ᠬᠤᠯᠪᠤᠭᠠᠰᠦ᠄
● ᠤᠪᠤᠭ᠎ᠠ ᠲᠤᠰᠬᠤᠨ 2015 ᠤᠨᠳᠤ ᠲᠦᠪᠤᠨ ᠤᠶᠤᠨᠤ ᠪᠤᠯᠪᠠᠰᠦᠨᠤ ᠪᠠᠢᠭᠤᠯᠤᠯᠲᠠ ᠵᠢᠨ ᠵᠢᠯᠤᠭᠤᠳᠬᠤ ᠵᠦᠪᠯᠡᠯ ᠡᠴᠡ ᠦᠨᠡᠯᠡᠨ ᠰᠢᠯᠭᠠᠷᠠᠭᠤᠯᠤᠬᠰᠠᠨ 《ᠪᠦᠬᠦ ᠤᠯᠤᠰᠤᠨ ᠪᠤᠯᠪᠠᠰᠦᠨ ᠲᠤᠰᠬᠤᠨ ᠪᠠᠯᠭᠠᠰᠦ》 ᠵᠢᠨ ᠨᠢᠬᠡ ᠪᠡᠷ ᠰᠤᠩᠭᠤᠬᠳᠠᠪᠠ᠃
● 2019 ᠤᠨᠳᠤ ᠪᠦᠬᠦ ᠤᠯᠤᠰᠤᠨ ᠬᠦᠭᠵᠢᠭᠦᠯᠦᠯᠲᠡ ᠪᠠ ᠦᠭᠡᠷᠡᠴᠢᠯᠡᠯᠲᠡ ᠵᠢᠨ ᠵᠦᠪᠯᠡᠯ ᠵᠢᠴᠢ ᠤᠯᠤᠰᠤᠨ ᠰᠤᠶᠦᠯ ᠪᠠ ᠵᠢᠭᠤᠯᠴᠢᠯᠠᠯᠤᠨ ᠶᠠᠮᠦᠨᠤ ᠬᠠᠮᠳᠤᠷᠠᠨ ᠨᠡᠢᠳᠡᠯᠡᠭᠰᠡᠨ ᠠᠩᠬᠠᠨᠤ ᠪᠦᠯᠦᠭ 《ᠪᠦᠬᠦ ᠤᠯᠤᠰᠤᠨ ᠬᠦᠳᠡᠭᠡ ᠲᠤᠰᠬᠤᠨᠤ ᠵᠢᠭᠤᠯᠴᠢᠯᠠᠯᠤᠨ ᠭᠤᠤᠯᠳᠠᠯᠭᠠᠳᠦ ᠲᠤᠰᠬᠤᠨ》 ᠵᠢᠡᠷ ᠰᠤᠩᠭᠤᠭᠳᠠᠪᠠ᠃
● 2020 ᠤᠨᠳᠤ᠂ ᠤᠪᠤᠭ᠍ᠡ ᠲᠤᠰᠬᠤᠨ ᠤᠯᠤᠰᠤᠨ ᠪᠠᠷᠢᠮᠵᠢᠶᠠᠵᠢᠭᠰᠠᠨ ᠪᠦᠲᠦᠭᠡᠨ ᠪᠠᠢᠭᠤᠯᠤᠯᠲᠠ ᠵᠢᠨ ᠵᠦᠪᠯᠡᠯᠤᠨ ᠨᠡᠢᠳᠡᠯᠡᠭᠰᠡᠨ 《ᠪᠦᠬᠦ ᠤᠯᠤᠰᠤᠨ ᠦᠵᠡᠰᠭᠦᠯᠡᠩᠲᠦ ᠰᠠᠢᠬᠠᠨ ᠬᠦᠳᠡᠭᠡ ᠲᠤᠰᠬᠤᠨᠤ ᠪᠠᠷᠢᠮᠵᠢᠶᠠᠵᠢᠭᠰᠠᠨ ᠪᠦᠲᠦᠭᠡᠨ ᠪᠠᠢᠭᠤᠯᠤᠯᠲᠠ ᠵᠢᠨ ᠲᠤᠷᠰᠢᠯᠲᠠ ᠵᠢᠨ ᠴᠡᠭᠤᠨ ᠲᠤᠰᠬᠤᠨ》 ᠵᠢᠡᠷ ᠰᠤᠩᠭᠤᠭᠳᠠᠪᠠ᠃
● 2022 ᠤᠨᠳᠤ ᠤᠪᠤᠭ᠍ᠡ ᠲᠤᠰᠬᠤᠨᠤ᠋ ᠰᠤᠶᠦᠯ ᠵᠢᠭᠤᠯᠴᠢᠯᠠᠯᠤᠨ ᠲᠠᠪᠴᠠᠩᠤᠨ ᠦᠢᠯᠡᠳᠪᠦᠷᠢᠯᠡᠯᠤᠨ ᠶᠡᠷᠦᠩᠬᠡᠢ ᠦᠷᠲᠡᠭ ᠨᠢ 10 ᠳ᠋ᠦᠩᠰᠢᠭᠤᠷ ᠲᠦᠭᠦᠷᠢᠭ ᠢ᠋ ᠲᠠᠪᠠᠵᠦ᠂ ᠵᠢᠯᠤᠨ ᠴᠡᠪᠡᠷ ᠤᠷᠤᠯᠭ᠍ᠡ ᠨᠢ 3 ᠳ᠋ᠦᠩᠰᠢᠭᠤᠷ ᠲᠦᠭᠦᠷᠢᠭ ᠲᠦ᠍ ᠬᠦᠷᠪᠠ᠃ ᠲᠤᠰᠬᠤᠨᠤ ᠠᠷᠠᠳᠤᠨ ᠬᠦᠮᠦᠨ ᠲᠤᠮᠳᠠᠴᠢ ᠵᠢᠨ ᠵᠢᠯᠤᠨ ᠲᠡᠭᠰᠢᠳᠭᠡᠭᠰᠡᠨ ᠤᠷᠤᠯᠭ᠍ᠡ ᠨᠢ 2012 ᠤᠨᠳᠤ 1600 ᠲᠦᠭᠦᠷᠢᠭ ᠪᠠᠢᠭᠰᠠᠨ ᠡᠴᠡ ᠪᠠᠨ ᠤᠳᠤ 5 ᠲᠦᠮᠨᠨ ᠲᠦᠭᠦᠷᠢᠭ ᠪᠤᠯᠵᠤ ᠨᠡᠮᠡᠭᠳᠡᠵᠡᠢ᠃
ᠦᠷᠭᠡᠨ ᠲᠡᠭᠰᠢ ᠴᠠᠷᠳᠠᠮᠠᠯ ᠵᠠᠮ᠂ ᠬᠦᠷᠬᠢᠷᠠ ᠪᠠᠭᠤᠬᠰᠠᠨ ᠵᠤᠬᠢᠶᠠᠮᠠᠯ ᠠᠭᠤᠯᠠ᠂ ᠵᠢᠭᠠᠰᠤ ᠴᠤᠯᠬᠢᠨ ᠨᠤᠭᠤᠰᠤ ᠰᠦᠷᠦᠭᠯᠡᠭᠰᠡᠨ ᠨᠠᠭᠤᠷ᠂ ᠵᠢᠷᠤᠭ ᠲᠠᠳᠠᠳᠠᠭ ᠮᠤᠳᠤᠨ ᠬᠦᠭᠦᠷᠭᠡ᠂ ᠤᠷᠠᠯᠢᠭᠤᠨ ᠭᠤᠸ᠎ᠠ ᠵᠢ ᠦᠵᠡᠬᠦᠯᠦᠭᠰᠡᠨ ᠱᠤᠭᠤᠮᠠᠯ᠂ ᠤᠷᠠᠨ ᠲᠠᠷᠬᠠᠨᠤ ᠭᠠᠷᠢᠶᠡᠷ ᠪᠤᠰᠤᠬᠰᠠᠨ ᠡᠷᠳᠡᠨᠤ ᠪᠠᠷᠢᠯᠭ᠎ᠠ᠂ ᠡᠸᠦᠢ᠍ᠷᠦᠫᠠ ᠮᠠᠶᠢᠭᠤᠨ ᠪᠦᠳᠦᠴᠠ ᠲᠠᠢ ᠤᠷᠤᠨ ᠰᠠᠭᠤᠴᠠ ᠵᠢᠨ ᠠᠰᠠᠷ ᠁ ᠬᠦᠷᠦᠭᠰᠡᠨ ᠪᠤᠯᠭᠠᠨ 《ᠡᠨᠡ ᠴᠢᠨᠢ ᠵᠢᠶᠠᠩᠨᠠᠨ ᠤᠷᠤᠨᠤ ᠶᠠᠮᠠᠷ ᠬᠤᠳᠠ ᠪᠤᠯᠴᠢᠬᠠᠪᠠ?》 ᠬᠡᠵᠤ ᠡᠨᠳᠡᠬᠦᠷᠡᠮᠡᠷ ᠡᠨᠡ ᠭᠠᠵᠠᠷ ᠪᠤᠯ ᠬᠦᠬᠡᠬᠤᠳᠠ ᠵᠢᠨ ᠰᠢᠨ᠎ᠠ ᠬᠤᠳᠠ ᠲᠤᠭᠤᠷᠢᠭᠤᠨ ᠪᠤᠷᠤᠬᠤᠰᠢᠭᠤ ᠪᠠᠯᠭᠠᠰᠤᠨᠤ 《ᠤᠪᠤᠭ᠎ᠠ》 ᠲᠤᠰᠬᠤᠨ᠂ ᠲᠡᠢᠮᠦ ᠡ᠂ ᠡᠨᠡ ᠪᠤᠯ ᠨᠢᠭᠡᠨ ᠲᠤᠰᠬᠤᠨ᠃
ᠭᠤᠷᠪᠠᠨ ᠵᠠᠭᠤᠨᠤ ᠲᠡᠦᠬᠡ ᠵᠢ ᠦᠩᠭᠡᠷᠡᠭᠦᠯᠦᠭᠰᠡᠨ ᠡᠨᠡ ᠲᠤᠰᠬᠤᠨ ᠳ᠋ᠤ ᠤᠳᠤ ᠮᠤᠩᠭᠤᠯ᠂ ᠬᠢᠲᠠᠳ᠂ ᠦᠢᠭᠤᠷ᠂ ᠮᠠᠨᠵᠦ᠂ ᠬᠤᠲᠤᠩ ᠵᠡᠷᠭᠡ ᠤᠯᠠᠨ ᠦᠨᠳᠦᠰᠦᠲᠡᠨᠤ ᠠᠷᠠᠳ ᠲᠦᠮᠡᠨ ᠨᠢᠭᠡ ᠭᠡᠷ ᠪᠦᠯᠢ ᠪᠤᠯᠵᠤ ᠡᠶ᠎ᠡ ᠨᠠᠢᠷ ᠲᠠᠢ ᠠᠮᠢᠳᠤᠷᠠᠨ ᠤᠷᠤᠰᠢᠵᠦ ᠪᠤᠢ᠃ 7 ᠰᠠᠷ᠎ᠡ ᠵᠢᠨ ᠰᠡᠭᠦᠯᠴᠢ ᠪᠠᠷ ᠮᠠᠨᠤ ᠰᠤᠷᠪᠤᠯᠵᠢᠯᠠᠬᠤ ᠲᠤᠭᠤᠢᠯᠠᠩᠤᠨ ᠬᠢᠨ ᠤᠪᠤᠭ᠍ᠡ ᠲᠤᠰᠬᠤᠨᠳᠤ ᠰᠤᠷᠪᠤᠯᠵᠢᠯᠠᠵᠤ ᠶᠠᠪᠤᠬᠤ ᠳ᠋ᠠᠭᠠᠨ ᠤᠳᠤᠬᠢᠴᠢᠯᠠᠭᠰᠠᠨ ᠬᠤᠲᠠ ᠬᠡᠮᠡᠷᠬᠡᠨ ᠴᠡᠪᠡᠷ ᠲᠡᠭᠰᠢᠭᠡᠨ᠂ ᠦᠵᠡᠮᠵᠢ ᠪᠠᠷᠢᠯᠭ᠎ᠠ ᠵᠢ ᠨᠢ ᠪᠠᠬᠠᠷᠬᠠᠨ ᠱᠠᠬᠰᠢᠬᠰᠠᠨ᠂ ᠨᠡᠩ ᠴᠤ᠌ ᠡᠨᠡ ᠨᠤᠳᠤᠭᠤᠨ ᠬᠦᠮᠦᠨ ᠠᠷᠠᠳᠤᠨ ᠬᠢᠨ ᠦᠵᠡᠰᠭᠦᠯᠡᠩᠲᠦ ᠰᠠᠢᠬᠠᠨ ᠬᠠᠮᠳᠤ ᠵᠢᠨ ᠬᠡᠷ ᠤᠷᠤᠨᠢᠶᠡᠨ ᠪᠦᠲᠦᠭᠡᠨ ᠪᠠᠢᠭᠤᠯᠬᠤ ᠵᠢᠨ ᠲᠦᠯᠦᠭᠡ ᠪᠦᠯᠬᠦᠮᠳᠡᠨ ᠲᠡᠮᠡᠴᠡᠭᠰᠡᠨ ᠦᠯᠢᠭᠡᠷ ᠦᠢᠯᠡ ᠵᠢ ᠨᠢ ᠡᠷᠬᠡ ᠦᠬᠡᠢ ᠪᠢᠰᠢᠷᠡᠨ ᠭᠠᠢᠬᠠᠵᠤ ᠪᠢᠯᠠ᠃

