᠭ ᠰᠢᠤᠢ ᠵᠡᠷᠭᠡ 7 ᠬᠢᠳᠡᠳ ᠠᠵᠢᠯᠳᠠᠨ᠎ᠢ ᠤᠷᠢᠵᠥ ᠲᠤᠬᠳᠠᠮᠠᠯ ᠠᠵᠢᠯ᠎ᠤᠨ ᠪᠠᠢᠷᠢ ᠬᠠᠡᠭᠭᠠᠵᠥ ᠠᠵᠢᠯᠯᠠᠭᠤᠯᠬᠤ᠎ᠶᠢᠨ ᠬᠠᠮᠳᠤ ᠺᠤᠮᠫᠠᠨᠢ᠎ᠶᠢᠨ ᠠᠵᠢᠯ᠎ᠤᠨ ᠶᠠᠭᠠᠷᠠᠸ᠋ ᠴᠠᠬ ᠲᠸ᠋ ᠥᠰᠥᠷᠥᠡᠭᠭᠥᠢ ᠭᠠᠴᠠᠭ᠎ᠠ᠎ᠶᠢᠨ ᠮᠠᠯᠴᠢᠨ ᠲᠡᠮᠥᠷᠪᠠᠭᠠᠨ᠎ᠠ  ᠵᠡᠷᠭᠡ  ᠥᠢᠷ᠎ᠠ  ᠬᠤᠪᠢ᠎ᠶᠢᠨ 20 — 30 ᠮᠠᠯᠴᠢᠨ᠎ᠢ ᠲᠤᠬᠳᠠᠮᠠᠯ ᠪᠤᠰᠤ ᠬᠤᠭᠤᠴᠠᠭ᠎ᠠ ᠲᠠᠢ ᠪᠡᠷ ᠥᠢᠯᠡᠳᠪᠤᠷᠢ᠎ᠶᠢᠨ ᠲᠠᠰᠤᠬ ᠲᠠᠭᠠᠨ ᠲᠥᠷ ᠴᠠᠬ᠎ᠤᠨ ᠠᠵᠢᠯ ᠬᠢᠯᠭᠡᠵᠥ ᠬᠥᠯᠥᠰᠥ ᠤᠯᠭᠤᠮᠵᠢ ᠥᠭᠳᠡᠭ᠃ ᠲᠡᠳᠠᠨᠠᠷ ᠪᠥᠷ ᠠᠵᠢᠯ ᠬᠥᠳᠡᠯᠮᠥᠷᠢ᠎ᠳᠡᠭᠡᠨ ᠴᠠᠭᠠᠷᠠᠵᠥ᠂ ᠠᠵᠢᠯ ᠮᠡᠷᠭᠡᠵᠢᠯ᠎ᠤᠨ ᠬᠠᠪᠰᠤᠷᠤᠯᠴᠠᠭ᠎ᠠ᠂ ᠡᠳᠤᠷ ᠲᠤᠳᠤᠮ᠎ᠤᠨ ᠨᠥᠬᠥᠷᠯᠡᠯ ᠲᠤᠡᠭ ᠰᠠᠢᠨ ᠪᠠᠢᠵᠥ᠂ ᠨᠢᠬᠡᠨᠳᠠ ᠨᠢᠬᠡ ᠭᠡᠷ᠎ᠤᠨ ᠬᠥᠮᠥᠰ ᠰᠢᠭ ᠲᠠᠨᠢᠯ ᠲᠠᠰᠤᠯ ᠪᠤᠯᠵᠠᠢ᠃

ᠤᠳᠤᠬᠠᠨ᠎ᠳᠤ᠂ ᠠᠵᠤ ᠠᠬᠤᠢᠯᠠᠯ᠎ᠤᠨ 3 ᠵᠢᠯ᠎ᠦᠨ ᠶᠡᠷᠦᠩᠬᠡᠢ ᠪᠣᠷᠤᠯᠠᠭᠤᠯᠭ᠎ᠠ᠎ᠶᠢᠨ ᠬᠡᠮᠵᠢᠶ᠎ᠡ 1700 ᠭᠠᠷᠤᠢ ᠲᠦᠮᠡᠨ ᠲᠥᠭᠥᠷᠢᠭ᠎ᠲᠦ ᠬᠦᠷᠴᠦ᠂ ᠮᠠᠯᠴᠢᠨ ᠲᠠᠷᠢᠶᠠᠴᠢᠨ᠎ᠡᠴᠡ 1000 ᠭᠠᠷᠤᠢ  ᠲᠦᠮᠡᠨ ᠲᠥᠭᠥᠷᠢᠭ᠎ᠤᠨ ᠪᠤᠭ ᠮᠠᠯ ᠬᠤᠳᠠᠯᠳᠤᠨ ᠠᠪᠴᠤ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠂ ᠠᠵᠤ ᠦᠢᠯᠡᠰ᠎ᠢ ᠬᠥᠭᠵᠢᠭᠦᠯᠬᠦ᠂ ᠮᠠᠯᠴᠢᠨ ᠲᠠᠷᠢᠶᠠᠴᠢᠨ᠎ᠤ ᠣᠷᠣᠯᠭ᠎ᠠ᠎ᠶᠢ ᠨᠡᠮᠡᠭᠳᠡᠭᠦᠯᠬᠦ᠎ᠳᠦ ᠲᠤᠰᠠ ᠲᠥᠬᠥᠮ ᠦᠵᠡᠭᠦᠯᠵᠡᠢ᠃ ᠺᠣᠮᠫᠠᠨᠢ ᠨᠢ ᠴᠸ᠋ ᠤᠷᠢᠳ ᠬᠣᠵᠢᠳ 《ᠠᠢᠮᠠᠭ᠎ᠤᠨ ᠲᠠᠰ᠎ᠤᠨ ᠭᠣᠣᠯᠳᠠᠯᠭ᠎ᠠ᠎ᠲᠠᠢ ᠲᠠᠭᠠᠭᠤᠯᠤᠬᠴᠢ ᠠᠵᠤ ᠠᠬᠤᠢᠯᠠᠯ》᠂《ᠠᠢᠮᠠᠭ᠎ᠤᠨ ᠲᠠᠰ᠎ᠤᠨ ᠲᠠᠷᠢᠶᠠᠯᠠᠩ ᠮᠠᠯ ᠠᠵᠤ ᠠᠬᠤᠢ᠎ᠶᠢᠨ ᠠᠵᠤ ᠦᠢᠯᠡᠰ᠎ᠦᠨ ᠬᠣᠯᠪᠣᠭᠠᠲᠤ ᠴᠣᠭᠴᠠ》 ᠪᠠᠷ ᠦᠨᠡᠯᠡᠭᠳᠡᠭᠰᠡᠨ  ᠪᠥᠭᠡᠳ  ᠤᠯᠤᠰ᠎ᠤᠨ  ᠪᠣᠬᠢᠷᠲᠤᠯ  ᠦᠭᠡᠢ  ᠢᠳᠡᠭᠡᠨ᠎ᠦ ᠲᠡᠮᠳᠡᠭ᠎ᠦᠨ ᠭᠡᠷᠡᠴᠢᠯᠡᠯ ᠵᠢᠴᠢ 