ᠬᠤᠯᠪᠤᠭᠠᠰᠤ
● ᠲᠦᠮᠡᠳ ᠪᠠᠷᠠᠭᠤᠨ ᠬᠣᠱᠢᠭᠤ 14 ᠵᠢᠯ ᠳᠠᠷᠠᠭᠠᠯᠠᠨ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠢ᠋ᠢᠨ ᠰᠠᠷ᠎ᠠ ᠢ᠋ᠢᠨ ᠠᠵᠢᠯᠯᠠᠭ᠎ᠠ ᠥᠷᠨᠢᠭᠦᠯᠪᠠ ᠃
● ᠲᠦᠮᠡᠳ ᠪᠠᠷᠠᠭᠤᠨ ᠬᠣᠱᠢᠭᠤ 《ᠨᠠᠢ᠍ᠮᠠ ᠢ᠋ᠢ ᠣᠷᠣᠭᠤᠯᠬᠤ + N》 ᠰᠡᠳᠬᠢᠴᠡ ᠪᠠ《ᠬᠣᠶᠠᠷ ᠢ᠋ ᠴᠣᠭ᠍ᠴᠠᠯᠠᠬᠤ》ᠠᠵᠢᠯᠯᠠᠭ᠎ᠠ ᠪᠡᠷ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠢ᠋ᠢ ᠡᠭᠦᠳᠦᠨ ᠪᠠᠢᠭᠤᠯᠬᠤ ᠠᠵᠢᠯ ᠢ᠋ ᠯᠠᠪᠳᠠᠭᠤᠨ ᠪᠠᠲᠤᠲᠠᠢ ᠠᠬᠢᠭᠤᠯᠪᠠ ᠃
● ᠲᠦᠮᠡᠳ ᠪᠠᠷᠠᠭᠤᠨ ᠬᠣᠱᠢᠭᠤ 2014 ᠤᠨ ᠪᠠ 2021 ᠤᠨ ᠳ᠋ᠤ 《ᠪᠦᠬᠦ ᠣᠷᠣᠨᠤ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠢ᠋ᠢᠨ ᠵᠢᠱ᠌ᠢᠶ᠎ᠡ ᠦᠵᠡᠭᠦᠯᠬᠦ᠌ ᠬᠣᠱᠢᠭᠤ》 ᠢ᠋ᠢᠨ ᠢᠷᠠᠭᠤ ᠠᠯᠳᠠᠷ ᠢ᠋ ᠬᠦᠷᠲᠡᠪᠠ ᠃
● ᠲᠦᠮᠡᠳ ᠪᠠᠷᠠᠭᠤᠨ ᠬᠣᠱᠢᠭᠤᠨ ᠳ᠋ᠤ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠢ᠋ᠢᠨ ᠵᠢᠱ᠌ᠢᠶᠡᠴᠢ ᠬᠠᠮᠲᠤ ᠨᠡᠢᠲᠡ 261᠂ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠢ᠋ᠢᠨ ᠵᠢᠱ᠌ᠢᠶᠡᠴᠢ ᠬᠤᠪᠢ ᠬᠥᠮᠦᠨ1181 ᠪᠤᠢ ᠃
ᠳᠠᠯᠠᠨ ᠬᠠᠷ᠎ᠠ ᠠᠭᠤᠯᠠᠨᠦ ᠡᠡᠭᠭᠡᠷ ᠲᠤ᠌᠂ ᠲᠦᠮᠡᠳ ᠤ᠋ᠨ ᠲᠠᠯ᠎ᠠ ᠢ᠋ᠢᠨ ᠡᠯᠢᠭᠡᠨ ᠳ᠋ᠤ᠂ ᠦᠨᠳᠤᠰᠤᠳᠠᠨᠤ ᠪᠦᠯᠬᠦᠮᠳᠠᠯᠤᠨ ᠦᠡᠭᠭᠡᠵᠢᠨ ᠴᠡᠴᠡᠭᠢ ᠮᠢᠷᠠᠯᠵᠠᠭᠤᠯᠵᠤ᠂ ᠲᠦᠪ ᠶᠤᠰᠤᠨ ᠤ᠋ ᠭᠡᠷᠡᠯ ᠭᠡᠭᠡ ᠢ᠋ᠢ ᠲᠦᠮᠡᠨ ᠤᠯᠠᠨ ᠳ᠋ᠠᠭᠠᠨ ᠲᠦᠭᠡᠭᠡᠵᠤ ᠶᠠᠪᠤᠭ᠎ᠠ ᠨᠢᠭᠡᠨ ᠰᠢᠬᠦᠭᠴᠢ ᠪᠤᠢ᠃ ᠲᠡᠷᠡ ᠪᠣᠯ ᠲᠠᠷᠤᠢ ᠬᠦᠮᠤᠨ ᠤᠯᠠᠨᠤ ᠪᠠᠨ ᠬᠠᠢᠷ᠎ᠠ ᠵᠢ ᠲᠠᠳᠠᠭᠰᠠᠨ ᠪᠤᠭᠤᠳᠤ ᠬᠤᠳᠠᠵᠢᠨ ᠲᠦᠮᠡᠳ ᠪᠠᠷᠠᠭᠤᠨ ᠬᠣᠱᠢᠭᠤᠨ ᠤ᠋ ᠠᠷᠠᠳᠤᠨ ᠱᠢᠭᠦᠬᠦ᠌ ᠬᠣᠷᠢᠶ᠎ᠠ ᠢ᠋ᠢᠨ ᠱᠢᠭᠦᠨ ᠲᠠᠰᠤᠯᠬᠤ ᠺᠣᠮᠢᠰ ᠤ᠋ᠨ ᠲᠤᠰᠭᠠᠶ ᠲᠤᠱᠢᠶᠠᠯᠲᠤ ᠭᠡᠱᠢᠭᠦᠨ ᠪᠠ᠊·ᠰᠡᠴᠡᠨ ᠪᠤᠯᠬᠤ ᠶᠤᠮ᠃