《ᠠᠢᠯᠤᠨ ᠤᠯᠨᠨᠤ ᠪᠠᠨ ᠢᠳᠡᠭᠡᠯᠢ ᠬᠦᠰᠡᠷᠳᠡᠬᠦᠯᠵᠤ ᠪᠢ ᠲᠦᠪᠳᠡᠬᠦ ᠦᠬᠡᠢ!》
ᠬᠤᠯᠠ ᠵᠢ ᠪᠤᠤ ᠬᠡᠯᠡ᠂ ᠬᠤᠷᠢᠨ ᠵᠢᠯᠤᠨ ᠡᠮᠦᠨ᠎ᠡ᠂ ᠤᠪᠤᠭ᠎ᠠ ᠲᠤᠰᠬᠤᠨ ᠲᠤᠭ᠎ᠠ ᠲᠠᠢ ᠬᠡᠳᠦᠨ ᠮᠤ᠌ ᠲᠠᠷᠢᠶ᠎ᠠ ᠪᠠᠨ ᠲᠦᠰᠢᠨ ᠲᠡᠭᠷᠢ ᠵᠢᠨ ᠴᠢᠷᠡᠢ ᠬᠠᠷᠠᠵᠤ ᠠᠮᠢᠳᠤᠷᠠᠵᠤ ᠵᠢᠯ ᠳ᠋ᠠᠭᠡᠨ ᠶᠠᠪᠤᠵᠤ ᠤᠨ ᠳ᠋ᠠᠭᠠᠨ ᠮᠤᠩᠭᠠᠨᠢᠭᠠᠳ ᠢᠳᠡᠵᠤ ᠡᠮᠦᠰᠬᠦ ᠳ᠋ᠡᠭᠡᠨ ᠴᠤ᠌ ᠵᠦᠪ ᠦᠬᠡᠢ ᠶᠠᠳᠠᠭᠤ ᠲᠤᠰᠬᠤᠨ ᠪᠠᠢᠵᠠᠢ᠃ ᠲᠤᠬᠠᠢ ᠵᠢᠨ ᠦᠶ᠎ᠡ ᠵᠢᠨ ᠲᠤᠰᠬᠤᠨᠤ ᠠᠷᠠᠳᠤᠨ ᠪᠤᠳᠤᠯ ᠲᠠᠭᠠᠮᠠᠬᠯᠠᠯ ᠳ᠋ᠤ ᠲᠦᠰᠦᠭᠡᠯᠡᠬᠦ ᠵᠢᠨ ᠠᠷᠭ᠎ᠠ ᠦᠬᠡᠢ ᠪᠠᠢᠬᠰᠠᠨ ᠦᠨᠦᠳᠤᠷᠤᠨ ᠬᠤᠪᠢᠷᠠᠯᠳᠠ ᠵᠢ ᠲᠤᠭᠠᠴᠢᠬᠤ ᠳ᠋ᠤ ᠡᠨᠡ ᠨᠤᠲᠤᠭᠤᠨ ᠰᠤᠳᠤᠨ ᠦᠷ᠎ᠡ ᠨᠢ ᠪᠤᠯᠤᠬᠰᠠᠨ ᠯᠢ ᠾᠸᠩ ᠪᠢᠶᠤᠤ ᠵᠢᠨ ᠠᠴᠢ ᠵᠢᠳᠬᠦᠯᠢ ᠲᠤᠷᠠᠳᠬᠤ ᠦᠬᠡᠢ ᠪᠠᠢᠵᠤ ᠦᠯᠦ ᠪᠤᠯᠤᠨ᠎ᠠ᠃
ᠯᠢ ᠾᠸᠩ ᠪᠢᠶᠤᠤ ᠭᠡᠵᠤ ᠬᠦᠷᠦᠰᠦᠯᠢᠭ ᠴᠢᠷᠠᠢ᠂ ᠬᠦᠲᠡᠷᠯᠢᠭ ᠪᠡᠶ᠎ᠡ᠂ ᠬᠦᠩᠬᠢᠨᠡᠮ᠎ᠠ ᠲᠠᠭᠤ ᠲᠠᠢ᠂ ᠵᠢᠷᠠᠨᠤ ᠲᠠᠪᠠᠭ᠎ᠠ ᠵᠢ ᠲᠠᠪᠠᠵᠤ ᠶᠠᠪᠤᠭ᠎ᠠ ᠶᠠᠭ ᠡᠨᠡ ᠲᠤᠰᠬᠤᠨᠤ ᠤᠤᠭᠠᠯ᠃ ᠮᠠᠨᠤᠰᠤᠨ ᠰᠤᠷᠪᠤᠯᠵᠢᠯᠠᠭ᠎ᠠ ᠵᠢ ᠬᠦᠯᠢᠶᠡᠬᠦ ᠦᠶ᠎ᠠ ᠳ᠋ᠤ ᠴᠠᠪ ᠴᠠᠭᠠᠨ ᠬᠠᠨᠳᠠᠭᠠᠵᠠᠨ ᠲᠡᠭᠡᠷ᠎ᠡ ᠪᠠᠨ ᠨᠠᠮᠤᠨ ᠰᠦᠯᠳᠡ ᠵᠢᠨ ᠲᠡᠮᠳᠡᠭ ᠢᠶᠡᠨ ᠵᠡᠬᠦᠭᠰᠡᠨ ᠦᠬᠡᠢ ᠪᠤᠯ ᠡᠨᠡ ᠲᠤᠰᠬᠤᠨᠤ ᠱᠦᠵᠢ ᠬᠡᠵᠤ ᠢᠳᠡᠬᠡᠵᠤ ᠶᠠᠳᠠᠮᠠᠷᠬᠠᠨ᠃ ᠶᠠᠷᠢᠶ᠎ᠠ ᠬᠦᠭᠡᠷᠦᠭᠡ ᠳ᠋ᠤᠨᠢ ᠲᠡᠬᠦᠨᠤ ᠤᠬᠠᠭᠠᠨ ᠲᠠᠮᠢᠷ᠂ ᠡᠷᠡᠰ ᠰᠢᠭᠤᠷᠬᠠᠢ᠂ ᠦᠨᠡᠨᠴᠢ ᠪᠤᠷᠤᠬᠵᠢᠭᠤᠨ ᠠᠷᠠᠨᠰᠢᠨ ᠨᠢ ᠢᠯᠡᠭᠡᠨ ᠮᠡᠳᠡᠭᠳᠡᠨ᠎ᠡ᠃

ᠲᠡᠭᠡᠷ᠎ᠡ ᠵᠠᠭᠤᠨᠤ ᠨᠠᠶᠠᠭᠠᠳ ᠤᠨᠳᠤ ᠲᠡᠳᠡᠨᠡᠢᠬᠢᠨ ᠠᠮᠢᠳᠤᠷᠠᠯ ᠨᠢ ᠶᠠᠳᠠᠭᠤ᠂ ᠠᠬᠡ ᠲᠡᠭᠦᠤ ᠤᠯᠠᠭᠤᠯᠠ ᠵᠢᠨ ᠬᠠᠷᠠᠭ᠍ᠡ ᠡᠴᠡ ᠠᠷᠪᠠᠨ ᠲᠦᠷᠪᠡᠬᠡᠨ ᠨᠠᠰᠦᠲᠠᠢ ᠯᠢ ᠾᠸᠩ ᠪᠢᠶᠤᠤ ᠰᠤᠷᠤᠯᠭ᠍ᠡ ᠪᠠᠨ ᠲᠤᠷᠭᠤᠨ ᠵᠤᠭᠰᠤᠵᠦ ᠭᠡᠷ ᠪᠦᠯᠢ ᠵᠢᠨ ᠵᠢᠡᠨ ᠲᠠᠷᠤᠭᠠᠰᠦ ᠵᠢ ᠬᠦᠩᠭᠡᠯᠡᠬᠦ ᠪᠠᠷ ᠭᠠᠳᠠᠭᠰᠢ ᠭᠠᠷᠴᠦ ᠠᠵᠢᠯ ᠬᠢᠵᠤ ᠶᠠᠪᠤᠵᠠᠢ᠃ ᠲᠡᠷᠡ ᠪᠠᠷ ᠪᠠᠷᠢᠯᠭ᠍ᠡ ᠵᠢᠨ ᠠᠵᠢᠯ᠂ ᠲᠡᠭᠡᠭᠡᠪᠦᠷᠢ᠂ ᠠᠷᠠᠯᠵᠢᠶ᠎ᠡ ᠮᠠᠢᠮᠠᠢ ᠬᠡᠳ ᠤᠯᠠᠨ ᠠᠵᠢᠯ ᠲᠦᠷᠦᠯᠢ ᠡᠵᠡᠩᠨᠡᠵᠦ ᠦᠩᠭᠡᠷᠡᠵᠠᠢ᠃ ᠲᠡᠷᠢᠬᠢ ᠬᠤᠷᠴᠠ᠂ ᠰᠢᠨᠳᠠᠰᠤ ᠬᠠᠳᠠᠭᠤ ᠲᠡᠷᠡ ᠪᠡᠷ ᠢᠩᠬᠢᠵᠤ ᠬᠤᠷᠢ ᠭᠠᠷᠤᠢ ᠵᠢᠯᠴᠢᠷᠮᠠᠢᠵᠤ ᠦᠪᠡᠷᠤᠨᠢᠶᠡᠨ ᠪᠠᠷᠢᠯᠭ᠍ᠡ ᠵᠢᠨ ᠺᠤᠮᠫᠠᠨᠢ ᠪᠠ ᠠᠷᠠᠯᠵᠢᠶᠠᠨᠤ ᠺᠤᠮᠫᠠᠨᠢ ᠪᠠᠨ ᠪᠠᠢᠭᠤᠯᠤᠬᠰᠠᠨ ᠪᠠᠢᠨ᠎ᠠ᠃
《ᠬᠦᠮᠦᠨᠤ ᠭᠠᠵᠠᠷ ᠬᠦᠨᠳᠡᠯᠡᠨ ᠨᠤᠳᠤᠭ ᠲᠤ᠌ ᠲᠡᠮᠡᠴᠡᠵᠤ ᠶᠠᠪᠤᠭᠰᠠᠨ ᠤᠨ ᠵᠢᠯᠤᠳ ᠲᠦ᠍ ᠨᠤᠲᠤᠭᠤᠨ ᠮᠢᠨᠢ ᠠᠢᠯ ᠠᠢᠮᠠᠭ ᠨᠠᠳᠠ ᠵᠢ ᠤᠯᠠᠨ ᠤᠳᠠᠭ᠍ᠡ ᠬᠠᠪᠰᠤᠷᠤᠨ ᠲᠤᠰᠠᠯᠠᠵᠦ ᠰᠡᠳᠬᠢᠯᠤᠨ ᠲᠠᠮᠢᠷ ᠤᠯᠭᠤᠵᠦ᠂ ᠪᠡᠷᠬᠡ ᠵᠢ ᠲᠠᠪᠠᠬᠤ ᠡᠷᠴᠢ ᠬᠦᠴᠦᠨ ᠬᠠᠢᠷᠠᠯᠠᠬᠰᠠᠨ ᠶᠤᠮ》 ᠭᠡᠵᠦ ᠲᠡᠷᠡ ᠦᠨᠳᠦᠰᠦ ᠨᠢᠮᠬᠡᠨ ᠨᠤᠳᠤᠭᠢᠶᠡᠨ ᠦᠷᠤᠴᠡᠨ ᠳ᠋ᠡᠭᠡᠨ ᠢᠮᠠᠬᠳᠠ ᠠᠬᠤᠭᠤᠯᠵᠤ᠂ ᠦᠷᠦ ᠨᠢᠭᠡᠳᠡᠢ ᠠᠢᠯ ᠠᠢᠮᠠᠭᠢᠶᠡᠨ ᠪᠠᠢᠩᠭᠤ ᠲᠤᠷᠠᠰᠤᠨ᠂ ᠲᠠᠳᠠᠨᠤ ᠲᠦᠯᠦᠬᠡ ᠰᠠᠨᠠᠭᠠᠰᠢᠷᠠᠳᠠᠭ᠃ ᠡᠢᠨ ᠬᠦ᠌ ᠭᠠᠷ ᠲᠠᠭᠠᠨ ᠵᠢᠭᠠᠬᠠᠨ ᠮᠦᠩᠬᠦ ᠲᠠᠢ ᠪᠤᠯᠵᠤ ᠭᠠᠨᠵᠤᠭ᠎ᠠ ᠲᠤᠰᠤᠳᠠᠵᠤ ᠡᠬᠢᠯᠡᠬᠦ ᠪᠡᠷ 2003 ᠤᠨ ᠡᠴᠡ ᠡᠬᠢᠯᠡᠨ ᠲᠡᠷᠡ ᠵᠢᠯ ᠪᠦᠷᠢ 10 ᠭᠠᠷᠤᠢ ᠲᠦᠮᠡᠨ ᠲᠦᠭᠦᠷᠢᠭ ᠭᠠᠷᠭᠠᠵᠦ᠂ ᠲᠤᠰᠬᠤᠨᠤ ᠪᠠᠨ ᠨᠠᠰᠦᠲᠠᠳ ᠪᠠ ᠬᠡᠤᠭᠡᠳ ᠲᠦ᠍ ᠪᠡᠯᠡᠭ ᠪᠤᠯᠭᠠᠨ ᠤᠯᠠᠭᠠᠨ ᠪᠠᠭᠯᠠᠭ᠍ᠡ ᠭᠠᠷᠳᠠᠭᠤᠯᠳᠠᠭ ᠪᠤᠯᠵᠠᠢ᠂ ᠲᠡᠷᠡ ᠡᠨᠡ ᠬᠦ᠌ ᠵᠤᠷᠰᠢᠯᠢᠶᠡᠨ 2010 ᠤᠨ ᠪᠤᠯᠳᠠᠯ᠎ᠠ ᠪᠠᠷᠢᠮᠳᠠᠯᠠᠵᠤ ᠪᠢᠯᠡ᠃
2009 ᠤᠨᠤ ᠨᠢᠭᠡᠨ ᠡᠳᠦᠷ ᠪᠠᠢᠵᠦ ᠪᠢᠯᠡ᠃ ᠲᠤᠬᠠᠢ ᠵᠢᠨ ᠦᠶ᠎ᠠ ᠵᠢᠨ ᠲᠤᠰᠬᠤᠨᠤ ᠠᠬᠠᠮᠠᠳ ᠱᠦᠵᠢ᠂ ᠲᠤᠰᠬᠤᠨᠤ ᠲᠠᠷᠤᠭ᠍ᠡ ᠲᠡᠷᠢᠭᠦᠲᠠᠢ ᠬᠡᠳᠦᠨ ᠬᠦᠮᠦᠨ ᠯᠢ ᠾᠸᠩ ᠪᠢᠶᠤᠤ ᠵᠢ ᠡᠷᠢᠵᠦ ᠢᠷᠡᠪᠠ᠃ ᠠᠬᠠᠮᠠᠳ ᠱᠦᠵᠢ ᠲᠡᠭᠦᠨ ᠲᠠᠢ ᠤᠴᠠᠷᠠᠮᠠᠭᠴᠠ᠄ 《ᠤᠪᠤᠭ᠍ᠡ ᠲᠤᠰᠬᠤᠨᠤ ᠤᠯᠠᠨ ᠲᠦᠮᠡᠨ ᠠᠯᠢ ᠡᠳᠦᠷ ᠰᠠᠶᠢ ᠶᠠᠳᠠᠭᠤ ᠵᠦᠳᠡᠬᠦᠦ ᠤᠨᠳᠤᠷᠤᠯᠭ᠎ᠠ ᠡᠴᠡ ᠪᠠᠨ ᠰᠠᠯᠬᠤ ᠪᠤᠢ? ᠤᠯᠠᠨᠤ ᠰᠠᠨᠠᠭ᠍ᠡ ᠵᠢ ᠴᠢᠮ᠎ᠡ ᠳ᠋ᠤ ᠲᠠᠮᠵᠢᠭᠤᠯᠵᠤ ᠪᠠᠢᠨ᠎ᠠ᠂ ᠴᠢ ᠲᠤᠰᠬᠤᠨ ᠳ᠋ᠠᠭᠠᠨ ᠬᠠᠷᠢᠵᠤ ᠤᠯᠠᠨᠢ ᠲᠠᠭᠠᠭᠤᠯᠵᠤ ᠠᠷᠭ᠎ᠠ ᠪᠤᠳᠤ᠂ ᠡᠨᠡ ᠪᠤᠯ ᠴᠢᠨᠦ ᠡᠬᠦᠷᠬᠡ ᠬᠠᠷᠢᠭᠤᠴᠠᠯᠭ᠎ᠠ!》 ᠬᠡᠵᠤ ᠬᠠᠳᠠᠭᠤ ᠲᠤᠯᠭᠠᠵᠤ ᠪᠢᠯᠡ᠃
ᠠᠯᠳᠠ ᠡᠴᠡ ᠦᠨᠡᠳᠡᠢ ᠴᠢᠩ ᠦᠨᠡᠨᠴᠢ ᠢᠳᠡᠬᠡᠯ ᠰᠢᠦ᠂ ᠬᠡᠷᠬᠢᠨ ᠲᠡᠪᠴᠢᠬᠦ ᠪᠢᠯᠡ ?
《ᠠᠢᠯᠤᠨ ᠤᠯᠨᠨᠤ ᠪᠠᠨ ᠢᠳᠡᠭᠡᠯᠢ ᠬᠦᠰᠡᠷᠳᠡᠬᠦᠯᠵᠤ ᠪᠢ ᠲᠦᠪᠳᠡᠬᠦ ᠦᠬᠡᠢ!》 ᠯᠢ ᠾᠸᠩ ᠪᠢᠶᠤᠤ ᠤᠯᠠᠨ ᠵᠢᠯ ᠲᠡᠮᠡᠴᠡᠵᠤ ᠪᠤᠰᠬᠠᠬᠰᠨᠨ ᠦᠢᠯᠡᠰᠢᠶᠡᠨ ᠬᠠᠶᠠᠭᠠᠳ ᠲᠤᠰ ᠵᠢᠯᠤᠨ ᠬᠢᠨᠢ ᠰᠡᠬᠦᠯᠴᠢ ᠪᠡᠷ ᠤᠪᠤᠭ᠍ᠡ ᠲᠤᠰᠬᠤᠨᠳᠠᠭᠠᠨ ᠪᠤᠴᠠᠵᠦ ᠲᠤᠰᠬᠤᠨᠤ ᠱᠦᠵᠢ ᠪᠠ ᠲᠤᠰᠬᠤᠨᠤ ᠲᠠᠷᠤᠭ᠍ᠡ ᠵᠢᠨ ᠲᠤᠰᠢᠶᠠᠯᠢ ᠬᠠᠪᠰᠤᠷᠭᠠᠨ ᠡᠭᠦᠷᠭᠡᠯᠡᠵᠦ᠂ ᠤᠯᠠᠨ ᠵᠢᠡᠨ ᠲᠠᠭᠠᠭᠤᠯᠤᠨ ᠪᠠᠶᠠᠵᠢᠯᠤᠨ ᠵᠠᠮ ᠵᠢᠡᠷ ᠵᠠᠮᠨᠠᠬᠤ ᠠᠩᠬᠠᠨᠤ ᠠᠯᠬᠤᠭ᠎ᠠ ᠪᠠᠨ ᠠᠯᠬᠤᠵᠠᠢ᠃
ᠯᠢ ᠾᠸᠩ ᠪᠢᠶᠤᠤ ᠲᠤᠰᠬᠤᠨᠳ᠋ᠠᠭᠠᠨ ᠪᠤᠴᠠᠵᠤ ᠢᠷᠡᠭᠰᠨᠨ ᠲᠠᠷᠤᠢᠬᠠᠨ ᠤᠰᠦ ᠴᠠᠬᠢᠯᠭᠠᠨᠢ ᠦᠭᠡᠷᠡᠴᠢᠯᠡᠬᠦ᠂ ᠵᠠᠮ ᠲᠡᠪᠢᠰᠬᠦ ᠠᠵᠢᠯᠢ ᠢᠳᠡ ᠬᠦᠭ ᠲᠠᠢ ᠦᠷᠨᠢᠬᠦᠯᠦᠭᠰᠡᠨ ᠡᠴᠡ ᠲᠤᠰᠬᠤᠨᠤ ᠲᠦᠷᠢ ᠲᠦᠷᠬᠦ ᠡᠳᠦᠷ ᠢᠷᠡᠭᠦᠶ᠎ᠡ ᠰᠢᠨᠡᠲᠦᠨ ᠦᠭᠡᠷᠡᠳᠦᠵᠦ᠂ ᠲᠤᠰᠬᠤᠨᠤ ᠠᠷᠠᠳᠤᠨ ᠠᠮᠢᠳᠤᠷᠠᠯ ᠴᠦ᠍ ᠰᠠᠢᠵᠢᠷᠠᠵᠤ ᠡᠬᠢᠯᠡᠵᠡᠢ᠃ ᠭᠡᠬᠦᠳ᠋ᠡᠭᠡᠨ᠂ 2012 ᠤᠨ ᠳ᠋ᠤ ᠪᠤᠯᠤᠬᠰᠠᠨ ᠵᠠᠭᠤᠨ ᠵᠢᠯᠳᠦ ᠲᠤᠬᠢᠶᠠᠯᠳᠤᠭ᠎ᠠ ᠦᠭᠡᠢ ᠤᠨᠴᠠ ᠶᠡᠬᠡ ᠠᠭᠤᠯᠠᠨ ᠦᠶᠡᠷ ᠨᠢ ᠲᠡᠳᠡ ᠨᠡᠷᠤᠨ ᠬᠡᠳᠦᠨ ᠵᠢᠯᠤᠨ ᠬᠦᠴᠦ ᠬᠦᠯᠦᠰᠦ᠂ ᠵᠤᠭᠤᠰ ᠮᠦᠩᠬᠦ ᠵᠢ ᠨᠢ ᠲᠠᠯᠠᠭᠠᠷ ᠪᠤᠯᠭᠠᠵᠠᠢ᠃
《ᠤᠳᠤ ᠶᠠᠭᠠᠬᠢᠨ᠎ᠠ?》᠂ ᠯᠢ ᠾᠸᠩ ᠪᠢᠶᠤᠤ ᠳ᠋ᠤ ᠪᠠᠰᠠ ᠨᠢᠭᠡ ᠤᠳᠠᠭ᠎ᠠ ᠵᠢᠨ ᠬᠠᠳᠠᠭᠤ ᠰᠢᠯᠭᠠᠯᠳᠠ ᠲᠤᠯᠭᠠᠷᠠᠪᠠ᠃ ᠲᠡᠷᠡ ᠵᠤᠷᠢᠭ ᠮᠤᠬᠤᠵᠤ ᠬᠤᠢᠰᠢ ᠤᠬᠤᠷᠢᠬᠰᠠᠨ ᠦᠬᠡᠢ᠂ ᠬᠦᠨᠲᠦ ᠶᠡᠬᠡ ᠭᠠᠮᠰᠢᠭᠤᠨ ᠡᠮᠦᠨ᠎ᠡ ᠤᠪᠤᠭ᠍ᠡ ᠲᠤᠰᠬᠤᠨᠤ ᠢᠷᠡᠭᠡᠳᠦᠢ ᠵᠢ ᠲᠠᠬᠢᠵᠤ ᠲᠦᠯᠦᠪᠵᠢᠬᠦᠯᠦᠯᠡ᠄ 《ᠤᠯᠠᠮᠵᠢᠯᠠᠯᠳᠤ ᠠᠷᠭ᠎ᠠ ᠪᠡᠷ ᠲᠠᠷᠢᠶ᠎ᠠ ᠲᠡᠷᠢᠬᠤ ᠵᠢ ᠲᠤᠭᠤᠰᠢᠳᠠᠢ ᠦᠬᠡᠷᠡᠴᠢᠯᠠᠵᠤ ᠲᠠᠯᠠᠨ ᠬᠠᠷ᠎ᠡ ᠠᠭᠤᠯᠠ ᠵᠢᠨ ᠡᠮᠦᠨ᠎ᠡ ᠪᠡᠯᠤᠨ ᠠᠮᠢ ᠠᠬᠤᠢ ᠵᠢᠨ ᠪᠠᠢᠭᠤᠯᠤᠯᠲᠠ + ᠵᠢᠭᠤᠯᠴᠢᠯᠠᠯᠤᠨ ᠵᠠᠬᠪᠤᠷᠢᠶᠡᠷ ᠴᠤ ᠰᠢᠨ᠎ᠡ ᠲᠤᠰᠬᠤᠨᠢ ᠪᠦᠲᠦᠭᠡᠨ ᠪᠠᠢᠭᠤᠯᠤᠨ᠎ᠠ᠂ ᠤᠷᠤᠨ ᠰᠠᠭᠤᠴᠠ᠂ ᠦᠵᠡᠮᠵᠢ ᠵᠢᠨ ᠤᠷᠤᠨᠤ ᠲᠤᠭᠤᠷᠢᠭᠢ ᠨᠢᠭᠡᠲᠦᠯᠲᠠᠢ ᠲᠦᠯᠦᠪᠵᠢᠭᠦᠯᠤᠨ ᠪᠦᠬᠦ ᠲᠤᠰᠬᠤᠨᠢᠶᠡᠨ ᠤᠤᠯᠤᠨ ᠬᠠᠭᠤᠴᠢᠨ ᠰᠠᠭᠤᠷᠢᠰᠢᠯ ᠡᠴᠡ ᠨᠢ ᠰᠢᠯᠵᠢᠬᠦᠯᠵᠤ ᠲᠠᠬᠢᠵᠤ ᠰᠢᠨ᠎ᠡ ᠪᠠᠷ ᠪᠠᠢᠭᠤᠯᠤᠨᠡ!》᠃