《ᠴᠠᠭᠠᠨ ᠨᠣᠤᠯᠤᠭᠤᠷ᠎ᠤᠨ ᠢᠮᠠᠭ᠎ᠠ》᠂ 《ᠠᠯᠠᠱᠠ᠎ᠶᠢᠨ ᠬᠣᠣᠰ ᠪᠥᠬᠥᠲᠦ ᠲᠡᠮᠡᠭᠡ》 ᠶ᠋ᠢᠨ ᠭᠠᠵᠠᠷ ᠵᠦᠢ ᠵᠢᠨ ᠢᠯᠡᠷᠬᠡᠢᠯᠡᠯᠳᠦ ᠲᠡᠮᠳᠡᠭ᠎ᠦᠨ ᠬᠡᠷᠡᠭᠯᠡᠬᠦ ᠡᠷᠬᠡ᠎ᠶᠢ ᠤᠯᠵᠤ᠂ 《ᠲᠣᠣᠷᠠᠢᠳᠤ ᠪᠦᠰᠡᠭᠦᠢ》 ᠲᠦᠷᠦᠯ ᠲᠡᠮᠳᠡᠭ ᠨᠢ ᠥᠪᠥᠷ ᠮᠣᠩᠭᠣᠯ᠎ᠤᠨ ᠨᠠᠷᠠᠲᠤ ᠲᠡᠮᠳᠡᠭ᠎ᠦᠨ ᠭᠠᠷᠴᠠᠭ᠎ᠲᠤ ᠵᠢᠭ᠍ᠰᠠᠭᠠᠭᠳᠠᠵᠠᠢ᠃

ᠨᠤᠳᠤᠬ ᠤᠰᠤᠨ᠎ᠤ ᠪᠠᠶᠠᠵᠢᠯ᠎ᠤᠨ ᠪᠤᠷᠤ ᠵᠠᠮ᠎ᠢᠶᠡᠷ

ᠪᠠᠶᠠᠷᠴᠢᠮᠡᠭ᠎ᠤᠨ ᠪᠤᠳᠤᠯ᠎ᠳᠦ ᠨᠤᠳᠤᠭ᠎ᠤᠨ ᠬᠢᠨᠢ ᠤᠯᠠᠨ ᠲᠦᠮᠡᠨ ᠨᠢ ᠰᠡᠳᠬᠢᠯ ᠵᠢᠷᠥᠭᠡᠨ᠎ᠳᠤᠨᠢ ᠤᠶᠠᠭᠠᠳᠠᠢ ᠪᠠᠢᠳᠠᠬ᠃ ᠥᠰᠥᠷᠥᠡᠭᠬᠥᠢ ᠭᠠᠴᠠᠭ᠎ᠠ᠎ᠳᠤ 440 ᠬᠥᠮᠥᠨ ᠠᠮᠠ ᠲᠠᠢ᠃ ᠲᠠᠳᠠ ᠨᠠᠷ ᠪᠥᠷ ᠪᠠᠶᠠᠷᠴᠢᠮᠡᠭ᠎ᠢ ᠮᠠᠰᠢ ᠶᠡᠬᠡ ᠢᠳᠡᠭᠡᠵᠦ ᠳᠡᠮᠵᠢᠳᠡᠭ᠃ ᠠᠷᠠᠳ ᠤᠯᠠᠨ᠎ᠤ ᠢᠳᠡᠬᠡᠯ ᠳᠡᠮᠵᠢᠯᠬᠡ ᠵᠢᠨ ᠬᠦᠴᠦᠨ᠎ᠳᠦ 2015 ᠣᠨ᠎ᠳᠤ ᠪᠠᠶᠠᠷᠴᠢᠮᠡᠭ ᠡᠵᠡᠨ᠎ᠡ ᠬᠣᠰᠢᠭᠤᠨ᠎ᠤ ᠪᠠᠶᠠᠨᠳᠤᠤᠷᠠᠢ ᠰᠤᠮᠤᠨ᠎ᠤ ᠦᠰᠦᠷᠦᠩᠬᠦᠢ ᠭᠠᠴᠠᠭᠠᠨ᠎ᠤ ᠳᠠᠷᠤᠭ᠎ᠠ ᠪᠡᠷ ᠰᠣᠩᠭᠣᠭᠳᠠᠵᠤ᠂ 2020 ᠣᠨ᠎ᠳᠤ ᠭᠠᠴᠠᠭᠠᠨ᠎ᠤ ᠨᠠᠮ᠎ᠤᠨ ᠡᠭᠦᠷ᠎ᠦᠨ ᠱᠦᠵᠢ ᠪᠤᠯᠤᠨ ᠭᠠᠴᠠᠭᠠᠨ ᠳᠠᠷᠤᠭ᠎ᠠ᠎ᠶᠢᠨ ᠲᠤᠰᠢᠶᠠᠯ ᠢ᠋ ᠬᠠᠪᠰᠤᠷᠭᠠᠨ ᠡᠭᠦᠷᠭᠡᠯᠡᠵᠠᠢ᠃ ᠤᠯᠠᠨ ᠵᠦᠢᠯ᠎ᠢ ᠠᠩᠬᠠᠷᠴᠤ ᠤᠷ᠎ᠠ ᠤᠬᠠᠭᠠᠨ᠎ᠢᠶᠡᠨ ᠰᠢᠪᠬᠠᠵᠥ ᠶᠠᠪᠤᠳᠠᠭ ᠪᠠᠶᠠᠷᠴᠢᠮᠡᠭ᠎ᠭᠠᠴᠠᠭᠠᠨ᠎ᠤ ᠪᠠᠨ  ᠤᠯᠠᠨ ᠥᠨᠳᠤᠰᠤᠳᠠᠨ ᠠᠭᠤᠰᠤᠯᠴᠠᠨ ᠰᠠᠭᠤᠷᠢᠰᠢᠬᠰᠠᠨ 440 ᠰᠠᠭᠤᠭᠠᠯᠢ ᠠᠷᠠᠳ᠎ᠤᠨ᠎ᠢᠶᠡᠨ ᠠᠮᠢᠳᠤᠷᠠᠯ ᠠᠬᠤᠢ ᠵᠢ  ᠶᠡᠷᠥᠳ᠋ᠡᠭᠡᠨ ᠰᠡᠳᠬᠢᠯ ᠳ᠋ᠡᠭᠡᠨ ᠲᠤᠡᠭᠭᠠᠨ ᠪᠤᠳᠤᠵᠥ᠂ ᠡᠭᠡ ᠵᠢ ᠨᠢ ᠡᠴᠡᠭᠡᠬᠥ ᠥᠬᠡᠢ ᠂ ᠲᠤᠭᠤᠯ᠎ᠢ ᠨᠢ ᠲᠤᠷᠠᠭᠠᠬᠤ ᠥᠬᠡᠢ  ᠡᠶ᠎ᠠ ᠡᠪᠳᠠᠢ ᠠᠪᠴᠤ ᠶᠠᠪᠤᠨ᠎ᠠ᠃