ᠤᠯᠠᠨ ᠲᠦᠮᠡᠨᠳᠡᠭᠡᠨ᠂ ᠠᠢᠯ ᠰᠠᠭᠠᠬᠠᠯᠳᠠᠳᠠᠭᠠᠨ ᠦᠨᠡᠨᠴᠢ ᠰᠢᠳᠤᠷᠭᠤ ᠲᠤᠳᠤᠨᠤ ᠬᠠᠯᠠᠭᠤᠮᠰᠤᠭᠵᠢᠡᠷ ᠦᠢᠯᠡᠴᠢᠯᠡᠵᠦ ᠢᠷᠡᠭᠰᠡᠨ ᠡᠨᠡ ᠬᠦ᠌ ᠠᠷᠠᠳ ᠤ᠋ᠨ ᠰᠠᠢᠨ ᠰᠢᠭᠦᠭᠴᠢ 《ᠬᠠᠤᠯᠢ ᠶᠠᠭᠠᠬᠢᠵᠦ ᠬᠦᠮᠦᠨᠤ ᠰᠡᠳᠬᠢᠯ ᠳ᠋ᠤ ᠬᠦᠷᠳᠡᠭ》 ᠢ᠋ ᠠᠷᠠᠳ ᠲᠦᠮᠡᠨᠳᠡᠭᠡᠨ ᠭᠦᠨᠵᠡᠭᠡᠢ ᠤᠢᠯᠠᠭᠠᠭᠤᠯᠵᠦ᠂ ᠦᠨᠡᠨ ᠶᠤᠰᠤᠨᠤ ᠬᠦᠭᠡᠭᠡᠴᠡᠯᠳᠦᠯ᠂ ᠦᠢ ᠲᠦᠮᠡᠨᠤ ᠪᠠᠨ ᠡᠷᠭᠡ ᠠᠰᠢᠬᠤᠨ ᠪᠠᠳᠤ ᠰᠠᠬᠢᠶ᠎ᠠ᠂ ᠦᠨᠳᠦᠰᠦᠳᠡᠨᠤ ᠪᠦᠯᠬᠦᠮᠳᠡᠯᠤᠨ ᠢᠷᠠᠭᠤ ᠲᠠᠭᠤᠨ ᠵᠢᠡᠷ ᠵᠢᠡᠨ ᠤᠮᠠᠷᠠᠳᠤ ᠬᠢᠯᠢ ᠵᠢᠨ ᠲᠦᠪᠰᠢᠨᠦ ᠠᠮᠤᠭᠤᠯᠠᠩᠢ ᠬᠠᠮᠠᠭᠠᠯᠠᠵᠦ ᠶᠠᠪᠤᠭ᠎ᠠ ᠡᠷᠡᠰ ᠪᠠᠲᠤ ᠵᠤᠷᠢᠭ ᠲᠠᠢ᠂ ᠱᠢᠨᠲᠠᠷᠠᠰᠢ ᠦᠭᠡᠢ ᠲᠡᠰᠪᠦᠷᠢ ᠲᠠᠢ ᠤᠬᠠᠭᠠᠯᠢᠭ ᠪᠦᠰᠡᠭᠦᠢ ᠢ᠋ᠢ ᠰᠤᠷᠪᠤᠯᠵᠢᠯᠠᠬᠤᠳᠠᠭᠠᠨ ᠦᠪᠡᠷ ᠤ᠋ᠨ ᠡᠷᠬᠡ ᠦᠭᠡᠢ ᠪᠢᠰᠢᠷᠡᠨ ᠬᠦᠨᠳᠦᠳᠭᠡᠵᠦ ᠪᠢᠯᠡ᠃

ᠪᠠ᠊· ᠰᠡᠴᠡᠨ
ᠰᠢᠬᠦᠭᠴᠢ ᠪᠤᠯᠬᠤ ᠭᠡᠵᠤ ᠪᠠ᠊· ᠰᠡᠴᠡᠨᠤ ᠤᠨᠠᠭᠠᠨ ᠪᠠᠭᠠᠵᠢᠨ ᠬᠦᠰᠡᠯ ᠰᠠᠨᠵᠠᠢ᠃ 1989 ᠣᠨ ᠳ᠋ᠤ ᠲᠠᠷᠠ ᠡᠨᠡᠬᠦ ᠬᠦᠰᠡᠯ ᠳ᠋ᠡᠭᠡᠨ ᠬᠦᠳᠤᠯᠦᠭᠳᠠᠨ ᠪᠠᠢᠵᠤ᠂ ᠪᠤᠭᠤᠲᠤ ᠬᠤᠳᠠ ᠢ᠋ᠢᠨ ᠲᠦᠮᠡᠳ ᠪᠠᠷᠠᠭᠤᠨ ᠬᠣᠱᠢᠭᠤᠨ ᠤ᠋ ᠠᠷᠠᠳ ᠤ᠋ᠨ ᠱᠢᠭᠦᠬᠦ᠌ ᠬᠤᠷᠢᠶ᠎ᠠ ᠳ᠋ᠤ ᠬᠦᠷᠴᠤ ᠠᠵᠢᠯᠯᠠᠭᠰᠠᠨ ᠶᠤᠮ᠃ ᠠᠡᠭᠬ᠎ᠠ ᠡᠬᠢᠨ ᠤ᠋ ᠪᠢᠴᠢᠭᠡᠴᠢ᠂ ᠲᠤᠰᠠᠯᠠᠬᠤ ᠱᠢᠭᠦᠭ᠌ᠴᠢ᠂ ᠱᠢᠭᠦᠭ᠌ᠴᠢᠡᠴᠡ ᠢᠷᠭᠡᠨ ᠤ᠋ ᠬᠡᠷᠡᠭ ᠤ᠋ᠨ ᠱᠢᠭᠦᠨ ᠲᠠᠰᠤᠯᠬᠤ ᠲᠢᠩᠬᠢᠮ᠂ ᠡᠷᠡᠭᠦᠦ᠍ ᠢ᠋ᠢᠨ ᠬᠡᠷᠡᠭ ᠤ᠋ᠨ ᠱᠢᠭᠦᠨ ᠲᠠᠰᠤᠯᠬᠤ ᠲᠢᠩᠬᠢᠮ ᠪᠠ ᠬᠡᠷᠡᠭ ᠳᠠᠩᠰᠠᠯᠠᠬᠤ ᠲᠢᠩᠬᠢᠮ ᠤ᠋ᠨ ᠳᠠᠷᠤᠭ᠎ᠠ ᠬᠦᠷᠲᠡᠯ᠎ᠠ᠂ ᠲᠠᠬᠢᠭᠠᠳ ᠤᠳᠤ ᠢ᠋ᠢᠨ ᠱᠢᠭᠦᠨ ᠲᠠᠰᠤᠯᠬᠤ ᠺᠣᠮᠢᠰ ᠤ᠋ᠨ ᠲᠤᠰᠭᠠᠢ ᠲᠤᠱᠢᠶᠠᠯᠳᠤ ᠭᠡᠱᠢᠭᠦᠨ ᠬᠦᠷᠲᠡᠯᠡᠬᠢ 34 ᠵᠢᠯ ᠳ᠋ᠤ ᠲᠡᠷᠡ 1300 ᠭᠠᠷᠤᠢ ᠢᠷᠭᠡᠨ ᠤ᠋ ᠬᠡᠷᠡᠭ᠂ 300 ᠭᠠᠷᠤᠢ ᠡᠷᠡᠭᠦᠦ᠍ ᠢ᠋ᠢᠨ ᠬᠡᠷᠡᠭ ᠢ᠋ ᠰᠢᠢᠳᠪᠦᠷᠢᠯᠡᠵᠤ᠂ ᠬᠡᠷᠡᠭ ᠤ᠋ᠨ ᠶᠠᠰᠤ ᠴᠢᠨᠠᠷ᠂ ᠲᠣᠭ᠎ᠠ ᠬᠡᠮᠵᠢᠶ᠎ᠠ ᠪᠡᠷ ᠰᠢᠭᠦᠭᠦ ᠬᠣᠷᠢᠶᠠᠨ ᠳ᠋ᠠᠭᠠᠨ ᠬᠤᠰᠢᠭᠤᠷᠠᠵᠤ᠂ ᠤᠷᠢᠳ ᠬᠣᠵᠢᠳ 《ᠪᠦᠬᠦ᠌ ᠤᠯᠤᠰ ᠤ᠋ᠨ ᠬᠡᠷᠡᠭ ᠱᠢᠢᠳᠪᠦᠷᠢᠯᠡᠭ᠌ᠰᠡᠨ ᠵᠢᠱ᠌ᠢᠶᠡᠴᠢ》᠂ 《ᠪᠦᠬᠦ᠌ ᠣᠷᠣᠨ ᠤ᠋ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠢ᠋ᠢᠨ ᠵᠢᠱ᠌ᠢᠶᠡᠴᠢ ᠬᠤᠪᠢ ᠬᠥᠮᠦᠨ》᠂ 《ᠪᠦᠬᠦ᠌ ᠣᠷᠣᠨ ᠤ᠋ ᠱᠢᠯᠢᠳᠡᠭ ᠰᠢᠭᠦᠭᠴᠢ》᠂ ᠥᠪᠡᠷᠲᠡᠭᠡᠨ ᠵᠠᠰᠠᠬᠤ ᠣᠷᠣᠨ ᠤ᠋ ᠱᠢᠯᠢᠳᠡᠭ ᠡᠪ ᠬᠠᠮᠲᠤ ᠨᠠᠮ ᠤ᠋ᠨ ᠭᠡᠱᠢᠭᠦᠨ᠂ ᠥᠪᠡᠷᠲᠡᠭᠡᠨ ᠵᠠᠰᠠᠬᠤ ᠣᠷᠣᠨ ᠤ᠋ ᠲᠡᠷᠢᠭᠦᠨ ᠤ᠋ ᠠᠵᠢᠯᠲᠠᠨ ᠵᠡᠷᠭᠡ ᠢᠷᠠᠭᠤ ᠠᠯᠳᠠᠷ ᠢ᠋ ᠬᠦᠷᠲᠡᠵᠤ᠂ ᠤᠯᠠᠭᠠᠨ ᠬᠤᠸᠠᠷᠵᠢᠡᠷ ᠡᠡᠭᠭᠡᠷᠵᠢᠡᠨ ᠮᠢᠯᠢᠶᠠᠯᠭᠠᠵᠤ ᠢᠷᠠᠯ᠎ᠠ᠃
ᠪᠢᠳᠠ ᠪᠠ᠊· ᠰᠡᠴᠡᠨᠢ ᠰᠤᠷᠪᠤᠯᠵᠢᠯᠠᠷ᠎ᠠ ᠬᠦᠷᠬᠦ ᠳ᠋ᠤ ᠲᠡᠷᠡ ᠲᠦᠮᠡᠳ ᠪᠠᠷᠠᠭᠤᠨ ᠬᠣᠱᠢᠭᠤᠨ ᠤ᠋ ᠠᠷᠠᠳ ᠤ᠋ᠨ ᠱᠢᠭᠦᠬᠦ᠌ ᠬᠣᠷᠢᠶᠠᠨ ᠤ᠋ 《ᠰᠡᠴᠡᠨ ᠬᠠᠤᠯᠢ ᠲᠠᠢᠯᠪᠤᠷᠢᠯᠠᠬᠤ》 ᠠᠵᠢᠯᠯᠠᠬᠤ ᠲᠠᠰᠤᠭᠲᠡᠭᠠᠨ ᠬᠠᠤᠯᠢ ᠴᠠᠭᠠᠵᠠ ᠢ᠋ᠢᠨ ᠪᠢᠴᠢᠭ ᠮᠠᠲᠸᠷᠢᠶᠠᠯ ᠬᠦᠷᠭᠡᠬᠦ᠌ ᠲᠤᠬᠠᠢ ᠠᠰᠠᠭᠤᠨ ᠯᠠᠪᠯᠠᠬᠤ ᠪᠠᠷ ᠢᠷᠡᠭᠰᠡᠳ ᠲᠦ᠍ ᠬᠠᠮᠢᠶ᠎ᠠ ᠪᠦᠬᠦᠢ ᠲᠠᠰ ᠲᠠᠷᠠᠭᠠᠯᠠᠯᠢ ᠡᠶᠡᠯᠳᠡᠭ ᠪᠦᠭᠡᠳ ᠬᠦᠯᠢᠴᠡᠩᠭᠦᠢ ᠲᠠᠢᠯᠪᠤᠷᠢᠯᠠᠨ ᠦᠭᠴᠤ ᠪᠠᠢᠵᠠᠢ᠃
《ᠢᠯᠡᠭᠦᠬᠡᠨ ᠡᠶᠡᠳᠡᠭᠦᠯᠵᠦ᠍᠂ ᠢᠯᠡᠭᠦᠬᠡᠨ ᠬᠦᠴᠦ᠍ ᠣᠷᠣᠭᠤᠯᠵᠤ᠂ ᠢᠯᠡᠭᠦᠬᠡᠨ ᠴᠠᠭ ᠵᠠᠷᠤᠴᠠᠭᠤᠯᠵᠤ᠂ ᠢᠯᠡᠭᠦᠬᠡᠨ ᠰᠡᠳᠭᠢᠯ ᠲᠠᠯᠪᠢᠵᠤ ᠲᠤᠬᠠᠶ ᠢ᠋ᠢᠨ ᠬᠥᠮᠦᠨ ᠤ᠋ ᠠᠰᠠᠭᠤᠳᠠᠯ ᠢ᠋ ᠲᠦᠪ ᠭᠤᠤᠯᠴᠢ ᠪᠠᠷ ᠲᠠᠰᠤᠯᠤᠨ ᠱᠢᠶ᠋ᠳᠪᠦᠷᠢᠯᠡᠵᠤ ᠦᠭᠬᠦ ᠬᠡᠷᠡᠭ᠌ᠲᠡᠶ》 ᠭᠡᠵᠦ᠍ ᠪᠠ᠊·ᠰᠡᠴᠡᠨ ᠪᠢᠳᠡᠨ ᠳ᠋ᠤ ᠶᠠᠷᠢᠬᠤ ᠪᠦᠭᠡᠳ ᠣᠯᠠᠨ ᠵᠢᠯ ᠤ᠋ᠨ ᠲᠤᠷᠰᠢ ᠡᠢᠨ ᠬᠦ᠌ ᠦᠪᠡᠷ ᠢ᠋ ᠪᠡᠨ ᠱᠠᠭᠠᠷᠳᠠᠭᠰᠠᠭᠠᠷ ᠢᠷᠡᠪᠠ᠃
ᠨᠢᠭᠡᠨ ᠡᠳᠦᠷ᠂ ᠪᠠ᠊·ᠰᠡᠴᠡᠨ ᠰᠢᠬᠦᠬᠦ ᠬᠤᠷᠢᠶᠠᠨᠤ ᠪᠠᠨ ᠬᠡᠷᠡᠭ ᠲᠠᠩᠰᠠᠯᠠᠬᠤ ᠲᠢᠩᠬᠢᠮ ᠳ᠋ᠡᠭᠡᠨ ᠮᠠᠲ᠋ᠧᠷᠢᠶᠠᠯ ᠲᠢᠭᠯᠡᠵᠦ ᠪᠠᠢᠳᠠᠯ᠎ᠠ᠂ ᠨᠢᠭᠤᠷ ᠴᠢᠷᠠᠢ ᠨᠢ ᠰᠢᠷᠤᠢ ᠲᠤᠭᠤᠰᠤᠨᠳᠤ ᠲᠠᠷᠤᠭᠳᠠᠭᠰᠠᠨ ᠠᠷᠪᠠᠨ ᠭᠡᠳᠤᠨ ᠬᠦᠮᠤᠨ ᠤᠷᠤᠵᠦ ᠢᠷᠡᠭᠡᠳ 《ᠬᠦᠯᠦᠰᠤᠨ ᠮᠦᠡᠭᠬᠦ ᠪᠠᠨ ᠠᠪᠤᠨ᠎ᠠ》 ᠬᠡᠵᠦ ᠦᠨᠳᠤᠷ ᠲᠠᠭᠤᠨᠵᠢᠡᠷ ᠪᠠᠷᠬᠢᠷᠠᠪᠠ᠃ ᠪᠠ᠊· ᠰᠡᠴᠡᠨ ᠤᠴᠠᠭᠠᠷᠯᠠᠵᠤ ᠠᠭᠤᠷᠯᠠᠭᠰᠠᠨ ᠦᠭᠡᠢ ᠬᠠᠷᠢᠨ ᠡᠶᠡᠯᠳᠡᠭ ᠲᠤᠳᠤᠨᠤ ᠪᠠᠷ ᠶᠠᠮᠠᠷ ᠶᠠᠪᠤᠳᠠᠯ ᠪᠤᠯᠪᠠ ᠭᠡᠵᠤ ᠠᠰᠠᠭᠤᠵᠤ ᠯᠠᠪᠯᠠᠬᠤᠵᠢᠨ ᠲᠠᠭᠠᠤ ᠬᠤᠷᠠᠯᠤᠨ ᠭᠡᠷ ᠲᠡᠭᠡᠨ ᠤᠷᠢᠨ ᠰᠠᠭᠤᠯᠭᠠᠵᠦ᠂ ᠴᠠᠢ ᠤᠰᠤ ᠤᠢᠷᠠᠳᠤᠭᠤᠯᠤᠨ ᠦᠭᠪᠠ᠃