ᠬᠡᠯᠡᠪᠡᠯ ᠬᠢᠨ᠎ᠡ᠂ ᠬᠢᠪᠡᠯ ᠪᠦᠳᠦᠬᠡᠨ᠎ᠡ᠃
2013 ᠤᠨᠤ 8 ᠰᠠᠷ᠎ᠡ ᠡᠴᠡ 2019 ᠤᠨ ᠪᠤᠯᠳᠠᠯ᠎ᠠ᠂ ᠪᠦᠬᠦ ᠲᠤᠰᠭᠤᠨᠤ ᠠᠷᠠᠳ ᠤᠯᠠᠨ 《ᠲᠤᠤᠭᠠᠷᠪᠠᠯ ᠲᠠᠭᠤ ᠨᠢᠬᠡᠳᠡᠢ ᠲᠤᠬᠳᠤᠷᠪᠠᠯ ᠬᠦᠴᠦ ᠨᠢᠭᠡᠳᠡᠢ》 ᠨᠢᠭᠡᠯᠡ ᠰᠡᠳᠬᠢᠯᠢᠶᠡᠷ ᠪᠠᠢᠭᠤᠯᠵᠤ᠂ 6 ᠵᠢᠯ ᠭᠠᠷᠤᠢ ᠵᠢᠨ ᠪᠦᠲᠦᠭᠡᠨ ᠪᠠᠢᠭᠤᠯᠤᠯᠲᠠ ᠪᠠᠷ ᠲᠠᠮᠵᠢᠨ᠂ 30 ᠭᠠᠷᠤᠢᠳ᠋ᠦᠩᠰᠢᠭᠤᠷ ᠲᠦᠭᠦᠷᠢᠭᠤᠨ ᠪᠡᠯᠡ ᠤᠷᠤᠭᠤᠯᠤᠯᠲᠠ ᠵᠢ ᠪᠡᠶᠡᠯᠡᠬᠦᠯᠦᠭᠰᠡᠨ ᠤᠷᠤᠨ ᠰᠠᠭᠤᠴᠠ ᠵᠢᠨ ᠲᠤᠭᠤᠷᠢᠭ ᠪᠠ ᠰᠤᠶᠦᠯ ᠵᠢᠭᠤᠯᠴᠢᠯᠠᠯᠤᠨ ᠴᠡᠭᠢ ᠢᠵᠢ ᠪᠦᠷᠢᠳᠦᠬᠦᠯᠦᠭᠰᠡᠨ ᠪᠤᠢ ᠪᠦᠬᠦᠢ ᠲᠦᠷᠦᠯ ᠵᠦᠢᠯ ᠪᠦᠬᠦᠨᠢᠶᠡᠷᠢᠶᠡᠨ ᠠᠰᠢᠬᠯᠠᠯᠳᠠ ᠳ᠋ᠤ ᠤᠷᠤᠵᠤ᠂ ᠤᠯᠤᠰ ᠪᠠᠢᠭᠤᠯᠤᠭᠳᠠᠭᠰᠠᠨ ᠲᠠᠯᠠᠨ ᠵᠢᠯᠤᠨ ᠤᠢ ᠵᠢᠨ ᠪᠠᠶᠠᠷ ᠬᠦᠷᠴᠤ ᠢᠷᠡᠬᠦ ᠲᠠᠰᠢᠷᠠᠮᠢᠶᠡᠷ ᠪᠦᠬᠦ ᠲᠤᠰᠬᠤᠨ ᠵᠢᠡᠷ ᠵᠢᠡᠨ ᠰᠢᠨ᠎ᠡ ᠤᠷᠤᠨ ᠰᠠᠭᠤᠴᠠᠨ ᠳ᠋ᠠᠭᠠᠨ ᠨᠡᠭᠦᠵᠤ ᠤᠷᠤᠬᠰᠠᠨ ᠨᠢ ᠤᠪᠤᠭ᠎ᠠ ᠲᠤᠰᠬᠤᠨᠤ ᠲᠡᠦᠬᠡᠨ ᠳ᠋ᠤ ᠰᠠᠢᠯᠦᠭᠳᠡᠨ ᠲᠡᠮᠳᠡᠭᠯᠡᠭᠳᠡᠵᠤ ᠪᠢᠯᠡ᠃
ᠲᠤᠰᠬᠤᠨᠢ ᠪᠦᠲᠦᠭᠡᠨ ᠪᠠᠢᠭᠤᠯᠬᠤᠳᠤ ᠵᠠᠷᠤᠴᠠᠭᠤᠯᠤᠭᠰᠠᠨ ᠮᠤᠨᠲᠠᠭ ᠶᠡᠬᠡ ᠪᠡᠯᠡ ᠮᠦᠩᠬᠦ ᠬᠠᠮᠢᠭ᠎ᠠ ᠡᠴᠡ ᠢᠷᠡᠭᠰᠡᠨ ᠪᠤᠢ? ᠲᠦᠷᠦ ᠵᠢᠨ ᠪᠤᠳᠤᠯᠭ᠍ᠡ ᠵᠢᠨ ᠲᠡᠮᠵᠢᠯᠭᠡ ᠵᠢᠨ ᠪᠡᠯᠡ ᠮᠦᠩᠬᠦ ᠵᠢ ᠲᠡᠮᠡᠴᠡᠨ ᠤᠯᠤᠨ᠎ᠠ᠂ ᠲᠤᠰᠬᠤᠨᠤ ᠬᠠᠮᠲᠦ ᠵᠢᠨ ᠬᠦᠷᠦᠩᠬᠡ ᠪᠠᠨ ᠬᠦᠨᠳᠦᠷᠦᠨᠠ᠂ ᠲᠤᠰᠬᠤᠨᠤ ᠠᠷᠠᠳ ᠤᠯᠠᠨᠢᠶᠡᠷᠢᠶᠡᠨ ᠪᠡᠯᠡ ᠮᠦᠩᠬᠦ ᠴᠤᠭᠯᠠᠭᠤᠯᠤᠨ᠎ᠠ᠂ ᠬᠦᠳᠡᠯᠮᠦᠷᠢ ᠬᠦᠴᠦ ᠪᠠᠷᠢᠶᠡᠨ ᠬᠠᠪᠰᠤᠷᠤᠨ᠎ᠠ ᠁ ᠰᠢᠨ᠎ᠠ 《ᠤᠪᠤᠭ᠎ᠠ》 ᠲᠤᠰᠬᠤᠨ ᠢᠩᠬᠢᠵᠤ ᠤᠯᠠᠨᠤ ᠬᠦᠴᠦᠨ ᠳ᠋ᠤ ᠪᠤᠰᠤᠬᠰᠠᠨ ᠶᠤᠮ᠃

《ᠨᠤᠳᠤᠭ ᠲᠠᠭᠠᠨ ᠢᠷᠡᠵᠤ ᠦᠢᠯᠡᠰ ᠪᠤᠰᠬᠠᠨ᠎ᠠ ᠭᠡᠵᠤ ᠶᠠᠭᠤᠳᠠᠢ ᠶᠡᠬᠡ ᠵᠢᠷᠭᠠᠯ ᠪᠤᠢ !》
ᠤᠪᠤᠭ᠎ᠠ ᠲᠤᠰᠬᠤᠨᠤ ᠲᠤᠰᠬᠤᠨᠤ ᠵᠦᠪᠯᠡᠯᠤᠨ ᠠᠯᠪᠠᠯᠠᠬᠤ ᠠᠰᠠᠷ ᠲᠠᠢ ᠲᠤᠨᠤᠯᠵᠢᠨ ᠵᠠᠮᠢᠶᠡᠷ ᠠᠯᠦᠰᠯᠠᠵᠦ 《ᠤᠪᠤᠭ᠍ᠡ ᠵᠦᠩ ᠵᠢᠢ ᠬᠠᠩᠭᠠᠨ ᠪᠤᠷᠤᠯᠠᠭᠤᠯᠬᠤ ᠬᠤᠷᠰᠢᠶ᠎ᠡ》 ᠬᠡᠬᠦ ᠲᠤᠮᠤ ᠬᠡᠪᠴᠢᠶᠠᠨᠤ ᠬᠠᠮ ᠲᠡᠯᠬᠡᠬᠦᠷ ᠪᠠᠢᠳᠠᠭ᠃ ᠪᠢᠳᠡ ᠡᠨᠡ ᠲᠡᠯᠭᠡᠭᠦᠷ ᠲᠦ᠍ ᠤᠷᠤᠪᠠᠯ᠂ ᠲᠡᠯᠭᠡᠭᠦᠷᠤᠨ ᠡᠵᠡᠭᠲᠠᠢ ᠹᠸᠩ ᠯᠢᠩ ᠫᠢᠩ ᠱᠠᠨᠲᠦ᠋ᠩᠤᠨ ᠨᠢᠭᠡᠨ ᠵᠢᠭᠤᠯᠴᠢᠨᠤ ᠵᠠᠬᠢᠶᠠᠯᠠᠭᠰᠠᠨ ᠪᠠᠷᠠᠭ᠎ᠠ ᠵᠢ ᠢᠯᠡᠭᠡᠵᠤ ᠦᠭᠬᠦ ᠬᠡᠳ ᠶᠠᠭᠠᠷᠠᠵᠤ ᠪᠠᠢᠯ᠎ᠠ᠃ ᠬᠤᠳᠠ ᠵᠢᠨ ᠬᠤᠪᠢ ᠬᠦᠮᠦᠨᠤ ᠬᠠᠮ ᠲᠡᠯᠬᠡᠬᠦᠷᠢ ᠪᠤᠳᠤᠪᠠᠯ ᠭᠤᠷᠪᠠᠨ ᠲᠠᠪᠬᠤᠷᠯᠢᠭ ᠲᠠᠢ ᠡᠨᠡ ᠲᠡᠯᠬᠡᠬᠦᠷ ᠲᠤᠩ ᠠᠭᠤᠵᠢᠭᠤ᠂ ᠤᠯᠠᠨ ᠵᠦᠢᠯᠤᠨ ᠪᠠᠷᠠᠭ᠎ᠠ ᠲᠡᠸᠠᠷᠢ ᠲᠡᠷᠢ ᠲᠡᠭᠰᠢ ᠦᠷᠦᠭᠰᠡᠨ ᠨᠢ ᠮᠠᠰᠢ ᠢᠯᠡᠳᠡᠢ ᠬᠠᠷᠠᠬᠳᠠᠨ᠎ᠠ᠃