— 2016 ᠣᠨ᠎ᠳᠤ ᠪᠠᠶᠠᠷᠴᠢᠮᠡᠭ ᠡᠵᠡᠨ᠎ᠡ ᠬᠣᠰᠢᠭᠤᠨ᠎ᠤ ᠪᠠᠶᠠᠨᠲᠣᠤᠷᠠᠢ ᠰᠤᠮᠤᠨ᠎ᠤ ᠠᠷᠪᠠᠨ ᠮᠠᠯᠴᠢᠨ ᠡᠷᠦᠬᠡ᠎ᠶᠢ ᠳᠠᠭᠠᠭᠤᠯᠤᠨ ᠵᠧᠵᠢᠶᠠᠩ᠎ᠤᠨ ᠨᠠᠭᠠᠳᠤᠮ᠎ᠳᠤ ᠣᠷᠣᠯᠴᠠᠬᠤ ᠶᠠᠪᠤᠴᠠ ᠳ᠋ᠠᠭᠠᠨ ᠦᠨ᠎ᠡ ᠲᠥᠯᠥᠪᠦᠷᠢ ᠦᠭᠡᠢ᠎ᠪᠡᠷ ᠠᠮᠲᠠᠯᠠᠭᠤᠯᠬᠤ ᠵᠡᠷᠭᠡ ᠬᠡᠯᠪᠡᠷᠢ᠎ᠪᠡᠷ 1 ᠲᠣᠨ ᠭᠠᠷᠤᠢ ᠨᠤᠳᠤᠬ᠎ᠤᠨ ᠥᠬᠡᠷ ᠬᠤᠨᠢᠨ᠎ᠤ ᠮᠢᠬ᠎ᠠ ᠪᠠ ᠴᠠᠭᠠᠨ ᠢᠳᠡᠬᠡ ᠪᠣᠷᠣᠯᠠᠭᠤᠯᠵᠤ᠂ 10 ᠭᠠᠷᠤᠢ ᠲᠦᠮᠡᠨ ᠲᠥᠭᠥᠷᠢᠭ᠎ᠦᠨ ᠤᠷᠤᠯᠭ᠎ᠠ ᠡᠭᠦᠳᠴᠠᠢ᠃ ᠡᠨᠡ᠎ᠬᠦ ᠰᠠᠭᠤᠷᠢᠨ ᠲᠡᠭᠡᠷ᠎ᠠ ᠪᠠᠨ ᠪᠠᠶᠠᠷᠴᠢᠮᠡᠭ ᠬᠤᠪᠢ ᠵᠢᠨ ᠬᠤᠷᠠᠮᠳᠤᠭᠤᠯᠭ᠎ᠠ᠎ᠶᠢᠨ 130 ᠭᠠᠷᠤᠢ ᠲᠦᠮᠡᠨ ᠲᠦᠭᠦᠷᠢᠭ᠎ᠢᠶᠡᠨ ᠠᠰᠢᠬᠯᠠᠨ ᠭᠠᠴᠠᠭᠠᠨ ᠳ᠋ᠠᠭᠠᠨ ᠲᠡᠷᠭᠡᠨ ᠵᠤᠬᠰᠤᠭᠠᠯ᠂ ᠬᠤᠭ ᠨᠤᠪᠰᠢ ᠰᠢᠢᠳᠪᠦᠷᠢᠯᠡᠬᠦ ᠦᠷᠳᠡᠬᠡ᠂ ᠬᠠᠮᠳᠤ ᠵᠢᠨ ᠨᠤᠳᠤᠭ ᠪᠡᠯᠴᠢᠬᠡᠷ᠎ᠢ ᠳᠤᠰᠤᠯᠭᠠᠨ ᠤᠰᠤᠯᠠᠬᠤ ᠵᠡᠷᠭᠡ ᠲᠦᠷᠦᠯ ᠵᠦᠢᠯ᠎ᠢ ᠭᠤᠶᠤᠴᠢᠯᠠᠨ ᠤᠯᠵᠤ ᠭᠠᠴᠠᠭᠠᠨ᠎ᠤ ᠠᠷᠠᠳ ᠤᠯᠠᠨ᠎ᠢᠶᠡᠨ ᠪᠠᠶᠠᠰᠬᠠᠵᠠᠢ᠃

— ᠦᠰᠦᠷᠦᠩᠬᠦᠢ ᠭᠠᠴᠠᠭᠠᠨ᠎ᠤ ᠮᠠᠯᠴᠢᠨ ᠪᠠᠶᠠᠨᠵᠢᠷᠭᠠᠯ ᠤᠳᠤᠨᠭᠡᠷᠡᠯ᠎ᠤᠨ ᠬᠢ 2020 ᠤᠨ᠎ᠤ ᠬᠠᠪᠤᠷ ᠭᠠᠯ᠎ᠤᠨ ᠭᠠᠮᠰᠢᠬ ᠡᠴᠡ ᠪᠤᠯᠵᠤ ᠮᠤᠩᠭᠤᠯ ᠬᠡᠷ ᠨᠢ ᠰᠢᠳᠠᠬᠳᠠᠬᠰᠠᠨ ᠭᠠᠢ᠎ᠳᠦ ᠲᠠᠭᠠᠷᠢᠬᠳᠠᠵᠠᠢ᠃ ᠡᠨᠡ ᠴᠢᠮᠡᠬᠡ᠎ᠶᠢ ᠰᠤᠨᠤᠰᠤᠡᠭᠭᠤᠳᠠ ᠪᠠᠶᠠᠷᠴᠢᠮᠡᠭ ᠪᠠᠷᠢᠨ ᠳᠡᠳᠡᠨ᠎ᠤ᠎ᠭᠡᠷ ᠲᠤᠨᠢ  ᠬᠦᠷᠴᠦ᠂ ᠮᠤᠩᠭᠤᠯ ᠬᠡᠷ᠎ᠢ ᠨᠢ ᠰᠢᠨᠡᠳᠬᠡᠨ ᠵᠠᠰᠠᠵᠤ ᠦᠭᠭᠦ ᠵᠢᠨ ᠬᠠᠮᠳᠤ 2000 ᠲᠦᠭᠦᠷᠢᠭ ᠵᠢᠨᠷ ᠳᠤᠰᠠᠯᠠᠨ ᠳᠡᠮᠵᠢᠵᠠᠢ; ᠤᠳᠤᠨᠬᠡᠷᠡᠯ᠎ᠤᠨ ᠡᠵᠢ ᠨᠢ ᠵᠢᠷᠦᠬᠡᠨ ᠡᠪᠡᠳᠴᠢᠨ᠎ᠳᠦ ᠨᠡᠷᠪᠡᠬᠳᠡᠨ ᠭᠠᠴᠢᠬᠳᠠᠵᠤ ᠪᠠᠢᠬᠰᠠᠨ ᠦᠶ᠎ᠡ᠎ᠳᠦ ᠡᠮᠨᠡᠯᠬᠡ ᠵᠢᠨ ᠬᠤᠷᠢᠶ᠎ᠠ᠂ ᠡᠮᠴᠢ ᠡᠪᠡᠳᠴᠢᠨ ᠦᠵᠡᠬᠦᠯᠬᠦ ᠳ᠋ᠤᠨᠢ   ᠴᠸ᠋ ᠳᠤᠰᠠᠯᠠᠵᠥ ᠪᠠᠢᠯ᠎ᠠ᠃ ᠡᠨᠡ ᠵᠢᠯ᠎ᠤᠨ 5 ᠰᠠᠷ᠎ᠠ᠎ᠳᠤ ᠦᠰᠦᠷᠦᠩᠬᠦᠢ ᠭᠠᠴᠠᠭᠠᠨ᠎ᠤ ᠲᠠᠷᠢᠶᠠᠴᠢᠨ ᠯᠢ ᠶᠢᠨ ᠹᠦ ᠵᠢᠨ ᠬᠡᠷᠬᠡᠢ ᠨᠢ ᠡᠪᠡᠳᠴᠢᠯᠡᠭᠰᠡᠨ ᠴᠢᠮᠡᠬᠡ᠎ᠶᠢ ᠰᠤᠨᠤᠰᠤᠬᠰᠠᠨ ᠪᠠᠶᠠᠷᠴᠢᠮᠡᠭ ᠬᠤᠷᠠᠯ ᠵᠢᠨᠨ ᠳᠠᠭᠤᠰᠤᠩᠭᠤᠳᠠ ᠭᠠᠴᠠᠭ᠎ᠠ ᠵᠦᠪᠯᠡᠯ᠎ᠤᠨ ᠬᠡᠰᠢᠭᠦᠳ ᠵᠢᠨᠨ ᠵᠤᠬᠢᠶᠠᠨ ᠪᠠᠢᠭᠤᠯᠤᠨ ᠡᠷᠬᠢᠨ ᠦᠵᠡᠵᠦ᠂ 2000 ᠲᠦᠭᠦᠷᠢᠭ  ᠵᠢᠨᠷ  ᠳᠤᠰᠠᠯᠠᠪᠠ  ᠁

ᠪᠠᠶᠠᠷᠴᠢᠮᠡᠭ᠎ᠤᠨ ᠮᠠᠯᠴᠢᠨ ᠲᠠᠷᠢᠶᠠᠴᠢᠳ ᠵᠢᠨᠨ ᠳᠤᠰᠠᠯᠠᠨ ᠳᠡᠮᠵᠢᠭᠰᠡᠨ ᠥᠢᠯᠡ ᠠᠵᠢᠯᠯᠠᠭ᠎ᠠ ᠨᠤᠭᠤᠳ ᠨᠢ ᠨᠤᠳᠤᠬ ᠤᠰᠤᠨ᠎ᠤ ᠪᠠᠶᠠᠵᠢᠯ᠎ᠤᠨ ᠪᠤᠷᠤ ᠵᠠᠮ᠎ᠢᠶᠡᠷ ᠥᠯᠢᠭᠡᠷ ᠪᠤᠯᠵᠥ ᠲᠠᠮᠵᠢᠬᠳᠠᠨ᠎ᠠ᠃ 《ᠪᠠᠶᠠᠷᠴᠢᠮᠡᠭ ᠱᠥᠵᠢ ᠦᠨᠳᠦᠰᠦᠨ ᠱᠠᠳᠤᠨ᠎ᠤ ᠠᠵᠢᠯ᠎ᠢ ᠬᠢᠬᠦ᠎ᠳᠡᠭᠡᠨ ᠠᠷᠠᠳ ᠲᠦᠮᠡᠨ ᠲᠠᠢ ᠪᠡᠨ ᠦᠷᠬᠦᠯᠵᠢ ᠬᠠᠷᠢᠯᠴᠠᠵᠤ᠂ ᠳᠡᠳᠡᠨ᠎ᠤ ᠦᠵᠡᠯ ᠪᠤᠳᠤᠯ ᠰᠠᠨᠠᠯ᠎ᠢ ᠰᠤᠨᠤᠰᠳᠠᠭ᠃ ᠬᠡᠨ᠎ᠤ ᠬᠢᠨᠢ ᠶᠠᠮᠠᠷ ᠬᠦᠴᠢᠷᠳᠡᠯ ᠪᠠᠢᠬᠤ᠎ᠶᠢ ᠨᠢᠬᠡᠳ ᠨᠢᠬᠡ ᠪᠡᠷ ᠠᠰᠠᠭᠤᠨ ᠯᠠᠪᠯᠠᠵᠤ ᠴᠢᠳᠠᠯ᠎ᠤᠨ ᠵᠢᠨᠨ ᠳᠤᠳᠤᠷ᠎ᠠ ᠰᠢᠢᠳᠪᠦᠷᠢᠯᠡᠵᠦ ᠦᠭᠳᠡᠭ᠃ ᠮᠠᠨ᠎ᠤ ᠱᠦᠵᠢ ᠶᠤᠰᠤᠳᠠᠢ ᠠᠵᠢᠯ ᠳ᠋ᠠᠭᠠᠨ ᠰᠠᠢᠨ᠃ ᠮᠠᠯᠴᠢᠨ ᠠᠢᠯ᠎ᠢᠶᠡᠷ ᠬᠥᠷᠥᠭᠡᠳ ᠳᠡᠮᠡᠬᠡᠨ ᠬᠠᠰᠢᠶ᠎ᠠ ᠵᠠᠰᠠᠴᠢᠬᠠᠯ᠎ᠠ᠂ ᠬᠠᠳᠤᠯᠠᠡᠭ ᠬᠠᠳᠤᠵᠤ ᠭᠤᠸᠠ ᠵᠢᠮᠢᠰ᠎ᠢ ᠨᠢ ᠬᠤᠷᠢᠶᠠᠵᠤ ᠦᠭᠭᠦᠯ᠎ᠡ ᠭᠡᠰᠡᠨ ᠴᠢᠮᠡᠬᠡ ᠦᠷᠬᠦᠯᠵᠢ ᠰᠤᠨᠤᠰᠳᠠᠵᠦ  ᠪᠠᠢᠳᠠᠭ᠂ ᠤᠨᠴᠠᠭᠠᠢᠯᠠᠨ ᠭᠠᠯ᠎ᠤᠨ ᠭᠠᠮᠰᠢᠬ ᠲᠸ᠋ ᠲᠠᠭᠠᠷᠢᠬᠳᠠᠬᠰᠠᠨ ᠡᠴᠡ ᠨᠠᠭᠠᠰᠢ ᠮᠠᠨ᠎ᠤ ᠭᠡᠷ᠎ᠢ ᠨᠠᠡᠭ ᠠᠡᠭᠬᠠᠷᠴᠤ ᠬᠠᠷᠠᠭᠠᠯᠵᠡᠵᠥ᠂ ᠤᠯᠠᠨ ᠤᠳᠠᠭ᠎ᠠ ᠳᠤᠰᠠᠯᠠᠬᠰᠠᠨ》ᠭᠡᠵᠦ ᠲᠤᠰᠠᠯᠠᠮᠵᠢ ᠬᠥᠷᠳᠡᠭᠰᠡᠨ ᠮᠠᠯᠴᠢᠨ ᠤᠳᠤᠨᠭᠡᠷᠡᠯ ᠬᠤᠭᠤᠯᠠᠢ ᠡᠷᠢᠶᠡᠨᠳᠤᠬᠥᠯᠥᠨ ᠶᠠᠷᠢᠨ᠎ᠠ᠃

ᠬᠢᠭᠰᠡᠨ ᠪᠦᠲᠦᠭᠡᠭᠰᠡᠨ ᠵᠦᠢᠯᠡᠰ ᠨᠢ ᠬᠦᠮᠦᠰ᠎ᠤᠨ ᠨᠢᠳᠦᠨ᠎ᠳᠦ ᠦᠵᠡᠭᠳᠡᠭᠡᠳ ᠢᠷᠡᠬᠦᠯᠡᠷ ᠪᠠᠶᠠᠷᠴᠢᠮᠡᠭ ᠱᠥᠵᠢ᠎ᠰᠡᠳᠬᠢᠯ ᠳ᠋ᠡᠭᠡᠨ ᠰᠠᠮ ᠪᠠᠶᠠᠷᠯᠠᠬᠰᠠᠨ ᠴᠸ᠋ ᠮᠦᠷᠦᠨ ᠲᠡᠭᠡᠷᠡᠬᠢ ᠳᠠᠷᠤᠭᠠᠰᠤ ᠨᠢ ᠤᠯᠠᠮ ᠬᠦᠨᠳᠦᠷᠡᠭᠰᠡᠨ ᠰᠢᠭ ᠰᠠᠨᠠᠬᠳᠠᠳᠠᠬ ᠪᠤᠯᠵᠥ᠂ ᠬᠢᠬᠡ ᠦᠭᠡᠢ ᠠᠵᠢᠯ ᠮᠠᠰᠢ ᠤᠯᠠᠨ ᠪᠤᠢ ᠬᠡᠵᠥ ᠪᠡᠶ᠎ᠡ ᠳ᠋ᠡᠭᠡᠨ ᠦᠷᠬᠦᠯᠵᠢ ᠯᠠ ᠳᠠᠰᠢᠭᠤᠷ ᠨᠡᠮᠡᠳᠡᠭ᠃ ᠲᠡᠷᠡ ᠮᠠᠯᠴᠢᠨ ᠲᠠᠷᠢᠶᠠᠴᠢᠳ ᠲᠠᠭᠠᠨ ᠲᠤᠤᠷᠠᠢ ᠎ᠶᠢᠨ ᠮᠤᠳᠤᠨ᠎ᠤ᠋ ᠲᠤᠤᠷ᠎ᠠ ᠨᠠᠮ᠎ᠤᠨ ᠬᠢᠴᠢᠶᠠᠯ ᠬᠥᠮᠥᠵᠢᠯ ᠬᠢᠬᠥ᠂ ᠲᠤᠤᠷᠠᠢ᠎ᠶᠢᠨ ᠮᠤᠳᠤᠨ᠎ᠤ ᠲᠤᠤᠷ᠎ᠠ ᠥᠯᠢᠭᠡᠷ ᠶᠠᠷᠢᠬᠤ ᠵᠡᠷᠭᠡ ᠠᠷᠭ᠎ᠠ ᠬᠡᠯᠪᠡᠷᠢ ᠪᠡᠷ ᠨᠠᠮ᠎ᠤᠨ ᠲᠦᠷᠢᠮ ᠳᠤᠬᠳᠠᠭᠠᠯ᠂ ᠲᠦᠷᠦ ᠵᠢᠨ ᠪᠤᠳᠤᠯᠭ᠎ᠠ᠎ᠶᠢ ᠮᠠᠰᠢ ᠨᠠᠷᠢᠨ ᠨᠢᠮᠪᠠᠢ ᠲᠠᠢᠯᠪᠤᠷᠢᠯᠠᠨ ᠦᠭᠴᠦ᠂ ᠠᠯᠢᠪᠠ ᠵᠦᠷᠢᠴᠠᠯ ᠮᠠᠷᠭᠤᠭᠠᠨ᠎ᠢ ᠨᠢ ᠰᠢᠯᠤᠭᠤᠳᠬᠠᠨ ᠦᠭᠳᠡᠭ᠃ 《ᠦᠨᠡᠨᠳᠡᠬᠡᠨ ᠮᠠᠯᠴᠢᠨ ᠲᠠᠷᠢᠶᠠᠴᠢᠨ ᠲᠦᠮᠡᠨ ᠮᠠᠨᠢ ᠶᠠᠬ ᠯᠠ ᠬᠡᠤᠬᠡᠳ ᠰᠢᠭ᠂ ᠴᠢ ᠳᠡᠳᠡᠨ᠎ᠳᠦ ᠰᠠᠢᠬᠠᠨ ᠲᠠᠢᠯᠪᠤᠷᠢᠯᠠᠭᠠᠳ ᠦᠭᠴᠢᠬᠡᠪᠡᠯ ᠳᠡᠳᠡ ᠮᠠᠰᠢ ᠰᠠᠢᠬᠠᠨ ᠬᠦᠯᠢᠶᠡᠨ ᠠᠪᠳᠠᠬ᠂ ᠭᠡᠪᠡᠴᠦ ᠵᠠᠪᠠᠯ ᠲᠠᠭᠠᠭᠠᠮᠠᠭᠠᠢ ᠬᠦᠯᠢᠴᠡᠩᠭᠦᠢ ᠪᠠᠢᠬᠤ ᠬᠡᠷᠡᠭᠳᠡᠢ》 ᠭᠡᠵᠦ ᠪᠠᠶᠠᠷᠴᠢᠮᠡᠭ ᠤᠴᠢᠷᠯᠠᠵᠥ ᠪᠢᠯᠡ᠃

ᠲᠡᠷᠡ ᠪᠡᠷ ᠤᠷᠢᠳ ᠬᠤᠵᠢᠳ 《ᠪᠥᠬᠥ ᠤᠯᠤᠰ᠎ᠤᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠪᠠᠶᠠᠵᠢᠯ᠎ᠤᠨ ᠳᠠᠭᠠᠭᠤᠯᠤᠭ᠍ᠴᠢ》᠂ 《ᠥᠪᠡᠷᠲᠡᠭᠡᠨ ᠵᠠᠰᠠᠬᠤ ᠣᠷᠣᠨ᠎ᠤ  〈3 · 8 〉 ᠶ᠋ᠢᠨ ᠤᠯᠠᠭᠠᠨ ᠲᠤᠭ᠍ᠴᠢ》᠂ 《ᠪᠥᠬᠥ ᠣᠷᠣᠨ᠎ᠤ ᠮᠠᠯᠵᠢᠬᠤ ᠲᠠᠷᠢᠶᠠᠯᠠᠬᠤ ᠣᠷᠣᠨ᠎ᠤ ᠵᠠᠯᠠᠭᠤᠴᠤᠳ᠎ᠤᠨ ᠪᠠᠶᠠᠵᠢᠯ᠎ᠤᠨ ᠳᠠᠭᠠᠭᠤᠯᠤᠭ᠍ᠴᠢ ᠵᠢᠱ᠌ᠢᠶᠡᠴᠢ》᠂《ᠥᠪᠥᠷ ᠮᠣᠩᠭᠣᠯ᠎ᠤᠨ ᠤᠮᠠᠷᠠᠲᠤ ᠬᠢᠯᠢ᠎ᠶᠢᠨ ᠠᠳᠠᠯ ᠦᠢᠯᠡᠰ ᠴᠣᠭᠴᠠᠯᠠᠭᠰᠠᠨ ᠬᠠᠮᠤᠭ᠎ᠤᠨ ᠭᠣᠶᠣ᠌  ᠡᠮᠡᠭᠲᠡᠢ》 ᠁ ᠵᠡᠷᠭᠡ  ᠴᠥᠭᠡᠨ ᠪᠤᠰᠤ  ᠢᠷᠠᠭᠤ ᠠᠯᠳᠠᠷ ᠵᠢᠨᠷ ᠡᠩᠬᠡᠷ ᠵᠢᠨᠨ ᠮᠢᠯᠢᠶᠠᠯᠭᠠᠵᠤ ᠪᠢᠯᠡ᠃ ᠡᠳᠡᠭᠡᠷ ᠱᠠᠩᠨᠠᠯ ᠬᠦᠬᠢᠬᠦᠯᠦᠯ ᠨᠢ ᠲᠡᠭᠦᠨ᠎ᠳᠦ ᠤᠷᠮ᠎ᠠ ᠬᠠᠢᠷᠠᠯᠠᠬᠰᠠᠨ ᠵᠢᠨᠷ ᠪᠠᠷᠠᠬᠤ ᠦᠭᠡᠢ ᠦᠷᠬᠦᠯᠵᠢᠯᠡᠨ ᠴᠢᠷᠮᠠᠢᠬᠤ ᠢᠳᠡᠬᠡᠯ ᠵᠤᠷᠢᠬ᠎ᠢ ᠨᠢ ᠬᠥᠪᠴᠢᠯᠠᠵᠠᠢ᠃