ᠤᠤᠯ ᠨᠢ ᠲᠡᠳᠡᠨᠡᠷ ᠪᠤᠯ ᠰᠸᠴᠤᠸᠠᠨᠠᠴᠠ ᠲᠦᠮᠡᠳ ᠪᠠᠷᠠᠭᠤᠨ ᠬᠤᠰᠢᠭᠤᠨᠳᠤ ᠢᠷᠡᠵᠤ ᠬᠥᠯᠥᠰᠥᠨ ᠠᠵᠢᠯ ᠬᠢᠵᠦ᠍ ᠪᠠᠢᠭ᠎ᠠ ᠠᠵᠢᠯᠴᠢᠳ ᠪᠤᠯᠤᠨ᠎ᠠ᠃ ᠪᠠᠷᠢᠯᠭᠠᠵᠢᠨ ᠭᠠᠵᠠᠷᠤᠨ ᠬᠠᠷᠢᠭᠤᠴᠠᠯᠭᠠᠳᠠᠨ ᠨᠢ ᠤᠷᠭᠤᠵᠤ ᠲᠤᠲᠠᠭᠠᠭᠰᠠᠨ ᠡᠴᠡ ᠪᠤᠯᠵᠤ᠂ ᠬᠦᠴᠤ ᠬᠦᠯᠦᠰᠤ ᠪᠠᠨ ᠤᠷᠤᠰᠬᠠᠵᠤ ᠠᠵᠢᠯᠯᠠᠭᠰᠠᠨ ᠬᠦᠯᠤᠰᠤᠨ ᠮᠦᠡᠭᠬᠦ ᠪᠠᠨ ᠤᠯᠬᠤ ᠦᠭᠡᠢ ᠳ᠋ᠡᠭᠡᠨ᠂ ᠲᠠᠳᠠᠨᠠᠷ ᠪᠠᠴᠢᠮᠳᠠᠨ ᠰᠠᠨᠳᠤᠷᠴᠤ ᠰᠢᠭᠤᠳ ᠯᠠ ᠱᠢᠭᠦᠬᠦ᠌ ᠬᠣᠷᠢᠶᠠᠨ ᠳ᠋ᠤ ᠡᠷᠬᠡ ᠪᠡᠨ ᠬᠠᠮᠠᠭᠠᠯᠠᠬᠤ ᠪᠡᠷ ᠢᠷᠡᠭᠰᠡᠨ ᠨᠢ ᠡᠨᠡ ᠪᠠᠢᠵᠠᠢ᠃ ᠬᠡᠷᠡᠭ ᠢ᠋ ᠪᠠᠢᠴᠠᠭᠠᠨ ᠱᠢᠭᠦᠬᠦ᠌ ᠶᠠᠪᠤᠴᠠ ᠳ᠋ᠤ ᠪᠠ᠊·ᠰᠡᠴᠡᠨ ᠤᠯᠠᠨ ᠤᠳᠠᠭ᠎ᠠ ᠪᠠᠷᠢᠯᠭ᠎ᠠ ᠢ᠋ᠢᠨ ᠲᠤᠬᠠᠢ ᠢ᠋ᠢᠨ ᠲᠠᠯᠠᠪᠠᠢ ᠳ᠋ᠤ ᠬᠦᠷᠴᠦ᠍᠂ ᠬᠦᠯᠦᠰᠤᠨ ᠠᠵᠢᠯᠴᠢᠳ ᠤ᠋ᠨ ᠠᠵᠢᠯ ᠠᠮᠢᠳᠤᠷᠠᠯ ᠤ᠋ᠨ ᠣᠷᠴᠢᠨ ᠨᠦᠬᠦᠴᠡᠯ ᠢ᠋ ᠨᠠᠷᠢᠨ ᠤᠢᠯᠠᠭᠠᠵᠤ᠂ ᠬᠥᠯᠥᠰᠥ ᠮᠦᠡᠭᠭᠦ ᠢ᠋ᠢ ᠨᠢ ᠯᠠᠪᠲᠠᠢ ᠣᠯᠵᠤ ᠥᠭ᠌ᠭᠦᠨᠡ ᠭᠡᠵᠤ ᠠᠮᠠᠯᠳᠠᠪᠠ᠃ ᠡᠢᠨ ᠬᠦ᠌ ᠰᠢᠬᠦᠬᠦ ᠬᠤᠷᠢᠶ᠎ᠠ ᠡᠴᠡ ᠲᠤᠰᠭᠠᠢ ᠬᠡᠷᠡᠭ ᠤ᠋ᠨ ᠲᠤᠭᠤᠢᠯᠠᠡᠭ ᠪᠠᠢᠭᠤᠯᠵᠤ᠂ ᠪᠠ᠊·ᠰᠡᠴᠡᠨ ᠲᠦᠷᠦᠬᠦᠯᠡᠨ ᠲᠤᠰ ᠭᠡᠷᠡᠭᠢ ᠭᠠᠷᠳᠠᠨ ᠬᠦᠢᠴᠡᠳᠭᠡᠵᠤ᠂ ᠬᠦᠯᠤᠰᠤᠨ ᠠᠵᠢᠯᠴᠢᠳᠤᠨ ᠬᠦᠰᠡᠵᠤ ᠬᠦᠯᠢᠶᠡᠭᠰᠡᠨ ᠬᠥᠯᠥᠰᠥ ᠮᠦᠡᠭᠭᠦ ᠢ᠋ᠢ ᠨᠢ ᠪᠦᠬᠦᠨ ᠢ᠋ ᠣᠯᠭᠣᠭ᠍ᠰᠠᠨ ᠪᠠᠢᠨ᠎ᠠ᠃ ᠥᠪᠥᠷ ᠮᠣᠩᠭᠣᠯ ᠤ᠋ᠨ ᠡᠨᠡ ᠬᠦ᠌ ᠮᠣᠩᠭᠣᠯ ᠱᠢᠭᠦᠭ᠌ᠴᠢ ᠢ᠋ᠢᠨ ᠤᠢᠭ᠎ᠠ ᠦᠭᠡᠢ ᠴᠢᠷᠮᠠᠢᠯᠭ᠎ᠠ ᠰᠸᠴᠤᠸᠠᠨ ᠭᠠᠵᠠᠷ ᠤ᠋ᠨ ᠬᠦᠯᠦᠰᠦᠨ ᠠᠵᠢᠯᠴᠢᠳ ᠤ᠋ᠨ ᠰᠡᠳᠬᠢᠯ ᠢ᠋ ᠭᠡᠢᠭᠦᠯᠵᠤ ᠢᠳᠡᠭᠡᠯ ᠢ᠋ ᠤᠯᠤᠭᠰᠠᠨ ᠪᠠᠢᠨ᠎ᠠ᠃ ᠡᠭᠦᠨᠡᠴᠡ ᠲᠡᠷᠡ ᠦᠨᠳᠦᠰᠦᠲᠡᠨᠨᠦᠭᠦᠳ ᠤ᠋ᠨ ᠤᠯᠠᠨ ᠲᠦᠮᠡᠨ ᠤ᠋ ᠬᠠᠤᠯᠢ ᠴᠠᠭᠠᠵᠠ ᠢ᠋ᠢᠨ ᠬᠡᠷᠡᠭ᠌ᠴᠡᠭᠡ ᠢ᠋ᠢ ᠭᠦᠨᠵᠡᠭᠡᠢ ᠤᠢᠯᠠᠭᠠᠵᠤ᠂ ᠲᠥᠪ ᠭᠣᠣᠯᠴᠢ ᠱᠢᠳᠤᠷᠭᠤ ᠶᠣᠰᠣ ᠢ᠋ᠢ ᠰᠠᠬᠢᠳᠠᠭ ᠠᠷᠠᠳ ᠤ᠋ᠨ ᠰᠢᠭᠦᠭᠴᠢ ᠢ᠋ᠢᠨ ᠦᠨᠳᠦᠰᠦᠲᠡᠨᠨᠦᠭᠦᠳ ᠤ᠋ᠨ ᠤᠯᠠᠨ ᠲᠦᠮᠡᠨ ᠳ᠋ᠤ ᠦᠵᠡᠭᠦᠯᠬᠦ᠌ ᠴᠢᠬᠤᠯᠠ ᠴᠢᠨᠠᠷ ᠢ᠋ ᠨᠠᠡᠭ ᠭᠦᠨᠵᠡᠭᠡᠢ ᠤᠬᠠᠵᠠᠢ᠃

34 ᠵᠢᠯ ᠤ᠋ᠨ ᠲᠤᠷᠰᠢ᠂ ᠪᠠ᠊·ᠰᠡᠴᠡᠨ ᠡᠢᠮᠦᠷᠬᠦᠦ ᠬᠡᠷᠡᠭ ᠢ᠋ ᠮᠠᠰᠢ ᠤᠯᠠᠨ ᠱᠢᠢᠳᠪᠦᠷᠢᠯᠡᠵᠡᠢ᠃ ᠦᠨᠳᠦᠰᠦᠲᠡᠨᠨᠦᠭᠦᠳ ᠤ᠋ᠨ ᠤᠯᠠᠨ ᠲᠦᠮᠡᠨ ᠤ᠋ ᠠᠱᠢᠭ ᠲᠤᠰᠠ ᠳ᠋ᠤ ᠬᠣᠯᠪᠣᠭ᠍ᠳᠠᠭ᠍ᠰᠠᠨ ᠬᠡᠷᠡᠭ ᠢ᠋ ᠬᠡᠷᠬᠢᠨ ᠲᠦᠪ ᠭᠤᠤᠯᠴᠢ ᠬᠠᠨᠤᠮᠵᠢᠳᠠᠢ ᠱᠢᠢᠳᠪᠦᠷᠢᠯᠡᠬᠦ᠌ ᠲᠤᠬᠠᠢ ᠲᠡᠷᠡ ᠰᠡᠳᠬᠢᠯ ᠴᠢᠯᠡᠭᠡᠨ ᠰᠠᠨᠠᠭ᠎ᠠ ᠲᠠᠯᠪᠢᠵᠤ᠂ ᠤᠳᠠᠭ᠎ᠠ ᠪᠦᠷᠢ ᠢ᠋ᠢᠨ ᠬᠡᠷᠡᠭ ᠰᠢᠢᠳᠪᠦᠷᠢᠯᠡᠬᠦ ᠶᠠᠪᠤᠴᠠ ᠳ᠋ᠠᠭᠠᠨ ᠲᠤᠷᠰᠢᠯᠭ᠎ᠠ ᠬᠤᠷᠠᠮᠳᠤᠭᠤᠯᠵᠤ᠂ ᠬᠠᠮᠲᠤ ᠠᠵᠢᠯᠯᠠᠭ᠍ᠰᠠᠳᠲᠠᠶ ᠪᠠᠨ 《ᠭᠤᠷᠪᠠᠨ ᠲᠠᠪᠤ》 (《ᠲᠠᠪᠤᠨ ᠵᠤᠬᠢᠰᠳᠠᠢ》᠂ 《ᠲᠠᠪᠤᠨ ᠶᠤᠰᠤ》᠂ 《ᠲᠠᠪᠤᠨ ᠮᠠᠭᠠᠳᠯᠠᠯᠳᠠ》) ᠠᠵᠢᠯ ᠤ᠋ᠨ ᠣᠢᠯᠠᠭᠠᠭ᠍ᠳᠠᠬᠤᠨ ᠢ᠋ ᠰᠦᠪᠡᠭ᠌ᠴᠢᠯᠡᠨ ᠭᠠᠷᠭᠠᠪᠠ᠄ 《ᠲᠠᠪᠤᠨ ᠵᠤᠬᠢᠰᠳᠠᠢ》᠂ ᠲᠠᠷᠤᠢ ᠬᠡᠯᠡᠬᠦ ᠵᠤᠬᠢᠰᠳᠠᠢ ᠦᠭᠡ ᠵᠢ ᠰᠠᠢᠳᠤᠷ ᠬᠡᠯᠡᠨ᠎ᠠ᠂ ᠬᠢᠬᠦ ᠵᠤᠬᠢᠰᠳᠠᠢ ᠠᠵᠢᠯ ᠢ᠋ ᠬᠦᠢᠴᠡᠳ ᠬᠢᠨ᠎ᠠ᠂ ᠬᠦᠶᠦᠬᠦ ᠵᠤᠬᠢᠰᠳᠠᠢ ᠵᠠᠮ ᠢ᠋ ᠵᠠᠪᠠᠯ ᠬᠦᠶᠤᠨᠠ᠂ ᠬᠡᠷᠡᠭᠯᠡᠬᠦ ᠵᠤᠬᠢᠰᠳᠠᠢ ᠠᠷᠭ᠎ᠠ ᠵᠢ ᠵᠠᠪᠠᠯ ᠬᠡᠷᠡᠭᠯᠡᠨ᠎ᠠ᠂ ᠬᠡᠯᠡᠬᠦ ᠵᠤᠬᠢᠰᠳᠠᠢ ᠶᠤᠰᠤ ᠵᠢ ᠲᠤᠭᠤᠷᠠᠳᠠᠯ᠎ᠠ ᠬᠡᠯᠡᠨ᠎ᠠ; 《ᠲᠠᠪᠤᠨ ᠶᠤᠰᠤ》᠂ ᠳᠠᠷᠤᠢ ᠬᠡᠷᠡᠭ ᠤ᠋ᠨ ᠶᠤᠰᠤ ᠵᠢ ᠶᠠᠷᠢᠨ᠎ᠠ᠂ ᠬᠠᠤᠯᠢ ᠵᠢᠨ ᠶᠤᠰᠤ ᠵᠢ ᠶᠠᠷᠢᠨ᠎ᠠ᠂ ᠰᠤᠷᠭᠠᠬᠤ ᠶᠤᠰᠤ ᠵᠢ ᠶᠠᠷᠢᠨ᠎ᠠ᠂ ᠰᠡᠳᠬᠢᠯᠭᠡ ᠵᠢᠨ ᠶᠤᠰᠤ ᠵᠢ ᠶᠠᠷᠢᠨ᠎ᠠ᠂ ᠪᠢᠴᠢᠭ ᠤ᠋ᠨ ᠶᠤᠰᠤ ᠵᠢ ᠶᠠᠷᠢᠨ᠎ᠠ; 《ᠲᠠᠪᠤᠨ ᠮᠠᠭᠠᠳᠯᠠᠬᠤ》᠂ ᠳᠠᠷᠤᠢ ᠪᠣᠳᠠᠲᠤ ᠶᠠᠪᠤᠳᠠᠯ ᠤ᠋ᠨ ᠮᠠᠭᠠᠳᠯᠠᠯᠲᠠ ᠂ ᠬᠠᠤᠯᠢ ᠴᠠᠭᠠᠵᠠ ᠢ᠋ᠢᠨ ᠮᠠᠭᠠᠳᠯᠠᠯᠲᠠ᠂ ᠥᠷᠲᠡᠭ ᠤ᠋ᠨ ᠮᠠᠭᠠᠳᠯᠠᠯᠲᠠ᠂ ᠠᠵᠢᠯ ᠨᠢᠭᠡᠲᠡᠨ ᠤ᠋ ᠮᠠᠭᠠᠳᠯᠠᠯᠲᠠ᠂ ᠦᠨᠡᠨᠴᠢ ᠢᠲᠡᠭᠡᠮᠵᠢ ᠢ᠋ᠢᠨ ᠮᠠᠭᠠᠳᠯᠠᠯᠲᠠ᠃ ᠡᠨᠡ ᠬᠦ᠌ 《ᠭᠤᠷᠪᠡᠨ ᠲᠠᠪᠤ》 ᠠᠵᠢᠯ ᠤ᠋ᠨ ᠣᠢᠯᠠᠭᠠᠭ᠍ᠳᠠᠬᠤᠨᠨᠢ ᠦᠵᠡᠭᠦ ᠳ᠋ᠤ ᠳᠦᠬᠦᠮᠬᠡᠨ ᠪᠤᠯᠪᠠᠴᠤ ᠬᠡᠷᠡᠭ ᠪᠤᠯᠭᠠᠨ ᠳ᠋ᠤ ᠬᠠᠤᠯᠢ ᠴᠠᠭᠠᠵᠠᠵᠢᠨ ᠲᠥᠪ ᠭᠣᠣᠯᠴᠢ ᠭᠡᠳᠡᠭᠢ ᠲᠦᠮᠡᠨ ᠤᠯᠠᠨ ᠳ᠋ᠠᠭᠠᠨ ᠮᠡᠳᠡᠷᠡᠭᠦᠯᠵᠤ ᠢᠷᠡᠭᠰᠡᠨ ᠪᠢᠯᠡ᠃
ᠲᠥᠪ ᠭᠣᠣᠯᠴᠢ ᠪᠣᠯ ᠬᠠᠤᠯᠢ ᠪᠠᠷᠢᠬᠤᠶ᠋ᠢᠨ ᠰᠦᠭ ᠰᠦᠨᠡᠰᠦ ᠪᠠ ᠠᠮᠢ ᠨᠠᠰᠤ ᠮᠦᠨ᠂ ᠪᠠᠰᠠ ᠴᠤ᠌ ᠰᠢᠭᠦᠭᠴᠢ ᠬᠦᠮᠦᠨᠤ ᠬᠠᠮᠤᠭ ᠤ᠋ᠨ ᠳᠡᠭᠡᠳᠦ ᠥᠷᠲᠡᠭ ᠤ᠋ᠨ ᠬᠥᠭᠡᠭᠡᠴᠡᠯᠳᠦᠯ ᠮᠥᠨ᠃ ᠰᠢᠭᠦᠭᠴᠢ ᠢ᠋ᠢᠨ ᠲᠥᠪ ᠭᠣᠣᠯᠴᠢ ᠬᠡᠷᠡᠭ ᠱᠢᠢᠳᠪᠦᠷᠢᠯᠡᠯᠲᠠ᠂ ᠬᠠᠯᠠᠭᠤᠨ ᠳᠤᠯᠠᠭᠠᠨ ᠦᠢᠯᠡ ᠠᠵᠢᠯᠯᠠᠭ᠎ᠠ ᠨᠢᠭᠡᠪᠦᠷᠢ ᠨᠢ ᠠᠷᠠᠳ ᠤᠯᠠᠨ ᠤ᠋ ᠰᠡᠳᠬᠢᠯ ᠢ᠋ ᠳᠤᠯᠠᠭᠠᠴᠠᠭᠤᠯᠵᠤ ᠠᠮᠢᠳᠤᠷᠠᠯᠳ᠋ᠤ ᠲᠠᠮᠵᠢᠯᠭᠡ ᠪᠤᠯᠳᠠᠭ ᠪᠦᠭᠡᠳ ᠨᠡᠢᠭᠡᠮ ᠤ᠋ᠨ ᠡᠶ᠎ᠠ ᠵᠤᠬᠢᠴᠠᠡᠭᠭᠤᠢ ᠠᠮᠤᠷ ᠲᠤᠭᠲᠠᠭᠤᠨ ᠢ᠋ ᠬᠠᠮᠠᠭᠠᠯᠠᠵᠤ ᠴᠢᠳᠠᠳᠠᠭ ᠭᠡᠵᠤ ᠪᠠ᠊·ᠰᠡᠴᠡᠨ ᠢᠲᠡᠭᠡᠳᠡᠭ᠃ ᠰᠦᠷ ᠳᠠᠯᠠᠢᠴᠠᠲᠠᠶ ᠪᠠᠭᠠᠲᠤᠷᠯᠢᠭ ᠦᠢᠯᠡ ᠶᠠᠪᠤᠳᠠᠯ ᠦᠭᠡᠢ᠂ ᠰᠡᠳᠭᠢᠯ ᠢ᠋ ᠳᠣᠩᠰᠣᠯᠭᠠᠮ᠎ᠠ ᠵᠦᠴᠦᠭᠡ ᠢ᠋ᠢᠨ ᠦᠢᠯᠡ ᠶᠠᠪᠤᠳᠠᠯ ᠦᠭᠡᠢ᠂ ᠡᠭᠡᠯ ᠵᠢᠷ ᠤ᠋ᠨ ᠪᠥᠭᠡᠳ ᠡᠷᠬᠢᠮ ᠳᠡᠭᠡᠲᠤ ᠴᠢᠷᠮᠠᠢᠯᠭ᠎ᠠ᠂ ᠤᠷᠲᠤ ᠤᠳᠠᠭᠠᠨ ᠪᠥᠭᠡᠳ ᠡᠷᠡᠰ ᠪᠠᠲᠤ ᠪᠠᠷᠢᠮᠲᠠᠯᠠᠯ ᠢ᠋ᠢᠡᠷ ᠲᠡᠷᠡ ᠴᠢᠷᠮᠠᠢᠨ ᠵᠢᠳᠬᠦᠭᠰᠡᠭᠡᠷ ᠠᠵᠢ᠃
2017 ᠣᠨ ᠳ᠋ᠤ᠂ ᠲᠦᠮᠡᠳ ᠪᠠᠷᠠᠭᠤᠨ ᠬᠣᠱᠢᠭᠤᠨ ᠤ᠋ ᠱᠢᠭᠦᠬᠦ᠌ ᠬᠣᠷᠢᠶ᠎ᠠ ᠳ᠋ᠤ ᠪᠠ᠊·ᠰᠡᠴᠡᠨ ᠤ᠋ ᠨᠡᠷ᠎ᠡ ᠪᠡᠷ ᠨᠡᠷᠡᠢᠳᠦᠭ᠌ᠰᠡᠨ 《ᠰᠡᠴᠡᠨ ᠬᠠᠤᠯᠢ ᠲᠠᠢᠯᠪᠤᠷᠢᠯᠠᠬᠤ》 ᠠᠵᠢᠯᠯᠠᠬᠤ ᠲᠠᠰᠤᠭ ᠵᠢᠩᠬᠢᠨᠢᠪᠡᠷ ᠪᠠᠢᠭᠤᠯᠤᠭ᠍ᠳᠠᠵᠤ᠂ ᠵᠢᠯ ᠳᠤᠮᠳᠠᠴᠢ ᠪᠡᠷ 5000 ᠭᠠᠷᠤᠶ ᠲᠤᠬᠠᠶ ᠢ᠋ᠢᠨ ᠬᠥᠮᠦᠨ ᠢ᠋ ᠭᠥᠯᠢᠶᠡᠨ ᠠᠪᠴᠤ ᠦᠢᠯᠡᠴᠢᠯᠡᠳᠡᠭ ᠪᠤᠯᠤᠭᠰᠠᠨ ᠶᠤᠮ᠂ ᠭᠠᠢᠬᠠᠯᠲᠠᠢ ᠨᠢ ᠡᠳᠡᠭᠡᠷ ᠵᠢᠯ ᠳ᠋ᠤ ᠲᠡᠭᠡᠷ᠎ᠡ ᠱᠠᠳᠤᠨᠳᠤ ᠭᠤᠮᠤᠳᠠᠯ ᠲᠤᠭᠠᠴᠢᠭᠰᠠᠨ ᠭᠡᠷᠡᠭ ᠨᠢᠭᠡ ᠤᠳᠠᠭ᠎ᠠ ᠴᠤ᠌ ᠭᠠᠷᠤᠭᠰᠠᠨ ᠦᠭᠡᠢ ᠰᠠᠨᠵᠠᠢ᠃
ᠪᠠ᠊·ᠰᠡᠴᠡᠨ ᠨᠢᠭᠡ ᠤᠬᠠᠭᠠᠨ ᠪᠤᠢᠳᠤᠨ ᠭᠡᠤᠭᠡᠨ ᠤ᠋ ᠠᠰᠠᠷᠠᠨ ᠲᠡᠵᠢᠭᠡᠬᠦ ᠵᠠᠷᠭᠤ ᠢ᠋ᠢ ᠰᠢᠭᠦᠵᠤ ᠦᠡᠭᠭᠡᠷᠡᠵᠡᠢ᠃ ᠲᠤᠬᠠᠢ ᠵᠢᠨ ᠦᠶ᠎ᠠ ᠳ᠋ᠤ ᠭᠡᠤᠭᠡᠨ ᠤ᠋ ᠠᠪᠤ ᠡᠵᠢ ᠨᠢ ᠤᠷᠤᠭ ᠰᠠᠯᠵᠦ᠂ ᠭᠡᠤᠭᠡᠨ ᠡᠵᠢ ᠲᠠᠢ ᠪᠠᠨ ᠬᠠᠮᠳᠤ ᠠᠮᠢᠳᠤᠷᠠᠬᠤ ᠪᠠᠷ ᠪᠤᠯᠪᠠ᠃ ᠬᠤᠵᠢᠮ ᠨᠢ ᠭᠡᠤᠭᠡᠨᠤ ᠠᠪᠤ ᠡᠵᠢ ᠨᠢ ᠲᠤᠰ ᠲᠤᠰᠲᠠᠭᠠᠨ ᠳᠠᠬᠢᠨ ᠠᠢᠯ ᠭᠡᠷ ᠪᠤᠰᠬᠠᠵᠠᠢ᠂ ᠡᠬᠦᠨᠳᠤ ᠡᠵᠢ ᠨᠢ ᠲᠥᠷᠥᠯᠬᠢ ᠢ᠋ᠢᠨ ᠣᠶᠤᠨ ᠤᠬᠠᠭᠠᠨ ᠪᠤᠢᠳᠤᠨᠭᠡᠤᠭᠡᠨᠵᠢᠡᠨ ᠳᠠᠬᠢᠨ ᠤᠷᠤᠭ᠍ᠯᠠᠭ᠍ᠰᠠᠨ ᠤ᠋ ᠳᠠᠷᠠᠭᠠᠬᠢ ᠠᠮᠢᠳᠤᠷᠠᠯ ᠳ᠋ᠤᠨᠢ ᠲᠠᠷᠤᠭᠠᠰᠤ ᠠᠪᠴᠢᠷᠠᠯ᠎ᠠ ᠭᠡᠵᠤ ᠱᠢᠭᠦᠬᠦ᠌ ᠬᠣᠷᠢᠶᠠᠨ ᠳ᠋ᠤ ᠢᠷᠡᠵᠦ᠍ ᠬᠡᠦᠬᠡᠨ ᠢ᠋ᠢᠡᠨ ᠠᠪᠤ ᠪᠠᠷ ᠨᠢ ᠠᠰᠠᠷᠠᠨ ᠲᠡᠵᠢᠭᠡᠯᠭᠡᠬᠦ᠌ᠪᠡᠷ ᠭᠤᠶᠤᠴᠢᠯᠠᠵᠠᠢ᠃ ᠭᠡᠪᠠᠴᠤ ᠭᠡᠤᠭᠡᠨᠤ ᠠᠪᠤ ᠨᠢ ᠠᠰᠠᠷᠠᠨ ᠲᠡᠵᠢᠭᠡᠬᠦ᠌ ᠨᠦᠬᠦᠴᠡᠯ ᠬᠦᠷᠦᠯᠴᠡᠬᠦ ᠦᠭᠡᠢ ᠭᠡᠵᠦ᠍ ᠬᠦᠯᠢᠶᠠᠨ ᠠᠪᠤᠭᠰᠠᠨ ᠦᠭᠡᠢ᠃
ᠪᠠ᠊·ᠰᠡᠴᠡᠨ ᠤᠯᠠᠨ ᠲᠦᠮᠡᠨᠳᠤ ᠬᠠᠯᠠᠭᠤᠮᠰᠤᠭᠵᠢᠡᠷ ᠦᠢᠯᠡᠴᠢᠯᠡᠳᠡᠭ ᠪᠦᠭᠡᠳ ᠲᠦᠪᠡᠭᠳᠡᠢ ᠶᠠᠪᠤᠳᠠᠯᠢ ᠰᠢᠢᠳᠪᠤᠷᠢᠯᠡᠬᠦᠳᠤ ᠲᠤᠰᠠ ᠲᠠᠮᠵᠢᠯᠭᠡ ᠦᠵᠡᠬᠦᠯᠦᠶᠠ ᠭᠡᠳ ᠯᠡ ᠬᠦᠶᠦᠴᠢᠭᠡᠳᠡᠭ ᠬᠠᠯᠠᠭᠤᠨ ᠰᠡᠳᠬᠢᠯ ᠲᠠᠢ ᠬᠦᠮᠤᠨ ᠶᠤᠮᠰᠠᠨᠵᠠᠢ᠃ ᠲᠠᠷᠠ ᠡᠨᠡᠬᠦ ᠤᠬᠠᠭᠠᠨ ᠪᠦᠢᠳᠤᠨ ᠭᠡᠤᠭᠡᠨᠤ ᠠᠮᠢᠳᠤᠷᠠᠯᠤᠨ ᠠᠶᠠᠨᠳᠡᠬᠢ ᠲᠦᠪᠡᠭᠳᠡᠢ ᠤᠴᠠᠷᠠᠯᠢ᠋ ᠬᠠᠷᠠᠭᠠᠳ ᠮᠠᠰᠢ ᠰᠡᠳᠬᠢᠯ ᠵᠤᠪᠠᠨᠢᠵᠤ᠂ ᠭᠡᠤᠭᠡᠨᠤ ᠠᠪᠤ ᠡᠵᠢᠵᠢᠨ ᠠᠮᠢᠳᠤᠷᠠᠯᠤᠨ ᠪᠠᠢᠳᠠᠯ ᠵᠡᠷᠭᠡ ᠳᠤᠨᠢ ᠣᠯᠠᠨ ᠤᠳᠠᠭᠠᠨ ᠤ᠋ ᠪᠠᠢᠴᠠᠭᠠᠯᠲᠠ ᠪᠡᠷ ᠳᠠᠮᠵᠢᠨ᠂ ᠬᠡᠤᠬᠡᠳ ᠤ᠋ᠨ ᠣᠶᠤᠨ ᠤᠬᠠᠭᠠᠨ ᠪᠤᠢᠳᠤᠨ᠂ ᠮᠥᠨ ᠴᠦ᠍ ᠭᠡᠤᠭᠡᠨ ᠬᠥᠮᠦᠨ᠂ ᠠᠮᠢᠳᠤᠷᠠᠯ ᠤ᠋ᠨ ᠡᠯ᠎ᠡ ᠲᠠᠯᠠᠳ᠋ᠤ ᠡᠵᠢ ᠨᠢ ᠬᠠᠷᠠᠭᠠᠯᠵᠠᠬᠤ ᠨᠢ ᠬᠠᠷᠢᠴᠠᠩᠭᠤᠢ ᠰᠠᠢᠨ ᠭᠡᠮᠠᠵᠤ᠂ ᠭᠡᠤᠭᠡᠨ ᠢ᠋ ᠡᠵᠢ ᠪᠡᠷ ᠨᠢ ᠠᠰᠠᠷᠠᠨ ᠲᠡᠵᠢᠭᠡᠯᠭᠡᠬᠦ᠌ᠪᠡᠷ ᠱᠢᠭᠦᠨ ᠲᠠᠰᠤᠯᠤᠭ᠍ᠰᠠᠨ ᠪᠠᠢᠨ᠎ᠠ᠃ ᠰᠢᠬᠦᠨ ᠲᠠᠰᠤᠯᠤᠯᠲᠠ ᠢ᠋ᠢ ᠨᠡᠢᠲᠡᠯᠡᠭ᠌ᠰᠡᠨ ᠤ᠋ ᠳᠠᠷᠠᠭ᠎ᠠ᠂ ᠲᠡᠷᠡ ᠣᠯᠠᠨ ᠤᠳᠠᠭ᠎ᠠ ᠭᠡᠤᠭᠡᠨᠤ ᠡᠵᠢᠵᠢᠨ ᠭᠡᠷᠵᠢᠡᠷ ᠬᠦᠷᠴᠤ ᠦᠵᠡᠯ ᠰᠠᠨᠠᠭᠠᠨ ᠤ᠋ ᠬᠦᠮᠦᠵᠢᠯ ᠬᠢᠬᠦᠵᠢᠨ ᠲᠠᠭᠠᠤ ᠬᠠᠤᠯᠢ ᠴᠠᠭᠠᠵᠠ ᠢ᠋ᠢᠨ ᠬᠠᠮᠢᠶ᠎ᠠ ᠪᠦᠬᠦᠢ ᠲᠦᠷᠢᠮ ᠲᠤᠭᠳᠠᠭᠠᠯᠢ ᠤᠬᠠᠭᠤᠯᠤᠨ ᠲᠠᠢᠯᠪᠤᠷᠢᠯᠠᠵᠤ ᠦᠭᠪᠠ᠃ ᠪᠠ᠊·ᠰᠡᠴᠡᠨᠤ᠋ ᠴᠥᠬᠥᠷᠡᠰᠢ ᠦᠭᠡᠢ ᠴᠢᠷᠮᠠᠢᠯᠭ᠎ᠠ ᠪᠡᠷ ᠳᠠᠮᠵᠢᠭᠠᠳ ᠲᠠᠷᠠᠬᠦ ᠡᠵᠢ ᠡᠴᠤᠰ ᠲᠡᠭᠡᠨ ᠭᠡᠤᠭᠡᠨ ᠢ᠋ᠢᠡᠨ ᠦᠷᠬᠦᠯᠵᠢᠯᠡᠨ ᠠᠰᠠᠷᠠᠨ ᠲᠠᠵᠢᠭᠡᠬᠦ ᠪᠠᠷ ᠪᠤᠯᠤᠭᠰᠠᠨ ᠪᠠᠢᠨ᠎ᠠ᠃
ᠠᠷᠠᠳ ᠤ᠋ᠨ ᠲᠥᠯᠥᠭᠡ ᠬᠠᠤᠯᠢ ᠬᠡᠷᠡᠭᠵᠢᠭᠦᠯᠦᠭᠰᠡᠨ ᠲᠦᠪᠡᠭ ᠪᠤᠳᠤᠯᠢᠶᠠᠨᠲᠠᠢ ᠬᠡᠷᠡᠭ ᠨᠢᠭᠡᠪᠦᠷᠢ ᠪᠠ᠊·ᠰᠡᠴᠡᠨ ᠢ᠋ ᠳᠠᠪᠲᠠᠨ ᠪᠣᠯᠪᠠᠰᠤᠷᠠᠭᠤᠯᠵᠤ ᠤᠷᠮᠠᠰᠢᠭᠤᠯᠤᠨ ᠵᠣᠷᠢᠭ᠍ᠵᠢᠭᠤᠯᠳᠠᠭ᠃ ᠲᠡᠭᠦᠨ ᠤ᠋ ᠱᠢᠭᠦᠨ ᠲᠠᠰᠤᠯᠤᠯᠲᠠᠪᠡᠷ ᠠᠰᠠᠷᠠᠨ ᠲᠡᠵᠢᠭᠡᠬᠦ᠌ ᠬᠥᠮᠦᠨ ᠦᠭᠡᠢ ᠨᠠᠰᠤᠲᠠᠢᠴᠤᠳ ᠥᠲᠡᠯᠬᠦ᠌ ᠢ᠋ᠢᠨ ᠦᠵᠦᠭᠦᠷ ᠲᠦᠱᠢᠭ ᠲᠤᠯᠭᠠᠭᠤᠷᠢᠲᠠᠶ ᠪᠤᠯᠬᠤ ᠦᠶ᠎ᠠ ᠳ᠋ᠤ᠂ ᠲᠡᠭᠦᠨ ᠤ᠋ ᠡᠶᠡᠳᠡᠭᠦᠯᠭᠡᠪᠡᠷ ᠡᠮᠲᠡᠷᠡᠬᠦ᠌ ᠱᠢᠬᠠᠭ᠍ᠰᠠᠨ ᠭᠡᠷ ᠪᠦᠯᠢᠨᠦᠭᠦᠳ ᠳᠠᠬᠢᠨ ᠡᠶᠠᠳᠠᠬᠦ ᠦᠶ᠎ᠡ ᠳ᠋ᠤ᠂ ᠲᠡᠭᠦᠨ ᠤ᠋ ᠳᠡᠮᠵᠢᠯᠭᠡ ᠪᠡᠷ ᠬᠥᠯᠥᠰᠥᠨ ᠠᠵᠢᠯᠴᠢᠳ ᠬᠥᠯᠥᠰᠥ ᠮᠦᠡᠭᠭᠦ ᠪᠡᠨ ᠭᠠᠷᠳᠠᠬᠤ ᠦᠶ᠎ᠡ ᠳ᠋ᠤ᠂ ᠲᠡᠭᠦᠨ ᠤ᠋ ᠬᠠᠤᠯᠢ ᠢ᠋ᠢᠨ ᠲᠠᠢᠯᠪᠤᠷᠢᠯᠠᠯᠲᠠᠳ᠋ᠤ ᠦᠨᠳᠦᠰᠦᠨ ᠱᠠᠲᠤᠨ ᠤ᠋ ᠣᠯᠠᠨ ᠲᠦᠮᠡᠨ ᠴᠢᠩ ᠰᠡᠳᠭᠢᠯᠡᠴᠡ ᠪᠡᠨ ᠲᠠᠯᠠᠷᠬᠠᠬᠤ ᠦᠶ᠎ᠡ ᠳ᠋ᠤ ᠪᠠ᠊·ᠰᠡᠴᠡᠨ ᠦᠪᠡᠷ ᠤ᠋ᠨ ᠡᠷᠬᠡ ᠦᠭᠡᠢ ᠤᠷᠮᠠᠰᠢᠨ ᠵᠤᠷᠢᠭᠵᠢᠵᠤ᠂ ᠲᠦᠪ ᠭᠤᠤᠯᠴᠢ ᠪᠠᠷ ᠬᠠᠤᠯᠢ ᠭᠡᠷᠡᠭᠵᠢᠬᠦᠯᠬᠦ ᠢᠳᠡᠭᠡᠯ ᠵᠤᠷᠢᠭ ᠨᠢ ᠨᠠᠡᠭ ᠬᠦᠪᠴᠢᠯᠡᠭᠳᠡᠳᠡᠭ᠃