ᠲᠡᠯᠭᠡᠭᠦᠷᠤᠨ ᠡᠵᠡᠨ ᠹᠸᠩ ᠯᠢᠩ ᠫᠢᠩ ᠭᠡᠵᠦ ᠲᠦᠩᠬᠡᠵᠢ ᠲᠠᠪᠢᠨ ᠨᠠᠰᠤ ᠵᠢ ᠬᠦᠷᠴᠤ ᠪᠠᠢᠭ᠎ᠠ ᠪᠦᠰᠡᠬᠦᠢ᠂ ᠦᠨᠳᠦᠷᠬᠡᠨ ᠪᠡᠶ᠎ᠡ ᠲᠠᠢ᠂ ᠶᠡᠷᠢᠶ᠎ᠡ ᠬᠦᠬᠡᠷᠦᠭᠡ ᠲᠠᠢ ᠡᠶᠡᠯᠳᠡᠭ ᠤᠪᠤᠷ ᠲᠠᠢ ᠬᠦᠮᠦᠨ᠃ ᠲᠡᠷᠡ ᠪᠡᠷ 2014 ᠤᠨ ᠳ᠋ᠤ ᠲᠤᠰ ᠲᠤᠰᠬᠤᠨ ᠳ᠋ᠠᠭᠠᠨ ᠠᠢᠯ ᠭᠡᠷ ᠪᠤᠰᠬᠠᠵᠦ ᠠᠮᠢᠳᠤᠷᠠᠯ ᠵᠢᠡᠨ ᠡᠬᠢᠯᠡᠬᠦᠯᠦᠭᠰᠡᠨ ᠶᠤᠮ᠃
— 《ᠲᠡᠷᠡ ᠦᠶ᠎ᠡ ᠳ᠋ᠤ ᠮᠠᠨᠤ ᠲᠤᠰᠬᠤᠨ ᠬᠡᠵᠤ ᠶᠠᠳᠠᠭᠤ ᠪᠠᠢᠬᠰᠠᠨ ᠶᠤᠮ᠂ ᠲᠠᠷᠢᠶ᠎ᠠ ᠲᠠᠷᠢᠭᠠᠳ ᠤᠷᠤᠯᠭ᠎ᠠ ᠤᠯᠬᠤ ᠦᠬᠡᠢ ᠲᠤᠯᠠ ᠲᠤᠰᠬᠤᠨᠤ ᠢᠳᠡᠷ᠂ ᠵᠠᠯᠠᠭᠤ ᠨᠠᠰᠤᠨᠤ ᠬᠦᠮᠦᠰ ᠴᠦᠮ ᠭᠠᠳᠠᠭᠰᠢ ᠭᠠᠷᠴᠦ ᠬᠦᠴᠦᠨᠤ ᠠᠵᠢᠯ ᠬᠢᠳᠡᠭ ᠪᠠᠢᠬᠰᠠᠨ᠂ ᠪᠢ ᠴᠤ᠌ ᠲᠤᠰᠬᠤᠨᠤ ᠬᠡᠳᠦᠨ ᠡᠬᠡᠴᠢ ᠨᠡᠷᠢᠶᠡᠨ ᠲᠠᠭᠠᠵᠤ ᠬᠤᠳᠠ ᠤᠷᠤᠵᠤ ᠪᠤᠰᠤᠳ ᠲᠤ᠌ ᠪᠠᠷᠠᠭ᠎ᠠ ᠬᠤᠳᠠᠯᠳᠤᠵᠤ ᠦᠭᠬᠦ ᠠᠵᠢᠯ ᠬᠢᠵᠡᠢ᠃ ᠡᠳᠦᠷᠵᠢᠨ ᠪᠤᠷᠪᠢ ᠪᠤᠬᠢᠰᠬᠢᠯ ᠦᠬᠡᠢ ᠶᠠᠭᠠᠷᠠᠭᠠᠳ ᠰᠠᠷ᠎ᠡ ᠵᠢᠨ ᠲᠦᠩᠭᠡᠭᠡᠳ ᠭᠤᠷᠪᠡᠨ ᠮᠢᠩᠭᠠᠨ ᠲᠦᠭᠦᠷᠢᠭ ᠤᠯᠤᠨ᠎ᠠ》 ᠭᠡᠵᠦ ᠹᠸᠩ ᠯᠢᠩ ᠫᠢᠩ ᠠᠷᠪᠠᠨ ᠵᠢᠯᠤᠨ ᠡᠮᠦᠨᠡᠬᠢ ᠠᠮᠢᠳᠦᠷᠠᠯᠢᠶᠡᠨ ᠶᠡᠷᠢᠪᠠᠯ ᠠᠷᠭ᠎ᠠ ᠦᠬᠡᠢ ᠲᠤᠯᠤᠭᠠᠢ ᠰᠠᠵᠢᠨ᠎ᠠ᠃
2019 ᠤᠨᠳᠤ ᠤᠪᠤᠭ᠍ᠡ ᠲᠤᠰᠬᠤᠨ ᠰᠢᠨ᠎ᠡ ᠤᠷᠤᠨ ᠰᠠᠭᠤᠴᠠᠨ ᠳ᠋ᠠᠭᠠᠨ ᠨᠡᠬᠦᠵᠤ ᠢᠷᠡᠭᠰᠡᠨᠪᠦᠭᠡᠳ ᠲᠤᠰᠬᠤᠨᠤ ᠰᠤᠶᠦᠯ ᠵᠢᠭᠤᠯᠴᠢᠯᠠᠯᠤᠨ ᠦᠢᠯᠡᠰ ᠴᠦ᠍ ᠡᠳᠦᠷ ᠢᠷᠡᠭᠦᠶ᠎ᠡ ᠭᠦᠭᠵᠢᠵᠤ ᠭᠠᠳᠠᠭᠰᠢ ᠶᠠᠪᠤᠭᠰᠠᠨ ᠬᠦᠮᠦᠰ ᠬᠤᠢᠨ᠎ᠠ ᠬᠤᠢᠨ᠎ᠠ ᠡᠴᠡ ᠪᠠᠨ ᠨᠤᠲᠤᠭ ᠲᠠᠭᠠᠨ ᠪᠤᠴᠠᠠ ᠢᠷᠡᠵᠡᠭᠡᠪᠡ᠃
ᠬᠦᠮᠦᠨᠤ ᠭᠠᠵᠠᠷᠤᠨ ᠬᠦᠷᠦᠰᠦ ᠬᠠᠳᠠᠭᠤ ᠬᠤᠢᠨ᠎ᠡ ᠬᠡᠷ ᠡᠴᠡ ᠪᠠᠨ ᠰᠠᠯᠵᠤ ᠠᠵᠢᠯ ᠬᠢᠵᠤ ᠶᠠᠪᠤᠬᠰᠠᠨ ᠡᠳᠦᠷ ᠬᠤᠨᠤᠭ ᠲᠤ᠌ ᠦᠯᠦᠭᠡᠢ ᠨᠤᠲᠤᠭ ᠠᠪᠤ ᠡᠵᠢ ᠨᠢ ᠲᠡᠬᠦᠨᠤ ᠰᠦᠨᠢ ᠵᠢᠨ ᠵᠡᠬᠦᠳᠤ ᠡᠳᠤᠷᠤᠨ ᠪᠤᠳᠤᠯ ᠡᠴᠡ ᠨᠢ ᠭᠠᠷᠳᠠᠭ ᠦᠬᠡᠢ ᠲᠤᠯᠠ ᠹᠸᠩ ᠯᠢᠩ ᠫᠢᠩ ᠴᠤ᠌ ᠤᠪᠤᠭ᠎ᠠ ᠲᠤᠰᠬᠤᠨ ᠳ᠋ᠠᠭᠠᠨ ᠬᠠᠷᠢᠵᠤ ᠢᠷᠡᠬᠦ ᠪᠡᠷ ᠰᠢᠢᠳᠴᠡᠢ᠃
ᠲᠤᠰᠬᠤᠨᠤ ᠵᠦᠪᠯᠡᠯ ᠡᠴᠡ ᠡᠳᠡᠬᠡᠷ ᠨᠤᠲᠤᠭ ᠲᠠᠭᠠᠨ ᠪᠤᠴᠠᠬᠰᠡᠨ ᠬᠦᠮᠦᠰ ᠲᠦ᠍ ᠨᠠᠰᠦ ᠪᠠ ᠴᠢᠳᠠᠪᠦᠷᠢᠳᠤᠨᠢ ᠵᠤᠬᠢᠴᠠᠭᠤᠯᠤᠨ ᠠᠵᠢᠯ ᠲᠤᠬᠢᠷᠠᠭᠤᠯᠵᠤ ᠦᠭᠴᠤ ᠪᠠᠢᠯ᠎ᠠ᠂ ᠲᠡᠬᠦᠨᠤ ᠪᠠᠶ᠎ᠠ ᠪᠠᠨ ᠲᠠᠭᠠᠭᠠᠵᠤ ᠦᠢᠯᠡᠰ ᠪᠤᠰᠬᠠᠬᠤ ᠬᠡᠰᠡᠨ ᠬᠦᠰᠡᠯ ᠲᠠᠢ ᠵᠢ ᠮᠡᠳᠡᠬᠡᠳ ᠲᠡᠬᠦᠨ ᠳ᠋ᠤ ᠬᠡᠷᠤᠨ ᠲᠦᠷᠢᠶᠡᠰᠦᠨ ᠮᠦᠩᠬᠦ ᠪᠡ ᠠᠳᠠᠯ ᠠᠬᠤᠢ ᠵᠢᠨ ᠬᠠᠮᠢᠶᠠᠷᠤᠯᠳᠠ ᠵᠢᠨ ᠮᠦᠩᠬᠦ ᠵᠢ ᠬᠠᠭᠠᠰᠢᠶᠡᠷ ᠬᠡᠯᠳᠦᠷᠢᠬᠦᠯᠵᠤ ᠦᠭᠬᠦ ᠪᠡᠷ ᠪᠤᠯᠪᠠ᠃ ᠲᠡᠭᠡᠭᠡᠳ ᠲᠡᠷᠡ ᠨᠦᠬᠦᠷ ᠲᠠᠢ ᠪᠠᠨ ᠬᠤᠶᠠᠭᠤᠯᠠ ᠲᠤᠰ ᠬᠠᠮ ᠲᠡᠯᠭᠡᠬᠦᠷᠢ ᠪᠠᠢᠭᠤᠯᠤᠭᠰᠠᠨ ᠪᠠᠢᠨ᠎ᠡ᠃ ᠲᠤᠰᠬᠤᠨᠤ ᠵᠦᠪᠯᠡᠯ ᠡᠴᠡ ᠪᠠᠰᠠ ᠲᠡᠬᠦᠨ ᠳ᠋ᠤ ᠪᠠᠷᠠᠭᠠᠨᠤ ᠢᠷᠡᠯᠲᠡ ᠵᠢ ᠲᠠᠨᠢᠯᠴᠠᠭᠤᠯᠬᠤ᠂ ᠤᠷᠢᠳᠢᠶᠡᠷ ᠪᠠᠷᠠᠭ᠍ᠡ ᠪᠠᠨ ᠤᠷᠤᠭᠤᠯᠵᠦ ᠰᠡᠬᠦᠯᠡᠷ ᠨᠢ ᠮᠦᠩᠬᠦ ᠪᠠᠨ ᠪᠤᠳᠤᠬᠤ ᠵᠡᠷᠭᠡ ᠲᠦᠷᠦ ᠵᠢᠨ ᠪᠤᠳᠤᠯᠭ᠍ᠡ ᠵᠢᠨ ᠬᠠᠷᠠᠭᠠᠯᠵᠠᠯ ᠬᠦᠷᠲᠡᠭᠡᠭᠰᠡᠨ ᠪᠠᠢᠨ᠎ᠡ᠃
ᠡᠳᠡᠬᠡᠷ ᠨᠦᠬᠦᠴᠡᠯ ᠤᠷᠴᠢᠨ ᠪᠠᠢᠬᠰᠠᠨ ᠲᠤᠯᠠ ᠲᠡᠭᠦᠨᠤ ᠲᠡᠯᠬᠡᠬᠦᠷ ᠨᠢ ᠠᠩᠬᠡ ᠡᠬᠢᠯᠡᠬᠦ ᠦᠶᠡᠳᠤ ᠠᠮᠢᠳᠤᠷᠠᠯᠤᠨ ᠭᠡᠷᠡᠭᠰᠡᠯ ᠯᠡ ᠬᠤᠳᠠᠯᠳᠤᠳᠠᠭ ᠵᠢᠵᠢᠭ ᠬᠡᠪᠴᠢᠶᠠᠨᠤ ᠲᠡᠯᠬᠡᠬᠦᠷ ᠪᠠᠢᠭᠰᠠᠨᠢᠶᠡᠨ ᠤᠳᠤ ᠢᠳᠡᠭᠡᠨ ᠤᠮᠳᠠᠭᠠᠨ᠂ ᠦᠪᠦᠷ ᠮᠤᠩᠭᠤᠯᠤᠨ ᠤᠨᠴᠠᠯᠢᠭᠲᠦ ᠦᠢᠯᠡᠳᠬᠦᠨ ᠵᠡᠷᠭᠡ ᠤᠯᠠᠨ ᠵᠦᠢᠯᠤᠨ ᠲᠠᠸᠠᠷᠢ ᠪᠠᠭᠳᠠᠭᠠᠭᠰᠠᠨ ᠲᠤᠮᠦ ᠬᠡᠯᠪᠡᠷᠢ ᠵᠢᠨ ᠬᠠᠮ ᠲᠡᠯᠭᠡᠭᠦᠷ ᠪᠤᠯᠵᠦ ᠦᠷᠭᠡᠵᠢᠵᠠᠢ᠃ ᠲᠤᠰᠬᠤᠨᠤ ᠵᠢᠭᠤᠯᠴᠢᠯᠠᠯᠤᠨ ᠬᠦᠭᠵᠢᠶᠠᠨ ᠲᠠᠢ ᠦᠶ᠎ᠠ ᠳ᠋ᠤ ᠲᠡᠬᠦᠨᠤ ᠲᠡᠯᠬᠡᠬᠦᠷ ᠲᠦ᠍ ᠵᠢᠶᠠᠩᠰᠦ᠂ ᠱᠠᠨᠳᠦᠢ᠍ᠩ᠂ ᠱᠠᠩᠬᠠᠢ ᠵᠡᠷᠭᠡ ᠪᠤᠰᠤᠳ ᠮᠤᠵᠢ ᠤᠷᠤᠨᠤ ᠵᠢᠭᠤᠯᠴᠢᠳ ᠦᠷᠬᠦᠯᠵᠢ ᠰᠠᠭᠠᠳᠠᠳᠠᠭ ᠵᠢᠨᠷ ᠪᠠᠷᠠᠬᠤ ᠦᠭᠡᠢ᠂ ᠫᠠᠺᠢᠰᠲ᠋ᠠᠨ᠂ ᠲᠦᠷᠺ ᠵᠡᠷᠭᠡ ᠤᠯᠠᠨ ᠤᠯᠤᠰᠤᠨ ᠵᠢᠭᠤᠯᠴᠢᠳ ᠴᠦ᠍ ᠪᠠᠢᠩᠭᠤ ᠢᠷᠡᠵᠤ ᠪᠠᠷᠠᠭ᠎ᠠ ᠠᠪᠳᠠᠭ ᠪᠤᠯᠪᠠ᠃
《ᠬᠦᠮᠦᠨᠤ ᠭᠠᠵᠠᠷ ᠬᠦᠴᠦ ᠶᠠᠪᠤᠵᠤ ᠪᠠᠢᠬᠰᠠᠨᠢ ᠪᠤᠳᠤᠪᠠᠯ ᠨᠤᠳᠤᠭ ᠲᠠᠭᠠᠨ ᠢᠷᠡᠵᠤ ᠦᠢᠯᠡᠰ ᠪᠤᠰᠬᠠᠨ᠎ᠠ ᠭᠡᠵᠤ ᠶᠠᠭᠤᠳᠠᠢ ᠶᠡᠬᠡ ᠵᠢᠷᠭᠠᠯ ᠪᠤᠢ!》 ᠭᠡᠵᠤ ᠹᠸᠩ ᠯᠢᠩ ᠫᠢᠩ ᠰᠡᠳᠬᠢᠯ ᠲᠤᠬᠳᠤᠯᠤᠨ ᠶᠠᠷᠢᠵᠤ ᠪᠠᠢᠯ᠎ᠠ᠃
ᠲᠡᠯᠭᠡᠬᠦᠷᠢᠶᠡᠨ ᠨᠡᠭᠡᠭᠡᠭᠰᠡᠨ ᠠᠩᠬᠠᠨᠤ ᠦᠶ᠎ᠠ ᠪᠡᠷ ᠵᠢᠯᠳᠤ ᠠᠷᠪᠠ ᠰᠢᠬᠠᠮ ᠲᠦᠮᠡᠨ ᠲᠦᠭᠦᠷᠢᠭᠤᠨ ᠤᠷᠤᠯᠭ᠎ᠠ ᠤᠯᠵᠤ ᠪᠠᠢᠬᠰᠠᠨᠢᠶᠡᠨ ᠤᠳᠤ ᠵᠢᠯᠤᠨ ᠤᠷᠤᠯᠭ᠍ᠡ ᠨᠢ ᠨᠢᠭᠡᠨᠲᠡ ᠬᠡᠳᠦᠨ ᠠᠷᠪᠠᠨ ᠲᠦᠮᠡᠨ ᠲᠦᠭᠦᠷᠢᠭ ᠲᠤ᠌ ᠬᠦᠷᠴᠤ ᠪᠤᠢ᠃ ᠤᠪᠤᠭ᠎ᠠ ᠲᠤᠰᠬᠤᠨ ᠨᠢ ᠰᠤᠶᠤᠯ ᠵᠢᠭᠤᠯᠴᠢᠯᠠᠯᠤᠨ ᠰᠦᠯᠵᠢᠶᠠᠨᠤ 《ᠴᠤᠤᠳᠤ ᠲᠤᠰᠭᠤᠨ》 ᠪᠤᠯᠬᠤ ᠵᠢ ᠲᠠᠭᠠᠯᠳᠤᠨ ᠲᠤᠰᠬᠤᠨ ᠳ᠋ᠤ ᠵᠢᠭᠤᠯᠴᠢᠯᠠᠬᠤ ᠪᠡᠷ ᠢᠷᠡᠭᠰᠡᠳ ᠶᠠᠪᠤᠬᠤ ᠲᠤᠳᠤᠮ ᠨᠡᠮᠡᠭᠳᠡᠵᠤ ᠪᠠᠢᠨ᠎ᠠ᠃ ᠲᠠᠷᠠᠭᠠᠴᠢ ᠪᠠᠷ ᠹᠸᠩ ᠯᠢᠩ ᠫᠢᠩ ᠬᠠᠮ ᠲᠡᠯᠭᠡᠬᠦᠷ ᠵᠢᠡᠨ ᠦᠷᠭᠡᠳᠭᠡᠭᠰᠡᠨ ᠰᠠᠭᠤᠷᠢᠨ ᠲᠡᠭᠡᠷ᠎ᠡ ᠬᠤᠭᠤᠰᠤᠨ ᠲᠠᠯᠪᠢᠵᠤ ᠪᠠᠢᠭ᠎ᠠ ᠬᠤᠶᠠᠳᠤᠭᠠᠷ ᠭᠤᠷᠪᠠᠳᠤᠭᠠᠷ ᠲᠠᠪᠬᠤᠷᠯᠢᠭ ᠲᠠᠭᠠᠨ ᠪᠠᠭᠤᠳᠠᠯ ᠡᠷᠬᠢᠯᠡᠬᠦ ᠪᠠᠷ ᠲᠦᠯᠦᠪᠯᠡᠵᠤ ᠪᠠᠢᠨ᠎ᠠ᠃

《ᠤᠪᠤᠭ᠎ᠠ ᠲᠤᠰᠬᠤᠨᠤ ᠠᠷᠠᠳ ᠪᠤᠯᠤᠬᠰᠠᠨ ᠳ᠋ᠠᠭᠠᠨ ᠪᠢ ᠲᠤᠩ ᠤᠮᠤᠬᠰᠢᠨᠠ!》
ᠤᠨ ᠵᠢᠯᠤᠨ ᠤᠷᠴᠢᠯ ᠳ᠋ᠤ ᠤᠪᠤᠭ᠎ᠠ ᠲᠤᠰᠬᠤᠨᠤ ᠦᠩᠬᠡ ᠲᠦᠷᠬᠦ ᠰᠢᠨᠡᠳᠦᠨ ᠬᠤᠪᠢᠷᠠᠬᠰᠠᠭᠠᠷ᠃ ᠬᠡᠬᠦ ᠳ᠋ᠡᠬᠡᠨ ᠡᠨᠡ ᠨᠤᠳᠤᠭᠤᠨ ᠬᠦᠷᠦᠰᠦᠨ ᠳ᠋ᠤ ᠤᠷᠤᠰᠢᠨ ᠠᠮᠢᠳᠦᠷᠠᠵᠤ ᠢᠷᠡᠭᠰᠡᠨ ᠦᠨᠳᠦᠰᠦᠳᠡᠨ ᠨᠤᠭᠦᠳᠤᠨ ᠠᠷᠠᠳ ᠲᠦᠮᠡᠨᠤ ᠬᠠᠶᠠᠭ᠎ᠠ ᠬᠠᠶᠠᠭ᠎ᠠ ᠪᠠᠨ ᠨᠠᠯᠠᠨ ᠰᠠᠭᠤᠵᠤ ᠢᠳᠡᠬᠡᠯ ᠰᠠᠳᠬᠢᠯᠢᠶᠡᠷᠢᠶᠡᠨ ᠶᠠᠪᠤᠯᠴᠠᠵᠤ ᠠᠮᠢ ᠨᠢᠭᠡᠳᠡᠢ ᠨᠢᠭᠡ ᠪᠦᠯᠢ ᠪᠤᠯᠵᠤ ᠵᠢᠷᠭᠠᠯ ᠵᠤᠪᠠᠯᠠᠩᠢᠶᠡᠨ ᠬᠠᠮᠳᠤᠳᠬᠠᠵᠤ ᠢᠷᠡᠭᠰᠡᠨ ᠦᠯᠢᠬᠡᠷᠤᠨ ᠦᠨᠦᠷ ᠠᠮᠳᠠ ᠬᠤᠪᠢᠷᠠᠭ᠎ᠠ ᠦᠬᠡᠢ᠃
— 2012 ᠤᠨᠤ ᠵᠤᠨᠤ ᠤᠨᠴᠠ ᠶᠡᠬᠡ ᠦᠶᠡᠷᠤᠨ ᠭᠠᠮᠰᠢᠭᠢ ᠡᠷᠬᠢᠴᠡᠬᠦᠯᠪᠡᠯ ᠶᠤᠰᠤᠳᠠᠢ ᠠᠢᠳᠠᠰ ᠬᠦᠷᠦᠮᠡᠷ ᠶᠤᠮ᠃ ᠬᠦᠷᠬᠢᠷᠡᠨ ᠪᠠᠭᠤᠬᠤ ᠠᠭᠤᠯᠠᠨ ᠦᠶᠡᠷ ᠲᠤᠬᠰᠢᠷᠠᠨ ᠭᠠᠯᠵᠠᠭᠤᠷᠠᠬᠰᠠᠨ ᠠᠷᠢᠶᠠᠳᠠᠨ ᠰᠢᠬ ᠲᠠᠷᠢᠶ᠎ᠠ ᠲᠦᠮᠦᠰᠦ᠂ ᠬᠡᠷ ᠪᠠᠢᠰᠢᠩᠢ ᠬᠤᠪᠬᠤ ᠵᠠᠯᠬᠢᠵᠤ᠂ ᠲᠤᠰᠬᠤᠨᠤ ᠵᠠᠭᠤ ᠭᠠᠷᠤᠢ ᠡᠷᠦᠬᠡ ᠤᠷᠤᠬᠤ ᠭᠡᠷ ᠤᠭᠤᠴᠢᠬᠤ ᠠᠶᠠᠭ᠍ᠡ ᠦᠭᠡᠢ ᠪᠤᠯᠤᠬᠰᠠᠨ ᠶᠤᠮ᠃ ᠡᠨᠡ ᠪᠠᠢᠳᠠᠯ ᠲᠤᠤᠷ᠎ᠠ ᠦᠯᠡᠬᠦᠤ ᠬᠦᠨᠡᠰᠦ᠂ ᠵᠠᠢᠴᠢᠯᠠᠮᠠᠷ ᠦᠷᠦᠬᠡ ᠭᠡᠵᠦ ᠦᠬᠡᠢ ᠪᠠᠢᠬᠰᠠᠨ ᠴᠤ᠌ ᠤᠷᠤᠩᠨᠠᠬᠤ ᠬᠡᠷ ᠲᠡᠢ ᠦᠯᠡᠳᠡᠭᠰᠡᠨ ᠲᠤᠰᠬᠤᠨᠤ ᠠᠷᠠᠳᠤ᠋ᠳ ᠪᠠᠢᠳᠠᠭ ᠢᠶᠡᠨ ᠲᠡᠮᠳᠡᠷᠢᠵᠤ ᠲᠡᠳᠡᠭᠡᠷ ᠬᠦᠮᠦᠰᠢ ᠭᠡᠷ ᠲᠡᠭᠡᠨ ᠰᠠᠭᠤᠯᠭᠠᠵᠤ ᠬᠤᠭᠤᠯᠠ ᠤᠮᠳᠠ ᠵᠤᠯᠭᠠᠭᠤᠯᠵᠤ ᠪᠠᠢᠬᠰᠠᠨ ᠶᠤᠮ᠃ ᠢᠯᠠᠩᠭᠤᠶ᠎ᠠ ᠭᠠᠮᠰᠢᠬᠳᠠᠬᠰᠠᠨ ᠨᠠᠰᠤᠳᠠᠨ ᠪᠡ ᠬᠡᠦᠬᠡᠳᠢᠶᠡᠨ ᠬᠠᠮᠳᠤ ᠪᠡᠷ ᠬᠠᠷᠠᠭᠠᠯᠵᠠᠨ ᠲᠡᠷᠡ ᠵᠢᠯᠤᠨ ᠭᠠᠮᠰᠢᠭᠢ ᠲᠤᠭᠤᠯᠵᠤ ᠪᠢᠯᠡ᠃ ᠡᠨᠡ ᠬᠦ᠌ ᠵᠠᠩᠬᠢᠯᠠᠭ᠎ᠠ ᠵᠢᠨ ᠦᠶ᠎ᠠ ᠳ᠋ᠤ ᠰᠠᠶᠢ ᠪᠢ 《ᠠᠢᠯ ᠰᠠᠭᠠᠬᠠᠯᠳᠠ ᠵᠢᠨ ᠠᠮᠢ ᠨᠢ ᠨᠢᠬᠡ》 ᠬᠡᠳᠡᠭ ᠦᠬᠡ ᠵᠢᠨ ᠴᠠᠭᠠᠨᠡᠬᠢ ᠤᠳᠬ᠎ᠠ ᠵᠢ ᠵᠢᠩᠬᠢᠨᠢ ᠤᠢᠯᠠᠭᠠᠵᠤ ᠪᠢᠯᠠ ᠭᠡᠵᠤ ᠲᠤᠰᠬᠤᠨᠤ ᠠᠳᠠᠯ ᠠᠬᠤᠢ ᠵᠢᠨ ᠬᠠᠮᠢᠶᠠᠷᠤᠯᠲᠠ ᠵᠢᠨ ᠲᠦᠪᠲᠤ᠌ ᠠᠵᠢᠯᠯᠠᠵᠦ ᠪᠠᠢᠭ᠍ᠡ ᠲᠢᠶᠠᠨ ᠵᠢᠶᠦᠢ᠍ᠨ ᠱᠸᠩ ᠰᠡᠳᠬᠢᠯ ᠲᠤᠬᠳᠤᠯᠤᠨ ᠶᠠᠷᠢᠨ᠎ᠡ᠃

ᠲᠢᠶᠠᠨ ᠵᠢᠶᠦᠢ᠍ᠨ ᠱᠸᠩᠤᠨ ᠲᠡᠭᠡᠳᠦᠰᠢ ᠬᠡᠯᠡᠪᠡᠯ ᠰᠢᠨᠵᠢᠶᠠᠩ ᠨᠤᠳᠤᠭ ᠲᠠᠢ ᠤᠢᠭᠤᠷ ᠬᠦᠮᠦᠨ᠂ ᠲᠠᠪᠢᠨ ᠬᠡᠳᠦᠨ ᠵᠢᠯᠤᠨ ᠡᠮᠦᠨ᠎ᠡ ᠪᠢᠯᠠ᠂ ᠲᠡᠬᠦᠨᠢ ᠭᠤᠷᠪᠠᠨ ᠨᠠᠰᠤᠳᠠᠢ ᠦᠶ᠎ᠠ ᠳ᠋ᠤᠨᠢ ᠲᠡᠷᠡ ᠡᠵᠢ ᠲᠠᠢ ᠪᠠᠨ ᠬᠤᠶᠠᠭᠤᠯᠠ ᠨᠠᠭᠠᠴᠤ ᠡᠪᠦᠭᠡ ᠡᠮᠡᠭᠡ ᠪᠠᠨ ᠲᠠᠭᠠᠵᠤ ᠰᠢᠨᠵᠢᠶᠠᠩᠤᠨ ᠬᠠᠮᠢᠯ ᠡᠴᠡ ᠤᠪᠤᠭ᠎ᠠ ᠲᠤᠰᠬᠤᠨ ᠳ᠋ᠤ ᠢᠷᠡᠵᠤ ᠨᠤᠳᠤᠬᠰᠢᠬᠰᠠᠨ ᠪᠠᠢᠵᠠᠢ᠃ ᠲᠡᠬᠦᠨᠤ ᠨᠠᠭᠠᠴᠦ ᠡᠪᠦᠭᠡ ᠨᠢ ᠡᠨᠡ ᠲᠤᠰᠬᠤᠨᠤ ᠤᠤᠭᠠᠯ᠂ ᠵᠠᠯᠠᠭᠤᠵᠢᠨ ᠦᠶ᠎ᠠ ᠳ᠋ᠡᠭᠡᠨ ᠰᠢᠨᠵᠢᠶᠠᠩᠳᠦ ᠬᠦᠷᠴᠦ ᠡᠮᠴᠢᠯᠡᠵᠤ᠂ ᠠᠢᠯ ᠡᠷᠦᠬᠡ ᠪᠤᠰᠬᠠᠠᠨᠰᠠᠨ ᠪᠦᠬᠡᠳ ᠬᠡᠦᠬᠡᠨ ᠲᠠᠢ ᠪᠤᠯᠵᠤ ᠪᠠᠰᠠ ᠰᠡᠬᠦᠯᠡᠷ ᠨᠢ ᠡᠬᠡᠨᠠᠷ ᠬᠡᠤᠬᠡᠨᠵᠢᠡᠨ ᠲᠠᠭᠠᠭᠤᠯᠵᠦ ᠤᠪᠤᠭ᠎ᠠ ᠲᠤᠰᠬᠤᠨ ᠳ᠋ᠠᠭᠠᠨ ᠬᠠᠷᠢᠵᠤ ᠢᠷᠡᠭᠰᠡᠨ ᠪᠠᠢᠵᠠᠢ᠃
2019 ᠤᠨᠳᠤ ᠤᠪᠤᠭ᠍ᠡ ᠲᠤᠰᠬᠤᠨ ᠰᠢᠨ᠎ᠡ ᠤᠷᠤᠨ ᠰᠠᠭᠤᠴᠨᠳᠤ ᠨᠡᠭᠦᠵᠤ ᠤᠷᠤᠬᠤ ᠦᠶᠡᠳᠤ ᠲᠡᠳᠡᠨᠡᠢᠬᠢ 112 ᠲᠡᠭᠰᠢ ᠲᠦᠷᠪᠡᠯᠵᠢᠨ ᠮᠸᠲᠷᠤᠨ ᠤᠷᠤᠨ ᠰᠠᠭᠤᠴᠠ ᠬᠤᠪᠢᠶᠠᠨ ᠤᠯᠵᠠᠢ᠃ 40 ᠲᠡᠭᠰᠢ ᠲᠦᠷᠪᠡᠯᠵᠢᠨᠮᠸᠲᠷᠢ ᠨᠢ ᠲᠤᠰᠬᠤᠨ ᠡᠴᠡ ᠦᠨ᠎ᠡ ᠲᠦᠯᠦᠪᠦᠷᠢ ᠦᠭᠡᠢ ᠪᠠᠷ ᠬᠦᠷᠭᠡᠵᠦ᠂ ᠦᠯᠡᠳᠡᠭᠰᠡᠨ 72 ᠲᠡᠭᠰᠢ ᠲᠦᠷᠪᠡᠯᠵᠢᠨ ᠮᠸᠲᠷᠢ ᠨᠢ ᠨᠢᠭᠡᠴᠢ ᠦᠨ᠎ᠡ ᠨᠢ 2880 ᠲᠦᠭᠦᠷᠢᠭ ᠵᠢᠡᠷ ᠬᠤᠳᠠᠯᠳᠤᠵᠤ ᠦᠭᠴᠡᠢ᠃
ᠲᠡᠷᠡ᠄ 《ᠤᠪᠤᠭ᠍ᠡ ᠲᠤᠰᠬᠤᠨᠤ ᠠᠷᠠᠳ ᠰᠠᠭᠤᠬᠤ ᠡᠴᠡ ᠠᠰᠠᠷ ᠲᠠᠢ᠂ ᠬᠢᠬᠦ ᠡᠴᠡ ᠠᠵᠢᠯ ᠲᠠᠢ᠂ ᠦᠳᠡᠯᠪᠡᠯ ᠠᠰᠠᠷᠠᠮᠵᠢ ᠵᠢᠨ ᠮᠦᠩᠬᠦ ᠲᠠᠢ》 ᠭᠡᠵᠦ ᠪᠠᠶᠠᠷᠯᠠᠨ ᠶᠠᠷᠢᠵᠦ ᠪᠠᠢᠯ᠎ᠠ᠃
ᠤᠪᠤᠭ᠎ᠠ ᠲᠤᠰᠬᠤᠨᠤ ᠠᠷᠠᠳ ᠪᠦᠬᠦᠨᠢᠶᠡᠷᠢᠶᠡᠨ ᠠᠰᠠᠷ ᠲᠤ᠌ ᠨᠡᠬᠦᠵᠤ ᠤᠷᠤᠬᠰᠠᠨ ᠪᠤᠯᠪᠠᠴᠤ ᠬᠦᠷᠰᠢ ᠰᠠᠭᠠᠬᠠᠯᠳᠠ ᠵᠢᠨ ᠬᠤᠭᠤᠷᠤᠨᠳᠤᠬᠢ ᠨᠠᠢᠷᠰᠠᠭ ᠶᠠᠪᠤᠯᠴᠠᠭ᠎ᠠ ᠲᠠᠰᠤᠷᠠᠭ᠎ᠠ ᠦᠬᠡᠢ᠂ ᠬᠡᠨᠤ ᠬᠢᠨᠢ ᠬᠡᠷ ᠲᠤ᠌ ᠪᠠᠷᠢ ᠪᠠᠭᠤᠯᠭᠠᠵᠤ ᠪᠠᠢᠨ᠎ᠠ᠂ ᠠᠯᠢ ᠠᠢᠯᠤᠨ ᠬᠢᠨ ᠦᠬᠢᠨᠢᠶᠡᠨ ᠮᠤᠷᠳᠠᠭᠤᠯᠵᠤ ᠶᠠᠭᠠᠷᠠᠨ᠎ᠠ᠂ ᠲᠡᠷᠡ ᠬᠡᠷ ᠲᠤᠨᠢ ᠪᠡᠯᠪᠡᠰᠦᠷᠠᠯᠤᠨ ᠶᠠᠪᠤᠳᠠᠯ ᠪᠤᠯᠵᠤ ᠪᠠᠢᠨ᠎ᠠ ᠁ ᠬᠡᠭᠰᠡᠬᠡᠷ ᠤᠯᠠᠨᠢᠶᠡᠷᠢᠶᠡᠨ ᠴᠤᠬᠯᠠᠷᠠᠵᠤ ᠬᠦᠷ ᠨᠡᠷᠬᠢᠶᠨᠨ ᠨᠡᠮᠡᠵᠤ ᠬᠠᠷᠠᠮ ᠦᠬᠡᠢ ᠪᠡᠷ ᠬᠠᠪᠰᠤᠷᠤᠯᠭ᠎ᠠ ᠲᠡᠮᠵᠢᠯᠭᠡ ᠦᠵᠡᠬᠦᠯᠦᠨ᠎ᠠ᠃
ᠲᠢᠶᠠᠨ ᠵᠢᠶᠦ᠋ᠨ ᠱᠸᠩᠤᠨ ᠲᠠᠨᠢᠯᠴᠠᠭᠤᠯᠤᠬᠰᠠᠨᠢᠶᠡᠷ᠂ ᠲᠡᠳᠡᠨᠤ ᠠᠳᠠᠯ ᠠᠬᠤᠢ ᠵᠢᠨ ᠬᠠᠮᠢᠶᠠᠷᠤᠯᠳᠠ ᠵᠢᠨ ᠲᠦᠪᠤᠨ ᠬᠢᠨ ᠡᠨᠡ ᠡᠳᠦᠷ ᠨᠠᠰᠤᠳᠠᠢ ᠡᠵᠢ ᠳ᠋ᠤ ᠮᠢᠨᠢ ᠬᠤᠭᠤᠯᠨ ᠬᠢᠵᠤ ᠦᠭᠬᠦ ᠬᠦᠮᠦᠨ ᠦᠬᠡᠢ ᠪᠤᠯᠤᠬᠰᠠᠨ᠂ ᠬᠤᠭᠤᠯᠠ ᠬᠢᠬᠡᠳ ᠬᠦᠷᠭᠡᠭᠡᠳ ᠦᠭ; ᠠᠮᠠᠷᠠᠯᠳᠠ ᠵᠢᠨ ᠬᠤᠭᠤᠴᠠᠭ᠎ᠠ ᠪᠤᠯᠤᠬᠰᠠᠨ ᠮᠢᠨᠦ ᠬᠡᠦᠬᠡᠨ ᠭᠠᠬᠴᠠᠭᠠᠷᠢᠶᠡᠨ ᠬᠡᠷ ᠲᠡᠬᠡᠨ ᠪᠠᠢᠨ᠎ᠠ᠂ ᠵᠠᠪ ᠭᠠᠷᠪᠠᠯ ᠡᠬᠦᠳᠡ ᠵᠢ ᠲᠤᠬᠰᠢᠵᠤ ᠤᠷᠤᠵᠤ ᠦᠵᠡᠭᠡᠳ ᠠᠯᠢ; ᠠᠪᠤ ᠮᠢᠨᠢ ᠡᠪᠡᠳᠴᠢᠯᠡᠯᠡ᠂ ᠡᠮᠨᠡᠯᠭᠡ ᠵᠢᠨ ᠬᠤᠷᠢᠶᠠᠨ ᠳ᠋ᠤ ᠬᠦᠷᠬᠡᠬᠦ ᠴᠢᠬᠤᠯᠠ ᠲᠡᠢ ᠪᠤᠯᠵᠠᠢ ᠬᠡᠬᠦ ᠮᠡᠳᠤ ᠵᠢᠨ ᠤᠳᠠᠰᠤ ᠵᠢ ᠦᠷᠬᠦᠯᠵᠢ ᠲᠤᠰᠳᠠᠭ ᠪᠦᠬᠡᠳ ᠲᠡᠳᠡ ᠦᠴᠦᠬᠡᠨ ᠴᠤ᠌ ᠬᠤᠢᠰᠢᠯᠠᠬᠤ ᠦᠬᠡᠢ ᠬᠠᠪᠰᠤᠷᠴᠤ ᠪᠠᠢᠳᠠᠭ᠃