ᠰᠢᠨ᠎ᠠ ᠴᠠᠬ ᠡᠷᠡᠨ᠎ᠤ ᠲᠡᠷᠳᠡᠡᠭ ᠵᠠᠮ᠎ᠢᠶᠡᠷ

ᠢᠨᠲᠧᠷ ᠰᠦᠯᠵᠢᠶ᠎ᠡ᠎ᠶᠢᠨ ᠲᠦᠷᠭᠡᠨ ᠬᠥᠭᠵᠢᠯᠲᠡ ᠪᠠ ᠰᠢᠨ᠎ᠡ ᠮᠡᠷᠭᠡᠵᠢᠯ᠎ᠦᠨ ᠥᠷᠭᠡᠨ᠎ᠢᠶᠡᠷ ᠬᠡᠷᠡᠭᠯᠡᠭᠳᠡᠬᠦ᠎ᠶᠢ ᠳᠠᠭᠠᠯᠳᠤᠨ᠂ ᠴᠤᠤᠷᠢᠶ᠎ᠠ᠂ ᠪᠤᠰᠢᠭᠤ ᠭᠠᠷ᠂ ᠸᠢᠳᠢᠤ᠋᠎ᠳ᠋ᠤᠭᠠᠷ ᠵᠡᠷᠭᠡ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ ᠦᠳᠲᠡᠷ ᠲᠦᠷᠭᠡᠨ ᠤᠷᠤᠨ ᠵᠠᠢ ᠲᠡᠯᠡᠭᠰᠡᠨ ᠦᠨᠦᠳᠦᠷ᠎ᠤᠨ ᠴᠠᠬ ᠡᠷᠡᠨ᠎ᠤ ᠤᠷᠤᠰᠬᠠᠯ᠎ᠳᠤ ᠪᠠᠶᠠᠷᠴᠢᠮᠡᠭ ᠴᠤᠤᠷᠢᠶ᠎ᠠ᠎ᠶᠢ ᠤᠷᠠᠨ᠎ᠢᠶᠠᠷ ᠠᠰᠢᠭ᠍ᠯᠠᠨ᠂ ᠭᠥᠯᠢᠶᠡᠨ ᠠᠪᠤᠭ᠍ᠴᠢᠳ᠎ᠤᠨ ᠬᠠᠷᠠᠭ᠎ᠠ ᠰᠤᠨᠤᠷ᠎ᠤᠨ ᠳᠤᠷ᠎ᠠ ᠬᠦᠰᠡᠯ᠎ᠢ ᠬᠠᠩᠭᠠᠵᠤ᠂ ᠨᠤᠲᠤᠭ᠎ᠤᠨ᠎ᠢᠶᠠᠨ ᠣᠨᠴᠠᠭᠠᠶ ᠦᠵᠡᠮᠵᠢ᠂ ᠦᠢᠯᠡᠳᠬᠦᠨ᠎ᠦ ᠲᠠᠨᠢᠯᠴᠠᠭᠤᠯᠭ᠎ᠠ ᠵᠡᠷᠭᠡ ᠡᠯ᠎ᠡ ᠲᠥᠷᠥᠯ᠎ᠦᠨ ᠤᠬᠤᠷ ᠸᠢᠳᠢᠤ᠋ ᠦᠢᠯᠡᠳᠴᠦ᠂ ᠨᠠᠩ ᠰᠢᠨ᠎ᠡ ᠰᠣᠷᠭᠣᠭ ᠠᠷᠭ᠎ᠠ ᠮᠠᠶᠢᠭ᠋᠎ᠢᠶᠠᠷ ᠤᠷᠤᠨ ᠨᠤᠲᠤᠭ᠎ᠤᠨ᠎ᠢᠶᠠᠨ ᠨᠡᠷ᠎ᠡ  ᠨᠥᠯᠥᠭᠡ ᠵᠢ ᠥᠷᠭᠡᠳᠭᠡᠵᠥ᠂ ᠪᠠᠬᠠᠷᠬᠠᠴᠢ ᠵᠢᠨ ᠲᠣᠭ᠎ᠠ 5.2 ᠲᠦᠮᠡ᠎ᠳᠦ ᠬᠦᠷᠴᠦ᠂ 33.5 ᠲᠦᠮᠡᠨ ᠬᠥᠮᠥᠨ ᠤᠳᠠᠭ᠎ᠠ  ᠰᠠᠢᠰᠢᠶᠠᠯ᠎ᠤᠨ ᠲᠠᠷᠤᠮ᠎ᠢ ᠭᠥᠷᠳᠡᠪᠡ᠃

2023 ᠣᠨ᠎ᠤ 3 ᠰᠠᠷ᠎ᠠ᠎ᠳᠤ ᠪᠡᠭᠡᠵᠢᠩ ᠥᠪᠥᠷ ᠮᠣᠩᠭᠣᠯ᠎ᠤᠨ ᠬᠡᠷᠡᠭᠯᠡᠭᠡᠨ᠎ᠦ ᠬᠠᠪᠰᠤᠷᠤᠨ ᠲᠡᠳᠬᠦᠵᠤ ᠲᠥᠪᠯᠡᠷᠡᠭᠦᠯᠦᠨ ᠴᠤᠭᠯᠠᠭᠤᠯᠬᠤ ᠲᠠᠨᠢᠯᠴᠠᠭᠤᠯᠭ᠎ᠠ ᠵᠢᠨ ᠬᠤᠷᠠᠯ ᠵᠢᠴᠢ ᠬᠠᠪᠰᠤᠷᠤᠨ ᠲᠡᠳᠬᠦᠬᠦ ᠪᠦᠲᠦᠭᠡᠭᠳᠡᠬᠦᠨ᠎ᠦ 《ᠲᠠᠪᠤ᠎ᠶᠢ ᠣᠷᠣᠭᠤᠯᠬᠤ》 ᠠᠵᠢᠯᠯᠠᠭ᠎ᠠ᠎ᠳᠤ ᠡᠵᠡᠨ᠎ᠡ ᠬᠣᠰᠢᠭᠤᠨ᠎ᠤ 《ᠳᠤᠤᠷᠠᠢᠳᠤ ᠪᠦᠰᠡᠬᠦᠢ》 ᠠᠵᠤ ᠦᠢᠯᠡᠰ᠎ᠦᠨ ᠬᠢᠵᠠᠭᠠᠷᠲᠤ ᠺᠣᠮᠫᠠᠨᠢ ᠨᠢ ᠡᠵᠡᠨ᠎ᠡ ᠬᠣᠰᠢᠭᠤᠨ᠎ᠤ ᠡᠯᠧᠺᠲᠷᠣᠨ ᠬᠤᠳᠠᠯᠳᠤᠭᠠᠨ᠎ᠤ ᠶᠠᠪᠤᠳᠠᠯ᠎ᠤᠨ ᠦᠢᠯᠡᠴᠢᠯᠡᠭᠡᠨ᠎ᠦ ᠲᠥᠪ᠎ᠲᠦ ᠴᠤᠤᠷᠢᠶ᠎ᠠ ᠳᠠᠪᠴᠠᠩ ᠵᠢᠨᠷ ᠰᠢᠭᠤᠳ ᠨᠠᠪᠲᠠᠷᠡᠭᠦᠯᠭᠡ ᠬᠢᠵᠦ ᠪᠠᠷᠠᠭ᠎ᠠ ᠪᠠᠨ ᠬᠤᠳᠠᠯᠳᠤᠪᠠ᠃ ᠰᠢᠭᠤᠳ ᠨᠡᠪᠲᠡᠷᠡᠭᠦᠯᠭᠡ ᠦᠵᠡᠭᠰᠡᠨ ᠬᠦᠮᠦᠨ᠎ᠤ ᠳᠤᠭ᠎ᠠ 3 ᠲᠦᠮᠡ᠎ᠶᠢ ᠳᠠᠪᠠᠵᠤ᠂ ᠢᠩᠭᠡᠨ ᠰᠦ ᠲᠠᠢ ᠴᠠᠢ᠂ ᠰᠢᠷ᠎ᠠ ᠳᠤᠰᠤᠳᠠᠢ ᠦᠷᠦᠮ᠎ᠡ ᠵᠢᠨ ᠨᠤᠨᠳᠠᠭ᠂ ᠳᠡᠮᠡᠬᠡᠨ ᠮᠢᠬᠠᠨ ᠬᠦᠮᠡᠯᠢ ᠵᠢᠨ ᠪᠠᠩᠰᠢ᠂ ᠢᠩᠬᠡᠨ ᠠᠢᠷᠠᠬ ᠵᠡᠷᠭᠡ 10 ᠵᠦᠢᠯ᠎ᠦᠨ ᠡᠵᠡᠨ᠎ᠡ ᠤᠨᠴᠠᠯᠢᠬᠳᠤ ᠦᠢᠯᠡᠳᠬᠦᠨ᠎ᠢ ᠪᠣᠷᠣᠯᠠᠭᠤᠯᠵᠤ᠂ ᠰᠢᠭᠤᠳ ᠨᠡᠪᠲᠡᠷᠡᠭᠦᠯᠦᠭᠰᠡᠨ ᠪᠣᠷᠤᠯᠠᠭᠤᠯᠭ᠎ᠠ᠎ᠶᠢᠨ ᠤᠷᠤᠯᠭ᠎ᠠ 3.1 ᠭᠠᠷᠤᠢ ᠲᠥᠮᠡᠨ ᠲᠥᠭᠥᠷᠢᠭ᠎ᠲᠦ ᠬᠦᠷᠴᠡᠢ᠃ 2023 ᠣᠨ᠎ᠳᠤ᠂ ᠡᠵᠡᠨ᠎ᠡ ᠬᠣᠰᠢᠭᠤᠨ᠎ᠤ ᠳᠤᠤᠷᠠᠢᠳᠤ ᠪᠦᠰᠡᠬᠦᠢ ᠠᠵᠤ ᠦᠢᠯᠡᠰ᠎ᠦᠨ ᠬᠢᠵᠠᠭᠠᠷᠲᠤ ᠺᠣᠮᠫᠠᠨᠢ ᠨᠢ ᠣᠷᠣᠨ᠎ᠤ ᠲᠠᠰ᠎ᠤᠨ 《ᠡᠵᠡᠨ᠎ᠡ ᠬᠣᠰᠢᠭᠤᠨ᠎ᠤ ᠲᠣᠣᠷᠠᠢᠳᠤ ᠡᠮᠡᠭᠲᠡᠢᠴᠦᠳ᠎ᠦᠨ ᠠᠵᠤ ᠦᠢᠯᠡᠰ᠎ᠦᠨ ᠤᠮᠠᠷᠠᠲᠤ ᠬᠢᠯᠢ᠎ᠶᠢᠨ ᠡᠮᠡᠭᠲᠡᠢᠴᠦᠳ᠎ᠦᠨ ᠡᠯᠧᠺᠲᠷᠣᠨ ᠬᠤᠳᠠᠯᠳᠤᠭᠠᠨ᠎ᠤ ᠰᠢᠭᠤᠳ ᠨᠡᠪᠲᠡᠷᠡᠭᠦᠯᠭᠡ᠎ᠶᠢᠨ ᠰᠠᠭᠤᠷᠢᠨ》 ᠢ᠋ ᠠᠮᠵᠢᠯᠲᠠ᠎ᠲᠠᠢ ᠪᠡᠷ  ᠭᠤᠶᠤᠴᠢᠯᠠᠨ ᠤᠯᠪᠠ᠃

ᠪᠠᠶᠠᠷᠴᠢᠮᠡᠭ ᠱᠥᠵᠢ ᠰᠢᠨ᠎ᠠ ᠴᠠᠬ ᠡᠷᠡᠨ᠎ᠤ ᠲᠡᠷᠳᠡᠡᠭ ᠵᠠᠮ᠎ᠢᠶᠡᠷ ᠴᠤᠴᠠᠯᠳᠠ ᠥᠬᠡᠢ ᠡᠷᠡᠮᠡᠭᠡᠢᠯᠡᠨ ᠤᠷᠤᠬᠰᠢᠯᠠᠬᠤ ᠳ᠋ᠠᠭᠠᠨ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠡᠷᠬᠢᠮ ᠨᠠᠨᠳᠢᠨ ᠵᠠᠡᠭ ᠰᠤᠷᠳᠠᠯ᠎ᠢᠶᠡᠨ ᠮᠠᠷᠳᠠᠭ᠎ᠠ ᠥᠬᠡᠢ᠃ ᠡᠨᠡ ᠵᠢᠯ᠎ᠤᠨ 1 ᠰᠠᠷ᠎ᠠ᠎ᠳᠤ ᠭᠤᠤᠯ᠎ᠤᠨ ᠤᠷᠤᠰᠬᠠᠯ ᠤᠰᠤᠨ᠎ᠤ  ᠨᠥᠯᠤᠭᠡ ᠡᠴᠡ ᠪᠤᠯᠵᠥ ᠬᠤᠰᠢᠭᠤ ᠤᠷᠤᠬᠤ᠎ᠳᠤ ᠲᠥᠬᠥᠮ ᠥᠬᠡᠢ ᠪᠤᠯᠤᠬᠰᠠᠨ ᠮᠠᠯᠴᠢᠨ ᠭᠤᠮᠪᠤᠵᠠᠪ᠎ᠤᠨ ᠪᠠᠢᠳᠠᠯ᠎ᠢ ᠤᠯᠵᠥ ᠮᠡᠳᠡᠭᠰᠡᠨ᠎ᠤ ᠲᠠᠷᠠᠭ᠎ᠠ ᠲᠡᠷᠡ ᠭᠠᠴᠠᠭᠠᠨ᠎ᠤ ᠠᠵᠢᠯᠳᠠᠳ᠎ᠢᠶᠡᠨ ᠵᠤᠬᠢᠶᠠᠨ ᠪᠠᠢᠭᠤᠯᠤᠨ ᠠᠮᠤ ᠲᠤᠰᠤ ᠭᠤᠯᠢᠷ ᠵᠡᠷᠭᠡ ᠪᠠᠴᠢᠮ ᠭᠡᠷᠡᠭᠯᠡᠭᠡᠨ᠎ᠤ ᠪᠤᠳᠠᠰ ᠬᠥᠷᠭᠡᠪᠠ᠃ ᠡᠨᠡ ᠵᠢᠯ᠎ᠤᠨ 4 ᠰᠠᠷ᠎ᠠ᠎ᠳᠤ ᠮᠠᠯᠴᠢᠨ ᠪᠤᠤ ᠲᠡᠯᠡᠬᠡᠢ᠎ᠶᠢᠨ ᠭᠡᠷ ᠲᠸ᠋ ᠬᠥᠷᠴᠤ᠂ ᠬᠤᠨᠢᠨ᠎ᠳᠤᠨᠢ ᠥᠨ᠎ᠠ ᠲᠥᠯᠥᠪᠤᠷᠢ ᠥᠬᠡᠢ ᠪᠡᠷ ᠲᠡᠷᠢᠯᠭ᠎ᠠ ᠬᠢᠬᠥ ᠠᠵᠢᠯ᠎ᠢᠶᠡᠨ ᠡᠬᠢᠯᠡᠬᠥᠯᠥᠭᠰᠡᠨ ᠡᠴᠡ ᠨᠠᠭᠠᠰᠢ᠂ ᠤᠳᠤᠬᠠᠨ ᠪᠤᠯᠳᠠᠯ᠎ᠠ᠂ ᠭᠠᠴᠠᠭᠠᠨ᠎ᠤ ᠪᠠᠨ ᠨᠡᠢᠳᠠ 58 ᠡᠷᠥᠭᠡ᠎ᠶᠢᠨ 8000 ᠭᠠᠷᠤᠢ ᠬᠤᠨᠢᠨ᠎ᠳᠤ ᠲᠡᠷᠢᠯᠭ᠎ᠠ ᠬᠢᠵᠥ ᠦᠭᠬᠦᠭᠰᠡᠨ ᠪᠠᠢᠨ᠎ᠠ᠃ ᠡᠳᠡᠭᠡᠷ ᠠᠷᠠᠳ᠎ᠢᠶᠡᠨ ᠬᠠᠷᠠᠭᠠᠯᠵᠠᠬᠰᠠᠨ ᠥᠯᠢᠭᠡᠷ ᠶᠠᠪᠤᠳᠠᠯ᠎ᠤᠳ ᠨᠢ ᠨᠤᠳᠤᠬ᠎ᠤᠨ ᠠᠷᠠᠳ ᠤᠯᠠᠨ᠎ᠤ ᠲᠤᠮᠳᠠ ᠰᠠᠢᠬᠠᠨ ᠵᠤᠭᠤᠬ ᠪᠤᠯᠤᠨ ᠲᠡᠯᠭᠡᠭᠳᠡᠨ᠎ᠠ᠃

ᠶᠡᠷᠦ ᠨᠢ ᠪᠠᠶᠠᠷᠴᠢᠮᠡᠭ ᠱᠥᠵᠢ ᠡᠳᠦᠷᠵᠢᠨ ᠪᠤᠷᠪᠢ ᠪᠤᠬᠢᠰᠬᠢᠯ ᠦᠭᠡᠢ ᠮᠤᠩᠭᠠᠨᠢᠵᠤ ᠯᠠ ᠪᠠᠢᠳᠠᠬ᠃ ᠲᠡᠭᠦᠨ᠎ᠤ ᠴᠢᠷᠮᠠᠢᠯᠭ᠎ᠠ ᠳᠤᠤᠷ᠎ᠠ ᠦᠰᠦᠷᠦᠩᠬᠦᠢ ᠭᠠᠴᠠᠭᠠᠨ᠎ᠤ ᠬᠦᠮᠦᠨ ᠳᠤᠮᠳᠠᠴᠢ ᠵᠢᠨ ᠵᠢᠯ᠎ᠤᠨ ᠤᠷᠤᠯᠭ᠎ᠠ 3 ᠲᠦᠮᠡᠨ ᠲᠦᠭᠦᠷᠢᠭ᠎ᠢ ᠳᠠᠪᠠᠵᠤ᠂ ᠭᠠᠴᠠᠭᠠᠨ᠎ᠤ ᠬᠠᠮᠳᠤ ᠵᠢᠨ ᠠᠵᠤ ᠠᠬᠤᠢ ᠵᠢᠨ ᠬᠤᠷᠠᠮᠳᠤᠭᠤᠯᠭ᠎ᠠ ᠶ᠋ᠢᠨ ᠮᠥᠡᠭᠬᠥ 110 ᠲᠦᠮᠡᠨ ᠲᠦᠭᠦᠷᠢᠭ᠎ᠲᠦ ᠬᠦᠷᠴᠠᠢ᠃《ᠬᠤᠵᠢᠮ ᠭᠠᠴᠠᠭᠠᠨ᠎ᠤ ᠪᠡᠨ ᠬᠠᠮᠳᠤ ᠵᠢᠨ ᠨᠤᠳᠤᠭ ᠪᠡᠯᠴᠢᠬᠡᠷ ᠲᠡᠭᠡᠷ᠎ᠡ ᠬᠤᠪᠢ ᠠᠢᠯ ᠪᠡᠯᠡ ᠤᠷᠤᠭᠤᠯᠤᠨ ᠮᠠᠰᠢᠨ ᠮᠧᠬᠠᠨᠢᠬ ᠰᠡᠯᠪᠢᠨ ᠵᠠᠰᠠᠬᠤ ᠭᠠᠵᠠᠷ ᠭᠠᠷᠭᠠᠵᠤ ᠤᠷᠤᠯᠭ᠎ᠠ ᠡᠬᠦᠳᠬᠦ ᠪᠡᠷ ᠵᠤᠷᠢᠬ ᠰᠢᠭᠤᠳᠴᠤ ᠪᠤᠢ》 ᠭᠡᠵᠦ ᠪᠠᠶᠠᠷᠴᠢᠮᠡᠭ ᠱᠥᠵᠢ ᠲᠠᠷᠠᠭᠠᠴᠢ ᠵᠢᠨ ᠲᠦᠰᠦᠪ ᠵᠢᠨᠨ ᠴᠤᠬᠤᠢᠯᠭᠠᠯ᠎ᠠ᠃

ᠪᠠᠶᠠᠷᠴᠢᠮᠡᠭ᠎ᠱᠥᠵᠢ᠎ᠶᠢᠨ ᠲᠠᠭᠠᠭᠤᠯᠭ᠎ᠠ ᠪᠡᠷ᠂ ᠦᠰᠦᠷᠦᠩᠬᠦᠢ ᠭᠠᠴᠠᠭᠠᠨ᠎ᠤ ᠢᠷᠡᠬᠦ ᠮᠠᠷᠭᠠᠰᠢ ᠨᠠᠡᠭ ᠨᠢᠬᠳᠠᠷᠠᠨ ᠪᠥᠯᠬᠥᠮᠳᠡᠵᠥ᠂ ᠨᠡᠩ ᠦᠰᠦᠷᠦᠩᠬᠦᠢ ᠬᠦᠭᠵᠢᠯᠳᠡ ᠲᠠᠪᠰᠢᠯᠳᠠ᠎ᠲᠠᠢ ᠪᠤᠯᠬᠤ ᠨᠢ ᠮᠡᠳᠡᠭᠡᠵᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号