ᠦᠨᠳᠤᠰᠤᠨ ᠱᠠᠳᠤᠨᠤ ᠤᠯᠠᠨ ᠲᠦᠮᠡᠨ ᠤ᠋ ᠬᠠᠤᠯᠢ ᠴᠠᠭᠠᠵᠠ ᠢ᠋ᠢᠨ ᠬᠡᠷᠡᠭᠴᠡᠭᠡ ᠱᠠᠭᠠᠷᠳᠠᠯᠭ᠎ᠠ ᠢ᠋ᠢ ᠬᠠᠡᠭᠭᠠᠬᠤ ᠢ᠋ᠢᠨ ᠲᠦᠯᠦᠭᠡ᠂ ᠪᠠ᠊·ᠰᠡᠴᠡᠨ ᠲᠦᠮᠡᠳ ᠪᠠᠷᠠᠭᠤᠨ ᠬᠤᠰᠢᠭᠤᠨᠤ ᠠᠷᠠᠳ ᠤ᠋ᠨ ᠰᠢᠬᠦᠬᠦ ᠬᠤᠷᠢᠶ᠎ᠠ ᠵᠢᠨ ᠵᠠᠷᠭᠤ ᠵᠢᠨ ᠦᠢᠯᠡᠴᠢᠯᠡᠭᠡᠨᠤ ᠲᠦᠪ ᠲᠤ᠌ ᠪᠠᠰᠠ 《ᠰᠡᠳᠬᠢᠴᠠ ᠵᠢᠨ ᠦᠢᠯᠡᠴᠢᠯᠡᠭᠡ ᠢ᠋ᠢᠨ ᠲᠠᠰᠤᠭ》 ᠭᠠᠷᠭᠠᠵᠦ᠂ ᠲᠤᠰᠬᠠᠢ ᠲᠠᠢᠯᠤᠮᠵᠢ᠂ ᠬᠡᠷᠡᠭ ᠵᠢᠡᠷ ᠬᠠᠤᠯᠢ ᠲᠠᠢᠯᠪᠤᠷᠢᠯᠡᠬᠤ ᠵᠡᠷᠭᠡ ᠬᠡᠯᠪᠡᠷᠢ ᠪᠡᠷ ᠠᠷᠠᠳ ᠤᠯᠠᠨ ᠤ᠋ ᠡᠭᠡᠳᠡᠷᠡᠭᠡ ᠢ᠋ᠢ ᠲᠠᠢᠯᠳᠠᠭ᠃ ᠪᠠᠰᠠ 《ᠡᠮᠡᠭᠳᠠᠢ ᠰᠢᠭᠦᠭᠴᠢ ᠨᠠᠷᠤᠨ ᠤᠬᠠᠭᠤᠯᠤᠨ ᠲᠠᠢᠯᠪᠤᠷᠢᠯᠠᠬᠤ ᠪᠦᠯᠬᠦᠮ》 ᠢ᠋ ᠵᠤᠬᠢᠶᠠᠨ ᠪᠠᠢᠭᠤᠯᠵᠦ᠂ ᠵᠢᠯ ᠪᠦᠷᠢ 5 ᠤᠳᠠᠭ᠎ᠠ ᠨᠡᠢᠭᠡᠮ ᠲᠤᠭᠤᠷᠢᠭ᠂ ᠬᠦᠳᠡᠭᠡ ᠲᠤᠰᠬᠤᠨ ᠵᠢᠡᠷ ᠬᠦᠨᠵᠡᠭᠡᠢᠷᠡᠨ᠂ ᠬᠠᠤᠯᠢ ᠴᠠᠭᠠᠵᠠ ᠵᠢᠨ ᠬᠠᠮᠢᠶ᠎ᠠ ᠪᠦᠬᠦᠢ ᠮᠡᠳᠡᠯᠭᠡ ᠵᠢ ᠤᠬᠠᠭᠤᠯᠤᠨ ᠲᠠᠢᠯᠪᠤᠷᠢᠯᠠᠵᠤ᠂ ᠬᠤᠳᠠᠯᠠ ᠤᠯᠠᠨᠤ ᠪᠠᠨ ᠬᠠᠤᠯᠢᠵᠢᠯᠤᠨ ᠤᠬᠠᠮᠰᠠᠷ ᠢ ᠲᠡᠭᠡᠭᠰᠢᠯᠡᠬᠦᠯᠤᠨ᠂ ᠬᠠᠤᠯᠢᠵᠢᠯᠤᠨ ᠨᠡᠢᠭᠡᠮ ᠢ ᠪᠠᠢᠭᠤᠯᠬᠤ ᠳᠤ ᠦᠪᠡᠷᠤᠨ ᠤᠶᠤᠨ ᠤᠬᠠᠭᠠᠨ ᠬᠦᠴᠤᠨ ᠴᠢᠳᠠᠯᠵᠢᠡᠨ ᠨᠠᠮᠠᠷᠢᠯᠡᠬᠦ ᠶᠤᠮ᠃
ᠪᠠ᠊·ᠰᠡᠴᠡᠨ ᠠᠷᠠᠳ ᠤ᠋ᠨ ᠲᠥᠯᠥᠭᠡ ᠬᠠᠤᠯᠢ ᠪᠠᠷᠢᠬᠤ ᠵᠣᠷᠢᠯᠲᠠᠪᠠᠨ ᠪᠠᠲᠤ ᠴᠡᠭᠡᠵᠢᠯᠡᠵᠦ᠍᠂ 《ᠴᠠᠭ ᠢᠮᠠᠭ᠍ᠲᠠ ᠠᠷᠠᠳ ᠤᠯᠠᠨ ᠢ᠋ ᠰᠡᠳᠭᠢᠯ ᠬᠠᠨᠤᠮᠵᠢᠲᠠᠢ ᠪᠠᠢᠯᠭᠠᠬᠤ》 ᠪᠠᠷ ᠬᠠᠷᠠᠯᠲᠠ ᠪᠣᠯᠭᠠᠨ᠂ ᠠᠯᠢᠪᠠ ᠬᠡᠷᠡᠭ ᠢ᠋ ᠱᠢᠢᠳᠪᠦᠷᠢᠯᠡᠬᠦ᠌ᠳᠡᠭᠡᠨ ᠪᠣᠳᠠᠲᠤ ᠬᠡᠷᠡᠭ ᠢ᠋ᠢᠡᠷ ᠦᠨᠳᠦᠰᠦᠯᠡᠯ ᠪᠣᠯᠭᠠᠵᠤ᠂ ᠬᠠᠤᠯᠢ ᠴᠠᠭᠠᠵᠠᠪᠠᠷ ᠪᠠᠷᠢᠮᠵᠢᠶ᠎ᠠ ᠪᠣᠯᠭᠠᠵᠤ᠂ ᠶᠠᠷᠱᠢᠭ ᠲᠦᠪᠡᠭ ᠬᠦᠴᠢᠷ ᠪᠡᠷᠬᠡᠱᠢᠶᠡᠯᠢ ᠢᠯᠡᠨ ᠲᠠᠪᠠᠵᠤ᠂ ᠴᠦᠬᠦᠷᠠᠯ ᠦᠭᠡᠢ ᠴᠢᠷᠮᠠᠢᠨ ᠡᠠᠵᠢᠯᠯᠠᠵᠤ᠂ ᠰᠢᠭᠦᠭᠴᠢ ᠬᠦᠮᠦᠨ ᠤ᠋ ᠲᠥᠪ ᠭᠣᠣᠯᠴᠢ ᠰᠢᠳᠤᠷᠭᠤ ᠴᠢᠬᠡᠴᠢ ᠵᠠᠩ ᠠᠷᠠᠨᠰᠢᠨᠢ ᠦᠭᠡ ᠶᠠᠷᠢᠶ᠎ᠠ ᠦᠢᠯᠡ ᠠᠵᠢᠯᠯᠠᠭᠠᠪᠠᠷᠵᠢᠡᠨ ᠦᠢᠯᠡᠳᠦᠯᠭᠡᠵᠢᠬᠦᠯᠦᠭᠰᠡᠭᠡᠷ!