《ᠤᠪᠤᠭ᠎ᠠ ᠲᠤᠰᠬᠤᠨᠤ ᠠᠷᠠᠳ ᠪᠤᠯᠤᠬᠰᠠᠨ ᠳ᠋ᠠᠭᠠᠨ ᠪᠢ ᠲᠤᠩ ᠤᠮᠤᠬᠰᠢᠨᠠ!》᠃ ᠲᠢᠶᠠᠨ ᠵᠢᠶᠦ᠋ᠨ ᠱᠸᠩᠤᠨ ᠡᠨᠡ ᠦᠬᠡ ᠦᠨᠡᠬᠡᠷ ᠤᠷᠤ ᠲᠠᠢ ᠪᠢᠯᠡ᠃

ᠦᠨᠦᠳᠤᠷᠤᠨ ᠤᠪᠤᠭ᠍ᠡ ᠲᠤᠰᠬᠤᠨᠤ ᠰᠤᠶᠦᠯ ᠵᠢᠭᠤᠯᠴᠢᠯᠠᠯ᠂ ᠡᠳ᠋ ᠪᠠᠷᠠᠭ᠍ᠡ ᠵᠢᠨ ᠭᠦᠢᠯᠭᠡᠭᠡ ᠵᠢᠨ ᠬᠦᠷᠢᠶᠡᠯᠡᠩ ᠵᠢᠴᠢ 〈ᠬᠤᠷᠰᠢᠶ᠎ᠠ + ᠠᠵᠦ ᠠᠬᠤᠢᠯᠠᠯ + ᠲᠠᠷᠢᠶᠠᠴᠢᠨ ᠡᠷᠦᠭᠡ〉 ᠵᠢᠨ ᠵᠠᠭᠪᠤᠷᠤᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯᠤᠨ ᠰᠠᠭᠤᠷᠢᠨ ᠵᠡᠷᠭᠡ ᠨᠢ ᠰᠤᠶᠦᠯ ᠵᠢᠭᠤᠯᠴᠢᠯᠠᠯᠤᠨ ᠠᠵᠦ ᠦᠢᠯᠡᠰ ᠵᠢᠡᠷ ᠭᠤᠤᠯ ᠪᠤᠯᠭᠠᠭᠰᠠᠨ ᠲᠠᠪᠴᠠᠩᠤᠨ ᠠᠵᠦ ᠦᠢᠯᠡᠰ ᠤ᠋ᠨ ᠬᠡᠯᠬᠢᠶ᠎ᠡ ᠵᠢ ᠪᠦᠷᠢᠯᠳᠦᠬᠦᠯᠵᠦ᠂ ᠵᠢᠯᠤᠨ ᠦᠢᠯᠡᠳᠪᠦᠷᠢᠯᠡᠯᠤᠨ ᠦᠷᠲᠡᠭ ᠨᠢ 10 ᠳ᠋ᠦᠩᠰᠢᠭᠤᠷ ᠲᠦᠭᠦᠷᠢᠭᠢ ᠲᠠᠪᠠᠵᠦ᠂ ᠴᠡᠪᠡᠷ ᠤᠷᠤᠯᠭ᠍ᠡ ᠨᠢ 3 ᠳ᠋ᠦᠩᠰᠢᠭᠤᠷ ᠲᠦᠭᠦᠷᠢᠭ ᠪᠤᠯᠵᠦ᠂ ᠲᠤᠰᠬᠤᠨᠤ ᠠᠷᠠᠳᠤᠨ ᠵᠢᠯᠤᠨ ᠲᠡᠭᠰᠢᠳᠭᠡᠭᠰᠡᠨ ᠤᠷᠤᠯᠭ᠍ᠡ ᠨᠢ 5 ᠲᠦᠮᠨᠨ ᠲᠦᠭᠦᠷᠢᠭ ᠲᠦ᠍ ᠬᠦᠷᠴᠦ᠂ ᠪᠦᠬᠦ ᠲᠤᠰᠬᠤᠨᠤ 2000 ᠭᠠᠷᠤᠢ ᠬᠦᠳᠡᠯᠮᠦᠷᠢ ᠬᠦᠴᠦᠨ ᠳ᠋ᠡᠭᠡᠨ ᠪᠦᠬᠦᠨᠢ ᠠᠵᠢᠯ ᠤᠯᠭᠤᠬᠰᠠᠨᠢᠶᠡᠷ ᠪᠠᠷᠠᠬᠤ ᠦᠬᠡᠢ ᠪᠠᠰᠠ ᠡᠷᠭᠢᠨ ᠲᠤᠭᠤᠷᠢᠨᠤ 4000 ᠰᠢᠬᠠᠮ ᠰᠠᠭᠤᠭᠠᠯᠢ ᠠᠷᠠᠳᠢ ᠬᠢᠬᠦ ᠠᠵᠢᠯ ᠲᠠᠢ ᠪᠤᠯᠭᠠᠬᠰᠨᠨ ᠪᠠᠢᠨ᠎ᠡ᠃
ᠲᠤᠰᠬᠤᠨᠤ ᠬᠠᠮᠳᠤ ᠵᠢᠨ ᠠᠵᠤ ᠠᠬᠤᠢ ᠡᠴᠡ ᠪᠦᠬᠦ ᠲᠤᠰᠬᠤᠨᠤ ᠠᠷᠠᠳᠤᠨ ᠬᠦᠳᠡᠭᠡ ᠲᠤᠰᠬᠤᠨᠤ ᠬᠤᠷᠰᠢᠭᠰᠠᠨ ᠡᠮᠨᠡᠯᠭᠡ ᠵᠢᠨ ᠲᠠᠭᠠᠳᠬᠠᠯᠢ᠋ ᠨᠢ ᠤᠷᠤᠯᠠᠨ ᠲᠤᠰᠢᠶᠠᠵᠤ ᠦᠭᠴᠤ ᠪᠠᠢᠬᠤ ᠪᠡᠷ ᠪᠠᠷᠠᠬᠤ ᠦᠬᠡᠢ ᠵᠢᠯ ᠪᠦᠷᠢ ᠲᠤᠰᠬᠠᠢᠯᠠᠨ 6000 ᠲᠦᠮᠡᠨ ᠲᠦᠭᠦᠷᠢᠭᠤᠨ ᠪᠡᠯᠡ ᠮᠦᠩᠬᠦ ᠭᠠᠷᠭᠠᠵᠦ᠂ ᠲᠤᠰᠬᠤᠨᠤ ᠠᠷᠠᠳ ᠨᠢᠭᠡᠪᠦᠷᠢ ᠵᠢᠨ ᠨᠠᠰᠦᠵᠢᠯᠤᠨ ᠠᠰᠠᠷᠠᠮᠵᠢ ᠵᠢᠨ ᠲᠠᠭᠠᠳᠬᠠᠯᠤᠨ ᠮᠦᠩᠬᠦ ᠵᠢ ᠨᠢ ᠲᠤᠰᠢᠶᠠᠨ ᠦᠭᠴᠦ᠂ ᠤᠳᠤ ᠲᠤᠰᠬᠤᠨᠤ 60 ᠨᠠᠰᠤᠨ ᠡᠴᠡ ᠲᠡᠭᠡᠭᠰᠢᠬᠢ ᠬᠦᠮᠦᠨ ᠰᠠᠷ᠎ᠠ ᠳ᠋ᠤ 2000 ᠭᠠᠷᠤᠢ ᠲᠦᠬᠦᠷᠢᠭᠤᠨ ᠠᠰᠠᠷᠠᠮᠵᠢ ᠵᠢᠨ ᠮᠦᠩᠬᠦ ᠬᠦᠷᠳᠡᠵᠤ ᠪᠠᠢᠨ᠎ᠠ᠃
ᠶᠠᠳᠠᠭᠤ ᠬᠤᠭᠤᠰᠤᠨ ᠡᠴᠡ ᠪᠤᠯᠵᠤ ᠨᠢᠭᠡᠨ ᠦᠶ᠎ᠠ 《ᠬᠦᠨᠳᠡᠢᠷᠡᠭᠰᠡᠨ ᠲᠤᠰᠬᠤᠨ》 ᠪᠤᠯᠬᠤ ᠰᠢᠬᠠᠠᠨᠰᠠᠨ ᠤᠪᠤᠭ᠎ᠠ ᠲᠤᠰᠬᠤᠨ ᠡᠨᠡ ᠨᠤᠳᠤᠭᠤᠨ ᠤᠬᠠᠭᠠᠨᠳᠤ ᠠᠷᠠᠳᠤᠨᠠᠵᠢᠯᠴᠢ ᠬᠤᠶᠠᠷ ᠭᠠᠷᠢᠶᠡᠷ ᠰᠦᠯᠵᠢᠶᠡᠨᠤ ᠴᠤᠤᠳᠤ ᠲᠤᠰᠬᠤᠨ ᠪᠤᠯᠵᠤ ᠪᠠᠢᠭᠤᠯᠤᠬᠳᠠᠨ᠂ ᠠᠯᠢᠪᠠ ᠪᠦᠬᠦᠨ ᠨᠢ ᠠᠮᠢ ᠠᠮᠢᠵᠢᠷᠠᠯᠢᠶᠡᠷ ᠪᠢᠯᠬᠠᠨ᠎ᠠ᠃
ᠪᠢᠳᠠᠨᠤ ᠰᠤᠷᠪᠤᠯᠵᠢᠯᠠᠭ᠎ᠠ ᠲᠠᠭᠤᠰᠤᠯ᠎ᠠ᠂ ᠵᠢᠷᠭᠠᠬᠤ ᠨᠠᠷᠠᠨᠤ ᠤᠯᠠᠪᠢᠷ ᠲᠤᠶᠠᠭ᠎ᠠ ᠤᠪᠤᠭ᠎ᠠ ᠲᠤᠰᠬᠤᠨᠢ ᠲᠤᠨᠤᠷᠠᠳᠠᠯᠠ ᠬᠡᠢᠬᠦᠯᠦᠨᠠ᠂ ᠠᠵᠢᠯ ᠡᠴᠡ ᠪᠠᠨ ᠪᠠᠭᠤᠬᠰᠠᠨ ᠲᠤᠰᠭᠤᠨᠤ ᠠᠷᠠᠳ ᠬᠤᠶᠠᠷ ᠭᠤᠷᠪᠠ ᠪᠡᠷᠢᠶᠡᠨ ᠨᠡᠢᠯᠡᠵᠤ ᠨᠡᠷᠬᠢᠯᠳᠤᠨ ᠶᠠᠷᠢᠯᠴᠠᠬᠰᠠᠭᠠᠷ ᠬᠡᠷ ᠬᠡᠷ ᠵᠦᠭᠢᠶᠡᠨ ᠪᠤᠴᠠᠵᠠᠭᠠᠨ᠎ᠠ ᠁
